1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 4-04Мөнх ТунхMunkh Tunkh

ᠮᠥᠩᠬᠡ ᠲᠤᠩᠬᠤ 4-04Мөнх ТунхMunkh Tunkh

2023-08-17

313

ᠮᠥᠩᠬᠡ ᠲᠤᠩᠬᠤ 4-04

ᠮᠠᠢ ᠮᠠᠢ ᠮᠠᠢ(ᠬᠣᠨᠢ ᠢᠮᠠᠭᠠᠨ ᠤ᠋ ᠮᠠᠢᠯᠠᠬᠤ ᠳᠠᠭᠤ)
ᠮᠥᠩᠬᠡ᠄ ᠬᠠᠯᠠᠭᠤᠨ ᠪᠠᠢᠨ᠎ᠠ᠂ᠬᠠᠯᠭᠤᠨ ᠪᠠᠢᠨ᠎ᠠ᠂ᠬᠠᠯᠠᠭᠤᠨ ᠪᠠᠢᠨ᠎ᠠ᠂ ᠶᠧ᠂ᠬᠠᠯᠠᠭᠤᠨ ᠪᠠᠢᠨ᠎ᠠ᠂ᠬᠠᠯᠠᠭᠤᠨ ᠪᠠᠢᠨ᠎ᠠ᠂ᠬᠠᠯᠠᠭᠤᠨ ᠪᠠᠢᠨ᠎ᠠ᠂ ᠶᠧ ᠶᠧ᠂ ᠭᠡᠷ ᠲᠦ᠍ ᠬᠠᠯᠠᠭᠤᠨ ᠪᠠᠢᠨ᠎ᠠ᠂ ᠭᠠᠳᠠᠭ᠎ᠠ ᠬᠠᠯᠠᠭᠤᠨ ᠪᠠᠢᠨ᠎ᠠ᠂ ᠶᠡᠷᠦ ᠨᠢ ᠬᠠᠯᠠᠭᠤᠨ ᠪᠠᠢᠨ᠎ᠠ᠂ ᠬᠠᠮᠢᠭ᠎ᠠ ᠰᠠᠢ ᠦᠭᠡᠢ ᠬᠠᠯᠠᠭᠤᠨ ᠪᠠᠢᠨ᠎ᠠ᠂ ᠶᠧ ᠶᠧ
ᠲᠤᠩᠬᠤ᠄ ᠬᠡ ᠬᠡ᠂ ᠨᠠᠭᠠᠳᠤᠬᠢ ᠴᠢᠨᠢ ᠮᠠᠨ ᠤ᠋ ᠭᠡᠷᠸᠮᠢ ᠶ᠋ᠢᠨ ᠳᠠᠭᠤᠤ ᠪᠢᠰᠢ ᠪᠢᠯᠡ ᠤᠤ?
ᠮᠥᠩᠬᠡ᠄ ᠬᠠ ᠬᠡ ᠬᠡ᠂ ᠳᠠᠬᠢ!
ᠲᠤᠩᠬᠤ᠄ ᠬᠦᠢᠲᠡᠨ ᠪᠠᠢᠨ᠎ᠠ ᠭᠡᠳᠡᠭ ᠦᠭᠡᠢ ᠪᠢᠯᠡ ᠤᠤ?
ᠮᠥᠩᠬᠡ᠄ ᠳᠠᠬᠢ!
ᠲᠤᠩᠬᠤ᠄ ᠲᠡᠭᠡᠭᠡᠳ᠁ ᠶᠣ᠂ ᠵᠠ ᠦᠷᠭᠦᠯᠵᠢᠯᠡᠭᠦᠯᠦᠭᠡᠳ ᠶᠠᠭᠤᠮ᠎ᠠ ᠠᠰᠠᠭᠤᠬᠤ ᠭᠡᠰᠡᠨ ᠴᠢᠨᠢ ᠪᠢ ᠶᠠᠷᠢᠵᠤ ᠴᠢᠳᠠᠬᠤ ᠦᠭᠡᠢ ᠨᠢ ᠠ᠋ ᠃ ᠪᠢ ᠴᠢᠳᠠᠬᠤ ᠦᠭᠡᠢ ᠨᠢ ᠠ᠋ ᠃
ᠮᠥᠩᠬᠡ᠄ ᠪᠢ ᠪᠠᠰᠠ ᠴᠢᠳᠠᠬᠤ ᠦᠭᠡᠢ ᠨᠢ ᠠ᠋ ᠃ ᠬᠠᠯᠠᠭᠤᠨ ᠪᠠᠢᠭ᠎ᠠ ᠶᠤᠮ ᠴᠢᠨᠢ᠂ ᠤᠨᠲᠠᠭᠠᠳ ᠳᠠᠭᠤᠰᠬᠤ ᠤᠤ?
ᠠᠷᠸ᠎ᠠ᠄ ᠵᠠ ᠮᠠᠨ ᠤ᠋ ᠬᠢ ᠠ᠋᠂ ᠠᠶᠠᠯᠠᠵᠠᠭᠠᠬᠤ ᠤᠤ ᠳᠠ?
