1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 4-03Мөнх тунх

ᠮᠥᠩᠬᠡ ᠲᠤᠩᠬᠤ 4-03Мөнх тунх

2023-08-16

344

ᠮᠥᠩᠬᠡ ᠲᠤᠩᠬᠤ ᠳᠥᠷᠪᠡᠳᠦᠭᠡᠷ ᠤᠯᠠᠷᠢᠯ ᠤ᠋ᠨ ᠭᠤᠷᠪᠠᠳᠤᠭᠠᠷ ᠠᠩᠭᠢ 4-03

ᠤᠯᠠᠭᠠᠨᠪᠠᠭᠠᠲᠤᠷ ᠠ᠋ᠴᠠ ᠳᠠᠯᠠᠨᠵᠠᠳᠠᠭᠠᠢᠳ ᠲᠤ᠌ ᠨᠢᠰᠬᠦ ᠨᠢᠰᠬᠡᠯ ᠬᠡᠳᠦᠨ ᠴᠠᠭ ᠠ᠋ᠴᠠ ᠬᠡᠳᠦ ᠳ᠋ᠦ᠍ ᠨᠢᠰᠦᠨ᠎ᠡ᠃
ᠮᠥᠩᠬᠡ᠄ ᠵᠠ᠂ ᠪᠢᠳᠡᠨ ᠦ᠌ ᠠᠩᠬᠠᠨ ᠤ᠋ ᠡᠬᠡ ᠣᠷᠣᠨ ᠢ᠋ᠶ᠋ᠠᠷ ᠢ᠋ᠶ᠋ᠠᠨ ᠠᠶᠠᠯᠠᠬᠤ ᠠᠶᠠᠯᠠᠯ ᠮᠠᠨᠢ ᠡᠬᠢᠯᠡᠯ᠎ᠡ ᠳᠡ᠃ ᠪᠠᠶᠠᠷᠯᠠᠵᠤ ᠪᠠᠢᠨ᠎ᠠ ᠤᠤ? ᠮᠠᠨ ᠤ᠋ ᠬᠢ ᠠ᠋ ᠃
ᠲᠤᠩᠬᠤ᠄ ᠬᠦᠯᠢᠶᠡᠵᠦ ᠲᠡᠰᠬᠦ ᠦᠭᠡᠢ ᠨᠢ ᠠ᠋᠂ ᠶᠣᠰᠣᠲᠠᠢ ᠭᠣᠶᠣ ᠰᠠᠨᠠᠭᠳᠠᠭᠠᠳ ᠪᠠᠢᠨ᠎ᠠ᠃
ᠴᠠᠰᠤᠬᠠᠨ᠄ ᠮᠠᠨ ᠤ᠋ ᠰᠫᠣᠷᠲ ᠮᠠᠽᠠ ᠮᠢᠨᠢ ᠨᠤᠲᠤᠭ ᠢ᠋ᠶ᠋ᠠᠷ ᠢ᠋ᠶ᠋ᠠᠨ ᠰᠠᠢᠬᠠᠨ ᠠᠶᠠᠯᠠᠭᠤᠯᠤᠨ᠎ᠠ ᠭᠡᠰᠡᠨ᠂ ᠶᠣᠰᠣᠲᠠᠢ ᠭᠣᠶᠣ ᠠᠶᠠᠯᠠᠬᠤ ᠪᠠᠢᠬ᠎ᠠ ᠳᠠ᠃
ᠮᠥᠩᠬᠡ᠄ ᠬᠠᠷᠢᠨ ᠲᠡᠢᠮᠦ ᠠ᠋᠂ ᠶᠡᠬᠡ ᠰᠣᠨᠢᠷᠬᠠᠯᠲᠠᠢ ᠪᠠᠢᠬᠤ ᠪᠠᠢᠬ᠎ᠠ ᠳᠠ᠂ ᠡᠮᠦᠨᠡᠭᠣᠪᠢ ᠶ᠋ᠢ ᠶᠡᠬᠡ ᠣᠯᠠᠨ ᠳᠣᠮᠣᠭ ᠲᠡᠦᠬᠡ ᠲᠡᠢ ᠭᠡᠵᠦ ᠰᠣᠨᠣᠰᠤᠭᠰᠠᠨ ᠶᠤᠮ ᠪᠠᠢᠨ᠎ᠠ᠃
ᠲᠤᠩᠬᠤ᠄ ᠬᠠᠷᠢᠨ ᠲᠡᠢᠮᠦ ᠠ᠋᠂ ᠬᠦᠯᠢᠶᠡᠵᠦ ᠲᠡᠰᠬᠦ ᠦᠭᠡᠢ ᠨᠢ ᠠ᠋ ᠃
ᠦᠵᠡᠭᠴᠢ᠄ ᠰᠠᠢᠨ ᠪᠠᠢᠨ᠎ᠠ ᠤᠤ? ᠪᠢ ᠪᠢ ᠮᠥᠩᠬᠡ ᠲᠤᠩᠬᠤ ᠶ᠋ᠢ ᠦᠵᠡᠬᠦ ᠳᠤᠷᠠᠲᠠᠢ᠂ ᠬᠠᠮᠲᠤ ᠵᠢᠷᠤᠭ ᠢ᠋ᠶ᠋ᠠᠨ ᠳᠠᠷᠤᠭᠤᠯᠵᠤ ᠪᠣᠯᠬᠤ ᠪᠣᠯᠪᠠ ᠤᠤ?
ᠲᠤᠩᠬᠤ᠄ ᠪᠣᠯᠤᠯ ᠦᠭᠡᠢ ᠶᠠᠭᠠᠬᠢᠬᠤ ᠪᠣᠢ ᠃ ᠬᠡ ᠬᠡ
ᠦᠵᠡᠭᠴᠢ᠄ ᠬᠡ ᠬᠡ᠂ ᠪᠠᠶᠠᠷᠯᠠᠯ᠎ᠠ!ᠪᠠᠶᠠᠷᠯᠠᠯ᠎ᠠ᠂ ᠪᠠᠶᠠᠷᠯᠠᠯ᠎ᠠ᠃
ᠲᠤᠩᠬᠤ᠄ ᠪᠠᠶᠠᠷᠯᠠᠯ᠎ᠠ᠃
ᠦᠵᠡᠭᠴᠢ᠄ ᠪᠠᠶᠠᠷᠲᠠᠢ!
ᠮᠥᠩᠬᠡ᠄ ᠬᠡ ᠬᠡ᠂ ᠵᠠ ᠶᠠᠭ᠂ ᠮᠠᠨ ᠤ᠋ ᠪᠠᠰᠠᠷ ᠮᠠᠨᠢ ᠬᠠᠮᠢᠭ᠎ᠠ ᠣᠴᠢᠴᠢᠬᠠᠪᠠ ᠪᠠ?
ᠲᠤᠩᠬᠤ᠄ ᠡᠳᠦᠢ ᠳ᠋ᠦ᠍ ᠤᠭ ᠨᠢ ᠢᠷᠡᠴᠢᠬᠡᠮᠡᠷ ᠶᠦ᠍ᠮ᠃
ᠴᠠᠰᠤᠬᠠᠨ᠄ ᠤᠳᠠᠬᠤ ᠦᠭᠡᠢ ᠢᠷᠡᠬᠦ ᠪᠠᠢᠯᠭᠦᠢ ᠳᠡ᠃
ᠮᠥᠩᠬᠡ᠄ ᠲᠤᠩᠬᠤ ᠲᠠᠢ ᠬᠠᠮᠲᠤ ᠢᠷᠡᠴᠢᠬᠡᠬᠦ ᠪᠠᠢᠬ᠎ᠠ ᠭᠡᠵᠦ ᠤᠭ ᠨᠢ ᠪᠣᠳᠣᠵᠤ ᠪᠠᠢᠭᠰᠠᠨ ᠶᠤᠮ᠂
ᠲᠤᠩᠬᠤ᠄ ᠰᠫᠣᠷᠲ ᠮᠠᠽᠠ ᠲᠠᠢ ᠬᠠᠮᠲᠤ ᠢᠷᠡᠨ᠎ᠡ ᠭᠡᠰᠡᠨ᠃
ᠪᠠᠰᠠᠷ᠄ ᠵᠠ᠂ ᠲᠠᠢᠪᠤᠩ ᠲᠠᠢᠪᠤᠩ ᠮᠠᠨ ᠤ᠋ ᠬᠢ ᠠ᠋᠂ ᠠ! ᠬᠡ ᠬᠡ ᠬᠡ
ᠰᠫᠣᠷᠲ ᠮᠠᠽᠠ᠄ ᠬᠢ ᠬᠢ ᠬᠢ!ᠵᠠ᠂ ᠪᠡᠯᠡᠨ ᠤᠤ? ᠮᠠᠨ ᠤ᠋ ᠬᠢ ᠠ᠋᠃
ᠮᠥᠩᠬᠡ᠄ oh yes
ᠲᠤᠩᠬᠤ᠄ yes
ᠴᠠᠰᠤᠬᠠᠨ᠄ ᠪᠡᠯᠡᠨ᠃
ᠮᠠᠽᠠ᠄ ᠬᠠᠢ! ᠮᠢᠨᠦ ᠨᠠᠢᠵᠠ ᠶᠠᠭᠤ ᠪᠠᠢᠨ᠎ᠠ ᠳᠠ ᠃
ᠬᠤᠯᠠᠨ᠄ ᠰᠠᠢᠨ ᠪᠠᠢᠵᠠᠭᠠᠨ᠎ᠠ ᠤᠤ? ᠨᠠᠢᠵᠠ ᠨᠤᠭᠤᠳ ᠠ᠋᠂ ᠡᠮᠦᠨ᠎ᠡ ᠭᠣᠪᠢ ᠳ᠋ᠤ᠌ ᠲᠠᠪᠠᠲᠠᠢ ᠮᠣᠷᠢᠯᠠ᠃
ᠬᠤᠯᠠᠨ ᠂ ᠡᠮᠦᠨᠡᠭᠣᠪᠢ
ᠮᠥᠩᠬᠡ᠄ ᠸᠠ ᠧᠦ᠂ ᠲᠠᠭᠠᠲᠠᠢ ᠪᠠᠢᠨ᠎ᠠ᠃
ᠲᠤᠩᠬᠤ᠄ ᠪᠠᠶᠠᠷᠯᠠᠯ᠎ᠠ᠃
ᠮᠠᠽᠠ᠄ ᠵᠠ᠂ ᠡᠨᠡ ᠪᠣᠯ ᠮᠢᠨᠦ ᠰᠠᠢᠨ ᠨᠠᠢᠵᠠ᠂ ᠠᠮᠢᠠᠪᠤᠬᠤᠯᠠᠩ᠃
ᠬᠤᠯᠠᠨ᠄ ᠬᠠᠢ᠂ ᠠᠮᠢ ᠠᠪᠬᠤ ᠳ᠋ᠤ᠌ ᠪᠠᠨ ᠶᠠᠭᠠᠬᠢᠬᠤᠪ ᠳᠠ ᠂ ᠬᠡ ᠬᠡ
ᠮᠠᠽᠠ᠄ ᠦ᠂ ᠬᠢ ᠬᠢ᠂ ᠠᠭᠤᠴᠢᠯᠠᠭᠠᠷᠠᠢ᠂ ᠮᠢᠨᠦ ᠨᠠᠢᠵᠠ ᠬᠤᠯᠠᠨ᠂ ᠪᠢᠳᠡᠨ ᠢ᠋ ᠲᠣᠰᠴᠤ ᠠᠪᠤᠭᠰᠠᠨ ᠳ᠋ᠤ᠌ ᠪᠠᠶᠠᠷᠯᠠᠯ᠎ᠠ ᠃
ᠬᠤᠯᠠᠨ᠄ ᠵᠦᠭᠡᠷ ᠳᠡ ᠮᠠᠽᠠ᠂ ᠮᠠᠨ ᠤ᠋ ᠮᠠᠽᠠ ᠶ᠋ᠢᠨ ᠨᠠᠢᠵᠠ ᠨᠤᠭᠤᠳ ᠪᠣᠯ ᠮᠢᠨᠦ ᠯᠡ ᠨᠠᠢᠵᠠ ᠨᠤᠭᠤᠳ ᠰᠢᠦ ᠳᠡ᠂ ᠬᠠᠢ!
ᠵᠠ᠂ ᠪᠦᠭᠦᠳᠡᠭᠡᠷ ᠢ᠋ᠶ᠋ᠡᠨ ᠬᠥᠳᠡᠯᠬᠦ ᠳᠡ?
ᠮᠠᠽᠠ᠄ ᠲᠡᠭᠡᠶ᠎ᠡ ᠲᠡᠭᠡᠶ᠎ᠡ!
ᠲᠤᠩᠬᠤ᠄ ᠰᠠᠢ ᠭᠤᠷᠪᠠᠨ ᠰᠠᠢᠬᠠᠨ ᠨᠢᠰᠬᠦ ᠣᠩᠭᠣᠴᠠᠨ ᠤ᠋ ᠪᠠᠭᠤᠳᠠᠯ ᠭᠡᠰᠡᠨ ᠤᠤ?
ᠮᠠᠽᠠ᠄ ᠬᠠᠷᠢᠨ ᠳᠠ᠂ ᠭᠣᠶᠣ ᠨᠡᠷ᠎ᠡ ᠲᠡᠢ ᠪᠠᠢᠭ᠎ᠠ ᠪᠢᠵᠡ᠃
ᠬᠤᠯᠠᠨ᠄ ᠭᠤᠷᠪᠠᠨ ᠰᠠᠢᠬᠠᠨ ᠠᠭᠤᠯᠠ ᠭᠡᠵᠦ ᠪᠠᠢᠳᠠᠭ ᠶᠤᠮ᠂ ᠲᠡᠷᠡ ᠦᠭᠡ ᠪᠡᠷ ᠣᠩᠭᠣᠴᠠᠨ ᠤ᠋ ᠪᠠᠭᠤᠳᠠᠯ ᠢ᠋ᠶ᠋ᠠᠨ ᠨᠡᠷᠡᠯᠡᠭᠰᠡᠨ ᠶᠦ᠍ᠮ ᠪᠠᠢᠬᠤ ᠦᠭᠡᠢ ᠤᠤ᠂
ᠮᠥᠩᠬᠡ᠄ ᠠ᠃
ᠬᠤᠯᠠᠨ᠄ ᠪᠢ ᠲᠠ ᠨᠠᠷ ᠲᠤ᠌ ᠪᠠᠨ ᠭᠤᠷᠪᠠᠨ ᠰᠠᠢᠬᠠᠨ ᠠᠭᠤᠯᠠ ᠶ᠋ᠢᠨ ᠳᠣᠮᠣᠭ ᠢ᠋ ᠶᠠᠷᠢᠵᠤ ᠥᠭᠬᠦ ᠤᠤ?
