ᠮᠥᠩᠬᠡ ᠲᠤᠩᠬᠤ 4-02 ᠵᠢᠩᠬᠢᠨᠢ ᠦᠯᠢᠭᠡᠷ ᠬᠡ ᠬᠡМөнх тунх
ᠵᠢᠩᠬᠢᠨᠢ ᠦᠯᠢᠭᠡᠷ ᠬᠡ ᠬᠡ
ᠮᠥᠩᠬᠡ᠄ ᠳᠡᠭᠡᠳᠦ ᠦᠯᠢᠭᠡᠷ
ᠲᠤᠩᠬᠤ᠄ ᠠᠷᠸ᠎ᠠ ᠠᠬ᠎ᠠ ᠠ᠋!
ᠠᠷᠸ᠎ᠠ ᠠᠬ᠎ᠠ᠄ ᠶᠠᠭᠠᠬᠢᠵᠤ ᠮᠡᠳᠡᠪᠡ?
ᠠᠷᠸ᠎ᠠ᠄ ᠲᠡᠷᠡ ᠦᠯᠢᠭᠡᠷ ᠢ᠋ ᠣᠯᠤᠨ᠎ᠠ ᠭᠡᠵᠦ ᠠᠮᠠᠯᠠᠵᠠᠭᠠᠬᠤ ᠤᠤ?
ᠠᠷᠸ᠎ᠠ᠄ ᠲᠡᠭᠡᠭᠡᠳ ᠺᠣᠮᠫᠢᠦ᠋ᠲ᠋ᠧᠷ ᠢ᠋ᠶ᠋ᠡᠷ ᠢ᠋ᠶ᠋ᠡᠨ ᠬᠢᠮᠡᠯ ᠣᠶᠤᠨ ᠤᠬᠠᠭᠠᠨ ᠡᠭᠦᠰᠬᠡᠭᠡᠳ
ᠲᠤᠩᠬᠤ᠄ ᠶᠠᠭ ᠶᠠᠭᠤᠨ ᠠ᠋ᠴᠠ ᠪᠣᠯᠤᠭᠠᠳ ᠠᠭᠤᠷᠯᠠᠭᠠᠳ ᠪᠠᠢᠭ᠎ᠠ ᠶ᠋ᠢ ᠨᠢ ᠮᠡᠳᠡᠴᠢᠬᠡᠬᠦ ᠶᠦᠮ ᠰᠠᠨ᠂ ᠲᠡᠢᠮᠦ?
ᠠᠷᠸ᠎ᠠ᠄ ᠵᠠ ᠠᠬ᠎ᠠ ᠨᠢ ᠡᠨᠳᠡ ᠦᠯᠢᠭᠡᠷ ᠦ᠋ᠨ ᠶᠢᠷᠲᠢᠨᠴᠦ ᠰᠢᠭ ᠬᠠᠷᠠᠭᠳᠠᠳᠠᠭ ᠬᠢᠮᠡᠯ ᠶᠢᠷᠲᠢᠨᠴᠦ ᠡᠭᠦᠰᠬᠡᠭᠰᠡᠨ ᠪᠠᠢᠭ᠎ᠠ᠂ ᠬᠢᠮᠡᠯ ᠣᠶᠤᠨ ᠤᠬᠠᠭᠠᠨ ᠪᠣᠯ ᠣᠶᠤᠨ ᠤᠬᠠᠭᠠᠨ ᠤ᠋ ᠥᠷᠢᠰᠦᠯᠳᠦᠭᠡᠨ ᠳ᠋ᠦ᠍ ᠶᠡᠬᠡ ᠳᠤᠷᠠᠲᠠᠢ᠂ ᠲᠡᠭᠡᠬᠦ ᠪᠡᠷ ᠲᠠ ᠨᠠᠷ ᠣᠶᠤᠨ ᠤᠬᠠᠭᠠᠨ ᠤ᠋ ᠲᠣᠭᠯᠠᠭᠠᠮ ᠤ᠋ᠳ ᠢ᠋ᠶ᠋ᠠᠷ ᠥᠷᠢᠰᠦᠯᠳᠦᠬᠦ ᠶ᠋ᠢ ᠰᠠᠨᠠᠯ ᠪᠣᠯᠭᠠᠭᠠᠷᠠᠢ᠃ ᠠᠩᠬᠠᠷᠤᠯ ᠨᠢ ᠰᠠᠷᠨᠢᠭᠰᠠᠨ ᠦᠶ᠎ᠡ ᠳ᠋ᠦ᠍ ᠠᠬ᠎ᠠ ᠨᠢ ᠲᠠ ᠨᠠᠷ ᠢ᠋ ᠮᠠᠰᠢ ᠬᠤᠷᠳᠤᠨ ᠲᠠᠲᠠᠵᠤ ᠠᠪᠤᠭᠠᠳ᠂ ᠬᠢᠮᠡᠯ ᠦᠯᠢᠭᠡᠷ ᠢ᠋ᠶ᠋ᠡᠨ ᠬᠠᠭᠠᠭᠠᠳ ᠪᠠᠷᠢᠴᠢᠬᠠᠨᠠ ᠰᠢᠦ ᠳᠡ!
ᠮᠥᠩᠬᠡ᠄ ᠵᠠ ᠦᠯᠢᠭᠡᠷ ᠮᠠᠨᠢ ᠤᠩᠰᠢᠵᠤ ᠡᠬᠢᠯᠡᠬᠦ ᠭᠡᠵᠦ ᠪᠠᠢᠬᠤ ᠰᠢᠭ᠋ ᠪᠠᠢᠨ᠎ᠠ ᠳᠠ᠃
ᠪᠠᠰᠠᠷ᠄ ᠵᠢᠩᠬᠢᠨᠢ ᠦᠯᠢᠭᠡᠷ ᠪᠢᠰᠢ ᠪᠢᠵᠡ ᠳᠡ᠃
ᠴᠠᠰᠤᠬᠠᠨ᠄ ᠪᠠᠰᠠᠷ ᠠ᠋᠂ ᠲᠡᠭᠦᠨ ᠢ᠋ ᠬᠢᠮᠡᠯ ᠣᠶᠤᠨ ᠤᠬᠠᠭᠠᠨ ᠤ᠋ᠳ ᠮᠡᠳᠡᠬᠦ ᠱᠠᠭᠠᠷᠳᠠᠯᠭ᠎ᠠ ᠥᠬᠡᠢ ᠰᠢᠦ ᠳᠡ᠃
ᠪᠠᠰᠠᠷ᠄ ᠥ ᠲᠡᠢᠮᠦ ᠲᠡᠢᠮᠦ ᠲᠡᠢᠮᠦ᠂ ᠵᠠ ᠦᠯᠢᠭᠡᠷ ᠢ᠋ᠶ᠋ᠡᠨ ᠰᠣᠨᠣᠰᠴᠠᠭᠠᠶ᠎ᠠ᠃
ᠵᠢᠩᠬᠢᠨᠢ ᠦᠯᠢᠭᠡᠷ ᠬᠡ ᠬᠡ
ᠡᠷᠲᠡ ᠤᠷᠢᠳᠤ ᠶ᠋ᠢᠨ ᠴᠠᠭ ᠲᠤ᠌᠂ ᠡᠭᠳᠡᠭᠦᠦ ᠲᠡᠢ ᠨᠢᠭᠡᠨ ᠬᠤᠷᠠᠭ᠎ᠠ ᠪᠠᠢᠵᠠᠢ ᠭᠡᠨ᠎ᠡ᠃ ᠲᠡᠷᠡ ᠬᠤᠷᠠᠭ᠎ᠠ ᠠᠭᠤᠯᠠ ᠶ᠋ᠢᠨ ᠳᠡᠭᠡᠭᠦᠷ ᠶᠠᠪᠤᠵᠤ᠂ ᠤᠷᠭᠤᠭ᠎ᠠ ᠮᠣᠳᠣᠨ ᠳᠤᠮᠳᠠ ᠶᠠᠪᠤᠵᠤ᠂ ᠤᠷᠤᠰᠬᠠᠯ ᠭᠣᠣᠯ ᠢ᠋ ᠭᠠᠲᠤᠯᠤᠨ᠂ ᠤᠷᠲᠤ ᠲᠠᠯ᠎ᠠ ᠶ᠋ᠢ ᠳᠠᠪᠠᠨ ᠶᠠᠪᠤᠪᠠ᠃
ᠪᠠᠰᠠᠷ᠄ ᠬᠢ ᠬᠢ ᠬᠢ᠂ ᠶᠠᠭ ᠶᠠᠭᠠᠬᠢᠬᠤ ᠭᠡᠳ ᠶᠠᠪᠤᠭᠠᠳ ᠪᠠᠢᠭ᠎ᠠ ᠶᠤᠮ ᠪᠣᠢ?
ᠴᠠᠰᠤᠬᠠᠨ᠄ ᠪᠠᠰᠠᠷ ᠠ᠋᠂ ᠴᠢᠱ᠌ᠢ!
ᠪᠠᠰᠠᠷ᠄ ᠬᠢ ᠬᠢ᠂ ᠵᠠ ᠵᠠ ᠵᠠ᠂ sorry sorry ( ᠤᠰᠤᠯᠲᠠᠯ᠎ᠠ ᠤᠰᠤᠯᠲᠠᠯ᠎ᠠ)᠂ᠭᠡᠬᠦ ᠳ᠋ᠦ᠍ ᠪᠡᠨ ᠠᠷᠸ᠎ᠠ ᠠᠬ᠎ᠠ ᠠᠷᠠᠢ ᠵᠠᠯᠬᠠᠭᠤᠷᠠᠭᠰᠠᠨ ᠪᠠᠢᠭ᠎ᠠ ᠦᠭᠡᠢ ᠤᠤ? ᠣᠳᠣ ᠬᠠᠷᠠᠵᠤ ᠪᠠᠢᠭᠠᠭᠠᠷᠠᠢ᠂ ᠪᠠᠷᠤᠭ ᠴᠢᠨᠣ᠎ᠠ ᠭᠠᠷᠴᠤ ᠢᠷᠡᠨ᠎ᠡ ᠳᠠ᠃
ᠲᠡᠭᠡᠲᠡᠯ᠎ᠡ ᠲᠡᠷᠡ ᠦᠶ᠎ᠡ ᠪᠡᠷ ᠠᠭᠤᠯᠠ ᠶ᠋ᠢᠨ ᠴᠠᠭᠠᠨ᠎ᠠ᠂ ᠤᠷᠤᠰᠬᠠᠯ ᠭᠣᠣᠯ ᠤ᠋ᠨ ᠳᠤᠮᠳᠠ ᠠ᠋ᠴᠠ ᠴᠢᠨᠣ᠎ᠠ᠁
ᠭᠡᠨᠡᠳᠲᠡᠬᠡᠨ ᠴᠢᠨᠣ᠎ᠠ ᠭᠠᠷᠴᠤ ᠢᠷᠡᠵᠡᠢ᠃
ᠪᠠᠰᠠᠷ: ᠴᠢᠨᠣ᠎ᠠ ᠭᠠᠷᠴᠤ ᠢᠷᠡᠵᠡᠢ ᠂ ᠬᠢ ᠬᠢ ᠬᠢ᠂ ᠲᠡᠷᠡ᠃
ᠮᠥᠩᠬᠡ᠄ ᠶᠠᠭᠠᠬᠢᠯᠲᠠ ᠴᠤ᠌ ᠴᠢᠨᠣ᠎ᠠ ᠭᠠᠷᠴᠤ ᠢᠷᠡᠵᠦ ᠪᠠᠢᠳᠠᠭ ᠰᠢᠦ᠃
ᠲᠤᠩᠬᠤ᠄ ᠵᠠ ᠮᠠᠨ ᠤ᠋ ᠬᠢ ᠠ᠋᠂ ᠬᠥᠶᠢ ᠳᠤᠷᠠᠲᠠᠢ ᠤᠷᠤᠯᠳᠤ ᠠ᠋᠃ ᠠ᠂ ᠬᠤᠷᠠᠭ᠎ᠠ ᠮᠠᠨᠢ ᠠᠶᠤᠯ ᠳ᠋ᠤ᠌ ᠣᠷᠣᠬᠤ ᠪᠣᠢ ᠳᠠ᠃ ᠪᠦᠭᠦᠳᠡᠭᠡᠷ ᠢ᠋ᠶ᠋ᠡᠨ ᠬᠠᠢᠵᠤ ᠣᠯᠬᠤ ᠤᠤ ᠳᠠ ᠬᠦ᠃
ᠮᠥᠩᠬᠡ᠄ ᠲᠡᠢᠮᠦ ᠪᠠᠢᠨ᠎ᠠ ᠰᠢᠦ᠂ ᠵᠠ᠂ ᠡᠢᠰᠢ ᠪᠡᠨ ᠠᠯᠬᠤᠬᠤ ᠤᠤ ᠳᠠ ᠨᠠᠢᠵᠠ ᠨᠤᠭᠤᠳ ᠠ᠋᠃
ᠴᠠᠰᠤᠬᠠᠨ᠄ ᠬᠡ ᠬᠡ ᠬᠡ᠂ ᠵᠦᠴᠦᠭᠡᠯᠡᠵᠦ ᠪᠠᠢᠭ᠎ᠠ ᠶᠤᠮ ᠰᠢᠭ᠋ ᠶᠠᠷᠢᠬᠤ ᠪᠠᠨ ᠪᠣᠯᠢᠵᠠᠭᠠ ᠯᠠ ᠳᠠ᠃
ᠮᠥᠩᠬᠡ᠄ ᠲᠡᠷᠡ ᠠᠭᠤᠯᠠ ᠶ᠋ᠢᠨ ᠴᠠᠭᠠᠨ᠎ᠠ ᠶᠠᠪᠤᠭ᠎ᠠ ᠶᠤᠮ ᠪᠣᠯ ᠤᠤ ᠳᠠ ᠬᠦ᠃
ᠪᠠᠰᠠᠷ᠄ ᠪᠠᠷᠤᠭ ᠲᠡᠢᠮᠦ ᠪᠠᠢᠬ᠎ᠠ ᠳᠠ᠂ ᠨᠠᠢᠵᠠ ᠨᠤᠭᠤᠳ ᠠ᠋᠃ᠲᠠᠢᠰᠢ ᠪᠠᠨ ᠪᠦᠭᠦᠳᠡᠭᠡᠷ ᠢ᠋ᠶ᠋ᠡᠨ ᠠᠯᠬᠤᠭᠠᠳ ᠶᠠᠪᠤᠬᠤ ᠤᠤ ᠳᠠ ᠠᠢ ᠬᠦ ᠵᠧ ᠬᠦ ᠵᠧ᠃
ᠲᠤᠩᠬᠤ᠄ ᠲᠡᠭᠡᠶ᠎ᠡ ᠳᠡ ᠬᠦ ᠵᠧ ᠬᠦ᠃
ᠮᠥᠩᠬᠡ᠄ ᠦ᠂ ᠪᠢ ᠠᠯᠬᠤᠬᠤ ᠳ᠋ᠤ᠌ ᠪᠠᠨ ᠭᠠᠷ ᠢ᠋ᠶ᠋ᠠᠨ ᠶᠠᠭᠠᠬᠢᠵᠤ ᠠᠯᠬᠤᠳᠠᠭ ᠪᠢᠯᠡ᠂ ᠮᠠᠨ ᠤ᠋ ᠬᠢ ᠠ᠋᠃
ᠲᠤᠩᠬᠤ᠄ ᠪᠢ ᠪᠠᠰᠠ ᠰᠠᠨᠳᠤᠷᠤᠭᠠᠳ ᠪᠠᠢᠨ᠎ᠠ᠂ ᠢᠩᠭᠢᠵᠦ ᠠᠯᠬᠤᠳᠠᠭ ᠪᠢᠵᠡ ᠳᠡ᠃
ᠴᠠᠰᠤᠬᠠᠨ᠄ ᠬᠡ ᠬᠡ ᠬᠡ᠂ ᠬᠥᠶᠢ ᠨᠠᠭᠠᠳᠤ ᠭᠠᠷ ᠢ᠋ᠶ᠋ᠠᠨ ᠪᠠᠭᠤᠯᠭᠠᠴᠢᠬᠠᠭᠠᠳ ᠠᠯᠬᠤ ᠯᠠ ᠳᠠ᠂ ᠰᠣᠨᠢᠨ ᠠᠯᠬᠤᠵᠠᠭᠠᠭᠠᠳ ᠪᠠᠢᠬᠤ ᠶᠤᠮ᠃
ᠪᠠᠰᠠᠷ᠄ ᠪᠢ ᠴᠢᠨᠢ ᠢᠩᠭᠢᠵᠦ ᠠᠯᠬᠤᠳᠠᠭ ᠪᠠᠢᠬᠤ ᠠ᠋᠃
ᠴᠠᠰᠤᠬᠠᠨ᠄ ᠬᠡ ᠬᠡ ᠁ ᠤᠷᠤᠭᠰᠢ ᠪᠠᠨ ᠬᠠᠷᠠᠭᠠᠳ ᠠᠯᠬᠤᠭᠠᠴᠢ ᠠ᠋᠃
ᠪᠠᠰᠠᠷ᠄ ᠦ ᠬᠢ ᠬᠢ ᠬᠢ᠃
ᠮᠥᠩᠬᠡ᠄ ᠵᠠ ᠬᠤᠷᠠᠭ᠎ᠠ ᠮᠠᠨᠢ ᠬᠠᠮᠢᠭ᠎ᠠ ᠶᠠᠪᠤᠭ᠎ᠠ ᠶᠤᠮ ᠪᠣᠯ ᠳᠠ ᠬᠦ᠃
ᠲᠤᠩᠬᠤ᠄ ᠬᠠᠷᠢᠨ ᠲᠡᠢᠮᠦ ᠠ᠋᠂ ᠬᠤᠷᠳᠤᠬᠠᠨ ᠯᠠ ᠣᠯᠬᠤ ᠶᠤᠮ ᠰᠠᠨ ᠳᠠ᠃
ᠴᠠᠰᠤᠬᠠᠨ᠄ ᠡᠳᠦᠢ ᠳ᠋ᠦ᠍ ᠤ᠌ᠭ ᠨᠢ ᠣᠯᠳᠠᠮᠠᠷ ᠶᠤᠮ᠃
ᠪᠠᠰᠠᠷ᠄ ᠬᠠᠷᠢᠨ ᠲᠡᠢᠮᠦ ᠠ᠋᠃
ᠮᠥᠩᠬᠡ᠄ ᠬᠥᠶᠢ!
