ᠬᠡᠦᠬᠡᠳ ᠦᠨ ᠤᠢ ᠶᠢᠨ ᠢᠷᠥᠭᠡᠯ Хүүхдийн ойн ерөөл
ᠬᠡᠦᠬᠡᠳ ᠦᠨ ᠤᠢ ᠶᠢᠨ ᠢᠷᠥᠭᠡᠯ
ᠲᠥᠷᠥ ᠶ᠋ᠢᠨ ᠬᠦᠨᠳᠦᠲᠦ
ᠲᠥᠷᠥᠯ ᠦ᠋ᠨ ᠠᠬᠠᠮᠠᠳ
ᠠᠪᠤ ᠡᠵᠢ
ᠠᠬ᠎ᠠ ᠳᠡᠭᠦᠦ ᠪᠣᠯᠤᠨ
ᠡᠨᠳᠡ ᠴᠤᠭᠯᠠᠷᠠᠭᠰᠠᠨ
ᠡᠷᠬᠢᠮ ᠲᠠ ᠪᠦᠬᠦᠨ ᠦ᠌
ᠠᠯᠲᠠᠨ ᠰᠣᠨᠣᠷ ᠲᠤ᠌
ᠠᠢᠯᠠᠳᠬᠠᠬᠤ ᠪᠡᠯᠡᠭ ᠪᠠᠢᠨ᠎ᠠ᠃
ᠵᠢᠯ ᠦ᠋ᠨ ᠰᠠᠢᠨ ᠢ᠋
ᠵᠢᠯᠢᠯᠡᠨ ᠬᠦᠯᠢᠶᠡᠵᠦ
ᠰᠠᠷ᠎ᠠ ᠶ᠋ᠢᠨ ᠰᠠᠢᠨ ᠢ᠋
ᠰᠠᠳᠤᠨ ᠬᠦᠯᠢᠶᠡᠵᠦ
ᠡᠳᠦᠷ ᠦ᠋ᠨ ᠰᠠᠢᠨ ᠢ᠋
ᠥᠨᠵᠢᠨ ᠬᠦᠯᠢᠶᠡᠭᠰᠡᠭᠡᠷ
ᠥᠨᠥᠳᠥᠷ ᠦ᠋ᠨ ᠡᠳᠦᠷ ᠢ᠋
ᠥᠭᠭᠢᠶᠡᠮᠦᠷ ᠶᠡᠬᠡ
ᠲᠦᠮᠡᠨ ᠥᠯᠵᠡᠢ ᠪᠦᠷᠢᠳᠦᠭᠰᠡᠨ
ᠲᠦᠪᠰᠢᠨ ᠰᠠᠢᠨ ᠡᠳᠦᠷ ᠭᠡᠵᠦ
( ᠁ ᠭᠤᠸᠠᠢ ᠶ᠋ᠢᠨ ᠬᠦᠦ ᠁ ᠦᠨ
᠁ ᠨᠠᠰᠤᠨ ᠤ᠋ ᠣᠢ ᠶ᠋ᠢ ᠲᠡᠮᠳᠡᠭᠯᠡᠬᠦ ᠪᠡᠷ)
ᠠᠢᠯ ᠰᠠᠭᠠᠬᠠᠯᠲᠠ
ᠠᠢᠯᠴᠢᠨ ᠵᠣᠴᠢᠨ
ᠠᠬ᠎ᠠ ᠳᠡᠭᠦᠦ ᠨᠠᠷ ᠢᠷᠡᠵᠦ
ᠠᠮᠠᠷᠠᠭ ᠦᠷ᠎ᠡ ᠶ᠋ᠢᠨ ᠪᠠᠶᠠᠷ ᠬᠢᠵᠦ ᠪᠠᠢᠨ᠎ᠠ᠃
ᠬᠠᠢᠷᠠᠲᠤ ᠦᠷ᠎ᠡ ᠁ ᠮᠠᠨᠢ
ᠬᠠᠷᠰᠢᠯᠠᠬᠤ ᠰᠢᠯᠲᠠᠭᠠᠨ ᠦᠭᠡᠢ ᠪᠡᠷ
ᠲᠦᠰᠢᠬᠦ ᠠᠬ᠎ᠠ ᠡᠭᠡᠴᠢ
ᠲᠤᠯᠬᠤ ᠣᠯᠠᠨ ᠳᠡᠭᠦᠦ ᠲᠡᠢ ᠪᠡᠷ
ᠥᠰᠬᠦ ᠨᠠᠰᠤ
ᠥᠷᠨᠢᠬᠦ ᠪᠤᠶᠠᠨ
ᠰᠤᠷᠬᠤ ᠡᠷᠳᠡᠮ
ᠰᠤᠳᠤᠯᠬᠤ ᠤᠬᠠᠭᠠᠨ
ᠪᠠᠶᠠᠷᠯᠠᠬᠤ ᠨᠠᠭᠠᠳᠤᠮ
ᠪᠠᠬᠠᠳᠤᠬᠤ ᠠᠯᠳᠠᠷ ᠴᠢᠨᠢ
ᠨᠠᠷᠠᠨ ᠤ᠋ ᠭᠡᠷᠡᠯ
ᠰᠠᠷᠠᠨ ᠤ᠋ ᠲᠤᠶᠠᠭ᠎ᠠ ᠰᠢᠭ᠋
ᠳᠡᠭᠡᠭᠰᠢ ᠳᠡᠭᠡᠭᠰᠢ ᠪᠡᠨ
ᠳᠡᠭᠵᠢᠨ ᠮᠠᠨᠳᠤᠵᠤ
ᠰᠢᠨ᠎ᠡ ᠶ᠋ᠢᠨ ᠰᠠᠷᠠᠨ ᠠ᠋ᠴᠠ ᠲᠤᠩᠭᠠᠯᠠᠭ
ᠰᠢᠵᠢᠷ ᠠᠯᠲᠠᠨ ᠠ᠋ᠴᠠ ᠥᠩᠭᠡ ᠲᠡᠢ
ᠠᠲᠠᠷ ᠤ᠋ᠨ ᠴᠡᠴᠡᠭ ᠮᠡᠲᠦ
ᠠᠷᠪᠢᠨ ᠢ᠋ᠶ᠋ᠠᠷ ᠳᠡᠯᠭᠡᠷᠡᠵᠦ ᠶᠠᠪᠤᠲᠤᠭᠠᠢ
ᠡᠷᠦᠬᠡ ᠭᠡᠷ ᠢ᠋ ᠭᠡᠢᠭᠦᠯᠵᠦ
ᠥᠨᠢᠷ ᠪᠠᠶᠠᠯᠢᠭ ᠢ᠋ᠶ᠋ᠠᠷ