ᠮᠥᠩᠬᠡ᠄ ᠳᠡᠭᠡᠯ ᠯᠡ ᠳᠡ᠃
ᠲᠤᠩᠬᠤ᠄ ᠲᠡᠭᠡᠶ᠎ᠡ᠃
ᠬᠤᠯᠠᠨ᠄ ᠵᠠ᠂ ᠭᠤᠷᠪᠠᠨ ᠰᠠᠢᠬᠠᠨ ᠠᠭᠤᠯᠠ ᠨᠢ ᠦᠵᠡᠰᠬᠦᠯᠡᠩᠲᠡᠢ ᠭᠤᠷᠪᠠᠨ ᠰᠠᠢᠬᠠᠨ ᠪᠦᠰᠡᠭᠦᠢ ᠪᠠᠢᠵᠠᠢ ᠭᠡᠨ᠎ᠡ᠃
ᠭᠤᠷᠪᠠᠨ ᠰᠠᠢᠬᠠᠨ ᠠᠭᠤᠯᠠᠰ ᠨᠢ ᠦᠵᠡᠰᠬᠦᠯᠡᠩᠲᠦ ᠭᠤᠷᠪᠠᠨ ᠰᠠᠢᠬᠠᠨ ᠪᠦᠰᠡᠭᠦᠢ ᠪᠠᠢᠵᠠᠢ ᠭᠡᠨ᠎ᠡ᠃ ᠬᠠᠩᠭᠠᠢ ᠣᠲᠣᠭ ᠤ᠋ᠨ ᠡᠨᠡ ᠭᠤᠷᠪᠠ ᠨᠠᠰᠤ ᠪᠡᠶ᠎ᠡ ᠵᠢᠭᠳᠡᠷᠡᠵᠦ ᠦᠵᠡᠰᠬᠦᠯᠡᠩ ᠭᠤᠸ᠎ᠠ ᠪᠦᠷᠢᠳᠬᠦ ᠦᠶ᠎ᠡ ᠳ᠋ᠦ᠍ ᠡᠴᠢᠭᠡ ᠨᠢ ᠥᠬᠢᠳ ᠢ᠋ᠶ᠋ᠡᠨ ᠲᠡᠷᠡ ᠬᠠᠪᠢ ᠶ᠋ᠢᠨ ᠬᠥᠭᠰᠢᠨ ᠨᠣᠶᠠᠳ ᠲᠤ᠌ ᠥᠭᠬᠦ ᠪᠡᠷ ᠰᠦᠢ ᠲᠠᠯᠪᠢᠪᠠ᠃ ᠴᠡᠴᠡᠭ ᠴᠥᠪᠥᠷᠢᠭᠦᠦ ᠰᠢᠭ ᠥᠬᠢᠳ ᠨᠢ ᠬᠣᠭᠣᠷᠣᠨᠳᠣ ᠪᠠᠨ ᠬᠡᠯᠡᠯᠴᠡᠭᠡᠳ᠂ ᠠᠭᠤᠯᠠ ᠤᠰᠤ ᠶ᠋ᠢ ᠳᠠᠪᠠᠵᠤ᠂ ᠤᠰᠤ ᠮᠥᠷᠡᠨ ᠢ᠋ ᠭᠠᠲᠤᠯᠤᠨ᠂ ᠬᠦᠯᠦᠭ ᠮᠣᠷᠢᠨ ᠤ᠋ ᠬᠤᠷᠳᠤ ᠪᠠᠷ ᠡᠮᠦᠨ᠎ᠡ ᠶ᠋ᠢᠨ ᠴᠡᠩᠬᠡᠷ ᠭᠣᠪᠢ ᠶ᠋ᠢ ᠵᠣᠷᠢᠵᠠᠢ᠃ ᠲᠡᠳᠡ ᠶᠠᠪᠤᠭᠰᠠᠭᠠᠷ ᠲᠡᠷᠲᠡᠭᠡᠬᠢ ᠭᠣᠪᠢ ᠳ᠋ᠤ᠌ ᠢᠷᠡᠵᠦ᠂ ᠬᠠᠷᠠᠴᠤ ᠶ᠋ᠢᠨ ᠪᠣᠷᠣ ᠭᠡᠷ ᠲᠦ᠍ ᠠᠮᠢᠳᠤᠷᠠᠨ ᠰᠠᠭᠤᠪᠠ᠃ ᠰᠠᠢᠬᠠᠨ ᠭᠤᠷᠪᠠᠨ ᠪᠦᠰᠡᠭᠦᠢ ᠶ᠋ᠢᠨ ᠲᠤᠬᠠᠢ ᠠᠮᠠ ᠳᠠᠮᠵᠢᠭᠰᠠᠨ ᠶᠠᠷᠢᠶ᠎ᠠ ᠭᠣᠪᠢ ᠨᠤᠲᠤᠭ ᠢ᠋ᠶ᠋ᠠᠷ ᠨᠡᠢᠲᠡ ᠲᠠᠷᠬᠠᠪᠠ᠃ ᠬᠡᠭᠡᠷ᠎ᠡ ᠪᠡᠷ ᠭᠡᠷ᠂ ᠬᠡᠴᠡ ᠪᠡᠷ ᠳᠡᠷ᠎ᠡ ᠬᠢᠨ ᠠᠮᠢᠳᠤᠷᠠᠳᠠᠭ᠂ ᠥᠯᠵᠡᠢᠲᠦ᠂ ᠴᠠᠭᠠᠨ᠂ ᠴᠣᠭᠲᠤ ᠬᠡᠮᠡᠬᠦ ᠭᠤᠷᠪᠠᠨ ᠵᠠᠯᠠᠭᠤ ᠲᠡᠳᠡᠨ ᠲᠡᠢ ᠠᠭᠤᠯᠵᠠᠳᠠᠭ ᠪᠣᠯᠵᠠᠢ ᠭᠡᠨ᠎ᠡ᠃ᠨᠢᠭᠡ ᠨᠢᠭᠡᠨ ᠳ᠋ᠦ᠍ ᠪᠡᠨ ᠰᠡᠳᠬᠢᠯ ᠲᠡᠢ ᠪᠣᠯᠤᠭᠰᠠᠨ ᠢ᠋ᠶ᠋ᠠᠷ ᠬᠤᠷᠢᠮᠯᠠᠨ ᠰᠠᠭᠤᠬᠤ ᠪᠠᠷ ᠪᠣᠯᠵᠣᠭ᠎ᠠ ᠲᠣᠭᠲᠠᠵᠠᠢ᠃ ᠭᠡᠲᠡᠯ᠎ᠡ ᠥᠭᠡᠳᠡ ᠦᠭᠡᠢ ᠨᠢᠭᠡᠨ ᠵᠠᠷᠤᠴᠠ ᠨᠢ ᠡᠵᠡᠨ ᠨᠣᠶᠠᠨ ᠳ᠋ᠤ᠌ ᠪᠠᠨ ᠬᠣᠪᠯᠠᠭᠰᠠᠨ ᠢ᠋ᠶ᠋ᠠᠷ ᠭᠤᠷᠪᠠᠨ ᠵᠠᠯᠠᠭᠤ ᠶ᠋ᠢ ᠪᠠᠷᠢᠪᠴᠢᠯᠠᠨ ᠬᠠᠷ᠎ᠠ ᠭᠡᠷ ᠲᠦ᠍ ᠬᠣᠷᠢᠭᠠᠳ᠂ ᠭᠠᠪᠠ ᠭᠢᠨᠵᠢ ᠵᠡᠭᠦᠨ ᠪᠠᠢᠴᠠᠭᠠᠪᠠ᠃ ᠬᠣᠨᠢᠨ ᠤ᠋ ᠪᠡᠯᠴᠢᠭᠡᠷ ᠡᠴᠡ ᠬᠣᠯᠠᠳᠠᠯ ᠦᠭᠡᠢ ᠠᠷᠭᠠᠯᠴᠢᠨ ᠪᠣᠯᠭᠠᠭᠰᠠᠨ ᠢ᠋ᠶ᠋ᠠᠷ ᠥᠨᠥᠬᠢ ᠭᠤᠷᠪᠠ ᠲᠡᠢᠨ ᠬᠦ᠌ ᠬᠠᠩᠭᠠᠢ ᠠ᠋ᠴᠠ ᠢᠷᠡᠭᠰᠡᠨ ᠭᠤᠷᠪᠠᠨ ᠪᠦᠰᠡᠭᠦᠢ ᠲᠡᠢ ᠪᠡᠨ ᠠᠭᠤᠯᠵᠠᠵᠤ ᠴᠢᠳᠠᠬᠤ ᠪᠠᠨ ᠪᠣᠯᠢᠵᠠᠢ᠃ ᠠᠯᠤᠰ ᠵᠡᠭᠦᠨ ᠵᠦᠭ ᠲᠦ᠍ ᠥᠯᠵᠡᠢᠲᠦ ᠣᠪᠣᠭ᠎ᠠ᠂ ᠴᠠᠭᠠᠨ ᠣᠪᠣᠭ᠎ᠠ ᠴᠣᠭᠲᠤ ᠣᠪᠣᠭ᠎ᠠ ᠨᠡᠷ᠎ᠡ ᠲᠡᠢ ᠭᠤᠷᠪᠠᠨ ᠬᠠᠢᠷᠬᠠᠨ ᠪᠣᠯᠤᠨ ᠦᠯᠡᠳᠡᠵᠡᠢ᠂ ᠣᠨ ᠵᠢᠯ ᠦ᠋ᠳ ᠦ᠋ᠨ ᠤᠷᠲᠤ ᠳ᠋ᠤ᠌ ᠭᠤᠷᠪᠠᠨ ᠵᠠᠯᠠᠭᠤ ᠪᠠᠨ ᠬᠦᠯᠢᠶᠡᠭᠰᠡᠭᠡᠷ ᠨᠥᠭᠦᠭᠡ ᠭᠤᠷᠪᠠᠨ ᠨᠥᠬᠥᠷ ᠨᠢ ᠴᠤ᠌ ᠭᠤᠷᠪᠠᠨ ᠰᠠᠢᠬᠠᠨ ᠠᠭᠤᠯᠠ ᠪᠣᠯᠤᠨ ᠮᠥᠩᠬᠡᠷᠡᠭᠰᠡᠨ ᠭᠡᠨ᠎ᠡ᠃ ᠲᠡᠭᠡᠭᠡᠳ ᠬᠡᠵᠢᠶ᠎ᠡ ᠨᠢᠭᠡᠨ ᠴᠠᠭ ᠲᠤ᠌ ᠬᠡᠯᠡᠯᠴᠡᠭᠡ ᠪᠣᠯᠵᠣᠭ᠎ᠠ ᠶᠣᠰᠣᠭᠠᠷ ᠬᠣᠩᠭᠣᠷ ᠵᠠᠯᠠᠭᠤ ᠬᠥᠪᠡᠭᠦᠳ ᠢ᠋ ᠵᠠᠪᠠᠯ ᠢᠷᠡᠨ᠎ᠡ ᠭᠡᠮᠡᠨ᠂ ᠤᠷᠢᠨ ᠴᠠᠭ ᠤ᠋ᠨ ᠲᠦᠷᠦᠭᠦᠴᠢ ᠨᠣᠭᠣᠭᠠᠨ ᠲᠤᠷᠠᠭᠠᠨ ᠳᠡᠪᠡᠯ ᠢᠶᠡᠷ ᠭᠤᠶᠤᠵᠤ᠂ ᠤᠯᠠᠷᠢᠯ ᠤ᠋ᠨ ᠰᠡᠷᠢᠭᠦᠨ ᠨᠠᠮᠤᠷ ᠢ᠋ᠶ᠋ᠠᠷ ᠴᠠᠭᠠᠨ ᠢᠰᠡᠭᠡᠢ ᠲᠣᠩᠭᠣᠷᠴᠠᠭ ᠠᠭᠰᠠᠭᠠᠵᠤ᠂ ᠭᠠᠵᠠᠷ ᠲᠩᠷᠢ ᠶ᠋ᠢᠨ ᠰᠠᠪᠰᠠᠯᠭ᠎ᠠ ᠳ᠋ᠤ᠌ ᠭᠠᠩᠭᠠᠯᠠᠵᠤ ᠰᠠᠭᠤᠳᠠᠭ ᠪᠣᠯᠤᠭᠰᠠᠨ ᠭᠡᠨ᠎ᠡ᠃
ᠮᠥᠩᠬᠡ᠄ ᠸᠠ᠃
ᠲᠤᠩᠬᠤ᠄ ᠸᠠ ᠬᠠ᠃
ᠮᠠᠽᠠ᠄ ᠬᠠᠢ᠂ ᠳ᠋ᠢᠨᠤ᠋ ᠬᠦᠷᠪᠡᠯ᠂ ᠵᠠ! ᠰᠠᠢᠨ ᠤᠤ? ᠨᠠᠢᠵᠠ ᠠ᠋
ᠬᠦᠷᠪᠡᠯ᠄(hey yo~ what's up what's up(ᠵᠠ᠂ ᠰᠠᠢᠨ ᠪᠠᠢᠨ᠎ᠠ ᠤᠤ )
ᠬᠣᠨᠢᠨ ᠬᠦᠷᠪᠡᠯ ᠳ᠋ᠢᠨᠤ᠋ ᠬᠦᠷᠪᠡᠯ ᠥᠪᠡᠷ ᠢ᠋ ᠪᠡᠨ ᠳ᠋ᠢᠨᠦᠽᠠᠸᠷ ᠬᠦᠷᠪᠡᠯ ᠭᠡᠵᠦ ᠨᠡᠷᠡᠯᠡᠳᠡᠭ
ᠬᠦᠷᠪᠡᠯ᠄ ᠵᠠ ᠰᠠᠢᠨ ᠪᠠᠢᠵᠠᠭᠠᠨ᠎ᠠ ᠤᠤ? ᠨᠠᠮ᠎ᠠ ᠶ᠋ᠢ ᠳ᠋ᠢᠨᠤ᠋ ᠬᠦᠷᠪᠡᠯ ᠭᠡᠳᠡᠭ᠂ ᠳ᠋ᠢᠨᠦᠽᠠᠸᠷ ᠬᠦᠷᠪᠡᠯ ᠭᠡᠵᠦ ᠳᠠᠭᠤᠳᠠᠪᠠᠴᠤ ᠪᠣᠯᠤᠨ᠎ᠠ᠃
ᠲᠤᠩᠬᠤ᠄ ᠬᠣᠨᠢᠨ ᠬᠦᠷᠪᠡᠯ ᠪᠢᠰᠢ ᠶᠦ᠍ᠮ ᠤᠤ?
ᠮᠠᠽᠠ᠄ ᠴᠢᠱᠢ᠂ ᠮᠠᠨ ᠤ᠋ ᠨᠠᠢᠵᠠ ᠳ᠋ᠢᠨᠤ᠋ ᠬᠦᠷᠪᠡᠯ ᠭᠡᠵᠦ ᠳᠠᠭᠤᠳᠠᠭᠤᠯᠬᠤ ᠳᠤᠷᠠᠲᠠᠢ ᠶᠤᠮ ᠠ᠋᠃
ᠲᠤᠩᠬᠤ᠄ ᠦ᠂ ᠠᠭᠤᠴᠢᠯᠠᠭᠠᠷᠠᠢ᠂ ᠳ᠋ᠢᠨᠤ᠋ ᠬᠦᠷᠪᠡᠯ ᠠ᠋᠃ ᠬᠢ ᠬᠢ ᠬᠢ
ᠮᠥᠩᠬᠡ᠄ ᠬᠡ ᠬᠠ ᠬᠠ᠁ᠳ᠋ᠢᠨᠤ᠋ ᠳ᠋ᠢᠨᠤ᠋ ᠮᠠᠨ ᠤ᠋᠁
ᠬᠦᠷᠪᠡᠯ᠄ ᠵᠠ ᠲᠠ ᠪᠦᠬᠦᠨ ᠳ᠋ᠦ᠍ ᠶᠠᠭᠤ ᠬᠡᠷᠡᠭᠲᠡᠢ ᠶ᠋ᠢ ᠪᠢ ᠪᠦᠭᠦᠳᠡ ᠶ᠋ᠢ ᠨᠢ ᠣᠯᠵᠤ ᠢᠷᠡᠵᠦ ᠴᠢᠳᠠᠨ᠎ᠠ᠂ ᠢᠳᠡᠵᠦ ᠤᠤᠭᠤᠬᠤ ᠵᠦᠢᠯᠡᠰ᠂ ᠰᠢᠬᠢᠷ ᠵᠢᠮᠢᠰ᠂ ᠨᠠᠷᠠᠨ ᠤ᠋ ᠲᠣᠰᠣ᠂ ᠨᠠᠨᠳᠢᠨ ᠴᠢᠪᠠᠭ᠎ᠠ᠂ ᠨᠠᠳᠠ ᠳᠦᠰᠢᠭᠤᠳ ᠬᠡᠯᠡ᠂ ᠪᠢ ᠪᠣᠯ ᠳ᠋ᠢᠨᠤ᠋ ᠳ᠋ᠢᠨᠤ᠋᠂ ᠭᠣᠪᠢ ᠶ᠋ᠢ ᠡᠵᠡᠯᠡᠭᠴᠢ ᠳ᠋ᠢᠨᠦᠽᠠᠸᠷ ᠂ ᠵᠠ ᠪᠠᠶᠠᠷᠯᠠᠯ᠎ᠠ᠃
ᠪᠠᠰᠠᠷ᠄ I like this guy ( ᠪᠢ ᠡᠨᠡ ᠬᠥᠮᠦᠨ ᠢ᠋ ᠲᠣᠭᠣᠨ᠎ᠠ)
ᠬᠦᠷᠪᠡᠯ᠄ ᠮᠠᠨ ᠤ᠋ ᠠᠮᠢ ᠠᠮᠢᠠᠪᠤᠬᠤᠯᠠᠩ ᠮᠢᠨᠦ ᠬᠠᠮᠢᠭ᠎ᠠ ᠣᠴᠢᠪᠠ?
ᠮᠠᠽᠠ᠄ ᠠ ᠬᠠ ᠬᠠ᠂ ᠮᠠᠨ ᠤ᠋ ᠠᠢᠮ᠎ᠠ ᠤᠤ? ᠭᠠᠭᠴᠠᠭᠠᠷ ᠢ᠋ᠶ᠋ᠠᠨ ᠪᠠᠢᠮᠠᠷ ᠪᠠᠢᠨ᠎ᠠ ᠭᠡᠳ ᠨᠣᠮ ᠤᠩᠰᠢᠭᠠᠳ ᠦᠯᠡᠳᠡᠭᠰᠡᠨ ᠠ᠋᠃
ᠬᠦᠷᠪᠡᠯ᠄ ᠵᠠ᠂ ᠲᠠ ᠨᠠᠷ ᠤ᠋ᠨ ᠮᠠᠨᠢ ᠢᠷᠡᠴᠢᠬᠡᠭᠰᠡᠨ ᠪᠠᠢᠭ᠎ᠠ ᠭᠠᠵᠠᠷ ᠪᠣᠯ ᠮᠠᠩᠯᠠᠢ ᠰᠤᠮᠤ ᠶ᠋ᠢᠨ ᠰᠢᠷ᠎ᠠ ᠴᠠᠪᠢ ᠭᠡᠳ ᠮᠠᠨ ᠤ᠋ ᠡᠪᠦᠭᠡ ᠡᠴᠢᠭᠡ ᠨᠦ᠍ᠭᠦᠳ ᠦ᠋ᠨ ᠮᠥᠷ ᠣᠯᠳᠠᠪᠤᠷᠢ ᠨᠤᠭᠤᠳ ᠬᠠᠳᠠᠭᠠᠯᠠᠭᠳᠠᠭᠰᠠᠨ ᠪᠠᠢᠭ᠎ᠠ ᠭᠠᠵᠠᠷ ᠰᠢᠦ ᠳᠡ᠂ ᠵᠠ ᠪᠦᠬᠦ ᠬᠥᠮᠦᠨ ᠳ᠋ᠦ᠍ ᠪᠡᠨ ᠰᠠᠢᠬᠠᠨ ᠲᠠᠨᠢᠯᠴᠠᠭᠤᠯᠵᠤ ᠥᠭᠭᠦᠶ᠎ᠡ᠃
ᠴᠠᠰᠤᠬᠠᠨ᠄ ᠸᠠ ᠧᠦ᠂ ᠪᠠᠶᠠᠷᠯᠠᠯ᠎ᠠ᠂ ᠭᠣᠶᠣ ᠵᠦᠢᠯ ᠰᠣᠨᠣᠰᠬᠤ ᠨᠢ ᠠ᠋᠃
ᠮᠥᠩᠬᠡ᠄ yes please(ᠲᠡᠭᠡ! ᠲᠠ ᠶᠠᠷᠢᠭᠠᠷᠠᠢ!)
ᠲᠤᠩᠬᠤ᠄ ᠶᠠᠮᠠᠷ ᠭᠣᠶᠣ᠃
ᠪᠠᠰᠠᠷ᠄ ᠳᠠᠭᠤᠤ ᠳᠠᠭᠤᠯᠠᠵᠤ ᠪᠣᠢ᠃
ᠦᠯᠭᠡ ᠬᠦᠷᠪᠡᠯ ᠨᠢ245 ᠰᠠᠶ᠎ᠠ ᠵᠢᠯ ᠦ᠋ᠨ ᠡᠮᠦᠨ᠎ᠡ ᠠᠩᠬ᠎ᠠ ᠡᠭᠦᠰᠦᠭᠰᠡᠨ ᠭᠡᠵᠦ ᠦᠵᠡᠳᠡᠭ᠂ ᠵᠠᠭᠤᠨ ᠲᠠᠪᠢᠨ ᠰᠠᠶ᠎ᠠ ᠵᠢᠯ ᠦ᠋ᠨ ᠲᠤᠷᠰᠢ᠂ ᠡᠬᠡ ᠭᠠᠵᠠᠷ ᠳᠡᠭᠡᠷᠡᠬᠢ ᠨᠣᠶᠠᠯᠠᠭᠴᠢ ᠪᠦᠯᠦᠭ ᠪᠣᠯᠤᠨ ᠠᠮᠢᠳᠤᠷᠠᠵᠤ ᠪᠠᠢᠭᠠᠳ᠂ ᠣᠳᠣ ᠠ᠋ᠴᠠ ᠵᠢᠷᠠᠨ ᠲᠠᠪᠤᠨ ᠰᠠᠶ᠎ᠠ ᠵᠢᠯ ᠦ᠋ᠨ ᠡᠮᠦᠨ᠎ᠡ ᠰᠥᠨᠥᠨ ᠠᠯᠠᠭ᠎ᠠ ᠪᠣᠯᠤᠭᠰᠠᠨ ᠭᠡᠳᠡᠭ ᠶᠦ᠍ᠮ᠃ ᠡᠬᠡ ᠳᠡᠯᠡᠬᠡᠢ ᠳᠡᠭᠡᠷᠡᠬᠢ ᠠᠮᠢᠲᠠᠳ ᠤ᠋ᠨ ᠠᠢᠮᠠᠭ ᠳᠤᠮᠳᠠ ᠠ᠋ᠴᠠ ᠡᠢᠮᠦ ᠣᠯᠠᠨ ᠵᠢᠯ ᠦ᠋ᠨ ᠬᠤᠭᠤᠴᠠᠭᠠᠨ ᠳ᠋ᠤ᠌ ᠠᠮᠢᠳᠤᠷᠠᠵᠤ ᠴᠢᠳᠠᠭᠰᠠᠨ ᠲᠥᠷᠥᠯ ᠵᠦᠢᠯ ᠦᠭᠡᠢ ᠪᠢᠯᠡ᠃ ᠡᠨᠡ ᠬᠤᠭᠤᠴᠠᠭᠠᠨ ᠳ᠋ᠤ᠌ ᠬᠤᠪᠢᠰᠤᠨ ᠥᠭᠡᠷᠡᠴᠢᠯᠡᠭᠳᠡᠵᠦ᠂ ᠮᠠᠰᠢ ᠣᠯᠠᠨ ᠲᠥᠷᠥᠯ ᠪᠣᠯᠵᠤ ᠪᠠᠢᠭᠰᠠᠨ Evolutionᡕ( ᠬᠤᠪᠢᠰᠤᠯ) ᠢ᠋ ᠨᠢ ᠬᠥᠮᠦᠨ ᠲᠥᠷᠥᠯᠬᠢᠲᠡᠨ ᠶᠡᠬᠡ ᠨᠠᠷᠢᠨ ᠰᠤᠳᠤᠯᠳᠠᠭ᠃ ᠬᠠᠷᠢᠨ ᠮᠣᠩᠭᠣᠯ ᠤᠯᠤᠰ ᠠ᠋ᠴᠠ ᠣᠯᠳᠠᠭᠰᠠᠨ ᠦᠯᠭᠡ ᠬᠦᠷᠪᠡᠯ ᠦ᠋ᠨ ᠣᠨᠴᠠᠯᠢᠭ ᠭᠡᠪᠡᠯ᠄ ᠣᠯᠠᠨ ᠡᠷᠢᠨ ᠭᠠᠯᠪᠠ ᠰᠣᠯᠢᠭᠳᠠᠵᠤ ᠪᠠᠢᠭᠰᠠᠨ ᠤ᠋ ᠬᠠᠮᠤᠭ ᠤ᠋ᠨ ᠰᠡᠭᠦᠯ ᠦ᠋ᠨ ᠭᠠᠯᠪᠠ ᠪᠤᠶᠤ ᠴᠢᠷᠳᠠ ᠶ᠋ᠢᠨ ᠭᠠᠯᠪᠠ ᠶ᠋ᠢᠨ ᠥᠯᠭᠡ ᠬᠦᠷᠪᠡᠯ ᠣᠯᠳᠠᠳᠠᠭ ᠢ᠋ᠶ᠋ᠠᠷ ᠢ᠋ᠶ᠋ᠠᠨ ᠣᠨᠴᠠᠯᠢᠭ ᠲᠠᠢ ᠶᠤᠮ᠃ᠥᠭᠡᠷ᠎ᠡ ᠪᠡᠷ ᠬᠡᠯᠡᠪᠡᠯ ᠮᠣᠩᠭᠣᠯ ᠠ᠋ᠴᠠ ᠣᠯᠳᠠᠭᠰᠠᠨ ᠣᠯᠳᠠᠪᠤᠷᠢ ᠨᠤᠭᠤᠳ ᠨᠢ ᠦᠯᠭᠡ ᠬᠦᠷᠪᠡᠯ ᠦ᠋ᠨ ᠬᠥᠭᠵᠢᠯ ᠦ᠋ᠨ ᠬᠠᠮᠤᠭ ᠤ᠋ᠨ ᠰᠡᠭᠦᠯ ᠦ᠋ᠨ ᠦᠶ᠎ᠡ ᠱᠠᠲᠤ ᠳᠡᠭᠡᠷ᠎ᠡ ᠪᠡᠨ ᠪᠠᠢᠭᠰᠠᠨ ᠨᠢ ᠶᠡᠬᠡᠳᠡ ᠠᠩᠬᠠᠷᠤᠯ ᠲᠠᠲᠠᠳᠠᠭ ᠪᠢᠯᠡ᠃ ᠮᠠᠩᠯᠠᠢ ᠰᠤᠮᠤ ᠶ᠋ᠢᠨ ᠰᠢᠷ᠎ᠠ ᠴᠠᠪᠢ ᠭᠡᠬᠦ ᠡᠨᠡ ᠭᠠᠵᠠᠷ ᠲᠤ᠌ ᠥᠯᠭᠡ ᠬᠦᠷᠪᠡᠯ ᠦ᠋ᠨ ᠦᠯᠡᠳᠡᠭᠡᠭᠰᠡᠨ ᠮᠥᠷ ᠦ᠋ᠳ ᠨᠢ ᠮᠢᠬᠠᠴᠢᠨ ᠥᠯᠭᠡ ᠬᠦᠷᠪᠡᠯ ᠦ᠋ᠳ ᠨᠢᠭᠡ ᠨᠢᠭᠡ ᠪᠡᠷ ᠢ᠋ᠶ᠋ᠡᠨ ᠪᠤᠰᠤ ᠣᠯᠠᠨ ᠢ᠋ᠶ᠋ᠠᠷ ᠢ᠋ᠶ᠋ᠠᠨ ᠰᠦᠷᠦᠭᠯᠡᠵᠦ ᠠᠮᠢᠳᠤᠷᠠᠳᠠᠭ ᠪᠠᠢᠭᠰᠠᠨ ᠢ᠋ ᠣᠯᠵᠤ ᠮᠡᠳᠡᠬᠦ ᠳ᠋ᠦ᠍ ᠮᠠᠰᠢ ᠶᠡᠬᠡ ᠲᠤᠰᠠ ᠪᠣᠯᠤᠭᠰᠠᠨ ᠶᠤᠮ᠃ ᠮᠢᠬᠠᠴᠢᠨ᠂ ᠡᠪᠡᠰᠦᠨ ᠲᠡᠵᠢᠭᠡᠯᠲᠡᠨ ᠭᠡᠳ ᠲᠠᠪᠤᠨ ᠲᠥᠷᠥᠯ ᠦ᠋ᠨ ᠥᠯᠭᠡ ᠬᠦᠷᠪᠡᠯ ᠦ᠋ᠨ ᠭᠠᠢᠬᠠᠯᠲᠠᠢ ᠲᠣᠳᠣ ᠮᠥᠷ ᠦ᠋ᠳ ᠦᠯᠡᠳᠡᠭᠰᠡᠨ ᠪᠠᠢᠳᠠᠭ᠃ ᠣᠳᠣ ᠪᠠᠷ ᠪᠠᠲᠤᠯᠠᠭᠳᠠᠨ ᠨᠡᠷᠡᠯᠡᠭᠳᠡᠭᠰᠡᠨ ᠭᠤᠷᠪᠠᠨ ᠵᠠᠭᠤᠨ᠂ ᠰᠤᠳᠤᠯᠤᠭᠳᠠᠨ ᠣᠯᠳᠠᠭᠰᠠᠨ ᠳᠣᠯᠣᠭᠠᠨ ᠵᠠᠭᠤᠨ ᠲᠥᠷᠥᠯ ᠳᠤᠮᠳᠠ ᠠ᠋ᠴᠠ ᠪᠠᠲᠤᠯᠠᠭᠳᠠᠭᠰᠠᠨ ᠨᠠᠶᠠᠨ ᠲᠥᠷᠥᠯ ᠨᠢ ᠭᠡᠬᠦ ᠳ᠋ᠦ᠍ ᠮᠣᠩᠭᠣᠯ ᠤᠯᠤᠰ ᠠ᠋ᠴᠠ ᠣᠯᠳᠠᠭᠰᠠᠨ ᠪᠠᠢᠳᠠᠭ᠃ ᠳᠡᠯᠡᠬᠡᠢ ᠶ᠋ᠢᠨ ᠬᠡᠮᠵᠢᠶᠡᠨ ᠳ᠋ᠦ᠍ ᠦᠯᠭᠡ ᠬᠦᠷᠪᠡᠯ ᠦ᠋ᠨ ᠣᠯᠳᠠᠪᠤᠷᠢ ᠬᠠᠮᠤᠭ ᠤ᠋ᠨ ᠶᠡᠬᠡ ᠣᠯᠳᠠᠳᠠᠭ ᠵᠢᠷᠭᠤᠭᠠᠨ ᠣᠷᠣᠨ ᠳ᠋ᠤ᠌ ᠮᠣᠩᠭᠣᠯ ᠤᠯᠤᠰ ᠪᠠᠭᠲᠠᠳᠠᠭ ᠪᠢᠯᠡ᠃ ᠡᠭᠦᠨ ᠦ᠌ ᠳᠣᠲᠣᠷ᠎ᠠ1971 ᠣᠨ ᠳ᠋ᠤ᠌ ᠡᠮᠦᠨᠡᠭᠣᠪᠢ ᠠᠢᠮᠠᠭ ᠤ᠋ᠨ ᠪᠤᠯᠠᠭᠠᠨ ᠰᠤᠮᠤ ᠶ᠋ᠢᠨ ᠲᠥᠭᠥᠷᠢᠭ ᠦ᠋ᠨ ᠰᠢᠷᠡᠭᠡ ᠭᠡᠳᠡᠭ ᠨᠤᠲᠤᠭ ᠠ᠋ᠴᠠ Fighting Dinosaurs ᠪᠤᠶᠤ ᠨᠣᠴᠣᠯᠳᠤᠵᠤ ᠪᠣᠢ ᠥᠯᠭᠡ ᠬᠦᠷᠪᠡᠯ ᠬᠡᠮᠡᠬᠦ ᠲᠤᠩ ᠬᠣᠪᠣᠷ ᠣᠯᠳᠠᠪᠤᠷᠢ ᠨᠢ ᠳᠡᠯᠡᠬᠡᠢ ᠳ᠋ᠦ᠍ ᠣᠯᠳᠠᠵᠤ ᠪᠠᠢᠭᠰᠠᠨ ᠣᠯᠳᠠᠪᠤᠷᠢ ᠨᠤᠭᠤᠳ ᠳᠤᠮᠳᠠ ᠠ᠋ᠴᠠ ᠬᠠᠮᠤᠭ ᠤ᠋ᠨ ᠥᠪᠡᠷᠮᠢᠴᠡ ᠭᠡᠵᠦ ᠦᠵᠡᠳᠡᠭ ᠶᠦ᠍ᠮ᠃ ᠮᠥᠨ ᠮᠣᠩᠭᠣᠯ ᠤᠯᠤᠰ ᠠ᠋ᠴᠠTrabosaurus ᠲᠠᠷᠪᠤᠽᠠᠸᠷ ᠪᠤᠶᠤ ᠪᠠᠲ᠋ᠠᠭᠠᠷ ᠬᠡᠮᠡᠬᠦ ᠠᠪᠤᠷᠭᠤ ᠲᠣᠮᠣ ᠮᠢᠬᠠᠴᠢᠨ ᠦᠯᠭᠡ ᠬᠦᠷᠪᠡᠯ ᠬᠦᠷᠲᠡᠯ᠎ᠡ ᠣᠯᠳᠠᠳᠠᠭ ᠪᠢᠯᠡ᠃
ᠮᠥᠩᠬᠡ᠄ ᠸᠠ ᠠ ᠦ᠂ ᠪᠢ ᠪᠠᠲ᠋ᠠᠭᠠᠷ ᠪᠠᠢᠨ᠎ᠠ᠃
ᠲᠤᠩᠬᠤ᠄ ᠸᠠ ᠠ ᠦ᠂ ᠬᠢ ᠬᠢ᠂ ᠪᠢ ᠪᠠᠰᠠ ᠪᠠᠲ᠋ᠠᠭᠠᠷ ᠪᠠᠢᠨ᠎ᠠ᠃
ᠮᠠᠽᠠ᠄ ᠸᠠ ᠠ ᠦ᠂ ᠪᠢ ᠲᠠᠷᠪᠤᠽᠠᠸᠷ ᠪᠠᠢᠨ᠎ᠠ᠃
ᠬᠦᠷᠪᠡᠯ᠄ ᠨᠡᠭᠡᠷᠡᠨ ᠠᠩᠬ᠎ᠠ ᠣᠯᠵᠤ ᠨᠡᠭᠡᠭᠡᠭᠰᠡᠨ ᠬᠥᠮᠦᠨ ᠨᠢ ᠮᠣᠩᠭᠣᠯ ᠨᠡᠷ᠎ᠡ ᠶ᠋ᠢ ᠨᠢ ᠪᠠᠭᠠᠲᠤᠷ ᠭᠡᠵᠦ ᠥᠭᠬᠦ ᠭᠡᠵᠦ ᠪᠠᠢᠭᠠᠳ ᠭᠠᠳᠠᠭᠠᠳᠤ ᠬᠥᠮᠦᠨ ᠪᠠᠢᠭᠰᠠᠨ ᠪᠣᠯᠬᠣᠷ ᠪᠠᠲ᠋ᠠᠭᠠᠷ ᠭᠡᠳ ᠪᠤᠷᠤᠭᠤ ᠪᠢᠴᠢᠭᠳᠡᠭᠰᠡᠨ ᠨᠢ ᠠᠯᠪᠠᠨ ᠶᠣᠰᠣᠨ ᠤ᠋ ᠨᠡᠷ᠎ᠡ ᠨᠢ ᠪᠣᠯᠤᠭᠰᠠᠨ ᠭᠡᠳᠡᠭ ᠰᠢᠦ᠃
ᠪᠠᠰᠠᠷ᠄ ᠬᠠᠮ ᠬᠠᠮ ᠬᠠᠮ᠂ ᠵᠠ᠂ ᠪᠢ ᠶᠠᠮᠠᠷ ᠬᠣᠶᠠᠷ ᠬᠥᠯ ᠳᠡᠭᠡᠷ᠎ᠡ ᠪᠡᠨ ᠵᠣᠭᠰᠣᠵᠤ ᠴᠢᠳᠠᠬᠤ ᠪᠢᠰᠢ᠂ ᠪᠢ ᠬᠤᠶᠠᠭᠲᠤ ᠦᠯᠭᠡ ᠬᠦᠷᠪᠡᠯ ᠰᠢᠦ᠃ ᠠ! ᠬᠣᠮ ᠬᠣᠮ ᠬᠣᠮ᠁
ᠮᠥᠩᠬᠡ ᠲᠤᠩᠬᠤ᠄ ᠬᠡ ᠬᠠ ᠬᠠ ᠬᠠ
ᠠ᠂ ᠲᠡᠭᠡᠭᠡᠳ ᠪᠦᠬᠦ ᠦᠯᠭᠡ ᠬᠦᠷᠪᠡᠯ ᠥᠨᠳᠡᠭᠡ ᠲᠡᠢ ᠪᠡᠨ ᠪᠠᠢᠨ᠎ᠠ ᠭᠡᠳᠡᠭ᠂ ᠮᠠᠰᠢ ᠣᠯᠠᠨ ᠥᠨᠳᠡᠭᠡᠨ ᠦ᠌ ᠠᠩᠬᠠᠨ ᠤ᠋ ᠣᠯᠳᠠᠪᠤᠷᠢ ᠶ᠋ᠢ ᠮᠣᠩᠭᠣᠯ ᠤᠯᠤᠰ ᠤ᠋ᠨ ᠡᠮᠦᠨᠡᠭᠣᠪᠢ ᠠᠢᠮᠠᠭ ᠤ᠋ᠨ ᠪᠠᠶᠠᠨ ᠵᠠᠭ ᠤ᠋ᠨ ᠨᠤᠲᠤᠭ ᠠ᠋ᠴᠠ ᠣᠯᠵᠤ ᠪᠠᠢᠭᠰᠠᠨ ᠶᠤᠮ ᠪᠠᠢᠨ᠎ᠠ᠃Roy Chapman Andrews ᠭᠡᠳᠡᠭ ᠠᠮᠧᠷᠢᠺᠠ ᠰᠤᠳᠤᠯᠤᠭᠠᠴᠢ ᠠᠩᠬᠠᠯᠠᠨ ᠣᠯᠵᠤ ᠪᠠᠢᠭᠰᠠᠨ ᠶᠤᠮ ᠪᠠᠢᠨ᠎ᠠ᠃
ᠪᠦᠭᠦᠳᠡᠭᠡᠷ ᠢᠨᠢᠶᠡᠨ᠎ᠡ᠃
ᠮᠣᠭᠣᠯ᠄ ᠵᠠ᠂ ᠰᠠᠢᠨ ᠪᠠᠢᠵᠠᠭᠠᠨ᠎ᠠ ᠤᠤ?
ᠮᠠᠽᠠ᠄ ᠵᠠ᠂ ᠮᠠᠨ ᠤ᠋ ᠢᠳᠡᠷ ᠮᠣᠭᠣᠯ ᠰᠠᠢᠨ ᠤᠤ?
ᠢᠷᠪᠢᠰ ᠦ᠋ᠨ ᠵᠤᠯᠵᠠᠭ᠎ᠠ ᠮᠣᠭᠣᠯ᠂ ᠠᠺᠠᠳᠧᠮᠢ ᠢᠳᠡᠷ ᠮᠣᠭᠣᠯ
ᠮᠥᠩᠬᠡ: ᠵᠠ᠂ ᠰᠠᠢᠨ ᠰᠠᠭᠤᠵᠤ ᠪᠠᠢᠨ᠎ᠠ ᠤᠤ?
ᠮᠣᠭᠣᠯ ᠰᠠᠢᠬᠠᠨ᠂ ᠲᠠ ᠨᠠᠷ ᠮᠢᠨᠢ ᠰᠠᠢᠨ ᠶᠠᠪᠤᠵᠠᠭᠠᠵᠤ ᠪᠠᠢᠨ᠎ᠠ ᠤᠤ?
ᠲᠤᠩᠬᠤ᠄ ᠰᠠᠢᠬᠠᠨ᠃
ᠪᠠᠰᠠᠷ᠄ ᠵᠠ ᠰᠠᠢᠨ᠁
ᠮᠣᠭᠣᠯ᠄ ᠰᠠᠢᠨ ᠤᠤ?
ᠪᠠᠰᠠᠷ᠄ ᠬᠥᠮᠦᠨ ᠳᠠᠭ᠎ᠠ ᠮᠠᠭ᠎ᠠ᠂ ᠳᠠᠯᠠᠩ ᠮᠠᠯᠠᠩᠲᠠᠢ ᠭᠡᠳ ᠰᠦᠷ ᠲᠡᠢ ᠮᠡᠨᠳᠦᠯᠡᠬᠦ ᠭᠡᠵᠦ ᠪᠠᠢᠬᠤ ᠳ᠋ᠤ᠌ ᠴᠢᠨᠢ ᠳᠡ᠂ ᠥᠩ
ᠮᠣᠭᠣᠯ᠄ ᠦ᠂ ᠬᠡ ᠬᠡ ᠬᠡ᠂ ᠠᠭᠤᠴᠢᠯᠠᠭᠠᠷᠠᠢ᠂ ᠲᠠ ᠬᠡᠳᠦ ᠶ᠋ᠢ ᠬᠠᠷᠠᠴᠢᠬᠠᠭᠰᠠᠨ ᠴᠢᠨᠢ ᠪᠦᠷ ᠬᠥᠭᠡᠷᠦᠭᠡᠳ᠁
ᠪᠦᠭᠦᠳᠡᠭᠡᠷ ᠢᠨᠢᠶᠡᠨ᠎ᠡ᠃
ᠮᠥᠩᠬᠡ᠄ ᠲᠠᠨ ᠤ᠋ ᠭᠠᠳᠠᠭ᠎ᠠ ᠪᠠᠢᠭ᠎ᠠ ᠠᠭᠤᠯᠠ ᠶᠡᠬᠡ ᠰᠦᠷᠯᠢᠭ ᠶᠦ᠍ᠮ ᠠ᠋᠃
ᠮᠣᠭᠣᠯ᠄ ᠠ᠂ ᠲᠡᠢᠮᠦ ᠰᠢᠦ᠃
ᠮᠠᠽᠠ᠄ ᠮᠢᠨᠦ ᠨᠠᠢᠵᠠ ᠭᠣᠶᠣ ᠳᠣᠮᠣᠭ ᠬᠠᠭᠤᠴᠢ ᠶᠠᠷᠢᠶᠠᠨ ᠠ᠋ᠴᠠ ᠶᠠᠷᠢᠭᠠᠴᠢ᠂ ᠮᠠᠨ ᠤ᠋ ᠳᠥᠷᠪᠡ ᠮᠠᠨᠢ ᠢᠷᠡᠭᠰᠡᠨ ᠡᠴᠡ ᠪᠡᠨ ᠬᠣᠢᠰᠢ ᠡᠮᠦᠨᠡᠭᠣᠪᠢ ᠶ᠋ᠢᠨ ᠳᠣᠮᠣᠭ ᠲᠡᠦᠬᠡ ᠶ᠋ᠢ ᠶᠠᠷᠢᠭᠤᠯᠤᠭᠠᠳ ᠶᠠᠪᠤᠭ᠎ᠠ ᠶᠤᠮ᠃
ᠲᠤᠩᠬᠤ᠄ ᠲᠡᠭᠡᠶ᠎ᠡ ᠲᠡᠭᠡᠶ᠎ᠡ᠃
ᠮᠣᠭᠣᠯ᠄ ᠦ ᠬᠡ ᠬᠡ᠂ ᠲᠠ ᠬᠡᠳᠦ ᠮᠠᠨᠢ ᠬᠦᠯᠢᠶᠡᠭᠡᠳ ᠰᠠᠭᠤᠵᠤ ᠪᠠᠢᠭ᠎ᠠ ᠶᠤᠮ ᠤᠤ? ᠵᠠ ᠪᠢ ᠶᠠᠷᠢᠵᠤ ᠥᠭᠭᠦᠶ᠎ᠡ᠂ ᠶᠡᠬᠡ ᠰᠤᠷᠭᠠᠮᠵᠢ ᠲᠠᠢ ᠲᠡᠦᠬᠡ ᠶᠦ᠍ᠮ ᠰᠢᠦ᠂ ᠡᠷᠲᠡ ᠤᠷᠢᠳᠤ ᠶ᠋ᠢᠨ ᠴᠠᠭ ᠲᠤ᠌᠂ ᠭᠣᠪᠢ ᠶ᠋ᠢᠨ ᠨᠢᠭᠡᠨ ᠬᠣᠰᠢᠭᠤ ᠶ᠋ᠢ ᠵᠠᠬᠢᠷᠤᠭᠰᠠᠨ ᠵᠠᠯᠠᠭᠤ ᠨᠣᠶᠠᠨ᠁
ᠡᠷᠲᠡ ᠤᠷᠢᠳᠤ ᠴᠠᠭ ᠲᠤ᠌᠂ ᠭᠣᠪᠢ ᠶ᠋ᠢᠨ ᠨᠢᠭᠡᠨ ᠬᠣᠰᠢᠭᠤ ᠶ᠋ᠢ ᠵᠠᠬᠢᠷᠤᠭᠰᠠᠨ ᠵᠠᠯᠠᠭᠤ ᠨᠣᠶᠠᠨ᠂ ᠰᠡᠳᠬᠢᠯ ᠵᠢᠷᠦᠬᠡ ᠰᠡᠷᠡᠪᠡᠭᠡ ᠬᠡᠮᠡᠬᠦ ᠰᠠᠢᠬᠠᠨ ᠪᠦᠰᠡᠭᠦᠢ ᠳ᠋ᠦ᠍ ᠢᠯᠡᠴᠢᠯᠡᠨ᠂ ᠬᠠᠨᠢᠯᠠᠨ ᠰᠠᠭᠤᠵᠠᠢ᠂ ᠲᠡᠳᠡ ᠬᠬᠢᠷ ᠲᠡᠢ ᠭᠠᠷ ᠢ᠋ᠶ᠋ᠠᠷ ᠪᠠᠷᠢᠮ᠎ᠠ ᠦᠭᠡᠢ᠂ ᠬᠬᠢᠪ ᠬᠠᠳᠠᠭ ᠢ᠋ᠶ᠋ᠠᠷ ᠣᠷᠢᠶᠠᠮ᠎ᠠ ᠦᠭᠡᠢ᠂ ᠪᠥᠮᠪᠥᠢᠭᠰᠡᠨ ᠴᠠᠭᠠᠨ ᠬᠦᠦ ᠲᠡᠢ ᠪᠣᠯᠵᠠᠢ ᠭᠡᠨ᠎ᠡ᠃ ᠬᠥᠭᠡᠷᠦᠬᠦᠨ ᠴᠠᠭᠠᠨ ᠬᠦᠦ ᠪᠡᠨ ᠬᠥᠪᠥᠩ ᠳ᠋ᠦ᠍ ᠬᠠᠳᠠᠭᠠᠯᠠᠭᠰᠠᠨ ᠰᠤᠪᠤᠳ ᠰᠢᠭ᠋ ᠬᠠᠢᠷᠠᠯᠠᠨ ᠡᠩᠬᠦᠷᠡᠢᠯᠡᠵᠦ᠂ ᠬᠥᠪᠡᠭᠦᠨ ᠭᠡᠵᠦ ᠨᠡᠷᠡᠯᠡᠵᠡᠢ᠃ ᠬᠡᠲᠦᠷᠬᠡᠢ ᠡᠷᠬᠡᠯᠡᠨ ᠥᠰᠦᠭᠰᠡᠨ ᠬᠥᠪᠡᠭᠦᠨ ᠠᠪᠤ ᠶ᠋ᠢᠨ ᠬᠠᠲᠠᠭᠤᠬᠠᠨ ᠦᠭᠡ ᠶ᠋ᠢ ᠡᠵᠢ ᠳ᠋ᠦ᠍ ᠪᠡᠨ ᠣᠴᠢᠵᠤ ᠲᠣᠨᠢᠷᠬᠠᠭᠰᠠᠨ᠂ ᠡᠵᠢ ᠶ᠋ᠢᠨ ᠰᠢᠷᠦᠭᠦᠨ ᠦᠭᠡ ᠶ᠋ᠢ ᠠᠪᠤ ᠳ᠋ᠤ᠌ ᠪᠠᠨ ᠣᠴᠢᠵᠤ ᠭᠣᠮᠣᠷᠬᠠᠭᠰᠠᠭᠠᠷ᠂ ᠬᠠᠲᠤᠨ ᠨᠣᠶᠠᠨ ᠬᠣᠶᠠᠷ ᠤ᠋ᠨ ᠬᠣᠭᠣᠷᠣᠨᠳᠣ ᠬᠣᠨᠣᠭ ᠬᠣᠨᠣᠭ ᠢ᠋ᠶ᠋ᠠᠷ ᠠᠩ ᠴᠠᠪᠠ ᠡᠭᠦᠰᠬᠡᠭᠰᠡᠭᠡᠷ ᠪᠠᠢᠪᠠ᠃ ᠡᠨᠡ ᠪᠦᠬᠦ ᠵᠦᠢᠯ ᠡᠴᠦᠰ ᠲᠦ᠍ ᠪᠡᠨ ᠤᠯᠠᠮ ᠬᠡᠴᠡᠭᠦᠦ ᠪᠣᠯᠵᠤ᠂ ᠡᠴᠢᠭᠡ ᠡᠬᠡ ᠨᠢ ᠡᠷᠦᠬᠡ ᠲᠤᠰᠠᠭᠠᠷᠯᠠᠬᠤ ᠳ᠋ᠤ᠌ ᠪᠠᠨ ᠲᠤᠯᠪᠠ᠃ ᠡᠷᠬᠡ ᠬᠦᠦ ᠪᠡᠨ ᠥᠮᠦᠭᠡᠷᠡᠵᠡᠭᠡᠵᠦ᠂ ᠡᠳ᠋ ᠬᠥᠷᠥᠩᠭᠡ ᠪᠡᠨ ᠪᠤᠯᠢᠶᠠᠯᠴᠠᠯᠳᠤᠨ᠂ ᠣᠷᠣᠨ ᠭᠡᠷ ᠢ᠋ᠶ᠋ᠡᠨ ᠲᠤᠰ ᠲᠤ᠌ ᠪᠠᠨ ᠪᠠᠷᠢᠵᠠᠭᠠᠵᠤ᠂ ᠣᠯᠠᠨ ᠴᠡᠷᠢᠭ ᠢ᠋ᠶ᠋ᠡᠷ ᠬᠠᠮᠠᠭᠠᠯᠠᠭᠤᠯᠵᠤ ᠰᠠᠭᠤᠵᠠᠭᠠᠳᠠᠭ ᠪᠣᠯᠵᠠᠢ᠃ ᠨᠣᠶᠠᠨ ᠠᠷᠪᠠᠨ ᠳᠠᠪᠬᠤᠷ ᠴᠡᠷᠢᠭ ᠢ᠋ᠶ᠋ᠡᠷ ᠠᠷᠤ ᠠ᠋ᠴᠠ ᠪᠠᠨ ᠮᠠᠨᠠᠭᠤᠯᠤᠨ ᠵᠢᠭᠰᠠᠭᠠᠭᠠᠳ᠂ ᠠᠯᠪᠠᠨ ᠤ᠋ ᠭᠤᠷᠪᠠᠨ ᠲᠦᠰᠢᠮᠡᠯ ᠢ᠋ᠶ᠋ᠡᠨ ᠳᠠᠭᠤᠳᠠᠨ ᠢᠷᠡᠭᠦᠯᠵᠦ᠂ ᠠᠷᠭ᠎ᠠ ᠦᠭᠡᠢ ᠵᠥᠷᠢᠭᠦᠳ ᠬᠥᠪᠡᠭᠦᠨ ᠢ᠋ ᠠᠩᠬᠠᠷᠤᠨ ᠬᠠᠷᠠᠭᠠᠯᠵᠠᠵᠤ ᠪᠠᠢᠬᠤ ᠶ᠋ᠢ ᠲᠤᠰᠢᠶᠠᠵᠠᠢ ᠭᠡᠨ᠎ᠡ᠃ ᠠᠭᠠᠰᠢ ᠮᠠᠭᠤᠲᠠᠢ ᠵᠥᠷᠢᠭᠦᠳ ᠬᠥᠪᠡᠭᠦᠨ ᠲᠦᠰᠢᠮᠡᠳ ᠦ᠋ᠨ ᠦᠭᠡᠨ ᠳ᠋ᠦ᠍ ᠣᠷᠣᠬᠤ ᠦᠭᠡᠢ ᠠᠯᠤᠰᠬᠠᠨ ᠣᠴᠢᠭᠠᠳ ᠰᠠᠭᠤᠴᠢᠬᠠᠵᠠᠢ ᠭᠡᠨ᠎ᠡ᠃ ᠲᠡᠷᠡ ᠴᠠᠭ ᠠ᠋ᠴᠠ ᠬᠣᠢᠰᠢ᠂ ᠬᠠᠲᠤᠨ ᠤ᠋ ᠵᠦᠭ ᠡᠴᠡ ᠢᠷᠡᠬᠦ ᠠᠶᠤᠯ ᠢ᠋ ᠬᠠᠮᠠᠭᠠᠯᠠᠭᠰᠠᠨ ᠴᠡᠷᠢᠭ ᠦ᠋ᠳ ᠬᠠᠷ᠎ᠠ ᠰᠢᠷ᠎ᠠ ᠬᠦᠷᠡᠩ ᠬᠠᠨ᠎ᠠ ᠬᠡᠮᠡᠬᠦ ᠬᠠᠴᠢᠨ ᠰᠣᠨᠢᠨ ᠬᠡᠯᠪᠡᠷᠢ ᠲᠡᠢ ᠬᠠᠳᠠ ᠴᠣᠬᠢᠶ᠎ᠠ ᠪᠦᠬᠦᠢ ᠠᠭᠤᠯᠠ ᠪᠣᠯᠵᠠᠢ ᠭᠡᠨ᠎ᠡ᠃ ᠡᠷᠬᠡ ᠲᠠᠩᠬᠢᠯ ᠬᠦᠦ ᠶ᠋ᠢ ᠡᠷᠭᠢᠨ ᠲᠣᠭᠣᠷᠢᠵᠤ ᠪᠠᠢᠬᠤ ᠡᠭᠦᠷᠭᠡ ᠬᠦᠯᠢᠶᠡᠭᠰᠡᠨ ᠭᠤᠷᠪᠠᠨ ᠲᠦᠰᠢᠮᠡᠯ᠂ ᠶᠡᠬᠡᠮᠰᠦᠭ ᠪᠠᠢᠳᠠᠯ ᠢ᠋ᠶ᠋ᠠᠷ ᠡᠵᠡᠨ ᠦ᠌ ᠥᠭᠡᠳᠡ ᠮᠡᠬᠦᠢᠵᠦ ᠪᠠᠢᠭ᠎ᠠ ᠶᠠᠩᠵᠤ ᠲᠠᠢ ᠲᠣᠭᠲᠠᠭᠰᠠᠨ ᠢᠵᠢᠯᠢᠬᠡᠨ ᠭᠤᠷᠪᠠᠨ ᠬᠦᠷᠡᠩ ᠠᠭᠤᠯᠠ ᠪᠣᠯᠵᠠᠢ ᠭᠡᠨ᠎ᠡ᠃ ᠡᠷᠬᠡ ᠲᠠᠩᠬᠢᠯ ᠬᠥᠪᠡᠭᠦᠨ ᠦ᠌ ᠡᠲᠡᠭᠡᠳ ᠵᠥᠷᠢᠭᠦᠳ ᠪᠠᠢᠳᠠᠯ ᠢ᠋ ᠢᠯᠡᠴᠢᠯᠡᠭᠰᠡᠨ ᠬᠠᠳᠠ ᠠᠰᠬ᠎ᠠ ᠪᠠᠭᠠᠲᠠᠢ ᠬᠠᠷ᠎ᠠ ᠲᠣᠯᠣᠭᠠᠢ ᠪᠣᠯᠤᠭᠠᠳ ᠲᠣᠭᠲᠠᠴᠢᠬᠠᠵᠠᠢ ᠭᠡᠨ᠎ᠡ᠃ ᠬᠦᠦ ᠪᠡᠨ ᠰᠠᠨᠠᠭᠰᠠᠨ ᠰᠡᠳᠬᠢᠯ ᠢ᠋ᠶ᠋ᠡᠷ ᠲᠣᠯᠢᠳᠠᠵᠤ ᠪᠠᠢᠶ᠎ᠠ ᠤᠤ ᠭᠡᠮᠡᠨ ᠬᠠᠲᠤᠨ ᠤ᠋ ᠰᠢᠳᠡᠭᠰᠡᠨ ᠲᠣᠯᠢ ᠨᠢ ᠬᠥᠪᠡᠭᠦᠨ ᠦ᠌ ᠳᠡᠷᠭᠡᠳᠡ ᠤᠨᠠᠭᠰᠠᠨ ᠨᠢ ᠲᠣᠯᠢᠭᠠᠷ ᠭᠠᠳᠠᠷᠭᠤ ᠨᠢ ᠰᠢᠯ ᠮᠡᠲᠦ ᠭᠢᠯᠠᠯᠵᠠᠭᠰᠠᠨ ᠲᠣᠯᠢ ᠬᠠᠳᠠ ᠪᠣᠯᠤᠭᠠᠳ ᠲᠣᠭᠲᠠᠵᠠᠢ ᠭᠡᠨ᠎ᠡ᠃ ᠲᠡᠭᠡᠭᠡᠳ ᠣᠳᠣ ᠬᠦᠷᠲᠡᠯ᠎ᠡ ᠬᠥᠪᠡᠭᠦᠨ ᠲᠡᠷᠡ ᠲᠣᠯᠢᠨ ᠳ᠋ᠤ᠌ ᠡᠵᠢ ᠶ᠋ᠢ ᠪᠡᠨ ᠬᠠᠷᠠᠭᠰᠠᠭᠠᠷ ᠪᠠᠢᠳᠠᠭ ᠭᠡᠨ᠎ᠡ᠃ ᠬᠠᠳᠠᠨ ᠰᠡᠪᠡᠷᠡᠭᠡ ᠶᠢᠨ ᠡᠩᠭᠡᠷ ᠲᠦ᠍ ᠬᠠᠮᠢᠭ᠎ᠠ ᠠ᠋ᠴᠠ ᠨᠢ ᠬᠠᠷᠠᠭᠰᠠᠨ ᠴᠤ᠌ ᠲᠡᠭᠰᠢᠬᠡᠨ ᠣᠷᠣᠢ ᠲᠠᠢ ᠠᠭᠤᠯᠠ ᠪᠠᠢᠬᠤ ᠨᠢ ᠬᠥᠪᠡᠭᠦᠨ ᠢ᠋ᠶ᠋ᠡᠨ ᠰᠠᠨᠠᠬᠤ ᠳ᠋ᠤ᠌ ᠪᠠᠨ ᠨᠢᠰᠬᠡᠭᠰᠡᠨ ᠲᠣᠯᠢᠨ ᠤ᠋ ᠪᠠᠢᠷᠢᠯᠠᠳᠠᠭ ᠪᠠᠢᠭᠰᠠᠨ ᠠᠶᠠᠭᠠᠨ ᠤ᠋ ᠰᠢᠷᠡᠭᠡ ᠨᠢ ᠲᠡᠷᠡ ᠭᠡᠳᠡᠭ᠃ ᠡᠷᠬᠡ ᠶ᠋ᠢ ᠰᠤᠷᠬᠤ ᠪᠠᠷ ᠪᠡᠷᠬᠡ ᠶ᠋ᠢ ᠰᠤᠷ᠂ ᠪᠤᠷᠤᠭᠤ ᠬᠥᠮᠦᠵᠢᠭᠰᠡᠨ ᠬᠡᠦᠬᠡᠳ ᠪᠤᠬᠠᠨ ᠤ᠋ ᠬᠦᠵᠦᠭᠦᠨ ᠡᠴᠡ ᠬᠠᠲᠠᠭᠤ ᠭᠡᠵᠦ ᠪᠤᠭᠤᠷᠤᠯ ᠳᠡᠭᠡᠳᠦᠰ ᠦ᠋ᠨ ᠮᠠᠨᠢ ᠴᠡᠴᠡᠨ ᠦᠭᠡ ᠴᠣᠬᠣᠮ ᠦᠨᠡᠨ ᠭᠡᠵᠦ ᠳᠣᠮᠣᠭ ᠲᠡᠭᠦᠰᠳᠡᠭ᠃
ᠮᠣᠭᠣᠯ᠄ ᠬᠡᠷᠪᠡ ᠲᠠ ᠨᠠᠷ ᠰᠠᠢᠨ ᠠᠵᠢᠭᠯᠠᠪᠠᠯ ᠰᠡᠷᠪᠡᠭᠡ ᠠᠭᠤᠯᠠ ᠶ᠋ᠢ ᠢᠷᠪᠢᠰ ᠰᠢᠨᠵᠢᠲᠡᠢ ᠠᠭᠤᠯᠠ ᠭᠡᠳᠡᠭ ᠶᠦ᠍ᠮ ᠳᠡ ᠃
ᠲᠤᠩᠬᠤ᠄ ᠫᠥᠬᠥ᠃
ᠮᠥᠩᠬᠡ᠄ ᠶᠡᠬᠡ ᠰᠤᠷᠭᠠᠮᠵᠢ ᠲᠠᠢ ᠳᠣᠮᠣᠭ ᠪᠠᠢᠨ᠎ᠠ ᠰᠢᠦ ᠃
ᠮᠠᠽᠠ᠄ ᠠᠢ ᠳᠠ᠂ ᠰᠣᠨᠣᠰᠬᠤ ᠪᠣᠯᠭᠠᠨ ᠳ᠋ᠤ᠌ ᠰᠣᠨᠢᠷᠬᠠᠯᠲᠠᠢ ᠪᠠᠢᠳᠠᠭ ᠶᠤᠮ᠃
ᠤᠮᠳᠠᠢ ᠶ᠋ᠢᠨ ᠭᠣᠣᠯ ᠬᠣᠭ ᠦᠭᠡᠢ ᠶᠠᠪᠤᠵᠠᠭᠠᠶ᠎ᠠ!
ᠮᠥᠩᠬᠡ᠄ ᠠᠢ ᠰᠠᠢᠬᠠᠨ ᠨᠤᠲᠤᠭ ᠶᠤᠮ ᠠ᠋᠂ ᠪᠠᠰᠠ ᠶᠡᠬᠡ ᠬᠠᠯᠠᠭᠤᠨ ᠶᠤᠮ᠂ ᠲᠡᠢᠮᠦ ᠠ᠋᠃
ᠲᠤᠩᠬᠤ᠄ ᠲᠡᠢᠮᠦ ᠰᠢᠦ᠃
ᠮᠠᠽᠠ᠄ ᠬᠡᠯᠡᠭᠡ ᠦᠭᠡᠢ ᠤᠤ? ᠬᠠ ᠬᠠ ᠬᠠ
ᠲᠡᠮᠡᠭᠡ᠄ ᠵᠠ᠂ ᠬᠥᠭᠡᠷᠦᠬᠦᠨ ᠳᠡᠭᠦᠦ ᠨᠠᠷ ᠮᠢᠨᠢ ᠰᠠᠢᠬᠠᠨ ᠠᠶᠠᠯᠠᠵᠠᠭᠠᠵᠤ ᠪᠠᠢᠨ᠎ᠠ ᠤᠤ?
ᠮᠠᠽᠠ᠄ ᠦ᠂ ᠲᠡᠮᠡᠭᠡ ᠡᠭᠡᠴᠢ ᠮᠢᠨᠢ ᠢᠷᠡᠴᠢᠬᠡᠭᠰᠡᠨ ᠤᠤ?
ᠲᠡᠮᠡᠭᠡ ᠱᠢᠷᠦᠨ ᠤᠯᠠᠭᠠᠨ ᠲᠡᠮᠡᠭᠡ ᠨᠠᠢᠷᠰᠠᠭ ᠡᠭᠡᠴᠢ
ᠮᠥᠩᠬᠡ᠄ ᠰᠠᠢᠨ ᠪᠠᠢᠨ᠎ᠠ ᠤᠤ? ᠲᠠ
ᠲᠤᠩᠬᠤ᠄ ᠰᠠᠢᠨ ᠪᠠᠢᠨ᠎ᠠ ᠤᠤ?
ᠴᠠᠰᠤᠬᠠᠨ᠄ ᠰᠠᠢᠬᠠᠨ ᠵᠤᠨᠰᠢᠵᠤ ᠪᠠᠢᠨ᠎ᠠ ᠤᠤ?
ᠪᠠᠰᠠᠷ᠄ ᠵᠠ ᠰᠢᠭᠤᠳ ᠳᠣᠮᠣᠭ ᠤᠷᠤᠭᠤ ᠪᠠᠨ ᠣᠷᠣᠵᠠᠭᠠᠶ᠎ᠠ᠃
ᠲᠡᠮᠡᠭᠡ᠄ ᠬᠡ ᠬᠡ᠂ ᠶᠠᠭᠤᠨ ᠳᠣᠮᠣᠭ ᠪᠢᠯᠡ?
ᠮᠠᠽᠠ᠄ ᠠ᠋ ᠬᠡ ᠬᠡ ᠬᠡ᠂ ᠮᠠᠨ ᠤ᠋ ᠬᠢᠨ ᠣᠴᠢᠭᠰᠠᠨ ᠭᠠᠵᠠᠷ ᠪᠣᠯᠭᠠᠨ ᠤ᠋ ᠪᠠᠨ ᠳᠣᠮᠣᠭ ᠶᠠᠷᠢᠶ᠎ᠠ ᠶ᠋ᠢ ᠰᠣᠨᠣᠰᠴᠠᠭᠠᠭᠠᠳ ᠪᠦᠷ ᠠᠮᠲᠠᠨ ᠳ᠋ᠤ᠌ ᠨᠢ ᠣᠷᠣᠴᠢᠬᠠᠭᠠᠳ ᠪᠠᠢᠭ᠎ᠠ ᠶᠤᠮ ᠠ᠋᠃
ᠲᠡᠮᠡᠭᠡ᠄ ᠠ᠂ ᠵᠥᠪ ᠵᠥᠪ᠂ ᠵᠠ᠂ ᠡᠭᠡᠴᠢ ᠨᠢ ᠡᠨᠡ ᠤᠮᠳᠠᠢ ᠶ᠋ᠢᠨ ᠭᠣᠣᠯ ᠤ᠋ᠨ ᠪᠤᠯᠤᠩ᠂ ᠬᠠᠨ ᠪᠣᠭᠳᠠ ᠠᠭᠤᠯᠠᠨ ᠤ᠋ ᠡᠵᠡᠨ ᠦ᠌ ᠲᠠᠯ᠎ᠠ ᠪᠠᠷ ᠨᠢᠭᠡ ᠳᠣᠮᠣᠭ ᠶᠠᠷᠢᠵᠤ ᠦᠭᠭᠦᠶ᠎ᠡ᠃
ᠡᠷᠲᠡ ᠳᠡᠭᠡᠷ᠎ᠡ ᠦᠶ᠎ᠡ ᠳ᠋ᠦ᠍᠂ ᠭᠠᠯᠪᠠ ᠶ᠋ᠢᠨ ᠭᠣᠪᠢ ᠶ᠋ᠢᠨ ᠤᠷᠲᠤ ᠠ᠋ᠴᠠ ᠥᠭᠰᠥᠨ᠂ ᠡᠷᠴᠢ ᠵᠡᠪᠰᠡᠭ ᠢ᠋ᠶ᠋ᠡᠨ ᠠᠭᠰᠠᠭᠰᠠᠨ ᠡᠷᠡᠯᠬᠡᠭ ᠲᠦᠮᠡᠨ ᠴᠡᠷᠢᠭ ᠢᠳᠡ ᠴᠠᠩᠭᠠᠨ ᠶᠠᠳᠠᠷᠠᠨ᠂ ᠭᠣᠪᠢ ᠶ᠋ᠢᠨ ᠬᠣᠯᠠ ᠶ᠋ᠢ ᠲᠤᠭᠤᠯᠤᠨ ᠶᠠᠪᠤᠵᠤ ᠪᠠᠢᠵᠠᠢ ᠭᠡᠨ᠎ᠡ᠃
ᠪᠠᠰᠠᠷ᠄ ᠶᠠ᠂ ᠠᠭᠤᠴᠢᠯᠠᠭᠠᠷᠠᠢ᠃
ᠨᠠᠢᠷᠠᠭᠤᠯᠤᠭᠴᠢ᠄ ᠠ⁉
ᠪᠠᠰᠠᠷ᠄ ᠪᠢ ᠦᠷᠭᠦᠯᠵᠢᠯᠡᠭᠦᠯᠴᠢᠬᠡᠬᠦ ᠤᠤ?
