ᠪᠤᠯᠴᠠᠭᠠᠷ ᠨᠠᠢᠵᠠ ᠨᠤᠭᠤᠳ 07- ᠲᠧᠭᠨᠣᠯᠣᠭᠢ ᠶᠢᠨ ᠬᠥᠭᠵᠢᠯТехнологийн хөгжил-Булцгар найзууд ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠯᠴᠠᠭᠠᠷ ᠨᠠᠢᠵᠠ ᠨᠤᠭᠤᠳ 07- ᠲᠧᠭᠨᠣᠯᠣᠭᠢ ᠶᠢᠨ ᠬᠥᠭᠵᠢᠯТехнологийн хөгжил-Булцгар найзууд

ᠪᠤᠯᠴᠠᠭᠠᠷ ᠨᠠᠢᠵᠠ ᠨᠤᠭᠤᠳ 07- ᠲᠧᠭᠨᠣᠯᠣᠭᠢ ᠶᠢᠨ ᠬᠥᠭᠵᠢᠯТехнологийн хөгжил-Булцгар найзууд

2023-11-25

564

ᠲᠧᠭᠨᠣᠯᠣᠭᠢ ᠶᠢᠨ ᠬᠥᠭᠵᠢᠯ 

ᠲᠣᠣᠨᠢ᠄ ᠶᠠᠭᠤ ᠪᠣᠢ? ᠶᠠᠭᠤ ᠳᠤᠤᠭᠠᠷᠤᠭᠠᠳ ᠪᠠᠢᠨ᠎ᠠ᠂ ᠪᠣᠺᠠ ᠴᠢ ᠬᠥᠭᠵᠢᠮ ᠲᠡᠢ ᠪᠣᠯᠴᠢᠬᠠᠭᠰᠠᠨ ᠶᠤᠮ ᠤᠤ?
ᠪᠤᠺᠠ᠄ ᠦᠭᠡᠢ᠂ ᠡᠪᠦᠭᠡ ᠮᠠᠨᠢ ᠨᠠᠮ᠎ᠠ ᠶ᠋ᠢ ᠰᠠᠨᠠᠬᠤ ᠪᠠᠷ ᠢ᠋ᠶ᠋ᠠᠨ ᠵᠠᠯᠭᠠᠭᠠᠷᠠᠢ ᠭᠡᠵᠦ ᠨᠠᠳᠠ ᠡᠨᠡ ᠤᠲᠠᠰᠤ ᠶ᠋ᠢ ᠦᠯᠡᠳᠡᠭᠡᠭᠰᠡᠨ ᠪᠠᠢᠬᠤ ᠦᠭᠡᠢ ᠤᠤ᠃
ᠰᠠᠨᠢ᠄ ᠨᠠᠭᠠᠳᠤᠬᠢ ᠴᠢᠨᠢ ᠤᠲᠠᠰᠤ ᠶᠤᠮ ᠤᠤ?
ᠲᠣᠣᠨᠢ᠄ ᠬᠠᠷᠢᠨ ᠲᠡᠢᠮᠦ᠂ ᠲᠣᠭᠠᠨ ᠤ᠋ ᠮᠠᠰᠢᠨ ᠶᠤᠮ ᠪᠢᠰᠢ ᠤᠤ? ᠬᠤᠳᠠᠯ ᠢ᠋ᠶ᠋ᠠᠷ ᠪᠢᠳᠡ ᠬᠡᠳᠦ ᠪᠡᠷ ᠲᠣᠭᠯᠠᠭᠠᠳ ᠯᠠ᠃
ᠪᠤᠺᠠ᠄ ᠡᠨᠡ ᠴᠢᠨᠢ ᠤᠲᠠᠰᠤ ᠮᠥᠨ ᠠ᠋᠂ ᠮᠥᠨ ᠢᠩᠭᠢᠭᠡᠳ ᠪᠠᠢᠬᠤ ᠳ᠋ᠤ᠌ ᠴᠢᠨᠢ᠂ ᠬᠠᠭᠤᠴᠢᠨ ᠤ᠋ ᠯᠠ ᠤᠲᠠᠰᠤ ᠪᠠᠢᠬᠤ ᠦᠭᠡᠢ ᠤᠤ?
ᠲᠣᠣᠨᠢ᠄ ᠨᠠᠭᠠᠳᠤᠬᠢ ᠪᠠᠷ ᠴᠢᠨᠢ ᠲᠡᠭᠡᠭᠡᠳ ᠶᠠᠭᠠᠬᠢᠵᠤ ᠶᠠᠷᠢᠬᠤ ᠪᠣᠢ ? ᠤᠲᠠᠰᠤᠨ ᠤ᠋ ᠲᠣᠭᠯᠠᠭᠠᠮ ᠮᠤᠭᠯᠠᠭᠠᠮ ᠪᠠᠢᠳᠠᠭ ᠶᠤᠮ ᠤᠤ?
ᠺᠠᠮᠧᠷ ᠨᠢ ᠬᠠᠮᠢᠭ᠎ᠠ ᠨᠢ ᠪᠠᠢᠭ᠎ᠠ ᠶᠤᠮ ᠪᠣᠢ?
ᠪᠤᠺᠠ᠄ ᠮᠡᠳᠡᠬᠦ ᠦᠭᠡᠢ᠂ ᠬᠥᠶᠢ ᠢᠩᠭᠢᠬᠦ ᠳ᠋ᠦ᠍ ᠶᠦᠨᠢ ᠲᠠᠨ ᠤ᠋ ᠭᠠᠷᠠᠭ ᠳᠡᠭᠡᠷ᠎ᠡ ᠤᠲᠠᠰᠤ ᠭᠡᠵᠦ ᠪᠠᠢᠳᠠᠭ ᠶᠤᠮ ᠤᠤ?
ᠶᠦᠨᠢ᠄ ᠮᠠᠨ ᠤ᠋ ᠭᠠᠷᠠᠭ ᠳᠡᠭᠡᠷ᠎ᠡ ᠤᠲᠠᠰᠤ ᠭᠡᠵᠦ ᠪᠠᠢᠬᠤ ᠦᠭᠡᠢ᠂ ᠪᠢᠳᠡ ᠨᠠᠷ ᠷᠢᠳᠢ ᠰᠢᠳᠢ ᠶ᠋ᠢᠨ ᠲᠣᠯᠢ᠂ ᠷᠢᠳᠢ ᠰᠢᠳᠢ ᠶ᠋ᠢᠨ ᠬᠦᠴᠦ ᠪᠡᠷ ᠬᠣᠭᠣᠷᠣᠨᠳᠣ ᠪᠠᠨ ᠶᠠᠷᠢᠳᠠᠭ ᠪᠠᠢᠬᠤ ᠦᠭᠡᠢ ᠤᠤ᠂ ᠪᠠᠰᠠ ᠣᠴᠢᠵᠤ ᠴᠢᠳᠠᠳᠠᠭ᠃
ᠰᠠᠨᠢ᠄ ᠶᠠᠭ ᠡᠨᠡ VR ᠰᠢᠭ ᠰᠢᠯᠵᠢᠭᠡᠳ ᠣᠴᠢᠳᠠᠭ ᠭᠡᠵᠦ ᠤᠤ ᠳᠠ᠂
ᠶᠦᠨᠢ᠄ ᠲᠡᠢᠮᠦ ᠠ᠋᠂ ᠭᠡᠬᠦ ᠳ᠋ᠦ᠍ ᠪᠡᠨ ᠪᠦᠷ ᠪᠣᠳᠠᠲᠤ ᠳᠡᠭᠡᠷ᠎ᠡ ᠰᠢᠯᠵᠢᠵᠦ ᠣᠴᠢᠵᠤ ᠴᠢᠳᠠᠳᠠᠭ ᠰᠢᠦ᠃
ᠲᠣᠣᠨᠢ᠄ ᠫᠥᠬᠥ᠂ ᠲᠡᠭᠡᠪᠡᠯ ᠬᠣᠯᠠ ᠣᠢᠷ᠎ᠠ ᠭᠡᠬᠦ ᠦᠭᠡᠢ᠂ ᠪᠠᠢᠩᠭᠤ ᠬᠠᠷᠠᠵᠤ ᠪᠠᠢᠵᠤ ᠴᠢᠳᠠᠬᠤ ᠨᠢ ᠠ᠋᠃
ᠪᠤᠺᠠ᠄ ᠡᠨᠡ ᠤᠲᠠᠰᠤ ᠶ᠋ᠢ ᠶᠠᠭᠠᠬᠢᠵᠤ ᠠᠰᠢᠭᠯᠠᠳᠠᠭ ᠶᠤᠮ ᠪᠣᠯ ᠠ᠋᠂ ᠶᠡᠷᠦ ᠡᠴᠡ ᠴᠦ᠍ ᠤᠴᠢᠷ ᠢ᠋ ᠨᠢ ᠣᠯᠬᠤ ᠦᠭᠡᠢ ᠶᠦᠮ᠂ ᠠᠢᠰᠤᠤ ᠴᠢᠮ᠎ᠠ ᠳ᠋ᠤ᠌ ᠮᠡᠳᠡᠵᠦ ᠪᠠᠢᠭ᠎ᠠ ᠶᠠᠭᠤᠮ᠎ᠠ ᠪᠠᠢᠨ᠎ᠠ ᠤᠤ?
