ᠰᠤᠯᠠ ᠢᠳᠡᠭᠡᠨ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-01-ᠪᠣᠯᠣᠴᠢᠯᠠᠭᠤ
ᠭᠤᠷᠪᠠᠳᠤᠭᠠᠷ ᠪᠦᠯᠦᠭ ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ
ᠪᠠᠭ᠎ᠠ ᠪᠤᠰᠤ ᠰᠠᠢᠬᠠᠨ ᠵᠠᠯᠠᠭᠤᠴᠤᠳ ᠨᠡᠢᠭᠡᠮ ᠳᠡᠭᠡᠷ᠎ᠡ ᠭᠠᠷᠤᠭᠰᠠᠨ ᠬᠣᠢᠨ᠎ᠠ ᠪᠤᠶᠤ ᠠᠢᠯ ᠭᠡᠷ ᠪᠣᠯᠤᠭᠰᠠᠨ ᠤ᠋ ᠳᠠᠷᠠᠭ᠎ᠠ ᠠᠮᠢᠳᠤᠷᠠᠯ ᠢ᠋ᠶ᠋ᠠᠨ ᠥᠭᠡᠳᠡ ᠨᠢ ᠲᠠᠲᠠᠵᠤ ᠴᠢᠳᠠᠬᠤ ᠦᠭᠡᠢ ᠤᠷᠤᠭᠤᠳᠠᠵᠤ ᠶᠠᠪᠤᠬᠤ ᠨᠢ ᠬᠠᠷᠠᠭᠳᠠᠨ᠎ᠠ᠂ ᠪᠦᠷ ᠯᠡ ᠠᠵᠢᠯ ᠠᠮᠢᠳᠤᠷᠠᠯ ᠤ᠋ᠨ ᠰᠤᠷᠲᠠᠯ ᠠᠵᠢᠯᠴᠢ ᠪᠣᠷᠣᠭᠵᠢᠭᠤᠨ ᠪᠢᠰᠢ᠂ ᠯᠠᠷᠵᠢᠶ᠎ᠠ ᠶᠠᠩᠪᠠ ᠲᠠᠲᠠᠭᠰᠠᠭᠠᠷ ᠪᠠᠢᠵᠤ ᠠᠮᠢᠳᠤᠷᠠᠯ ᠢ᠋ᠶ᠋ᠠᠨ ᠥᠭᠡᠢᠬᠢᠵᠦ ᠪᠠᠢᠨ᠎ᠠ᠂ ᠡᠨᠡ ᠪᠣᠯ ᠶᠣᠰᠣᠲᠠᠢ ᠠᠢᠯ ᠭᠡᠷ ᠦ᠋ᠨ ᠬᠥᠮᠦᠵᠢᠯ ᠰᠤᠷᠲᠠᠯ ᠠ᠋ᠴᠠ ᠯᠠ ᠪᠣᠯᠤᠨ᠎ᠠ᠃ ᠲᠡᠭᠡᠬᠦ ᠡᠴᠡ《ᠰᠤᠷᠭᠠᠨ ᠬᠥᠮᠦᠵᠢᠯ ᠣᠷᠣᠯᠭ᠎ᠠ ᠪᠣᠯᠵᠤ᠂ ᠮᠠᠭᠤ ᠬᠥᠮᠦᠵᠢᠯ ᠵᠠᠷᠤᠯᠭ᠎ᠠ ᠪᠣᠯᠳᠠᠭ》 ᠭᠡᠰᠡᠨ ᠬᠠᠪᠤᠲᠤ ᠦᠭᠡ ᠭᠠᠷᠤᠭᠰᠠᠨ᠃ ᠮᠠᠨ ᠤ᠋ ᠬᠥᠮᠦᠵᠢᠯ ᠦ᠋ᠨ ᠠᠷᠭ᠎ᠠ ᠠᠪᠲᠠᠯ ᠪᠤᠷᠤᠭᠤᠳᠠᠬᠤ ᠳ᠋ᠤ᠌ ᠬᠦᠷᠪᠡᠯ ᠭᠡᠷ ᠪᠦᠯᠢ᠂ ᠨᠡᠢᠭᠡᠮ᠂ ᠰᠤᠷᠭᠠᠭᠤᠯᠢ ᠶ᠋ᠢᠨ ᠴᠢᠷᠮᠠᠢᠯᠭ᠎ᠠ ᠵᠠᠷᠤᠯᠭ᠎ᠠ ᠪᠦᠷ ᠬᠣᠭᠣᠰᠣᠳᠠᠵᠤ᠂ ᠨᠢᠭᠡ ᠠᠢᠯ ᠭᠡᠷ ᠦ᠋ᠨ ᠦᠶ᠎ᠡ ᠵᠠᠯᠭᠠᠮᠵᠢ ᠳᠣᠷᠣᠢᠲᠠᠬᠤ ᠪᠠᠷ ᠪᠠᠷᠠᠬᠤ ᠦᠭᠡᠢ᠂《ᠨᠥᠬᠥᠳ ᠦ᠋ᠨ ᠮᠠᠭᠤ ᠪᠠᠷ ᠨᠦᠬᠡᠨ ᠳ᠋ᠦ᠍ ᠤᠨᠠᠨ᠎ᠠ》 ᠭᠡᠭᠴᠢ ᠪᠣᠯᠵᠤ᠂ ᠲᠡᠷᠡ ᠬᠡᠦᠬᠡᠳ ᠲᠡᠢ ᠨᠥᠬᠥᠷᠯᠡᠵᠦ ᠶᠠᠪᠤᠭᠰᠠᠨ ᠣᠯᠠᠨ ᠬᠡᠦᠬᠡᠳ ᠪᠠᠰᠠ ᠬᠥᠯ ᠠᠯᠳᠠᠬᠤ ᠪᠣᠯᠤᠨ᠎ᠠ᠂ ᠨᠢᠭᠡ ᠠᠢᠯ ᠭᠡᠷ ᠦᠷ᠎ᠡ ᠬᠡᠦᠬᠡᠳ ᠢ᠋ᠶ᠋ᠡᠨ ᠰᠢᠯᠢᠳᠡᠭ ᠬᠥᠮᠦᠵᠢᠭᠦᠯᠵᠦ ᠴᠢᠳᠠᠪᠠᠯ ᠲᠡᠷᠡ ᠠᠢᠯ ᠭᠡᠷ ᠢ᠋ ᠥᠭᠡᠳᠡ ᠨᠢ ᠲᠠᠲᠠᠬᠤ ᠪᠠᠷ ᠪᠠᠷᠠᠬᠤ ᠦᠭᠡᠢ ᠨᠢᠭᠡ ᠨᠤᠲᠤᠭ ᠤᠰᠤᠨ ᠤ᠋ ᠨᠡᠷ᠎ᠡ ᠬᠦᠨᠳᠦ ᠶ᠋ᠢ ᠴᠦ᠍ ᠮᠠᠨᠳᠤᠭᠤᠯᠵᠤ ᠴᠢᠳᠠᠨ᠎ᠠ᠃ ᠶᠡᠷᠦ ᠨᠢ ᠨᠡᠢᠭᠡᠮ ᠦ᠋ᠨ ᠬᠥᠭᠵᠢᠯ ᠦ᠋ᠨ ᠦᠨᠳᠦᠰᠦᠨ ᠠᠰᠠᠭᠤᠳᠠᠯ ᠪᠣᠯ ᠭᠡᠷ ᠪᠦᠯᠢ ᠶ᠋ᠢᠨ ᠬᠥᠭᠵᠢᠯ ᠪᠠᠢᠨ᠎ᠠ᠂ ᠤᠭᠰᠠᠭ᠎ᠠ ᠶᠠᠰᠤᠲᠠᠨ ᠤ᠋ ᠰᠣᠶᠣᠯ ᠪᠣᠯᠪᠠᠰᠤᠨ ᠢ᠋ ᠠᠴᠢᠶᠠᠯᠠᠵᠤ ᠪᠠᠢᠭ᠎ᠠ ᠬᠠᠮᠤᠭ ᠵᠢᠵᠢᠭ ᠨᠢᠭᠡᠴᠢ ᠪᠣᠯ ᠮᠥᠨ ᠴᠦ᠍ ᠭᠡᠷ ᠪᠦᠯᠢ ᠪᠠᠢᠭ᠎ᠠ᠃ ᠲᠡᠭᠡᠬᠦ ᠪᠡᠷ ᠪᠢᠳᠡ ᠡᠭᠡᠯ ᠪᠣᠷᠣᠭᠵᠢᠭᠤᠨ ᠠᠮᠢᠳᠤᠷᠠᠯ ᠤ᠋ᠨ ᠳᠠᠳᠬᠠᠯ᠂ ᠡᠷᠡᠭᠦᠯ ᠰᠠᠷᠠᠭᠤᠯ ᠠᠢᠯ ᠭᠡᠷ ᠦ᠋ᠨ ᠠᠭᠠᠷ ᠢ᠋ ᠡᠷᠬᠢᠮᠯᠡᠵᠦ ᠶᠠᠪᠤᠪᠠᠯ ᠰᠠᠶᠢ ᠦᠷ᠎ᠡ ᠬᠡᠦᠬᠡᠳ ᠮᠠᠨᠢ ᠡᠷᠡᠭᠦᠯ ᠳᠡᠭᠵᠢᠨ ᠦᠰᠦᠨ ᠪᠣᠢᠵᠢᠨᠠ ᠭᠡᠳᠡᠭ ᠲᠦ᠍ ᠢᠲᠡᠭᠡᠬᠦ ᠶᠣᠰᠣᠲᠠᠢ᠃ ᠡᠨᠳᠡ ᠪᠢ ᠮᠠᠨ ᠤ᠋ ᠠᠮᠢᠳᠤᠷᠠᠯ ᠤ᠋ᠨ ᠣᠷᠴᠢᠨ ᠳ᠋ᠤ᠌ ᠬᠠᠷᠠᠭᠳᠠᠵᠤ ᠪᠠᠢᠭ᠎ᠠ ᠲᠦᠭᠡᠮᠡᠯ ᠠᠰᠠᠭᠤᠳᠠᠯ ᠠ᠋ᠴᠠ ᠵᠢᠱ᠌ᠢᠶ᠎ᠡ ᠲᠠᠲᠠᠵᠤ ᠰᠠᠨᠠᠭᠤᠯᠭ᠎ᠠ ᠪᠣᠯᠭᠠᠶ᠎ᠠ᠃
ᠨᠢᠭᠡ᠂ ᠰᠤᠯᠠ ᠢᠳᠡᠭᠡᠨ
ᠣᠳᠣ ᠶ᠋ᠢᠨ ᠵᠠᠬ᠎ᠠ ᠵᠡᠭᠡᠯᠢ ᠳᠡᠭᠡᠷ᠎ᠡ ᠬᠡᠦᠬᠡᠳ ᠦ᠋ᠨ ᠢᠳᠡᠭᠡᠨ ᠤᠮᠳᠠᠭᠠᠨ ᠳᠠᠩᠴᠤ ᠣᠯᠠᠨ ᠪᠣᠯᠵᠠᠢ᠂ ᠡᠨᠡ ᠪᠣᠯ ᠨᠡᠢᠭᠡᠮ ᠦ᠋ᠨ ᠬᠥᠭᠵᠢᠯᠲᠡ ᠶ᠋ᠢᠨ ᠭᠠᠪᠢᠶ᠎ᠠ᠃ ᠭᠡᠲᠡᠯ᠎ᠡ ᠬᠡᠦᠬᠡᠳ ᠰᠤᠯᠠ ᠢᠳᠡᠭᠡᠨ ᠶᠡᠬᠡ ᠢᠳᠡᠬᠦ ᠨᠢ ᠴᠠᠭ ᠤ᠋ᠨ ᠬᠣᠭᠣᠯᠠ ᠪᠠᠨ ᠢᠳᠡᠬᠦ ᠦᠭᠡᠢ ᠪᠣᠯᠵᠤ᠂ ᠪᠡᠶ᠎ᠡ ᠶ᠋ᠢᠨ ᠡᠷᠡᠭᠦᠯ ᠮᠡᠨᠳᠦ ᠪᠠ ᠬᠡᠪ ᠴᠢᠨᠠᠷ ᠢ᠋ ᠨᠢ ᠶᠡᠬᠡ ᠮᠠᠭᠤ ᠪᠠᠷ ᠨᠥᠯᠥᠭᠡᠯᠡᠬᠦ ᠮᠥᠷᠲᠡᠭᠡᠨ ᠠᠮᠠᠷᠬᠠᠨ ᠬᠣᠭᠣᠯᠠ ᠭᠣᠯᠣᠬᠤ ᠭᠡᠮ ᠲᠡᠢ ᠪᠣᠯᠳᠠᠭ᠃ ᠨᠡᠩ ᠠᠶᠤᠯ ᠲᠠᠢ ᠨᠢ ᠳᠡᠯᠡᠬᠡᠢ ᠳ᠋ᠠᠬᠢᠨ ᠢ᠋ᠶ᠋ᠠᠷ ᠢ᠋ᠶ᠋ᠠᠨ ᠰᠠᠨᠠᠭ᠎ᠠ ᠵᠣᠪᠠᠵᠤ ᠪᠠᠢᠭ᠎ᠠ ᠠᠷᠪᠠᠨ ᠲᠥᠷᠥᠯ ᠦ᠋ᠨ ᠬᠣᠭ ᠤ᠋ᠨ ᠢᠳᠡᠭᠡᠨ ᠶᠠᠭ ᠮᠠᠨ ᠤ᠋ ᠬᠡᠦᠬᠡᠳ ᠦ᠋ᠨ ᠡᠳᠦᠷᠵᠢᠨ ᠡᠳ᠋ᠯᠡᠵᠦ ᠪᠠᠢᠭ᠎ᠠ ᠢᠳᠡᠭᠡᠨ ᠤᠮᠳᠠᠭᠠᠨ ᠳᠤᠮᠳᠠ ᠭᠣᠣᠯᠯᠠᠵᠤ ᠪᠠᠢᠨ᠎ᠠ᠃ ᠡᠳᠡᠭᠡᠷ ᠬᠣᠭ ᠤ᠋ᠨ ᠢᠳᠡᠭᠡᠨ ᠨᠢ ᠬᠡᠦᠬᠡᠳ ᠪᠠᠭᠠᠴᠤᠳ ᠤ᠋ᠨ ᠡᠷᠡᠭᠦᠯ ᠮᠡᠨᠳᠦ ᠶ᠋ᠢ ᠬᠦᠨᠳᠦ ᠨᠣᠴᠢᠲᠠᠢ ᠨᠥᠯᠥᠭᠡᠯᠡᠵᠦ ᠪᠡᠶ᠎ᠡ ᠮᠠᠬᠠᠪᠣᠳ ᠤ᠋ᠨ ᠬᠡᠪ ᠴᠢᠨᠠᠷ ᠢ᠋ ᠨᠢ ᠲᠤᠢᠯ ᠤ᠋ᠨ ᠳᠣᠷᠣᠢ ᠰᠤᠯᠠᠬᠠᠨ ᠪᠣᠯᠭᠠᠵᠤ ᠪᠣᠢ᠃ ᠭᠦᠢᠵᠧᠦ ᠶᠡᠬᠡ ᠰᠤᠷᠭᠠᠭᠤᠯᠢ2010 ᠣᠨ ᠤ᠋ ᠨᠠᠮᠤᠷ ᠤ᠋ᠨ ᠰᠤᠷᠤᠯᠭ᠎ᠠ ᠡᠬᠢᠯᠡᠬᠦ ᠶᠣᠰᠣᠯᠠᠯ ᠳᠡᠭᠡᠷ᠎ᠡ ᠰᠢᠨ᠎ᠡ ᠣᠶᠤᠲᠠᠳ ᠤ᠋ᠨ ᠴᠡᠷᠢᠭ ᠦ᠋ᠨ ᠪᠣᠯᠪᠠᠰᠤᠷᠠᠯ ᠤ᠋ᠨ ᠳᠠᠢᠴᠢᠯᠠᠯᠲᠠ ᠬᠢᠵᠦ᠂ ᠬᠤᠷᠠᠯ ᠡᠬᠢᠯᠡᠭᠡᠳ ᠬᠠᠭᠠᠰ ᠴᠠᠭ ᠪᠣᠯᠬᠤ ᠬᠢᠷᠢ ᠳ᠋ᠦ᠍ ᠳᠥᠴᠢ ᠭᠠᠷᠤᠢ ᠣᠶᠤᠲᠠᠨ ᠵᠣᠭᠰᠣᠵᠤ ᠳᠡᠢᠯᠬᠦ ᠦᠭᠡᠢ ᠪᠣᠯᠵᠤ ᠮᠠᠨᠠᠷᠠᠵᠤ ᠤᠨᠠᠭᠰᠠᠨ ᠢ᠋ ᠲᠥᠪ ᠲᠧᠯᠸᠢᠰ ᠢ᠋ᠶ᠋ᠡᠷ ᠮᠡᠳᠡᠭᠡᠯᠡᠵᠦ ᠪᠠᠢᠭᠰᠠᠨ᠃ ᠡᠭᠦᠨ ᠳ᠋ᠦ᠍ ᠥᠨᠥ ᠶ᠋ᠢᠨ ᠬᠡᠦᠬᠡᠳ ᠠᠵᠢᠯ ᠬᠥᠳᠡᠯᠮᠦᠷᠢ ᠲᠠᠮᠢᠷ ᠤ᠋ᠨ ᠬᠥᠳᠡᠯᠭᠡᠭᠡᠨ ᠳ᠋ᠦ᠍ ᠣᠷᠣᠯᠴᠠᠬᠤ ᠨᠢ ᠳᠤᠲᠠᠭᠳᠠᠵᠤ ᠪᠠᠢᠬᠤ ᠠ᠋ᠴᠠ ᠭᠠᠳᠠᠨ᠎ᠠ ᠰᠤᠯᠠ ᠢᠳᠡᠭᠡᠨ ᠶᠡᠬᠡ ᠢᠳᠡᠵᠦ ᠪᠠᠢᠬᠤ ᠲᠠᠢ ᠰᠢᠭᠤᠳ ᠬᠣᠯᠪᠣᠭ᠎ᠠ ᠲᠠᠢ ᠶᠤᠮ᠃ ᠰᠤᠯᠠ ᠢᠳᠡᠭᠡᠨ ᠨᠢ ᠬᠡᠦᠬᠡᠳ ᠦ᠋ᠨ ᠡᠷᠡᠭᠦᠯ ᠮᠡᠨᠳᠦ ᠶ᠋ᠢ ᠨᠥᠯᠥᠭᠡᠯᠡᠵᠦ ᠪᠠᠢᠭ᠎ᠠ ᠬᠠᠮᠤᠭ ᠤ᠋ᠨ ᠬᠡᠴᠡᠭᠦᠦ ᠨᠡᠢᠭᠡᠮ ᠦ᠋ᠨ ᠠᠰᠠᠭᠤᠳᠠᠯ ᠪᠣᠯᠤᠭᠰᠠᠨ ᠪᠠᠢᠨ᠎ᠠ᠃ ᠢᠯᠠᠩᠭᠤᠶ᠎ᠠ ᠭᠠᠭᠴᠠ ᠠᠰᠢᠭ ᠤ᠋ᠨ ᠬᠣᠢᠨ᠎ᠠ ᠠ᠋ᠴᠠ ᠨᠢᠳᠦ ᠤᠯᠠᠢᠵᠤ᠂ ᠬᠥᠮᠦᠨ ᠮᠥᠰᠥ ᠪᠡᠨ ᠭᠡᠭᠡᠭᠰᠡᠨ ᠮᠠᠢᠮᠠᠢᠴᠢᠨ ᠬᠤᠳᠠᠯᠳᠤᠭᠠᠴᠢᠨ ᠢᠳᠡᠭᠡᠨ ᠤᠮᠳᠠᠭᠠᠨ ᠳ᠋ᠤ᠌ ᠶᠠᠩᠵᠤ ᠪᠦᠷᠢ ᠶ᠋ᠢᠨ ᠬᠣᠣᠷᠲᠤ ᠡᠳ᠋ ᠢ᠋ ᠬᠣᠯᠢᠵᠤ᠂ ᠨᠢᠯᠬ᠎ᠠ ᠬᠡᠦᠬᠡᠳ ᠦ᠋ᠨ ᠰᠦᠨ ᠲᠠᠯᠬ᠎ᠠ ᠠ᠋ᠴᠠ ᠨᠠᠰᠤᠲᠠᠨ ᠡᠪᠡᠳᠴᠢᠲᠡᠨ ᠳ᠋ᠦ᠍ ᠵᠣᠷᠢᠭᠤᠯᠤᠭᠰᠠᠨ ᠰᠢᠮ᠎ᠡ ᠲᠡᠵᠢᠭᠡᠯ ᠦ᠋ᠨ ᠵᠦᠢᠯ᠂ ᠡᠮ ᠳᠠᠩ ᠳ᠋ᠤ᠌ ᠬᠦᠷᠲᠡᠯ᠎ᠡ ᠬᠠᠭᠤᠷᠮᠠᠭ ᠶᠠᠭᠤᠮ᠎ᠠ ᠦᠢᠯᠡᠳᠪᠦᠷᠢᠯᠡᠬᠦ ᠪᠣᠯᠵᠠᠢ᠃ ᠬᠥᠳᠡᠭᠡ ᠵᠤᠳ ᠭᠠᠮᠰᠢᠭ ᠲᠤ᠌ ᠦᠬᠦᠭᠰᠡᠨ ᠮᠠᠯ ᠠᠳᠤᠭᠤᠰᠤᠨ ᠤ᠋ ᠦᠬᠦᠳᠡᠯ ᠵᠣᠪᠠᠯᠭ᠎ᠠ ᠶ᠋ᠢ ᠲᠡᠭᠦᠬᠦ ᠪᠤᠶᠤ ᠬᠢᠮᠳᠠ ᠦᠨ᠎ᠡ ᠪᠡᠷ ᠬᠤᠳᠠᠯᠳᠤᠨ ᠠᠪᠴᠤ ᠪᠠᠢᠭ᠎ᠠ ᠨᠢ ᠶᠠᠭᠤ ᠬᠢᠵᠦ ᠪᠠᠢᠬᠤ ᠪᠣᠢ? ᠪᠦᠷ ᠯᠡ ᠬᠣᠭᠣᠯᠠᠨ ᠭᠡᠷ ᠲᠤ ᠵᠠᠷᠤᠬᠤ ᠪᠤᠶᠤ ᠬᠣᠭ ᠤ᠋ᠨ ᠢᠳᠡᠭᠡᠨ ᠬᠢᠵᠦ ᠪᠠᠢᠭ᠎ᠠ᠃ ᠤᠬᠢᠶᠠᠳᠠᠰᠤᠨ ᠲᠣᠰᠣ ᠭᠡᠵᠦ ᠪᠦᠷ ᠠᠶᠤᠯ ᠤ᠋ᠨ ᠶᠠᠭᠤᠮ᠎ᠠ ᠶ᠋ᠢ ᠵᠡᠭᠡᠯᠢ ᠶ᠋ᠢᠨ ᠰᠢᠷᠠᠮᠠᠯ ᠡᠨᠡ ᠲᠡᠷᠡ ᠬᠢᠬᠦ ᠳ᠋ᠦ᠍ ᠬᠡᠷᠡᠭᠯᠡᠵᠦ ᠪᠠᠢᠨ᠎ᠠ᠃ ᠡᠳᠡᠭᠡᠷ ᠠᠶᠤᠯᠲᠠᠢ ᠬᠣᠭ ᠤ᠋ᠨ ᠢᠳᠡᠭᠡᠨ ᠨᠢ ᠬᠡᠦᠬᠡᠳ ᠪᠠᠭᠠᠴᠤᠳ ᠤ᠋ᠨ ᠡᠷᠡᠭᠦᠯ ᠮᠡᠨᠳᠦ ᠶ᠋ᠢ ᠶᠡᠬᠡᠪᠡᠷ ᠨᠥᠯᠥᠭᠡᠯᠡᠵᠦ᠂ ᠴᠢᠰᠤ ᠴᠠᠢᠬᠤ ᠡᠪᠡᠳᠴᠢᠨ᠂ ᠬᠠᠷᠰᠢᠬᠤ ᠴᠢᠨᠠᠷᠲᠠᠢ ᠪᠣᠷᠣ ᠲᠣᠯᠪᠣ ᠮᠡᠲᠦ ᠴᠢᠰᠤᠨ ᠤ᠋ ᠬᠣᠣᠷᠳᠠᠯ ᠤ᠋ᠨ ᠠᠶᠤᠯᠲᠤ ᠡᠪᠡᠳᠴᠢᠨ ᠬᠡᠦᠬᠡᠳ ᠦ᠋ᠨ ᠳᠤᠮᠳᠠ ᠢᠯᠡᠷᠡᠬᠦ ᠪᠣᠯᠵᠠᠢ᠃ ᠵᠠᠯᠠᠭᠤᠴᠤᠳ ᠪᠠᠭᠠᠴᠤᠳ ᠰᠢᠬᠢᠷ ᠰᠢᠵᠢᠩ ᠡᠪᠡᠳᠴᠢᠨ᠂ ᠰᠢᠭᠡᠰᠦᠨ ᠵᠠᠮ ᠤ᠋ᠨ ᠬᠣᠣᠷᠳᠠᠯ ᠣᠯᠵᠤ᠂ ᠭᠡᠷ ᠪᠦᠯᠢ ᠪᠣᠯᠤᠨ ᠨᠡᠢᠭᠡᠮ ᠳ᠋ᠦ᠍ ᠬᠦᠨᠳᠦ ᠶᠡᠬᠡ ᠳᠠᠷᠤᠭᠠᠰᠤ ᠠᠪᠴᠢᠷᠠᠵᠤ ᠪᠠᠢᠨ᠎ᠠ᠃
