ᠨᠠᠢᠷ ᠤᠨ ᠢᠷᠥᠭᠡᠯ Найрын ерөөл
ᠨᠠᠢᠷ ᠤᠨ ᠢᠷᠥᠭᠡᠯ
ᠵᠠ᠂
ᠡᠯᠳᠡᠪ ᠤᠴᠠᠷᠠᠯ ᠪᠦᠷᠢᠳᠦᠭᠰᠡᠨ
ᠡᠷᠳᠡᠮ ᠦ᠋ᠨ ᠴᠣᠭ ᠵᠠᠯᠢ ᠪᠠᠳᠠᠷᠠᠭᠰᠠᠨ
ᠡᠨᠡ ᠰᠠᠢᠬᠠᠨ ᠡᠳᠦᠷ ᠠ᠋
ᠡᠷᠬᠡᠲᠦ ᠭᠡᠭᠡᠨ ᠲᠥᠷᠥ ᠶ᠋ᠢᠨ
ᠡᠷᠬᠢᠮ ᠦᠢᠯᠡᠰ ᠢ᠋ ᠮᠠᠨᠳᠤᠭᠤᠯᠬᠤ ᠶ᠋ᠢᠨ ᠡᠭᠦᠳᠡᠨ ᠡᠴᠡ
ᠰᠦᠷ ᠨᠢ ᠪᠠᠳᠠᠷᠠᠭᠰᠠᠨ
ᠰᠦᠯᠳᠡ ᠶᠡᠬᠡ ᠨᠠᠢᠷ ᠢ᠋ᠶ᠋ᠠᠨ ᠬᠢᠵᠦ ᠪᠠᠢᠭ᠎ᠠ ᠶ᠋ᠢᠨ ᠪᠠᠶᠠᠷ ᠶᠤᠮ ᠪᠢᠵᠡ ᠠ᠋᠃
ᠨᠠᠭᠠᠨ᠎ᠠ ᠪᠠᠨ ᠨᠠᠵᠢᠨ ᠬᠡ ᠲᠡᠢ
ᠴᠠᠭᠠᠨ᠎ᠠ ᠪᠠᠨ ᠴᠠᠮᠢᠩ ᠬᠡ ᠲᠡᠢ
ᠨᠠᠮᠤᠭᠠᠷ ᠬᠠᠳᠠᠭ ᠢ᠋ ᠪᠠᠷᠢᠵᠤ
ᠨᠠᠮᠠᠶ᠋ᠢ ᠢᠷᠦᠭᠡ ᠭᠡᠵᠦ ᠬᠠᠢᠷᠠᠯᠠᠭᠰᠠᠨ ᠶᠤᠮ ᠪᠢᠵᠡ ᠠ᠋᠃
ᠨᠠᠯᠠᠭᠠᠷ ᠶᠡᠬᠡ ᠦᠷᠭᠦᠭᠡᠨ ᠦ᠌ ᠪᠡᠨ ᠳᠤᠮᠳᠠ
ᠨᠠᠢᠷ ᠤ᠋ᠨ ᠬᠡᠷᠡᠭᠯᠡᠯ ᠲᠥᠬᠥᠭᠡᠷᠦᠭᠡᠳ
ᠨᠠᠢ᠍ᠮᠠᠨ ᠬᠥᠯᠲᠡᠢ ᠨᠠᠢᠭᠤ ᠠᠯᠠᠭ ᠰᠢᠷᠡᠭᠡᠨ ᠳᠡᠭᠡᠷ᠎ᠡ ᠪᠡᠨ
ᠠᠮᠲᠠᠲᠤ ᠢᠳᠡᠭᠡ ᠲᠠᠪᠠᠭ ᠳᠡᠭᠡᠷ᠎ᠡ
ᠠᠯᠢᠮ᠎ᠠ ᠵᠢᠮᠢᠰ ᠳᠢᠵᠡᠨ ᠳᠡᠭᠡᠷ᠎ᠡ
ᠠᠯᠠᠭ ᠮᠢᠬ᠎ᠠ ᠨᠢ ᠴᠠᠷᠤᠨ ᠳᠡᠭᠡᠷ᠎ᠡ
ᠠᠯᠢᠪᠠ ᠪᠦᠭᠦᠳᠡ ᠨᠢ ᠢᠷᠠᠢᠭᠠᠳ
ᠠᠷᠢᠬᠢ ᠰᠠᠷᠬᠤᠳ ᠨᠢ ᠢᠷᠡᠢᠭᠡᠳ
ᠠᠬ᠎ᠠ ᠳᠡᠭᠦᠦ ᠨᠠᠷ ᠢ᠋ᠶ᠋ᠠᠨ ᠴᠤᠭᠯᠠᠭᠤᠯᠤᠭᠠᠳ
ᠠᠨᠳᠠ ᠨᠥᠬᠥᠳ ᠨᠢ ᠬᠤᠷᠠᠭᠠᠳ
ᠠᠢ ᠦᠢ ᠪᠡᠷ ᠢ᠋ᠶ᠋ᠡᠨ ᠴᠢᠭᠤᠯᠤᠭᠠᠳ
ᠠᠯᠳᠠᠷᠲᠤ ᠶᠡᠬᠡ ᠨᠠᠢᠷ ᠢ᠋ ᠡᠭᠦᠰᠬᠡᠵᠦ ᠪᠠᠢᠨ᠎ᠠ᠃
ᠠᠷᠪᠠᠨ ᠰᠠᠯᠠᠭ᠎ᠠ ᠮᠣᠳᠣᠷ ᠲᠤ᠌ ᠨᠢ
ᠠᠶᠠᠰᠯᠠᠭᠤᠯᠤᠨ ᠪᠠᠷᠢᠭᠰᠠᠨ ᠡᠨᠡ ᠢᠳᠡᠭᠡ ᠪᠣᠯ
ᠬᠥᠬᠡ ᠮᠥᠩᠭᠥᠨ ᠲᠩᠷᠢ ᠡᠴᠡ ᠪᠠᠭᠤᠭᠰᠠᠨ
ᠬᠦᠢᠲᠡᠨ ᠬᠤᠷ᠎ᠠ ᠶ᠋ᠢᠨ ᠴᠢᠭᠢᠭ ᠢ᠋ᠶ᠋ᠡᠷ ᠤᠷᠭᠤᠭᠰᠠᠨ
ᠬᠥᠬᠡ ᠨᠣᠭᠣᠭᠠᠨ ᠤ᠋ ᠮᠠᠨᠢ ᠰᠢᠮ᠎ᠡ
ᠠᠭᠠᠷ ᠬᠤᠷᠮᠤᠰᠲᠠ ᠶ᠋ᠢᠨ ᠣᠷᠣᠨ ᠠ᠋ᠴᠠ ᠪᠠᠭᠤᠭᠰᠠᠨ