ᠲᠤᠩᠬᠤ᠄ ᠶᠠᠭᠠᠬᠢᠨ᠎ᠠ ᠠ᠋?ᠨᠥᠭᠦᠭᠡ ᠳᠥᠷᠪᠡ᠃
ᠴᠠᠰᠤᠬᠠᠨ᠄ ᠶᠠᠭᠤ ᠬᠢᠵᠦ ᠶᠠᠪᠤᠨ᠎ᠠ ᠪᠣᠯ ᠠ᠋?
ᠪᠠᠰᠠᠷ᠄ ᠶᠠᠭ ᠲᠥᠯᠥᠪᠯᠡᠭᠰᠡᠨ ᠦ᠌ ᠳᠠᠭᠠᠤ᠂ ᠬᠦ ᠬᠢ ᠬᠢ᠂ ᠶᠠᠭᠤ ᠪᠣᠢ?ᠶᠠᠭᠤ ᠬᠢᠵᠦ ᠶᠠᠪᠤᠭ᠎ᠠ ᠶᠤᠮ ᠪᠣᠢ?
ᠡᠪ ᠦᠭᠡᠢ ᠮᠥᠩᠬᠡ᠄ ᠵᠠ ᠲᠠ ᠨᠠᠷ ᠳᠠᠬᠢᠨ ᠲᠤᠯᠤᠯᠳᠤᠬᠤ ᠪᠠᠷ ᠣᠷᠣᠵᠤ ᠢᠷᠡᠪᠡ ᠤᠤ?
ᠰᠠᠬᠢᠯᠭ᠎ᠠ ᠦᠭᠡᠢ ᠪᠠᠰᠠᠷ᠄ ᠠᠢ! ᠪᠠᠱ᠌ᠢᠷᠤᠰᠺᠠ᠂ ᠶᠠᠭᠤ ᠪᠠᠢᠨ᠎ᠠ?
ᠰᠠᠨᠠᠭ᠎ᠠ ᠴᠠᠰᠤᠬᠠᠨ᠄ ᠪᠠᠮᠪᠠᠷ ᠢ᠋ᠶ᠋ᠠᠨ ᠣᠷᠬᠢᠭᠠᠳ ᠢᠷᠡᠵᠡᠭᠡᠭᠰᠡᠨ ᠪᠠᠢᠭᠰᠠᠨ ᠢ᠋ ᠴᠢᠨᠢ ᠬᠠᠷᠠᠭᠠᠳ ᠬᠦᠷᠦᠭᠡᠳ ᠢᠷᠡᠯ᠎ᠡ᠃
ᠲᠤᠩᠬᠤ᠄ ᠠ! ᠶᠠᠭᠠᠬᠢᠨ᠎ᠠ?
ᠪᠠᠰᠠᠷ᠄ ᠬᠥᠶᠢ ᠬᠥᠶᠢ᠂ ᠵᠠ᠂ ᠨᠠᠭᠠᠳᠤ ᠨᠠᠷᠠᠨ ᠳᠤᠭᠤᠢ ᠪᠠᠨ ᠰᠠᠭᠤᠯᠭᠠᠭᠠᠳ ᠲᠦᠷ ᠪᠠᠢᠵᠤ ᠪᠠᠢ᠃
ᠡᠪ ᠦᠭᠡᠢ ᠮᠥᠩᠬᠡ᠄ ᠥᠩ?
ᠡᠩ ᠦᠭᠡᠢ ᠲᠤᠩᠬᠤ᠄ ᠥᠩ?
ᠮᠥᠩᠬᠡ᠄ ᠬᠡ ᠬᠠ᠂ ᠲᠠ ᠨᠠᠷ ᠲᠡᠢᠮᠦ ᠯᠡ ᠤᠬᠠᠭᠠᠨ ᠲᠠᠢ ᠶᠤᠮ ᠪᠣᠯ ᠮᠡᠳᠡᠯᠭᠡ ᠪᠡᠷ ᠢ᠋ᠶ᠋ᠡᠨ ᠨᠢᠭᠡ ᠣᠷᠣᠯᠳᠣᠭᠠᠳ ᠦᠵᠡᠪᠡᠯ ᠶᠠᠭᠠᠬᠢᠵᠤ ᠪᠠᠢᠨ᠎ᠠ?
ᠡᠪ ᠦᠭᠡᠢ ᠮᠥᠩᠬᠡ᠄ ᠮᠡᠳᠡᠯᠭᠡ ᠪᠡᠷ ᠠ᠋᠂ ᠶᠠᠭᠤᠨ ᠤ᠋ ᠮᠡᠳᠡᠯᠭᠡ ᠪᠡᠷ?
ᠲᠤᠩᠬᠤ᠄ ᠮᠸᠲ᠋ᠸᠮᠠᠲ᠋᠍ᠢᠺ (ᠲᠣᠭᠠᠨ ᠤ ᠤᠬᠠᠭᠠᠨ ) ᠪᠠᠢᠪᠠᠯ ᠶᠠᠮᠠᠷ ᠪᠠᠢᠨ᠎ᠠ?
ᠡᠩ ᠦᠭᠡᠢ ᠲᠤᠩᠬᠤ᠄ ᠪᠢᠳᠡ ᠨᠠᠷ ᠺᠣᠮᠫᠢᠦ᠋ᠲ᠋ᠧᠷ ᠡᠴᠡ ᠪᠦᠲᠦᠭᠰᠡᠨ ᠬᠢᠮᠡᠯ ᠣᠶᠤᠨ ᠤᠬᠠᠭᠠᠨ ᠨᠤᠭᠤᠳ ᠰᠢᠦ ᠳᠡ᠂ ᠲᠣᠭ᠎ᠠ ᠪᠠᠷ ᠥᠷᠢᠰᠦᠯᠳᠦᠬᠦ ᠳ᠋ᠦ᠍ ᠪᠡᠨ ᠢᠲᠡᠭᠡᠯ ᠲᠡᠢ ᠪᠠᠢᠨ᠎ᠠ ᠤᠤ?
ᠲᠤᠩᠬᠤ᠄ ᠦ!
ᠮᠥᠩᠬᠡ᠄ ᠲᠡᠭᠡᠪᠡᠯ ᠦᠨᠳᠦᠰᠦᠨ ᠦ᠌ ᠥᠪ ᠬᠡᠷᠡᠭᠯᠡᠯ ᠦ᠋ᠨ ᠮᠡᠳᠡᠯᠭᠡ ᠪᠡᠷ ᠢ᠋ᠶ᠋ᠡᠨ ᠥᠷᠢᠰᠥᠯᠳᠦᠵᠡᠭᠡᠬᠦ ᠤᠤ?
ᠡᠪ ᠦᠭᠡᠢ ᠮᠥᠩᠬᠡ᠄ ᠶᠠᠭ᠂ ᠶᠠᠮᠠᠷ ᠥᠪ ᠬᠡᠷᠡᠭᠯᠡᠯ ᠭᠡᠵᠦ?
ᠮᠥᠩᠬᠡ᠄ ᠵᠠ᠂ ᠡᠮᠡᠭᠡᠯ ᠦ᠋ᠨ ᠲᠠᠯ᠎ᠠ ᠪᠠᠷ ᠶᠠᠷᠢᠵᠠᠭᠠᠶ᠎ᠠ᠃
ᠡᠩ ᠦᠭᠡᠢ ᠲᠤᠩᠬᠤ᠄ ᠡᠮᠡᠭᠡᠯ ᠠ᠋?
ᠲᠤᠩᠬᠤ᠄ ᠲᠡᠢᠮᠦ ᠰᠢᠦ᠂ ᠡᠮᠡᠭᠡᠯ᠃ ᠵᠠ᠂ ᠡᠮᠡᠭᠡᠯ ᠶᠠᠭᠤ ᠶᠠᠭᠤᠨ ᠠ᠋ᠴᠠ ᠪᠦᠲᠦᠳᠡᠭ ᠲᠠᠯ᠎ᠠ ᠪᠠᠷ ᠮᠡᠳᠡᠯᠭᠡ ᠪᠡᠨ ᠣᠷᠣᠯᠳᠣᠭᠤᠯᠴᠢᠬᠠᠬᠤ ᠤᠤ? ᠵᠥᠪ ᠨᠡᠷᠡᠰᠢᠯ ᠢ᠋ ᠨᠢ ᠬᠡᠯᠡᠭᠡᠳ᠂ ᠲᠡᠭᠦᠨ ᠢ᠋ ᠪᠡᠨ ᠬᠠᠮᠢᠭ᠎ᠠ ᠨᠢ ᠣᠷᠣᠳᠠᠭ ᠢ᠋ ᠨᠢ ᠬᠡᠯᠡᠪᠡᠯ ᠤᠨᠤᠭ᠎ᠠ ᠠᠪᠤᠨ᠎ᠠ᠃ ᠡᠬᠢᠯᠡᠬᠦ ᠤᠤ?
ᠮᠥᠩᠬᠡ᠄ ᠬᠠ ᠬᠠ ᠬᠠ᠂ ᠲᠠ ᠨᠠᠷ ᠴᠢᠨᠢ ᠬᠠᠮᠤᠭ ᠤ᠋ᠨ ᠤᠬᠠᠭᠠᠨ ᠲᠠᠢ ᠭᠡᠳ ᠪᠠᠢᠭ᠎ᠠ ᠦᠭᠡᠢ ᠪᠢᠯᠡ ᠤᠤ?
ᠡᠪ ᠦᠭᠡᠢ ᠮᠥᠩᠬᠡ᠄ ᠠ᠂ ᠠ ᠲᠡᠢᠮᠦ᠂ ᠵᠠ ᠲᠡᠭᠡᠶ᠎ᠡ ᠯᠡ ᠳᠡ᠃
ᠦᠨᠳᠦᠰᠦᠨ ᠦ᠌ ᠥᠪ ᠬᠡᠷᠡᠭᠯᠡᠯ ᠦ᠋ᠨ ᠮᠡᠳᠡᠯᠭᠡ
ᠲᠤᠩᠬᠤ᠄ ᠵᠠ᠂ ᠡᠮᠡᠭᠡᠯ ᠦ᠋ᠨ ᠮᠣᠳᠣ᠂ ᠬᠥᠮᠦᠨ ᠰᠠᠭᠤᠳᠠᠭ ᠮᠣᠳᠣ᠃
ᠡᠩ ᠦᠭᠡᠢ ᠲᠤᠩᠬᠤ᠄ ᠡᠮᠡᠭᠡᠯ ᠢ᠋ ᠮᠣᠷᠢ ᠲᠠᠢ ᠨᠢ ᠬᠠᠮᠲᠤ ᠪᠡᠬᠢᠯᠡᠳᠡᠭ ᠬᠣᠶᠠᠷ ᠤᠶᠠᠭ᠎ᠠ᠃
ᠮᠥᠩᠬᠡ᠄ ᠦ ᠦᠭᠡᠢ ᠰᠢᠦ᠂ ᠶᠠᠭ ᠵᠥᠪ ᠨᠡᠷᠡᠰᠢᠯ ᠢ᠋ ᠨᠢ ᠬᠡᠯᠡᠬᠦ ᠶᠣᠰᠣᠲᠠᠢ ᠰᠢᠦ᠃
ᠡᠩ ᠦᠭᠡᠢ ᠲᠤᠩᠬᠤ᠄ ᠠ᠁?
ᠮᠥᠩᠬᠡ᠄ ᠣᠯᠣᠩ᠂ ᠵᠢᠷᠢᠮ ᠭᠡᠳᠡᠭ ᠶᠦ᠍ᠮ ᠰᠢᠦ ᠳᠡ᠂ ᠵᠢᠷᠢᠮ ᠨᠢ ᠵᠥᠪ ᠲᠠᠯ᠎ᠠ ᠶ᠋ᠢᠨ ᠪᠤᠶᠤ ᠮᠣᠷᠢᠨ ᠤ᠋ ᠵᠡᠭᠦᠨ ᠲᠠᠯ᠎ᠠ ᠶ᠋ᠢᠨ ᠬᠢᠨᠢ ᠤᠶᠠᠭ᠎ᠠ᠃ ᠣᠯᠣᠩ ᠨᠢ ᠪᠣᠯ ᠪᠤᠷᠤᠭᠤ ᠲᠠᠯ᠎ᠠ ᠪᠤᠶᠤ ᠪᠠᠷᠠᠭᠤᠨ ᠲᠠᠯ᠎ᠠ ᠶ᠋ᠢᠨ ᠬᠢᠨᠢ ᠠᠷᠤᠨᠲᠠᠢ ᠲᠠᠢ ᠤᠶᠠᠭ᠎ᠠ ᠶᠤᠮ ᠰᠢᠦ ᠳᠡ᠃
ᠡᠪ ᠦᠭᠡᠢ ᠮᠥᠩᠬᠡ᠄ ᠠ?
ᠲᠤᠩᠬᠤ᠄ ᠡᠮᠡᠭᠡᠯ ᠦ᠋ᠨ ᠮᠣᠳᠣᠨ ᠤ᠋ ᠤᠷᠲᠤ ᠬᠣᠢᠲᠤ ᠪᠦᠭᠦᠷᠭᠡ᠃ ᠣᠷᠣᠭᠰᠢ ᠬᠣᠢᠰᠢ ᠪᠣᠯᠬᠤ ᠳ᠋ᠤ᠌ ᠬᠠᠮᠠᠭᠠᠯᠠᠳᠠᠭ ᠮᠣᠳᠣᠨ ᠬᠡᠰᠡᠭ᠃
ᠡᠪ ᠦᠭᠡᠢ ᠮᠥᠩᠬᠡ᠄ ᠠ ᠲᠡᠢᠮᠦ᠂ ᠭᠠᠨᠵᠤᠭ᠎ᠠ᠃
ᠮᠥᠩᠬᠡ᠄ ᠵᠠ ᠲᠡᠭᠡᠪᠡᠯ ᠡᠮᠡᠭᠡᠯ ᠳ᠋ᠦ᠍ ᠬᠡᠳᠦᠨ ᠭᠠᠨᠵᠤᠭ᠎ᠠ ᠪᠠᠢᠳᠠᠭ ᠪᠣᠢ?
ᠡᠪ ᠦᠭᠡᠢ ᠮᠥᠩᠬᠡ᠄ ᠠ᠁
ᠲᠤᠩᠬᠤ᠄ ᠤᠷᠲᠤ ᠪᠠ ᠬᠣᠢᠲᠤ ᠲᠠᠯ᠎ᠠ ᠭᠡᠳ ᠨᠡᠢᠲᠡ ᠨᠠᠢ᠍ᠮᠠᠨ ᠭᠠᠨᠵᠤᠭ᠎ᠠ ᠪᠠᠢᠳᠠᠭ ᠰᠢᠦ ᠳᠡ᠃
ᠮᠥᠩᠬᠡ᠄ ᠲᠣᠬᠣᠮ ᠭᠥᠯᠢᠮ ᠭᠡᠵᠦ ᠮᠡᠳᠡᠬᠦ ᠤᠤ?
ᠡᠩ ᠦᠭᠡᠢ ᠲᠤᠩᠬᠤ᠄ ᠬᠡᠩ᠂ ᠥᠩ᠁
ᠮᠥᠩᠬᠡ᠄ ᠲᠣᠬᠣᠮ ᠭᠡᠳᠡᠭ ᠨᠢ ᠡᠮᠡᠭᠡᠯ ᠭᠥᠯᠢᠮ ᠬᠣᠶᠠᠷ ᠤ᠋ᠨ ᠬᠣᠭᠣᠷᠣᠨᠳᠣ ᠣᠷᠣᠳᠠᠭ ᠵᠢᠭᠢᠷᠢᠭᠡᠪᠴᠢ ᠢᠰᠡᠭᠡᠢ ᠶᠦ᠍ᠮ ᠰᠢᠦ ᠳᠡ᠃ ᠬᠠᠷᠢᠨ ᠡᠨᠡ ᠪᠣᠯ ᠭᠥᠯᠢᠮ᠃
ᠲᠤᠩᠬᠤ᠄ ᠵᠠ ᠲᠡᠭᠡᠭᠡᠳ ᠳᠥᠷᠥᠭᠡ᠂ ᠳᠥᠷᠦᠭᠡᠨ ᠰᠤᠷ᠂ ᠳᠥᠷᠦᠭᠡᠨ ᠬᠣᠯᠪᠣᠭ᠎ᠠ ᠭᠡᠵᠦ ᠪᠠᠢᠨ᠎ᠠ᠂ ᠳᠥᠷᠥᠭᠡ ᠭᠡᠳᠡᠭ ᠨᠢ ᠬᠥᠯ ᠢ᠋ᠶ᠋ᠡᠨ ᠲᠠᠯᠪᠢᠵᠤ ᠶᠠᠪᠤᠳᠠᠭ ᠲᠡᠮᠦᠷ᠃ ᠳᠥᠷᠦᠭᠡᠨ ᠰᠤᠷ ᠭᠡᠳᠡᠭ ᠨᠢ ᠡᠮᠡᠭᠡᠯ ᠡᠴᠡ ᠳᠥᠷᠥᠭᠡ ᠶ᠋ᠢ ᠬᠣᠯᠪᠣᠨ ᠪᠠᠷᠢᠭᠰᠠᠨ ᠰᠣᠷᠣᠨ ᠬᠣᠯᠪᠣᠭ᠎ᠠ᠃ ᠳᠥᠷᠦᠭᠡᠨ ᠬᠣᠯᠪᠣᠭ᠎ᠠ ᠭᠡᠬᠦ ᠪᠡᠷ ᠪᠠᠷᠠᠭᠤᠨ ᠵᠡᠭᠦᠨ ᠳᠥᠷᠥᠭᠡ ᠶ᠋ᠢ ᠪᠡᠨ ᠬᠣᠯᠪᠣᠨ ᠪᠠᠷᠢᠳᠠᠭ ᠰᠤᠷ ᠶᠤᠮ ᠰᠢᠦ ᠳᠡ᠃
ᠮᠥᠩᠬᠡ᠄ ᠪᠦᠷ ᠡᠮᠡᠭᠡᠯ ᠦ᠋ᠨ ᠴᠢᠮᠡᠭ᠂ ᠳᠠᠷᠤᠭᠤᠯᠭ᠎ᠠ ᠭᠡᠳ ᠶᠠᠷᠢᠮᠠᠷ ᠯᠠ ᠪᠠᠢᠨ᠎ᠠ᠂ ᠳᠠᠩᠴᠤ ᠲᠠ ᠨᠠᠷ ᠮᠡᠳᠡᠬᠦ ᠦᠭᠡᠢ ᠶᠦᠮ ᠰᠢᠭ ᠪᠠᠢᠨ᠎ᠠ ᠳᠠ᠃ ᠰᠣᠷᠣᠭᠠᠳ ᠠᠪ᠃
ᠲᠤᠩᠬᠤ᠄ ᠮᠣᠩᠭᠣᠯ ᠬᠥᠮᠦᠨ ᠪᠠᠢᠨ᠎ᠠ ᠳᠠ᠂
ᠴᠠᠰᠤᠬᠠᠨ᠄ ᠪᠣᠯᠤᠭᠰᠠᠨ ᠰᠢᠦ᠂ ᠠᠷᠸ᠎ᠠ ᠠᠬ᠎ᠠ ᠠ᠋᠃
ᠪᠠᠰᠠᠷ᠄ ᠪᠢᠳᠡᠨ ᠢ᠋ ᠠᠪᠤᠭᠠᠷᠠᠢ᠃
ᠡᠪ ᠦᠭᠡᠢ ᠮᠥᠩᠬᠡ᠄ ᠬᠥᠶᠢ᠂ ᠶᠠᠭᠤ ᠪᠣᠯᠤᠭᠠᠳ ᠪᠠᠢᠨ᠎ᠠ ᠂ ᠠ?
ᠰᠠᠨᠠᠭ᠎ᠠ ᠴᠠᠰᠤᠬᠠᠨ᠄ ᠵᠢᠩᠬᠢᠨᠢ ᠦᠯᠢᠭᠡᠷ ᠪᠢᠰᠢ ᠪᠠᠢᠨ᠎ᠠ᠃
ᠡᠩ ᠦᠭᠡᠢ ᠲᠤᠩᠬᠤ᠄ ᠶᠠᠭᠠᠬᠢᠨ᠎ᠠ᠂ ᠪᠢᠳᠡᠨ ᠢ᠋ ᠪᠠᠷᠢᠬᠤ ᠨᠢ ᠠ᠋᠃
ᠲᠤᠩᠬᠤ᠄ ᠶᠠᠭᠠᠬᠢᠨ᠎ᠠ ᠂ ᠡᠨᠡ ᠳᠥᠷᠪᠡ ᠶ᠋ᠢ ᠡᠪᠡᠳᠦᠭᠦᠯᠬᠦ ᠦᠭᠡᠢ ᠪᠢᠵᠡ ᠳᠡ᠃
ᠠᠷᠸ᠎ᠠ᠄ ᠵᠦᠭᠡᠷ ᠠ᠋ ᠂ ᠡᠳᠡ ᠨᠠᠷ ᠢ᠋ ᠸᠸᠷᠦᠢᠰᠲᠦ ᠳ᠋ᠦ᠍ ᠶᠢᠷᠲᠢᠨᠴᠦ ᠳ᠋ᠦ᠍ ᠲᠤᠰᠠᠭᠠᠷᠯᠠᠨ ᠪᠠᠷᠢᠬᠤ ᠭᠡᠵᠦ ᠪᠠᠢᠭ᠎ᠠ ᠶᠤᠮ᠃
ᠡᠪ ᠦᠭᠡᠢ ᠮᠥᠩᠬᠡ᠄ ᠦᠭᠡᠢ᠁
ᠡᠩ ᠦᠭᠡᠢ ᠲᠤᠩᠬᠤ᠄ ᠶᠠᠭᠠᠬᠢᠨ᠎ᠠ ᠠ᠋᠁
ᠰᠠᠬᠢᠯᠭ᠎ᠠ ᠦᠭᠡᠢ ᠪᠠᠰᠠᠷ᠄(?)
ᠡᠪ ᠦᠭᠡᠢ ᠮᠥᠩᠬᠡ᠄ ᠵᠠ᠂ ᠪᠢᠳᠡ ᠢᠩᠬᠢᠭᠡᠳ ᠯᠡ ᠪᠠᠷᠢᠭᠳᠠᠵᠠᠢ᠂ ᠭᠡᠬᠦ ᠦᠭᠡᠢ ᠤᠤ?
ᠠᠷᠸ᠎ᠠ ᠮᠥᠩᠬᠡ ᠲᠤᠩᠬᠤ᠄ ᠠ?
