1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠵᠠᠭᠤ ᠬᠣᠢᠷᠭᠣ ᠵᠠᠩ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-07-ᠪᠣᠯᠣᠴᠢᠯᠠᠭᠤ

ᠠᠯᠵᠠᠭᠤ ᠬᠣᠢᠷᠭᠣ ᠵᠠᠩ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-07-ᠪᠣᠯᠣᠴᠢᠯᠠᠭᠤ

2023-12-03

756

ᠠᠯᠵᠠᠭᠤ ᠬᠣᠢᠷᠭᠣ ᠵᠠᠩ

   ᠮᠠᠨ ᠤ᠋ ᠣᠶᠤᠲᠠᠨ ᠤ᠋ ᠳᠤᠮᠳᠠ ᠬᠤᠪᠴᠠᠰᠤ ᠪᠠᠨ ᠤᠬᠢᠶᠠᠬᠤ ᠦᠭᠡᠢ᠂ ᠬᠣᠭᠣᠯᠠ ᠬᠢᠵᠦ ᠴᠢᠳᠠᠬᠤ ᠦᠭᠡᠢ᠂ ᠡᠵᠢ ᠠᠪᠤ ᠨᠢ ᠬᠣᠭᠣᠯᠠ ᠬᠢᠭᠡᠳ ᠶᠠᠭᠠᠷᠠᠵᠤ ᠪᠠᠢᠬᠤ ᠳ᠋ᠤ᠌ ᠠᠶᠠᠭ᠎ᠠ ᠰᠠᠪᠬ᠎ᠠ ᠪᠠᠨ ᠴᠤ᠌ ᠠᠪᠬᠤ ᠶ᠋ᠢ ᠮᠡᠳᠡᠬᠦ ᠦᠭᠡᠢ ᠬᠦᠯᠢᠶᠡᠵᠦ ᠰᠠᠭᠤᠵᠤ ᠪᠠᠢᠬᠤ᠂ ᠢᠳᠡᠵᠦ ᠪᠠᠷᠠᠭᠠᠳ ᠰᠢᠷᠡᠭᠡ ᠪᠡᠨ ᠴᠡᠪᠡᠷᠯᠡᠬᠦ ᠶ᠋ᠢ ᠮᠡᠳᠡᠬᠦ ᠦᠭᠡᠢ᠂ ᠠᠶᠠᠭ᠎ᠠ ᠤᠬᠢᠶᠠᠬᠤ ᠦᠭᠡᠢ᠂ ᠭᠣᠶᠣᠯᠠᠭᠤᠯᠵᠤ ᠪᠠᠢᠮᠠᠨ ᠢᠳᠡᠵᠦ ᠥᠭᠭᠦᠭᠡᠳ ᠯᠡ ᠰᠠᠭᠤᠳᠠᠯ ᠰᠢᠯᠵᠢᠨ ᠲᠧᠯᠸᠢᠰ ᠪᠤᠶᠤ ᠰᠦᠯᠵᠢᠶᠡᠨ ᠳ᠋ᠦ᠍ ᠪᠡᠨ ᠶᠠᠭᠠᠷᠠᠬᠤ᠂ ᠨᠣᠮ ᠤᠩᠰᠢᠬᠤ ᠭᠡᠪᠡᠯ ᠨᠣᠢᠷ ᠨᠢ ᠬᠦᠷᠦᠭᠡᠳ ᠪᠣᠯᠳᠠᠭ ᠦᠭᠡᠢ᠂ ᠬᠥᠳᠡᠭᠡ ᠪᠡᠨ ᠢᠷᠡᠭᠡᠳ ᠮᠠᠯ ᠠᠬᠤᠢ ᠲᠠᠢ ᠪᠠᠨ ᠣᠢᠷᠠᠲᠤᠬᠤ ᠳᠤᠷ᠎ᠠ ᠦᠭᠡᠢ᠂ ᠰᠤᠷᠭᠠᠭᠤᠯᠢ ᠲᠡᠭᠦᠰᠦᠭᠡᠳ ᠶᠠᠭᠤ ᠬᠢᠬᠦ ᠪᠡᠨ ᠣᠯᠬᠤ ᠦᠭᠡᠢ ᠬᠥᠮᠦᠰ ᠪᠠᠭ᠎ᠠ ᠪᠤᠰᠤ ᠲᠣᠭ᠎ᠠ ᠪᠠᠷ ᠲᠣᠬᠢᠶᠠᠯᠳᠤᠵᠤ ᠪᠠᠢᠨ᠎ᠠ᠂ ᠠᠮᠢᠳᠤᠷᠠᠯ ᠤ᠋ᠨ ᠬᠠᠮᠤᠭ ᠤ᠋ᠨ ᠡᠩ ᠦ᠋ᠨ ᠬᠣᠭᠣᠯᠠ ᠴᠠᠢ ᠪᠠᠨ ᠴᠤ᠌ ᠬᠢᠵᠦ ᠴᠢᠳᠠᠬᠤ ᠦᠭᠡᠢ ᠬᠥᠮᠦᠰ ᠢ᠋ ᠬᠡᠷᠬᠢᠨ ᠡᠷᠳᠡᠮᠲᠡᠨ ᠭᠡᠮᠡᠨ ᠦᠵᠡᠬᠦ ᠪᠢᠯᠡ! ᠦᠨᠡᠨ ᠳ᠋ᠦ᠍ ᠪᠡᠨ ᠥᠨᠥᠳᠥᠷ ᠦ᠋ᠨ ᠣᠶᠤᠲᠠᠨ ᠵᠠᠯᠠᠭᠤᠰ ᠤ᠋ᠨ ᠬᠠᠮᠤᠭ ᠤ᠋ᠨ ᠦᠨᠳᠦᠰᠦᠨ ᠴᠢᠳᠠᠪᠤᠷᠢ ᠪᠤᠶᠤ ᠬᠡᠪ ᠴᠢᠨᠠᠷ ᠪᠣᠯ ᠠᠮᠲᠠ ᠲᠠᠢ ᠰᠢᠮ᠎ᠡ ᠲᠡᠢ ᠬᠣᠭᠣᠯᠠ ᠤᠮᠳᠠᠭᠠᠨ ᠬᠢᠵᠦ ᠴᠢᠳᠠᠬᠤ ᠪᠠᠷ ᠪᠠᠷᠠᠬᠤ ᠦᠭᠡᠢ ᠰᠢᠨᠵᠢᠯᠡᠬᠦ ᠤᠬᠠᠭᠠᠨᠴᠢ ᠪᠠᠷ ᠰᠢᠮ᠎ᠡ ᠲᠡᠵᠢᠭᠡᠯ᠂ ᠡᠮᠦᠰᠴᠦ ᠵᠡᠭᠦᠬᠦ ᠪᠡᠨ ᠵᠣᠬᠢᠴᠠᠭᠤᠯᠵᠤ ᠴᠢᠳᠠᠬᠤ ᠶᠣᠰᠣᠲᠠᠢ᠃
   ᠶᠠᠭᠠᠬᠢᠭᠠᠳ ᠡᠢᠮᠦᠷᠬᠦ ᠪᠠᠢᠳᠠᠯ ᠪᠣᠢ ᠪᠣᠯᠤᠭᠰᠠᠨ ᠪᠣᠢ? ᠭᠡᠪᠡᠯ ᠳᠡᠭᠡᠷ᠎ᠡ ᠬᠡᠯᠡᠭᠰᠡᠨ ᠰᠢᠭ ᠣᠯᠠᠩᠬᠢ ᠭᠡᠷ ᠦ᠋ᠨ ᠠᠬᠠᠮᠠᠳ ᠬᠡᠦᠬᠡᠳ ᠢ᠋ᠶ᠋ᠡᠨ ᠪᠢᠴᠢᠭ ᠡᠷᠳᠡᠮ ᠢ᠋ᠶ᠋ᠡᠨ ᠰᠠᠢᠨ ᠰᠤᠷᠪᠠᠯ ᠪᠣᠯᠴᠢᠬᠠᠨ᠎ᠠ᠂ ᠭᠠᠭᠴᠠ ᠰᠠᠢᠨ ᠰᠤᠷᠴᠢᠬᠠᠪᠠᠯ ᠪᠦᠬᠦ ᠶᠠᠭᠤᠮ᠎ᠠ ᠶ᠋ᠢ ᠠᠪᠤ ᠡᠵᠢ ᠨᠢ ᠪᠡᠯᠡᠨ ᠪᠣᠯᠭᠠᠵᠤ ᠥᠭᠬᠦ᠂ ᠬᠥᠳᠡᠭᠡ ᠶ᠋ᠢᠨ ᠬᠡᠦᠬᠡᠳ ᠴᠤ᠌ ᠡᠷᠲᠡ ᠬᠣᠲᠠ ᠣᠷᠣᠵᠤ ᠴᠡᠴᠡᠷᠯᠢᠭ ᠰᠤᠷᠭᠠᠭᠤᠯᠢ ᠭᠡᠵᠦ ᠶᠠᠪᠤᠭᠰᠠᠭᠠᠷ ᠪᠠᠢᠵᠤ ᠮᠠᠯᠵᠢᠯ ᠤ᠋ᠨ ᠠᠮᠢᠳᠤᠷᠠᠯ ᠠ᠋ᠴᠠ ᠬᠣᠯᠠᠳᠠᠭᠰᠠᠨ᠂ ᠬᠡᠦᠬᠡᠳ ᠢ᠋ ᠪᠠᠭ᠎ᠠ ᠠ᠋ᠴᠠ ᠨᠢ ᠭᠡᠷ ᠵᠠᠭᠤᠷ᠎ᠠ ᠶ᠋ᠢᠨ ᠠᠵᠢᠯ ᠮᠣᠳᠣᠨ ᠳ᠋ᠤ᠌ ᠬᠠᠮᠵᠢᠭᠤᠯᠬᠤ ᠦᠭᠡᠢ ᠪᠠᠢᠭᠰᠠᠭᠠᠷ ᠪᠠᠢᠵᠤ ᠶᠠᠭᠤ ᠴᠤ᠌ ᠬᠢᠵᠦ ᠴᠢᠳᠠᠬᠤ ᠦᠭᠡᠢ᠂ ᠶᠠᠭᠤ ᠴᠤ᠌ ᠬᠢᠬᠦ ᠰᠣᠨᠢᠷᠬᠠᠯ ᠦᠭᠡᠢ ᠪᠣᠯᠭᠠᠭᠰᠠᠨ ᠵᠡᠷᠭᠡ ᠣᠯᠠᠨ ᠰᠢᠯᠲᠠᠭᠠᠨ ᠪᠠᠢᠨ᠎ᠠ᠃ ᠨᠡᠢᠭᠡᠮ ᠳᠡᠭᠡᠷ᠎ᠡ ᠡᠭᠡᠯ ᠵᠢᠷ ᠦ᠋ᠨ ᠮᠡᠷᠭᠡᠵᠢᠯ ᠦ᠋ᠨ ᠠᠵᠢᠯ ᠤ᠋ᠨ ᠪᠠᠢᠷᠢ ᠯᠠ ᠣᠯᠠᠨ ᠪᠠᠢᠬᠤ ᠠ᠋ᠴᠠ ᠪᠢᠰᠢ ᠠᠯᠪᠠᠲᠠᠨ ᠪᠤᠶᠤ ᠠᠯᠪᠠᠨ ᠭᠡᠷ ᠲᠤ ᠠᠮᠤᠷ ᠵᠢᠮᠦᠷ ᠰᠠᠭᠤᠬᠤ ᠠᠵᠢᠯ ᠤ᠋ᠨ ᠪᠠᠢᠷᠢ ᠲᠤᠩ ᠬᠢᠵᠠᠭᠠᠷ ᠲᠠᠢ ᠰᠢᠦ᠂ ᠪᠡᠯᠴᠢᠭᠡᠷ ᠤᠰᠤ ᠰᠠᠢᠨ ᠮᠠᠯᠴᠢᠨ ᠤ᠋ ᠬᠡᠦᠬᠡᠳ ᠶᠡᠬᠡ ᠰᠤᠷᠭᠠᠭᠤᠯᠢ ᠲᠡᠭᠦᠰᠦᠭᠡᠳ ᠰᠢᠯᠢᠳᠡᠭ ᠮᠠᠯᠴᠢᠨ ᠪᠣᠯᠵᠤ ᠴᠢᠳᠠᠪᠠᠯ ᠮᠥᠨ ᠴᠦ᠍ ᠬᠠᠮᠤᠭ ᠰᠠᠢᠨ ᠠᠵᠢᠯ ᠤ᠋ᠨ ᠪᠠᠢᠷᠢ ᠲᠠᠢ ᠪᠣᠯᠤᠯ᠎ᠠ ᠭᠡᠰᠡᠨ ᠦᠵᠡᠯᠲᠡ ᠪᠡᠷ ᠣᠴᠢᠵᠤ ᠬᠡᠦᠬᠡᠳ ᠢ᠋ᠶ᠋ᠡᠨ ᠬᠥᠮᠦᠵᠢᠭᠦᠯᠪᠡᠯ ᠰᠠᠶᠢ ᠡᠷᠡᠭᠦᠯ ᠰᠠᠷᠠᠭᠤᠯ ᠤᠬᠠᠭᠠᠨ ᠰᠡᠳᠬᠢᠴᠡ ᠲᠡᠢ ᠬᠥᠮᠦᠰ ᠢ᠋ ᠥᠰᠬᠡᠵᠦ ᠬᠥᠮᠦᠵᠢᠭᠦᠯᠵᠦ ᠴᠢᠳᠠᠨ᠎ᠠ᠃
   ᠲᠡᠢᠮᠦ ᠡᠴᠡ ᠬᠡᠦᠬᠡᠳ ᠢ᠋ᠶ᠋ᠡᠨ ᠪᠠᠭ᠎ᠠ ᠠ᠋ᠴᠠ ᠨᠢ ᠭᠡᠷ ᠵᠠᠭᠤᠷ᠎ᠠ ᠶ᠋ᠢᠨ ᠠᠵᠢᠯ ᠳ᠋ᠤ᠌ ᠢᠯᠡᠭᠦᠬᠡᠨ ᠣᠷᠣᠯᠴᠠᠭᠤᠯᠬᠤ᠂ ᠴᠡᠴᠡᠷᠯᠢᠭ ᠦ᠋ᠨ ᠬᠡᠦᠬᠡᠳ ᠬᠤᠪᠴᠠᠰᠤ ᠪᠠᠨ ᠥᠪᠡᠷ ᠢ᠋ᠶ᠋ᠡᠨ ᠡᠮᠦᠰᠴᠦ ᠵᠡᠭᠦᠵᠦ ᠪᠠᠢᠬᠤ᠂ ᠨᠢᠭᠤᠷ ᠭᠠᠷ ᠢ᠋ᠶ᠋ᠠᠨ ᠤᠬᠢᠶᠠᠵᠤ ᠴᠢᠳᠠᠬᠤ᠂ ᠪᠠᠭ᠎ᠠ ᠰᠤᠷᠭᠠᠭᠤᠯᠢ ᠶ᠋ᠢᠨ ᠬᠡᠦᠬᠡᠳ ᠬᠤᠪᠴᠠᠰᠤ ᠤᠬᠢᠶᠠᠵᠤ ᠭᠡᠷ ᠴᠡᠪᠡᠷᠯᠡᠬᠦ᠂ ᠳᠥᠭᠥᠮ ᠬᠣᠭᠣᠯᠠ ᠬᠢᠵᠦ ᠳᠡᠢᠯᠬᠦ ᠮᠡᠲᠦ ᠪᠡᠷ ᠬᠢᠬᠦ ᠳᠤᠷᠠᠲᠠᠢ ᠠᠵᠢᠯ ᠪᠤᠶᠤ ᠣᠷᠣᠯᠳᠣᠬᠤ ᠳᠤᠷᠠᠲᠠᠢ ᠵᠦᠢᠯ ᠢ᠋ ᠨᠢ ᠢᠯᠡᠭᠦᠬᠡᠨ ᠬᠢᠯᠭᠡᠨ ᠵᠣᠷᠢᠭᠵᠢᠭᠤᠯᠵᠤ ᠪᠠᠢᠬᠤ ᠲᠤᠩ ᠴᠢᠬᠤᠯᠠ᠂ ᠣᠨᠴᠠᠭᠠᠢᠯᠠᠨ ᠶᠠᠭᠤᠮ᠎ᠠ ᠪᠦᠬᠦᠨ ᠢ᠋ ᠮᠡᠳᠡᠶ᠎ᠡ ᠰᠤᠷᠤᠶ᠎ᠠ ᠭᠡᠰᠡᠨ ᠰᠣᠨᠢᠭᠤᠴᠢ ᠵᠠᠩ ᠨᠢ ᠣᠷᠭᠢᠯᠵᠤ ᠪᠠᠢᠳᠠᠭ ᠴᠡᠴᠡᠷᠯᠢᠭ ᠲᠤ ᠰᠠᠭᠤᠬᠤ ᠨᠠᠰᠤᠨ ᠳ᠋ᠤ᠌ ᠨᠢ ᠨᠣᠬᠠᠢ ᠶ᠋ᠢᠨ ᠭᠥᠯᠥᠭᠡ ᠰᠢᠭ ᠠᠵᠢᠯ ᠮᠣᠳᠣᠨ ᠳ᠋ᠤ᠌ ᠪᠠᠨ ᠳᠠᠭᠠᠭᠤᠯᠤᠭᠠᠳ ᠶᠠᠪᠤᠵᠤ ᠯᠠ ᠪᠠᠢᠪᠠᠯ ᠬᠠᠮᠤᠭ ᠰᠠᠢᠨ᠃ ᠮᠠᠨᠠᠢᠬᠢᠨ ᠴᠡᠴᠡᠷᠯᠢᠭ ᠦ᠋ᠨ ᠬᠡᠦᠬᠡᠳ ᠲᠤ ᠪᠡᠨ ᠬᠦᠷᠲᠡᠯ᠎ᠡ ᠦᠰᠦᠭ ᠪᠢᠴᠢᠭ ᠵᠢᠭᠠᠬᠤ ᠶ᠋ᠢ ᠶᠠᠭᠠᠷᠠᠬᠤ ᠠ᠋ᠴᠠ ᠪᠢᠰᠢ ᠶᠠᠭᠤᠮ᠎ᠠ ᠣᠷᠣᠯᠳᠣᠬᠤ ᠪᠤᠶᠤ ᠰᠠᠢᠨ ᠰᠠᠢᠬᠠᠨ ᠵᠠᠩ ᠳᠠᠳᠬᠠᠯ ᠬᠥᠮᠦᠵᠢᠭᠦᠯᠬᠦ ᠶ᠋ᠢ ᠨᠢ ᠬᠠᠷᠢᠨ ᠠᠩᠬᠠᠷᠬᠤ ᠦᠭᠡᠢ ᠪᠠᠢᠳᠠᠭ᠂ ᠮᠠᠯᠴᠢᠨ ᠤ᠋ ᠭᠡᠷ ᠲᠤ ᠲᠥᠷᠥᠭᠰᠡᠨ ᠬᠥᠳᠡᠭᠡ ᠶ᠋ᠢᠨ ᠬᠡᠦᠬᠡᠳ ᠠᠷᠪᠠ ᠬᠦᠷᠴᠦ ᠠᠵᠢᠯ ᠮᠣᠳᠣᠨ ᠳ᠋ᠤ᠌ ᠴᠠᠭᠠᠷᠠᠭᠰᠠᠨ ᠬᠣᠢᠨ᠎ᠠ ᠠᠢᠯ ᠤ᠋ᠨ ᠰᠤᠷᠭᠠᠭᠤᠯᠢ ᠳ᠋ᠤ᠌ ᠰᠠᠭᠤᠭᠠᠳ ᠬᠣᠵᠢᠮ ᠨᠢ ᠰᠢᠨᠵᠢᠯᠡᠬᠦ ᠤᠬᠠᠭᠠᠨᠲᠠᠨ ᠪᠣᠯᠤᠭᠰᠠᠨ ᠦᠯᠢᠭᠡᠷ ᠵᠢᠱ᠌ᠢᠶ᠎ᠡ ᠶ᠋ᠢ ᠦᠨᠡᠬᠡᠷ ᠰᠤᠳᠤᠯᠤᠭᠤᠰᠢᠲᠠᠢ ᠪᠠᠢᠨ᠎ᠠ᠃ ᠭᠠᠭᠴᠠ ᠬᠢᠴᠢᠶᠡᠯ ᠨᠣᠮ ᠢ᠋ ᠶᠠᠭᠠᠬᠢᠵᠤ ᠰᠠᠢᠨ ᠰᠤᠷᠴᠢᠬᠠᠯ᠎ᠠ ᠭᠡᠳ ᠬᠣᠭᠣᠰᠣᠨ ᠣᠨᠣᠯ ᠮᠡᠷᠭᠡᠯᠡᠭᠡᠳ ᠠᠵᠢᠯ ᠠᠮᠢᠳᠤᠷᠠᠯ ᠣᠢᠯᠠᠭᠠᠬᠤ ᠦᠭᠡᠢ ᠪᠣᠯ ᠪᠢᠴᠢᠭ ᠦ᠋ᠨ ᠮᠠᠩᠬᠤᠤ ᠪᠣᠯᠤᠨ᠎ᠠ ᠭᠡᠳᠡᠭ ᠢ᠋ ᠮᠡᠳᠡᠬᠦ ᠶᠣᠰᠣᠲᠠᠢ᠃

   ᠦᠰᠦᠭ ᠠᠮᠢᠯᠠᠭᠤᠯᠤᠭᠴᠢ᠄ ᠪᠠᠶᠠᠨᠰᠡᠷᠡᠩ
   ᠬᠢᠨᠠᠭᠴᠢ᠄ ᠵ᠂ ᠪᠤᠶᠠᠨᠲᠣᠭᠲᠠᠬᠤ᠂ ᠭᠠᠷᠮ᠎ᠠ