ᠠᠭᠠᠳᠠᠷ ᠬᠤᠷ᠎ᠠ ᠶ᠋ᠢᠨ ᠴᠢᠭᠢᠭ ᠢ᠋ᠶ᠋ᠡᠷ ᠤᠷᠭᠤᠭᠰᠠᠨ
ᠠᠯᠲᠠᠨ ᠲᠠᠷᠢᠶᠠᠨ ᠤ᠋ ᠮᠠᠨᠢ ᠣᠬᠢ
ᠠᠷᠢᠬᠢ ᠨᠡᠷ᠎ᠡ ᠲᠡᠢ
ᠠᠷᠢᠭᠤᠨ ᠴᠢᠨᠠᠷ ᠲᠠᠢ
ᠰᠠᠷᠬᠤᠳ ᠨᠡᠷ᠎ᠡ ᠲᠡᠢ
ᠰᠠᠢᠬᠠᠨ ᠴᠢᠨᠠᠷ ᠲᠠᠢ
ᠠᠯᠳᠠᠷᠲᠤ ᠮᠣᠩᠭᠣᠯ ᠤ᠋ᠨ ᠪᠤᠶᠠᠨ
ᠠᠳᠤᠭᠤᠨ ᠰᠦᠷᠦᠭ ᠦ᠋ᠨ ᠮᠠᠨᠢ ᠬᠡᠰᠢᠭ
ᠠᠷᠠᠳ ᠪᠢᠳᠡᠨ ᠳ᠋ᠦ᠍ ᠷᠠᠰᠢᠶᠠᠨ ᠪᠣᠯᠤᠭᠰᠠᠨ
ᠠᠢᠷᠠᠭ ᠨᠡᠷ᠎ᠡ ᠲᠡᠢ ᠢᠳᠡᠭᠡ ᠪᠡᠨ
ᠠᠯᠲᠠᠨ ᠠᠮᠠᠰᠠᠷ ᠲᠤ᠌ ᠮᠥᠩᠭᠥᠨ ᠳᠣᠲᠣᠷ᠎ᠠ ᠳ᠋ᠤ᠌
ᠠᠭᠠᠷᠤ ᠵᠠᠪᠢᠶ᠎ᠠ ᠬᠤᠯᠠᠨ ᠳ᠋ᠤ᠌ ᠨᠢ
ᠠᠮᠠᠰᠠᠷ ᠳᠦᠭᠦᠷᠡᠩ ᠪᠢᠯᠬᠠᠯᠵᠠᠭᠤᠯᠵᠤ ᠲᠣᠭᠲᠠᠭᠠᠬᠤ ᠶ᠋ᠢᠨ ᠤᠴᠢᠷ ᠠ᠋ᠴᠠ
ᠡᠩ ᠦᠭᠡᠢ ᠪᠠᠶᠠᠷ ᠵᠣᠬᠢᠯᠳᠤᠭᠰᠠᠨ
ᠡᠷᠬᠢᠮ ᠴᠡᠩᠭᠡᠯ ᠢ᠋ ᠡᠭᠦᠰᠬᠡᠭᠰᠡᠨ
ᠡᠨᠡ ᠰᠠᠢᠬᠠᠨ ᠠᠢᠯ ᠮᠠᠨᠢ
ᠦᠷ᠎ᠡ ᠪᠡᠨ ᠲᠠᠨᠢᠬᠤ ᠦᠭᠡᠢ ᠥᠨᠢᠷ ᠪᠠᠶᠠᠨ ᠪᠣᠯᠵᠤ
ᠥᠷᠥᠭᠡ ᠪᠡᠨ ᠲᠠᠨᠢᠬᠤ ᠦᠭᠡᠢ ᠬᠤᠷᠳᠤᠨ ᠲᠠᠢ ᠪᠠᠶᠠᠨ ᠪᠣᠯᠵᠤ
ᠡᠷᠳᠡᠮ ᠨᠣᠮ ᠢ᠋ᠶ᠋ᠠᠷ
ᠡᠷᠬᠢᠮ ᠰᠠᠢᠨ ᠭᠡᠭᠳᠡᠵᠦ
ᠦᠢᠯᠡᠰ ᠠᠵᠢᠯ ᠢ᠋ᠶ᠋ᠠᠷ
ᠦᠨᠡᠬᠡᠷ ᠦ᠋ᠨ ᠰᠠᠢᠨ ᠳ᠋ᠤ᠌ ᠲᠣᠭᠠᠴᠠᠭᠳᠠᠵᠤ
ᠳᠠᠭᠠᠷᠢᠭᠠᠳ ᠢᠷᠡᠬᠦ ᠳ᠋ᠦ᠍ ᠳᠠᠯᠠᠢ ᠰᠢᠭ᠋
ᠪᠤᠴᠠᠭᠠᠳ ᠢᠷᠡᠬᠦ ᠳ᠋ᠦ᠍ ᠪᠤᠯᠠᠭ ᠰᠢᠭ᠋
ᠭᠠᠩᠭ᠎ᠠ ᠮᠥᠷᠡᠨ ᠳᠠᠯᠠᠢ ᠰᠢᠭ᠋ ᠢᠷᠣᠭᠠᠯ ᠠ᠋ᠴᠠ ᠪᠠᠨ ᠤᠨᠳᠤᠷᠴᠤ
ᠭᠠᠯᠪᠢᠷᠸᠠᠰᠠᠩ ᠮᠣᠳᠣ ᠰᠢᠭ᠋ ᠦᠵᠦᠭᠦᠷ ᠡᠴᠡ ᠪᠡᠨ ᠳᠡᠯᠭᠡᠷᠡᠵᠦ
ᠳᠡᠨᠵᠢ ᠶ᠋ᠢᠨ ᠴᠡᠴᠡᠭ ᠰᠢᠭ ᠭᠠᠩᠬᠤᠵᠤ
ᠳᠡᠯᠡᠬᠡᠢ ᠶ᠋ᠢᠨ ᠨᠣᠭᠣᠭ᠎ᠠ ᠰᠢᠭ᠋ ᠨᠠᠢᠭᠤᠵᠤ
ᠣᠨ ᠣᠨ ᠳ᠋ᠤ᠌ ᠳᠡᠪᠵᠢᠵᠦ
ᠣᠯᠠᠨ ᠦᠶ᠎ᠡ ᠳ᠋ᠦ᠍ ᠮᠠᠨᠳᠤᠵᠤ
ᠣᠷᠣ ᠰᠠᠭᠤᠷᠢ ᠨᠢ ᠪᠠᠲᠤᠳᠠᠵᠤ
ᠣᠯᠠᠨ ᠲᠦᠮᠡᠨ ᠳ᠋ᠦ᠍ ᠪᠡᠨ ᠬᠠᠢᠷᠠᠯᠠᠭᠳᠠᠵᠤ
ᠠᠯᠳᠠᠷ ᠶᠡᠬᠡ ᠨᠡᠷ᠎ᠡ ᠨᠢ
ᠠᠯᠲᠠᠨ ᠳᠡᠯᠡᠬᠡᠢ ᠳ᠋ᠦ᠍ ᠲᠦᠭᠡᠵᠦ
ᠠᠷᠠᠳ ᠤᠯᠤᠰ ᠲᠤ᠌ ᠪᠠᠨ ᠨᠡᠷᠡᠯᠡᠭᠳᠡᠵᠦ
ᠠᠢᠮᠠᠭ ᠣᠯᠠᠨ ᠳ᠋ᠤ᠌ ᠪᠠᠨ ᠬᠦᠨᠳᠦᠯᠡᠭᠳᠡᠵᠦ
ᠠᠯᠪᠠᠨ ᠪᠠᠢᠭᠤᠯᠤᠯᠭ᠎ᠠ ᠳ᠋ᠤ᠌ ᠪᠠᠨ ᠡᠷᠬᠢᠮᠯᠡᠭᠳᠡᠵᠦ
ᠠᠰᠢᠳᠠ ᠰᠠᠢᠬᠠᠨ ᠵᠢᠷᠭᠠᠬᠤ ᠶ᠋ᠢᠨ
ᠠᠶᠠᠲᠠᠢ ᠪᠡᠯᠭᠦᠳᠡᠢ ᠢᠷᠦᠭᠡᠯ ᠢ᠋
ᠠᠢᠯᠠᠳᠬᠠᠨ ᠳᠡᠪᠰᠢᠭᠦᠯᠦᠶ᠎ᠡ᠃
Найрын ерөөл
Зээ
Элдэв учрал бүрдсэн
Эрдмийн цог заль бадарсан
Энэ сайхан өдөр өө
Эрхт гэгээн төрийн
Эрхэм үйлсийг мандуулахын үүднээс
Сүр нь бадарсан
Сүлд их найраа хийж байгаагийн баяр юм биз ээ.
Наанаа нажин хээтэй
Цаанаа чамин хээтэй
Намгар хадгийг барьж
Намайг ерөө гэж хайрласан юм биз ээ.
Налгар их өргөөнийхөө дунд
Найрын хэрэглэл төхөөрөөд
Найман хөлтэй найга алаг ширээн дээрээ
Амтат идээ таваг дээр
Алим жимс дийзэн дээр
Алаг мах нь царан дээр
Аливаа бүгд нь ярайгаад
Архи сархад нь ирийгээд
Ах дүү нараа цуглуулаад
Анд нөхөд нь хураад
Ай үйгээрээ чуулаад
Алдарт их найрыг үүсгэж байна.
Арван салаа мутарт нь
Аяслуулан барьсан энэ идээ бол
Хөх мөнгөн тэнгэрээс буусан
Хүйтэн хурын чийгээр ургасан
Хөх ногооны маань шим
Агаар хурмастын орноос буусан
Аадар хурын чийгээр ургасан
Алтан тарианы маань охь
Архи нэртэй ариун чанартай
Сархад нэртэй сайхан чанартай
Алдарт монголын буян
Адуун сүргийн маань хишиг
Ард бидэнд рашаан болсон
Айраг нэртэй идээгээ
Алтан амсарт мөнгөн доторт
Агар завьяа хуланд нь
Амсар дүүрэн бялхалзуулж
Тогтоохын учраас
Энгүй баяр зохилдсон
Эрхэм цэнгэлийг үүсгэсэн
Энэ сайхан айл маань
Үрээ танихгүй өнөр баян болж
Үрээгээ танихгүй хурдантай баян болж
Эрдэм номоор эрхэм сайн гэгдэж
Үйлс ажлаар үнэхээрийн сайнд тооцогдож
Дайраад ирэхэд далай шиг
Буцаад ирэхэд булаг шиг
Ганга мөрөн далай шиг
Ёроолоосоо ундарч
Галбирваасан мод шиг
Үзүүрээсээ дэлгэрч
Дэнжийн цэцэг шиг ганхаж
Дэлхийн ногоо шиг найгаж
Он онд дэвжиж
Олон үед мандаж
Ор суурь нь батдаж
Олон түмэндээ хайрлагдаж
Алдар их нэр нь
Алтан дэлхийд түгж
Ард улсдаа нэрлэгдэж
Аймаг олондоо хүндлэгдэж
Албан байгууллагадаа эрхэмлэгдэж
Ашдаа сайхан жаргахын
Аятай билэгтэй ерөөлийг
Айлтган дэвшүүлье.