ᠰᠠᠨᠠᠭ᠎ᠠ ᠴᠠᠰᠤᠬᠠᠨ᠄ ᠣᠢᠷᠠᠬᠠᠨ ᠪᠠᠢᠯ᠎ᠠ ᠰᠢᠦ᠃
ᠡᠩ ᠦᠭᠡᠢ ᠲᠤᠩᠬᠤ᠄ ᠪᠢᠳᠡ ᠬᠠᠪᠬ᠎ᠠ ᠶ᠋ᠢᠨ ᠬᠢᠨᠢ ᠠᠷᠭ᠎ᠠ ᠶ᠋ᠢ ᠣᠯᠴᠢᠬᠠᠬᠤ ᠰᠢᠭ᠋ ᠪᠣᠯᠤᠯ᠎ᠠ᠃
ᠡᠪ ᠦᠭᠡᠢ ᠮᠥᠩᠬᠡ: ᠪᠢᠳᠡ ᠢᠯᠡᠭᠦᠦ ᠬᠦᠴᠦᠲᠡᠢ ᠪᠣᠯᠬᠤ ᠪᠠᠷ ᠢ᠋ᠶ᠋ᠠᠨ ᠳᠠᠬᠢᠨ ᠠᠭᠤᠯᠵᠠᠨ᠎ᠠ᠃
ᠡᠩ ᠦᠭᠡᠢ ᠲᠤᠩᠬᠤ᠄ ᠲᠡᠢᠮᠦ ᠰᠢᠦ᠂ ᠢᠯᠡᠭᠦᠦ ᠬᠦᠴᠦᠲᠡᠢ ᠪᠣᠯᠵᠤ ᠪᠠᠢᠭᠠᠳ᠂ ᠠᠭᠤᠯᠵᠠᠬᠤ ᠦᠭᠡᠢ ᠪᠣᠯ ᠡᠢᠮᠦ ᠬᠠᠪᠬᠠᠨ ᠳ᠋ᠤ᠌ ᠣᠷᠣᠬᠤ ᠮᠠᠭᠠᠳᠯᠠᠯ ᠥᠨᠳᠥᠷ ᠶᠦ᠍ᠮ ᠪᠠᠢᠨ᠎ᠠ ᠰᠢᠦ᠃
ᠡᠪ ᠦᠭᠡᠢ ᠮᠥᠩᠬᠡ᠄ ᠬᠡᠰᠡᠭ ᠲᠦ ᠪᠠᠨ ᠰᠠᠨᠠᠭ᠎ᠠ ᠵᠣᠪᠠᠯᠲᠠ ᠦᠭᠡᠢ ᠳᠡ᠂ ᠰᠠᠢᠬᠠᠨ ᠠᠶᠠᠯᠠᠵᠠᠭᠠ᠂ ᠬᠠᠷᠢᠨ ᠳᠡᠭᠡᠳᠦ ᠦᠯᠢᠭᠡᠷ ᠢ᠋ ᠬᠡᠨ ᠲᠦᠷᠦᠭᠦᠯᠡᠵᠦ ᠣᠯᠬᠤ ᠶ᠋ᠢ ᠬᠠᠷᠠᠵᠠᠭᠠᠶ᠎ᠠ᠃ ᠬᠠᠢ! ᠠᠷᠸ᠎ᠠ ᠠᠬ᠎ᠠ ᠠ᠋᠃ ᠪᠢᠳᠡᠨ ᠢ᠋ ᠮᠠᠷᠲᠠᠭ᠎ᠠ ᠦᠭᠡᠢ ᠪᠢᠵᠡ ᠳᠡ? ᠬᠡ ᠬᠠ ᠬᠠ᠂ ᠤᠳᠠᠬᠤ ᠦᠭᠡᠢ ᠠᠭᠤᠯᠵᠠᠶ᠎ᠠ᠃
ᠪᠠᠰᠠᠷ᠄ ᠬᠥᠪ ᠬᠥᠪ᠁(ᠨᠠᠭᠠᠳᠤᠬᠢ ᠴᠢᠨᠢ ᠠᠸᠧᠨᠵᠧᠷᠰ ᠡᠴᠡ ᠬᠠᠭᠤᠯᠴᠢᠬᠠᠭᠰᠠᠨ ᠪᠠᠢᠨ᠎ᠠ ᠰᠢᠦ)
ᠮᠥᠩᠬᠡ᠄ ᠶᠣᠬᠣ᠂ ᠣᠢᠷᠠᠬᠠᠨ ᠪᠠᠢᠯ᠎ᠠ ᠰᠢᠦ᠃
ᠲᠤᠩᠬᠤ᠄ ᠲᠡᠭᠡᠯ᠎ᠡ᠃
ᠠᠷᠸ᠎ᠠ᠄ ᠠᠩᠬ᠎ᠠ ᠵᠣᠬᠢᠶᠠᠨ ᠪᠦᠲᠦᠭᠡᠬᠦ ᠳ᠋ᠦ᠍ ᠶᠠᠭ ᠨᠠᠳᠠ ᠰᠢᠭ᠋ ᠬᠠᠷᠠᠭᠳᠠᠳᠠᠭ ᠪᠠᠢᠭᠰᠠᠨ ᠶᠤᠮ᠂ ᠣᠳᠣ ᠲᠠ ᠬᠡᠳᠦ ᠮᠠᠨᠢ ᠦᠯᠢᠭᠡᠷ ᠢ᠋ᠶ᠋ᠡᠷ ᠠᠶᠠᠯᠠᠵᠤ ᠪᠠᠢᠭ᠎ᠠ ᠪᠣᠯᠬᠣᠷ᠂ ᠲᠠ ᠬᠡᠳᠦ ᠶ᠋ᠢᠨ ᠳᠦᠷᠢ ᠲᠥᠷᠬᠦ ᠲᠡᠢ ᠪᠤᠯᠵᠠᠭᠠᠵᠠᠢ ᠳᠠ᠃
ᠮᠥᠩᠬᠡ᠄ ᠵᠠ ᠶᠠᠭᠠᠬᠢᠳᠠᠭ ᠴᠤ᠌ ᠬᠡᠰᠡᠭ ᠲᠦ᠍ ᠪᠡᠨ ᠰᠠᠨᠠᠭ᠎ᠠ ᠵᠣᠪᠠᠬᠤ ᠦᠭᠡᠢ ᠦᠯᠢᠭᠡᠷ ᠢ᠋ᠶ᠋ᠡᠷ ᠢ᠋ᠶ᠋ᠡᠨ ᠰᠠᠢᠬᠠᠨ ᠠᠶᠠᠯᠠᠶ᠎ᠠ ᠳᠠ᠃ ᠰᠡᠳᠬᠢᠯ ᠠᠮᠠᠷ᠂ ᠬᠡ ᠬᠡ
ᠲᠤᠩᠬᠤ᠄ ᠲᠡᠢᠮᠦ ᠰᠢᠦ᠂ ᠰᠠᠢᠬᠠᠨ ᠠᠶᠠᠯᠠᠵᠠᠭᠠᠶ᠎ᠠ᠃
ᠠᠷᠸ᠎ᠠ᠄ ᠥᠩ᠂ ᠲᠠ ᠨᠠᠷ ᠮᠠᠨᠢ ᠳᠡᠭᠡᠳᠦ ᠦᠯᠢᠭᠡᠷ ᠢ᠋ ᠣᠯᠬᠤ ᠲᠠᠯ᠎ᠠ ᠪᠠᠷ ᠮᠡᠳᠡᠬᠦ ᠶ᠋ᠢ ᠬᠦᠰᠡᠬᠦ ᠦᠭᠡᠢ ᠪᠠᠢᠨ᠎ᠠ ᠭᠡᠵᠡᠢ ᠤᠤ?
