ᠬᠡᠦᠬᠡᠳ ᠢ᠋ᠶ᠋ᠡᠨ ᠵᠥᠪ ᠬᠠᠢᠷᠠᠯᠠᠶ᠎ᠠ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-07-ᠪᠣᠯᠣᠴᠢᠯᠠᠭᠤ
ᠬᠡᠦᠬᠡᠳ ᠢ᠋ᠶ᠋ᠡᠨ ᠵᠥᠪ ᠬᠠᠢᠷᠠᠯᠠᠶ᠎ᠠ
ᠦᠷ᠎ᠡ ᠬᠡᠦᠬᠡᠳ ᠲᠤ ᠪᠡᠨ ᠬᠠᠢᠷ᠎ᠠ ᠦᠭᠡᠢ ᠡᠴᠢᠭᠡ ᠡᠬᠡ ᠬᠠᠮᠢᠭ᠎ᠠ ᠴᠤ᠌ ᠪᠠᠢᠬᠤ ᠦᠭᠡᠢ ᠨᠢ ᠯᠠᠪ᠂ ᠭᠡᠪᠡᠴᠦ ᠬᠠᠢᠷᠠᠯᠠᠵᠤ ᠴᠢᠳᠠᠵᠤ ᠪᠠᠢᠨ᠎ᠠ ᠤᠤ ᠦᠭᠡᠢ ᠤᠤ ᠭᠡᠪᠡᠯ ᠠᠰᠠᠭᠤᠳᠠᠯ ᠣᠨᠳᠣᠣ ᠪᠣᠯᠤᠨ᠎ᠠ᠃ ᠮᠠᠨ ᠤ᠋ ᠠᠷᠠᠳ ᠤ᠋ᠨ ᠦᠭᠡᠨ ᠳ᠋ᠦ᠍《ᠬᠠᠢᠷ᠎ᠠ ᠨᠢ ᠳᠣᠲᠣᠷ᠎ᠠ ᠪᠠᠨ᠂ ᠬᠠᠯᠠ ᠨᠢ ᠭᠠᠳᠠᠨ᠎ᠠ ᠪᠠᠨ》 ᠭᠡᠰᠡᠨ ᠲᠤᠩ ᠤᠴᠢᠷᠲᠠᠢ ᠬᠠᠭᠤᠴᠢ ᠰᠤᠷᠭᠠᠯ ᠪᠠᠢᠳᠠᠭ᠂ ᠬᠠᠢᠷᠠᠯᠠᠵᠤ ᠪᠠᠢᠨ᠎ᠠ ᠭᠡᠳ ᠶᠠᠭᠤ ᠠᠪᠤᠨ᠎ᠠ ᠭᠡᠪᠡᠯ ᠶᠠᠭᠤ ᠶ᠋ᠢ ᠨᠢ ᠠᠪᠴᠤ ᠥᠭᠭᠦᠭᠡᠳ ᠪᠠᠢᠪᠠᠯ᠂ ᠬᠠᠢᠷᠠᠲᠠᠢ ᠭᠡᠳ ᠰᠠᠨᠠᠭᠠᠨ ᠲᠠᠪᠠ ᠪᠠᠷ ᠨᠢ ᠲᠠᠯᠪᠢᠭᠠᠳ ᠪᠠᠢᠪᠠᠯ᠂ ᠬᠠᠢᠷ᠎ᠠ ᠬᠡᠲᠦᠷᠡᠪᠡᠯ ᠬᠠᠯᠠ ᠪᠣᠯᠤᠨ᠎ᠠ ᠭᠡᠭᠴᠢ ᠪᠣᠯᠵᠤ᠂ ᠬᠠᠷᠢᠭᠤ ᠳ᠋ᠤ᠌ ᠨᠢ ᠪᠡᠶ᠎ᠡ ᠪᠡᠨ ᠪᠠᠷᠢᠬᠤ ᠴᠢᠳᠠᠪᠤᠷᠢ ᠦᠭᠡᠢ ᠲᠠᠩᠬᠠᠢ ᠬᠡᠦᠬᠡᠳ ᠯᠡ ᠪᠣᠯᠵᠤ ᠬᠥᠮᠦᠵᠢᠭᠳᠡᠨ᠎ᠡ᠃ ᠬᠡᠦᠬᠡᠳ ᠲᠤ ᠪᠡᠨ ᠬᠠᠢᠷᠠᠲᠠᠢ ᠭᠡᠳ ᠶᠠᠮᠠᠷ ᠴᠤ᠌ ᠠᠵᠢᠯ ᠮᠣᠳᠣᠨ ᠳ᠋ᠤ᠌ ᠣᠢᠷᠠᠲᠤᠭᠤᠯᠬᠤ ᠦᠭᠡᠢ᠂ ᠪᠣᠯᠬᠤ ᠪᠣᠯᠬᠤ ᠦᠭᠡᠢ ᠶᠠᠭᠤ ᠬᠡᠯᠡᠵᠦ ᠪᠠᠢᠭᠰᠠᠨ ᠴᠤ᠌ ᠬᠣᠷᠢᠭᠯᠠᠵᠤ ᠰᠤᠷᠭᠠᠬᠤ ᠦᠭᠡᠢ ᠪᠠᠢᠭᠰᠠᠭᠠᠷ ᠪᠠᠢᠪᠠᠯ᠂ ᠶᠠᠮᠠᠷ ᠴᠤ᠌ ᠰᠡᠳᠬᠢᠴᠡ ᠶ᠋ᠢᠨ ᠳᠠᠭᠠᠭᠠᠴᠠ ᠦᠭᠡᠢ ᠬᠡᠪᠡᠷᠡᠭ ᠨᠣᠮᠣᠢ ᠠᠮᠢᠲᠠᠨ ᠪᠣᠯᠵᠤ ᠮᠡᠳᠡᠨ᠎ᠡ᠃ ᠲᠡᠢᠮᠦ ᠡᠴᠡ ᠡᠴᠢᠭᠡ ᠡᠬᠡᠴᠦᠦᠯ ᠮᠠᠨᠢ ᠡᠪᠦᠭᠡ ᠳᠡᠭᠡᠳᠦᠰ ᠦ᠋ᠨ ᠥᠪ ᠰᠤᠷᠭᠠᠯ ᠢ᠋ ᠭᠦᠨ ᠰᠠᠨᠠᠵᠤ᠂ ᠦᠷ᠎ᠡ ᠬᠡᠦᠬᠡᠳ ᠦ᠋ᠨ ᠢ᠋ᠶ᠋ᠡᠨ ᠡᠷᠡᠭᠦᠯ ᠪᠣᠢᠵᠢᠯᠲᠠ ᠳ᠋ᠤ᠌ ᠬᠠᠷᠢᠭᠤᠴᠠᠵᠤ᠂ ᠭᠡᠮ ᠬᠡᠮᠵᠢᠶ᠎ᠡ ᠲᠡᠢ ᠬᠡᠯᠡᠵᠦ ᠰᠤᠷᠭᠠᠬᠤ᠂ ᠬᠢᠵᠦ ᠰᠤᠷᠭᠠᠬᠤ᠂ ᠬᠠᠷᠢᠯᠴᠠᠵᠤ ᠰᠤᠷᠭᠠᠬᠤ ᠶ᠋ᠢ ᠰᠡᠳᠬᠢᠯ ᠳ᠋ᠦ᠍ ᠪᠡᠨ ᠲᠤᠩᠭᠠᠯᠲᠠᠢ ᠪᠠᠢᠨ᠎ᠠ᠃
ᠬᠠᠢᠷᠠᠯᠠᠨ᠎ᠠ ᠭᠡᠳᠡᠭ ᠦ᠋ᠨ ᠵᠠᠩᠭᠢᠯᠠᠭ᠎ᠠ ᠨᠢ ᠬᠠᠢᠷᠠᠯᠠᠵᠤ ᠴᠢᠳᠠᠬᠤ ᠡᠰᠡᠬᠦ ᠳᠡᠭᠡᠷ᠎ᠡ ᠪᠠᠢᠨ᠎ᠠ᠃ ᠥᠨᠥ ᠶ᠋ᠢᠨ ᠬᠡᠦᠬᠡᠳ ᠢᠳᠡᠬᠦ ᠡᠮᠦᠰᠬᠦ ᠨᠠᠭᠠᠳᠬᠤ ᠲᠣᠭᠯᠠᠭᠠᠮ ᠢ᠋ᠶ᠋ᠠᠷ ᠪᠦᠷ ᠳᠤᠲᠠᠬᠤ ᠦᠭᠡᠢ᠂ ᠥᠨᠥᠴᠢᠨ ᠬᠡᠦᠬᠡᠳ ᠴᠦ᠍ ᠨᠡᠢᠭᠡᠮ ᠦ᠋ᠨ ᠬᠠᠯᠠᠮᠵᠢ ᠪᠠᠷ ᠭᠡᠳᠡᠰᠦ ᠴᠠᠳᠬᠤᠯᠠᠩ ᠮᠥᠷᠥ ᠪᠦᠲᠦᠨ ᠶᠠᠪᠤᠵᠤ ᠪᠠᠢᠨ᠎ᠠ᠃ ᠶᠠᠭᠤ ᠳᠤᠲᠠᠵᠤ ᠪᠠᠢᠨ᠎ᠠ ᠪᠣᠢ ᠭᠡᠪᠡᠯ ᠦᠨᠡᠨ ᠳ᠋ᠦ᠍ ᠪᠡᠨ ᠡᠴᠢᠭᠡ ᠡᠬᠡ ᠶ᠋ᠢᠨ ᠬᠠᠢᠷ᠎ᠠ ᠯᠠ ᠶᠡᠬᠡ ᠳᠤᠲᠠᠵᠤ ᠪᠠᠢᠭ᠎ᠠ᠃ ᠬᠡᠦᠬᠡᠳ ᠲᠡᠢ ᠪᠡᠨ ᠪᠠᠭ᠎ᠠ ᠠ᠋ᠴᠠ ᠨᠢ ᠬᠠᠮᠲᠤ ᠢᠳᠡᠵᠦ᠂ ᠬᠠᠮᠲᠤ ᠨᠠᠭᠠᠳᠬᠤ᠂ ᠪᠠᠶᠠᠷ ᠪᠠᠶᠠᠰᠤᠯ ᠢ᠋ᠶ᠋ᠠᠨ ᠬᠤᠪᠢᠶᠠᠯᠴᠠᠬᠤ᠂ ᠬᠡᠦᠬᠡᠳ ᠦ᠋ᠨ ᠢ᠋ᠶ᠋ᠡᠨ ᠬᠦᠰᠡᠯ ᠮᠥᠷᠥᠭᠡᠳᠦᠯ ᠢ᠋ ᠣᠢᠯᠠᠭᠠᠵᠤ᠂ ᠬᠡᠦᠬᠡᠳ ᠲᠡᠢ ᠪᠡᠨ ᠰᠠᠨᠠᠭ᠎ᠠ ᠪᠣᠳᠣᠯ ᠢ᠋ᠶ᠋ᠠᠨ ᠣᠯᠤᠯᠴᠠᠬᠤ᠂ ᠬᠡᠦᠬᠡᠳ ᠦ᠋ᠨ ᠶᠠᠷᠢᠬᠤ ᠶ᠋ᠢ ᠲᠡᠪᠴᠢᠶᠡᠷᠢ ᠲᠡᠢ ᠰᠣᠨᠣᠰᠬᠤ᠂ ᠬᠡᠦᠬᠡᠳ ᠦ᠋ᠨ ᠠᠰᠠᠭᠤᠭᠰᠠᠨ ᠪᠦᠬᠦᠨ ᠳ᠋ᠦ᠍ ᠵᠣᠬᠢᠰᠲᠠᠢ ᠬᠠᠷᠢᠭᠤᠯᠲᠠ ᠥᠭᠬᠦ ᠵᠡᠷᠭᠡ ᠪᠣᠯ ᠴᠥᠮ ᠬᠡᠦᠬᠡᠳ ᠢ᠋ᠶ᠋ᠡᠨ ᠬᠠᠢᠷᠠᠯᠠᠵᠤ ᠴᠢᠳᠠᠵᠤ ᠪᠠᠢᠬᠤ ᠶ᠋ᠢᠨ ᠢᠯᠡᠷᠡᠯ ᠮᠥᠨ᠃ ᠣᠳᠣ ᠶ᠋ᠢᠨ ᠬᠡᠦᠬᠡᠳ ᠢᠳᠡᠬᠦ ᠡᠮᠦᠰᠬᠦ ᠵᠣᠭᠣᠰ ᠮᠥᠩᠭᠥ ᠳᠤᠲᠠᠬᠤ ᠦᠭᠡᠢ ᠪᠠᠢᠭᠠᠳ ᠶᠠᠭᠤᠨ ᠳ᠋ᠤ᠌ ᠵᠣᠪᠠᠭᠠᠳ ᠪᠠᠢᠳᠠᠭ ᠶᠤᠮ ᠪᠣᠢ? ᠶᠣᠰᠣᠲᠠᠢ ᠵᠢᠷᠭᠠᠯ ᠢ᠋ᠶ᠋ᠠᠨ ᠳᠠᠭᠠᠭᠠᠬᠤ ᠦᠭᠡᠢ ᠪᠠᠢᠨ᠎ᠠ ᠭᠡᠵᠦ ᠪᠢᠲᠡᠭᠡᠢ ᠥᠪᠡᠷ ᠦ᠋ᠨ ᠲᠥᠷᠥᠭᠳᠡᠯ ᠢ᠋ᠶ᠋ᠡᠨ ᠶᠠᠷᠢᠭᠠᠳ ᠪᠠᠢ᠃ ᠬᠡᠦᠬᠡᠳ ᠭᠠᠭᠴᠠᠭᠠᠷᠳᠠᠵᠤ ᠥᠨᠥᠴᠢᠷᠡᠭᠡᠳ᠂ ᠪᠢᠲᠡᠭᠦᠷᠡᠵᠦ ᠪᠠᠴᠢᠮᠳᠠᠭᠠᠳ ᠠᠮᠢᠳᠤᠷᠠᠬᠤ ᠮᠥᠷᠥᠭᠡᠳᠦᠯ ᠴᠦ᠍ ᠦᠭᠡᠢ ᠪᠣᠯᠵᠤ ᠪᠠᠢᠨ᠎ᠠ ᠰᠢᠦ! ᠳᠤᠷ᠎ᠠ ᠰᠣᠨᠢᠷᠬᠠᠯ ᠨᠢ ᠬᠦᠷᠲᠡᠯ᠎ᠡ ᠭᠡᠷ ᠦ᠋ᠨ ᠠᠬᠠᠮᠠᠳ ᠪᠠᠭᠰᠢ ᠶ᠋ᠢᠨ ᠠᠯᠪᠠᠳᠠᠯᠭ᠎ᠠ᠃ ᠬᠣᠵᠢᠮ ᠤ᠋ᠨ ᠠᠵᠢᠯ ᠦᠢᠯᠡᠰ ᠦ᠋ᠨ ᠰᠣᠩᠭᠣᠯᠲᠠ ᠨᠢ ᠴᠦ᠍ ᠪᠦᠷ ᠲᠣᠮᠣ ᠬᠥᠮᠦᠰ ᠲᠤ ᠨᠡᠷ᠎ᠡ ᠬᠦᠨᠳᠦ ᠣᠯᠵᠤ ᠥᠭᠬᠦ ᠶ᠋ᠢᠨ ᠲᠥᠯᠥᠭᠡ ᠪᠠᠢᠵᠤ᠂ ᠬᠡᠦᠬᠡᠳ ᠦ᠋ᠨ ᠥᠪᠡᠷ ᠦ᠋ᠨ ᠰᠣᠩᠭᠣᠯᠲᠠ ᠭᠡᠵᠦ ᠪᠠᠢᠨ᠎ᠠ ᠤᠤ? ᠪᠠᠭᠠᠴᠤᠳ ᠵᠠᠯᠠᠭᠤᠴᠤᠳ ᠤ᠋ᠨ ᠪᠡᠶ᠎ᠡ ᠪᠡᠨ ᠬᠣᠣᠷᠯᠠᠵᠤ ᠪᠠᠢᠬᠤ ᠲᠣᠭ᠎ᠠ ᠵᠠᠮ ᠬᠠᠷᠢᠯᠴᠠᠭᠠᠨ ᠤ᠋ ᠡᠨᠳᠡᠯ ᠡᠴᠡ ᠳᠠᠪᠠᠵᠠᠢ᠃ ᠶᠠᠭᠤ ᠳᠤᠲᠠᠭᠰᠠᠨ ᠪᠣᠢ? ᠨᠡᠢᠭᠡᠮ᠂ ᠭᠡᠷ ᠪᠦᠯᠢ ᠶ᠋ᠢᠨ ᠬᠠᠢᠷ᠎ᠠ ᠬᠠᠯᠠᠮᠵᠢ ᠣᠢᠯᠠᠭᠠᠯᠴᠠᠭ᠎ᠠ ᠬᠠᠮᠵᠢᠯᠴᠠᠭ᠎ᠠ ᠯᠠ ᠳᠤᠲᠠᠵᠤ ᠪᠠᠢᠨ᠎ᠠ᠃
ᠡᠷᠡᠭᠦᠯ ᠪᠤᠰᠤ ᠬᠠᠢᠷ᠎ᠠ ᠪᠢᠳᠡᠨ ᠢ᠋ ᠬᠡᠦᠬᠡᠳ ᠡᠴᠡ ᠪᠡᠨ ᠲᠤᠩ ᠬᠣᠯᠠᠳᠠᠭᠤᠯᠵᠠᠢ! ᠮᠠᠨ ᠤ᠋ ᠭᠡᠷ ᠦ᠋ᠨ ᠠᠬᠠᠮᠠᠳ ᠤ᠋ᠨ ᠦᠢᠯᠡ ᠪᠡᠨ ᠦᠵᠡᠵᠦ ᠠᠷᠪᠢᠯᠠᠭᠰᠠᠨ ᠮᠥᠩᠭᠥ ᠶ᠋ᠢ ᠨᠢ ᠬᠡᠦᠬᠡᠳ ᠨᠢ ᠨᠡᠷᠡᠲᠦ ᠬᠤᠪᠴᠠᠰᠤ᠂ ᠬᠣᠭᠣᠯᠠᠨ ᠭᠡᠷ᠂ ᠠᠷᠢᠬᠢᠨ ᠪᠠᠭᠠᠷ᠂ ᠵᠣᠴᠢᠳ ᠤ᠋ᠨ ᠪᠠᠭᠤᠳᠠᠯ᠁ ᠮᠡᠲᠦ ᠨᠠᠢᠷ ᠴᠡᠩᠭᠡᠭᠡᠨ ᠦ᠌ ᠭᠠᠵᠠᠷ ᠤᠰᠤ ᠴᠠᠰᠤ ᠰᠢᠭ᠋ ᠦᠷᠡᠳᠡᠭ ᠪᠣᠯᠵᠤ ᠪᠠᠢᠨ᠎ᠠ᠂ ᠭᠡᠷ ᠪᠦᠯᠢ ᠠᠪᠤ ᠡᠵᠢ ᠡᠴᠡ ᠪᠡᠨ ᠣᠯᠤᠭᠰᠠᠨ ᠦᠭᠡᠢ ᠬᠠᠢᠷ᠎ᠠ ᠬᠠᠯᠠᠮᠵᠢ ᠠᠵᠠ ᠵᠢᠷᠭᠠᠯ ᠤ᠋ᠨ ᠰᠡᠳᠬᠢᠭᠳᠡᠯ ᠢ᠋ ᠡᠨᠡ ᠮᠡᠲᠦ ᠡᠬᠡ ᠡᠴᠢᠭᠡ ᠶ᠋ᠢᠨ ᠮᠥᠩᠭᠥ ᠳᠤᠲᠠᠬᠤ ᠦᠭᠡᠢ ᠪᠠᠢᠭᠠᠳ ᠶᠠᠭᠤᠨ ᠳ᠋ᠤ᠌ ᠵᠣᠪᠠᠭᠠᠳ ᠪᠠᠢᠳᠠᠭ ᠶᠤᠮ ᠪᠣᠢ? ᠶᠣᠰᠣᠲᠠᠢ ᠵᠢᠷᠭᠠᠯ ᠢ᠋ᠶ᠋ᠠᠨ ᠳᠠᠭᠠᠭᠠᠬᠤ ᠦᠭᠡᠢ ᠪᠠᠢᠨ᠎ᠠ ᠭᠡᠵᠦ ᠪᠢᠲᠡᠭᠡᠢ ᠥᠪᠡᠷ ᠦ᠋ᠨ ᠲᠥᠷᠥᠭᠳᠡᠯ ᠢ᠋ᠶ᠋ᠡᠨ ᠶᠠᠷᠢᠭᠠᠳ ᠪᠠᠢ᠃ ᠬᠡᠦᠬᠡᠳ ᠭᠠᠭᠴᠠᠭᠠᠷᠳᠠᠵᠤ ᠥᠨᠥᠴᠢᠷᠡᠭᠡᠳ᠂ ᠪᠢᠲᠡᠭᠦᠷᠡᠵᠦ ᠪᠠᠴᠢᠮᠳᠠᠭᠠᠳ ᠠᠮᠢᠳᠤᠷᠠᠬᠤ ᠮᠥᠷᠥᠭᠡᠳᠦᠯ ᠴᠦ᠍ ᠦᠭᠡᠢ ᠪᠣᠯᠵᠤ ᠪᠠᠢᠨ᠎ᠠ ᠰᠢᠦ! ᠳᠤᠷ᠎ᠠ ᠰᠣᠨᠢᠷᠬᠠᠯ ᠨᠢ ᠬᠦᠷᠲᠡᠯ᠎ᠡ ᠭᠡᠷ ᠦ᠋ᠨ ᠠᠬᠠᠮᠠᠳ ᠪᠠᠭᠰᠢ ᠶ᠋ᠢᠨ ᠠᠯᠪᠠᠳᠠᠯᠭ᠎ᠠ᠃ ᠬᠣᠵᠢᠮ ᠤ᠋ᠨ ᠠᠵᠢᠯ ᠦᠢᠯᠡᠰ ᠦ᠋ᠨ ᠰᠣᠩᠭᠣᠯᠲᠠ ᠨᠢ ᠴᠦ᠍ ᠪᠦᠷ ᠲᠣᠮᠣ ᠬᠥᠮᠦᠰ ᠲᠤ ᠨᠡᠷ᠎ᠡ ᠬᠦᠨᠳᠦ ᠣᠯᠵᠤ ᠥᠭᠬᠦ ᠶ᠋ᠢᠨ ᠲᠥᠯᠥᠭᠡ ᠪᠠᠢᠵᠤ᠂ ᠬᠡᠦᠬᠡᠳ ᠦ᠋ᠨ ᠥᠪᠡᠷ ᠦ᠋ᠨ ᠰᠣᠩᠭᠣᠯᠲᠠ ᠭᠡᠵᠦ ᠪᠠᠢᠨ᠎ᠠ ᠤᠤ? ᠪᠠᠭᠠᠴᠤᠳ ᠵᠠᠯᠠᠭᠤᠴᠤᠳ ᠤ᠋ᠨ ᠪᠡᠶ᠎ᠡ ᠪᠡᠨ ᠬᠣᠣᠷᠯᠠᠵᠤ ᠪᠠᠢᠬᠤ ᠲᠣᠭ᠎ᠠ ᠵᠠᠮ ᠬᠠᠷᠢᠯᠴᠠᠭᠠᠨ ᠤ᠋ ᠡᠨᠳᠡᠯ ᠡᠴᠡ ᠳᠠᠪᠠᠵᠠᠢ᠃ ᠶᠠᠭᠤ ᠳᠤᠲᠠᠭᠰᠠᠨ ᠪᠣᠢ? ᠨᠡᠢᠭᠡᠮ᠂ ᠭᠡᠷ ᠪᠦᠯᠢ ᠶ᠋ᠢᠨ ᠬᠠᠢᠷ᠎ᠠ ᠬᠠᠯᠠᠮᠵᠢ ᠣᠢᠯᠠᠭᠠᠯᠴᠠᠭ᠎ᠠ ᠬᠠᠮᠵᠢᠯᠴᠠᠭ᠎ᠠ ᠯᠠ ᠳᠤᠲᠠᠵᠤ ᠪᠠᠢᠨ᠎ᠠ᠃
ᠡᠷᠡᠭᠦᠯ ᠪᠤᠰᠤ ᠬᠠᠢᠷ᠎ᠠ ᠪᠢᠳᠡᠨ ᠢ᠋ ᠬᠡᠦᠬᠡᠳ ᠡᠴᠡ ᠪᠡᠨ ᠲᠤᠩ ᠬᠣᠯᠠᠳᠠᠭᠤᠯᠵᠠᠢ! ᠮᠠᠨ ᠤ᠋ ᠭᠡᠷ ᠦ᠋ᠨ ᠠᠬᠠᠮᠠᠳ ᠤ᠋ᠨ ᠦᠢᠯᠡ ᠪᠡᠨ ᠦᠵᠡᠵᠦ ᠠᠷᠪᠢᠯᠠᠭᠰᠠᠨ ᠮᠥᠩᠭᠥ ᠶ᠋ᠢ ᠨᠢ ᠬᠡᠦᠬᠡᠳ ᠨᠢ ᠨᠡᠷᠡᠲᠦ ᠬᠤᠪᠴᠠᠰᠤ᠂ ᠬᠣᠭᠣᠯᠠᠨ ᠭᠡᠷ᠂ ᠠᠷᠢᠬᠢᠨ ᠪᠠᠭᠠᠷ᠂ ᠵᠣᠴᠢᠳ ᠤ᠋ᠨ ᠪᠠᠭᠤᠳᠠᠯ᠁ ᠮᠡᠲᠦ ᠨᠠᠢᠷ ᠴᠡᠩᠭᠡᠭᠡᠨ ᠦ᠌ ᠭᠠᠵᠠᠷ ᠤᠰᠤ ᠴᠠᠰᠤ ᠰᠢᠭ᠋ ᠦᠷᠡᠳᠡᠭ ᠪᠣᠯᠵᠤ ᠪᠠᠢᠨ᠎ᠠ᠂ ᠭᠡᠷ ᠪᠦᠯᠢ ᠠᠪᠤ ᠡᠵᠢ ᠡᠴᠡ ᠪᠡᠨ ᠣᠯᠤᠭᠰᠠᠨ ᠦᠭᠡᠢ ᠬᠠᠢᠷ᠎ᠠ ᠬᠠᠯᠠᠮᠵᠢ ᠠᠵᠠ ᠵᠢᠷᠭᠠᠯ ᠤ᠋ᠨ ᠰᠡᠳᠬᠢᠭᠳᠡᠯ ᠢ᠋ ᠡᠨᠡ ᠮᠡᠲᠦ ᠡᠬᠡ ᠡᠴᠢᠭᠡ ᠶ᠋ᠢᠨ ᠬᠠᠢᠷ᠎ᠠ ᠰᠢᠩᠭᠡᠭᠰᠡᠨ ᠦᠭᠡᠢ ᠡᠵᠡᠭᠦᠢ ᠬᠡᠭᠡᠷ᠎ᠡ ᠡᠴᠡ ᠮᠥᠩᠭᠥ ᠪᠡᠷ ᠬᠤᠳᠠᠯᠳᠤᠨ ᠠᠪᠬᠤ ᠪᠣᠯᠵᠤ ᠪᠠᠢᠨ᠎ᠠ᠃ ᠳᠥᠷᠪᠡᠨ ᠵᠢᠯ ᠣᠶᠤᠲᠠᠨ ᠨᠡᠷ᠎ᠡ ᠵᠡᠭᠦᠬᠦ ᠳ᠋ᠦ᠍ ᠪᠡᠨ ᠨᠣᠮ ᠤ᠋ᠨ ᠰᠠᠩ ᠳ᠋ᠤ᠌ ᠣᠴᠢᠭᠰᠠᠨ ᠦᠭᠡᠢ᠂ ᠨᠣᠮ ᠤ᠋ᠨ ᠳᠡᠯᠭᠡᠭᠦᠷ ᠬᠠᠮᠢᠭ᠎ᠠ ᠪᠠᠢᠬᠤ ᠶ᠋ᠢ ᠮᠡᠳᠡᠬᠦ ᠦᠭᠡᠢ ᠣᠶᠤᠲᠠᠨ ᠪᠠᠭ᠎ᠠ ᠪᠤᠰᠤ᠃ ᠨᠡᠩ ᠣᠨᠴᠠ ᠵᠠᠷᠢᠮ ᠨᠢ ᠬᠥᠨᠵᠢᠯᠡ ᠶ᠋ᠢᠨ ᠢ᠋ᠶ᠋ᠡᠨ ᠬᠢᠷᠢ ᠪᠡᠷ ᠬᠥᠯ ᠢ᠋ᠶ᠋ᠡᠨ ᠵᠢᠭᠢᠬᠦ ᠶ᠋ᠢ ᠮᠡᠳᠡᠬᠦ ᠦᠭᠡᠢ ᠯᠠᠷᠵᠢᠶ᠎ᠠ ᠰᠣᠷᠲᠣᠭᠣ ᠲᠠᠲᠠᠵᠤ ᠪᠠᠢᠭᠰᠠᠭᠠᠷ ᠠᠷᠤ ᠭᠡᠷ ᠢ᠋ᠶ᠋ᠡᠨ ᠥᠷᠢ ᠰᠢᠷᠢ ᠥᠨᠳᠥᠷ ᠬᠦᠦ ᠲᠡᠢ ᠵᠢᠭᠡᠯᠡᠯᠭᠡ ᠶ᠋ᠢᠨ ᠭᠦᠨ ᠨᠦᠬᠡᠨ ᠳ᠋ᠦ᠍ ᠤᠨᠠᠭᠠᠵᠤ ᠪᠠᠢᠭ᠎ᠠ ᠨᠢ ᠬᠠᠢᠷ᠎ᠠ ᠬᠡᠲᠦᠷᠡᠭᠰᠡᠨ ᠡᠴᠡ ᠪᠣᠯᠵᠤ᠂ ᠲᠠᠩᠬᠠᠢ ᠬᠡᠦᠬᠡᠳ ᠢ᠋ ᠬᠥᠮᠦᠵᠢᠭᠦᠯᠦᠭᠰᠡᠨ ᠪᠠᠢᠨ᠎ᠠ᠃《ᠨᠣᠮ ᠢ᠋ ᠨᠢ ᠰᠤᠷᠬᠤ ᠦᠭᠡᠢ ᠴᠦ᠍ ᠨᠣᠮᠣᠬᠠᠨ ᠢ᠋ ᠨᠢ ᠰᠤᠷ》 ᠭᠡᠳᠡᠭ ᠦᠭᠡ ᠶ᠋ᠢ ᠦᠨᠡᠬᠡᠷ ᠰᠠᠨᠠᠵᠤ ᠰᠡᠳᠬᠢᠭᠦᠰᠢᠲᠡᠢ ᠪᠣᠯᠵᠠᠢ᠃ ᠬᠠᠢᠷ᠎ᠠ ᠰᠢᠩᠭᠡᠭᠰᠡᠨ ᠦᠭᠡᠢ ᠡᠵᠡᠭᠦᠢ ᠬᠡᠭᠡᠷ᠎ᠡ ᠡᠴᠡ ᠮᠥᠩᠭᠥ ᠪᠡᠷ ᠬᠤᠳᠠᠯᠳᠤᠨ ᠠᠪᠬᠤ ᠪᠣᠯᠵᠤ ᠪᠠᠢᠨ᠎ᠠ᠃ ᠳᠥᠷᠪᠡᠨ ᠵᠢᠯ ᠣᠶᠤᠲᠠᠨ ᠨᠡᠷ᠎ᠡ ᠵᠡᠭᠦᠬᠦ ᠳ᠋ᠦ᠍ ᠪᠡᠨ ᠨᠣᠮ ᠤ᠋ᠨ ᠰᠠᠩ ᠳ᠋ᠤ᠌ ᠣᠴᠢᠭᠰᠠᠨ ᠦᠭᠡᠢ᠂ ᠨᠣᠮ ᠤ᠋ᠨ ᠳᠡᠯᠭᠡᠭᠦᠷ ᠬᠠᠮᠢᠭ᠎ᠠ ᠪᠠᠢᠬᠤ ᠶ᠋ᠢ ᠮᠡᠳᠡᠬᠦ ᠦᠭᠡᠢ ᠣᠶᠤᠲᠠᠨ ᠪᠠᠭ᠎ᠠ ᠪᠤᠰᠤ᠃ ᠨᠡᠩ ᠣᠨᠴᠠ ᠵᠠᠷᠢᠮ ᠨᠢ ᠬᠥᠨᠵᠢᠯᠡ ᠶ᠋ᠢᠨ ᠢ᠋ᠶ᠋ᠡᠨ ᠬᠢᠷᠢ ᠪᠡᠷ ᠬᠥᠯ ᠢ᠋ᠶ᠋ᠡᠨ ᠵᠢᠭᠢᠬᠦ ᠶ᠋ᠢ ᠮᠡᠳᠡᠬᠦ ᠦᠭᠡᠢ ᠯᠠᠷᠵᠢᠶ᠎ᠠ ᠰᠣᠷᠲᠣᠭᠣ ᠲᠠᠲᠠᠵᠤ ᠪᠠᠢᠭᠰᠠᠭᠠᠷ ᠠᠷᠤ ᠭᠡᠷ ᠢ᠋ᠶ᠋ᠡᠨ ᠥᠷᠢ ᠰᠢᠷᠢ ᠥᠨᠳᠥᠷ ᠬᠦᠦ ᠲᠡᠢ ᠵᠢᠭᠡᠯᠡᠯᠭᠡ ᠶ᠋ᠢᠨ ᠭᠦᠨ ᠨᠦᠬᠡᠨ ᠳ᠋ᠦ᠍ ᠤᠨᠠᠭᠠᠵᠤ ᠪᠠᠢᠭ᠎ᠠ ᠨᠢ ᠬᠠᠢᠷ᠎ᠠ ᠬᠡᠲᠦᠷᠡᠭᠰᠡᠨ ᠡᠴᠡ ᠪᠣᠯᠵᠤ᠂ ᠲᠠᠩᠬᠠᠢ ᠬᠡᠦᠬᠡᠳ ᠢ᠋ ᠬᠥᠮᠦᠵᠢᠭᠦᠯᠦᠭᠰᠡᠨ ᠪᠠᠢᠨ᠎ᠠ᠃《ᠨᠣᠮ ᠢ᠋ ᠨᠢ ᠰᠤᠷᠬᠤ ᠦᠭᠡᠢ ᠴᠦ᠍ ᠨᠣᠮᠣᠬᠠᠨ ᠢ᠋ ᠨᠢ ᠰᠤᠷ》 ᠭᠡᠳᠡᠭ ᠦᠭᠡ ᠶ᠋ᠢ ᠦᠨᠡᠬᠡᠷ ᠰᠠᠨᠠᠵᠤ ᠰᠡᠳᠬᠢᠭᠦᠰᠢᠲᠡᠢ ᠪᠣᠯᠵᠠᠢ᠃
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ ᠪᠠᠭᠰᠢ᠄ ᠤᠳᠬᠠᠨᠰᠤ᠎ᠠ᠂ ᠬᠥᠬᠡ ᠮᠣᠩᠭᠣᠯ᠂ ᠰᠡᠬᠡᠭᠡᠷᠡᠯ᠂ ᠵ᠂ ᠪᠤᠶᠠᠨᠲᠣᠭᠲᠠᠬᠤ