1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠤᠷᠤᠭᠴᠢ ᠶ᠋ᠢᠨ ᠬᠤᠪᠴᠠᠰᠤ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-05-ᠪᠣᠯᠣᠴᠢᠯᠠᠭᠤ

ᠰᠤᠷᠤᠭᠴᠢ ᠶ᠋ᠢᠨ ᠬᠤᠪᠴᠠᠰᠤ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-05-ᠪᠣᠯᠣᠴᠢᠯᠠᠭᠤ

2023-12-13

549

ᠲᠠᠪᠤ᠂ ᠰᠤᠷᠤᠭᠴᠢ ᠶ᠋ᠢᠨ ᠬᠤᠪᠴᠠᠰᠤ

   ᠳᠡᠯᠡᠬᠡᠢ ᠶ᠋ᠢᠨ ᠠᠯᠢ ᠴᠤ᠌ ᠤᠯᠤᠰ ᠣᠷᠣᠨ ᠤ᠋ ᠬᠡᠦᠬᠡᠳ ᠪᠦᠷ ᠰᠤᠷᠤᠭᠴᠢ ᠶ᠋ᠢᠨ ᠬᠤᠪᠴᠠᠰᠤ ᠪᠠᠷ ᠢᠵᠢᠯᠬᠡᠨ ᠭᠣᠶᠣᠯᠠᠳᠠᠭ ᠮᠥᠷᠲᠡᠭᠡᠨ ᠪᠠᠷᠤᠭ ᠪᠦᠬᠦ ᠤᠯᠤᠰ ᠣᠷᠣᠨ ᠤ᠋ ᠬᠡᠦᠬᠡᠳ ᠪᠦᠷ ᠰᠤᠷᠤᠭᠴᠢ ᠶ᠋ᠢᠨ ᠬᠤᠪᠴᠠᠰᠤᠨ ᠳ᠋ᠤ᠌ ᠪᠠᠨ ᠳᠤᠷ᠎ᠠ ᠦᠭᠡᠢᠴᠡᠳᠡᠭ ᠲᠦᠭᠡᠮᠡᠯ ᠣᠨᠴᠠᠯᠢᠭ ᠲᠠᠢ ᠨᠢ ᠢᠵᠢᠯᠬᠡᠨ ᠰᠣᠨᠢᠨ᠃ ᠶᠠᠭᠤᠨ ᠳ᠋ᠤ᠌ ᠰᠤᠷᠤᠭᠴᠢ ᠶ᠋ᠢᠨ ᠬᠤᠪᠴᠠᠰᠤ ᠪᠠᠷ ᠢᠵᠢᠯᠬᠡᠨ ᠭᠣᠶᠣᠯᠠᠳᠠᠭ ᠪᠣᠢ ᠭᠡᠪᠡᠯ ᠭᠠᠭᠴᠠᠬᠠᠨ ᠬᠠᠷᠢᠭᠤᠯᠲᠠ᠂ ᠪᠦᠷ ᠯᠡ ᠦᠰᠦᠨ ᠪᠣᠢᠵᠢᠵᠤ ᠪᠠᠢᠭ᠎ᠠ ᠬᠡᠦᠬᠡᠳ ᠪᠠᠭᠠᠴᠤᠤᠯ ᠤ᠋ᠨ ᠰᠡᠳᠬᠢᠴᠡ ᠶ᠋ᠢᠨ ᠡᠷᠡᠭᠦᠯ ᠮᠡᠨᠳᠦ ᠶ᠋ᠢᠨ ᠲᠥᠯᠥᠭᠡ ᠪᠠᠢᠳᠠᠭ᠃ ᠮᠠᠨ ᠤ᠋ ᠬᠡᠦᠬᠡᠳ ᠢ᠋ ᠬᠡᠷᠪᠡ ᠥᠪᠡᠷᠰᠡᠳ ᠦ᠋ᠨ ᠭᠤᠸ᠎ᠠ ᠲᠠᠭᠠᠰᠢᠶᠠᠯ ᠳᠤᠷ᠎ᠠ ᠰᠣᠨᠢᠷᠬᠠᠯ ᠢ᠋ᠶ᠋ᠠᠷ ᠢ᠋ᠶ᠋ᠠᠨ ᠬᠤᠪᠴᠠᠰᠤᠯᠠᠵᠤ ᠭᠣᠶᠣᠯᠠᠭᠠᠷᠠᠢ ᠭᠡᠪᠡᠯ ᠶᠠᠮᠠᠷᠬᠠᠨ ᠦᠷ᠎ᠡ ᠨᠥᠯᠥᠭᠡ ᠭᠠᠷᠬᠤ ᠶ᠋ᠢ ᠭᠡᠷ ᠦ᠋ᠨ ᠠᠬᠠᠮᠠᠳ ᠲᠠ ᠪᠦᠬᠦᠨ ᠴᠥᠮ ᠮᠡᠳᠡᠬᠦ ᠪᠠᠢᠬ᠎ᠠ᠃ ᠣᠳᠣ ᠶ᠋ᠢᠨ ᠳᠦᠷᠢᠮᠵᠢᠯ ᠲᠡᠢ ᠬᠠᠮᠢᠶᠠᠷᠤᠯᠲᠠ ᠳᠣᠣᠷ᠎ᠠ ᠴᠤ᠌ ᠰᠣᠨᠢᠨ ᠬᠠᠴᠢᠨ ᠦᠰᠦ ᠭᠡᠵᠢᠭᠡ ᠡᠴᠡ ᠴᠢᠬᠢ᠂ ᠬᠠᠮᠠᠷ᠂ ᠤᠷᠤᠭᠤᠯ᠂ ᠬᠡᠯᠡ ᠪᠡᠨ ᠬᠦᠷᠲᠡᠯ᠎ᠡ ᠴᠣᠭᠣᠯᠬᠤ ᠬᠡᠦᠬᠡᠳ ᠪᠠᠭ᠎ᠠ ᠪᠤᠰᠤ ᠭᠠᠷᠴᠤ ᠪᠠᠢᠭ᠎ᠠ ᠶᠤᠮ ᠴᠢᠨᠢ ᠵᠠᠰᠠᠯ ᠭᠣᠶᠣᠯᠠᠯ ᠢ᠋ ᠳᠤᠷ᠎ᠠ ᠪᠠᠷ ᠲᠠᠯᠪᠢᠬᠤ ᠶᠤᠮ ᠪᠣᠯ ᠶᠠᠭᠤ ᠪᠣᠯᠤᠨ᠎ᠠ ᠪᠣᠢ? ᠡᠳᠦᠷᠵᠢᠨ ᠡᠮᠦᠰᠴᠦ ᠵᠡᠭᠦᠬᠦ ᠵᠠᠰᠠᠵᠤ ᠭᠣᠶᠣᠯᠠᠬᠤ ᠳᠡᠭᠡᠷ᠎ᠡ ᠰᠠᠨᠠᠭ᠎ᠠ ᠪᠣᠯᠤᠭᠠᠳ ᠬᠠᠷᠢᠯᠴᠠᠨ ᠨᠡᠷᠡᠲᠦ ᠲᠡᠮᠳᠡᠭᠲᠦ ᠦᠨ᠎ᠡ ᠬᠠᠩᠰᠢ ᠪᠠᠨ ᠠᠳᠠᠯᠢᠳᠬᠠᠭᠠᠳ ᠠᠵᠢᠯ ᠰᠤᠷᠤᠯᠭ᠎ᠠ ᠳᠡᠭᠡᠷ᠎ᠡ ᠰᠡᠳᠬᠢᠯ ᠪᠣᠳᠣᠯ ᠲᠥᠪᠯᠡᠷᠡᠬᠦ ᠦᠭᠡᠢ ᠪᠣᠯᠤᠨ᠎ᠠ᠃ ᠡᠭᠦᠨ ᠦ᠌ ᠦᠷ᠎ᠡ ᠳ᠋ᠦᠩ ᠳ᠋ᠦ᠍ ᠬᠡᠦᠬᠡᠳ ᠦ᠋ᠨ ᠰᠡᠳᠬᠢᠴᠡ ᠶ᠋ᠢᠨ ᠪᠣᠢᠵᠢᠯᠲᠠ ᠳ᠋ᠤ᠌ ᠨᠠᠵᠠᠭᠠᠢ ᠨᠥᠯᠥᠭᠡᠯᠡᠵᠦ᠂ ᠨᠡᠷᠡᠯᠬᠡᠭ᠂ ᠠᠲᠠᠭᠠᠷᠬᠠᠬᠤ ᠮᠡᠲᠦ ᠶᠠᠩᠵᠤ ᠪᠦᠷᠢ ᠶ᠋ᠢᠨ ᠡᠷᠡᠭᠦᠯ ᠪᠤᠰᠤ ᠰᠡᠳᠬᠢᠴᠡ ᠡᠭᠦᠰᠦᠨ᠎ᠡ᠃ ᠠᠮᠢᠳᠤᠷᠠᠯ ᠤ᠋ᠨ ᠨᠥᠬᠥᠴᠡᠯ ᠲᠠᠭᠠᠷᠠᠤᠬᠠᠨ ᠭᠡᠷ ᠪᠦᠯᠢ ᠶ᠋ᠢᠨ ᠬᠡᠦᠬᠡᠳ ᠲᠤ ᠰᠡᠳᠬᠢᠴᠡ ᠶ᠋ᠢᠨ ᠳᠠᠷᠤᠭᠠᠰᠤ ᠠᠪᠴᠢᠷᠠᠵᠤ᠂ ᠰᠤᠷᠭᠠᠭᠤᠯᠢ ᠶ᠋ᠢᠨ ᠬᠠᠮᠢᠶᠠᠷᠤᠯᠲᠠ᠂ ᠰᠤᠷᠤᠭᠴᠢ ᠶ᠋ᠢᠨ ᠡᠷᠡᠭᠦᠯ ᠦᠰᠦᠨ ᠪᠣᠢᠵᠢᠯᠲᠠ ᠳ᠋ᠤ᠌ ᠪᠦᠷ ᠲᠦᠪᠡᠭ ᠳᠠᠷᠤᠭᠠᠰᠤ ᠨᠡᠮᠡᠬᠦ ᠪᠣᠯᠤᠨ᠎ᠠ᠃
   ᠲᠡᠭᠡᠬᠦ ᠡᠴᠡ ᠭᠡᠷ ᠦ᠋ᠨ ᠠᠬᠠᠮᠠᠳ ᠮᠠᠨᠢ ᠬᠡᠦᠬᠡᠳ ᠲᠡᠢ ᠪᠡᠨ ᠰᠤᠷᠤᠭᠴᠢ ᠶ᠋ᠢᠨ ᠬᠤᠪᠴᠠᠰᠤ ᠪᠠᠷ ᠢᠵᠢᠯᠬᠡᠨ ᠭᠣᠶᠣᠯᠠᠬᠤ ᠶ᠋ᠢᠨ ᠰᠡᠳᠬᠢᠴᠡ ᠶ᠋ᠢᠨ ᠦᠷ᠎ᠡ ᠨᠥᠯᠥᠭᠡ ᠶ᠋ᠢ ᠢᠯᠡᠭᠦᠬᠡᠨ ᠶᠠᠷᠢᠯᠴᠠᠵᠤ᠂ ᠬᠡᠦᠬᠡᠳ ᠲᠦ᠍ ᠪᠡᠨ ᠰᠤᠷᠤᠭᠴᠢ ᠶ᠋ᠢᠨ ᠬᠤᠪᠴᠠᠰᠤᠨ ᠤ᠋ ᠲᠤᠬᠠᠢ ᠵᠥᠪ ᠰᠠᠢᠬᠠᠨ ᠣᠢᠯᠠᠭᠠᠯᠲᠠ ᠲᠠᠢ ᠪᠣᠯᠭᠠᠬᠤ ᠶ᠋ᠢ ᠬᠢᠴᠢᠶᠡᠬᠦ ᠶᠣᠰᠣᠲᠠᠢ᠃ ᠦᠭᠡᠢ ᠪᠣᠯ ᠵᠠᠷᠢᠮ ᠭᠡᠷ ᠦ᠋ᠨ ᠠᠬᠠᠮᠠᠳ ᠬᠡᠦᠬᠡᠳ ᠨᠢ ᠴᠠᠭᠠᠨ᠎ᠠ ᠠ᠋ᠴᠠ ᠪᠠᠨ ᠳᠤᠷ᠎ᠠ ᠦᠭᠡᠢᠴᠡᠵᠦ ᠪᠠᠢᠲᠠᠯ᠎ᠠ ᠭᠠᠯ ᠳᠡᠭᠡᠷ᠎ᠡ ᠲᠣᠰᠣ ᠨᠡᠮᠡᠵᠦ᠂ ᠶᠠᠩᠵᠤ ᠨᠢ ᠪᠣᠯᠬᠤ ᠦᠭᠡᠢ ᠭᠡᠲᠡᠯ᠎ᠡ ᠥᠩᠭᠡ ᠨᠢ ᠠᠨᠠᠢ᠂ ᠴᠢᠨᠠᠷ ᠪᠣᠯᠬᠤ ᠦᠭᠡᠢ ᠭᠡᠬᠦ ᠮᠡᠲᠦ ᠪᠡᠷ ᠶᠠᠷᠢᠵᠤ᠂ ᠬᠡᠦᠬᠡᠳ ᠦ᠋ᠨ ᠬᠤᠪᠴᠠᠰᠤ ᠪᠠᠨ ᠲᠣᠭᠣ ᠶᠠᠳᠠᠬᠤ ᠰᠡᠳᠬᠢᠯᠭᠡ ᠶ᠋ᠢ ᠨᠢ ᠤᠯᠠᠮ ᠬᠦᠨᠳᠦᠷᠡᠭᠦᠯᠳᠡᠭ᠃ ᠠᠮᠢᠳᠤᠷᠠᠯ ᠤ᠋ᠨ ᠨᠥᠬᠥᠴᠡᠯ ᠰᠠᠢᠨ ᠭᠡᠷ ᠪᠦᠯᠢ ᠶ᠋ᠢᠨ ᠬᠡᠦᠬᠡᠳ ᠢ᠋ ᠬᠠᠷᠠᠭᠠᠯᠵᠠᠵᠤ ᠦᠨ᠎ᠡ ᠲᠡᠢ ᠴᠢᠨᠠᠷ ᠲᠠᠢ ᠶ᠋ᠢ ᠠᠪᠴᠤ ᠥᠭᠬᠦ ᠪᠣᠯᠤᠮᠵᠢ ᠦᠭᠡᠢ ᠰᠢᠦ᠂ ᠲᠡᠭᠡᠬᠦ ᠳ᠋ᠦ᠍ ᠬᠦᠷᠪᠡᠯ ᠬᠡᠦᠬᠡᠳ ᠦ᠋ᠨ ᠳᠤᠮᠳᠠ ᠠᠳᠠᠯᠢᠳᠬᠠᠵᠤ ᠮᠥᠴᠡᠭᠡᠷᠬᠡᠬᠦ ᠰᠡᠳᠬᠢᠴᠡ ᠠᠳᠠᠯᠢᠬᠠᠨ ᠪᠣᠢ ᠪᠣᠯᠵᠤ ᠬᠡᠦᠬᠡᠳ ᠦ᠋ᠨ ᠰᠠᠨᠠᠭ᠎ᠠ ᠪᠣᠳᠣᠯ ᠳ᠋ᠤ᠌ ᠣᠯᠠᠨ ᠳᠠᠷᠤᠭᠠᠰᠤ ᠲᠦᠪᠡᠭ ᠠᠪᠴᠢᠷᠠᠨ᠎ᠠ᠃ ᠰᠤᠷᠤᠭᠴᠢ ᠶ᠋ᠢᠨ ᠬᠤᠪᠴᠠᠰᠤᠨ ᠤ᠋ ᠲᠤᠬᠠᠢ ᠰᠤᠷᠭᠠᠭᠤᠯᠢ ᠶ᠋ᠢᠨ ᠬᠠᠮᠢᠶᠠᠷᠤᠯᠲᠠ ᠪᠣᠯ ᠰᠤᠷᠤᠭᠴᠢ ᠶ᠋ᠢᠨ ᠡᠷᠡᠭᠦᠯ ᠦᠰᠦᠨ ᠪᠣᠢᠵᠢᠯᠲᠠ ᠳ᠋ᠤ᠌ ᠣᠮᠲᠣᠭᠠᠢᠯᠠᠵᠤ ᠪᠣᠯᠣᠰᠢ ᠦᠭᠡᠢ ᠴᠢᠬᠤᠯᠠ ᠡᠭᠦᠷᠭᠡ ᠭᠦᠢᠴᠡᠳᠬᠡᠵᠦ ᠪᠠᠢᠬᠤ ᠶ᠋ᠢ ᠭᠡᠷ ᠦ᠋ᠨ ᠠᠬᠠᠮᠠᠳ ᠲᠠ ᠨᠠᠷ ᠵᠥᠪ ᠭᠦᠢᠴᠡᠳ ᠣᠢᠯᠠᠭᠠᠵᠤ ᠠᠪᠤᠭᠠᠷᠠᠢ᠃

   ᠦᠰᠦᠭ ᠠᠮᠢᠯᠠᠭᠤᠯᠤᠭᠴᠢ᠄ ᠱᠠᠭᠰᠠᠯ᠂ ᠬᠣᠩ ᠮᠧᠢ
   ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠵ᠂ ᠪᠤᠶᠠᠨᠲᠣᠭᠲᠠᠬᠤ