ᠮᠥᠩᠬᠡ᠄ ᠠᠷᠸ᠎ᠠ ᠠᠬ᠎ᠠ ᠠ᠋᠂ ᠭᠡᠬᠦ ᠳ᠋ᠦ᠍ ᠪᠡᠨ ᠪᠢᠳᠡ ᠨᠠᠷ ᠳᠡᠭᠡᠳᠦ ᠦᠯᠢᠭᠡᠷ ᠢ᠋ ᠣᠯᠬᠤ ᠭᠡᠵᠦ ᠦᠯᠢᠭᠡᠷ ᠦ᠋ᠳ ᠢ᠋ᠶ᠋ᠡᠷ ᠠᠶᠠᠯᠠᠭ᠎ᠠ ᠦᠭᠡᠢ ᠶᠦᠮ ᠰᠢᠦ ᠳᠡ᠃
ᠲᠤᠩᠬᠤ᠄ ᠦᠯᠢᠭᠡᠷ ᠦ᠋ᠨ ᠶᠢᠷᠲᠢᠨᠴᠦ᠂ ᠠᠳᠠᠯ ᠶᠠᠪᠤᠳᠠᠯ᠂ ᠪᠤᠰᠤᠳ ᠲᠤ᠌ ᠲᠤᠰᠠᠯᠠᠬᠤ ᠭᠡᠳ ᠲᠡᠷᠡ ᠪᠦᠬᠦᠨ ᠮᠠᠨᠢ ᠰᠠᠢᠬᠠᠨ ᠰᠢᠦ ᠳᠡ᠃
ᠮᠥᠩᠬᠡ: ᠳᠡᠭᠡᠳᠦ ᠦᠯᠢᠭᠡᠷ ᠢ᠋ ᠠᠳᠠᠯ ᠶᠠᠪᠤᠳᠠᠯ ᠢ᠋ᠶ᠋ᠠᠷ ᠠᠶᠠᠯᠠᠵᠤ ᠶᠠᠪᠤᠭᠠᠳ ᠣᠯᠪᠠᠯ ᠰᠠᠢᠬᠠᠨ ᠯᠠ ᠪᠠᠢᠨ᠎ᠠ᠂ ᠭᠡᠬᠦ ᠳ᠋ᠦ᠍ ᠪᠡᠨ ᠪᠢᠳᠡ ᠵᠠᠪᠠᠯ ᠬᠠᠮᠤᠭ ᠤ᠋ᠨ ᠴᠢᠬᠤᠯᠠ ᠬᠦᠰᠡᠯ ᠢ᠋ᠶ᠋ᠡᠨ ᠪᠡᠶᠡᠯᠡᠭᠦᠯᠬᠦ ᠭᠡᠳ ᠠᠶᠠᠯᠠᠵᠤ ᠶᠠᠪᠤᠭ᠎ᠠ ᠪᠢᠰᠢ ᠰᠢᠦ ᠳᠡ᠃ ᠨᠠᠢᠵᠠ ᠨᠤᠭᠤᠳ ᠲᠠᠢ ᠪᠠᠨ ᠬᠠᠮᠲᠤ ᠠᠶᠠᠯᠠᠵᠤ᠂ ᠰᠢᠨ᠎ᠡ ᠨᠠᠢᠵᠠ ᠨᠤᠭᠤᠳ ᠲᠠᠢ ᠪᠣᠯᠵᠤ᠂ ᠰᠤᠷᠭᠠᠮᠵᠢ ᠲᠠᠢ ᠵᠦᠢᠯᠡᠰ ᠢ᠋ ᠰᠤᠷᠴᠤ ᠠᠪᠴᠤ ᠪᠠᠢᠭ᠎ᠠ ᠮᠠᠨᠢ ᠬᠠᠮᠤᠭ ᠤ᠋ᠨ ᠰᠠᠢᠬᠠᠨ ᠵᠦᠢᠯ ᠰᠢᠦ ᠳᠡ᠃
ᠲᠤᠩᠬᠤ᠄ ᠲᠡᠢᠮᠦ ᠪᠣᠯᠬᠣᠷ ᠶᠠᠭᠤ ᠪᠣᠯᠬᠤ ᠲᠠᠯ᠎ᠠ ᠪᠠᠷ᠂ ᠮᠥᠨ ᠶᠠᠭᠠᠬᠢᠵᠤ ᠳᠡᠭᠡᠳᠦ ᠦᠯᠢᠭᠡᠷ ᠢ᠋ ᠣᠯᠬᠤ ᠲᠠᠯ᠎ᠠ ᠪᠠᠷ ᠪᠢᠳᠡᠨ ᠳ᠋ᠦ᠍ ᠪᠢᠲᠡᠭᠡᠢ ᠬᠡᠯᠡᠭᠡᠷᠡᠢ᠂ ᠠᠷᠸ᠎ᠠ ᠠᠬ᠎ᠠ ᠠ᠋᠃
ᠠᠷᠸ᠎ᠠ᠄ ᠮᠤᠨᠳᠠᠭ ᠬᠡᠦᠬᠡᠳ ᠦ᠋ᠳ ᠰᠢᠦ᠂ ᠠᠬ᠎ᠠ ᠨᠢ ᠲᠠ ᠨᠠᠷ ᠢ᠋ᠶ᠋ᠠᠷ ᠢ᠋ᠶ᠋ᠠᠨ ᠪᠠᠬᠠᠷᠬᠠᠵᠤ ᠪᠠᠢᠨ᠎ᠠ᠃
ᠮᠠᠵᠠᠭᠠᠯᠠᠢ᠄ ᠵᠠ᠂ ᠰᠠᠢᠨ ᠪᠠᠢᠵᠠᠭᠠᠨ᠎ᠠ ᠤᠤ? ᠨᠠᠢᠵᠠ ᠨᠤᠭᠤᠳ ᠠ᠋᠃
ᠲᠤᠩᠬᠤ᠄ ᠰᠠᠢᠨ ᠤᠤ?
ᠮᠥᠩᠬᠡ᠄ ᠰᠠᠢᠨ ᠤᠤ? ᠮᠠᠵᠠ᠃
ᠴᠠᠰᠤᠬᠠᠨ᠄ ᠰᠠᠢᠨ ᠪᠠᠢᠨ᠎ᠠ ᠤᠤ?
ᠪᠠᠰᠠᠷ᠄ ᠠᠷᠠᠢ ᠰᠦᠷᠲᠡᠢ ᠮᠡᠨᠳᠦᠴᠢᠯᠡᠭᠡᠳ ᠪᠠᠢᠨ᠎ᠠ ᠤᠤ ᠳᠠ᠂ ᠬᠡ ᠬᠡ ᠬᠡ
ᠮᠠᠵᠠᠭᠠᠯᠠᠢ᠄ ᠬᠡ ᠬᠡ᠂ ᠭᠣᠶᠣ ᠶᠠᠭᠤᠮ᠎ᠠ ᠵᠢᠭᠠᠵᠤ ᠥᠭᠬᠦ ᠭᠡᠵᠦ ᠪᠠᠢᠭ᠎ᠠ ᠶᠤᠮ ᠴᠢᠨᠢ ᠭᠣᠶᠣ ᠯᠠ ᠮᠡᠨᠳᠦᠴᠢᠯᠡᠨ᠎ᠡ ᠰᠢᠦ ᠳᠡ᠃
ᠪᠠᠰᠠᠷ᠄ ᠵᠠ ᠂ ᠲᠡᠢᠮᠦ ᠳᠡ᠃
ᠮᠥᠩᠬᠡ᠄ ᠥᠨᠥᠳᠥᠷ ᠪᠢᠳᠡ ᠨᠠᠷ ᠲᠤ᠌ ᠶᠠᠮᠠᠷ ᠠᠶᠤᠯ ᠦᠭᠡᠢ ᠪᠠᠢᠳᠠᠭ ᠤ᠋ᠨ ᠲᠠᠯ᠎ᠠ ᠪᠠᠷ ᠲᠠᠨᠢᠯᠴᠠᠭᠤᠯᠬᠤ ᠭᠡᠵᠦ ᠪᠠᠢᠨ᠎ᠠ ᠳᠠ᠃
ᠮᠠᠵᠠᠭᠠᠯᠠᠢ᠄ ᠵᠠ᠂ ᠪᠦᠭᠦᠳᠡᠭᠡᠷ ᠢ᠋ᠶ᠋ᠡᠨ ᠡᠷᠭᠢᠨ ᠲᠣᠭᠣᠷᠢᠨ ᠢ᠋ᠶ᠋ᠠᠨ ᠠᠵᠢᠭᠯᠠᠭᠠᠳ᠂ ᠶᠠᠭᠤᠨ ᠲᠠᠯ᠎ᠠ ᠪᠠᠷ ᠶᠠᠷᠢᠬᠤ ᠭᠡᠵᠦ ᠪᠠᠢᠭ᠎ᠠ ᠶ᠋ᠢ ᠬᠡᠯᠡᠭᠡᠷᠡᠢ᠂
ᠲᠤᠩᠬᠤ᠄ ᠵᠠᠮ ᠤ᠋ᠨ ᠠᠶᠤᠯ ᠦᠭᠡᠢ ᠪᠠᠢᠳᠠᠯ ᠤ᠋ᠨ ᠲᠠᠯ᠎ᠠ ᠪᠠᠷ ᠤᠤ?
ᠮᠠᠵᠠᠭᠠᠯᠠᠢ᠄ 0h yes᠂ ᠵᠠ᠂ ᠪᠢ ᠮᠠᠰᠢ ᠬᠤᠷᠳᠤᠴᠠ ᠲᠠᠢ ᠶᠠᠷᠢᠬᠤ ᠳᠤᠷᠠᠲᠠᠢ ᠲᠤᠯᠠ ᠠᠩᠬᠠᠷᠤᠯ ᠲᠠᠢ ᠰᠣᠨᠣᠰᠤᠭᠠᠷᠠᠢ᠂ ᠵᠠ᠂ ᠨᠢᠭᠡ᠂ ᠠᠪᠤ ᠡᠵᠢ ᠳ᠋ᠦ᠍ ᠪᠡᠨ ᠮᠠᠰᠢᠨ ᠢ᠋ᠶ᠋ᠠᠨ ᠬᠥᠳᠡᠯᠭᠡᠬᠦ ᠶ᠋ᠢᠨ ᠡᠮᠦᠨ᠎ᠡ ᠡᠷᠭᠢᠨ ᠲᠣᠭᠣᠷᠢᠨ ᠢ᠋ᠶ᠋ᠠᠨ᠂ ᠮᠥᠨ ᠮᠠᠰᠢᠨ ᠳᠣᠣᠭᠤᠷᠬᠢ ᠪᠠᠨ ᠮᠠᠰᠢ ᠰᠠᠢᠨ ᠰᠢᠯᠭ᠎ᠠ ᠭᠡᠵᠦ ᠰᠠᠨᠠᠭᠤᠯᠤᠭᠠᠷᠠᠢ᠃
ᠮᠥᠩᠬᠡ᠄ ok
ᠮᠠᠵᠠᠭᠠᠯᠠᠢ᠄ ᠬᠣᠶᠠᠷ ᠲᠤ᠌᠄ ᠬᠡᠷᠪᠡ ᠠᠷᠪᠠᠨ ᠨᠠᠰᠤ ᠬᠦᠷᠦᠭᠡ ᠦᠭᠡᠢ ᠪᠣᠯ ᠵᠠᠪᠠᠯ ᠲᠣᠮᠣ ᠬᠥᠮᠦᠨ ᠲᠡᠢ ᠬᠥᠨᠳᠡᠯᠡᠨ ᠵᠠᠮ ᠭᠠᠷᠬᠤ ᠶᠣᠰᠣᠲᠠᠢ ᠰᠢᠦ᠃
ᠲᠤᠩᠬᠤ᠄ ok
ᠮᠠᠵᠠᠭᠠᠯᠠᠢ᠄ ᠤᠯᠠᠭᠠᠨ ᠭᠡᠷᠡᠯ ᠪᠣᠯ ᠵᠣᠭᠰᠣᠬᠤ᠂ ᠰᠢᠷ᠎ᠠ ᠭᠡᠷᠡᠯ ᠪᠣᠯ ᠠᠩᠬᠠᠷᠬᠤ᠂ ᠨᠣᠭᠣᠭᠠᠨ ᠭᠡᠷᠡᠯ ᠪᠣᠯ ᠶᠠᠪᠤᠬᠤ᠂ ᠤᠷᠮ᠎ᠠ ᠲᠠᠢ ᠪᠠᠢᠨ᠎ᠠ ᠳᠠ᠂ ᠬᠡ ᠬᠡ ᠬᠡ᠃ ᠰᠠᠭᠤᠳᠠᠯ ᠤ᠋ᠨ ᠪᠦᠰᠡ ᠶ᠋ᠢ ᠵᠠᠪᠠᠯ ᠵᠡᠭᠦᠬᠦ ᠶᠣᠰᠣᠲᠠᠢ ᠰᠢᠦ᠂ ᠪᠠᠭ᠎ᠠ ᠨᠠᠰᠤᠨ ᠤ᠋ ᠬᠡᠦᠬᠡᠳ ᠪᠠᠢᠪᠠᠯ᠂ ᠵᠣᠷᠢᠭᠤᠯᠤᠯᠲᠠ ᠶ᠋ᠢᠨ ᠰᠠᠭᠤᠳᠠᠯ ᠳᠡᠭᠡᠷ᠎ᠡ ᠵᠠᠪᠠᠯ ᠰᠠᠭᠤᠬᠤ ᠶᠤᠮ ᠰᠢᠦ ᠳᠡ᠃
ᠪᠠᠰᠠᠷ᠄ ᠣᠢᠯᠠᠭᠠᠯ᠎ᠠ᠂ ᠬᠡ ᠬᠡ ᠬᠡ
ᠮᠠᠵᠠᠭᠠᠯᠠᠢ᠄ ᠮᠠᠰᠢᠨ ᠶᠠᠪᠤᠵᠤ ᠪᠠᠢᠬᠤ ᠳ᠋ᠤ᠌ ᠴᠣᠩᠬᠣ ᠪᠠᠷ ᠪᠣᠯᠤᠨ ᠵᠥᠪ ᠲᠠᠯ᠎ᠠ ᠶ᠋ᠢᠨ ᠴᠣᠩᠬᠣ ᠪᠠᠷ ᠭᠠᠷ ᠢ᠋ᠶ᠋ᠠᠨ ᠭᠠᠷᠭᠠᠬᠤ᠂ ᠲᠣᠯᠣᠭᠠᠢ ᠪᠠᠨ ᠪᠦᠷ ᠭᠠᠷᠭᠠᠵᠤ ᠪᠣᠯᠬᠤ ᠦᠭᠡᠢ ᠰᠢᠦ᠃ ᠥᠩ
ᠴᠠᠰᠤᠬᠠᠨ᠄ ᠣᠢᠯᠠᠭᠠᠯ᠎ᠠ᠃
ᠮᠠᠵᠠᠭᠠᠯᠠᠢ᠄ ᠮᠠᠰᠢᠨ ᠬᠥᠳᠡᠯᠭᠡᠭᠡᠨ ᠳ᠋ᠦ᠍ ᠶᠠᠪᠤᠵᠤ ᠪᠠᠢᠬᠤ ᠳ᠋ᠤ᠌ ᠬᠠᠭᠠᠯᠭᠠᠨ ᠤ᠋ ᠲᠦᠭᠵᠢᠶᠡᠨ ᠳᠦ ᠬᠦᠷᠴᠦ ᠪᠣᠯᠬᠤ ᠦᠭᠡᠢ ᠰᠢᠦ᠃
ᠮᠥᠩᠬᠡ᠄ ᠥᠩ᠂ ᠣᠢᠯᠠᠭᠠᠯ᠎ᠠ᠃ ᠬᠡ ᠬᠠ ᠬᠠ
ᠮᠠᠵᠠᠭᠠᠯᠠᠢ᠄ ᠵᠠ ᠲᠡᠭᠡᠭᠡᠳ ᠳᠠᠷᠠᠭ᠎ᠠ ᠶ᠋ᠢᠨ ᠠᠵᠢᠯ ᠪᠣᠯ ᠠᠪᠤ ᠶᠤᠮ ᠤᠤ᠂ ᠡᠵᠢ ᠨᠢ ᠴᠦ᠍ ᠶᠦᠮ ᠤᠤ ᠠᠬ᠎ᠠ ᠡᠭᠡᠴᠢ ᠴᠢᠨᠢ ᠶᠠᠳᠠᠷᠠᠴᠢᠬᠠᠭᠰᠠᠨ ᠶᠠᠪᠤᠵᠤ ᠪᠠᠢᠪᠠᠯ᠂ ᠪᠢᠲᠡᠭᠡᠢ ᠮᠠᠰᠢᠨ ᠪᠡᠷᠢ ᠭᠡᠵᠦ ᠰᠠᠨᠠᠭᠤᠯᠤᠭᠠᠷᠠᠢ᠃
ᠪᠦᠭᠦᠳᠡᠭᠡᠷ᠄ ᠣᠢᠯᠠᠭᠠᠯ᠎ᠠ᠂ ᠬᠡ ᠬᠡ ᠬᠡ
ᠮᠠᠵᠠᠭᠠᠯᠠᠢ᠄ ᠣᠢᠯᠠᠭᠠᠭᠰᠠᠨ ᠪᠣᠯ ᠶᠠᠭᠠᠬᠢᠮᠤᠢ ᠳᠠ᠂ ᠬᠠ ᠬᠠ ᠬᠠ᠁
ᠢᠷᠡᠭᠡᠳᠦᠢ ᠪᠡᠨ ᠬᠠᠮᠠᠭᠠᠯᠠᠶ᠎ᠠ!
ᠦᠰᠦᠭ ᠠᠮᠢᠯᠠᠭᠤᠯᠵᠤ ᠬᠠᠲᠠᠭᠰᠠᠨ ᠬᠥᠮᠦᠨ᠄ ᠾᠦᠩ ᠸᠧᠢ
ᠬᠢᠨᠠᠯᠲᠠ ᠬᠢᠭᠰᠡᠨ ᠬᠥᠮᠦᠰ᠄ ᠱᠤᠳᠤᠷᠭᠤ᠂ ᠮᠥᠴᠢᠷ᠃