ᠥᠨᠳᠥᠷ ᠶᠡᠬᠡ ᠨᠠᠰᠤᠯᠠᠨ
ᠥᠨᠢᠳᠡ ᠵᠢᠷᠭᠠᠵᠤ
ᠰᠠᠨᠠᠭ᠎ᠠ ᠪᠠᠷ ᠢ᠋ᠶ᠋ᠠᠨ ᠠᠮᠤᠷ
ᠵᠠᠶᠠᠭ᠎ᠠ ᠪᠠᠷ ᠲᠦᠪᠰᠢᠨ
ᠨᠠᠢᠷ ᠤ᠋ᠨ ᠡᠬᠢᠨ ᠳ᠋ᠦ᠍ ᠰᠣᠨᠢᠷᠬᠠᠭᠤᠯᠬᠤ
ᠬᠥᠭᠵᠢᠮ ᠠᠶᠠᠯᠭᠤ ᠪᠠᠷ ᠲᠡᠭᠰᠢᠬᠡᠨ
ᠨᠠᠭᠠᠳᠤᠮ ᠤ᠋ᠨ ᠲᠡᠷᠢᠭᠦᠨ ᠳ᠋ᠦ᠍ ᠭᠠᠷᠬᠤ
ᠬᠦᠴᠦ ᠲᠠᠮᠢᠷ ᠶᠡᠬᠡ ᠲᠡᠢ
ᠰᠢᠨ᠎ᠡ ᠶ᠋ᠢ ᠪᠦᠲᠦᠭᠡᠨ ᠪᠣᠰᠬᠠᠬᠤ
ᠰᠢᠨᠵᠢᠯᠡᠬᠦ ᠤᠬᠠᠭᠠᠨ ᠤ᠋ ᠰᠣᠶᠣᠯ ᠲᠠᠢ
ᠠᠵᠢᠯᠴᠢ ᠬᠢᠴᠢᠶᠡᠩᠭᠦᠢ ᠪᠡᠷ ᠢ᠋ᠶ᠋ᠡᠨ
ᠠᠯᠳᠠᠷ ᠭᠠᠪᠢᠶ᠎ᠠ ᠪᠠᠢᠭᠤᠯᠵᠤ
ᠲᠥᠷᠥ ᠳ᠋ᠦ᠍ ᠪᠠᠭᠠᠲᠤᠷ ᠤ᠋ᠨ ᠪᠠᠢᠷᠢ ᠲᠠᠢ
ᠲᠥᠷᠥᠭᠰᠡᠨ ᠳ᠋ᠦ᠍ ᠠᠬᠠᠮᠠᠳ ᠤ᠋ᠨ ᠰᠠᠭᠤᠳᠠᠯ ᠲᠠᠢ
ᠠᠪᠤ ᠡᠵᠢ ᠳ᠋ᠦ᠍ ᠪᠡᠨ ᠠᠴᠢᠯᠠᠯ ᠲᠠᠢ
ᠠᠬ᠎ᠠ ᠳᠡᠭᠦᠦ ᠳ᠋ᠦ᠍ ᠪᠡᠨ ᠡᠯᠪᠡᠷᠢᠯᠲᠡᠢ
ᠬᠠᠮᠲᠤ ᠣᠯᠠᠨ ᠳ᠋ᠤ᠌ ᠪᠠᠨ ᠬᠠᠯᠠᠮᠵᠢᠲᠠᠢ
ᠬᠠᠮᠤᠭ ᠤ᠋ᠨ ᠬᠠᠢᠷ᠎ᠠ ᠶ᠋ᠢ ᠬᠦᠷᠲᠡᠭᠰᠡᠨ
ᠴᠣᠭ ᠵᠢᠪᠬᠤᠯᠠᠩ
ᠪᠠᠶᠠᠷ ᠪᠠᠶᠠᠰᠬᠤᠯᠠᠩ ᠪᠦᠷᠢᠳᠦᠭᠰᠡᠨ
ᠡᠷᠬᠢᠮ ᠢᠷᠭᠡᠨ ᠪᠣᠯᠤᠭᠠᠷᠠᠢ ᠭᠡᠵᠦ
ᠡᠩᠬᠦᠷᠡᠢ ᠬᠦᠦ ᠪᠡᠨ ᠢᠷᠥᠭᠡᠶ᠎ᠡ᠃
ᠪᠠᠶᠠᠷ ᠤ᠋ᠨ ᠰᠠᠢᠨ ᠢᠷᠦᠭᠡᠯ ᠮᠢᠨᠢ
ᠪᠠᠲᠤ ᠣᠷᠣᠰᠢᠬᠤ ᠪᠣᠯᠲᠤᠭᠠᠢ᠃
Хүүхдийн ойн ерөөл
Төрийн хүндэт
Төрлийн ахмад
Аав ээжий
Ах дүү болон
Энд цугларсан
Эрхэм та бүхний
Алтан сонорт
Айлтгах бэлэг байна.
Жилийн сайныг
Жиллэн хүлээж
Сарын сайныг
Саатан хүлээж
Өдрийн сайныг
Өнжин хүлээсээр
Өнөөдрийн өдрийг
Өгөөмөр их
Түмэн өлзий бүрдсэн
Түвшин сайн өдөр гэж
(...гуайн хүү...-ийн
...насны ойг тэмдэглэхээр)
Айл саахалт
Айлчин зоч ин
Ах дүү нар ирж
Амраг үрийн баяр хийж байна.
Хайрт үр ... маань
Харшлах шалтгаангүйгээр
Түших ах эгч
Тулах олон дүүтэйгээр
Өсөх нас
Өрнөх буян
Сурах эрдэм
Судпах ухаан
Баярлах наадам
Бахдах алдар чинь
Нарны гэрэл
Сарны туяа шиг
Дээш дээшээ
Дэгжин мандаж
Шинийн сарнаас тунгалаг
Шижир алтнаас өнгөтэй
Атрын цэцэг мэт
Арвинаар дэлгэрч явтугай
Өрх гэрийг гийгүүлж
Өнөр баялгаар
Өндөр их наслан
Өнөд жаргаж
Санаагаараа амар
Заяагаар түвшин
Найрын эхэнд сонирхуулах
Хөгжим аялгуугаар тэгшхэн
Наадмын тэргүүнд гарах
Хүч тамир ихтэй
Шинийг бүтээн босгох
Шинжлэх ухааны соёлтой
Ажилч хичээнгүйгээрээ
Алдар гавьяа байгуулж
Төрд баатрын буйртай
Төрсөнд ахмадын суудалтай
Аав ээжийдээ ачлалтай
Ах дүүдээ элбэрэлтэй
Хамт олондоо халамжтай
Хамгийн хайрыг хүртсэн
Цог жавхлан
Баяр баясгалан бүрдсэн
Эрхэм иргэн болоорой гэж
Энхрий хүүдээ ерөөе.
Баярын сайн ерөөл минь
Бат орших болтугай.