ᠰᠠᠮᠢ᠄ ᠠᠢᠰᠤᠤ᠂ ᠴᠢ ᠪᠢᠳᠡ ᠨᠠᠷ ᠲᠤ᠌ ᠲᠠᠢᠯᠪᠤᠷᠢᠯᠠᠭᠠᠳ ᠥᠭᠴᠦ ᠴᠢᠳᠠᠬᠤ ᠤᠤ?
ᠠᠢᠰᠤᠤ᠄ ᠵᠠ ᠲᠡᠭᠡᠬᠦ ᠪᠡᠷ ᠶᠠᠭᠤ ᠯᠠ ᠳᠠ᠂ ᠭᠠᠷ ᠤᠲᠠᠰᠤᠨ ᠤ᠋ ᠬᠥᠭᠵᠢᠯ ᠭᠡᠳᠡᠭ ᠨᠢ
ᠶᠦᠨᠢ᠄ ᠠᠢᠰᠤᠤ᠂ ᠪᠢᠳᠡ ᠨᠠᠷ ᠡᠬᠢᠯᠡᠭᠡᠳ ᠭᠠᠷ ᠤᠲᠠᠰᠤᠨ ᠤ᠋ ᠡᠭᠦᠰᠦᠯ ᠬᠥᠭᠵᠢᠯ ᠦ᠋ᠨ᠂ ᠪᠠᠰᠠ ᠲᠡᠷᠡ ᠲᠣᠣᠨᠢ ᠶ᠋ᠢᠨ ᠬᠡᠷᠡᠭᠯᠡᠳᠡᠭ ᠺᠣᠮᠫᠢᠦ᠋ᠲ᠋ᠧᠷ ᠦ᠋ᠨ ᠡᠭᠦᠰᠦᠯ ᠬᠥᠭᠵᠢᠯ ᠦ᠋ᠨ ᠲᠠᠯ᠎ᠠ ᠪᠠᠷ VRᠲᠥᠬᠥᠭᠡᠷᠦᠮᠵᠢ ᠪᠡᠷ ᠢ᠋ᠶ᠋ᠡᠨ ᠡᠬᠢᠯᠡᠭᠡᠳ ᠣᠴᠢᠭᠠᠳ ᠦᠵᠡᠪᠡᠯ ᠶᠠᠮᠠᠷ ᠤᠤ?
ᠪᠤᠺᠠ: ᠠᠢᠰᠤᠤ ᠲᠡᠭᠡᠪᠡᠯ ᠲᠡᠭᠡᠶ᠎ᠡ ᠯᠡ ᠳᠡ᠂ ᠲᠡᠭᠡᠶ᠎ᠡ ᠯᠡ ᠳᠡ᠂ ᠭᠤᠶᠤᠵᠤ ᠪᠠᠢᠨ᠎ᠠ᠂ ᠭᠢᠯᠠᠰ ᠶᠠᠪᠤᠭᠠᠳ ᠯᠠ ᠦᠵᠡᠴᠢᠬᠡᠭᠡᠳ ᠬᠦᠷᠦᠭᠡᠳ ᠢᠷᠡᠶ᠎ᠡ᠃
ᠠᠢᠰᠤᠤ᠄ ᠵᠠ ᠲᠡᠭᠡᠪᠡᠯ ᠨᠠᠢᠵᠠ ᠨᠤᠭᠤᠳ ᠠ᠋᠂ ᠲᠡᠭᠡᠭᠡᠳ ᠭᠠᠷ ᠤᠲᠠᠰᠤ ᠬᠡᠷᠬᠢᠨ ᠶᠠᠭᠠᠬᠢᠵᠤ ᠡᠭᠦᠰᠦᠭᠰᠡᠨ ᠢ᠋ ᠲᠠ ᠬᠡᠳᠦ ᠳ᠋ᠦ᠍ ᠪᠡᠨ ᠦᠵᠡᠭᠦᠯᠦᠶ᠎ᠡ᠂ ᠰᠢᠯ ᠢ᠋ᠶ᠋ᠡᠨ ᠵᠡᠭᠦᠭᠡᠷᠡᠢ᠃ ᠵᠠ ᠢᠩᠭᠢᠭᠡᠳ ᠬᠡᠦᠬᠡᠳ ᠦ᠋ᠳ ᠠ᠋᠂ ᠭᠠᠷ ᠤᠲᠠᠰᠤ ᠬᠡᠷᠬᠢᠨ ᠶᠠᠭᠠᠬᠢᠵᠤ ᠡᠭᠦᠰᠦᠭᠰᠡᠨ ᠢ᠋ ᠲᠠ ᠬᠡᠳᠦ ᠳ᠋ᠦ᠍ ᠪᠡᠨ ᠲᠠᠢᠯᠪᠤᠷᠢᠯᠠᠵᠤ ᠥᠭᠭᠦᠶ᠎ᠡ᠃
