ᠭᠠᠷ ᠤᠲᠠᠰᠤ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-03-ᠪᠣᠯᠣᠴᠢᠯᠠᠭᠤ ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠷ ᠤᠲᠠᠰᠤ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-03-ᠪᠣᠯᠣᠴᠢᠯᠠᠭᠤ

ᠭᠠᠷ ᠤᠲᠠᠰᠤ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-03-ᠪᠣᠯᠣᠴᠢᠯᠠᠭᠤ

2023-12-11

722

ᠭᠤᠷᠪᠠ᠂ ᠭᠠᠷ ᠤᠲᠠᠰᠤ

   ᠮᠠᠨ ᠤ᠋ ᠠᠯᠢᠪᠠ ᠡᠷᠬᠡ ᠴᠢᠯᠥᠭᠡᠲᠦ ᠴᠠᠭ ᠮᠥᠴᠡ ᠰᠠᠨᠠᠭ᠎ᠠ ᠪᠣᠳᠣᠯ ᠪᠦᠷ ᠭᠠᠷ ᠤᠲᠠᠰᠤᠨ ᠠ᠋ᠴᠠ ᠠᠷᠭᠠᠮᠵᠢᠶ᠎ᠠ ᠲᠠᠢ ᠪᠣᠯᠵᠠᠢ᠃ ᠨᠢᠭᠡ ᠠᠢᠯ ᠪᠦᠯᠢ ᠴᠠᠭ ᠤ᠋ᠨ ᠬᠣᠭᠣᠯᠠ ᠪᠠᠨ ᠳᠥᠩᠭᠡᠵᠢ ᠪᠡᠯᠡᠨ ᠪᠣᠯᠭᠠᠭᠠᠳ ᠰᠢᠷᠡᠭᠡ ᠪᠡᠨ ᠲᠣᠭᠣᠷᠢᠵᠤ ᠰᠠᠭᠤᠭᠠᠳ ᠠᠶᠠᠭ᠎ᠠ ᠰᠠᠪᠬ᠎ᠠ ᠪᠠᠨ ᠪᠠᠷᠢᠲᠠᠯ᠎ᠠ ᠠᠯᠢ ᠨᠢᠭᠡ ᠨᠠᠢᠵᠠ ᠶ᠋ᠢᠨ ᠬᠢᠨᠢ ᠤᠲᠠᠰᠤ ᠢᠷᠡᠪᠡᠯ ᠡᠷ᠎ᠡ ᠨᠥᠬᠥᠷ ᠢ᠋ ᠨᠢ ᠳᠠᠭᠤᠳᠠᠭᠠᠳ ᠶᠠᠪᠤᠴᠢᠬᠠᠨ᠎ᠠ᠃ ᠳᠤᠷ᠎ᠠ ᠦᠭᠡᠢᠴᠡᠭᠰᠡᠨ ᠪᠦᠰᠡᠭᠦᠢ ᠨᠢ ᠬᠡᠦᠬᠡᠳ ᠲᠡᠢ ᠪᠡᠨ ᠲᠡᠷᠡ ᠡᠷᠢᠨ ᠦ᠌ ᠬᠣᠭᠣᠯᠠ ᠶ᠋ᠢ ᠲᠡᠭᠡᠭᠡᠳ ᠯᠡ ᠢᠳᠡᠭᠰᠡᠨ ᠲᠡᠢ ᠦᠭᠡᠢ ᠲᠡᠢ ᠥᠩᠭᠡᠷᠡᠭᠡᠨ᠎ᠡ᠃ ᠡᠨᠡ ᠪᠣᠯ ᠭᠠᠷ ᠤᠲᠠᠰᠤᠨ ᠤ᠋ ᠴᠠᠭ ᠦᠶ᠎ᠡ ᠳ᠋ᠡᠬᠢ ᠥᠪᠡᠷ ᠦ᠋ᠨ ᠡᠷᠬᠡ ᠴᠢᠯᠥᠭᠡ ᠨᠠᠮ ᠰᠡᠯᠡᠭᠦᠦ ᠴᠠᠭ ᠵᠠᠢ ᠪᠠᠨ ᠠᠯᠳᠠᠭᠰᠠᠨ ᠮᠠᠨ ᠤ᠋ ᠠᠮᠢᠳᠤᠷᠠᠯ᠃ ᠡᠨᠳᠡ ᠪᠢᠳᠡ ᠭᠠᠷ ᠤᠲᠠᠰᠤ ᠲᠦᠭᠡᠮᠡᠯᠵᠢᠭᠰᠡᠨ ᠡᠴᠡ ᠬᠡᠦᠬᠡᠳ ᠪᠠᠭᠠᠴᠤᠳ ᠤ᠋ᠨ ᠪᠡᠶ᠎ᠡ ᠰᠡᠳᠬᠢᠴᠡ ᠶ᠋ᠢᠨ ᠡᠷᠡᠭᠦᠯ ᠮᠡᠨᠳᠦ ᠶ᠋ᠢ ᠬᠡᠷᠬᠢᠨ ᠨᠠᠵᠠᠭᠠᠢ ᠪᠠᠷ ᠨᠥᠯᠥᠭᠡᠯᠡᠵᠦ ᠪᠠᠢᠬᠤ ᠲᠤᠬᠠᠢ ᠦᠵᠡᠶ᠎ᠡ᠃
ᠶᠠᠭᠤᠨ ᠤ᠋ ᠡᠮᠦᠨ᠎ᠡ ᠪᠡᠶ᠎ᠡ ᠮᠠᠬᠠᠪᠣᠳ ᠤ᠋ᠨ ᠡᠷᠡᠭᠦᠯ ᠮᠡᠨᠳᠦ ᠳ᠋ᠦ᠍ ᠲᠤᠩ ᠶᠡᠬᠡ ᠬᠣᠬᠢᠷᠠᠯ ᠲᠠᠢ ᠶ᠋ᠢ ᠮᠡᠳᠡᠬᠦ ᠴᠢᠬᠤᠯᠠ ᠲᠠᠢ᠃ ᠭᠠᠷ ᠤᠲᠠᠰᠤᠨ ᠠ᠋ᠴᠠ ᠰᠠᠴᠤᠷᠠᠭ ᠳᠣᠯᠭᠢᠶᠠᠨ ᠡᠭᠦᠰᠴᠦ ᠪᠠᠢᠳᠠᠭ ᠢ᠋ ᠪᠢᠳᠡ ᠪᠦᠷ ᠮᠡᠳᠡᠨ᠎ᠡ᠂ ᠲᠡᠷᠡ ᠨᠢ ᠬᠥᠮᠦᠰ ᠦ᠋ᠨ ᠡᠷᠡᠭᠦᠯ ᠮᠡᠨᠳᠦ ᠳ᠋ᠦ᠍ ᠬᠣᠣᠷᠲᠠᠢ ᠪᠠᠢᠳᠠᠭ᠃ ᠣᠨᠴᠠᠭᠠᠢᠯᠠᠨ ᠪᠣᠢᠵᠢᠯᠲᠠ ᠶ᠋ᠢᠨ ᠨᠠᠰᠤᠨ ᠳ᠋ᠠᠭᠠᠨ ᠪᠠᠢᠬᠤ ᠬᠡᠦᠬᠡᠳ ᠦ᠋ᠨ ᠲᠠᠷᠢᠬᠢᠨ ᠳ᠋ᠤ᠌ ᠲᠤᠩ ᠶᠡᠬᠡ ᠬᠣᠣᠷᠲᠠᠢ ᠪᠢᠯᠡ᠃ ᠦᠳᠡᠰᠢ ᠳᠡᠷ᠎ᠡ ᠳᠣᠣᠷ᠎ᠠ ᠪᠠᠨ ᠳᠠᠷᠤᠵᠤ ᠤᠨᠲᠠᠬᠤ ᠨᠢ ᠪᠦᠷ ᠴᠦ᠍ ᠮᠠᠭᠤ ᠳᠠᠳᠬᠠᠯ ᠰᠢᠦ᠃ ᠰᠤᠷᠤᠭᠴᠢ ᠬᠡᠦᠬᠡᠳ ᠣᠷᠣᠢ ᠦᠳᠡᠰᠢ ᠣᠷᠣᠨ ᠳᠣᠲᠣᠷ᠎ᠠ ᠪᠠᠨ ᠭᠠᠷ ᠤᠲᠠᠰᠤ ᠣᠷᠣᠯᠳᠣᠬᠤ ᠨᠢ ᠣᠯᠠᠨ ᠪᠠᠢᠳᠠᠭ᠂ ᠭᠠᠷ ᠤᠲᠠᠰᠤᠨ ᠤ᠋ ᠴᠡᠭᠡᠨ ᠭᠡᠷᠡᠯ ᠬᠥᠮᠦᠰ ᠦ᠋ᠨ ᠨᠢᠳᠦᠨ ᠬᠠᠷᠠᠭ᠎ᠠ ᠶ᠋ᠢ ᠠᠯᠳᠠᠭᠤᠯᠬᠤ ᠠᠶᠤᠯᠲᠠᠢ ᠶ᠋ᠢ ᠮᠡᠳᠡᠬᠦ ᠶᠣᠰᠣᠲᠠᠢ᠃ ᠳᠠᠷᠠᠭ᠎ᠠ ᠨᠢ ᠬᠡᠦᠬᠡᠳ ᠵᠠᠯᠠᠭᠤᠴᠤᠳ ᠤ᠋ᠨ ᠰᠡᠳᠬᠢᠴᠡ ᠶ᠋ᠢᠨ ᠡᠷᠡᠭᠦᠯ ᠮᠡᠨᠳᠦ ᠶ᠋ᠢ ᠲᠤᠩ ᠮᠠᠭᠤ ᠪᠠᠷ ᠨᠥᠯᠥᠭᠡᠯᠡᠵᠦ ᠪᠠᠢᠬᠤ ᠶ᠋ᠢ ᠭᠡᠷ ᠦ᠋ᠨ ᠠᠬᠠᠮᠠᠳ ᠪᠣᠯᠣᠭᠰᠠᠳ ᠠᠩᠬᠠᠷᠤᠯ ᠳ᠋ᠠᠭᠠᠨ ᠠᠪᠤᠯᠲᠠᠢ᠃ ᠥᠨᠥ ᠶ᠋ᠢᠨ ᠬᠡᠦᠬᠡᠳ ᠭᠠᠷ ᠤᠲᠠᠰᠤ ᠶ᠋ᠢ ᠶᠠᠭᠤᠨ ᠳ᠋ᠤ᠌ ᠭᠣᠣᠯ ᠠᠰᠢᠭᠯᠠᠵᠤ ᠪᠠᠢᠭ᠎ᠠ ᠪᠣᠢ? ᠠᠷᠤ ᠭᠡᠷ ᠦ᠋ᠨ ᠢ᠋ᠶ᠋ᠡᠨ ᠠᠬᠤᠢ ᠪᠠᠢᠳᠠᠯ ᠠᠪᠤ ᠡᠵᠢ ᠶ᠋ᠢᠨ ᠢ᠋ᠶ᠋ᠡᠨ ᠠᠮᠤᠷ ᠮᠡᠨᠳᠦ ᠠᠨᠳᠠ ᠨᠥᠬᠥᠳ ᠦ᠋ᠨ ᠢ᠋ᠶ᠋ᠡᠨ ᠰᠤᠷᠤᠯᠭ᠎ᠠ ᠠᠮᠢᠳᠤᠷᠠᠯ ᠢ᠋ ᠠᠰᠠᠭᠤᠵᠤ ᠬᠠᠯᠠᠮᠵᠢᠯᠠᠵᠤ ᠪᠠᠢᠬᠤ ᠨᠢ ᠣᠯᠠᠨ ᠤᠤ? ᠲᠡᠢᠮᠦ《ᠲᠡᠨᠡᠭ》 ᠬᠡᠦᠬᠡᠳ ᠪᠠᠢᠬᠤ ᠦᠭᠡᠢ ᠰᠢᠦ᠂ ᠣᠯᠠᠩᠬᠢ ᠰᠤᠷᠤᠭᠴᠢ ᠡᠳᠦᠷᠵᠢᠨ ᠰᠦᠯᠵᠢᠶᠡᠨ ᠳ᠋ᠦ᠍ ᠨᠠᠢᠵᠠᠯᠠᠬᠤ᠂ ᠣᠬᠣᠷ ᠵᠠᠬᠢᠶ᠎ᠠ ᠪᠢᠴᠢᠬᠦ᠂ ᠰᠦᠯᠵᠢᠶᠡᠨ ᠳ᠋ᠦ᠍ ᠭᠠᠷᠬᠤ᠂ ᠲᠣᠭᠯᠠᠭᠠᠮ ᠨᠠᠭᠠᠳᠬᠤ ᠳ᠋ᠤ᠌ ᠭᠣᠣᠯ ᠠᠰᠢᠭᠯᠠᠵᠤ ᠪᠠᠢᠳᠠᠭ᠃ ᠵᠣᠭᠣᠭᠳᠠᠵᠤ ᠪᠠᠢᠭ᠎ᠠ ᠶᠠᠷᠢᠶ᠎ᠠ᠂ ᠪᠢᠴᠢᠵᠦ ᠪᠠᠢᠭ᠎ᠠ ᠣᠬᠣᠷ ᠵᠠᠬᠢᠶ᠎ᠠ᠂ ᠰᠣᠨᠢᠷᠬᠠᠵᠤ ᠪᠠᠢᠭ᠎ᠠ ᠰᠦᠯᠵᠢᠶ᠎ᠡ᠂ ᠨᠠᠭᠠᠳᠴᠤ ᠪᠠᠢᠭ᠎ᠠ ᠲᠣᠭᠯᠠᠭᠠᠮ ᠵᠡᠷᠭᠡ ᠨᠢ ᠴᠥᠮ ᠬᠡᠦᠬᠡᠳ ᠦ᠋ᠨ ᠰᠡᠳᠬᠢᠴᠡ ᠳ᠋ᠦ᠍ ᠨᠠᠵᠠᠭᠠᠢ ᠨᠥᠯᠥᠭᠡ ᠪᠣᠯᠳᠠᠭ ᠵᠦᠢᠯᠡᠰ ᠳᠡᠢᠯᠦᠩᠭᠢ ᠪᠠᠢᠳᠠᠭ ᠠ᠋ᠴᠠ ᠵᠠᠷᠢᠮ ᠬᠡᠦᠬᠡᠳ ᠭᠠᠷ ᠤᠲᠠᠰᠤᠨ ᠠ᠋ᠴᠠ ᠰᠠᠯᠵᠤ ᠴᠢᠳᠠᠬᠤ ᠦᠭᠡᠢ ᠰᠢᠨᠤᠯ ᠲᠠᠢ ᠪᠣᠯᠳᠠᠭ᠂ ᠡᠨᠡ ᠪᠣᠯ ᠨᠢᠭᠡᠨᠲᠡ ᠰᠡᠳᠬᠢᠴᠡ ᠶ᠋ᠢᠨ ᠭᠡᠮ ᠠᠷᠬᠠᠭ ᠡᠭᠦᠰᠴᠦ ᠪᠠᠢᠬᠤ ᠶ᠋ᠢᠨ ᠢᠯᠡᠷᠡᠯ ᠪᠠᠢᠭ᠎ᠠ ᠶᠤᠮ᠃ ᠵᠠᠷᠢᠮ ᠬᠡᠳᠦ ᠰᠢᠨᠤᠯ ᠲᠠᠢ ᠪᠣᠯᠤᠭᠰᠠᠨ ᠬᠡᠦᠬᠡᠳ ᠰᠥᠨᠢᠵᠢᠨ ᠤᠨᠲᠠᠬᠤ ᠦᠭᠡᠢ ᠭᠠᠷ ᠤᠲᠠᠰᠤ ᠨᠠᠭᠠᠳᠴᠤ᠂ ᠰᠦᠯᠵᠢᠶᠡᠨ ᠨᠠᠢᠵᠠ ᠲᠠᠢ ᠪᠠᠨ ᠬᠡᠲᠦᠷᠬᠡᠢ ᠰᠡᠲᠡᠯᠲᠡ ᠲᠡᠢ ᠶᠠᠷᠢᠶ᠎ᠠ ᠵᠣᠭᠣᠭ ᠡᠭᠦᠰᠬᠡᠬᠦ ᠪᠤᠶᠤ ᠲᠣᠭᠯᠠᠭᠠᠮ ᠳ᠋ᠤ᠌ ᠰᠢᠨᠤᠭᠰᠠᠨ ᠠ᠋ᠴᠠ ᠪᠣᠯᠵᠤ᠂ ᠳᠠᠷᠠᠭ᠎ᠠ ᠡᠳᠦᠷ ᠦ᠋ᠨ ᠬᠢᠨᠢ ᠬᠢᠴᠢᠶᠡᠯ ᠳᠡᠭᠡᠷ᠎ᠡ ᠨᠣᠢᠷᠮᠤᠭ ᠵᠡᠭᠦᠷᠮᠡᠭ ᠰᠠᠭᠤᠵᠤ ᠪᠠᠢᠳᠠᠭ᠃ ᠡᠳᠦᠷᠵᠢᠨ ᠬᠡᠲᠦᠷᠬᠡᠢ ᠭᠠᠷ ᠤᠲᠠᠰᠤ ᠨᠠᠭᠠᠳᠤᠭᠰᠠᠨ ᠠ᠋ᠴᠠ ᠰᠠᠨᠠᠭ᠎ᠠ ᠪᠣᠳᠣᠯ ᠨᠢ ᠠᠵᠢᠯ ᠰᠤᠷᠤᠯᠭ᠎ᠠ ᠳᠡᠭᠡᠷ᠎ᠡ ᠪᠡᠨ ᠲᠥᠪᠯᠡᠷᠡᠬᠦ ᠦᠭᠡᠢ᠂ ᠪᠣᠳᠣᠯ ᠰᠡᠳᠬᠢᠯ ᠨᠢ ᠡᠰᠡᠨ ᠪᠣᠰᠤᠨ ᠦᠭᠡᠢ ᠪᠣᠯᠵᠤ ᠦᠵᠡᠭᠰᠡᠨ ᠶᠠᠭᠤᠮ᠎ᠠ ᠨᠠᠭᠠᠳᠤᠭᠰᠠᠨ ᠲᠣᠭᠯᠠᠭᠠᠮ ᠪᠤᠶᠤ ᠬᠥᠮᠦᠨ ᠲᠡᠢ ᠶᠠᠷᠢᠭᠰᠠᠨ ᠵᠣᠭᠣᠭ ᠨᠢ ᠣᠷᠣᠵᠤ ᠢᠷᠡᠭᠡᠳ ᠰᠡᠳᠬᠢᠴᠡ ᠶ᠋ᠢ ᠨᠢ ᠰᠠᠮᠠᠭᠤᠷᠠᠭᠤᠯᠵᠤ ᠪᠠᠢᠳᠠᠭ᠃ ᠬᠡᠪ ᠦ᠋ᠨ ᠠᠵᠢᠯ ᠰᠤᠷᠤᠯᠭ᠎ᠠ ᠠᠮᠢᠳᠤᠷᠠᠯ ᠲᠠᠢ ᠬᠥᠮᠦᠰ ᠶᠠᠮᠠᠷ ᠵᠠᠪ ᠢ᠋ᠶ᠋ᠠᠷ ᠢ᠋ᠶ᠋ᠠᠨ ᠡᠳᠦᠷᠵᠢᠨ ᠰᠦᠯᠵᠢᠶᠡᠨ ᠳ᠋ᠦ᠍ ᠬᠥᠮᠦᠰ ᠲᠡᠢ ᠰᠤᠯᠠ ᠵᠣᠭᠣᠭᠳᠠᠭᠠᠳ ᠪᠠᠢᠬᠤ ᠪᠣᠢ᠂ ᠬᠡᠦᠬᠡᠳ ᠲᠡᠢ ᠡᠳᠦᠷᠵᠢᠨ ᠰᠦᠯᠵᠢᠶᠡᠨ ᠳ᠋ᠦ᠍《ᠨᠠᠢᠵᠠᠯᠠᠳᠠᠭ》 ᠬᠥᠮᠦᠰ ᠪᠣᠯ ᠯᠠᠪᠲᠠᠢ ᠰᠤᠷᠤᠯᠭ᠎ᠠ ᠬᠠᠶᠠᠭᠰᠠᠨ ᠰᠤᠷᠤᠭᠴᠢ᠂ ᠬᠢᠳᠡᠯ ᠦᠭᠡᠢ ᠨᠡᠢᠭᠡᠮ ᠦ᠋ᠨ ᠬᠥᠮᠦᠰ ᠪᠤᠶᠤ ᠲᠤᠰᠬᠠᠢᠯᠠᠨ ᠰᠦᠯᠵᠢᠶᠡᠨ ᠳ᠋ᠦ᠍ ᠬᠥᠮᠦᠨ ᠮᠡᠬᠡᠯᠡᠳᠡᠭ ᠦᠵᠡᠯ ᠪᠤᠷᠤᠭᠤ ᠡᠲᠡᠭᠡᠳ ᠪᠠᠢᠵᠤ ᠲᠠᠭᠠᠷᠠᠨ᠎ᠠ᠃ ᠵᠠᠷᠢᠮ ᠬᠡᠦᠬᠡᠳ ᠭᠠᠷ ᠤᠲᠠᠰᠤ ᠪᠠᠢᠬᠤ ᠦᠭᠡᠢ ᠪᠣᠯ ᠰᠡᠳᠬᠢᠯ ᠳ᠋ᠦ᠍ ᠨᠢ ᠨᠢᠭᠡ ᠶᠠᠭᠤᠮ᠎ᠠ ᠳᠤᠲᠠᠭᠠᠳ᠂ ᠠᠪᠤ ᠡᠵᠢ ᠨᠢ ᠭᠠᠷ ᠤᠲᠠᠰᠤ ᠶ᠋ᠢ ᠨᠢ ᠬᠤᠷᠢᠶᠠᠵᠤ ᠠᠪᠤᠪᠠᠯ ᠵᠡᠭᠦᠳᠦ ᠪᠡᠷ ᠢ᠋ᠶ᠋ᠡᠨ ᠡᠷᠢᠵᠦ ᠲᠡᠮᠲᠡᠷᠢᠵᠦ ᠪᠠᠢᠳᠠᠭ᠂ ᠡᠨᠡ ᠪᠣᠯ ᠭᠠᠷ ᠤᠲᠠᠰᠤᠨ ᠳ᠋ᠤ᠌ ᠭᠦᠨ ᠰᠢᠨᠤᠯᠲᠠᠢ ᠪᠣᠯᠤᠭᠰᠠᠨ ᠰᠡᠳᠬᠢᠴᠡ ᠶ᠋ᠢᠨ ᠦᠵᠡᠭᠳᠡᠯ᠃