ᠨᠠᠢᠷᠠᠭᠤᠯᠤᠭᠴᠢ᠄ ᠠᠭᠤᠴᠢᠯᠠᠭᠠᠷᠠᠢ᠂ ᠶᠠᠭᠠᠬᠢᠭᠰᠠᠨ ᠭᠡᠨ᠎ᠡ?
ᠪᠠᠰᠠᠷ᠄ ᠲᠦᠷᠦᠭᠦᠴᠢ ᠭᠡᠳ ᠶᠠᠩᠵᠤ ᠶ᠋ᠢᠨ ᠬᠣᠭᠣᠯᠠᠢ ᠲᠠᠢ ᠠᠬ᠎ᠠ ᠶ᠋ᠢ ᠰᠣᠨᠣᠰᠤᠯ᠎ᠠ᠂ ᠣᠳᠣ ᠪᠢ ᠨᠠᠢᠷᠠᠭᠤᠯᠤᠭᠠᠳ ᠶᠠᠪᠤᠴᠢᠬᠠᠬᠤ ᠤᠤ?ᠥᠩ
ᠨᠠᠢᠷᠠᠭᠤᠯᠤᠭᠴᠢ᠄ ᠠ᠂ ᠲᠡᠭᠡ ᠲᠡᠭᠡ᠃
ᠪᠠᠰᠠᠷ᠄ ᠪᠠᠶᠠᠷᠯᠠᠯ᠎ᠠ᠃
ᠪᠠᠰᠠᠷ᠄ ᠵᠠ᠂ ᠵᠣᠭᠰᠣᠭᠠᠷᠠᠢ᠃ ᠠ᠂ ᠵᠠ! ᠬᠡᠳᠦᠭᠦᠯᠡ ᠪᠡᠨ ᠢᠩᠭᠢᠵᠦ ᠶᠠᠪᠤᠨ᠎ᠠ᠃ ᠵᠠ᠂ ᠮᠠᠨ ᠤ᠋ ᠵᠦᠴᠦᠭᠡᠴᠢᠳ ᠪᠡᠯᠡᠨ ᠤᠤ? ᠵᠠ᠂ ᠶᠠᠪᠤᠭᠠᠷᠠᠢ ᠮᠠᠨ ᠤ᠋ ᠬᠢ ᠠ᠋᠂ ᠶᠠᠪᠤᠭᠠᠷᠠᠢ ᠃
ᠡᠷᠲᠡ ᠳᠡᠭᠡᠷ᠎ᠡ ᠦᠶ᠎ᠡ ᠳ᠋ᠦ᠍᠂ ᠭᠠᠯᠪᠠ ᠶ᠋ᠢᠨ ᠭᠣᠪᠢ ᠶ᠋ᠢᠨ ᠤᠷᠲᠤ ᠠ᠋ᠴᠠ ᠥᠭᠰᠥᠨ᠂ ᠢᠷᠲᠦ ᠵᠡᠪᠰᠡᠭ ᠢ᠋ᠶ᠋ᠡᠨ ᠠᠭᠰᠠᠭᠰᠠᠨ᠂ ᠡᠷᠡᠯᠬᠡᠭ ᠲᠦᠮᠡᠨ ᠴᠡᠷᠢᠭ᠂ ᠠ᠂ ᠠᠭᠤᠴᠢᠯᠠᠭᠠᠷᠠᠢ!
ᠬᠦᠷᠪᠡᠯ᠄ ᠶᠠᠭᠠᠬᠢᠭᠰᠠᠨ ᠶᠤᠮ ᠪᠣᠯ?
ᠪᠠᠰᠠᠷ᠄ ᠲᠠ ᠬᠡᠳᠦ ᠨᠢᠭᠡ ᠵᠢᠭᠠᠬᠠᠨ ᠶᠠᠳᠠᠷᠠᠭᠰᠠᠨ ᠴᠢᠷᠠᠢ ᠭᠠᠷᠭᠠᠮᠠᠷ ᠪᠠᠢᠨ᠎ᠠ᠃
ᠮᠥᠩᠬᠡ᠄ ᠶᠠᠳᠠᠷᠠᠭᠰᠠᠨ ᠴᠢᠷᠠᠢ?
ᠪᠠᠰᠠᠷ᠄ ᠪᠦᠷ ᠭᠠᠯᠪᠠ ᠶ᠋ᠢᠨ ᠭᠣᠪᠢ ᠶ᠋ᠢ ᠳᠤᠭᠤᠯᠤᠭᠠᠳ ᠪᠠᠢᠭ᠎ᠠ ᠶᠤᠮ ᠪᠢᠰᠢ ᠤᠤ? ᠠ᠂ ᠵᠢᠭᠠᠬᠠᠨ ᠵᠦᠴᠦᠭᠡᠴᠢᠨ ᠦ᠌ ᠤᠷ᠎ᠠ ᠴᠢᠳᠠᠪᠤᠷᠢ ᠪᠠᠢᠮᠠᠷ ᠶᠤᠮ ᠳᠠ᠃
ᠮᠠᠽᠠ᠄ ᠠ᠂ ᠢᠩᠭᠢᠵᠦ ᠤᠤ?
ᠪᠠᠰᠠᠷ᠄ ᠶᠡᠬᠡ ᠰᠢᠦ ᠶᠠᠳᠠᠷᠠᠮᠠᠷ ᠪᠠᠢᠨ᠎ᠠ᠃
ᠮᠠᠽᠠ᠄ ᠠ᠂ ᠪᠦᠷ ᠢᠩᠭᠢᠵᠦ ᠤᠤ?
ᠪᠠᠰᠠᠷ᠄ ᠦ ᠶᠠᠭ᠂ ᠵᠠ ᠦᠷᠭᠦᠯᠵᠢᠯᠡᠭᠦᠯᠦᠶ᠎ᠡ᠂ᠢᠷᠲᠦ ᠵᠡᠪᠰᠡᠭ ᠢ᠋ᠶ᠋ᠡᠨ ᠠᠭᠰᠠᠭᠰᠠᠨ᠂ᠡᠷᠡᠯᠬᠡᠭ ᠲᠦᠮᠡᠨ ᠴᠡᠷᠢᠭ᠂ ᠵᠠ ᠪᠠᠢᠵᠠ᠂ ᠲᠦᠮᠡᠨ ᠴᠡᠷᠢᠭ ᠭᠡᠰᠡᠨ ᠳᠡ ᠤᠭ ᠨᠢ᠂ ᠬᠡᠩ᠂ ᠦ᠂ok copy paste ᠁( ᠬᠠᠭᠤᠯᠵᠤ ᠨᠠᠭ᠎ᠠ᠁)᠂ ᠵᠠ ᠶᠠᠪᠤᠭᠠᠷᠠᠢ᠃ ᠦ? ᠶᠠ᠂ ᠺᠣᠮᠫᠢᠦ᠋ᠲ᠋ᠧᠷ ᠦ᠋ᠨ ᠬᠦᠴᠦᠨ ᠴᠢᠳᠠᠯ ᠬᠦᠷᠬᠦ ᠦᠭᠡᠢ ᠪᠠᠢᠭ᠎ᠠ ᠶᠤᠮ ᠪᠠᠢᠨ᠎ᠠ ᠯᠠ ᠳᠠ᠃ ᠵᠠ ᠪᠣᠯᠢᠶ᠎ᠠ ᠪᠣᠯᠢᠶ᠎ᠠ᠂ control z( ᠪᠤᠴᠠᠭᠠᠬᠤ ᠳᠠᠷᠤᠪᠴᠢ)᠂ ᠵᠠ ᠦᠷᠭᠦᠯᠵᠢᠯᠡᠭᠦᠯᠦᠶ᠎ᠡ᠂ ᠢᠳᠡ ᠴᠠᠩᠭᠠᠨ ᠭᠣᠪᠢ ᠶ᠋ᠢᠨ ᠬᠣᠯᠠ ᠶ᠋ᠢ ᠲᠤᠭᠤᠯᠤᠨ ᠶᠠᠪᠤᠵᠤ ᠪᠠᠢᠵᠠᠢ ᠭᠡᠨ᠎ᠡ᠃ ᠲᠡᠭᠡᠲᠡᠯ᠎ᠡ ᠬᠠᠨ ᠪᠣᠭᠳᠠ ᠠᠭᠤᠯᠠ ᠶ᠋ᠢᠨ ᠡᠵᠡᠨ ᠴᠠᠭᠠᠨ ᠲᠡᠮᠡᠭᠡ ᠤᠨᠤᠭᠰᠠᠨ᠂ ᠨᠣᠭᠣᠭᠠᠨ ᠲᠣᠷᠭᠠᠨ ᠳᠡᠪᠡᠯ ᠲᠡᠢ᠂ ᠭᠠᠷ ᠲᠤ᠌ ᠪᠠᠨ ᠯᠢᠮᠪᠦ ᠬᠥᠭᠵᠢᠮ ᠪᠠᠷᠢᠭᠰᠠᠨ ᠪᠣᠷᠣ ᠴᠠᠷᠠᠢ ᠲᠠᠢ ᠪᠦᠰᠡᠭᠦᠢ ᠭᠡᠨᠡᠳᠲᠡ ᠭᠠᠷᠴᠤ ᠢᠷᠡᠵᠡᠢ ᠭᠡᠨ᠎ᠡ᠃
ᠲᠤᠩᠬᠤ᠄ ᠰᠠᠢᠨ ᠪᠠᠢᠵᠠᠭᠠᠨ᠎ᠠ ᠤᠤ?
ᠪᠠᠰᠠᠷ᠄ ᠱᠢᠷᠦᠨ ᠤᠯᠠᠭᠠᠨ ᠲᠡᠮᠡᠭᠡ ᠡᠭᠡᠴᠢ ᠠ᠋᠂ ᠴᠠᠭᠠᠨ ᠲᠡᠮᠡᠭᠡ ᠭᠡᠳ ᠪᠠᠢᠬᠤ ᠳ᠋ᠤ᠌ ᠳᠠ᠃
ᠲᠤᠩᠬᠤ᠄ ᠬᠢ ᠬᠢ᠃
ᠲᠡᠮᠡᠭᠡ᠄ ᠬᠡ ᠬᠡ᠂ ᠡᠭᠡᠴᠢ ᠶᠠᠭᠠᠬᠢᠵᠤ ᠴᠠᠭᠠᠨ ᠪᠣᠯᠬᠤᠪ ᠳᠠ᠃
ᠪᠠᠰᠠᠷ᠄ ᠵᠠ ᠪᠠᠢᠵᠤ ᠪᠠᠢᠭᠠᠷᠠᠢ᠂ Photoshop ( ᠪᠣᠳᠣᠭ ᠣᠷᠣᠭᠤᠯᠳᠠᠭ ᠵᠥᠭᠡᠯᠡᠨ ᠲᠣᠨᠣᠭ ᠤ᠋ᠨ ᠨᠡᠷ᠎ᠡ )᠂ ᠦ
ᠲᠡᠮᠡᠭᠡ᠄ ᠫᠥᠬᠥ᠂ ᠶᠠᠭᠠᠬᠢᠭᠰᠠᠨ ᠰᠣᠨᠢᠨ ᠶᠤᠮ ᠪᠣᠢ ᠬᠡ᠃
ᠪᠠᠰᠠᠷ᠄ ᠵᠠ ᠦᠷᠭᠦᠯᠵᠢᠯᠡᠭᠦᠯᠦᠶ᠎ᠡ᠂ ᠲᠡᠭᠡᠭᠡᠳ ᠲᠡᠷᠡ ᠠᠭᠤᠯᠠ ᠶ᠋ᠢᠨ ᠡᠵᠡᠨ ᠨᠢ ᠢᠩᠭᠢᠵᠦ ᠬᠡᠯᠡᠵᠡᠢ᠃
ᠲᠤᠩᠬᠤ᠄ ᠵᠠ ᠲᠠ ᠨᠠᠷ ᠮᠢᠨᠢ ᠡᠬᠡ ᠣᠷᠣᠨ ᠢ᠋ᠶ᠋ᠠᠨ ᠬᠠᠮᠠᠭᠠᠯᠠᠵᠤ ᠶᠠᠪᠤᠭ᠎ᠠ ᠡᠷᠡᠯᠬᠡᠭ ᠬᠡᠦᠬᠡᠳ ᠦ᠋ᠳ ᠪᠠᠢᠨ᠎ᠠ᠃
ᠮᠠᠽᠠ᠄ ᠡᠷᠡᠴᠦᠳ ᠭᠡᠵᠡᠢ᠂ ᠬᠢ ᠬᠢ
ᠲᠤᠩᠬᠤ᠄ ᠦ᠂ ᠦ ᠬᠢ ᠬᠢ ᠬᠢ᠂ ᠲᠡᠢᠮᠦ ᠰᠢᠳᠡ᠂ ᠡᠷᠡᠴᠦᠳ ᠪᠠᠢᠨ᠎ᠠ᠂ ᠤᠮᠳᠠᠭᠠᠰᠴᠤ ᠶᠠᠳᠠᠷᠠᠵᠤ ᠶᠠᠪᠤᠭ᠎ᠠ ᠪᠣᠯᠪᠠ ᠤᠤ? ᠡᠨᠡᠭᠦᠬᠡᠨ ᠠᠭᠤᠯᠠ ᠶ᠋ᠢᠨ ᠪᠠᠯ ᠳ᠋ᠤ᠌ ᠤᠮᠳᠠᠭᠠᠰᠤᠭᠰᠠᠨ ᠬᠥᠮᠦᠨ ᠪᠦᠬᠦᠨ ᠢ᠋ ᠤᠮᠳᠠᠯᠠᠬᠤ ᠰᠢᠳᠢ ᠲᠡᠢ ᠤᠮᠳᠠᠢ ᠶ᠋ᠢᠨ ᠭᠣᠣᠯ ᠭᠡᠵᠦ ᠪᠣᠢ᠂ ᠣᠴᠢᠵᠤ ᠲᠡᠷᠡ ᠭᠣᠣᠯ ᠠ᠋ᠴᠠ ᠴᠠᠩᠭᠠᠭ᠎ᠠ ᠪᠠᠨ ᠲᠠᠢᠯ ᠳᠠ᠃
ᠪᠠᠰᠠᠷ᠄ ᠡᠢᠨ ᠤᠮᠳᠠᠢ ᠶ᠋ᠢᠨ ᠭᠣᠣᠯ ᠤ᠋ᠨ ᠤᠰᠤᠨ ᠠ᠋ᠴᠠ ᠡᠷᠡᠯᠬᠡᠭ ᠴᠡᠷᠢᠭ ᠦ᠋ᠳ ᠤᠤᠭᠤᠵᠠᠭᠠᠨ᠂ ᠡᠬᠡ ᠣᠷᠣᠨ ᠳ᠋ᠤ᠌ ᠪᠠᠨ ᠠᠶᠤᠯ ᠦᠭᠡᠢ ᠡᠰᠡᠨ ᠮᠡᠨᠳᠦ ᠪᠤᠴᠠᠭᠰᠠᠨ ᠭᠡᠳᠡᠭ᠃
ᠪᠢᠳᠡ ᠪᠦᠬᠦᠨ ᠦ᠌ ᠡᠮᠦᠨᠡᠭᠣᠪᠢ ᠨᠤᠲᠤᠭ ᠢ᠋ᠶ᠋ᠠᠷ ᠠᠶᠠᠯᠠᠭᠰᠠᠨ ᠠᠶᠠᠯᠠᠯ ᠡᠢᠨᠬᠦ ᠠᠵᠠ ᠵᠢᠷᠭᠠᠯ ᠲᠠᠢ ᠪᠠᠶᠠᠷ ᠪᠠᠶᠠᠰᠤᠯ ᠲᠠᠢ᠂ ᠥᠷᠭᠡᠴᠡ ᠲᠡᠢ ᠰᠠᠢᠬᠠᠨ ᠥᠩᠭᠡᠷᠡᠭᠰᠡᠨ ᠶᠦ᠍ᠮ᠃
ᠬᠦᠷᠪᠡᠯ᠄ ᠳᠠᠬᠢᠨ ᠢᠷᠡᠭᠡᠷᠡᠢ!
ᠮᠣᠭᠣᠯ᠄ ᠡᠷᠭᠢᠨ ᠢᠷᠡᠬᠦ ᠳ᠋ᠦ᠍ ᠨᠢ ᠠᠭᠤᠯᠵᠠᠵᠠᠭᠠᠶ᠎ᠠ!
ᠲᠡᠮᠡᠭᠡ᠂ ᠮᠤᠨᠳᠠᠭ ᠰᠢᠦ ᠮᠢᠨᠦ ᠳᠡᠭᠦᠦ ᠨᠠᠷ᠂ ᠪᠠᠶᠠᠷᠲᠠᠢ!
ᠬᠤᠯᠠᠨ᠄ ᠪᠠᠶᠠᠷᠲᠠᠢ᠂ ᠨᠠᠢᠵᠠ ᠨᠤᠭᠤᠳ ᠠ᠋᠃
ᠮᠥᠩᠬᠡ᠄ ᠲᠠ ᠨᠠᠷ ᠢ᠋ ᠪᠡᠨ ᠴᠤ᠌ ᠮᠥᠨ ᠶᠡᠬᠡ ᠰᠠᠨᠠᠨ᠎ᠠ ᠳᠠ!
ᠲᠤᠩᠬᠤ᠄ ᠲᠠ ᠨᠠᠷ ᠲᠤ᠌ ᠪᠠᠨ ᠬᠠᠢᠷᠠᠲᠠᠢ ᠰᠢᠦ!
ᠴᠠᠰᠤᠬᠠᠨ᠄ ᠲᠠ ᠪᠦᠬᠦᠨ ᠮᠠᠨᠢ ᠰᠠᠢᠨ ᠰᠠᠭᠤᠵᠠᠭᠠᠵᠤ ᠪᠠᠢᠭᠠᠷᠠᠢ!
ᠪᠠᠰᠠᠷ᠄ ᠨᠠᠰᠤᠨ ᠤ᠋ ᠨᠠᠢᠵᠠ ᠨᠤᠭᠤᠳ
ᠮᠠᠽᠠ᠄ ᠨᠠᠢᠵᠠ ᠨᠢ ᠨᠡᠢᠰᠯᠡᠯ ᠬᠣᠲᠠ ᠳ᠋ᠤ᠌ ᠪᠠᠨ ᠵᠣᠷᠢᠭ᠌ᠰᠠᠨ ᠬᠡᠷᠡᠭ ᠢ᠋ᠶ᠋ᠡᠨ ᠪᠤᠳᠦᠭᠡᠴᠢᠭᠡᠭᠡᠳ ᠡᠷᠭᠢᠭᠡᠳ ᠢᠷᠡᠨ᠎ᠡ᠂ ᠬᠠᠢᠷᠠᠲᠠᠢ ᠰᠢᠦ ᠲᠠ ᠨᠠᠷ ᠲᠤ᠌ ᠪᠠᠨ᠂ ᠤᠳᠠᠬᠤ ᠦᠭᠡᠢ ᠠᠭᠤᠯᠵᠠᠶ᠎ᠠ᠃
ᠪᠠᠰᠠᠷ᠄ ᠬᠣᠭ ᠢ᠋ᠶ᠋ᠠᠨ ᠬᠠᠶᠠᠬᠤ ᠦᠭᠡᠢ ᠠᠪᠤᠭᠠᠳ ᠶᠠᠪᠤᠬᠤ ᠪᠠᠷ ᠪᠦᠷ ᠨᠢᠭᠡ ᠰᠡᠳᠬᠢ ᠥᠶᠥᠭ ᠭᠣᠶᠣ ᠶᠤᠮ ᠂ ᠲᠡᠢᠮᠦ᠃
ᠮᠠᠽᠠ᠄ ᠬᠠᠷᠢᠨ ᠲᠡᠢᠮᠦ ᠠ᠋᠂ ᠪᠦᠷ ᠨᠢᠭᠡ ᠭᠣᠶᠣ ᠬᠣᠭᠣᠯᠠ ᠢᠳᠡᠭᠰᠡᠨ ᠶᠦ᠍ᠮ ᠰᠢᠭ᠃
ᠮᠥᠩᠬᠡ᠄ ᠶᠠᠭ ᠲᠡᠢᠮᠦ᠂ ᠶᠠᠩᠵᠤ ᠶ᠋ᠢᠨ ᠭᠣᠶᠣ ᠬᠣᠭᠣᠯᠠ ᠪᠠᠢᠳᠠᠭ ᠳᠠ᠂ ᠲᠡᠢᠮᠦ᠂ ᠨᠥᠭᠦᠭᠡ ᠨᠢᠭᠡ ᠶᠡᠬᠡ ᠭᠣᠶᠣ ᠬᠣᠭᠣᠯᠠ᠃
ᠲᠤᠩᠬᠤ᠄ ᠲᠡᠢᠮᠦ ᠲᠡᠢᠮᠦ᠂ ᠨᠢᠭᠡ ᠲᠡᠢᠮᠦ ᠭᠣᠶᠣ ᠬᠣᠭᠣᠯᠠ ᠢᠳᠡᠴᠢᠬᠡᠭᠰᠡᠨ ᠶᠦ᠍ᠮ ᠰᠢᠭ ᠰᠡᠳᠬᠢᠯ ᠥᠶᠥᠭ ᠪᠠᠢᠬᠤ ᠶᠤᠮ ᠳᠠ᠃
ᠮᠠᠽᠠ᠄ ᠮᠢᠨᠦ ᠨᠠᠢᠵᠠ ᠪᠠᠢᠭᠠᠯᠢ ᠳ᠋ᠤ᠌ ᠬᠣᠭ ᠢ᠋ᠶ᠋ᠠᠨ ᠬᠠᠶᠠᠭᠠᠳ ᠶᠠᠪᠤᠳᠠᠭ ᠦᠭᠡᠢ ᠪᠢᠵᠡ ᠳᠡ᠃
ᠪᠠᠰᠠᠷ᠄ ᠮᠠᠨ ᠤ᠋ ᠨᠠᠢᠵᠠ ᠮᠤᠨᠳᠠᠭ᠂ ᠦᠭᠡᠢ ᠪᠠᠢᠬ᠎ᠠ ᠠ᠋᠂ ᠬᠠᠶᠠᠳᠠᠭ ᠦᠭᠡᠢ ᠪᠢᠵᠡ ᠳᠡ᠃
ᠮᠠᠽᠠ᠄ ᠬᠠᠷᠢᠨ ᠲᠡᠢᠮᠦ᠂ ᠦᠭᠡᠢ ᠪᠢᠵᠡ ᠳᠡ᠃
ᠮᠥᠩᠬᠡ᠄ ᠬᠣᠭ ᠢ᠋ᠶ᠋ᠠᠨ ᠪᠠᠢᠭᠠᠯᠢ ᠳ᠋ᠤ᠌ ᠬᠠᠶᠠᠳᠠᠭ ᠦᠭᠡᠢ ᠪᠢᠵᠡ ᠳᠡ᠃
ᠲᠤᠩᠬᠤ᠄ ᠦᠭᠡᠢ ᠪᠢᠵᠡ ᠳᠡ᠃
ᠪᠦᠭᠦᠳᠡᠭᠡᠷ᠄ ᠦᠭᠡᠢ ᠪᠢᠵᠡ ᠳᠡ᠁᠁
ᠬᠣᠭ ᠢ᠋ᠶ᠋ᠠᠨ ᠪᠠᠢᠭᠠᠯᠢ ᠳ᠋ᠤ᠌ ᠬᠣᠭ ᠬᠠᠶᠠᠳᠠᠭ ᠦᠭᠡᠢ ᠮᠤᠨᠳᠠᠭ ᠬᠡᠦᠬᠡᠳ ᠪᠠᠢᠭᠠᠷᠠᠢ!
ᠵᠡᠭᠦᠯᠲᠡ᠄
oh yes ᠊᠊᠊᠊᠊᠊᠊᠊᠊ ᠵᠠ ᠲᠡᠭᠡᠶ᠎ᠡ ᠭᠡᠰᠡᠨ ᠠᠩᠭ᠌ᠯᠢ ᠦᠭᠡ
(hey yo~ what's up what's up ᠊᠊᠊᠊᠊᠊᠊᠊᠊᠊ ᠵᠠ᠂ ᠰᠠᠢᠨ ᠪᠠᠢᠨ᠎ᠠ ᠤᠤ ᠭᠡᠰᠡᠨ ᠠᠩᠭ᠌ᠯᠢ ᠦᠭᠡ
yes please ᠊᠊᠊᠊᠊᠊᠊᠊᠊ ᠲᠡᠭᠡ! ᠲᠠ ᠶᠠᠷᠢᠭᠠᠷᠠᠢ ᠭᠡᠰᠡᠨ ᠠᠩᠭ᠌ᠯᠢ ᠦᠭᠡ
Trabosaurus ᠊᠊᠊᠊᠊᠊᠊᠊᠊ ᠨᠢᠭᠡ ᠵᠦᠢᠯ ᠦ᠋ᠨ ᠦᠯᠭᠡ ᠬᠦᠷᠪᠡᠯ ᠦ᠋ᠨ ᠨᠡᠷ᠎ᠡ
Roy Chapman Andrews ᠊᠊᠊᠊᠊᠊᠊᠊᠊ ᠬᠥᠮᠦᠨ ᠦ᠌ ᠨᠡᠷ᠎ᠡ
copy paste ᠊᠊᠊᠊᠊᠊᠊᠊ ᠺᠣᠮᠫᠢᠦ᠋ᠲ᠋ᠧᠷ ᠦ᠋ᠨ ᠬᠠᠭᠤᠯᠵᠤ ᠨᠠᠭᠠᠬᠤ ᠴᠢᠳᠠᠮᠵᠢ ᠶ᠋ᠢ ᠬᠡᠯᠡᠵᠦ ᠪᠠᠢᠨ᠎ᠠ
control z ᠊᠊᠊᠊᠊᠊᠊᠊᠊ ᠺᠣᠮᠫᠢᠦ᠋ᠲ᠋ᠧᠷ ᠦ᠋ᠨ ᠪᠤᠴᠠᠭᠠᠬᠤ ᠴᠢᠳᠠᠮᠵᠢ ᠪᠦᠬᠦᠢ ᠳᠠᠷᠤᠪᠴᠢ ᠨᠤᠭᠤᠳ
Photoshop ᠊᠊᠊᠊᠊᠊᠊᠊᠊᠊᠊ ᠪᠣᠳᠣᠭ ᠣᠷᠣᠭᠤᠯᠳᠠᠭ ᠵᠥᠭᠡᠯᠡᠨ ᠲᠣᠨᠣᠭ ᠤ᠋ᠨ ᠨᠡᠷ᠎ᠡ
 
   ᠦᠰᠦᠭ ᠠᠮᠢᠯᠠᠭᠤᠯᠵᠤ ᠬᠠᠲᠠᠭᠰᠠᠨ ᠨᠢ᠄ ᠾᠦᠩ ᠸᠧᠢ
   ᠬᠢᠨᠠᠭᠴᠢ᠄ ᠱᠤᠳᠤᠷᠭᠤ᠂ ᠡᠷᠳᠡᠨᠢᠪᠢᠯᠢᠭ᠂ ᠬᠠᠨᠳᠠ( ᠮᠣᠩᠭᠣᠯ ᠤᠯᠤᠰ)᠂ ᠮᠥᠴᠢᠷ