1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠲᠥᠪᠯᠡᠷᠡᠬᠦ ᠦᠭᠡᠢ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-08-ᠪᠣᠯᠣᠴᠢᠯᠠᠭᠤ

ᠰᠡᠳᠬᠢᠯ ᠲᠥᠪᠯᠡᠷᠡᠬᠦ ᠦᠭᠡᠢ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-08-ᠪᠣᠯᠣᠴᠢᠯᠠᠭᠤ

2023-12-04

698

ᠰᠡᠳᠬᠢᠯ ᠲᠥᠪᠯᠡᠷᠡᠬᠦ ᠦᠭᠡᠢ

   ᠣᠳᠣ ᠶ᠋ᠢᠨ ᠰᠤᠷᠤᠭᠴᠢᠳ ᠤ᠋ᠨ ᠳᠤᠮᠳᠠ ᠬᠢᠴᠢᠶᠡᠯ ᠳᠡᠭᠡᠷ᠎ᠡ ᠰᠡᠳᠬᠢᠯ ᠰᠠᠨᠠᠭ᠎ᠠ ᠨᠢ ᠰᠠᠢᠨ ᠲᠥᠪᠯᠡᠷᠡᠬᠦ ᠦᠭᠡᠢ ᠡᠰᠡᠨ ᠪᠣᠰᠤᠨ ᠦᠭᠡᠢ ᠶᠠᠭᠤᠮ᠎ᠠ ᠰᠠᠨᠠᠭᠠᠨ ᠳ᠋ᠤ᠌ ᠨᠢ ᠣᠷᠣᠭᠠᠳ ᠪᠠᠢᠬᠤ ᠡᠰᠡᠬᠦᠯ᠎ᠡ ᠬᠢᠴᠢᠶᠡᠯ ᠰᠣᠨᠣᠰᠴᠤ ᠪᠠᠢᠭᠰᠠᠭᠠᠷ ᠶᠠᠭᠤ ᠪᠣᠳᠣᠵᠤ ᠪᠠᠢᠬᠤ ᠪᠠᠨ ᠴᠤ᠌ ᠮᠡᠳᠡᠬᠦ ᠦᠭᠡᠢ ᠭᠥᠯᠢᠢᠭᠡᠳ ᠮᠡᠯᠡᠷᠡᠭᠡᠳ ᠰᠠᠭᠤᠵᠤ ᠪᠠᠢᠬᠤ᠂ ᠶᠠᠮᠠᠷ ᠠᠵᠢᠯ ᠬᠢᠭᠰᠡᠨ ᠴᠦ᠍ ᠬᠢᠵᠦ ᠪᠠᠢᠭ᠎ᠠ ᠠᠵᠢᠯ ᠬᠡᠷᠡᠭ ᠲᠤ ᠪᠡᠨ ᠰᠠᠨᠠᠭ᠎ᠠ ᠪᠣᠳᠣᠯ ᠨᠢ ᠰᠠᠢᠬᠠᠨ ᠲᠥᠪᠯᠡᠷᠡᠬᠦ ᠦᠭᠡᠢ᠂ ᠰᠠᠭᠤᠵᠤ ᠪᠠᠢᠭᠰᠠᠭᠠᠷ ᠰᠠᠨᠠᠭ᠎ᠠ ᠠᠯᠳᠠᠵᠤ᠂ ᠤᠴᠢᠷ ᠤᠬᠠᠭᠠᠨ ᠨᠢ ᠣᠯᠳᠠᠬᠤ ᠦᠭᠡᠢ ᠤᠷᠮ᠎ᠠ ᠰᠡᠳᠬᠢᠯᠭᠡ ᠡᠭᠦᠰᠬᠦ ᠮᠡᠲᠦ ᠰᠡᠳᠬᠢᠴᠡ ᠶ᠋ᠢᠨ ᠪᠠᠢᠳᠠᠯ ᠲᠠᠢ ᠬᠡᠦᠬᠡᠳ ᠣᠯᠠᠰᠢᠷᠠᠵᠤ ᠪᠠᠢᠨ᠎ᠠ᠃ ᠡᠨᠳᠡ ᠣᠯᠠᠨᠲᠠ ᠨᠤᠷᠱᠤᠵᠤ ᠪᠠᠢᠭ᠎ᠠ ᠵᠠᠷᠢᠮ ᠭᠡᠷ ᠦ᠋ᠨ ᠠᠬᠠᠮᠠᠳ ᠪᠠᠭ᠎ᠠ ᠰᠤᠷᠭᠠᠭᠤᠯᠢ ᠶ᠋ᠢᠨ ᠬᠡᠦᠬᠡᠳ ᠢ᠋ᠶ᠋ᠡᠨ ᠴᠦ᠍ ᠭᠡᠷ ᠲᠤ ᠨᠢ ᠭᠠᠭᠴᠠᠭᠠᠷ ᠢ᠋ ᠨᠢ ᠣᠨᠢᠰᠤᠯᠠᠵᠤ᠂ ᠳᠠᠰᠬᠠᠯ ᠢ᠋ᠶ᠋ᠠᠨ ᠰᠠᠢᠨ ᠬᠢ ᠭᠡᠵᠦ ᠲᠤᠰᠢᠶᠠᠯ ᠦᠯᠡᠳᠡᠭᠡᠭᠡᠳ ᠦᠳᠡᠰᠢ ᠣᠷᠣᠢ ᠳᠠᠢᠯᠠᠯᠭ᠎ᠠ ᠵᠠᠯᠠᠯᠭ᠎ᠠ ᠳ᠋ᠤ᠌ ᠶᠠᠪᠤᠬᠤ᠂ ᠥᠯᠥᠭᠡᠢ ᠲᠡᠢ ᠪᠠᠢᠬᠤ ᠳ᠋ᠤ᠌ ᠨᠢ ᠪᠦᠪᠡᠢ ᠶ᠋ᠢᠨ ᠳᠠᠭᠤᠤ ᠪᠠᠷ ᠠᠷᠭᠠᠳᠠᠨ ᠰᠠᠭᠠᠲᠠᠭᠤᠯᠤᠭᠰᠠᠨ ᠦᠭᠡᠢ᠂ ᠰᠠᠶᠢ ᠬᠡᠯᠡ ᠳ᠋ᠦ᠍ ᠣᠷᠣᠵᠤ᠂ ᠤᠬᠠᠭᠠᠨ ᠪᠦᠷᠢᠳᠴᠦ ᠪᠠᠢᠭ᠎ᠠ ᠪᠠᠯᠴᠢᠷ ᠨᠠᠰᠤᠨ ᠳ᠋ᠤ᠌ ᠨᠢ ᠬᠡᠦᠬᠡᠳ ᠢ᠋ᠶ᠋ᠡᠨ ᠬᠥᠲᠥᠯᠦᠭᠡᠳ ᠶᠠᠪᠤᠬᠤ᠂ ᠲᠡᠪᠡᠷᠢᠬᠦ᠂ ᠢᠯᠢᠵᠦ ᠳᠠᠭᠠᠯᠠᠬᠤ᠂ ᠢᠯᠡᠭᠦᠬᠡᠨ ᠵᠣᠭᠣᠭᠳᠠᠬᠤ᠂ ᠤᠷᠮᠠᠰᠢᠭᠤᠯᠵᠤ ᠵᠣᠷᠢᠭᠵᠢᠭᠤᠯᠬᠤ ᠭᠡᠬᠦᠴᠢᠯᠡᠨ ᠬᠠᠢᠷ᠎ᠠ ᠶ᠋ᠢᠨ ᠲᠠᠪᠤᠨ ᠬᠡᠯᠡ ᠪᠡᠷ ᠬᠠᠷᠢᠯᠴᠠᠬᠤ ᠦᠭᠡᠢ ᠪᠣᠯᠤᠭᠰᠠᠨ ᠠ᠋ᠴᠠ ᠡᠴᠢᠭᠡ ᠡᠬᠡ ᠶ᠋ᠢᠨ ᠡᠯᠢᠭᠡᠨ ᠬᠠᠯᠠᠭᠤᠨ ᠬᠠᠢᠷ᠎ᠠ ᠶ᠋ᠢ ᠮᠡᠳᠡᠷᠡᠬᠦ ᠰᠡᠳᠬᠢᠯᠭᠡ ᠳᠤᠲᠠᠭᠳᠠᠵᠤ ᠰᠠᠨᠠᠭ᠎ᠠ ᠰᠡᠳᠬᠢᠯ ᠳᠤᠨᠳᠠᠭᠤᠷ ᠪᠠᠢᠬᠤ᠂ ᠬᠡᠦᠬᠡᠳ ᠲᠤ ᠦᠯᠢᠭᠡᠷ ᠣᠨᠢᠰᠣᠭ᠎ᠠ ᠶᠠᠷᠢᠵᠤ ᠥᠭᠴᠦ ᠬᠡᠦᠬᠡᠳ ᠦ᠋ᠨ ᠰᠠᠨᠠᠭ᠎ᠠ ᠪᠣᠳᠣᠯ ᠢ᠋ ᠨᠠᠮ ᠲᠣᠭᠲᠠᠭᠤᠨ ᠪᠣᠯᠭᠠᠵᠤ᠂ ᠨᠢᠯᠬ᠎ᠠ ᠣᠶᠤᠨ ᠳ᠋ᠤ᠌ ᠨᠢ ᠣᠯᠠᠨ ᠰᠠᠢᠬᠠᠨ ᠭᠡᠨᠡᠨ ᠴᠠᠢᠯᠭᠠᠨ ᠳᠦᠷᠰᠦᠯᠡᠯ ᠬᠢᠯᠭᠡᠵᠦ᠂ ᠣᠶᠤᠨ ᠰᠡᠳᠬᠢᠴᠡ ᠡᠷᠡᠭᠦᠯ ᠪᠣᠢᠵᠢᠬᠤ ᠳ᠋ᠤ᠌ ᠴᠢᠬᠤᠯᠠ ᠨᠥᠯᠥᠭᠡ ᠦᠵᠡᠭᠦᠯᠳᠡᠭ ᠬᠥᠮᠦᠵᠢᠯ ᠦ᠋ᠨ ᠵᠠᠩᠰᠢᠯ ᠭᠡᠭᠡᠭᠳᠡᠭᠰᠡᠨ ᠲᠡᠢ ᠲᠤᠩ ᠬᠣᠯᠪᠣᠭ᠎ᠠ ᠲᠠᠢ ᠪᠠᠢᠳᠠᠭ᠃ ᠬᠡᠦᠬᠡᠳ ᠢ᠋ᠶ᠋ᠡᠨ ᠪᠢᠳᠡ ᠬᠠᠢᠷ᠎ᠠ ᠶ᠋ᠢᠨ ᠲᠠᠪᠤᠨ ᠲᠠᠩᠰᠤᠭ ᠬᠡᠯᠡ ᠪᠡᠷ ᠬᠥᠮᠦᠵᠢᠭᠦᠯᠵᠦ ᠪᠠᠢᠬᠤ ᠪᠢᠰᠢ᠂ ᠬᠠᠢᠷ᠎ᠠ ᠰᠠᠳᠤᠨ ᠤ᠋ ᠬᠠᠷᠢᠴᠠᠭ᠎ᠠ ᠦᠭᠡᠢ ᠬᠠᠮᠢᠶ᠎ᠠ ᠴᠤ᠌ ᠦᠭᠡᠢ ᠮᠠᠰᠢᠨ ᠲᠣᠭᠯᠠᠭᠠᠮ ᠳ᠋ᠤ᠌ ᠨᠠᠢᠳᠠᠨ ᠲᠤᠰᠢᠶᠠᠭᠰᠠᠨ ᠪᠠᠢᠨ᠎ᠠ᠃ ᠲᠧᠯᠸᠢᠰ ᠬᠠᠷᠠᠵᠤ ᠭᠠᠭᠴᠠᠭᠠᠷ ᠲᠣᠭᠯᠠᠭᠠᠮ ᠨᠠᠭᠠᠳᠤᠭᠰᠠᠨ ᠬᠡᠦᠬᠡᠳ ᠦ᠋ᠨ ᠪᠣᠳᠣᠯ ᠳ᠋ᠤ᠌ ᠬᠠᠴᠢᠨ ᠰᠣᠨᠢᠨ ᠲᠥᠷᠥᠭᠳᠡᠯ ᠣᠷᠣᠵᠤ ᠢᠷᠡᠬᠦ ᠳ᠋ᠦ᠍ ᠶᠠᠷᠢᠵᠤ ᠣᠢᠯᠠᠭᠠᠯᠴᠠᠬᠤ ᠬᠠᠨᠢ ᠦᠭᠡᠢ᠂ ᠣᠷᠣᠢ ᠦᠵᠡᠭᠰᠡᠨ ᠬᠡᠦᠬᠡᠯᠳᠡᠢ ᠺᠢᠨᠣ᠋ ᠶ᠋ᠢᠨ ᠳᠦᠷᠰᠦ ᠨᠢ ᠡᠳᠦᠷ ᠦ᠋ᠨ ᠬᠢᠴᠢᠶᠡᠯ ᠳᠡᠭᠡᠷ᠎ᠡ ᠦᠵᠡᠭᠳᠡᠭᠡᠳ ᠪᠠᠢᠬᠤ ᠮᠡᠲᠦ ᠣᠷᠴᠢᠨ ᠳ᠋ᠤ᠌ ᠥᠰᠴᠦ ᠪᠠᠢᠭ᠎ᠠ ᠬᠡᠦᠬᠡᠳ ᠦ᠋ᠨ ᠰᠡᠳᠬᠢᠯ ᠰᠠᠨᠠᠭ᠎ᠠ ᠨᠢ ᠬᠡᠷᠬᠢᠨ ᠨᠠᠮ ᠲᠠᠢᠪᠤᠩ ᠪᠠᠢᠵᠤ ᠴᠢᠳᠠᠨ᠎ᠠ ᠪᠣᠢ᠃ ᠦᠵᠡᠬᠦ ᠺᠢᠨᠣ᠋ ᠳᠤᠲᠠᠬᠤ ᠦᠭᠡᠢ᠂ ᠨᠠᠭᠠᠳᠬᠤ ᠲᠣᠭᠯᠠᠭᠠᠮ ᠢ᠋ᠶ᠋ᠠᠷ ᠪᠠᠶᠠᠨ ᠬᠡᠦᠬᠡᠳ ᠢ᠋ᠶ᠋ᠡᠨ ᠵᠢᠷᠭᠠᠯᠲᠠᠢ ᠴᠠᠭ ᠤ᠋ᠨ ᠪᠤᠶᠠᠨᠲᠠᠢ ᠬᠡᠦᠬᠡᠳ ᠭᠡᠵᠦ ᠪᠢᠲᠡᠭᠡᠢ ᠦᠵᠡᠭᠡᠷᠡᠢ! ᠬᠡᠦᠬᠡᠳ ᠢ᠋ᠶ᠋ᠡᠨ ᠪᠢᠳᠡ ᠶᠠᠮᠠᠷᠬᠠᠨ ᠨᠡᠢᠭᠡᠮ ᠭᠡᠷ ᠪᠦᠯᠢ ᠶ᠋ᠢᠨ ᠠᠭᠠᠷ ᠲᠤ᠌ ᠶᠠᠭᠤ ᠲᠠᠢ ᠬᠠᠮᠲᠤ ᠶᠠᠭᠤ ᠰᠠᠨᠠᠵᠤ ᠮᠥᠷᠥᠭᠡᠳᠦᠨ ᠦᠰᠦᠨ ᠪᠣᠢᠵᠢᠵᠤ ᠪᠠᠢᠬᠤ ᠶ᠋ᠢ ᠣᠢᠯᠠᠭᠠᠬᠤ ᠶᠣᠰᠣᠲᠠᠢ ᠪᠣᠯᠵᠤ ᠪᠠᠢᠨ᠎ᠠ ᠰᠢᠦ᠃ ᠬᠡᠦᠬᠡᠳ ᠲᠡᠢ ᠪᠡᠨ ᠢᠯᠡᠭᠦᠬᠡᠨ ᠪᠠᠶᠠᠷ ᠪᠠᠶᠠᠰᠤᠯ ᠢ᠋ᠶ᠋ᠠᠨ ᠬᠤᠪᠢᠶᠠᠯᠴᠠᠵᠤ ᠪᠠᠢᠶ᠎ᠠ᠂ ᠨᠠᠭᠠᠳᠤᠮ ᠲᠣᠭᠯᠠᠭᠠᠮ ᠳ᠋ᠤ᠌ ᠨᠢ ᠢᠯᠡᠭᠦᠬᠡᠨ ᠣᠷᠣᠯᠴᠠᠵᠤ ᠪᠠᠢᠶ᠎ᠠ᠂ ᠬᠡᠦᠬᠡᠳ ᠦ᠋ᠨ ᠡᠮᠦᠨ᠎ᠡ ᠨᠡᠢᠭᠡᠮ ᠦ᠋ᠨ ᠠᠰᠢᠭ ᠬᠣᠨᠵᠢᠶ᠎ᠠ ᠡᠷᠬᠡ ᠲᠤᠰᠢᠶᠠᠯ ᠤ᠋ᠨ ᠲᠤᠬᠠᠢ ᠳᠤᠲᠠᠭᠤ ᠶᠠᠷᠢᠶ᠎ᠠ᠂ ᠣᠳᠣ ᠶ᠋ᠢᠨ ᠠᠬᠤᠢ ᠨᠥᠬᠥᠴᠡᠯ ᠳ᠋ᠦ᠍ ᠪᠡᠨ ᠠᠵᠠ ᠵᠢᠷᠭᠠᠯᠲᠠᠢ ᠠᠮᠢᠳᠤᠷᠠᠵᠤ ᠰᠤᠷᠤᠶ᠎ᠠ᠂ ᠠᠮᠢᠳᠤᠷᠠᠯ ᠤ᠋ᠨ ᠳᠤᠲᠠᠭᠳᠠᠵᠤ ᠪᠠᠢᠭ᠎ᠠ ᠵᠦᠢᠯ ᠢ᠋ᠶ᠋ᠡᠨ ᠣᠯᠬᠤ ᠶ᠋ᠢᠨ ᠲᠥᠯᠥᠭᠡ ᠢᠲᠡᠭᠡᠯ ᠲᠡᠭᠦᠯᠳᠡᠷ ᠠᠵᠢᠯᠯᠠᠵᠤ ᠰᠤᠷᠤᠶ᠎ᠠ! ᠡᠢᠮᠦ ᠯᠡ ᠠᠮᠢᠳᠤᠷᠠᠯ ᠤ᠋ᠨ ᠠᠭᠠᠷ ᠠ᠋ᠴᠠ ᠡᠷᠡᠭᠦᠯ ᠰᠡᠳᠬᠢᠴᠡ ᠲᠡᠢ ᠬᠡᠦᠬᠡᠳ ᠭᠠᠷᠤᠨ᠎ᠠ ᠰᠢᠦ᠃

   ᠦᠰᠦᠭ ᠠᠮᠢᠯᠠᠭᠤᠯᠤᠭᠴᠢ᠄ ᠪᠠᠶᠠᠨᠰᠡᠷᠡᠩ
   ᠬᠢᠨᠠᠭᠴᠢ᠄ ᠵ᠂ ᠪᠤᠶᠠᠨᠲᠣᠭᠲᠠᠬᠤ᠂ ᠭᠠᠷᠮ᠎ᠠ