   ᠲᠡᠢᠮᠦ ᠡᠴᠡ ᠭᠡᠷ ᠦ᠋ᠨ ᠠᠬᠠᠮᠠᠳ ᠬᠡᠦᠬᠡᠳ ᠲᠤ ᠪᠡᠨ ᠬᠡᠳᠦ ᠪᠠᠭ᠎ᠠ ᠠ᠋ᠴᠠ ᠨᠢ ᠤᠲᠠᠰᠤ ᠵᠠᠷᠤᠭᠤᠯᠵᠤ ᠪᠣᠯᠬᠤ ᠦᠭᠡᠢ᠂ ᠤᠲᠠᠰᠤ ᠵᠠᠷᠤᠬᠤ ᠨᠠᠰᠤ ᠪᠣᠯᠤᠭᠰᠠᠨ ᠴᠤ᠌ ᠭᠠᠷ ᠤᠲᠠᠰᠤ ᠪᠠᠨ ᠵᠥᠪ ᠠᠰᠢᠭᠯᠠᠬᠤ ᠳ᠋ᠤ᠌ ᠳᠦᠷᠢᠮ ᠪᠣᠯᠬᠤ ᠶ᠋ᠢ ᠠᠩᠬᠠᠷᠤᠯ ᠲᠠᠢ᠃ ᠬᠥᠮᠦᠨ ᠦ᠌ ᠡᠮᠦᠨ᠎ᠡ ᠭᠠᠷ ᠤᠲᠠᠰᠤ ᠪᠠᠷ ᠪᠢᠲᠡᠭᠡᠢ ᠨᠠᠭᠠᠳᠤᠶ᠎ᠠ᠂ ᠬᠡᠦᠬᠡᠳ ᠲᠡᠢ ᠪᠡᠨ ᠵᠣᠭᠣᠭᠳᠠᠵᠤ ᠳ᠋ᠤ᠌ ᠭᠠᠷ ᠤᠲᠠᠰᠤ ᠪᠠᠨ ᠪᠤᠤ ᠣᠷᠣᠯᠳᠣᠶ᠎ᠠ᠂ ᠣᠯᠠᠨ ᠤ᠋ ᠡᠮᠦᠨ᠎ᠡ ᠭᠠᠷ ᠤᠲᠠᠰᠤ ᠲᠤᠰᠬᠤ ᠳ᠋ᠤ᠌ ᠪᠠᠨ ᠨᠠᠮ ᠳᠠᠭᠤ ᠪᠠᠷ ᠶᠠᠷᠢᠬᠤ ᠪᠤᠶᠤ ᠬᠥᠮᠦᠰ ᠡᠴᠡ ᠵᠠᠢᠳᠠᠭᠤ ᠭᠠᠵᠠᠷ ᠣᠴᠢᠵᠤ ᠲᠤᠰᠬᠤ ᠮᠡᠲᠦ ᠪᠣᠯᠪᠠᠰᠤᠨ ᠵᠠᠩᠰᠢᠯ ᠲᠠᠢ ᠪᠠᠢᠵᠤ ᠬᠡᠦᠬᠡᠳ ᠲᠤ ᠪᠡᠨ ᠰᠠᠢᠬᠠᠨ ᠳᠠᠭᠤᠷᠢᠶᠠᠯ ᠦᠵᠡᠭᠦᠯᠦᠶ᠎ᠡ᠃

   ᠦᠰᠦᠭ ᠠᠮᠢᠯᠠᠭᠤᠯᠤᠭᠴᠢ ᠱᠠᠭᠰᠠᠯ ᠂ ᠪᠠᠶᠠᠨᠰᠡᠷᠡᠩ
   ᠬᠢᠨᠠᠭᠴᠢ᠄ ᠰᠡᠬᠡᠭᠡᠷᠡᠯ᠂ ᠭᠠᠷᠮ᠎ᠠ᠂ ᠵ· ᠪᠤᠶᠠᠨᠲᠣᠭᠲᠠᠬᠤ
   ᠶᠡᠷᠦᠩᠬᠡᠢ ᠬᠢᠨᠠᠭᠴᠢ᠄ ᠣᠳᠬᠠᠨᠰᠣ᠎ᠠ