1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷᠢᠭᠤᠴᠠᠯᠭᠠᠲᠤ ᠰᠡᠳᠬᠢᠯ ᠦᠭᠡᠢ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-09-ᠪᠣᠯᠣᠴᠢᠯᠠᠭᠤ

ᠬᠠᠷᠢᠭᠤᠴᠠᠯᠭᠠᠲᠤ ᠰᠡᠳᠬᠢᠯ ᠦᠭᠡᠢ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-09-ᠪᠣᠯᠣᠴᠢᠯᠠᠭᠤ

2023-12-05

500

ᠬᠠᠷᠢᠭᠤᠴᠠᠯᠭᠠᠲᠤ ᠰᠡᠳᠬᠢᠯ ᠦᠭᠡᠢ

   ᠣᠳᠣ ᠶ᠋ᠢᠨ ᠬᠡᠦᠬᠡᠳ ᠢ᠋ ᠳᠠᠩᠴᠤ ᠬᠠᠷᠢᠭᠤᠴᠠᠯᠭᠠᠲᠤ ᠰᠡᠳᠬᠢᠯ ᠦᠭᠡᠢ᠂ ᠠᠵᠢᠯ ᠳᠠᠰᠬᠠᠯ ᠢ᠋ᠶ᠋ᠠᠨ ᠬᠢᠬᠦ ᠨᠢ ᠠᠯᠠᠩ ᠰᠠᠯᠠᠩ᠂ ᠡᠭᠦᠷᠭᠡ ᠲᠤᠰᠢᠶᠠᠯ ᠥᠭᠬᠦ ᠦᠭᠡᠢ ᠪᠣᠯ ᠪᠡᠶ᠎ᠡ ᠪᠡᠨ ᠳᠠᠭᠠᠭᠠᠵᠤ ᠠᠵᠢᠯ ᠶᠠᠪᠤᠳᠠᠯ ᠢ᠋ ᠲᠤᠭᠤᠰᠢᠲᠠᠢ ᠬᠢᠨ᠎ᠡ ᠭᠡᠵᠦ ᠪᠠᠢᠬᠤ ᠦᠭᠡᠢ᠂ ᠪᠡᠶ᠎ᠡ ᠪᠡᠷ ᠢ᠋ᠶ᠋ᠡᠨ ᠲᠥᠪ ᠪᠣᠯᠭᠠᠬᠤ᠂ ᠲᠤᠩ ᠠᠮᠢᠨᠴᠢᠷ ᠬᠤᠪᠢᠨᠴᠢᠷ ᠭᠡᠮᠡᠨ ᠬᠡᠯᠡᠳᠡᠭ᠃ ᠠᠵᠢᠯ ᠦᠢᠯᠡᠰ ᠠᠮᠢᠳᠤᠷᠠᠯ ᠳ᠋ᠤ᠌ ᠪᠠᠨ ᠬᠡᠳᠦ ᠬᠥᠩᠭᠡᠨ ᠬᠠᠭᠤᠳᠠᠮ ᠬᠠᠨᠳᠤᠵᠤ᠂ ᠠᠢᠯ ᠪᠦᠯᠢ ᠪᠠᠢᠭᠤᠯᠬᠤ ᠶ᠋ᠢ ᠲᠣᠭᠯᠠᠭᠠᠮ ᠰᠢᠤᠬᠠᠨ ᠦᠵᠡᠬᠦ ᠬᠡᠮᠵᠢᠶᠡᠨ ᠳ᠋ᠦ᠍ ᠬᠦᠷᠴᠦ ᠪᠠᠢᠨ᠎ᠠ᠃ ᠬᠡᠦᠬᠡᠳ ᠡᠢᠮᠦᠷᠬᠦ ᠵᠠᠩ ᠰᠡᠳᠬᠢᠴᠡ ᠲᠡᠢ ᠪᠣᠯᠤᠭᠰᠠᠨ ᠨᠢ ᠴᠥᠮ ᠮᠠᠨ ᠤ᠋ ᠭᠡᠷ ᠦ᠋ᠨ ᠠᠬᠠᠮᠠᠳ ᠤ᠋ᠨ ᠦᠵᠡᠯ ᠰᠤᠷᠲᠠᠯ ᠤ᠋ᠨ ᠨᠥᠯᠥᠭᠡ ᠡᠴᠡ ᠪᠣᠯᠤᠭᠰᠠᠨ ᠭᠡᠳᠡᠭ ᠲᠤ ᠪᠢᠳᠡ ᠬᠠᠷᠢᠭᠤᠴᠠᠬᠤ ᠶᠣᠰᠣᠲᠠᠢ᠃ ᠡᠢᠮᠦᠷᠬᠦ ᠵᠠᠩ ᠰᠡᠳᠬᠢᠴᠡ ᠲᠡᠢ ᠬᠡᠦᠬᠡᠳ ᠭᠠᠭᠴᠠ ᠪᠡᠶ᠎ᠡ ᠪᠠᠨ ᠯᠠ ᠪᠣᠳᠣᠵᠤ᠂ ᠪᠤᠰᠤᠳ ᠢ᠋ ᠬᠠᠷᠠᠵᠤ ᠬᠠᠯᠠᠮᠵᠢᠯᠠᠬᠤ ᠶ᠋ᠢ ᠮᠡᠳᠡᠬᠦ ᠦᠭᠡᠢ᠂ ᠶᠢᠷᠲᠢᠨᠴᠦ ᠳᠡᠭᠡᠷ᠎ᠡ ᠭᠠᠭᠴᠠᠭᠠᠷ ᠢ᠋ᠶ᠋ᠠᠨ ᠠᠮᠢᠳᠤᠷᠠᠵᠤ ᠪᠠᠢᠬᠤ ᠮᠡᠲᠦ ᠠᠯᠢᠪᠠ ᠪᠦᠬᠦᠨ ᠳ᠋ᠦ᠍ ᠥᠪᠡᠷ ᠦ᠋ᠨ ᠪᠣᠳᠣᠯ ᠬᠦᠰᠡᠯ ᠢ᠋ᠶ᠋ᠡᠷ ᠢ᠋ᠶ᠋ᠡᠨ ᠲᠥᠪ ᠪᠣᠯᠭᠠᠳᠠᠭ᠂ ᠪᠤᠰᠤᠳ ᠤ᠋ᠨ ᠰᠡᠳᠬᠢᠭᠳᠡᠯ ᠢ᠋ ᠣᠢᠯᠠᠭᠠᠬᠤ ᠦᠭᠡᠢ ᠪᠠᠢᠵᠤ ᠪᠠᠰᠠ ᠪᠤᠰᠤᠳ ᠬᠥᠮᠦᠨ ᠲᠡᠭᠦᠨ ᠢ᠋ ᠣᠢᠯᠠᠭᠠᠬᠤ ᠦᠭᠡᠢ ᠬᠠᠯᠠᠮᠵᠢᠯᠠᠬᠤ ᠦᠭᠡᠢ ᠪᠠᠢᠨ᠎ᠠ ᠭᠡᠮᠡᠨ ᠭᠣᠮᠣᠳᠠᠬᠤ ᠳᠤᠷᠠᠲᠠᠢ᠃ ᠥᠷᠥᠭᠡᠯ ᠪᠤᠰᠤᠳ ᠠ᠋ᠴᠠ ᠠᠪᠬᠤ ᠶ᠋ᠢ ᠯᠡ ᠬᠦᠰᠡᠨ᠎ᠡ᠂ ᠥᠭᠬᠦ ᠶ᠋ᠢ ᠮᠡᠳᠡᠬᠦ ᠦᠭᠡᠢ᠂ ᠠᠪᠤ ᠡᠵᠢ ᠥᠭᠡᠷ᠎ᠡ ᠪᠤᠰᠤᠳ ᠤ᠋ᠨ ᠲᠥᠯᠥᠭᠡ ᠪᠤᠶᠤ ᠨᠡᠩ ᠴᠦ᠍ ᠨᠤᠲᠤᠭ ᠤᠰᠤ᠂ ᠨᠡᠢᠭᠡᠮ ᠨᠡᠢᠲᠡ ᠶ᠋ᠢᠨ ᠲᠥᠯᠥᠭᠡ ᠭᠡᠬᠦ ᠪᠣᠳᠣᠯ ᠰᠡᠳᠬᠢᠯ ᠪᠠᠷᠤᠭ ᠪᠠᠢᠬᠤ ᠦᠭᠡᠢ ᠪᠣᠯᠵᠠᠢ᠃ ᠠᠪᠤ ᠡᠵᠢ ᠪᠠᠭᠰᠢ ᠠ᠋ᠴᠠ ᠪᠠᠨ ᠡᠬᠢᠯᠡᠭᠡᠳ ᠲᠣᠭᠣᠬᠤ ᠬᠥᠮᠦᠨ ᠪᠠᠢᠳᠠᠭ ᠦᠭᠡᠢ᠂ ᠬᠥᠮᠦᠨ ᠦ᠌ ᠬᠠᠷᠢᠴᠠᠭᠠᠨ ᠳ᠋ᠤ᠌ ᠨᠡᠢᠯᠡᠮᠵᠢ ᠮᠠᠭᠤᠲᠠᠢ ᠪᠠᠢᠳᠠᠭ᠃ ᠡᠳᠡᠭᠡᠷ ᠰᠡᠳᠬᠢᠴᠡ ᠶ᠋ᠢᠨ ᠪᠠᠢᠳᠠᠯ ᠨᠢ ᠬᠣᠵᠢᠮ ᠤ᠋ᠨ ᠠᠵᠢᠯ ᠦᠢᠯᠡᠰ ᠳᠡᠭᠡᠷ᠎ᠡ ᠪᠡᠨ ᠪᠤᠰᠤᠳ ᠲᠠᠢ ᠬᠠᠮᠲᠤᠷᠠᠯᠴᠠᠬᠤ ᠳ᠋ᠤ᠌ ᠨᠢ ᠰᠠᠭᠠᠳ ᠪᠣᠯᠵᠤ᠂ ᠠᠢᠯ ᠭᠡᠷ ᠪᠣᠯᠤᠭᠰᠠᠨ ᠤ᠋ ᠳᠠᠷᠠᠭ᠎ᠠ ᠴᠤ᠌ ᠨᠢᠭᠡᠨ ᠨᠢᠭᠡᠨ ᠳ᠋ᠦ᠍ ᠪᠡᠨ ᠨᠠᠢᠷ ᠲᠠᠯᠪᠢᠬᠤ ᠦᠭᠡᠢ᠂ ᠬᠠᠷᠢᠯᠴᠠᠨ ᠣᠢᠯᠠᠭᠠᠯᠴᠠᠬᠤ ᠦᠭᠡᠢ ᠮᠡᠲᠦ ᠣᠯᠠᠨ ᠵᠠᠩ ᠰᠡᠳᠬᠢᠴᠡ ᠶ᠋ᠢᠨ ᠡᠮᠵᠡᠭ ᠪᠣᠯᠵᠤ ᠢᠯᠡᠷᠡᠨ᠎ᠡ᠃
   ᠶᠠᠭᠠᠬᠢᠭᠠᠳ ᠡᠢᠮᠦ ᠪᠣᠯᠤᠭᠰᠠᠨ ᠪᠣᠢ? ᠪᠢᠳᠡ ᠡᠳᠦᠷ ᠳᠣᠳᠣᠮ ᠤ᠋ᠨ ᠶᠠᠷᠢᠶ᠎ᠠ ᠵᠣᠭᠣᠭ᠂ ᠬᠡᠦᠬᠡᠳ ᠲᠤ ᠪᠡᠨ ᠬᠠᠨᠳᠤᠬᠤ ᠣᠪᠣᠷ ᠰᠤᠷᠲᠠᠯ᠂ ᠬᠡᠦᠬᠡᠳ ᠲᠤ  ᠢ᠋ᠶ᠋ᠡᠨ ᠵᠠᠬᠢᠵᠤ ᠰᠠᠨᠠᠭᠤᠯᠵᠤ ᠪᠠᠢᠭ᠎ᠠ ᠰᠤᠷᠭᠠᠯ ᠵᠢᠭᠠᠪᠤᠷᠢ ᠪᠠᠨ ᠬᠢᠨᠠᠵᠤ ᠦᠵᠡᠪᠡᠯ ᠪᠦᠬᠦᠨ ᠢ᠋ ᠮᠡᠳᠡᠴᠢᠬᠡᠨ᠎ᠡ᠃ ᠪᠢᠳᠡ ᠴᠢᠨᠢ ᠬᠡᠳᠦᠭᠦᠯᠡ ᠪᠡᠨ ᠨᠡᠢᠯᠡᠪᠡᠯ ᠬᠥᠮᠦᠨ ᠮᠠᠭᠤᠯᠠᠬᠤ ᠠ᠋ᠴᠠ ᠥᠭᠡᠷ᠎ᠡ ᠵᠣᠭᠣᠭ ᠬᠣᠪᠣᠷ ᠪᠣᠯᠤᠭᠰᠠᠨ᠂ ᠥᠪᠡᠷᠰᠡᠳ ᠢ᠋ᠶ᠋ᠡᠨ ᠶᠠᠭᠤ ᠴᠤ᠌ ᠬᠢᠬᠦ ᠦᠭᠡᠢ ᠪᠠᠢᠵᠤ ᠪᠠᠭ᠎ᠠ ᠰᠠᠭ᠎ᠠ ᠶᠠᠭᠤᠮ᠎ᠠ ᠣᠷᠣᠯᠳᠣᠭᠰᠠᠨ ᠨᠢᠭᠡᠨ ᠢ᠋ ᠪᠡᠨ ᠦᠬᠦᠨ ᠮᠠᠭᠤᠯᠠᠨ᠎ᠠ᠂ ᠬᠡᠨ ᠬᠡᠨ ᠶᠠᠭᠠᠬᠢᠵᠤ ᠬᠥᠮᠦᠨ ᠬᠣᠨᠵᠢᠭᠰᠠᠨ ᠠᠰᠢᠭ ᠣᠯᠤᠭᠰᠠᠨ ᠲᠤᠬᠠᠢ ᠨᠢᠳᠦ ᠤᠯᠠᠢᠲᠠᠯ᠎ᠠ ᠶᠠᠷᠢᠯᠴᠠᠨ᠎ᠠ᠃ ᠲᠡᠭᠡᠭᠡᠳ ᠬᠡᠦᠬᠡᠳ ᠢ᠋ᠶ᠋ᠡᠨ ᠬᠥᠮᠦᠨ ᠳ᠋ᠦ᠍ ᠯᠡ ᠪᠢᠲᠡᠭᠡᠢ ᠬᠣᠨᠵᠢᠭᠳᠠ ᠭᠡᠮᠡᠨ ᠠᠮᠢᠨ ᠵᠠᠬᠢᠶ᠎ᠠ ᠳᠠᠮᠵᠢᠭᠤᠯᠤᠨ᠎ᠠ᠃ ᠬᠥᠮᠦᠰ ᠪᠦᠷ ᠯᠡ ᠬᠤᠪᠢ ᠪᠠᠨ ᠬᠥᠭᠡᠭᠡᠵᠦ ᠳᠣᠪᠣ ᠪᠠᠨ ᠪᠣᠷᠣᠯᠠᠭᠤᠯᠬᠤ ᠬᠤᠪᠢᠨᠴᠢᠷ ᠰᠡᠳᠬᠢᠯᠭᠡ ᠲᠡᠢ ᠪᠣᠯᠴᠢᠬᠠᠵᠠᠢ᠃ ᠡᠢᠮᠦᠷᠬᠦ ᠨᠡᠢᠭᠡᠮ᠂ ᠭᠡᠷ ᠪᠦᠯᠢ ᠶ᠋ᠢᠨ ᠠᠭᠠᠷ ᠲᠤ ᠶᠠᠮᠠᠷᠬᠠᠨ ᠬᠡᠦᠬᠡᠳ ᠬᠥᠮᠦᠵᠢᠭᠳᠡᠨ᠎ᠡ ᠭᠡᠳᠡᠭ ᠢ᠋ ᠠᠰᠠᠭᠤᠯᠭᠠᠨ ᠪᠠᠢᠨ᠎ᠠ ᠤᠤ? ᠡᠨᠳᠡ ᠨᠢᠭᠡ ᠰᠡᠳᠬᠢᠴᠡ ᠵᠦᠢ ᠶ᠋ᠢᠨ ᠨᠢᠭᠤᠴᠠ ᠳᠠᠮᠵᠢᠭᠤᠯᠤᠶ᠎ᠠ᠃ ᠨᠢᠭᠡ ᠬᠥᠮᠦᠨ ᠦ᠌ ᠬᠠᠷᠢᠭᠤᠴᠠᠯᠭᠠᠲᠤ ᠰᠡᠳᠬᠢᠯᠭᠡ ᠬᠡᠴᠢᠨᠡᠨ ᠶᠡᠬᠡ ᠪᠠᠢᠬᠤ ᠳᠣᠳᠣᠮ ᠲᠡᠷᠡ ᠬᠥᠮᠦᠨ ᠦ᠌ ᠬᠤᠪᠢ ᠶ᠋ᠢᠨ ᠠᠪᠢᠶᠠᠰ ᠴᠢᠳᠠᠪᠤᠷᠢ ᠲᠡᠳᠦᠢ ᠶᠡᠬᠡ ᠨᠡᠭᠡᠭᠡᠭᠳᠡᠨ᠎ᠡ᠂ ᠲᠣᠮᠣ ᠶ᠋ᠢ ᠪᠦᠲᠦᠭᠡᠵᠦ ᠶᠡᠬᠡ ᠭᠠᠪᠢᠶ᠎ᠠ ᠪᠠᠢᠭᠤᠯᠤᠭᠰᠠᠨ ᠠᠯᠳᠠᠷᠲᠤ ᠬᠥᠮᠦᠰ ᠪᠦᠷ ᠯᠡ ᠤᠭᠰᠠᠭ᠎ᠠ ᠶᠠᠰᠤᠲᠠᠨ ᠤ᠋ ᠪᠠᠨ ᠲᠥᠯᠥᠭᠡ ᠶᠡᠬᠡ ᠬᠠᠷᠢᠭᠤᠴᠠᠯᠭ᠎ᠠ ᠡᠭᠦᠷᠭᠡᠯᠡᠭᠰᠡᠨ ᠪᠠᠢᠳᠠᠭ᠃ ᠬᠠᠤᠯᠢ ᠶᠣᠰᠣ ᠪᠠᠢᠭᠰᠠᠨ ᠦᠭᠡᠢ ᠵᠡᠷᠯᠢᠭ ᠳᠡᠯᠡᠬᠡᠢ ᠶ᠋ᠢ ᠲᠢᠭ ᠵᠢᠷᠤᠮ ᠲᠠᠢ ᠴᠠᠭ ᠦᠶ᠎ᠡ ᠳ᠋ᠦ᠍ ᠣᠷᠣᠭᠤᠯᠤᠭᠰᠠᠨ ᠴᠢᠩᠭᠢᠰ ᠬᠠᠭᠠᠨ ᠪᠣᠯ ᠪᠥᠮᠪᠥᠷᠴᠡᠭ ᠲᠤ ᠬᠠᠷᠢᠭᠤᠴᠠᠭᠰᠠᠨ ᠠᠭᠤᠤ ᠬᠥᠮᠦᠨ ᠪᠠᠢᠭᠰᠠᠨ᠃ ᠡᠭᠦᠨ ᠦ᠌ ᠡᠰᠡᠷᠭᠦ ᠪᠡᠷ ᠪᠣᠯ ᠤᠬᠠᠭᠠᠨ ᠨᠢ ᠤᠭᠤᠲᠠ ᠳ᠋ᠤ᠌ ᠪᠠᠨ ᠰᠢᠷᠭᠢᠨ᠎ᠡ ᠭᠡᠭᠴᠢ ᠪᠣᠯᠵᠤ᠂ ᠬᠡᠴᠢᠨᠡᠨ ᠬᠤᠪᠢᠨᠴᠢᠷ ᠪᠠᠢᠬᠤ ᠳᠣᠳᠣᠮ ᠤᠬᠠᠭᠠᠨ ᠪᠣᠳᠣᠯ ᠨᠢ ᠲᠥᠴᠢᠨᠡᠨ ᠢᠪᠴᠤᠷᠠᠵᠤ᠂ ᠡᠴᠦᠰ ᠲᠤ ᠪᠡᠨ ᠠᠮᠢᠨ ᠳ᠋ᠤ᠌ ᠪᠠᠨ ᠴᠤ᠌ ᠵᠥᠪ ᠦᠭᠡᠢ ᠠᠳᠠᠭ ᠤ᠋ᠨ ᠭᠤᠶᠤᠯᠭᠠᠴᠢᠨ ᠪᠣᠯᠳᠠᠭ᠂ ᠲᠣᠮᠣ ᠬᠥᠮᠦᠨ ᠲᠣᠮᠣ ᠶ᠋ᠢ ᠰᠡᠳᠬᠢᠵᠦ᠂ ᠵᠢᠵᠢᠭ ᠬᠥᠮᠦᠨ ᠵᠢᠵᠢᠭ ᠤᠴᠢᠷ ᠢ᠋ ᠰᠡᠳᠬᠢᠨ᠎ᠡ᠂ ᠪᠢᠳᠡ ᠴᠢᠨᠢ ᠠᠮᠠ ᠨᠡᠭᠡᠭᠡᠮᠡᠭᠴᠡ ᠬᠥᠮᠦᠨ ᠮᠠᠭᠤᠯᠠᠬᠤ ᠠ᠋ᠴᠠ ᠡᠬᠢᠯᠡᠭᠡᠳ ᠠᠢᠯ ᠰᠠᠭᠠᠬᠠᠯᠲᠠ ᠶ᠋ᠢᠨ ᠬᠣᠭ ᠤ᠋ᠨ ᠵᠣᠭᠣᠭ ᠠ᠋ᠴᠠ ᠴᠠᠰᠢ ᠶᠠᠭᠤᠮ᠎ᠠ ᠰᠡᠳᠬᠢᠬᠦ ᠥᠬᠡᠢ ᠬᠡᠮᠵᠢᠶᠡᠨ ᠳ᠋ᠦ᠍ ᠬᠦᠷᠴᠦ ᠪᠠᠢᠭ᠎ᠠ ᠮᠠᠨᠢ ᠶᠠᠮᠠᠷ ᠬᠥᠭᠡᠷᠦᠬᠦᠢᠯᠡᠯᠲᠡᠢ ᠵᠢᠵᠢᠭᠷᠡᠭᠰᠡᠨ ᠪᠢᠯᠡ! ᠪᠢᠳᠡ ᠬᠡᠦᠬᠡᠳ ᠢ᠋ᠶ᠋ᠡᠨ ᠪᠢᠲᠡᠭᠡᠢ ᠭᠤᠶᠤᠯᠭᠠᠴᠢᠨ ᠤ᠋ ᠭᠠᠵᠢᠭ ᠰᠡᠳᠬᠢᠴᠡ ᠲᠡᠢ᠂ ᠡᠷᠡᠮᠳᠡᠭ ᠵᠡᠷᠡᠮᠳᠡᠭ ᠬᠥᠮᠦᠨ ᠪᠣᠯᠭᠠᠬᠤ ᠭᠡᠳ ᠪᠠᠢᠶ᠎ᠠ ᠳᠠ᠃ ᠲᠡᠭᠡᠬᠦ ᠪᠡᠷ ᠢ᠋ᠶ᠋ᠡᠨ ᠬᠡᠦᠬᠡᠳ ᠲᠤ ᠪᠡᠨ ᠨᠡᠢᠲᠡ ᠬᠥᠮᠦᠰ ᠨᠡᠢᠭᠡᠮ ᠳᠠᠶᠠᠭᠠᠷ ᠲᠤ ᠮᠡᠳᠡᠷᠡᠭᠳᠡᠭᠰᠡᠨ ᠨᠡᠷᠡᠲᠦ ᠬᠥᠮᠦᠰ ᠶᠡᠬᠡ ᠡᠷᠳᠡᠮᠲᠡᠨ᠂ ᠨᠤᠲᠤᠭ ᠤᠰᠤᠨ ᠳ᠋ᠤ᠌ ᠪᠠᠨ ᠠᠮᠵᠢᠯᠲᠠ ᠪᠦᠲᠦᠭᠡᠯ ᠲᠡᠢ ᠶᠠᠪᠤᠵᠤ ᠪᠠᠢᠭ᠎ᠠ ᠣᠳᠣᠨ ᠰᠣᠳᠣᠨ ᠬᠥᠮᠦᠰ᠂ ᠣᠯᠠᠨ ᠨᠡᠢᠲᠡ ᠶ᠋ᠢᠨ ᠡᠮᠦᠨ᠎ᠡ ᠡᠴᠡ ᠠᠵᠢᠯ ᠬᠢᠵᠦ ᠥᠨᠥᠴᠢᠨ ᠪᠠᠯᠴᠢᠷ ᠡᠪᠦᠭᠡᠳ ᠨᠠᠰᠤᠲᠠᠳ ᠲᠤ ᠲᠤᠰᠠ ᠳᠠᠮ ᠪᠣᠯᠵᠤ᠂ ᠬᠦᠴᠢᠷᠳᠡᠵᠦ ᠲᠤᠢᠯᠳᠠᠭᠰᠠᠨ ᠬᠡᠨ ᠨᠢᠭᠡᠨ ᠳ᠋ᠦ᠍ ᠨᠢ ᠬᠠᠮ ᠳᠠᠮ ᠪᠣᠯᠵᠤ ᠪᠤᠰᠤᠳ ᠢ᠋ ᠪᠠᠶᠠᠷᠯᠠᠭᠤᠯᠵᠤ ᠤᠬᠠᠭᠠᠷᠠᠭᠤᠯᠵᠤ ᠶᠠᠪᠤᠭᠰᠠᠨ ᠬᠥᠮᠦᠰ ᠦ᠋ᠨ ᠲᠤᠬᠠᠢ ᠦᠯᠢᠭᠡᠷ ᠵᠢᠱ᠌ᠢᠶ᠎ᠡ ᠶ᠋ᠢ ᠳᠠᠭᠤᠷᠢᠶᠠᠯ ᠪᠣᠯᠭᠠᠨ ᠢᠯᠡᠭᠦᠬᠡᠨ ᠪᠢᠰᠢᠷᠡᠲᠡᠯ᠎ᠡ ᠶᠠᠷᠢᠬᠤ ᠪᠤᠶᠤ ᠲᠡᠳᠡᠭᠡᠷ ᠬᠥᠮᠦᠰ ᠵᠢᠴᠢ ᠲᠡᠳᠡᠨ ᠦ᠌ ᠭᠡᠷ ᠪᠦᠯᠢ ᠨᠢ᠂ ᠨᠤᠲᠤᠭ ᠣᠷᠣᠨ᠂ ᠨᠡᠢᠭᠡᠮ ᠳ᠋ᠦ᠍ ᠬᠡᠴᠢᠨᠡᠨ ᠭᠠᠪᠢᠶ᠎ᠠ ᠵᠢᠳᠬᠦᠯ ᠲᠡᠢ ᠬᠠᠷᠢᠭᠤᠴᠠᠯᠭ᠎ᠠ ᠲᠠᠢ ᠠᠵᠢᠯᠯᠠᠭ᠎ᠠ ᠬᠢᠭᠰᠡᠨ ᠢ᠋ ᠦᠨᠡᠨ ᠰᠡᠳᠬᠢᠯ ᠡᠴᠡ ᠪᠡᠨ ᠬᠦᠨᠳᠦᠳᠬᠡᠨ ᠶᠠᠷᠢᠬᠤ᠂ ᠲᠡᠳᠡ ᠨᠠᠷ ᠲᠠᠢ ᠰᠠᠢᠬᠠᠨ ᠨᠠᠢᠵᠠᠯᠠᠵᠤ ᠶᠠᠪᠤᠯᠴᠠᠬᠤ ᠶ᠋ᠢ ᠰᠤᠷᠭᠠᠬᠤ ᠨᠢ ᠬᠡᠦᠬᠡᠳ ᠲᠤ ᠰᠠᠢᠬᠠᠨ ᠬᠥᠮᠦᠵᠢᠯ ᠪᠣᠯᠤᠨ᠎ᠠ᠃

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠵ᠂ ᠪᠤᠶᠠᠨᠲᠣᠭᠲᠠᠬᠤ