ᠲᠤᠩᠬᠤ᠄ oh yes
ᠮᠥᠩᠬᠡ᠄ oh yes
ᠠᠷᠸ᠎ᠠ᠄ ᠵᠠ! ᠮᠠᠨ ᠤ᠋ ᠬᠢ ᠠ᠋᠂ ᠶᠠᠭᠤ ᠬᠢᠵᠡᠭᠡᠵᠦ ᠪᠠᠢᠪᠠ ᠳᠠ?
ᠮᠥᠩᠬᠡ᠄ ᠶᠣ ᠶᠣ᠂ ᠪᠦᠷ ᠬᠠᠯᠠᠭᠤᠴᠠᠭᠠᠳ ᠯᠠ ᠪᠠᠢᠵᠤ ᠪᠠᠢᠯ᠎ᠠ᠃
ᠲᠤᠩᠬᠤ᠄ ᠬᠠᠷᠢᠨ ᠲᠡᠢᠮᠦ ᠠ᠋᠂ ᠨᠡᠭᠡᠷᠡᠨ ᠮᠥᠩᠬᠡ ᠠ᠋᠂
ᠮᠥᠩᠬᠡ᠄ ᠠ?
ᠲᠤᠩᠬᠤ᠄ ᠠᠷᠸ᠎ᠠ ᠠᠬ᠎ᠠ ᠶ᠋ᠢᠨ ᠯᠠᠪᠠᠷᠲ᠋ᠤᠷ(ᠲᠤᠷᠰᠢᠯᠲᠠ ᠶ᠋ᠢᠨ ᠲᠠᠰᠤᠭ) ᠲᠤ᠌ ᠣᠷᠣᠭᠠᠳ ᠢᠷᠡᠬᠦ ᠪᠠᠢᠭ᠍ᠰᠠᠨᠶᠣᠮ ᠪᠠᠢᠨ᠎ᠠ ᠰᠢᠦ ᠳᠡ! ᠺᠤᠨᠳᠡᠢᠰᠦᠨ ᠳ᠋ᠦ᠍ ᠪᠡᠨ ᠶᠠᠩᠵᠤ ᠶ᠋ᠢᠨ ᠰᠡᠷᠢᠭᠦᠬᠡᠨ ᠪᠠᠢᠨ᠎ᠠ ᠰᠢᠦ᠃
ᠮᠥᠩᠬᠡ᠄ ᠪᠢ ᠪᠢ ᠪᠢ ᠮᠡᠳᠡᠵᠦ ᠯᠠ ᠪᠠᠢᠭᠰᠠᠨ ᠯᠠ ᠳᠠ᠂ ᠵᠦᠭᠡᠷ ᠬᠠᠯᠠᠭᠤᠴᠠᠮᠠᠷ ᠪᠠᠢᠭᠰᠠᠨ ᠪᠠᠢᠬᠤ ᠦᠭᠡᠢ ᠤᠤ᠂ ᠬᠡ ᠬᠡ
ᠲᠤᠩᠬᠤ᠄ ᠬᠤᠳᠠᠯ ᠶᠠᠷᠢᠭᠠᠳ ᠯᠠ᠁
ᠠᠷᠸ᠎ᠠ᠄ ᠥᠨᠥᠳᠥᠷ ᠠᠬ᠎ᠠ ᠨᠢ ᠲᠠ ᠬᠡᠳᠦ ᠶ᠋ᠢᠨ ᠭᠤᠶᠤᠭᠠᠳ ᠪᠠᠢᠭᠰᠠᠨ ᠵᠦᠢᠯ ᠢ᠋ ᠪᠡᠶᠡᠯᠡᠭᠦᠯᠦᠨ᠎ᠡ ᠳᠡ᠃
ᠮᠥᠩᠬᠡ᠄ ᠸᠠ ᠧᠦ᠂ ᠪᠣᠯᠴᠢᠬᠠᠭᠰᠠᠨ ᠶᠤᠮ ᠤᠤ?
ᠠᠷᠸ᠎ᠠ᠄ ᠪᠣᠯᠴᠢᠬᠠᠭᠰᠠᠨ᠃
ᠲᠤᠩᠬᠤ᠄ ᠸᠠ᠂ ᠨᠡᠭᠡᠷᠡᠨ ᠶᠦ᠍ᠮ ᠤᠤ?
ᠠᠷᠸ᠎ᠠ᠄ ᠬᠡ ᠬᠡ᠂ ᠨᠡᠭᠡᠷᠡᠨ᠃ ᠵᠠ᠂ ᠠᠬ᠎ᠠ ᠨᠢ ᠲᠠ ᠳᠥᠷᠪᠡ ᠳ᠋ᠦ᠍ ᠪᠠᠨᠵᠣᠷᠢᠭᠤᠯᠤᠨ᠂ ᠠᠷᠪᠠᠨ ᠳᠥᠷᠪᠡ ᠬᠣᠨᠣᠭ ᠲᠤ᠌ ᠪᠠᠨ ᠨᠢᠭᠡ ᠤᠳᠠᠭ᠎ᠠ ᠲᠣᠭᠯᠠᠭᠠᠮ ᠤ᠋ᠨ ᠡᠳᠦᠷ ᠢ᠋ ᠵᠣᠬᠢᠶᠠᠨ ᠪᠠᠢᠭᠤᠯᠵᠤ ᠪᠠᠢᠬᠤ ᠪᠠᠷ ᠪᠣᠯᠤᠯ᠎ᠠ᠃
ᠮᠥᠩᠬᠡ: ᠸᠠ ᠬᠠ oh yes
ᠲᠤᠩᠬᠤ᠄ yes᠁
ᠠᠷᠸ᠎ᠠ᠄ ᠲᠠ ᠳᠥᠷᠪᠡ ᠳ᠋ᠦ᠍ ᠪᠡᠨ ᠵᠣᠷᠢᠭᠤᠯᠤᠭᠰᠠᠨ ᠥᠪᠡᠷ ᠥᠪᠡᠷᠰᠡᠳ ᠦ᠋ᠨ ᠴᠢᠨᠢ ᠳᠤᠷᠠᠲᠠᠢ ᠵᠦᠢᠯ ᠢ᠋ᠶ᠋ᠡᠷ ᠴᠢᠮᠡᠭᠯᠡᠭᠰᠡᠨ Game day ᠥᠷᠥᠭᠡ ᠪᠡᠯᠡᠳᠦᠭᠰᠡᠨ ᠪᠠᠢᠭ᠎ᠠ᠃ ᠮᠠᠨ ᠤ᠋ CYBER ZONE  ᠶᠢᠨ ᠬᠣᠶᠠᠷ ᠠᠬ᠎ᠠ ᠠ᠋ᠴᠠ ᠥᠭᠭᠦᠭᠰᠡᠨ ᠬᠠᠮᠤᠭ ᠤ᠋ᠨ ᠰᠡᠭᠦᠯ ᠦ᠋ᠨ ᠦᠶ᠎ᠡ ᠶ᠋ᠢᠨ ᠥᠨᠳᠥᠷ ᠦᠵᠡᠭᠦᠯᠦᠯᠲᠡ ᠲᠡᠢ ᠺᠤᠮᠫᠢᠦᠢ᠍ᠳ᠋ᠸᠷ ᠣᠳ᠃
ᠮᠥᠩᠬᠡ ᠲᠤᠩᠬᠤ᠄ ᠸᠠ᠁
ᠪᠠᠰᠠᠷ᠄ ᠥᠩ᠂ᠶᠠᠭᠠᠬᠢᠭᠰᠠᠨ ᠶᠤᠮ᠂ ᠭᠣᠶᠣ ᠺᠣᠮᠫᠢᠦ᠋ᠲ᠋ᠧᠷ ᠠᠪᠴᠢᠬᠠᠭᠰᠠᠨ ᠶᠤᠮ ᠴᠢᠨᠢ реклама(ᠵᠠᠷ ᠰᠤᠷᠲᠠᠯᠴᠢᠯᠠᠭ᠎ᠠ) ᠶ᠋ᠢ ᠨᠢ ᠬᠢᠬᠦ ᠦᠭᠡᠢ ᠭᠡᠳ ᠶᠠᠭᠠᠬᠢᠳᠠᠭ ᠶᠤᠮ!᠂ ᠬᠡ ᠬᠡ
ᠠᠷᠸ᠎ᠠ᠄ ᠬᠦᠰᠡᠭᠰᠡᠨ ᠲᠣᠭᠯᠠᠭᠠᠮ ᠢ᠋ᠶ᠋ᠠᠨ᠂ ᠮᠡᠳᠡᠭᠡᠵᠢ ᠬᠡᠦᠬᠡᠳ ᠲᠦ᠍ ᠵᠣᠷᠢᠭᠤᠯᠤᠭᠰᠠᠨ ᠲᠣᠭᠯᠠᠭᠠᠮ ᠤ᠋ᠳ ᠪᠠᠢᠨ᠎ᠠ᠂ ᠬᠦᠰᠡᠭᠰᠡᠨ ᠲᠣᠭᠯᠠᠭᠠᠮ ᠢ᠋ᠶ᠋ᠠᠨ ᠰᠣᠩᠭᠣᠭᠠᠳ ᠲᠣᠭᠯᠠᠬᠤ ᠨᠢᠭᠡ ᠡᠳᠦᠷ ᠦ᠋ᠨ ᠰᠠᠨᠠᠯ ᠪᠣᠯᠭᠠᠵᠤ ᠪᠠᠢᠨ᠎ᠠ᠂ ᠵᠠ᠂ ᠠᠶᠠᠯᠠᠵᠠᠭᠠᠬᠤ ᠤᠤ ᠳᠠ!
ᠮᠥᠩᠬᠡ᠄ ᠸᠠ ᠧᠦ᠂oh yes
ᠲᠤᠩᠬᠤ᠄ yes yes
ᠮᠥᠩᠬᠡ᠄ ᠸᠠ ᠧᠦ᠂oh my god ᠁ ᠁(ᠪᠤᠷᠬᠠᠨ ᠮᠢᠨᠢ ᠁ ᠁)
ᠲᠤᠩᠬᠤ᠄ ᠶᠠᠮᠠᠷ ᠭᠣᠶᠣ ᠪᠣᠢ?so cute so cute ᠁ ᠁(ᠶᠠᠮᠠᠷ ᠬᠥᠭᠡᠷᠦᠬᠦᠨ ᠶᠦ᠍ᠮ ᠪᠣᠢ᠁ ᠁)
ᠪᠠᠰᠠᠷ ᠄ Honey I'm home (ᠪᠢ ᠭᠡᠷ ᠲᠦ᠍ ᠪᠡᠨ ᠢᠷᠡᠯ᠎ᠡ ᠂ ᠬᠣᠩᠭᠣᠷ ᠮᠢᠨᠢ!)
ᠴᠠᠰᠤᠬᠠᠨ᠄ ᠶᠠᠭ ᠮᠢᠨᠦ ᠳᠤᠷᠠᠲᠠᠢ ᠵᠠᠰᠠᠯ ᠴᠢᠮᠡᠭᠯᠡᠯ ᠲᠡᠢ ᠢᠩᠭᠢᠭᠡᠴᠢ᠃
ᠮᠠᠰᠢᠨ ᠬᠥᠮᠦᠨ᠄ ᠰᠠᠢᠨ ᠪᠠᠢᠵᠠᠭᠠᠨ᠎ᠠ ᠤᠤ᠂ ᠲᠣᠭᠯᠠᠭᠠᠮ ᠤ᠋ᠨ ᠳᠦᠷᠢᠮ ᠢ᠋ ᠲᠠᠨᠢᠯᠴᠠᠭᠤᠯᠤᠶ᠎ᠠ᠂ ᠡᠨᠡ ᠲᠣᠭᠯᠠᠭᠠᠮ ᠪᠣᠯOnline (ᠲᠣᠭᠯᠠᠭᠠᠮ ᠤ᠋ᠨ ᠨᠡᠷ᠎ᠡ) ᠳ᠋ᠦ᠍ ᠨᠠᠢᠵᠠ ᠨᠤᠭᠤᠳ ᠲᠠᠢ ᠪᠠᠨ ᠬᠠᠮᠲᠤ ᠲᠣᠭᠯᠠᠳᠠᠭ᠂ ᠡᠨᠡ ᠲᠣᠭᠯᠠᠭᠠᠮ ᠪᠣᠯOnline (ᠲᠣᠭᠯᠠᠭᠠᠮ ᠤ᠋ᠨ ᠨᠡᠷ᠎ᠡ) ᠳ᠋ᠦ᠍ ᠨᠠᠢᠵᠠ ᠨᠤᠭᠤᠳ ᠲᠠᠢ ᠪᠠᠨ ᠬᠠᠮᠲᠤ ᠲᠣᠭᠯᠠᠳᠠᠭOpen world game(ᠳᠡᠯᠡᠬᠡᠢ ᠳ᠋ᠦ᠍ ᠨᠡᠭᠡᠭᠡᠯᠲᠡᠲᠡᠢ ᠲᠣᠭᠯᠠᠭᠠᠮ)ᠥᠪᠡᠷ ᠦ᠋ᠨ ᠢ᠋ᠶ᠋ᠡᠷ ᠢ᠋ᠶ᠋ᠡᠨ ᠴᠢᠯᠥᠭᠡᠲᠡᠢ ᠰᠢᠢᠳᠪᠦᠷᠢ ᠭᠠᠷᠭᠠᠨ ᠲᠣᠭᠯᠠᠳᠠᠭ ᠲᠣᠭᠯᠠᠭᠠᠮ ᠶᠤᠮ᠂ ᠲᠠ ᠪᠦᠬᠦᠨ ᠲᠤᠰ ᠲᠤᠰ ᠲᠤ᠌ ᠪᠠᠨ᠂ ᠨᠢᠭᠡ ᠨᠢᠭᠡ ᠭᠠᠵᠠᠷ ᠪᠠᠭᠤᠨ ᠲᠣᠭᠯᠠᠯᠲᠠ ᠡᠬᠢᠯᠡᠬᠦ ᠪᠥᠭᠡᠳ ᠲᠣᠭᠯᠠᠭᠠᠮ ᠡᠬᠢᠯᠡᠭᠰᠡᠨ ᠡᠴᠡ ᠬᠣᠢᠰᠢ ᠪᠦᠬᠦ ᠰᠢᠢᠳᠪᠦᠷᠢ ᠥᠪᠡᠷᠰᠡᠳ ᠲᠦ᠍ ᠴᠢᠨᠢ ᠪᠠᠢᠭ᠎ᠠ᠂ ᠡᠵᠡᠭᠦᠢ ᠬᠡᠭᠡᠷ᠎ᠡ ᠲᠠᠯ᠎ᠠ ᠳ᠋ᠤ᠌ ᠭᠠᠭᠴᠠᠭᠠᠷ ᠢ᠋ᠶ᠋ᠠᠨ ᠭᠠᠭᠴᠠ ᠰᠦᠬᠡ ᠲᠡᠢ ᠡᠬᠢᠯᠡᠬᠦ ᠪᠥᠭᠡᠳ ᠲᠣᠭᠯᠠᠭᠠᠮ ᠦᠷᠭᠦᠯᠵᠢᠯᠡᠬᠦ ᠲᠣᠰᠤᠮ ᠥᠪᠡᠷ ᠦ᠋ᠨ ᠬᠣᠲᠠ ᠶ᠋ᠢ ᠪᠠᠢᠭᠤᠯᠤᠨ ᠬᠥᠭᠵᠢᠬᠦ ᠪᠣᠯᠤᠮᠵᠢ ᠲᠠᠢ ᠶᠤᠮ᠃ ᠢᠩᠭᠢᠵᠦ ᠲᠣᠭᠯᠠᠬᠤ ᠳ᠋ᠤ᠌ ᠪᠠᠨ ᠦᠯᠢᠭᠡᠷ ᠦ᠋ᠨ ᠣᠯᠠᠨ ᠲᠥᠷᠥᠯ ᠦ᠋ᠨ ᠪᠠᠭᠠᠲᠤᠷ ᠤ᠋ᠳ ᠤ᠋ᠨ ᠳᠠᠭᠠᠭᠠᠯᠭᠠᠪᠤᠷᠢ ᠶ᠋ᠢ ᠪᠡᠶᠡᠯᠡᠭᠦᠯᠦᠨ᠂ ᠱᠠᠩᠨᠠᠯ ᠠᠪᠬᠤ ᠪᠣᠯᠤᠮᠵᠢ ᠲᠠᠢ ᠪᠥᠭᠡᠳ ᠬᠣᠲᠠ ᠪᠠᠨ ᠪᠠᠢᠭᠤᠯᠬᠤ ᠳ᠋ᠤ᠌ ᠪᠠOnline (ᠲᠣᠭᠯᠠᠭᠠᠮ ᠤ᠋ᠨ ᠨᠡᠷ᠎ᠡ) ᠳ᠋ᠦ᠍ ᠪᠠᠢᠭ᠎ᠠ ᠨᠠᠢᠵᠠ ᠨᠤᠭᠤᠳ ᠲᠠᠢ ᠪᠠᠨ ᠬᠠᠮᠲᠤ ᠬᠣᠲᠠ ᠪᠠᠨ ᠡᠭᠦᠰᠬᠡᠬᠦ᠂ ᠡᠰᠡᠬᠦᠯ᠎ᠡ ᠳᠠᠢᠰᠤᠩᠨᠠᠨ ᠳᠠᠢᠳᠤᠬᠤ ᠴᠤ᠌ ᠪᠣᠯᠤᠮᠵᠢ ᠲᠠᠢ ᠶᠤᠮ᠃ ᠠᠮᠵᠢᠯᠲᠠ ᠬᠦᠰᠡᠶ᠎ᠡ!
ᠮᠥᠩᠬᠡ᠄ ᠵᠠ ᠮᠠᠨ ᠤ᠋ ᠬᠢ ᠠ᠋᠂ ᠬᠠᠮᠢᠭ᠎ᠠ ᠬᠠᠮᠢᠭ᠎ᠠ ᠪᠠᠭᠤᠭᠰᠠᠨ ᠪᠣᠢ?
ᠲᠤᠩᠬᠤ᠄ ᠪᠢ ᠶᠡᠬᠡ ᠤᠰᠤ ᠲᠠᠢ ᠭᠠᠵᠠᠷ ᠪᠠᠭᠤᠴᠢᠬᠠᠯ᠎ᠠ᠃
ᠮᠥᠩᠬᠡ᠄ ᠠᠵᠠ ᠲᠠᠢ ᠶᠤᠮ ᠪᠣᠢ᠂ ᠬᠥᠭᠵᠢᠬᠦ ᠳ᠋ᠦ᠍ ᠶᠡᠬᠡ ᠬᠤᠷᠳᠤᠨ ᠪᠠᠢᠬᠤ ᠪᠣᠯᠤᠮᠵᠢ ᠲᠠᠢ ᠳᠠ ᠃
ᠲᠤᠩᠬᠤ᠄ ᠬᠠᠷᠢᠨ ᠲᠡᠢᠮᠦ ᠠ᠋᠃
ᠮᠥᠩᠬᠡ᠄ ᠮᠠᠨ ᠤ᠋ ᠨᠥᠭᠦᠭᠡ ᠬᠣᠶᠠᠷ ᠬᠠᠮᠢᠭ᠎ᠠ ᠪᠠᠢᠭ᠎ᠠ ᠶᠤᠮ ᠪᠣᠯ ᠠ᠋?
ᠴᠠᠰᠤᠬᠠᠨ᠄ ᠪᠢ ᠣᠢᠷᠠᠬᠠᠨ ᠪᠠᠢᠭ᠎ᠠ ᠶᠤᠮ ᠰᠢᠭ᠋ ᠪᠠᠢᠨ᠎ᠠ᠂ ᠪᠠᠰᠠ ᠤᠰᠤᠨ ᠤ᠋ ᠣᠢᠷᠠᠯᠴᠠᠭ᠎ᠠ ᠪᠠᠢᠨ᠎ᠠ᠂
ᠮᠥᠩᠬᠡ᠄ ᠭᠦᠦᠭ᠂ ᠲᠤᠩᠬᠤ ᠲᠠ ᠬᠣᠶᠠᠷ ᠲᠡᠭᠡᠪᠡᠯ ᠬᠠᠮᠲᠤ ᠬᠥᠭᠵᠢᠬᠦ ᠪᠣᠯᠤᠮᠵᠢ ᠲᠠᠢ ᠶᠤᠮ ᠪᠠᠢᠨ᠎ᠠ ᠰᠢᠲᠠ᠃
ᠴᠠᠰᠤᠬᠠᠨ᠄ ᠬᠠᠷᠢᠨ ᠲᠡᠢᠮᠦ ᠰᠢᠦ᠃
ᠲᠤᠩᠬᠤ᠄ ᠸᠠ ᠧᠦ᠂ ᠲᠡᠭᠡᠶ᠎ᠡ ᠲᠡᠭᠡᠶ᠎ᠡ᠂ ᠪᠢ ᠴᠠᠰᠤᠬᠠᠨ ᠢ᠋ ᠪᠡᠨ ᠬᠠᠢᠵᠤ ᠣᠯᠤᠯ᠎ᠠ᠂ ᠮᠥᠩᠬᠡ ᠴᠢ ᠴᠦ᠍ ᠡᠰᠡᠨ ᠪᠢᠳᠡ ᠨᠠᠷ ᠢ᠋ ᠣᠯᠤᠭᠠᠷᠠᠢ᠃
ᠮᠥᠩᠬᠡ᠄ ok᠂ ᠵᠠ ᠪᠠᠰᠠᠷ ᠬᠠᠮᠢᠭ᠎ᠠ ᠪᠠᠢᠨ᠎ᠠ?
ᠪᠠᠰᠠᠷ᠄ ᠲᠩᠷᠢ ᠳ᠋ᠦ᠍ ᠪᠠᠢᠨ᠎ᠠ᠃
ᠮᠥᠩᠬᠡ᠄ ᠲᠩᠷᠢ ᠳ᠋ᠦ᠍ ᠭᠡᠵᠦ ᠶᠠᠭᠤ ᠭᠡᠵᠦ ᠪᠠᠢᠭ᠎ᠠ ᠶᠤᠮ ᠪᠣᠢ?
ᠪᠠᠰᠠᠷ᠄ ᠤᠰᠤᠨ ᠳᠣᠲᠣᠷ᠎ᠠ ᠴᠤ᠌ ᠶᠤᠮ ᠤᠤ?
ᠲᠤᠩᠬᠤ᠄ ᠤᠰᠤᠨ ᠳ᠋ᠤ᠌ ᠠ᠋᠂ᠪᠣᠯᠤᠮᠵᠢ ᠦᠭᠡᠢ ᠰᠢᠲᠠ᠃
ᠪᠠᠰᠠᠷ᠄ ᠬᠡ ᠬᠡ᠂ᠪᠢ ᠬᠦᠴᠦᠷᠬᠡᠭ ᠨᠢᠭᠡᠨ ᠪᠣᠯᠤᠨ᠎ᠠ᠂ ᠲᠠ ᠬᠡᠳᠦ ᠲᠡᠢ ᠲᠠᠯᠠᠪᠤᠷ ᠲᠤ᠌ ᠠᠭᠤᠯᠵᠠᠶ᠎ᠠ᠃
ᠮᠥᠩᠬᠡ᠄ ᠬᠣ᠂ ᠰᠣᠷᠢᠯᠲᠠ ᠶ᠋ᠢ ᠬᠦᠯᠢᠶᠡᠵᠦ ᠠᠪᠤᠯ᠎ᠠ᠃
ᠲᠤᠩᠬᠤ᠄ ok
ᠴᠠᠰᠤᠬᠠᠨ᠄ ᠬᠡ ᠬᠡ ᠬᠡ᠂ ᠪᠠᠰᠠᠷ ᠮᠢᠨᠢ ᠳᠡ᠂ ᠪᠠᠷᠠᠬᠤ ᠦᠭᠡᠢ ᠰᠢᠦ ᠳᠡ᠂ ᠪᠢᠳᠡ ᠨᠠᠷ ᠴᠢᠨᠢ ᠭᠤᠷᠪᠠᠭᠤᠯᠠ ᠪᠠᠨ ᠪᠠᠢᠨ᠎ᠠ᠃
ᠪᠠᠰᠠᠷ᠄ ᠲᠠ ᠨᠠᠷ ᠮᠢᠨᠦ ᠨᠢᠭᠤᠴᠠ ᠵᠡᠪᠰᠡᠭ ᠲᠡᠢ ᠲᠠᠨᠢᠯᠴᠠᠬᠤ ᠤᠤ?
ᠮᠥᠩᠬᠡ᠄ ᠨᠢᠭᠤᠴᠠ ᠵᠡᠪᠰᠡᠭ ᠠ᠋?
ᠲᠤᠩᠬᠤ᠄ ᠶᠠᠮᠠᠷ ᠨᠢᠭᠤᠴᠠ ᠵᠡᠪᠰᠡᠭ?
ᠴᠠᠰᠤᠬᠠᠨ᠄ ᠬᠡᠨ ᠶᠦ᠍ᠮ ᠪᠣᠢ?
ᠪᠠᠰᠠᠷ᠄ ᠬᠠᠶᠢ ᠂cts(ᠰᠸᠢᠲ᠋ᠢ᠌ᠽ) ᠮᠠᠨ ᠮᠠᠨᠢ ᠪᠠᠢᠨ᠎ᠠ ᠤᠤ?
cts᠄ ᠶᠧᠦ᠂ ᠵᠠ ᠶᠠᠭᠤ ᠪᠠᠢᠵᠠᠭᠠᠨ᠎ᠠ ᠠ᠋᠂ ᠮᠠᠨ ᠤ᠋ ᠬᠢ ᠠ᠋?
ᠮᠥᠩᠬᠡ᠄ what (ᠶᠠᠭᠤ?) ᠂ cts(ᠰᠸᠢᠲ᠋ᠢ᠌ᠽ) ᠬᠠᠮᠲᠤ ᠲᠣᠭᠯᠠᠵᠤ ᠪᠠᠢᠭ᠎ᠠ ᠶᠤᠮ ᠤᠤ?
cts᠄ ᠶᠧ ᠁
ᠲᠤᠩᠬᠤ᠄ ᠰᠠᠢᠨ ᠤᠤ? cts(ᠰᠸᠢᠲ᠋ᠢ᠌ᠽ) ᠠ᠋᠃
cts᠄ ᠰᠠᠢᠨ ᠤᠤ?
ᠪᠠᠰᠠᠷ᠄ cts(ᠰᠸᠢᠲ᠋ᠢ᠌ᠽ) ᠠ᠋᠂ ᠰᠠᠢᠨ ᠤᠤ? ᠡᠨᠡ ᠲᠡᠷᠡ ᠭᠡᠬᠦ ᠦᠭᠡᠢ ᠰᠢᠦ᠂ ᠠᠷᠢᠶᠠᠲᠠᠨ ᠢ᠋ᠶ᠋ᠠᠨ ᠠᠰᠠᠭ᠎ᠠ᠂ ᠬᠡ ᠬᠡ ᠬᠡ᠁
cts: ᠬᠡ ᠬᠡ ᠬᠡ ᠁
ᠴᠠᠰᠤᠬᠠᠨ᠄ ᠥ ᠵᠠ᠂ ᠵᠢᠩᠬᠢᠨᠢ ᠳᠣᠯᠣᠭᠠᠨ ᠪᠣᠯᠬᠤ ᠨᠢ ᠳᠡ᠃
ᠪᠠᠰᠠᠷ᠄ ᠬᠠ ᠬᠠ ᠬᠠ᠁ ᠬᠠᠷᠢᠨ ᠳᠠ᠃
ᠲᠤᠩᠬᠤ᠄ ᠵᠠ ᠲᠠ ᠬᠣᠶᠠᠷ ᠂ᠪᠢᠳᠡ ᠭᠤᠷᠪᠠ ᠶᠤᠮ ᠪᠢᠵᠡ ᠳᠡ ᠃
ᠮᠥᠩᠬᠡ᠄ ᠸᠠ᠂ ᠪᠣᠯᠵᠤ ᠪᠠᠢᠨ᠎ᠠ᠃
cts: ok
ᠪᠠᠰᠠᠷ᠄ ᠵᠠ ᠡᠬᠢᠯᠡᠶ᠎ᠡ!
ᠪᠠᠰᠠᠷ᠄ ᠵᠠ ᠲᠠ ᠨᠠᠷ ᠮᠠᠨᠢ ᠦᠷᠭᠦᠯᠵᠢᠯᠡᠭᠡᠳ ᠶᠠᠭᠤ ᠪᠣᠯᠬᠤ ᠶ᠋ᠢ ᠳᠠᠷᠠᠭ᠎ᠠ ᠶ᠋ᠢᠨ ᠠᠩᠭᠢ ᠠ᠋ᠴᠠ ᠬᠦᠯᠢᠶᠡᠨ ᠠᠪᠴᠤ ᠦᠵᠡᠭᠡᠷᠡᠢ ᠨᠠᠢᠵᠠ ᠨᠤᠭᠤᠳ ᠠ᠋᠂ ᠬᠡ ᠬᠡ᠃ ᠬᠠᠷᠢᠨ ᠺᠤᠮᠸᠷ ᠳᠣᠣᠷ᠎ᠠ ᠶᠠᠮᠠᠷ ᠲᠣᠭᠯᠠᠭᠠᠮ ᠲᠣᠭᠯᠠᠬᠤ ᠳᠤᠷᠠᠲᠠᠢ ᠪᠠᠨ ᠪᠢᠴᠢᠭᠡᠷᠡᠢ᠃ ᠠ᠂ ᠪᠠᠰᠠ ᠰᠠᠪᠰᠠᠺᠸᠷᠠᠢᠲ ᠳᠠᠷᠤᠵᠤ᠂ ᠪᠢᠳᠡᠨ ᠢ᠋ ᠪᠡᠨ ᠳᠡᠮᠵᠢᠬᠦ ᠶ᠋ᠢ ᠪᠡᠨ ᠮᠠᠷᠲᠠᠪᠠ ᠠ᠋᠃ ᠬᠠᠢᠷᠠᠲᠠᠢ ᠰᠢᠦ᠂ ᠵᠠ ᠵᠠ ᠠᠶᠤᠮᠠᠷ ᠤ᠋ᠨ ᠶᠠᠭᠤᠮ᠎ᠠ ᠦᠵᠡᠯ᠎ᠡ᠂ ᠳᠠᠷᠠᠭ᠎ᠠ ᠪᠣᠯᠤᠶ᠎ᠠ᠃Mugen train(ᠶᠠᠫᠣᠨ ᠤ᠋ ᠬᠡᠦᠬᠡᠯᠳᠡᠢ ᠵᠦᠴᠦᠭᠡ) ᠦᠨ᠎ᠡ ᠦᠭᠡᠢ ᠪᠣᠯᠴᠢᠬᠠᠭᠰᠠᠨ ᠶᠤᠮ ᠪᠠᠢᠨ᠎ᠠ ᠰᠢᠲᠠ᠂ ᠠ᠃
cts᠄ ᠳᠠᠷᠠᠭ᠎ᠠ ᠶ᠋ᠢᠨ ᠠᠩᠭᠢ ᠳᠡᠭᠡᠷ᠎ᠡ ᠶᠠᠭᠤ ᠭᠠᠷᠬᠤ ᠭᠡᠵᠦ ᠪᠣᠳᠣᠵᠤ ᠪᠠᠢᠨ᠎ᠠ ᠳᠠ᠂ ᠶᠠᠭᠤ ᠭᠠᠷᠬᠤ ᠶ᠋ᠢ ᠵᠢᠩᠬᠢᠨᠢ ᠬᠠᠷᠠᠭᠤᠯᠤᠨ᠎ᠠ᠃ ᠬᠠ ᠬᠠ
ᠮᠥᠩᠬᠡ᠄ ᠪᠡᠯᠡᠨ ᠤᠤ?
