1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠮ ᠤᠩᠰᠢᠬᠤ ᠦᠭᠡᠢ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-10-ᠪᠣᠯᠣᠴᠢᠯᠠᠭᠤ

ᠨᠣᠮ ᠤᠩᠰᠢᠬᠤ ᠦᠭᠡᠢ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-10-ᠪᠣᠯᠣᠴᠢᠯᠠᠭᠤ

2023-12-06

1768

ᠨᠣᠮ ᠤᠩᠰᠢᠬᠤ ᠦᠭᠡᠢ

   ᠥᠨᠥ ᠶ᠋ᠢᠨ ᠰᠤᠷᠭᠠᠨ ᠬᠥᠮᠦᠵᠢᠯ ᠳᠡᠭᠡᠷ᠎ᠡ ᠬᠡᠦᠬᠡᠳ ᠦ᠋ᠳ ᠲᠤ ᠪᠡᠨ ᠨᠣᠮ ᠤᠩᠰᠢᠬᠤ ᠰᠠᠢᠨ ᠰᠠᠢᠬᠠᠨ ᠳᠠᠳᠬᠠᠯ ᠢ᠋ ᠬᠥᠮᠦᠵᠢᠭᠦᠯᠵᠦ ᠲᠡᠳᠡᠨ ᠢ᠋《ᠨᠣᠮ ᠤ᠋ᠨ ᠰᠠᠢᠨ ᠨᠥᠬᠥᠷ ᠪᠣᠯᠭᠠᠬᠤ》 ᠪᠣᠯ ᠲᠤᠩ ᠬᠦᠨᠳᠦ ᠴᠢᠬᠤᠯᠠ ᠠᠰᠠᠭᠤᠳᠠᠯ ᠪᠣᠯᠤᠭᠠᠳ ᠪᠠᠢᠨ᠎ᠠ᠃ ᠲᠦᠷᠦᠮᠡᠭᠴᠡ ᠲᠧᠯᠸᠢᠰ ᠺᠢᠨᠣ᠋ ᠲᠠᠢ ᠬᠠᠮᠲᠤ ᠪᠣᠢᠵᠢᠭᠰᠠᠨ ᠬᠡᠦᠬᠡᠳ ᠦ᠋ᠳ ᠮᠠᠨᠢ ᠨᠣᠮ ᠤᠩᠰᠢᠬᠤ ᠳ᠋ᠤ᠌ ᠲᠤᠩ ᠠᠨᠠᠢᠬᠠᠨ ᠪᠣᠯᠵᠠᠢ᠂ ᠡᠨᠡ ᠨᠢ ᠮᠥᠨ ᠳᠡᠯᠡᠬᠡᠢ ᠶ᠋ᠢᠨ ᠴᠢᠨᠠᠷᠲᠠᠢ ᠬᠦᠨᠳᠦ ᠲᠦᠭᠡᠮᠡᠯ ᠠᠰᠠᠭᠤᠳᠠᠯ ᠪᠣᠯᠤᠭᠠᠳ ᠪᠠᠢᠨ᠎ᠠ᠃ ᠡᠭᠦᠨ ᠦ᠌ ᠳ᠋ᠦᠩ ᠳ᠋ᠦ᠍ ᠮᠠᠨ ᠤ᠋ ᠬᠡᠦᠬᠡᠳ ᠦ᠋ᠨ ᠦᠭᠡᠰ ᠦ᠋ᠨ ᠰᠠᠩ ᠶᠠᠳᠠᠭᠤᠷᠠᠭᠠᠳ ᠶᠠᠮᠠᠷᠬᠠᠨ ᠪᠣᠯᠤᠭᠰᠠᠨ ᠢ᠋ ᠳᠥᠬᠥᠮᠬᠡᠨ ᠵᠢᠱ᠌ᠢᠶ᠎ᠡ ᠡᠴᠡ ᠬᠠᠷᠠ ᠳᠠ᠂ ᠠᠩᠬ᠎ᠠ ᠳᠤᠮᠳᠠᠳᠤ ᠶ᠋ᠢᠨ ᠨᠢᠭᠡ ᠰᠤᠷᠤᠭᠴᠢ ᠶ᠋ᠢᠨ ᠵᠠᠭᠤ ᠭᠠᠷᠤᠢ ᠦᠭᠡ ᠲᠡᠢ ᠣᠬᠣᠷ ᠵᠣᠬᠢᠶᠠᠯ ᠳ᠋ᠤ᠌ ᠪᠠᠨ《ᠦᠬᠦᠯ᠎ᠡ》 ᠭᠡᠰᠡᠨ ᠦᠭᠡ ᠶ᠋ᠢ ᠠᠭᠤᠷᠯᠠᠵᠤ ᠦᠬᠦᠯ᠎ᠡ᠂ ᠶᠠᠳᠠᠷᠠᠵᠤ ᠦᠬᠦᠯ᠎ᠡ᠂ ᠵᠣᠪᠠᠵᠤ ᠦᠬᠦᠯ᠎ᠡ᠁ ᠭᠡᠬᠦ ᠮᠡᠲᠦ ᠪᠡᠷ ᠠᠷᠪᠠ ᠭᠠᠷᠤᠢ ᠤᠳᠠᠭ᠎ᠠ ᠵᠠᠷᠤᠭᠰᠠᠨ ᠨᠢ ᠲᠡᠳᠡᠨ ᠦ᠌ ᠦᠭᠡᠰ ᠦ᠋ᠨ ᠰᠠᠩ ᠶᠠᠮᠠᠷᠬᠠᠨ ᠶᠠᠳᠠᠭᠤ ᠪᠠᠢᠬᠤ ᠶ᠋ᠢ ᠬᠠᠷᠠᠭᠤᠯᠤᠭᠰᠠᠨ ᠲᠡᠳᠦᠢ ᠦᠭᠡᠢ᠂ ᠰᠡᠳᠬᠢᠴᠡ ᠵᠠᠩ ᠠᠷᠠᠨᠰᠢᠨ ᠤ᠋ ᠬᠢᠨᠢ ᠳᠠᠩ ᠴᠤᠯᠭᠤᠢ ᠪᠠᠢᠳᠠᠯ ᠢ᠋ ᠨᠢ ᠳᠠᠮ ᠢ᠋ᠶ᠋ᠠᠷ ᠲᠣᠳᠣᠷᠠᠭᠤᠯᠵᠤ ᠪᠠᠢᠬᠤ ᠪᠢᠰᠢ ᠤᠤ᠃ ᠳᠡᠭᠡᠳᠦ ᠳᠤᠮᠳᠠᠳᠤ ᠶ᠋ᠢᠨ ᠬᠡᠦᠬᠡᠳ ᠮᠣᠩᠭᠣᠯ ᠤᠷᠠᠨ ᠵᠣᠬᠢᠶᠠᠯ ᠢ᠋ᠶ᠋ᠠᠨ ᠤᠩᠰᠢᠭᠠᠳ ᠣᠢᠯᠠᠭᠠᠬᠤ ᠦᠭᠡᠢ ᠪᠠᠢᠬᠤ ᠨᠢ ᠨᠡᠯᠢᠶᠡᠳ ᠨᠡᠢᠳᠡᠮ ᠦ᠋ᠨ ᠠᠰᠠᠭᠤᠳᠠᠯ ᠪᠣᠯᠵᠠᠢ᠂ ᠲᠡᠦᠬᠡ ᠰᠤᠳᠤᠷ ᠤᠩᠰᠢᠭᠠᠳ ᠶᠠᠭᠤ ᠤᠩᠰᠢᠵᠤ ᠪᠠᠢᠬᠤ ᠪᠠᠨ ᠮᠡᠳᠡᠬᠦ ᠦᠭᠡᠢ᠂ ᠨᠢᠳᠦ ᠨᠢ ᠤᠩᠰᠢᠭᠠᠳ ᠰᠡᠳᠬᠢᠯ ᠨᠢ ᠤᠩᠰᠢᠬᠤ ᠦᠭᠡᠢ ᠪᠣᠯᠵᠠᠢ᠃ ᠡᠨᠡ ᠪᠣᠯ ᠲᠤᠩ ᠭᠡᠨᠡᠨ ᠠᠶᠤᠯ ᠪᠠᠢᠭ᠎ᠠ᠂ ᠡᠨᠡ ᠮᠡᠲᠦ ᠶᠠᠪᠤᠪᠠᠯ ᠬᠥᠮᠦᠰ ᠦ᠋ᠨ ᠣᠶᠤᠨ ᠰᠡᠳᠬᠢᠬᠦᠢ ᠪᠦᠷ ᠵᠡᠮᠳᠡᠭ ᠪᠣᠯᠬᠤ ᠠᠶᠤᠯᠲᠠᠢ᠃
   ᠪᠦᠬᠦ ᠨᠡᠢᠭᠡᠮ ᠦ᠋ᠨ ᠬᠥᠮᠦᠰ ᠪᠦᠷ ᠯᠡ ᠳᠠᠭᠤ ᠳᠦᠷᠰᠦ ᠲᠡᠢ ᠪᠡᠨ ᠪᠡᠯᠡᠨ ᠪᠠᠢᠬᠤ ᠲᠧᠯᠸᠢᠰ ᠰᠦᠯᠵᠢᠶ᠎ᠡ ᠲᠡᠢ ᠵᠠᠭᠤᠷᠠᠭᠰᠠᠭᠠᠷ ᠪᠠᠢᠵᠤ᠂ ᠨᠣᠮ ᠤᠩᠰᠢᠬᠤ ᠲᠣᠭ᠎ᠠ ᠬᠡᠮᠵᠢᠶ᠎ᠡ ᠲᠤᠩ ᠶᠡᠬᠡ ᠪᠠᠭᠤᠷᠠᠵᠠᠢ᠂ ᠠᠢᠮᠠᠭ ᠬᠤᠰᠢᠭᠤᠨ ᠤ᠋ ᠨᠣᠮ ᠤ᠋ᠨ ᠰᠠᠩ ᠨᠡᠷ᠎ᠡ ᠲᠡᠳᠦᠢ ᠦᠵᠡᠬᠦᠯᠦᠭᠡ ᠶ᠋ᠢᠨ ᠶᠠᠭᠤᠮ᠎ᠠ ᠪᠣᠯᠵᠤ᠂ ᠡᠭᠦᠳᠡ ᠪᠡᠷ ᠨᠢ ᠣᠷᠣᠵᠤ ᠭᠠᠷᠬᠤ ᠬᠥᠮᠦᠨ ᠬᠠᠷᠠᠭᠳᠠᠬᠤ ᠦᠭᠡᠢ ᠪᠣᠯᠵᠠᠢ᠃《ᠥᠨᠥ ᠶ᠋ᠢᠨ ᠴᠠᠭ ᠬᠡᠨ ᠨᠣᠮ ᠤᠩᠰᠢᠬᠤ ᠪᠣᠢ᠂ ᠱᠣᠷᠣᠩ ᠳ᠋ᠤ᠌ ᠰᠠᠭᠤᠭᠰᠠᠨ ᠬᠥᠮᠦᠨ ᠯᠡ ᠤᠩᠰᠢᠬᠤ ᠠ᠋ᠴᠠ ᠳᠠ》 ᠭᠡᠬᠦ ᠲᠤᠩ ᠲᠠᠩᠬᠠᠢ ᠦᠭᠡ ᠭᠠᠵᠠᠷ ᠠᠪᠴᠤ ᠪᠠᠢᠨ᠎ᠠ᠃ ᠲᠠᠨᠠᠷ ᠬᠡᠨ ᠨᠣᠮ ᠤᠩᠰᠢᠳᠠᠭ ᠢ᠋ ᠬᠠᠷᠠ ᠯᠠ ᠳᠠ! ᠢᠰᠷᠧᠢᠯ ᠤᠯᠤᠰ ᠲᠤ ᠲᠡᠭᠰᠢᠳᠬᠡᠭᠡᠳ4500 ᠬᠥᠮᠦᠨ ᠦ᠌ ᠳᠤᠮᠳᠠ ᠨᠢᠭᠡ ᠨᠣᠮ ᠤ᠋ᠨ ᠰᠠᠩ ᠠᠵᠢᠯᠯᠠᠵᠤ ᠪᠠᠢᠨ᠎ᠠ᠂ ᠬᠡᠦᠬᠡᠳ ᠢ᠋ᠶ᠋ᠡᠨ ᠥᠯᠥᠭᠡᠢ ᠲᠡᠢ ᠪᠠᠢᠬᠤ ᠠ᠋ᠴᠠ ᠨᠢ ᠨᠣᠮ ᠪᠣᠯ ᠪᠠᠯ ᠰᠢᠭ᠋ ᠠᠮᠲᠠᠲᠠᠢ ᠰᠢᠦ ᠭᠡᠮᠡᠨ ᠨᠣᠮ ᠤ᠋ᠨ ᠭᠠᠳᠠᠷ ᠳᠡᠭᠡᠷ᠎ᠡ ᠪᠡᠨ ᠪᠠᠯ ᠳᠦᠷᠭᠢᠭᠡᠳ ᠬᠡᠦᠬᠡᠳ ᠲᠤ ᠪᠡᠨ ᠳᠣᠯᠢᠶᠠᠯᠭᠠᠵᠤ᠂ ᠨᠣᠮ ᠪᠢᠴᠢᠭ ᠦ᠋ᠨ ᠲᠤᠬᠠᠢ ᠬᠥᠮᠦᠵᠢᠯ ᠬᠢᠵᠦ ᠡᠬᠢᠯᠡᠳᠡᠭ ᠭᠡᠨ᠎ᠡ᠃ ᠢᠪᠷᠠᠢ ᠬᠥᠮᠦᠨ ᠨᠣᠮ ᠪᠢᠴᠢᠭ ᠢ᠋ ᠲᠡᠭᠡᠵᠦ ᠦᠬᠦᠨ ᠬᠠᠳᠠᠨ ᠤᠩᠰᠢᠳᠠᠭ ᠤ᠋ᠨ ᠠᠴᠢ ᠪᠠᠷ ᠠᠷᠠᠪ ᠤ᠋ᠨ ᠡᠯᠡᠰᠦᠨ ᠴᠦᠯ ᠳ᠋ᠦ᠍ ᠮᠠᠨ ᠤ᠋ ᠵᠡᠭᠦᠨ ᠦᠵᠦᠮᠦᠴᠢᠨ ᠬᠤᠰᠢᠭᠤᠨ ᠤ᠋ ᠬᠠᠭᠠᠰ ᠬᠦᠷᠬᠦ ᠦᠭᠡᠢ ᠨᠤᠲᠤᠭ ᠳᠡᠪᠢᠰᠬᠡᠷ ᠳᠡᠭᠡᠷ᠎ᠡ ᠬᠠᠭᠠᠰᠬᠠᠨ ᠵᠠᠭᠤᠨ ᠤ᠋ ᠬᠤᠭᠤᠴᠠᠭᠠᠨ ᠳ᠋ᠤ᠌ ᠢᠰᠷᠧᠢᠯ ᠭᠡᠳᠡᠭ ᠳᠡᠯᠡᠬᠡᠢ ᠶ᠋ᠢᠨ ᠬᠥᠭᠵᠢᠭᠰᠡᠨ ᠤᠯᠤᠰ ᠢ᠋ ᠪᠠᠢᠭᠤᠯᠵᠤ ᠴᠢᠳᠠᠭᠰᠠᠨ ᠪᠠᠢᠨ᠎ᠠ᠃ ᠦᠷ᠎ᠡ ᠬᠡᠦᠬᠡᠳ ᠲᠤ ᠪᠡᠨ ᠨᠣᠮ ᠤᠩᠰᠢᠪᠠᠯ ᠵᠢᠰᠦ ᠰᠠᠢᠬᠠᠨ ᠪᠣᠯᠤᠨ᠎ᠠ ᠭᠡᠮᠡᠨ ᠨᠣᠮᠯᠠᠳᠠᠭ ᠶᠠᠫᠣᠨᠴᠤᠳ ᠳᠡᠯᠡᠬᠡᠢ ᠳᠡᠭᠡᠷ᠎ᠡ《ᠨᠣᠮ ᠤᠩᠰᠢᠯᠭ᠎ᠠ ᠶ᠋ᠢᠨ ᠸᠠᠩᠲᠤ ᠤᠯᠤᠰ》 ᠬᠡᠮᠡᠬᠦ ᠠᠯᠳᠠᠷ ᠲᠠᠢ᠃ ᠨᠣᠮᠴᠢ ᠶᠠᠫᠣᠨᠴᠤᠳ ᠲᠡᠭᠡᠭᠡᠳ ᠨᠣᠮ ᠪᠢᠰᠢᠯᠭᠠᠯ ᠢ᠋ᠶ᠋ᠠᠷ ᠢ᠋ᠶ᠋ᠠᠨ ᠨᠣᠮᠣᠬᠠᠨ ᠳᠠᠯᠠᠢ ᠶ᠋ᠢᠨ ᠵᠢᠵᠢᠭᠬᠡᠨ ᠠᠷᠠᠯ ᠳᠡᠭᠡᠷ᠎ᠡ ᠠᠽᠢᠶ᠎ᠠ ᠶ᠋ᠢᠨ ᠬᠠᠮᠤᠭ ᠪᠠᠶᠠᠨ ᠬᠦᠴᠦᠷᠬᠡᠭ ᠤᠯᠤᠰ ᠢ᠋ ᠪᠠᠢᠭᠤᠯᠤᠭᠰᠠᠨ ᠰᠢᠦ᠃ ᠬᠥᠭᠵᠢᠭᠰᠡᠨ ᠤᠯᠤᠰ ᠤ᠋ᠨ ᠢᠷᠭᠡᠳ ᠦ᠋ᠨ ᠬᠡᠪ ᠴᠢᠨᠠᠷ ᠥᠨᠳᠥᠷ ᠪᠠᠢᠳᠠᠭ ᠨᠢ ᠪᠦᠷ ᠨᠣᠮ ᠶᠡᠬᠡ ᠤᠩᠰᠢᠬᠤ ᠳᠠᠳᠬᠠᠯ ᠠ᠋ᠴᠠ ᠪᠣᠯᠤᠭᠰᠠᠨ᠃ ᠢᠪᠷᠠᠢ ᠬᠥᠮᠦᠨ ᠵᠢᠯ ᠳ᠋ᠦ᠍ ᠲᠡᠭᠰᠢᠳᠬᠡᠭᠡᠳ64 ᠳᠡᠪᠲᠡᠷ᠂ ᠠᠮᠧᠷᠢᠺᠠ ᠶ᠋ᠢᠨ ᠬᠥᠮᠦᠰ ᠵᠢᠯ ᠳ᠋ᠦ᠍ ᠲᠡᠭᠰᠢᠳᠬᠡᠭᠡᠳ21 ᠳᠡᠪᠲᠡᠷ᠂ ᠶᠠᠫᠣᠨ17 ᠳᠡᠪᠲᠡᠷ᠂ ᠳᠤᠮᠳᠠᠳᠤ ᠶ᠋ᠢᠨ ᠢᠷᠭᠡᠨ ᠵᠢᠯ ᠳ᠋ᠦ᠍4 ᠳᠡᠪᠲᠡᠷ ᠨᠣᠮ ᠤᠩᠰᠢᠵᠤ ᠪᠠᠢᠨ᠎ᠠ᠃(ᠰᠦᠯᠵᠢᠶ᠎ᠡ ᠡᠴᠡ ᠯᠠᠪᠯᠠᠪᠠ) ᠲᠡᠭᠡᠬᠦ ᠡᠴᠡ ᠳᠡᠯᠡᠬᠡᠢ ᠳᠡᠭᠡᠷ᠎ᠡ《ᠳᠡᠯᠡᠬᠡᠢ ᠶ᠋ᠢᠨ ᠬᠥᠮᠦᠰ ᠦ᠋ᠨ ᠮᠥᠩᠭᠥ ᠠᠮᠧᠷᠢᠺᠠ ᠬᠥᠮᠦᠨ ᠦ᠌ ᠬᠠᠷᠮᠠᠨ ᠳ᠋ᠤ᠌ ᠪᠠᠢᠨ᠎ᠠ᠂ ᠠᠮᠧᠷᠢᠺᠠ ᠬᠥᠮᠦᠨ ᠦ᠌ ᠮᠥᠩᠭᠥ ᠢᠪᠷᠠᠢ ᠬᠥᠮᠦᠨ ᠦ᠌ ᠲᠠᠷᠢᠬᠢᠨ ᠳ᠋ᠤ᠌ ᠪᠠᠢᠨ᠎ᠠ》 ᠬᠡᠮᠡᠬᠦ ᠨᠢᠭᠡᠨ ᠬᠡᠯᠡᠯᠭᠡ ᠪᠣᠢ ᠪᠣᠯᠤᠭᠰᠠᠨ ᠪᠠᠢᠳᠠᠭ᠃《ᠰᠠᠢᠨ ᠡᠷ᠎ᠡ ᠶᠠᠪᠤᠭᠰᠠᠨ ᠢ᠋ᠶ᠋ᠠᠨ᠂ ᠮᠠᠭᠤ ᠡᠷ᠎ᠡ ᠢᠳᠡᠭᠰᠡᠨ ᠢ᠋ᠶ᠋ᠡᠨ》 ᠭᠡᠳᠡᠭ᠃ ᠣᠳᠣ ᠴᠢᠨᠢ ᠢᠳᠡᠵᠦ ᠤᠤᠭᠤᠭᠰᠠᠨ ᠢ᠋ᠶ᠋ᠠᠨ ᠶᠡᠬᠡ ᠯᠡ ᠭᠠᠢᠬᠠᠭᠤᠯᠬᠤ ᠪᠣᠯᠵᠤ ᠪᠠᠢᠨ᠎ᠠ᠃ ᠠᠭᠤᠯᠵᠠᠭ᠎ᠠ ᠦᠭᠡᠢ ᠤᠳᠠᠭᠠᠨ ᠵᠢᠯ ᠪᠣᠯᠤᠭᠰᠠᠨ ᠤᠨᠠᠭᠠᠨ ᠨᠠᠢᠵᠠ ᠮᠠᠨᠢ ᠰᠤᠮᠤᠨ ᠳᠠᠷᠤᠭ᠎ᠠ ᠰᠠᠭᠤᠭᠰᠠᠨ ᠤ᠋ ᠳᠠᠷᠠᠭ᠎ᠠ ᠤᠴᠠᠷᠠᠭᠠᠳ᠂ ᠵᠢᠯ ᠪᠦᠷᠢ ᠬᠡᠴᠢᠨᠡᠨ ᠬᠣᠨᠢᠨ ᠤ᠋ ᠳᠠᠢᠯᠠᠯᠭ᠎ᠠ ᠬᠢᠳᠡᠭ ᠢ᠋ᠶ᠋ᠡᠨ ᠬᠠᠭᠤᠴᠢᠯᠠᠭᠠᠳ ᠨᠢᠭᠡ ᠣᠷᠣᠢ ᠶ᠋ᠢᠨ ᠠᠷᠢᠬᠢᠨ ᠰᠢᠷᠡᠭᠡᠨ ᠦ᠌ ᠭᠣᠣᠯ ᠵᠠᠭᠤᠰᠢ ᠪᠣᠯᠭᠠᠭᠰᠠᠨ ᠪᠢᠯᠡ! ᠡᠢᠮᠦᠷᠬᠦ ᠨᠡᠢᠭᠡᠮ ᠦ᠋ᠨ ᠠᠭᠠᠷ ᠦᠨᠡᠬᠡᠷ ᠬᠢᠵᠢᠭ ᠲᠠᠬᠤᠯ ᠰᠢᠭ᠋ ᠳᠡᠯᠭᠡᠷᠡᠵᠦ ᠪᠠᠢᠨ᠎ᠠ᠃ ᠬᠣᠯᠠ ᠶᠠᠪᠤᠵᠤ ᠨᠢᠳᠦ ᠨᠡᠭᠡᠭᠡᠭᠰᠡᠨ ᠬᠥᠮᠦᠨ᠂ ᠨᠣᠮ ᠤᠩᠰᠢᠵᠤ ᠰᠢᠨ᠎ᠡ ᠶ᠋ᠢ ᠰᠤᠪᠢᠭᠰᠠᠨ ᠬᠥᠮᠦᠰ ᠬᠣᠭᠣᠯᠠᠨ ᠰᠢᠷᠡᠭᠡᠨ᠎ᠡ ᠬᠦᠬᠦᠷ ᠰᠣᠯᠢᠯᠴᠠᠬᠤ ᠬᠣᠷᠣᠮ ᠳ᠋ᠤ᠌ ᠴᠤ᠌ ᠬᠣᠯᠠ ᠶ᠋ᠢ ᠬᠠᠭᠤᠴᠢᠯᠠᠵᠤ ᠶᠡᠬᠡ ᠶ᠋ᠢ ᠪᠣᠳᠣᠭᠤᠯᠵᠤ ᠠᠮᠵᠢᠨ᠎ᠠ᠃ ᠮᠣᠩᠭᠣᠯᠴᠤᠳ ᠪᠢᠳᠡᠨ ᠦ᠌ ᠠᠮᠢᠳᠤᠷᠠᠯ ᠳ᠋ᠤ᠌ ᠠᠷᠢᠬᠢ ᠨᠠᠢᠷ ᠣᠯᠠᠰᠢᠷᠠᠵᠤ ᠪᠠᠢᠬᠤ ᠨᠢ ᠠᠮᠢᠳᠤᠷᠠᠯ ᠤ᠋ᠨ ᠬᠡᠪ ᠴᠢᠨᠠᠷ ᠳᠡᠭᠡᠭᠰᠢᠯᠡᠭᠰᠡᠨ ᠦ᠌ ᠬᠢ ᠭᠡᠮᠡᠨ ᠦᠵᠡᠬᠦ ᠶ᠋ᠢᠨ ᠠᠷᠭ᠎ᠠ ᠦᠭᠡᠢ᠂ ᠬᠠᠷᠢᠨ ᠮᠠᠨ ᠤ᠋ ᠣᠶᠤᠨ ᠰᠠᠨᠠᠭᠠᠨ ᠳ᠋ᠤ᠌ ᠶᠠᠭᠤ ᠨᠢᠭᠡ ᠳᠤᠲᠠᠭᠳᠠᠵᠤ ᠬᠣᠭᠣᠰᠣᠷᠠᠵᠤ ᠪᠠᠢᠬᠤ ᠰᠢᠭ᠋ ᠰᠠᠨᠠᠭᠳᠠᠨ᠎ᠠ᠃ ᠨᠡᠭᠦᠳᠡᠯ ᠪᠠᠭᠤᠳᠠᠯ ᠦᠭᠡᠢ᠂ ᠠᠶᠠᠨ ᠵᠢᠩ ᠦᠭᠡᠢ᠂ ᠠᠩ ᠬᠦᠷᠦᠭᠡ ᠴᠦ᠍ ᠦᠭᠡᠢ ᠪᠣᠯᠤᠭᠰᠠᠨ ᠡᠷᠢᠨ ᠦ᠌ ᠪᠢᠳᠡ ᠴᠢᠨᠢ ᠠᠷᠢᠬᠢᠨ ᠪᠡᠯᠴᠢᠭᠡᠷ ᠡᠴᠡ ᠴᠠᠰᠢ ᠰᠡᠳᠬᠢᠬᠦ ᠥᠬᠡᠢ ᠬᠡᠮᠵᠢᠶᠡᠨ ᠳ᠋ᠦ᠍ ᠬᠦᠷᠴᠢᠬᠡᠭᠰᠡᠨ ᠭᠡᠵᠢ ᠤᠤ⁈ ᠲᠡᠭᠡᠪᠡᠯ ᠪᠢᠳᠡ ᠵᠢᠯ ᠳ᠋ᠦ᠍ ᠬᠡᠳᠦᠨ ᠳᠡᠪᠲᠡᠷ ᠨᠣᠮ ᠲᠤᠩᠭᠠᠵᠤ᠂ ᠬᠡᠳᠦᠨ ᠯᠣᠩᠬᠣ ᠠᠷᠢᠬᠢ ᠰᠢᠮᠡᠵᠦ ᠪᠠᠢᠬᠤ ᠳ᠋ᠤ᠌ ᠪᠠᠨ ᠲᠣᠭᠠᠴᠠᠭ᠎ᠠ ᠬᠢᠯᠲᠡᠢ ᠪᠠᠢᠨ᠎ᠠ᠃ ᠮᠣᠩᠭᠣᠯ ᠬᠥᠮᠦᠨ ᠦ᠌ ᠲᠠᠷᠢᠬᠢᠨ ᠳ᠋ᠤ᠌ ᠯᠣᠩᠬᠣ ᠪᠠᠢᠨ᠎ᠠ ᠭᠡᠮᠡᠨ ᠪᠢᠲᠡᠭᠡᠢ ᠬᠡᠯᠡᠭᠳᠡᠴᠢᠬᠡᠶ᠎ᠡ ᠳᠡ! ᠬᠣᠳᠣᠭᠣᠳᠣᠨ ᠳ᠋ᠤ᠌ ᠪᠠᠨ ᠪᠡᠯᠡ ᠣᠷᠣᠭᠤᠯᠬᠤ ᠶ᠋ᠢᠨ ᠵᠠᠪᠰᠠᠷ ᠲᠤ ᠲᠠᠷᠢᠬᠢᠨ ᠳ᠋ᠤ᠌ ᠪᠠᠨ ᠪᠠᠰᠠ ᠬᠥᠷᠥᠩᠭᠡ ᠣᠷᠣᠭᠤᠯᠤᠯᠲᠠ ᠬᠢᠬᠦ ᠶ᠋ᠢ ᠰᠠᠨᠠᠵᠤ ᠪᠠᠢᠶ᠎ᠠ! ᠨᠣᠮ ᠤᠩᠰᠢᠨ᠎ᠠ ᠭᠡᠳᠡᠭ ᠴᠢᠨᠢ ᠢᠷᠡᠭᠡᠳᠦᠢ ᠳ᠋ᠦ᠍ ᠪᠡᠨ ᠬᠥᠷᠥᠩᠭᠡ ᠣᠷᠣᠭᠤᠯᠵᠤ ᠪᠠᠢᠭ᠎ᠠ ᠠᠯᠤᠰ ᠤ᠋ᠨ ᠪᠣᠳᠣᠯᠭ᠎ᠠ ᠪᠠᠢᠭ᠎ᠠ ᠰᠢᠦ!
    ᠭᠡᠷ ᠦ᠋ᠨ ᠠᠬᠠᠮᠠᠳ ᠮᠠᠨᠢ ᠬᠡᠦᠬᠡᠳ ᠢ᠋ᠶ᠋ᠡᠨ ᠨᠣᠮ ᠤᠩᠰᠢ ᠭᠡᠵᠦ ᠵᠠᠷᠯᠢᠭᠳᠠᠬᠤ ᠶ᠋ᠢᠨ ᠣᠷᠣᠨ ᠳ᠋ᠤ᠌ ᠬᠡᠦᠬᠡᠳ ᠲᠡᠢ ᠪᠡᠨ ᠬᠠᠮᠲᠤ ᠨᠣᠮ ᠤᠩᠰᠢᠬᠤ ᠳᠠᠳᠬᠠᠯ ᠲᠠᠢ ᠪᠠᠢᠪᠠᠯ ᠬᠠᠮᠤᠭ ᠰᠠᠢᠨ ᠬᠡᠪ ᠳᠠᠭᠤᠷᠢᠶᠠᠯ ᠪᠣᠯᠤᠨ᠎ᠠ᠃ ᠨᠣᠮ ᠤᠩᠰᠢᠨ᠎ᠠ ᠭᠡᠳᠡᠭ ᠵᠠᠪᠠᠯ ᠡᠷᠳᠡᠮ ᠰᠣᠶᠣᠯ ᠢ᠋ᠶ᠋ᠠᠨ ᠳᠡᠭᠡᠭᠰᠢᠯᠡᠭᠦᠯᠦᠨ᠎ᠡ ᠭᠡᠰᠡᠨ ᠦᠭᠡ ᠪᠢᠰᠢ᠂ ᠮᠠᠯᠴᠢᠨ ᠲᠠᠷᠢᠶᠠᠴᠢᠨ ᠪᠤᠶᠤ ᠬᠦᠴᠦᠨ ᠦ᠌ ᠠᠵᠢᠯ ᠬᠢᠵᠦ ᠪᠠᠢᠭ᠎ᠠ ᠮᠠᠨ ᠳ᠋ᠤ᠌ ᠨᠣᠮ ᠡᠷᠳᠡᠮ ᠶᠠᠮᠠᠷ ᠬᠡᠷᠡᠭᠲᠡᠢ ᠶᠦᠮ ᠭᠡᠵᠦ ᠬᠡᠯᠡᠬᠦ ᠬᠥᠮᠦᠰ ᠵᠥᠩᠳᠡᠭᠡᠨ᠂ ᠲᠡᠢᠮᠦ ᠪᠢᠰᠢ ᠰᠢᠦ᠂ ᠨᠣᠮ ᠰᠣᠨᠢᠨ ᠦᠵᠡᠭᠡᠳ ᠨᠠᠮ ᠰᠠᠭᠤᠵᠤ ᠴᠢᠳᠠᠨ᠎ᠠ ᠭᠡᠳᠡᠭ ᠰᠠᠨᠠᠭ᠎ᠠ ᠪᠣᠳᠣᠯ ᠨᠡᠯᠢᠶᠡᠳ ᠨᠠᠮ ᠲᠣᠭᠲᠠᠭᠤᠨ ᠪᠠᠢᠬᠤ ᠶ᠋ᠢ ᠬᠠᠷᠠᠭᠤᠯᠤᠨ᠎ᠠ᠂ ᠨᠣᠮ ᠤᠩᠰᠢᠵᠤ ᠰᠠᠨᠠᠭ᠎ᠠ ᠰᠡᠳᠬᠢᠯ ᠨᠠᠮ ᠲᠤᠩᠭᠠᠯᠠᠭ ᠪᠠᠢᠵᠤ ᠴᠢᠳᠠᠭᠰᠠᠨ ᠬᠥᠮᠦᠰ ᠦ᠋ᠨ ᠵᠠᠩ ᠠᠷᠠᠨᠰᠢᠨ ᠤᠯᠠᠮ ᠲᠥᠪᠯᠡᠭᠦᠨ ᠲᠣᠭᠲᠠᠭᠤᠨ ᠪᠣᠯᠵᠤ᠂ ᠬᠥᠮᠦᠰ ᠲᠡᠢ ᠬᠠᠷᠢᠯᠴᠠᠬᠤ᠂ ᠠᠵᠢᠯ ᠠᠮᠢᠳᠤᠷᠠᠯ ᠢ᠋ᠶ᠋ᠠᠨ ᠲᠥᠰᠥᠪᠯᠡᠬᠦ ᠪᠤᠶᠤ ᠶᠠᠮᠠᠷ ᠨᠢᠭᠡᠨ ᠠᠰᠠᠭᠤᠳᠠᠯ ᠳ᠋ᠤ᠌ ᠰᠣᠩᠭᠣᠯᠲᠠ ᠬᠢᠬᠦ ᠳ᠋ᠦ᠍ ᠨᠡᠩ ᠣᠶᠤᠨᠰᠠᠭ ᠯᠠᠪᠳᠠᠭᠤᠨ ᠪᠠᠢᠵᠤ ᠴᠢᠳᠠᠨ᠎ᠠ᠃ ᠦᠭᠡᠢ ᠪᠣᠯ ᠥᠨᠥᠳᠥᠷ ᠦ᠋ᠨ ᠬᠥᠮᠦᠰ ᠦ᠋ᠨ ᠣᠯᠠᠩᠬᠢ ᠨᠢ ᠨᠤᠷᠮᠠᠨ ᠳᠡᠭᠡᠷ᠎ᠡ ᠭᠢᠰᠬᠢᠭᠰᠡᠨ ᠮᠡᠲᠦ ᠰᠠᠨᠠᠭ᠎ᠠ ᠰᠡᠳᠬᠢᠯ ᠲᠣᠭᠲᠠᠪᠤᠷᠢ ᠠᠯᠲᠠᠨ᠂ ᠰᠣᠬᠣᠷ ᠪᠠᠯᠠᠢ ᠪᠠᠷ ᠪᠤᠰᠤᠳ ᠢ᠋ ᠳᠠᠭᠠᠵᠤ ᠳᠡᠷᠪᠡᠨ ᠶᠠᠭᠤ ᠬᠢᠭᠰᠡᠨ ᠴᠦ᠍ ᠪᠦᠲᠦᠮᠵᠢ ᠮᠠᠭᠤᠲᠠᠢ ᠪᠤᠶᠤ ᠶᠠᠭᠤ ᠬᠢᠬᠦ ᠪᠡᠨ ᠴᠦ᠍ ᠣᠯᠬᠤ ᠦᠭᠡᠢ ᠬᠥᠯ ᠠᠯᠳᠠᠬᠤ ᠳ᠋ᠤ᠌ ᠬᠦᠷᠴᠦ ᠪᠠᠢᠨ᠎ᠠ᠃ ᠲᠡᠭᠡᠬᠦ ᠡᠴᠡ ᠨᠣᠮ ᠰᠤᠳᠤᠷ ᠲᠠᠢ ᠨᠥᠬᠥᠷᠯᠡᠬᠦ ᠶ᠋ᠢ ᠪᠡᠶ᠎ᠡ ᠰᠡᠳᠬᠢᠯ ᠦ᠋ᠨ ᠰᠤᠪᠢᠯᠠᠯᠲᠠ ᠪᠢᠰᠢᠯᠭᠠᠯ ᠭᠡᠮᠡᠨ ᠤᠬᠠᠭᠠᠷᠠᠶ᠎ᠠ! ᠦᠨᠡᠨ ᠳ᠋ᠦ᠍ ᠪᠡᠨ ᠮᠠᠨ ᠤ᠋ ᠮᠠᠯᠴᠢᠨ ᠲᠦᠮᠡᠨ ᠨᠣᠮ ᠪᠢᠴᠢᠭ ᠢ᠋ ᠶᠡᠬᠡ ᠤᠩᠰᠢᠳᠠᠭ ᠮᠥᠷᠲᠡᠭᠡᠨ ᠲᠤᠩ ᠶᠡᠬᠡ ᠬᠦᠨᠳᠦᠳᠬᠡᠨ ᠳᠡᠭᠡᠳᠦᠯᠡᠳᠡᠭ ᠬᠥᠮᠦᠰ ᠰᠢᠦ᠂ ᠥᠪᠡᠷᠰᠡᠳ ᠢ᠋ᠶ᠋ᠡᠨ ᠥᠩᠭᠡ ᠨᠢ ᠣᠩᠭᠣᠭᠰᠠᠨ ᠳᠡᠪᠡᠯ ᠡᠮᠦᠰᠴᠦ ᠪᠠᠢᠭᠠᠳ ᠨᠣᠮ ᠰᠤᠳᠤᠷ ᠢ᠋ᠶ᠋ᠠᠨ ᠲᠣᠷᠭ᠎ᠠ ᠪᠠᠷ ᠪᠠᠷᠢᠨᠲᠠᠭᠯᠠᠵᠤ ᠪᠤᠷᠬᠠᠨ ᠲᠠᠢ ᠪᠠᠨ ᠬᠠᠮᠲᠤ ᠲᠠᠬᠢᠵᠤ ᠳᠡᠭᠡᠳᠦᠯᠡᠳᠡᠭ ᠠᠷᠠᠳ ᠲᠦᠮᠡᠨ ᠳᠡ᠂ ᠮᠠᠨ ᠤ᠋ ᠮᠠᠯᠴᠢᠳ ᠪᠠᠶᠠᠨ ᠴᠢᠨᠡᠭᠡᠯᠢᠭ ᠪᠣᠯᠪᠠᠯ ᠰᠣᠶᠣᠯ ᠤ᠋ᠨ ᠨᠠᠢᠷ ᠬᠢᠵᠦ᠂ ᠬᠤᠪᠢ ᠶ᠋ᠢᠨ ᠵᠠᠷᠤᠳᠠᠯ ᠢ᠋ᠶ᠋ᠠᠷ ᠢ᠋ᠶ᠋ᠠᠨ ᠨᠣᠮ ᠪᠢᠴᠢᠭ ᠬᠡᠪᠯᠡᠭᠦᠯᠵᠦ ᠪᠠᠢᠳᠠᠭ᠃ ᠬᠥᠳᠡᠭᠡ ᠠᠢᠯ ᠳ᠋ᠤ᠌ ᠨᠢᠭᠡ ᠳᠡᠪᠲᠡᠷ ᠰᠢᠨ᠎ᠡ ᠨᠣᠮ ᠢᠷᠡᠪᠡᠯ ᠠᠢᠯ ᠳᠠᠮᠵᠢᠨ ᠤᠩᠰᠢᠭᠳᠠᠭᠰᠠᠭᠠᠷ ᠪᠠᠢᠵᠤ ᠦᠵᠢᠷᠡᠴᠢᠬᠡᠭᠰᠡᠨ ᠶᠠᠪᠤᠵᠤ ᠪᠠᠢᠳᠠᠭ᠃ ᠨᠣᠮ ᠤᠩᠰᠢᠨ᠎ᠠ᠂ ᠦᠯᠢᠭᠡᠷ ᠳᠣᠮᠣᠭ ᠶᠠᠷᠢᠨ᠎ᠠ᠂ ᠣᠨᠢᠰᠣᠭ᠎ᠠ ᠲᠠᠭᠠᠯᠴᠠᠨ᠎ᠠ᠃ ᠦᠯᠢᠭᠡᠷ ᠶᠠᠷᠢᠬᠤ ᠪᠠᠷ ᠳᠠᠮᠵᠢᠨ ᠬᠡᠦᠬᠡᠳ ᠦ᠋ᠨ ᠯᠣᠭᠢᠭ ᠰᠡᠳᠬᠢᠬᠦᠢ ᠬᠥᠭᠵᠢᠨ᠎ᠡ᠂ ᠦᠯᠢᠭᠡᠷ ᠳᠣᠮᠣᠭ ᠦ᠋ᠨ ᠳᠤᠮᠳᠠ ᠬᠡᠦᠬᠡᠳ ᠦ᠋ᠨ ᠬᠥᠮᠦᠨ ᠮᠥᠰᠥ ᠤᠷᠠᠨ ᠰᠠᠮᠪᠠᠭ᠎ᠠ ᠪᠦᠷ ᠬᠥᠮᠦᠵᠢᠭᠳᠡᠵᠦ ᠪᠠᠢᠳᠠᠭ᠃ ᠵᠢᠭᠠᠬᠠᠨ ᠬᠡᠦᠬᠡᠳ ᠣᠨᠢᠰᠣᠭ᠎ᠠ ᠲᠠᠭᠠᠯᠴᠠᠬᠤ ᠬᠠᠮᠤᠭ ᠳᠤᠷᠠᠲᠠᠢ ᠪᠠᠢᠳᠠᠭ᠂ ᠣᠨᠢᠰᠣᠭ᠎ᠠ ᠲᠠᠭᠠᠯᠴᠠᠬᠤ ᠭᠡᠳᠡᠭ ᠬᠡᠦᠬᠡᠳ ᠦ᠋ᠨ ᠳᠦᠷᠰᠦᠯᠡᠨ ᠪᠣᠳᠣᠬᠤ᠂ ᠬᠣᠯᠪᠣᠨ ᠪᠣᠳᠣᠬᠤ᠂ ᠤᠷᠭᠤᠭᠤᠯᠤᠨ ᠪᠣᠳᠣᠬᠤ ᠰᠡᠳᠬᠢᠬᠦᠢ ᠶᠡᠬᠡ ᠬᠥᠭᠵᠢᠨ᠎ᠡ᠂ ᠪᠠᠭ᠎ᠠ ᠳ᠋ᠤ᠌ ᠪᠠᠨ ᠡᠨᠡ ᠮᠡᠲᠦ ᠣᠯᠠᠨ ᠦᠯᠢᠭᠡᠷ ᠳᠣᠮᠣᠭ ᠰᠢᠯᠦᠭ ᠣᠨᠢᠰᠣᠭ᠎ᠠ ᠴᠡᠭᠡᠵᠢᠯᠡᠭᠰᠡᠨ ᠬᠡᠦᠬᠡᠳ ᠶᠡᠬᠡ ᠪᠣᠯᠤᠭᠰᠠᠨ ᠬᠣᠢᠨ᠎ᠠ ᠬᠡᠯᠡ ᠰᠡᠳᠬᠢᠬᠦᠢ ᠴᠡᠭᠡᠵᠢᠯᠡᠬᠦ ᠴᠢᠳᠠᠪᠤᠷᠢ ᠨᠢ ᠪᠦᠷ ᠰᠠᠢᠨ ᠪᠣᠯᠤᠨ᠎ᠠ᠂ ᠡᠨᠡ ᠪᠦᠬᠦᠨ ᠶᠠᠮᠠᠷ ᠰᠠᠢᠬᠠᠨ ᠣᠶᠤᠨ ᠤ᠋ ᠬᠥᠮᠦᠵᠢᠯ ᠪᠠᠢᠭᠰᠠᠨ ᠪᠢᠯᠡ! ᠪᠢᠳᠡ ᠡᠢᠮᠦ ᠯᠡ ᠰᠣᠶᠣᠯ ᠤ᠋ᠨ ᠠᠭᠠᠷ ᠲᠤ ᠥᠰᠴᠦ ᠬᠥᠮᠦᠵᠢᠭᠳᠡᠵᠦ ᠢᠷᠡᠭᠰᠡᠨ᠃ ᠲᠡᠭᠡᠬᠦ ᠡᠴᠡ ᠮᠠᠨ ᠤ᠋ ᠮᠠᠯᠴᠢᠨ ᠠᠷᠠᠳ ᠤ᠋ᠨ ᠬᠡᠯᠡᠨ ᠦ᠌ ᠮᠡᠳᠡᠷᠡᠮᠵᠢ ᠲᠡᠢᠮᠦ ᠬᠤᠷᠴᠠ ᠪᠠᠢᠵᠤ᠂ ᠳᠡᠯᠡᠬᠡᠢ ᠳ᠋ᠦ᠍ ᠭᠠᠢᠬᠠᠮᠰᠢᠭᠲᠠᠢ ᠪᠠᠶᠠᠨ ᠲᠠᠩᠰᠤᠭ ᠢᠷᠠᠭᠤ ᠲᠤᠩᠭᠠᠯᠠᠭ ᠬᠡᠯᠡ ᠶ᠋ᠢ ᠥᠨᠥ ᠮᠠᠨ ᠤ᠋ ᠦᠶ᠎ᠡ ᠳ᠋ᠦ᠍ ᠤᠯᠠᠮᠵᠢᠯᠠᠵᠤ ᠥᠭᠭᠦᠭᠰᠡᠨ᠃ ᠪᠢᠳᠡ ᠡᠨᠡᠬᠦ ᠤᠯᠠᠮᠵᠢᠯᠠᠯ ᠳ᠋ᠤ᠌ ᠪᠠᠨ ᠣᠮᠣᠭᠰᠢᠵᠤ᠂ ᠡᠨᠡᠬᠦ ᠤᠳᠤᠮᠰᠢᠯ ᠢ᠋ᠶ᠋ᠠᠨ ᠪᠠᠬᠠᠷᠬᠠᠵᠤ᠂ ᠡᠷᠬᠢᠮᠯᠡᠵᠦ᠂ ᠦᠷ᠎ᠡ ᠬᠣᠢᠴᠢ ᠳ᠋ᠤ᠌ ᠪᠠᠨ ᠥᠪᠯᠡᠬᠦ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠶᠣᠰᠣᠲᠠᠢ᠃ ᠦᠯᠢᠭᠡᠷ ᠳᠣᠮᠣᠭ ᠣᠯᠵᠤ ᠰᠣᠨᠣᠰᠬᠤ ᠦᠭᠡᠢ ᠡᠷᠢᠨ ᠳ᠋ᠦ᠍ ᠥᠰᠴᠦ ᠪᠠᠢᠭ᠎ᠠ ᠬᠡᠦᠬᠡᠳ ᠦ᠋ᠳ ᠮᠠᠨᠢ ᠡᠳᠦᠷᠵᠢᠨ ᠬᠡᠦᠬᠡᠯᠳᠡᠢ ᠺᠢᠨᠣ᠋ ᠦᠵᠡᠵᠦ᠂ ᠨᠢᠭᠡ ᠮᠡᠳᠡᠬᠦ ᠳ᠋ᠦ᠍ ᠥᠷᠥᠭᠡᠯ ᠦ᠋ᠨ ᠬᠡᠯᠡ ᠰᠡᠳᠬᠢᠬᠦᠢ ᠳ᠋ᠦ᠍ ᠲᠦᠳᠡ ᠪᠣᠯᠵᠤ᠂ ᠡᠬᠡ ᠬᠡᠯᠡᠨ ᠦ᠌ ᠮᠡᠳᠡᠷᠡᠮᠵᠢ ᠪᠡᠨ ᠠᠯᠳᠠᠭᠰᠠᠨ ᠬᠣᠢᠨ᠎ᠠ ᠣᠳᠣ ᠶ᠋ᠢᠨ ᠬᠡᠦᠬᠡᠳ ᠮᠣᠩᠭᠣᠯ ᠨᠣᠮ ᠤᠩᠰᠢᠬᠤ ᠳᠤᠷ᠎ᠠ ᠦᠭᠡᠢ ᠪᠠᠢᠨ᠎ᠠ ᠭᠡᠮᠡᠨ ᠪᠦᠬᠦ ᠬᠠᠷᠢᠭᠤᠴᠠᠯᠭ᠎ᠠ ᠶ᠋ᠢ ᠬᠡᠯᠡᠨ ᠦ᠌ ᠬᠡᠳᠦᠨ ᠪᠠᠭᠰᠢ ᠠ᠋ᠴᠠ ᠨᠡᠬᠡᠭᠡᠳ ᠲᠤᠰᠠ ᠪᠠᠢᠨ᠎ᠠ ᠤᠤ?(ᠶᠠᠷᠢᠶᠠᠨ ᠦᠭᠡᠢ ᠮᠣᠩᠭᠣᠯ ᠨᠣᠮ ᠰᠡᠳᠬᠦᠯ ᠰᠣᠨᠢᠨ ᠤ᠋ ᠴᠢᠨᠠᠷ ᠤ᠋ᠨ ᠠᠰᠠᠭᠤᠳᠠᠯ ᠪᠠᠰᠠ ᠬᠣᠯᠪᠣᠭᠳᠠᠨ᠎ᠠ) ᠲᠡᠢᠮᠦ ᠡᠴᠡ ᠲᠧᠯᠸᠢᠰ ᠰᠦᠯᠵᠢᠶ᠎ᠡ ᠡᠴᠡ ᠢᠯᠡᠭᠦᠦ ᠨᠣᠮ ᠡᠷᠳᠡᠨᠢ ᠪᠡᠨ ᠳᠡᠭᠡᠳᠦᠯᠡᠵᠦ ᠶᠠᠪᠤᠬᠤ ᠶ᠋ᠢ ᠰᠠᠨᠠᠯᠲᠠᠢ ᠪᠠᠢᠨ᠎ᠠ᠃ ᠪᠢᠳᠡ ᠭ‍· ᠴᠢᠩᠪᠠᠭᠠᠲᠤᠷ ᠮᠡᠲᠦ ᠨᠣᠮ ᠡᠷᠳᠡᠨᠢ ᠶ᠋ᠢ ᠰᠢᠳᠦᠨ ᠳᠡᠭᠡᠳᠦᠯᠡᠳᠡᠭ ᠰᠢᠯᠢᠳᠡᠭ ᠬᠥᠮᠦᠰ ᠢ᠋ᠶ᠋ᠡᠷ ᠢ᠋ᠶ᠋ᠡᠨ ᠪᠠᠬᠠᠷᠬᠠᠯ ᠳᠠᠭᠤᠷᠢᠶᠠᠯ ᠪᠣᠯᠭᠠᠶ᠎ᠠ᠃ ᠮᠠᠨ ᠤ᠋ ᠬᠣᠢᠴᠢᠰ ᠲᠤ ᠲᠦᠭ ᠲᠦᠮᠡᠨ ᠭ‍· ᠴᠢᠩᠪᠠᠭᠠᠲᠤᠷ ᠲᠥᠷᠥᠬᠦ ᠪᠣᠯᠲᠤᠭᠠᠢ!

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠭᠠᠷᠮ᠎ᠠ ᠂ᠰᠡᠬᠡᠭᠡᠷᠡᠯ