ᠡᠷᠡᠭᠦᠯ ᠪᠡᠶ᠎ᠡ ᠡᠴᠡ ᠰᠠᠷᠠᠭᠤᠯ ᠤᠬᠠᠭᠠᠨ ᠭᠡᠳᠡᠭ᠃ ᠮᠠᠨ ᠤ᠋ ᠬᠡᠦᠬᠡᠳ ᠡᠷᠡᠭᠦᠯ ᠴᠢᠭᠢᠷᠠᠭ ᠪᠡᠶ᠎ᠡ ᠮᠠᠬᠠᠪᠣᠳ ᠲᠠᠢ ᠪᠠᠢᠵᠤ ᠴᠢᠳᠠᠪᠠᠯ ᠰᠠᠶᠢ ᠤᠬᠠᠭᠠᠨ ᠰᠠᠨᠠᠭ᠎ᠠ ᠨᠢ ᠨᠡᠩ ᠬᠤᠷᠴᠠ ᠰᠡᠷᠭᠡᠭ ᠴᠣᠭ ᠵᠢᠪᠬᠤᠭ᠎ᠠ ᠲᠠᠢ ᠪᠠᠢᠵᠤ ᠴᠢᠳᠠᠨ᠎ᠠ᠃ ᠮᠠᠨᠤᠰ ᠬᠡᠦᠬᠡᠳ ᠦ᠋ᠨ ᠢ᠋ᠶ᠋ᠡᠨ ᠬᠡᠪ ᠦ᠋ᠨ ᠡᠷᠡᠭᠦᠯ ᠴᠢᠭᠢᠷᠠᠭ ᠢ᠋ ᠪᠠᠲᠤᠯᠠᠵᠤ ᠳᠡᠢᠯᠬᠦ ᠦᠭᠡᠢ ᠪᠠᠢᠭᠠᠳ ᠢᠷᠡᠭᠡᠳᠦᠢ ᠳ᠋ᠦ᠍ ᠲᠡᠳᠡᠨ ᠢ᠋ ᠪᠠᠰᠠ ᠶᠠᠭᠤᠨ ᠤ᠋ ᠬᠣᠰᠢᠭᠤ ᠳᠠᠷᠤᠭ᠎ᠠ᠂ ᠡᠷᠳᠡᠮᠲᠡᠨ᠂ ᠢᠨᠵᠧᠨᠧᠷ ᠪᠣᠯᠭᠠᠬᠤ ᠭᠡᠵᠦ ᠶᠡᠬᠡ ᠶ᠋ᠢ ᠰᠠᠨᠠᠭᠠᠳ ᠴᠤ᠌ ᠶᠠᠭᠤ ᠬᠢᠬᠦ ᠪᠣᠢ? ᠰᠤᠯᠠ ᠢᠳᠡᠭᠡᠨ ᠦ᠌ ᠬᠣᠣᠷ ᠢ᠋ ᠡᠷᠲᠡ ᠡᠴᠡ ᠰᠡᠷᠡᠮᠵᠢᠯᠡᠵᠦ᠂ ᠬᠡᠦᠬᠡᠳ ᠲᠤ ᠪᠡᠨ ᠠᠩᠬᠠᠷᠤᠭᠤᠯᠵᠤ᠂ ᠬᠣᠣᠷ ᠨᠥᠯᠥᠭᠡ ᠶ᠋ᠢ ᠨᠢ ᠭᠦᠢᠴᠡᠳ ᠲᠠᠨᠢᠭᠤᠯᠬᠤ ᠶ᠋ᠢᠨ ᠬᠠᠮᠲᠤ ᠠᠷᠢᠭᠤᠨ ᠴᠡᠪᠡᠷ ᠢᠳᠡᠭᠡᠨ ᠤᠮᠳᠠᠭᠠᠨ ᠤ᠋ ᠪᠣᠷᠣᠭᠵᠢᠭᠤᠨ ᠵᠠᠩᠰᠢᠯ ᠳ᠋ᠤ᠌ ᠬᠡᠪᠰᠢᠭᠦᠯᠬᠦ ᠪᠣᠯ ᠭᠡᠷ ᠦ᠋ᠨ ᠠᠬᠠᠮᠠᠳ ᠤ᠋ᠨ ᠴᠢᠬᠤᠯᠠ ᠠᠵᠢᠯ ᠪᠣᠯᠤᠭᠠᠳ ᠪᠠᠢᠨ᠎ᠠ᠃
ᠵᠠᠷᠢᠮ ᠭᠡᠷ ᠦ᠋ᠨ ᠠᠬᠠᠮᠠᠳ ᠪᠠᠯᠭᠠᠰᠤᠨ ᠳ᠋ᠤ᠌ ᠭᠡᠷ ᠲᠦᠷᠢᠶᠡᠰᠦᠯᠡᠵᠦ ᠬᠡᠦᠬᠡᠳ ᠢ᠋ᠶ᠋ᠡᠨ ᠬᠠᠷᠠᠬᠤ ᠪᠠᠷ ᠬᠥᠳᠡᠭᠡ ᠡᠴᠡ ᠳᠠᠭᠠᠵᠤ ᠢᠷᠡᠭᠡᠳ ᠬᠢᠳᠡᠯ ᠦᠭᠡᠢᠳᠡᠵᠦ ᠂ ᠡᠳᠦᠷᠵᠢᠨ ᠨᠠᠢᠷ ᠬᠤᠷᠢᠮ ᠤ᠋ᠨ ᠰᠢᠷᠡᠭᠡ᠂ ᠮᠠᠵᠢᠶᠠᠩ ᠤ᠋ᠨ ᠰᠢᠷᠡᠭᠡ ᠲᠡᠢ ᠨᠥᠬᠥᠷᠯᠡᠭᠰᠡᠨ ᠡᠴᠡ ᠡᠴᠦᠰ ᠲᠤ ᠪᠡᠨ ᠨᠠᠭᠠᠳᠤᠮ ᠳ᠋ᠤ᠌ ᠰᠢᠨᠤᠯ ᠲᠠᠢ ᠪᠣᠯᠵᠤ᠂ ᠬᠡᠦᠬᠡᠳ ᠨᠢ ᠢᠷᠡᠬᠦ ᠳ᠋ᠦ᠍ ᠬᠣᠭᠣᠯᠠ ᠬᠤᠰᠢ ᠴᠤ᠌ ᠦᠭᠡᠢ᠂ ᠬᠠᠷᠢᠨ ᠮᠠᠵᠢᠶᠠᠩ ᠤᠬᠢᠶᠠᠵᠤ ᠪᠣᠬᠢᠷᠳᠠᠭᠰᠠᠨ ᠭᠠᠷ ᠢ᠋ᠶ᠋ᠠᠷ ᠢ᠋ᠶ᠋ᠠᠨ ᠭᠬᠢᠷ ᠲᠤ ᠨᠤᠬᠤᠴᠢᠭᠳᠠᠭᠰᠠᠨ ᠬᠣᠶᠠᠷ ᠵᠣᠭᠣᠰ ᠬᠠᠶᠠᠵᠤ《 ᠮᠠᠢ! ᠠᠪᠠᠴᠢᠭᠠᠳ ᠳᠥᠭᠥᠮ ᠭᠤᠯᠢᠷ ᠠᠪᠤᠭᠠᠳ ᠢᠳᠡᠴᠢᠬᠡ》 ᠭᠡᠳᠡᠭ᠃ ᠡᠨᠡ ᠴᠢᠨᠢ ᠬᠡᠦᠬᠡᠳ ᠢ᠋ᠶ᠋ᠡᠨ ᠬᠣᠭ ᠤ᠋ᠨ ᠣᠪᠣᠭ᠎ᠠ ᠵᠦᠭ ᠠᠯᠪᠠ ᠪᠠᠷ ᠲᠦᠯᠬᠢᠵᠦ ᠪᠠᠢᠭ᠎ᠠ ᠬᠡᠷᠡᠭ ᠪᠢᠰᠢ ᠤᠤ? ᠢᠩᠭᠢᠵᠦ ᠲᠦᠯᠬᠢᠭᠰᠡᠨ ᠡᠴᠡ ᠪᠣᠯᠵᠤ ᠡᠨᠳᠡᠯ ᠭᠡᠨᠡᠳᠡᠯ ᠭᠠᠷᠤᠭᠰᠠᠨ ᠵᠢᠱ᠌ᠢᠶ᠎ᠡ ᠪᠠᠭ᠎ᠠ ᠪᠤᠰᠤ ᠰᠢᠦ! ᠬᠡᠦᠬᠡᠳ ᠲᠦ᠍ ᠬᠣᠭᠣᠯᠠ ᠬᠢᠬᠦ ᠴᠠᠭ ᠲᠤ᠌ ᠪᠠᠨ ᠬᠣᠭᠣᠯᠠ ᠶ᠋ᠢ ᠨᠢ ᠬᠢᠵᠦ ᠳᠤᠷ᠎ᠠ ᠲᠠᠢ ᠵᠦᠢᠯ ᠢ᠋ ᠨᠢ ᠴᠠᠳᠲᠠᠯ᠎ᠠ ᠢᠳᠡᠭᠦᠯᠵᠦ ᠬᠡᠵᠢᠶᠡᠳᠡ ᠭᠡᠳᠡᠰᠦ ᠴᠠᠳᠬᠤᠯᠠᠩ᠂ ᠰᠡᠳᠬᠢᠯ ᠥᠶᠥᠭ ᠶᠠᠪᠤᠭᠤᠯᠬᠤ ᠪᠣᠯ ᠬᠡᠦᠬᠡᠳ ᠦ᠋ᠨ ᠦᠰᠦᠨ ᠪᠣᠢᠵᠢᠯᠲᠠ ᠳ᠋ᠤ᠌ ᠬᠣᠯᠪᠣᠭᠳᠠᠬᠤ ᠶᠡᠬᠡ ᠶᠠᠪᠤᠳᠠᠯ ᠮᠥᠷᠲᠡᠭᠡᠨ ᠭᠡᠷ ᠪᠦᠯᠢ ᠶ᠋ᠢᠨ ᠬᠢᠨ ᠦ᠌ ᠬᠠᠷᠢᠭᠤᠴᠠᠯᠭ᠎ᠠ ᠪᠣᠯᠬᠤ ᠶᠤᠮ᠃ ᠡᠭᠦᠨ ᠦ᠌ ᠡᠰᠡᠷᠭᠦ ᠪᠡᠷ ᠵᠠᠷᠢᠮ ᠭᠡᠷ ᠦ᠋ᠨ ᠠᠬᠠᠮᠠᠳ ᠬᠣᠭᠣᠯᠠᠨ ᠤ᠋ ᠴᠠᠭ ᠪᠣᠯᠣᠮᠠᠭᠴᠠ ᠬᠡᠦᠬᠡᠳ ᠦ᠋ᠨ ᠢ᠋ᠶ᠋ᠡᠨ ᠬᠣᠢᠨ᠎ᠠ ᠠ᠋ᠴᠠ ᠠᠶᠠᠭ᠎ᠠ ᠬᠠᠯᠪᠠᠭ᠎ᠠ ᠪᠠᠷᠢᠭᠠᠳ ᠬᠣᠭᠣᠯᠠ ᠢᠳᠡᠭᠦᠯᠦᠨ᠎ᠡ ᠭᠡᠮᠡᠨ ᠲᠠᠭᠤᠵᠤ ᠪᠠᠢᠳᠠᠭ᠂ ᠶᠡᠷᠦ ᠶ᠋ᠢᠨ ᠴᠠᠭ ᠲᠤ ᠰᠤᠯᠠ ᠢᠳᠡᠭᠡᠨ ᠢ᠋ ᠨᠢ ᠬᠢᠵᠠᠭᠠᠷᠯᠠᠭᠰᠠᠨ ᠦᠭᠡᠢ ᠪᠠᠢᠵᠤ ᠬᠣᠭᠣᠯᠠᠨ ᠤ᠋ ᠴᠠᠭ ᠪᠣᠯᠬᠤ ᠳ᠋ᠤ᠌ ᠥᠯᠥᠰᠦᠭᠰᠡᠨ ᠦᠭᠡᠢ ᠬᠡᠦᠬᠡᠳ ᠲᠦ᠍ ᠠᠯᠪᠠ ᠪᠠᠷ ᠢᠳᠡᠭᠦᠯᠦᠨ᠎ᠡ ᠭᠡᠮᠡᠨ ᠲᠠᠮᠤᠯᠠᠵᠤ ᠪᠠᠢᠭᠰᠠᠭᠠᠷ ᠠᠮᠠᠷᠬᠠᠨ ᠬᠣᠭᠣᠯᠠ ᠭᠣᠯᠣᠬᠤ ᠭᠡᠮ ᠲᠡᠢ ᠪᠣᠯᠭᠠᠵᠤ ᠪᠠᠢᠨ᠎ᠠ᠃
ᠲᠡᠢᠮᠦ ᠡᠴᠡ ᠬᠡᠦᠬᠡᠳ ᠲᠦ᠍ ᠪᠡᠨ ᠴᠠᠭ ᠤ᠋ᠨ ᠬᠣᠭᠣᠯᠠ ᠶ᠋ᠢ ᠴᠠᠭ ᠲᠤ᠌ ᠨᠢ ᠢᠳᠡᠭᠦᠯᠵᠦ ᠰᠤᠷᠭᠠᠶ᠎ᠠ᠂ ᠴᠠᠭ ᠤ᠋ᠨ ᠬᠣᠭᠣᠯᠠᠨ ᠠ᠋ᠴᠠ ᠭᠠᠳᠠᠭᠤᠷ ᠰᠤᠯᠠ ᠢᠳᠡᠭᠡᠨ ᠪᠢᠲᠡᠭᠡᠢ ᠢᠳᠡᠭᠦᠯᠵᠦ ᠮᠠᠭᠤ ᠰᠤᠷᠭᠠᠶ᠎ᠠ᠂ ᠠᠢᠯ ᠤ᠋ᠨ ᠬᠡᠦᠬᠡᠳ ᠲᠦ᠍ ᠳᠡᠯ ᠰᠤᠯᠠ ᠢᠳᠡᠬᠦ ᠢᠳᠡᠭᠡᠨ ᠤᠮᠳᠠᠭᠠᠨ ᠤ᠋ ᠪᠡᠯᠡᠭ ᠪᠢᠲᠡᠭᠡᠢ ᠥᠭᠭᠦᠶ᠎ᠡ᠂ ᠵᠢᠯ ᠴᠠᠭᠠᠨ ᠰᠠᠷ᠎ᠠ ᠬᠡᠦᠬᠡᠳ ᠲᠦ᠍ ᠨᠣᠮ ᠤ᠋ᠨ ᠪᠡᠯᠡᠭ ᠭᠠᠷᠳᠠᠭᠤᠯᠬᠤ ᠪᠣᠯᠪᠠᠰᠤᠨ ᠰᠤᠷᠲᠠᠯ ᠢ᠋ ᠳᠡᠯᠭᠡᠷᠡᠭᠦᠯᠦᠶ᠎ᠡ! ᠪᠢᠳᠡ ᠪᠦᠬᠦᠨ ᠬᠣᠭ ᠤ᠋ᠨ ᠢᠳᠡᠭᠡᠨ ᠡᠴᠡ ᠬᠣᠯᠠᠬᠠᠨ ᠪᠠᠢᠶ᠎ᠠ᠂ ᠬᠣᠭᠣᠯᠠᠨ ᠭᠡᠷ ᠲᠦ᠍ ᠳᠤᠲᠠᠭᠤ ᠣᠷᠣᠶ᠎ᠠ᠂ ᠭᠡᠷ ᠦ᠋ᠨ ᠬᠣᠭᠣᠯᠠ ᠭᠠᠷ ᠤ᠋ᠨ ᠬᠣᠭᠣᠯᠠ ᠰᠢᠮ᠎ᠡ ᠱᠥᠯᠥ ᠲᠡᠢ ᠮᠣᠩᠭᠣᠯ ᠬᠣᠭᠣᠯᠠ ᠪᠠᠨ ᠡᠷᠬᠢᠮᠯᠡᠵᠦ ᠶᠠᠪᠤᠶ᠎ᠠ!
ᠦᠰᠦᠭ ᠠᠮᠢᠯᠠᠭᠤᠯᠤᠭᠴᠢ᠄ ᠵ· ᠪᠤᠶᠠᠨᠲᠣᠭᠲᠠᠬᠤ᠂ ᠪᠠᠶᠠᠨᠰᠡᠷᠡᠩ
ᠬᠢᠨᠠᠭᠴᠢ᠄ ᠰᠡᠬᠡᠭᠡᠷᠡᠯ᠂ ᠣᠳᠬᠠᠨᠰᠣ᠎ᠠ