1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠸᠲ ᠰᠦᠯᠵᠢᠶ᠎ᠡ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-04-ᠪᠣᠯᠣᠴᠢᠯᠠᠭᠤ

ᠨᠸᠲ ᠰᠦᠯᠵᠢᠶ᠎ᠡ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-04-ᠪᠣᠯᠣᠴᠢᠯᠠᠭᠤ

2023-12-12

578

ᠳᠥᠷᠪᠡ᠂ ᠨᠸᠲ ᠰᠦᠯᠵᠢᠶ᠎ᠡ

   ᠨᠸᠲ ᠰᠦᠯᠵᠢᠶ᠎ᠡ ᠭᠡᠵᠦ ᠶᠠᠭᠤ ᠪᠣᠢ? ᠲᠣᠮᠣᠭ᠎ᠠ ᠲᠠᠢ ᠤᠬᠠᠭᠠᠨ ᠲᠠᠢ ᠬᠥᠮᠦᠰ ᠲᠤ ᠪᠣᠯ ᠨᠸᠲ ᠰᠦᠯᠵᠢᠶ᠎ᠡ ᠨᠢ ᠬᠢᠵᠠᠭᠠᠯᠠᠰᠢ ᠦᠭᠡᠢ ᠶᠡᠬᠡ ᠣᠶᠤᠨ ᠤᠬᠠᠭᠠᠨ ᠤ᠋ ᠣᠷᠣᠨ ᠵᠠᠢ᠂ ᠤᠷ᠎ᠠ ᠮᠡᠳᠡᠯᠭᠡ ᠶ᠋ᠢᠨ ᠪᠠᠶᠠᠨ ᠰᠠᠩ ᠮᠥᠨ᠃ ᠭᠡᠲᠡᠯ᠎ᠡ ᠲᠣᠮᠣᠭ᠎ᠠ ᠣᠷᠣᠭ᠎ᠠ ᠦᠭᠡᠢ ᠬᠡᠦᠬᠡᠳ ᠪᠤᠶᠤ ᠪᠡᠶ᠎ᠡ ᠳ᠋ᠦ᠍ ᠪᠡᠨ ᠬᠠᠷᠢᠭᠤᠴᠠᠯᠭ᠎ᠠ ᠦᠭᠡᠢ ᠬᠥᠮᠦᠰ ᠲᠤ ᠪᠣᠯ ᠲᠣᠯᠣᠭᠠᠢ ᠤᠨᠠᠬᠤ ᠭᠠᠢ ᠲᠠᠢ ᠠᠶᠤᠮᠰᠢᠭᠲᠤ ᠣᠷᠴᠢᠨ ᠪᠠᠢᠭ᠎ᠠ᠃ ᠰᠦᠯᠵᠢᠶ᠎ᠡ ᠶ᠋ᠢᠨ ᠴᠡᠩᠬᠡᠷ ᠳᠡᠯᠭᠡᠴᠡᠨ ᠳᠡᠭᠡᠷ᠎ᠡ ᠭᠡᠷᠡᠯ ᠭᠡᠭᠡ ᠲᠡᠢ ᠪᠤᠶᠠᠨ ᠤ᠋ ᠴᠠᠭᠠᠨ ᠮᠡᠳᠡᠭᠡᠯᠡᠯ ᠴᠤ᠌ ᠪᠠᠢᠨ᠎ᠠ᠂ ᠬᠠᠷ᠎ᠠ ᠡᠷᠴᠢ ᠬᠦᠴᠦ ᠲᠡᠢ ᠭᠠᠵᠢᠭᠤ ᠰᠣᠯᠣᠭᠠᠢ ᠮᠡᠳᠡᠭᠡᠯᠡᠯ ᠴᠦ᠍ ᠪᠠᠢᠳᠠᠭ᠂ ᠰᠦᠯᠵᠢᠶ᠎ᠡ ᠶ᠋ᠢ ᠳᠥᠬᠥᠮᠬᠡᠨ ᠬᠡᠯᠡᠪᠡᠯ ᠥᠨᠥ ᠶ᠋ᠢᠨ ᠠᠬᠤᠢ ᠨᠡᠢᠭᠡᠮ ᠲᠡᠷᠡ ᠴᠢᠭ ᠢ᠋ᠶ᠋ᠡᠷ ᠢ᠋ᠶ᠋ᠡᠨ ᠬᠡᠢᠰᠪᠦᠷᠢ ᠰᠦᠯᠵᠢᠶᠡᠨ ᠦ᠌ ᠶᠢᠷᠲᠢᠨᠴᠦ ᠳ᠋ᠦ᠍ ᠣᠷᠣᠴᠢᠬᠠᠵᠠᠢ᠃ ᠰᠦᠯᠵᠢᠶᠡᠨ ᠳᠡᠭᠡᠷ᠎ᠡ ᠨᠣᠮ ᠦᠵᠡᠳᠡᠭ ᠨᠢ ᠨᠣᠮ ᠢ᠋ᠶ᠋ᠠᠨ ᠡᠷᠢᠵᠦ᠂ ᠵᠣᠬᠢᠶᠠᠯ ᠪᠢᠴᠢᠳᠡᠭ ᠨᠢ ᠵᠣᠬᠢᠶᠠᠯ ᠢ᠋ᠶ᠋ᠠᠨ ᠨᠡᠢᠲᠡᠯᠡᠵᠦ᠂ ᠬᠥᠮᠦᠨ ᠮᠡᠬᠡᠯᠡᠳᠡᠭ ᠨᠢ ᠬᠥᠮᠦᠨ ᠮᠡᠬᠡᠯᠡᠵᠦ᠂ ᠶᠠᠯ᠎ᠠ ᠬᠢᠳᠡᠭ ᠨᠢ ᠶᠠᠯᠠᠲᠤ ᠠᠵᠢᠯᠯᠠᠭ᠎ᠠ ᠪᠠᠨ ᠦᠢᠯᠡᠳᠴᠦ᠂ ᠬᠣᠭ ᠨᠣᠪᠰᠢ ᠲᠠᠷᠬᠠᠭᠠᠳᠠᠭ ᠨᠢ ᠬᠣᠭ ᠨᠣᠪᠰᠢ ᠪᠠᠨ ᠲᠠᠷᠬᠠᠭᠠᠵᠤ ᠯᠠ ᠪᠠᠢᠨ᠎ᠠ᠃《ᠮᠠᠭᠤ ᠦᠭᠡ ᠮᠣᠳᠣᠨ ᠤᠯᠠᠭ᠎ᠠ ᠲᠠᠢ》 ᠭᠡᠳᠡᠭ᠃ ᠬᠥᠮᠦᠰ ᠶᠡᠷᠦ ᠨᠢ ᠮᠠᠭᠤ ᠦᠭᠡ ᠮᠠᠭᠤᠬᠠᠢ ᠰᠤᠷᠠᠭ ᠢ᠋ ᠲᠠᠷᠬᠠᠭᠠᠬᠤ ᠨᠢ ᠰᠠᠢᠨ ᠴᠢᠮᠡᠭᠡ ᠳᠠᠮᠵᠢᠭᠤᠯᠬᠤ ᠠ᠋ᠴᠠ ᠳᠥᠷᠪᠡᠨ ᠳᠠᠬᠢᠨ ᠢᠯᠡᠭᠦᠦ ᠭᠡᠰᠡᠨ ᠰᠤᠳᠤᠯᠭᠠᠨ ᠪᠠᠢᠳᠠᠭ᠃ ᠡᠭᠦᠨ ᠲᠡᠢ ᠠᠳᠠᠯᠢᠬᠠᠨ ᠬᠥᠮᠦᠰ ᠮᠠᠭᠤ ᠶ᠋ᠢ ᠰᠤᠷᠬᠤ ᠳ᠋ᠤ᠌ ᠮᠥᠨ ᠲᠦᠷᠭᠡᠨ ᠪᠠᠢᠳᠠᠭ᠃ ᠲᠡᠢᠮᠦ ᠪᠣᠯᠬᠣᠷ ᠰᠦᠯᠵᠢᠶ᠎ᠡ ᠪᠡᠷ ᠲᠠᠷᠬᠠᠵᠤ ᠪᠠᠢᠭ᠎ᠠ ᠡᠷᠡᠭᠦᠯ ᠪᠤᠰᠤ ᠮᠡᠳᠡᠭᠡᠯᠡᠯ᠂ ᠠᠯᠠᠯᠭᠠᠨ ᠵᠣᠳᠣᠭᠠᠨ ᠲᠠᠢ ᠨᠠᠭᠠᠳᠤᠮ ᠲᠣᠭᠯᠠᠭᠠᠮ ᠮᠡᠲᠦ ᠬᠠᠷ᠎ᠠ ᠡᠷᠴᠢ ᠬᠦᠴᠦ ᠲᠡᠢ ᠵᠦᠢᠯᠡᠰ ᠨᠢ ᠬᠥᠮᠦᠰ ᠢ᠋ ᠲᠤᠩ ᠬᠢᠯᠪᠠᠷᠬᠠᠨ ᠨᠥᠯᠥᠭᠡᠯᠡᠳᠡᠭ ᠢ᠋ ᠮᠡᠳᠡᠭᠦᠰᠢᠲᠡᠢ᠃ ᠬᠡᠦᠬᠡᠳ ᠪᠣᠯ ᠰᠣᠨᠢᠭᠤᠴᠢ ᠵᠠᠩ ᠲᠠᠢ᠂ ᠠᠰᠪᠤᠷ ᠴᠠᠢᠯᠭᠠᠨ ᠭᠡᠨᠡᠨ ᠨᠠᠰᠤᠨ ᠳ᠋ᠤ᠌ ᠪᠠᠢᠬᠤ ᠲᠤᠯᠠ ᠠᠯᠢ ᠪᠣᠯᠬᠤ ᠦᠭᠡᠢ ᠭᠡᠰᠡᠨ ᠬᠣᠷᠢᠭ ᠲᠠᠢ ᠡᠷᠡᠭᠦᠯ ᠪᠤᠰᠤ ᠵᠦᠢᠯ ᠢ ᠨᠢ ᠨᠡᠩ ᠢᠯᠡᠭᠦᠦ ᠰᠣᠨᠢᠷᠬᠠᠵᠤ᠂ ᠦᠵᠡᠯ ᠪᠤᠷᠤᠭᠤ ᠡᠲᠡᠭᠡᠳ ᠲᠤ ᠬᠠᠮᠤᠭ ᠬᠢᠯᠪᠠᠷᠬᠠᠨ ᠮᠡᠬᠡᠯᠡᠭᠳᠡᠵᠦ ᠬᠠᠮᠤᠭ ᠶᠡᠬᠡ ᠬᠣᠬᠢᠷᠠᠯ ᠠᠮᠰᠠᠵᠤ ᠪᠠᠢᠭ᠎ᠠ ᠨᠡᠢᠭᠡᠮ ᠦ᠋ᠨ ᠪᠠᠭᠤᠷᠠᠢ ᠪᠦᠯᠦᠭᠲᠦ ᠴᠤ᠌ᠭᠴᠠ ᠪᠣᠯᠤᠭᠰᠠᠨ ᠪᠠᠢᠨ᠎ᠠ᠃
   ᠪᠦᠬᠦ ᠶᠠᠭᠤᠮ᠎ᠠ ᠰᠦᠯᠵᠢᠶᠡᠨ ᠦ᠌ ᠮᠠᠭᠤ ᠪᠢᠰᠢ᠂ ᠠᠰᠠᠭᠤᠳᠠᠯ ᠲᠠᠢ ᠭᠡᠷ ᠪᠦᠯᠢ ᠶ᠋ᠢᠨ ᠣᠷᠴᠢᠨ ᠳ᠋ᠤ᠌ ᠥᠰᠴᠦ ᠪᠠᠢᠭ᠎ᠠ ᠬᠡᠦᠬᠡᠳ ᠠᠮᠠᠷᠬᠠᠨ ᠨᠸᠲ ᠰᠦᠯᠵᠢᠶᠡᠨ  ᠦ᠌ ᠰᠢᠨᠤᠯᠲᠠᠨ ᠪᠣᠯᠵᠤ᠂ ᠡᠳᠦᠷᠵᠢᠨ ᠰᠦᠯᠵᠢᠶᠡᠨ ᠲᠣᠭᠯᠠᠭᠠᠮ ᠪᠤᠶᠤ ᠰᠦᠯᠵᠢᠶᠡᠨ ᠨᠠᠢᠵᠠ ᠨᠠᠷ ᠲᠠᠢ ᠪᠠᠨ ᠬᠠᠨᠢᠯᠠᠵᠤ᠂ ᠰᠦᠯᠵᠢᠶᠡᠨ ᠦ᠌ ᠶᠢᠷᠲᠢᠨᠴᠦ ᠶ᠋ᠢᠨ ᠬᠣᠭ ᠨᠣᠪᠰᠢ ᠶ᠋ᠢᠨ ᠬᠠᠷᠠᠩᠭᠤᠢ ᠪᠤᠯᠤᠩ ᠳ᠋ᠤ᠌ ᠠᠮᠢᠳᠤᠷᠠᠵᠤ ᠪᠠᠢᠳᠠᠭ᠃ ᠢᠩᠭᠢᠵᠦ ᠰᠢᠨᠤᠯ ᠲᠠᠢ ᠪᠣᠯᠤᠭᠰᠠᠨ ᠬᠡᠦᠬᠡᠳ ᠲᠤ ᠠᠵᠢᠯ ᠰᠤᠷᠤᠯᠭ᠎ᠠ ᠶ᠋ᠢᠨ ᠬᠠᠷᠢᠴᠠᠭᠤᠯᠭ᠎ᠠ ᠦᠭᠡᠢ ᠪᠣᠯᠵᠤ᠂ ᠰᠦᠯᠵᠢᠶᠡᠨ ᠡᠴᠡ ᠰᠠᠯᠪᠠᠯ ᠣᠶᠤᠨ ᠰᠠᠨᠠᠭ᠎ᠠ ᠨᠢ ᠬᠣᠭᠣᠰᠣᠷᠠᠵᠤ᠂ ᠠᠮᠢᠳᠤᠷᠠᠬᠤ ᠢᠲᠡᠭᠡᠯ ᠴᠤ᠌ ᠦᠭᠡᠢ ᠪᠣᠯᠳᠠᠭ᠃ ᠡᠳᠡᠭᠡᠷ ᠬᠡᠦᠬᠡᠳ ᠡᠳᠦᠷᠵᠢᠨ ᠰᠦᠯᠵᠢᠶᠡᠨ ᠳ᠋ᠦ᠍ ᠬᠣᠷᠭᠣᠳᠠᠬᠤ ᠮᠥᠩᠭᠥ ᠣᠯᠬᠤ ᠶ᠋ᠢᠨ ᠲᠥᠯᠥᠭᠡ ᠬᠤᠳᠠᠯ ᠬᠤᠯᠠᠭᠠᠢ ᠬᠢᠬᠦ ᠪᠤᠶᠤ ᠬᠣᠣᠷ ᠰᠠᠷᠢᠭᠠᠯᠠᠬᠤ ᠠ᠋ᠴᠠ ᠪᠤᠴᠠᠬᠤ ᠦᠭᠡᠢ ᠪᠠᠢᠳᠠᠭ᠂ ᠳᠥᠭᠥᠮ ᠬᠣᠭᠣᠯᠠ ᠤᠮᠳᠠᠭᠠᠨ ᠢ᠋ᠶ᠋ᠠᠷ ᠥᠯ ᠳᠠᠷᠤᠵᠤ ᠬᠡᠴᠢᠨᠡᠨ ᠡᠳᠦᠷ ᠢ᠋ᠶ᠋ᠡᠷ ᠰᠦᠯᠵᠢᠶᠡᠨ ᠳ᠋ᠦ᠍ ᠤᠶᠠᠭᠳᠠᠳᠠᠭ ᠠ᠋ᠴᠠ ᠪᠣᠯᠵᠤ ᠪᠡᠶ᠎ᠡ ᠮᠠᠬᠠᠪᠣᠳ ᠤᠬᠠᠭᠠᠨ ᠮᠡᠳᠡᠷᠡᠯ ᠨᠢ ᠴᠥᠮ ᠳᠣᠷᠣᠢᠲᠠᠵᠤ ᠡᠬᠢᠯᠡᠳᠡᠭ᠃
   ᠨᠸᠲ ᠰᠦᠯᠵᠢᠶᠡᠨ ᠦ᠌ ᠭᠠᠵᠠᠷ ᠨᠢ ᠡᠳᠦᠷᠵᠢᠨ ᠰᠥᠨᠢᠵᠢᠨ ᠣᠯᠠᠨ ᠬᠥᠮᠦᠨ ᠴᠤᠭᠯᠠᠷᠠᠳᠠᠭ ᠮᠥᠷᠲᠡᠭᠡᠨ ᠭᠡᠷᠡᠯ ᠠᠭᠠᠷ ᠨᠡᠪᠲᠡᠷᠡᠬᠦ ᠨᠢ ᠮᠠᠭᠤ ᠪᠠᠢᠳᠠᠭ ᠪᠣᠯᠬᠣᠷ ᠣᠯᠠᠨ ᠬᠥᠮᠦᠨ ᠦ᠌ ᠲᠠᠮᠠᠬᠢᠨ ᠤᠲᠤᠭ᠎ᠠ᠂ ᠬᠥᠯᠥᠰᠥᠨ ᠦᠨᠦᠷ᠂ ᠮᠠᠰᠢᠨ ᠠ᠋ᠴᠠ ᠭᠠᠷᠬᠤ ᠮᠠᠭᠤ ᠠᠭᠠᠷ᠂ ᠰᠠᠴᠤᠷᠠᠭ ᠳᠣᠯᠭᠢᠶᠠᠨ ᠨᠡᠢᠯᠡᠭᠡᠳ ᠪᠦᠭᠴᠢᠮ᠎ᠡ ᠪᠣᠬᠢᠷ ᠠᠮᠢᠰᠬᠤᠯ ᠪᠣᠢ ᠪᠣᠯᠵᠤ ᠡᠪᠡᠳᠴᠢᠨ ᠬᠠᠯᠳᠠᠪᠤᠷᠢᠯᠠᠵᠤ ᠡᠭᠦᠰᠬᠦ ᠳ᠋ᠦ᠍ ᠪᠦᠷ ᠴᠦ᠍ ᠬᠢᠯᠪᠠᠷᠬᠠᠨ᠃ ᠣᠳᠣ ᠨᠸᠲ ᠰᠦᠯᠵᠢᠶᠡᠨ ᠡᠴᠡ ᠬᠦᠵᠦᠭᠦᠨ ᠦᠶ᠎ᠡ᠂ ᠮᠥᠷᠥ ᠳᠠᠯᠤ᠂ ᠵᠢᠷᠦᠬᠡᠨ ᠦ᠌᠂ ᠮᠡᠳᠡᠷᠡᠯ ᠦ᠋ᠨ᠂ ᠰᠡᠳᠬᠢᠴᠡ ᠶ᠋ᠢᠨ ᠭᠡᠬᠦ ᠮᠡᠲᠦ ᠬᠣᠷᠢ ᠢᠯᠡᠭᠦᠦ ᠲᠥᠷᠥᠯ ᠦ᠋ᠨ ᠡᠪᠡᠳᠴᠢᠨ ᠢᠯᠡᠷᠡᠬᠦ ᠪᠣᠯᠤᠭᠰᠠᠨ ᠪᠥᠭᠡᠳ ᠲᠤᠰᠬᠠᠢᠯᠠᠨ ᠨᠸᠲ ᠰᠦᠯᠵᠢᠶᠡᠨ ᠦ᠌ ᠶᠡᠷᠦᠩᠬᠡᠢᠯᠡᠭᠰᠡᠨ ᠡᠪᠡᠳᠴᠢᠨ ᠭᠡᠳᠡᠭ ᠰᠢᠨ᠎ᠡ ᠡᠪᠡᠳᠴᠢᠨ ᠦ᠌ ᠨᠡᠷᠡᠢᠳᠦᠯ ᠪᠣᠢ ᠪᠣᠯᠤᠭᠰᠠᠨ ᠪᠠᠢᠨ᠎ᠠ᠃ ᠨᠡᠩ ᠴᠢᠬᠤᠯᠠ ᠨᠢ ᠬᠡᠦᠬᠡᠳ ᠦ᠋ᠨ ᠰᠡᠳᠬᠢᠴᠡ ᠬᠦᠨᠳᠦ ᠶ᠋ᠢ ᠨᠣᠴᠢᠲᠠᠢ ᠬᠣᠣᠷᠳᠠᠯ ᠳ᠋ᠤ᠌ ᠤᠴᠠᠷᠠᠵᠤ ᠨᠡᠢᠭᠡᠮ ᠦ᠋ᠨ ᠬᠣᠭ ᠨᠣᠪᠰᠢ ᠲᠠᠷᠢᠬᠢ ᠲᠣᠯᠣᠭᠠᠢ ᠶ᠋ᠢ ᠨᠢ ᠡᠵᠡᠯᠡᠨ ᠵᠠᠩ ᠠᠭᠠᠰᠢ ᠨᠢ ᠵᠣᠵᠢᠭ ᠵᠥᠷᠢᠭᠦᠳ ᠪᠣᠯᠵᠤ ᠬᠠᠮᠤᠭ ᠰᠡᠭᠦᠯ ᠳ᠋ᠦ᠍ᠨᠢ ᠪᠤᠷᠤᠭᠤ ᠵᠠᠮ ᠢ᠋ᠶ᠋ᠠᠷ ᠣᠷᠣᠵᠤ ᠶᠠᠯ᠎ᠠ ᠬᠢᠬᠦ ᠬᠡᠮᠵᠢᠶᠡᠨ ᠳ᠋ᠦ᠍ ᠬᠦᠷᠴᠦ ᠪᠣᠢ᠃ ᠨᠸᠲ ᠰᠦᠯᠵᠢᠶ᠎ᠡ ᠶ᠋ᠢᠨ ᠬᠡᠦᠬᠡᠳ ᠲᠤ ᠤᠴᠠᠷᠠᠭᠤᠯᠵᠤ ᠪᠠᠢᠭ᠎ᠠ ᠬᠣᠣᠷ ᠭᠡᠮ ᠪᠣᠯ ᠲᠤᠩ ᠬᠦᠨᠳᠦ ᠨᠣᠴᠢᠲᠠᠢ ᠶᠤᠮ᠃ ᠣᠳᠣ ᠵᠠᠰᠠᠭ ᠤ᠋ᠨ ᠣᠷᠳᠣᠨ ᠠ᠋ᠴᠠ ᠨᠠᠰᠤᠨ ᠳ᠋ᠤ᠌ ᠬᠦᠷᠦᠭᠡ ᠦᠭᠡᠢ ᠬᠡᠦᠬᠡᠳ ᠦ᠋ᠨ ᠨᠸᠲ ᠰᠦᠯᠵᠢᠶᠡᠨ ᠳ᠋ᠦ᠍ ᠣᠷᠣᠬᠤ ᠶ᠋ᠢ ᠴᠠᠭᠠᠵᠠᠯᠠᠬᠤ ᠵᠠᠷᠯᠢᠭ ᠨᠡᠢᠲᠡᠯᠡᠭᠰᠡᠨ ᠪᠥᠭᠡᠳ ᠰᠤᠷᠭᠠᠭᠤᠯᠢ ᠣᠢᠷᠠᠯᠴᠠᠭ᠎ᠠ ᠨᠸᠲ ᠰᠦᠯᠵᠢᠶᠡᠨ ᠦ᠌ ᠭᠠᠵᠠᠷ ᠭᠠᠷᠭᠠᠵᠤ ᠪᠣᠯᠬᠤ ᠦᠭᠡᠢ ᠭᠡᠵᠦ ᠬᠣᠷᠢᠭᠯᠠᠵᠤ ᠪᠠᠢᠭ᠎ᠠ ᠪᠣᠯᠪᠠᠴᠤ ᠬᠠᠤᠯᠢ ᠪᠤᠰᠤ ᠡᠲᠡᠭᠡᠳ ᠮᠥᠨ ᠯᠡ ᠬᠤᠯᠠᠭᠠᠢ ᠬᠤᠳᠠᠯ ᠢ᠋ᠶ᠋ᠠᠷ ᠦᠢᠯᠡᠳᠴᠦ ᠬᠢᠳᠡᠭ ᠢ᠋ᠶ᠋ᠡᠨ ᠬᠢᠭᠰᠡᠭᠡᠷ ᠪᠠᠢᠨ᠎ᠠ᠃ ᠡᠢᠮᠦ ᠡᠴᠡ ᠭᠡᠷ ᠦ᠋ᠨ ᠠᠬᠠᠮᠠᠳ ᠡᠨᠡ ᠲᠠᠯ᠎ᠠ ᠪᠠᠷ ᠬᠡᠦᠬᠡᠳ ᠢ᠋ᠶ᠋ᠡᠨ ᠴᠢᠩᠭ᠎ᠠ ᠬᠠᠮᠢᠶᠠᠷᠬᠤ ᠴᠢᠬᠤᠯᠠ ᠲᠠᠢ ᠪᠠᠢᠨ᠎ᠠ᠃ ᠪᠠᠰᠠ ᠨᠸᠲ ᠰᠦᠯᠵᠢᠶᠡᠨ ᠦ᠌ ᠭᠠᠵᠠᠷ ᠭᠠᠷᠴᠤ ᠪᠠᠢᠭ᠎ᠠ ᠲᠡᠳᠡᠭᠡᠷ ᠬᠠᠤᠯᠢ ᠪᠤᠰᠤ ᠡᠲᠡᠭᠡᠳ ᠦ᠋ᠨ ᠮᠡᠬᠡᠯᠡᠬᠦ᠂ ᠰᠦᠷᠳᠡᠭᠦᠯᠬᠦ᠂ ᠪᠤᠯᠢᠶᠠᠬᠤ᠂ ᠵᠣᠳᠣᠯᠳᠤᠬᠤ᠂᠂᠂ ᠵᠡᠷᠭᠡ ᠪᠣᠯᠬᠢ ᠶᠠᠪᠤᠳᠠᠯ ᠤ᠋ᠳ ᠬᠡᠦᠬᠡᠳ ᠦ᠋ᠨ ᠪᠡᠶ᠎ᠡ ᠰᠡᠳᠬᠢᠴᠡ ᠳ᠋ᠦ᠍ ᠶᠡᠬᠡ ᠬᠣᠣᠷᠳᠠᠯ ᠠᠪᠴᠢᠷᠠᠵᠤ ᠪᠠᠢᠭ᠎ᠠ ᠶ᠋ᠢ ᠵᠠᠪᠠᠯ ᠠᠩᠬᠠᠷᠬᠤ ᠬᠡᠷᠡᠭᠲᠡᠢ᠃ ᠶᠠᠯᠠᠲᠤ ᠡᠲᠡᠭᠡᠳ ᠬᠡᠦᠬᠡᠳ ᠦ᠋ᠨ ᠪᠡᠶ᠎ᠡ ᠶ᠋ᠢᠨ ᠭᠠᠷᠤᠯ᠂ ᠭᠡᠷ ᠦ᠋ᠨ ᠪᠠᠢᠳᠠᠯ ᠢ᠋ ᠣᠢᠯᠠᠭᠠᠵᠤ ᠠᠪᠤᠭᠠᠳ᠂ ᠭᠡᠷ ᠦ᠋ᠨ ᠬᠥᠮᠦᠰ ᠡᠴᠡ ᠨᠢ ᠵᠣᠭᠣᠰ ᠮᠡᠬᠡᠯᠡᠬᠦ᠂ ᠬᠡᠦᠬᠡᠳ ᠢ᠋ ᠬᠠᠤᠯᠢ ᠪᠤᠰᠤ ᠠᠵᠢᠯᠯᠠᠭ᠎ᠠ ᠳ᠋ᠤ᠌ ᠲᠠᠲᠠᠵᠤ ᠣᠷᠣᠭᠤᠯᠬᠤ ᠮᠡᠲᠦ ᠠᠯᠢ ᠪᠠᠢᠭᠰᠠᠨ ᠮᠠᠭᠤᠬᠠᠢ ᠦᠢᠯᠡ ᠶ᠋ᠢ ᠦᠢᠯᠡᠳᠬᠦ ᠪᠣᠯᠵᠠᠢ᠃ ᠲᠠᠮᠠᠬᠢ ᠲᠠᠲᠠᠳᠠᠭ ᠦᠭᠡᠢ ᠬᠡᠦᠬᠡᠳ ᠲᠠᠮᠠᠬᠢ ᠲᠠᠲᠠᠵᠤ ᠡᠴᠦᠰ ᠲᠤ ᠪᠡᠨ ᠬᠣᠣᠷ ᠴᠤ᠌ ᠲᠠᠲᠠᠬᠤ ᠪᠣᠯᠵᠤ ᠪᠠᠰᠠ ᠦᠯᠦ ᠲᠠᠨᠢᠬᠤ ᠬᠥᠮᠦᠨ ᠲᠡᠢ ᠢᠨᠠᠭᠯᠠᠬᠤ᠂ ᠲᠡᠷᠡᠴᠢᠯᠡᠨ ᠳᠠᠭᠠᠵᠤ ᠶᠠᠪᠤᠬᠤ ᠦᠵᠡᠭᠳᠡᠯ ᠢᠯᠡᠷᠡᠵᠦ᠂ ᠵᠠᠷᠢᠮ ᠠᠢᠯ ᠤ᠋ᠨ ᠬᠡᠦᠬᠡᠳ ᠨᠢ ᠭᠡᠨᠡᠳᠲᠡ ᠪᠡᠷ ᠠᠯᠠᠭ᠎ᠠ ᠪᠣᠯᠵᠤ ᠪᠠᠢᠭ᠎ᠠ ᠨᠢ ᠪᠦᠷ ᠯᠡ ᠨᠸᠲ ᠰᠦᠯᠵᠢᠶ᠎ᠡ ᠲᠡᠢ ᠬᠣᠯᠪᠣᠭ᠎ᠠ ᠲᠠᠢ᠃ ᠪᠠᠰᠠ ᠵᠠᠷᠢᠮ ᠬᠡᠦᠬᠡᠨᠴᠦᠳ ᠬᠠᠤᠯᠢ ᠪᠤᠰᠤ ᠡᠲᠡᠭᠡᠳ ᠲᠤ ᠮᠡᠬᠡᠯᠡᠭᠳᠡᠨ᠂ ᠪᠡᠶ᠎ᠡ ᠮᠠᠬᠠᠪᠣᠳ ᠤ᠋ᠨ ᠲᠠᠯ᠎ᠠ ᠪᠠᠷ ᠲᠠᠮᠤᠯᠠᠭᠳᠠᠵᠤ᠂ ᠵᠠᠷᠢᠮ ᠨᠢ ᠠᠷᠭ᠎ᠠ ᠪᠤᠰᠤ ᠲᠣᠭᠯᠠᠭᠠᠮ ᠤ᠋ᠨ ᠭᠠᠵᠠᠷ ᠢ᠋ᠶ᠋ᠠᠷ ᠨᠠᠭᠠᠳᠤᠮ ᠤ᠋ᠨ ᠶᠠᠭᠤᠮ᠎ᠠ ᠪᠣᠯᠵᠤ ᠪᠣᠢ᠃
   ᠰᠦᠯᠵᠢᠶᠡᠨ ᠡᠴᠡ ᠡᠭᠦᠰᠴᠦ ᠪᠠᠢᠭ᠎ᠠ ᠡᠨᠡ ᠣᠯᠠᠨ ᠠᠰᠠᠭᠤᠳᠠᠯ ᠪᠣᠯ ᠰᠦᠯᠵᠢᠶ᠎ᠡ ᠭᠡᠳᠡᠭ ᠪᠣᠯ ᠬᠠᠤᠯᠢ ᠪᠤᠰᠤ ᠡᠲᠡᠭᠡᠳ ᠦ᠋ᠨ ᠬᠥᠮᠦᠨ ᠮᠡᠬᠡᠯᠡᠵᠦ ᠶᠠᠯ᠎ᠠ ᠨᠢᠭᠦᠯ ᠬᠢᠬᠦ ᠳ᠋ᠦ᠍ ᠨᠡᠩ ᠨᠢᠭᠤᠴᠠᠭᠠᠢ ᠳᠥᠭᠥᠮ ᠨᠥᠬᠥᠴᠡᠯ ᠢ᠋ ᠬᠠᠩᠭᠠᠭᠰᠠᠨ ᠠ᠋ᠴᠠ ᠪᠣᠯᠤᠭᠰᠠᠨ ᠶᠤᠮ᠃ ᠮᠡᠬᠡᠯᠡᠭᠴᠢᠳ ᠶᠠᠭ ᠡᠨᠡᠬᠦ ᠨᠢᠭᠤᠴᠠᠬᠠᠨ ᠪᠠᠭ ᠤ᠋ᠨ ᠴᠠᠭᠠᠨ᠎ᠠ ᠠ᠋ᠴᠠ ᠭᠡᠨᠡᠨ ᠴᠠᠢᠯᠭᠠᠨ ᠬᠡᠦᠬᠡᠳ ᠲᠤ ᠬᠠᠷ᠎ᠠ ᠰᠠᠪᠠᠷ ᠢ᠋ᠶ᠋ᠠᠨ ᠰᠤᠩᠭᠠᠵᠤ ᠪᠠᠢᠳᠠᠭ᠃ ᠬᠥᠮᠦᠰ ᠦ᠋ᠨ ᠮᠣᠷᠠᠯ ᠰᠤᠷᠲᠠᠯ ᠭᠠᠵᠢᠬᠤ ᠳ᠋ᠤ᠌ ᠬᠦᠷᠪᠡᠯ ᠬᠡᠴᠢᠨᠡᠨ ᠥᠨᠳᠥᠷ ᠡᠷᠳᠡᠮ ᠮᠡᠷᠭᠡᠵᠢᠯ ᠡᠵᠡᠮᠰᠢᠯ᠎ᠡ ᠴᠤ᠌ ᠭᠡᠳ ᠠᠯᠢ ᠳᠠᠪᠰᠢᠩᠭᠤᠢ ᠰᠢᠨᠵᠢᠯᠡᠬᠦ ᠤᠬᠠᠭᠠᠨ ᠤ᠋ ᠮᠡᠷᠭᠡᠵᠢᠯ ᠢ᠋ ᠴᠤ᠌ ᠠᠯᠢ ᠪᠤᠯᠢᠬᠠᠢ ᠮᠠᠭᠤᠬᠠᠢ ᠪᠠᠷ ᠠᠰᠢᠭᠯᠠᠳᠠᠭ ᠤ᠋ᠨ ᠵᠢᠱ᠌ᠢᠶ᠎ᠡ ᠡᠨᠡ ᠪᠠᠢᠭ᠎ᠠ᠃ ᠰᠦᠯᠵᠢᠶᠡᠨ ᠡᠴᠡ ᠠᠷᠠᠯᠵᠢᠶ᠎ᠠ ᠮᠠᠢᠮᠠᠢ ᠶ᠋ᠢᠨ ᠰᠤᠷᠠᠭ ᠵᠠᠩᠭᠢ᠂ ᠠᠵᠢᠯ ᠦᠢᠯᠡᠰ ᠦ᠋ᠨ ᠠᠵᠠ ᠲᠣᠬᠢᠶᠠᠯ᠂ ᠰᠤᠷᠤᠯᠴᠠᠯᠭ᠎ᠠ ᠰᠤᠳᠤᠯᠭᠠᠨ  ᠤ ᠮᠠᠲ᠋ᠧᠷᠢᠶᠠᠯ ᠪᠠᠷᠢᠮᠲᠠ᠂ ᠡᠷᠡᠭᠦᠯ ᠠᠭᠤᠯᠭ᠎ᠠ ᠲᠠᠢ ᠺᠢᠨᠣ᠋ ᠤᠷᠠᠯᠢᠭ ᠰᠣᠨᠢᠷᠬᠠᠵᠤ ᠪᠠᠢᠪᠠᠯ ᠨᠸᠲ ᠶᠢᠷᠲᠢᠨᠴᠦ ᠶ᠋ᠢᠨ ᠴᠡᠪᠡᠷ ᠠᠭᠠᠷ ᠲᠤ ᠠᠮᠢᠳᠤᠷᠠᠵᠤ ᠪᠠᠢᠨ᠎ᠠ ᠭᠡᠰᠡᠨ ᠦᠭᠡ᠃ ᠲᠡᠭᠡᠬᠦ ᠡᠴᠡ ᠭᠡᠷ ᠦ᠋ᠨ ᠠᠬᠠᠮᠠᠳ ᠮᠠᠨᠢ ᠨᠸᠲ ᠰᠦᠯᠵᠢᠶ᠎ᠡ ᠶ᠋ᠢᠨ ᠭᠡᠷᠡᠯ ᠰᠡᠭᠦᠳᠡᠷ ᠬᠣᠶᠠᠷ ᠲᠠᠯ᠎ᠠ ᠶ᠋ᠢ ᠭᠦᠢᠴᠡᠳ ᠲᠠᠨᠢᠵᠤ᠂ ᠦᠷ᠎ᠡ ᠬᠡᠦᠬᠡᠳ ᠢ᠋ᠶ᠋ᠡᠨ ᠬᠠᠤᠯᠢ ᠪᠤᠰᠤ ᠡᠲᠡᠭᠡᠳ ᠦ᠋ᠨ ᠬᠠᠷ᠎ᠠ ᠰᠠᠪᠠᠷ ᠠ᠋ᠴᠠ ᠥᠮᠥᠭᠯᠡᠨ ᠬᠠᠮᠠᠭᠠᠯᠠᠵᠤ ᠶᠠᠪᠤᠶ᠎ᠠ᠃

   ᠦᠰᠦᠭ ᠠᠮᠢᠯᠠᠭᠤᠯᠤᠭᠴᠢ᠄ ᠣᠶᠤᠨᠴᠡᠴᠡᠭ
   ᠬᠢᠨᠠᠭᠴᠢ ᠪᠠᠭᠰᠢ᠄ ᠰᠡᠬᠡᠭᠡᠷᠡᠯ
   ᠶᠡᠷᠦᠩᠬᠡᠢ ᠬᠢᠨᠠᠭᠴᠢ᠄ ᠵ· ᠪᠤᠶᠠᠨᠲᠣᠭᠲᠠᠬᠤ