1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠠᠯ ᠰᠤᠷᠲᠠᠯ ᠲᠠᠢ ᠬᠥᠮᠦᠨ ᠪᠣᠯᠭᠠᠶ᠎ᠠ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-06-ᠪᠣᠯᠣᠴᠢᠯᠠᠭᠤ

ᠮᠣᠷᠠᠯ ᠰᠤᠷᠲᠠᠯ ᠲᠠᠢ ᠬᠥᠮᠦᠨ ᠪᠣᠯᠭᠠᠶ᠎ᠠ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-06-ᠪᠣᠯᠣᠴᠢᠯᠠᠭᠤ

2023-12-14

353

ᠮᠣᠷᠠᠯ ᠰᠤᠷᠲᠠᠯ ᠲᠠᠢ ᠬᠥᠮᠦᠨ ᠪᠣᠯᠭᠠᠶ᠎ᠠ

   ᠥᠨᠥ ᠶ᠋ᠢᠨ ᠬᠡᠦᠬᠡᠳ ᠪᠠᠭᠠᠴᠤᠳ ᠤ᠋ᠨ ᠮᠣᠷᠠᠯ ᠤ᠋ᠨ ᠬᠡᠪ ᠴᠢᠨᠠᠷ ᠶᠠᠮᠠᠷᠬᠠᠨ ᠪᠠᠢᠭ᠎ᠠ ᠶ᠋ᠢ ᠬᠠᠷᠠᠶ᠎ᠠ᠃ ᠰᠤᠷᠭᠠᠭᠤᠯᠢ ᠶ᠋ᠢᠨ ᠣᠷᠴᠢᠨ ᠳ᠋ᠤ᠌ ᠰᠤᠷᠤᠭᠴᠢᠳ ᠠᠩᠭᠢ ᠶ᠋ᠢᠨ ᠡᠷᠬᠢᠯᠡᠭᠴᠢ ᠪᠣᠯᠤᠨ ᠬᠢᠴᠢᠶᠡᠯ ᠦ᠋ᠨ ᠪᠠᠭᠰᠢ ᠠ᠋ᠴᠠ ᠪᠤᠰᠤᠳ ᠢ᠋ ᠪᠠᠭᠰᠢ ᠭᠡᠮᠡᠨ ᠬᠦᠨᠳᠦᠯᠡᠬᠦ ᠦᠭᠡᠢ ᠪᠣᠯᠵᠤ᠂ ᠬᠠᠵᠠᠭᠤ ᠪᠠᠷ ᠨᠢ ᠲᠠᠮᠠᠬᠢ ᠲᠠᠲᠠᠭᠠᠳ ᠥᠩᠭᠡᠷᠡᠬᠦ᠂ ᠬᠣᠭᠣᠯᠠᠨ ᠲᠢᠩᠬᠢᠮ ᠳ᠋ᠦ᠍ ᠦᠯᠡᠳᠡᠭᠰᠡᠨ ᠬᠣᠭᠣᠯᠠ ᠪᠠᠨ ᠰᠢᠷᠡᠭᠡᠨ ᠳᠡᠭᠡᠷ᠎ᠡ ᠠᠰᠬᠠᠴᠢᠬᠠᠭᠠᠳ ᠬᠠᠮᠢᠶᠠᠷᠤᠭᠴᠢ ᠪᠠᠭᠰᠢ ᠠ᠋ᠴᠠ ᠰᠢᠷᠡᠭᠡ ᠪᠡᠨ ᠴᠡᠪᠡᠷᠯᠡ ᠭᠡᠰᠡᠨ ᠳ᠋ᠦ᠍《ᠲᠠ ᠶᠠᠭᠤ ᠬᠢᠳᠡᠭ ᠬᠥᠮᠦᠨ ᠪᠣᠢ? ᠡᠳᠡᠭᠡᠷ ᠠᠵᠢᠯ ᠢ᠋ ᠲᠠ ᠬᠢᠵᠦ ᠴᠠᠯᠢᠩ ᠢᠳᠡᠵᠦ ᠪᠠᠢᠬᠤ ᠪᠢᠰᠢ ᠤᠤ!》 ᠭᠡᠮᠡᠨ ᠶᠡᠬᠡ ᠶᠣᠰᠣ ᠶᠠᠷᠢᠵᠤ ᠪᠠᠢᠬᠤ᠂ ᠬᠠᠷᠢᠶᠠᠯ ᠢ᠋ ᠢᠷᠦᠭᠡᠯ ᠰᠢᠭ ᠤᠷᠤᠰᠬᠠᠬᠤ᠂ ᠠᠢᠯ ᠭᠡᠷ ᠲᠦ᠍ ᠪᠡᠨ ᠢᠷᠡᠭᠰᠡᠨ ᠵᠣᠴᠢᠨ ᠢ᠋ ᠲᠤᠰᠬᠤ᠂ ᠮᠡᠨᠳᠦᠴᠢᠯᠡᠬᠦ᠂ ᠴᠠᠢ ᠠᠶᠠᠭᠠᠯᠠᠬᠤ᠂ ᠶᠠᠪᠤᠬᠤ ᠵᠣᠴᠢᠨ ᠢ᠋ ᠦᠳᠡᠬᠦ ᠨᠢ ᠬᠣᠪᠣᠷᠬᠠᠨ ᠪᠣᠯᠵᠤ ᠪᠠᠢᠬᠤ᠁ ᠭᠡᠳ ᠲᠣᠭᠠᠴᠢᠭᠠᠳ ᠪᠠᠷᠠᠬᠤ ᠦᠭᠡᠢ ᠣᠯᠠᠨ ᠮᠣᠷᠠᠯ ᠰᠤᠷᠲᠠᠯ ᠲᠠᠢ ᠬᠣᠯᠪᠣᠭᠳᠠᠬᠤ ᠠᠰᠠᠭᠤᠳᠠᠯ ᠬᠠᠷᠠᠭᠳᠠᠬᠤ ᠪᠣᠯᠵᠠᠢ᠃ ᠪᠢᠳᠡ ᠴᠢᠨᠢ ᠬᠡᠦᠬᠡᠳ ᠢ᠋ᠶ᠋ᠡᠨ ᠬᠥᠮᠦᠨ ᠪᠣᠯᠭᠠᠭᠰᠠᠨ ᠦᠭᠡᠢ᠂ ᠴᠢᠳᠬᠥᠷ ᠪᠣᠯᠭᠠᠮᠠᠷ ᠪᠠᠢᠨ᠎ᠠ ᠰᠢᠦ! ᠡᠭᠦᠨ ᠳ᠋ᠦ᠍ ᠨᠡᠢᠭᠡᠮ ᠦ᠋ᠨ ᠪᠦᠬᠦᠢᠯᠡ ᠬᠥᠮᠦᠰ ᠦ᠋ᠨ ᠥᠷᠲᠡᠭ ᠦ᠋ᠨ ᠦᠵᠡᠯᠲᠡ ᠢᠪᠴᠤᠷᠠᠵᠤ᠂ ᠡᠷᠬᠡ ᠲᠤᠰᠢᠶᠠᠯ ᠡᠳ᠋ ᠮᠥᠩᠭᠥ ᠲᠠᠢ ᠯᠠ ᠬᠥᠮᠦᠰ ᠢ᠋ ᠬᠥᠮᠦᠨ ᠦ᠌ ᠳᠡᠭᠡᠳᠦ ᠪᠡᠷ ᠦᠵᠡᠬᠦ ᠪᠣᠯᠵᠤ᠂ ᠣᠯᠵᠠ ᠠᠰᠢᠭ ᠤ᠋ᠨ ᠬᠣᠢᠨ᠎ᠠ ᠠ᠋ᠴᠠ ᠬᠥᠭᠡᠭᠡᠴᠡᠯᠳᠦᠬᠦ ᠶ᠋ᠢ ᠠᠮᠢᠳᠤᠷᠠᠯ ᠤ᠋ᠨ ᠭᠠᠭᠴᠠ ᠬᠦᠰᠡᠯᠡᠩ ᠮᠡᠲᠦ ᠰᠢᠲᠦᠬᠦ ᠪᠣᠯᠤᠭᠰᠠᠨ ᠲᠠᠢ ᠬᠣᠯᠪᠣᠭ᠎ᠠ ᠲᠠᠢ ᠠ᠋ᠴᠠ ᠭᠠᠳᠠᠨ᠎ᠠ ᠭᠡᠷ ᠦ᠋ᠨ ᠰᠤᠷᠲᠠᠯ ᠨᠡᠩ ᠴᠢᠬᠤᠯᠠ ᠨᠥᠯᠥᠭᠡ ᠦᠵᠡᠭᠦᠯᠵᠦ ᠪᠠᠢᠬᠤ ᠶ᠋ᠢ ᠣᠮᠲᠣᠭᠠᠢᠯᠠᠵᠤ ᠪᠣᠯᠬᠤ ᠦᠭᠡᠢ᠃ ᠬᠥᠮᠦᠨ ᠠᠮᠢᠲᠠᠨ ᠠᠳᠠᠯᠢᠬᠠᠨ ᠪᠦᠷ ᠯᠡ ᠨᠢᠯᠬ᠎ᠠ ᠨᠢ ᠲᠣᠮᠣ ᠪᠠᠨ ᠳᠠᠭᠤᠷᠢᠶᠠᠵᠤ ᠪᠠᠢᠮᠠᠨ ᠠᠯᠢᠪᠠ ᠶ᠋ᠢ ᠰᠤᠷᠳᠠᠭ ᠵᠢᠮ᠎ᠡ ᠲᠡᠢ᠃
   ᠮᠠᠰᠢᠨ ᠲᠠᠢ ᠶᠠᠪᠤᠵᠤ ᠪᠠᠢᠭᠠᠳ ᠠᠪᠤ ᠨᠢ ᠤᠮᠳᠠᠭᠠᠨ ᠤ᠋ ᠯᠣᠩᠬᠣ ᠪᠠᠨ ᠴᠣᠩᠬᠣ ᠪᠠᠷ ᠰᠢᠳᠡᠭᠰᠡᠨ ᠪᠠᠢᠪᠠᠯ ᠬᠠᠵᠠᠭᠤ ᠳ᠋ᠤ᠌ ᠨᠢ ᠪᠠᠢᠭᠰᠠᠨ ᠵᠢᠭᠠᠯ ᠬᠡᠦᠬᠡᠳ ᠲᠡᠷᠡ ᠬᠥᠳᠡᠯᠭᠡᠭᠡᠨ ᠢ᠋ ᠶᠠᠭ ᠤᠤᠯ ᠶᠠᠩᠵᠤ ᠪᠠᠷ ᠨᠢ ᠳᠠᠭᠤᠷᠢᠶᠠᠵᠤ ᠪᠡᠶᠡᠯᠡᠭᠦᠯᠬᠦ ᠮᠥᠷᠲᠡᠭᠡᠨ ᠬᠣᠵᠢᠮ ᠨᠢ ᠪᠦᠷ ᠲᠡᠢᠮᠦ ᠵᠠᠩᠰᠢᠯ ᠲᠠᠢ ᠪᠣᠯᠳᠠᠭ᠃ ᠡᠵᠢ ᠨᠢ ᠳᠡᠯᠭᠡᠭᠦᠷ ᠮᠡᠲᠦ ᠬᠥᠮᠦᠨ ᠣᠯᠠᠨ ᠲᠠᠢ ᠭᠠᠵᠠᠷ ᠬᠡᠦᠬᠡᠳ ᠢ᠋ᠶ᠋ᠡᠨ ᠬᠥᠲᠥᠯᠵᠦ ᠶᠠᠪᠤᠵᠤ ᠪᠠᠢᠭᠠᠳ ᠵᠠᠮ ᠳᠡᠭᠡᠷ᠎ᠡ ᠲᠡᠭᠡᠭᠡᠷ᠎ᠡ ᠲᠤᠱᠠ ᠪᠣᠯᠤᠭᠰᠠᠨ ᠬᠥᠮᠦᠰ ᠢ᠋ ᠠᠮᠠ ᠳᠦᠭᠦᠷᠡᠩ ᠬᠠᠷᠢᠶᠠᠵᠤ ᠶᠠᠪᠤᠭᠰᠠᠨ ᠪᠠᠢᠪᠠᠯ ᠨᠥᠭᠦᠭᠡ ᠬᠡᠦᠬᠡᠳ ᠳᠠᠷᠠᠭ᠎ᠠ ᠡᠳᠦᠷ ᠡᠴᠡ ᠨᠢ ᠡᠵᠢ ᠡᠴᠡ ᠪᠡᠨ ᠠᠮᠵᠢᠵᠤ ᠬᠠᠷᠢᠶᠠᠯ ᠲᠠᠯᠪᠢᠨ ᠶᠠᠪᠤᠵᠤ ᠪᠠᠢᠬᠤ ᠨᠢ ᠬᠠᠷᠠᠭᠳᠠᠨ᠎ᠠ᠃ ᠡᠨᠡ ᠪᠣᠯ ᠡᠴᠢᠭᠡ ᠡᠬᠡ ᠶ᠋ᠢᠨ ᠬᠡᠪ ᠳᠠᠭᠤᠷᠢᠶᠠᠯ ᠤ᠋ᠨ ᠭᠠᠢᠬᠠᠮᠰᠢᠭ ᠪᠠᠢᠭ᠎ᠠ᠃ ᠬᠦᠦᠴᠦᠦᠯ ᠡᠴᠢᠭᠡ ᠡᠬᠡ ᠶ᠋ᠢᠨ ᠢ᠋ᠶ᠋ᠡᠨ ᠬᠡᠯᠡᠵᠦ ᠶᠠᠷᠢᠬᠤ ᠬᠢᠵᠦ ᠪᠦᠲᠦᠭᠡᠵᠦ ᠪᠠᠢᠭ᠎ᠠ ᠠᠭᠠᠰᠢ ᠠᠪᠢᠶᠠᠰ ᠵᠠᠩ ᠰᠤᠷᠲᠠᠯ ᠢ᠋ ᠬᠠᠷᠠᠵᠤ ᠬᠣᠵᠢᠮ ᠡᠴᠢᠭᠡ ᠬᠥᠮᠦᠨ ᠪᠤᠶᠤ ᠲᠥᠷᠥ ᠶ᠋ᠢᠨ ᠬᠠᠷ᠎ᠠ ᠬᠥᠮᠦᠨ ᠪᠣᠯᠬᠤ ᠬᠡᠪ ᠨᠠᠮᠪᠠ ᠰᠠᠭᠤᠵᠤ ᠪᠠᠢᠳᠠᠭ ᠠ᠋ᠴᠠ《ᠡᠷ᠎ᠡ ᠲᠦᠪᠰᠢᠨ ᠪᠣᠯ ᠭᠡᠷ ᠲᠦᠪᠰᠢᠨ᠂ ᠭᠡᠷ ᠲᠦᠪᠰᠢᠨ ᠪᠣᠯ ᠲᠥᠷᠥ ᠲᠦᠪᠰᠢᠨ》 ᠬᠡᠮᠡᠳᠡᠭ᠂ ᠥᠬᠢᠳ ᠡᠬᠡ ᠶ᠋ᠢᠨ ᠢ᠋ᠶ᠋ᠡᠨ ᠠᠮᠢᠳᠤᠷᠠᠯ ᠳᠤᠮᠳᠠᠬᠢ ᠦᠨᠡᠨ ᠳᠦᠷᠢ ᠶ᠋ᠢ ᠬᠠᠷᠠᠵᠤ ᠬᠣᠵᠢᠮ ᠡᠬᠡ ᠬᠥᠮᠦᠨ ᠦ᠌ ᠦᠷᠦ ᠵᠥᠭᠡᠯᠡᠨ ᠰᠡᠳᠬᠢᠯᠭᠡᠨ᠂ ᠠᠢᠯ ᠪᠦᠯᠢ ᠶ᠋ᠢ ᠳᠣᠳᠣᠮᠳᠠᠬᠤ ᠤᠬᠠᠭᠠᠨ ᠰᠠᠮᠪᠠᠭ᠎ᠠ ᠰᠠᠭᠤᠨ᠎ᠠ ᠭᠡᠵᠦ ᠦᠵᠡᠳᠡᠭ ᠡᠴᠡ ᠦᠨᠳᠦᠰᠦᠲᠡᠨ ᠤᠭᠰᠠᠭᠠᠲᠠᠨ ᠤ᠋ ᠬᠤᠪᠢ ᠵᠠᠶᠠᠭ᠎ᠠ ᠢᠷᠡᠭᠡᠳᠦᠢ ᠪᠦᠰᠡᠭᠦᠢ ᠬᠥᠮᠦᠨ ᠡᠴᠡ ᠲᠣᠭᠲᠠᠭᠠᠭᠳᠠᠨ᠎ᠠ ᠬᠡᠮᠡᠳᠡᠭ᠂ ᠡᠳᠡᠭᠡᠷ ᠨᠢ ᠪᠦᠷ ᠡᠴᠢᠭᠡ ᠡᠬᠡᠴᠦᠦᠯ ᠦ᠋ᠨ ᠬᠡᠪ ᠳᠠᠭᠤᠷᠢᠶᠠᠯ ᠤ᠋ᠨ ᠭᠦᠨ ᠨᠥᠯᠥᠭᠡ ᠶ᠋ᠢ ᠶᠠᠷᠢᠵᠤ ᠪᠠᠢᠭ᠎ᠠ ᠶᠤᠮ᠃
   ᠲᠡᠭᠡᠬᠦ ᠪᠡᠷ ᠡᠴᠢᠭᠡ ᠡᠬᠡ ᠪᠣᠯᠣᠭᠰᠠᠳ ᠬᠡᠦᠬᠡᠳ ᠦ᠋ᠨ ᠢ᠋ᠶ᠋ᠡᠨ ᠡᠮᠦᠨ᠎ᠡ ᠬᠡᠯᠡᠬᠦ ᠦᠭᠡ ᠪᠣᠯᠭᠠᠨ᠂ ᠬᠢᠬᠦ ᠦᠢᠯᠡ ᠪᠦᠬᠦᠨ ᠳ᠋ᠦ᠍ ᠪᠡᠨ ᠬᠢᠨᠠᠯᠲᠠ ᠲᠠᠢ ᠪᠠᠢᠵᠤ᠂ ᠬᠢᠷᠢ ᠲᠡᠩᠴᠡᠭᠰᠡᠨ ᠭᠡᠷ ᠦ᠋ᠨ ᠠᠬᠠᠮᠠᠳ ᠤ᠋ᠨ ᠳᠦᠷᠢ ᠶ᠋ᠢ ᠪᠦᠲᠦᠭᠡᠬᠦ ᠪᠡᠷ ᠴᠢᠷᠮᠠᠢᠬᠤ ᠨᠢ ᠨᠡᠢᠭᠡᠮ ᠦᠷ᠎ᠡ ᠬᠡᠦᠬᠡᠳ ᠲᠦ᠍ ᠪᠡᠨ ᠴᠥᠮ ᠬᠠᠷᠢᠭᠤᠴᠠᠯᠭ᠎ᠠ ᠲᠠᠢ ᠭᠠᠪᠢᠶ᠎ᠠ ᠲᠠᠢ ᠦᠢᠯᠡ ᠭᠡᠮᠡᠨ ᠦᠵᠡᠬᠦ ᠶᠣᠰᠣᠲᠠᠢ᠃ ᠨᠠᠰᠤᠲᠠᠨ ᠢ᠋ᠶ᠋ᠠᠨ ᠬᠦᠨᠳᠦᠯᠡᠵᠦ ᠠᠴᠢᠯᠠᠯ ᠡᠯᠪᠡᠷᠢᠯᠲᠡᠢ ᠠᠰᠠᠷᠠᠵᠤ ᠪᠠᠢᠬᠤ᠂ ᠰᠠᠳᠤᠨ ᠲᠥᠷᠥᠯ ᠲᠡᠢ ᠪᠡᠨ ᠡᠯᠢᠭᠡᠰᠡᠭ ᠳᠣᠲᠣᠨᠣ ᠶᠠᠪᠤᠯᠴᠠᠬᠤ᠂ ᠠᠢᠯ ᠰᠠᠭᠠᠬᠠᠯᠲᠠ ᠲᠠᠢ ᠪᠠᠨ ᠡᠪ ᠵᠦᠢᠲᠡᠢ ᠬᠠᠮᠵᠢᠯᠴᠠᠨ ᠡᠶ᠎ᠡ ᠨᠠᠢᠷᠲᠠᠢ ᠪᠠᠢᠬᠤ᠂ ᠬᠥᠳᠡᠯᠮᠦᠷᠢ ᠳ᠋ᠦ᠍ ᠰᠢᠭᠤᠷᠬᠠᠢ᠂ ᠬᠥᠮᠦᠨ ᠳ᠋ᠦ᠍ ᠲᠤᠰᠠᠴᠢ᠂ ᠪᠤᠰᠤᠳ ᠤ᠋ᠨ ᠣᠰᠣᠯ ᠢ᠋ ᠠᠭᠤᠴᠢᠯᠠᠵᠤ ᠠᠭᠤᠳᠠᠮᠴᠢ ᠬᠠᠨᠳᠤᠬᠤ ᠮᠡᠲᠦ ᠰᠢᠳᠤᠷᠭᠤ ᠲᠦᠪᠰᠢᠨ ᠰᠢᠯᠢᠳᠡᠭ ᠪᠣᠯᠪᠠᠰᠤᠨ ᠵᠠᠩ ᠰᠤᠷᠲᠠᠯ ᠲᠠᠢ ᠶᠠᠪᠤᠭᠰᠠᠨ ᠯᠠ ᠪᠠᠢᠪᠠᠯ ᠲᠡᠷᠡ ᠪᠦᠬᠦᠨ ᠴᠢᠨᠢ ᠬᠡᠦᠬᠡᠳ ᠦ᠋ᠨ ᠴᠢᠨᠢ ᠣᠶᠤᠨ ᠲᠡᠵᠢᠭᠡᠯ ᠪᠣᠯᠵᠤ᠂ ᠰᠠᠢᠨ ᠰᠠᠢᠬᠠᠨ ᠬᠥᠮᠦᠨ ᠦ᠌ ᠳᠦᠷᠢ ᠶ᠋ᠢ ᠪᠦᠲᠦᠭᠡᠨ᠎ᠡ ᠭᠡᠳᠡᠭ ᠲᠦ᠍ ᠪᠠᠲᠤ ᠢᠲᠡᠭᠡᠭᠡᠷᠡᠢ! ᠬᠡᠦᠬᠡᠳ ᠮᠠᠨᠤᠰ ᠤ᠋ᠨ ᠬᠥᠮᠦᠨ ᠦ᠌ ᠬᠠᠷᠢᠴᠠᠭ᠎ᠠ᠂ ᠬᠥᠳᠡᠯᠮᠦᠷᠢ᠂ ᠠᠵᠢᠯ ᠦᠢᠯᠡᠰ ᠠᠰᠢᠭ ᠬᠣᠨᠵᠢᠶ᠎ᠠ ᠠᠯᠢᠪᠠ ᠪᠦᠬᠦᠨ ᠳ᠋ᠦ᠍ ᠬᠠᠨᠳᠤᠵᠤ ᠪᠠᠢᠭ᠎ᠠ ᠣᠪᠣᠷ ᠰᠡᠳᠬᠢᠯᠭᠡ ᠪᠦᠬᠦᠨ ᠢ᠋ ᠰᠢᠩᠭᠡᠭᠡᠨ ᠠᠪᠴᠤ ᠪᠠᠢᠨ᠎ᠠ ᠭᠡᠳᠡᠭ ᠢ᠋ ᠮᠡᠳᠡᠬᠦ ᠶᠣᠰᠣᠲᠠᠢ! ᠨᠡᠩ ᠴᠤ᠌ ᠮᠣᠷᠠᠯ ᠰᠤᠷᠲᠠᠯ ᠢ᠋ ᠬᠡᠯᠡᠵᠦ ᠮᠡᠳᠡᠭᠦᠯᠬᠦ ᠳ᠋ᠦ᠍ ᠪᠡᠨ ᠪᠠᠢᠬᠤ ᠪᠢᠰᠢ᠂ ᠠᠬᠠᠮᠠᠳ ᠲᠣᠮᠣᠭᠠᠲᠠᠨ ᠨᠢ ᠡᠳᠦᠷ ᠳᠣᠳᠣᠮ ᠤ᠋ᠨ ᠦᠭᠡ ᠶᠠᠷᠢᠶ᠎ᠠ ᠦᠢᠯᠡ ᠠᠵᠢᠯᠯᠠᠭ᠎ᠠ ᠪᠠᠷ ᠢ᠋ᠶ᠋ᠠᠨ ᠳᠦᠷᠢᠮ ᠪᠣᠯᠵᠤ᠂ ᠰᠢᠯᠢᠳᠡᠭ ᠰᠠᠢᠬᠠᠨ ᠳᠠᠳᠬᠠᠯ ᠢ᠋ ᠬᠡᠪᠰᠢᠯ ᠪᠣᠯᠭᠠᠨ ᠵᠠᠩᠰᠢᠭᠤᠯᠬᠤ ᠨᠢ ᠵᠠᠩᠭᠢᠯᠠᠭ᠎ᠠ ᠪᠠᠢᠭ᠎ᠠ᠃ ᠮᠠᠨ ᠤ᠋ ᠮᠣᠩᠭᠣᠯ ᠬᠡᠦᠬᠡᠳ ᠦ᠋ᠳ ᠪᠤᠰᠤᠳ ᠤ᠋ᠨ ᠥᠭᠭᠦᠭᠰᠡᠨ ᠶᠠᠭᠤᠮ᠎ᠠ ᠶ᠋ᠢ ᠬᠣᠶᠠᠷ ᠭᠠᠷ ᠢ᠋ᠶ᠋ᠠᠷ ᠢ᠋ᠶ᠋ᠠᠨ ᠲᠤᠰᠬᠤ᠂ ᠬᠥᠮᠦᠨ ᠳ᠋ᠦ᠍ ᠵᠥᠪ ᠭᠠᠷ ᠢ᠋ᠶ᠋ᠠᠷ ᠢ᠋ᠶ᠋ᠠᠨ ᠶᠠᠭᠤᠮ᠎ᠠ ᠳᠠᠮᠵᠢᠭᠤᠯᠬᠤ ᠵᠡᠷᠭᠡ ᠨᠢ ᠲᠤᠩ ᠡᠩ ᠦ᠋ᠨ ᠵᠠᠩᠰᠢᠯ ᠪᠣᠯᠵᠤ ᠬᠠᠷᠠᠭᠳᠠᠳᠠᠭ ᠨᠢ ᠪᠦᠷ ᠯᠡ ᠭᠡᠷ ᠪᠦᠯᠢ ᠶ᠋ᠢᠨ ᠬᠡᠪ ᠰᠤᠷᠲᠠᠯ ᠠ᠋ᠴᠠ ᠢᠷᠡᠯ ᠲᠡᠢ᠃ ᠬᠠᠷᠢᠶᠠᠯᠴᠢ ᠠ᠋ᠴᠠ ᠶᠠᠭᠠᠬᠢᠭᠰᠠᠨ ᠴᠤ᠌ ᠢᠷᠦᠭᠡᠯᠴᠢ ᠲᠥᠷᠥᠬᠦ ᠶᠣᠰᠣ ᠦᠭᠡᠢ᠃ ᠲᠡᠢᠮᠦ ᠪᠣᠯᠬᠣᠷ ᠠᠷᠠᠳ ᠤ᠋ᠨ ᠦᠭᠡᠨ ᠳ᠋ᠦ᠍《ᠬᠤᠳᠠᠯᠴᠢ ᠠ᠋ᠴᠠ ᠬᠤᠯᠠᠭᠠᠢᠴᠢ》᠂《ᠬᠤᠯᠠᠭᠠᠢᠴᠢ ᠠ᠋ᠴᠠ ᠳᠡᠭᠡᠷᠡᠮ》᠂《ᠰᠠᠢᠨ ᠬᠥᠮᠦᠨ ᠦ᠌ ᠦᠷ᠎ᠡ ᠰᠥᠳᠥ ᠭᠡᠭᠦᠦ ᠶ᠋ᠢᠨ ᠤᠨᠠᠭ᠎ᠠ》 ᠭᠡᠬᠦ ᠮᠡᠲᠦ ᠭᠡᠷ ᠪᠦᠯᠢ ᠶ᠋ᠢᠨ ᠰᠤᠷᠭᠠᠯ ᠤᠳᠤᠮᠰᠢᠯ ᠲᠠᠢ ᠬᠣᠯᠪᠣᠭᠳᠠᠬᠤ ᠤᠴᠢᠷᠲᠠᠢ ᠰᠠᠢᠬᠠᠨ ᠣᠯᠠᠨ ᠬᠡᠯᠡᠴᠡ ᠲᠥᠷᠥᠭᠰᠡᠨ ᠪᠠᠢᠵᠤ ᠰᠢᠦ᠃ ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ ᠭᠡᠳᠡᠭ᠂ ᠪᠢᠳᠡ ᠨᠡᠢᠭᠡᠮ ᠳᠡᠭᠡᠷ᠎ᠡ ᠶᠠᠮᠠᠷᠬᠠᠨ ᠳᠦᠷᠢ ᠲᠥᠷᠬᠦ ᠲᠡᠢ ᠠᠵᠢᠯᠯᠠᠵᠤ ᠠᠮᠢᠳᠤᠷᠠᠵᠤ ᠶᠠᠪᠤᠭᠰᠠᠨ ᠪᠣᠯ ᠲᠡᠷᠡ ᠪᠦᠬᠦᠨ ᠵᠠᠯᠭᠠᠮᠵᠢ ᠦᠶ᠎ᠡ ᠳ᠋ᠦ᠍ ᠮᠠᠨᠢ ᠥᠪᠯᠡᠭᠳᠡᠨ᠎ᠡ ᠭᠡᠳᠡᠭ ᠢ᠋ ᠭᠦᠨ ᠰᠠᠨᠠᠭᠠᠷᠠᠢ! ᠲᠡᠢᠮᠦ ᠡᠴᠡ ᠪᠢᠳᠡ ᠠᠢᠯ ᠭᠡᠷ ᠲᠦ᠍ ᠪᠡᠨ ᠵᠣᠴᠢᠨ ᠤᠭᠲᠤᠬᠤ ᠳ᠋ᠤ᠌ ᠪᠠᠨ ᠮᠡᠨᠳᠦᠴᠢᠯᠡᠬᠦ᠂ ᠦᠳᠡᠵᠦ ᠮᠣᠷᠳᠠᠭᠤᠯᠬᠤ ᠳ᠋ᠤ᠌ ᠪᠠᠨ ᠪᠡᠯᠭᠡ ᠲᠡᠢ ᠢᠷᠦᠭᠡᠯ ᠶᠠᠷᠢᠵᠤ ᠪᠠᠢᠬᠤ᠂ ᠬᠡᠨ ᠠᠯᠢᠨ ᠨᠢ ᠲᠤᠰᠠ ᠳᠠᠮ ᠪᠣᠯᠤᠭᠰᠠᠨ ᠪᠣᠯ ᠪᠠᠶᠠᠷᠯᠠᠯ᠎ᠠ ᠲᠠᠯᠠᠷᠬᠠᠯ᠎ᠠ ᠭᠡᠮᠡᠨ ᠬᠡᠯᠡᠵᠦ ᠵᠠᠩᠰᠢᠬᠤ ᠭᠡᠬᠦᠴᠢᠯᠡᠨ ᠮᠠᠨ ᠤ᠋ ᠠᠮᠢᠳᠤᠷᠠᠯ ᠳ᠋ᠤ᠌ ᠪᠠᠢᠭᠰᠠᠨ ᠪᠣᠯᠪᠠᠰᠤᠨ ᠰᠠᠢᠬᠠᠨ ᠵᠠᠩ ᠢ᠋ᠶ᠋ᠠᠨ ᠬᠡᠦᠬᠡᠳ ᠲᠦ᠍ ᠪᠡᠨ ᠵᠥᠪ ᠤᠯᠠᠮᠵᠢᠯᠠᠶ᠎ᠠ᠂ ᠭᠠᠵᠢᠵᠤ ᠬᠤᠪᠢᠷᠠᠵᠤ ᠪᠠᠢᠭ᠎ᠠ ᠶ᠋ᠢ ᠨᠢ ᠵᠣᠷᠢᠭᠲᠠᠢ ᠵᠠᠰᠠᠵᠤ ᠵᠠᠯᠠᠷᠠᠭᠤᠯᠤᠶ᠎ᠠ᠃ ᠵᠢᠱ᠌ᠢᠶᠡᠯᠡᠪᠡᠯ ᠤᠳᠬ᠎ᠠ ᠠᠭᠤᠯᠭ᠎ᠠ ᠦᠭᠡᠢ ᠬᠤᠷᠢᠮ ᠨᠠᠢᠷ ᠢ᠋ ᠵᠣᠷᠢᠭᠲᠠᠢ ᠲᠡᠪᠴᠢᠶ᠎ᠡ᠂ ᠨᠠᠰᠤᠨ ᠪᠠᠶᠠᠷ ᠤ᠋ᠨ ᠨᠠᠢᠷ ᠤ᠋ᠨ ᠬᠠᠷᠢᠭᠤ ᠪᠡᠯᠡᠭ ᠪᠤᠶᠤ ᠶᠠᠮᠠᠷᠪᠠ ᠨᠠᠢᠷ ᠨᠠᠭᠠᠳᠤᠮ ᠤ᠋ᠨ ᠳᠤᠷᠠᠰᠬᠠᠯ ᠤ᠋ᠨ ᠪᠡᠯᠡᠭ ᠲᠦ᠍ ᠦᠨ᠎ᠡ ᠥᠷᠲᠡᠭ ᠲᠡᠢ ᠰᠣᠩᠭᠣᠳᠠᠭ ᠤᠷᠠᠨ ᠵᠣᠬᠢᠶᠠᠯ ᠤ᠋ᠨ ᠨᠣᠮ ᠪᠤᠶᠤ ᠠᠯᠳᠠᠷᠲᠤ ᠬᠥᠮᠦᠰ ᠦ᠋ᠨ ᠨᠠᠮᠲᠠᠷ᠂ ᠮᠣᠩᠭᠣᠯᠴᠤᠳ ᠤ᠋ᠨ ᠨᠡᠷᠡᠲᠦ ᠬᠥᠮᠦᠰ ᠡᠷᠳᠡᠮᠲᠡᠨ ᠮᠡᠷᠭᠡᠳ ᠦ᠋ᠨ ᠲᠠᠨᠢᠯᠴᠠᠭᠤᠯᠭ᠎ᠠ᠂ ᠲᠣᠯᠢ ᠪᠢᠴᠢᠭ ᠮᠡᠲᠦ ᠨᠣᠮ ᠰᠤᠳᠤᠷ ᠢ᠋ ᠪᠡᠯᠡᠭ ᠪᠣᠯᠭᠠᠨ ᠳᠤᠷᠠᠰᠬᠠᠵᠤ ᠪᠠᠢᠬᠤ ᠨᠢ ᠬᠡᠦᠬᠡᠳ ᠢ᠋ᠶ᠋ᠡᠨ ᠨᠣᠮ ᠲᠠᠢ ᠮᠣᠩᠭᠣᠯ ᠪᠣᠯᠭᠠᠬᠤ ᠤᠴᠢᠷᠲᠠᠢ ᠠᠵᠢᠯᠯᠠᠭ᠎ᠠ ᠮᠥᠷᠲᠡᠭᠡᠨ ᠨᠡᠢᠭᠡᠮ ᠦ᠋ᠨ ᠬᠡᠪ ᠵᠠᠩᠰᠢᠯ ᠢ᠋ ᠡᠷᠡᠭᠦᠯ ᠰᠠᠷᠠᠭᠤᠯ ᠵᠦᠭ ᠬᠥᠲᠥᠯᠵᠦ ᠪᠠᠢᠭ᠎ᠠ ᠶᠤᠮ᠃

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠣᠳᠬᠠᠨᠰᠣ᠎ᠠ