ᠲᠤᠩᠬᠤ᠄ ᠪᠡᠯᠡᠨ᠃
ᠴᠠᠰᠤᠬᠠ᠄ ᠪᠡᠯᠡᠨ᠃
ᠪᠠᠰᠠᠷ᠄ oh yes
ᠮᠥᠩᠬᠡ: ᠵᠠ! ᠲᠣᠭᠯᠠᠵᠤ ᠡᠬᠢᠯᠡᠵᠡᠭᠡᠶ᠎ᠡ᠃
ᠲᠤᠩᠬᠤ᠄ ᠬᠡ ᠬᠡ ᠬᠡ᠁
ᠬᠡᠦᠬᠡᠳ ᠦ᠋ᠳ ᠠ᠋᠂ ᠭᠡᠷ ᠦ᠋ᠨ ᠢ᠋ᠶ᠋ᠡᠨ ᠭᠠᠳᠠᠨ᠎ᠠ ᠨᠠᠢᠵᠠ ᠨᠤᠭᠤᠳ ᠲᠠᠢ ᠪᠠᠨ ᠲᠣᠭᠯᠠᠬᠤ ᠳ᠋ᠤ᠌ ᠪᠠᠨᠮᠠᠰᠺ ᠢ᠋ᠶ᠋ᠠᠨ ᠵᠠᠪᠠᠯ ᠵᠡᠭᠦᠭᠡᠷᠡᠢ᠃
ᠵᠡᠭᠦᠯᠲᠡ᠄
реклама —— ᠵᠠᠷ ᠰᠤᠷᠲᠠᠯᠴᠢᠯᠠᠭ᠎ᠠ ᠭᠡᠰᠡᠨ ᠣᠷᠣᠰ ᠦᠭᠡ
Game day ᠊᠊᠊᠊᠊᠊᠊᠊ ᠲᠣᠭᠯᠠᠭᠠᠮ ᠤ᠋ᠨ ᠨᠡᠷ᠎ᠡ
Online ᠊᠊᠊᠊᠊᠊᠊᠊᠊᠊᠊᠊᠊ ᠲᠣᠭᠯᠠᠭᠠᠮ ᠤ᠋ᠨ ᠨᠡᠷ᠎ᠡ
Mugen train ——ᠴᠢᠳᠬᠥᠷ ᠦ᠋ᠨ ᠠᠶᠤᠩᠭᠤᠷᠴᠢ᠂ ᠮᠥᠩᠬᠡ ᠶ᠋ᠢᠨ ᠭᠠᠯᠲᠤ ᠲᠡᠷᠭᠡ ᠭᠡᠰᠡᠨ ᠶᠠᠫᠣᠨ ᠤ᠋ ᠬᠡᠦᠬᠡᠯᠳᠡᠢ ᠵᠦᠴᠦᠭᠡ

   ᠦᠰᠦᠭ ᠢ᠋ ᠨᠢ ᠠᠮᠢᠯᠠᠭᠤᠯᠵᠤ ᠬᠠᠲᠠᠭᠰᠠᠨ ᠬᠥᠮᠦᠨ᠄ ᠾᠦᠩ ᠸᠧᠢ
   ᠬᠢᠨᠠᠯᠲᠠ ᠬᠢᠭᠰᠡᠨᠨ ᠬᠥᠮᠦᠰ᠄ ᠱᠤᠳᠤᠷᠭᠤ᠂ ᠳ᠂ ᠪᠥᠬᠡᠴᠢᠯᠠᠭᠤ᠂ ᠮᠥᠴᠢᠷ᠂ ᠬᠠᠨᠳᠠ(ᠮᠣᠩᠭᠣᠯ ᠤᠯᠤᠰ)