1957ᠣᠨ ᠳ᠋ᠤ᠌ ᠵᠦᠪᠯᠡᠯᠡᠳᠦ ᠶ᠋ᠢᠨ ᠡᠷᠳᠡᠮᠲᠡᠨ ᠢᠯ᠂ ᠺᠦ᠋ᠫᠷᠢᠠᠨᠠᠪᠢᠴ ᠤᠲᠠᠰᠤ ᠦᠭᠡᠢ ᠲᠸᠭ᠌ᠨᠤᠯᠤᠬᠢ ᠪᠦᠲᠦᠭᠡᠬᠦ ᠲᠥᠰᠦᠯ ᠢ᠋ᠶ᠋ᠡᠨ ᠲᠠᠨᠢᠯᠴᠠᠭᠤᠯᠤᠭᠰᠠᠨ ᠪᠠᠢᠨ᠎ᠠ᠃ ᠠᠩᠬᠠᠨ ᠤ᠋ ᠵᠠᠭᠪᠤᠷ ᠨᠢ ᠭᠤᠷᠪᠠᠨ ᠺᠢᠯᠣᠭ᠌ᠷᠠᠮ ᠵᠢᠩ ᠲᠡᠢ ᠪᠠᠢᠭᠰᠠᠨ᠂1958 ᠣᠨ ᠳ᠋ᠤ᠌ ᠵᠢᠩ ᠢ᠋ ᠨᠢ ᠪᠠᠭᠠᠰᠬᠠᠵᠤ᠂ ᠬᠠᠭᠠᠰ ᠺᠢᠯᠣᠭ᠌ᠷᠠᠮ ᠪᠣᠯᠭᠠᠭᠰᠠᠨ ᠪᠠᠢᠨ᠎ᠠ᠃ ᠬᠠᠷᠢᠨ 1961 ᠣᠨ ᠳ᠋ᠤ᠌ ᠡᠷᠳᠡᠮᠲᠡᠳ ᠠᠯᠠᠭᠠᠨ ᠳ᠋ᠤ᠌ ᠪᠠᠭᠲᠠᠬᠤ ᠬᠡᠮᠵᠢᠶᠡᠨ ᠦ᠌ ᠶᠡᠷᠦ ᠳ᠋ᠦ᠍ ᠪᠡᠨ ᠳᠠᠯᠠᠨ ᠭᠷᠠᠮ ᠵᠢᠩ ᠲᠡᠢ ᠤᠲᠠᠰᠤ ᠶ᠋ᠢ ᠰᠡᠳᠬᠦᠯᠴᠢᠳ ᠲᠦ᠍ ᠲᠠᠨᠢᠯᠴᠠᠭᠤᠯᠤᠭᠰᠠᠨ ᠪᠠᠢᠨ᠎ᠠ᠃ 1973 ᠣᠨ ᠳ᠋ᠤ᠌ Motorola dyna TAC ᠤᠲᠠᠰᠤ ᠪᠠᠷ ᠠᠩᠬᠠᠨ ᠤ᠋ ᠶᠠᠷᠢᠶ᠎ᠠ ᠶ᠋ᠢ ᠪᠣᠢ ᠪᠣᠯᠭᠠᠵᠠᠢ᠂ ᠪᠦᠬᠦ ᠲᠠᠯ᠎ᠠ ᠪᠠᠷ ᠠᠮᠧᠷᠢᠺᠠ ᠨᠢᠭᠡᠳᠦᠭᠰᠡᠨ ᠤᠯᠤᠰ ᠤ᠋ᠨ ᠡᠪᠦᠷ ᠦ᠋ᠨ ᠲᠸᠭ᠌ᠨᠤᠯᠤᠬᠢ ᠰᠢᠨ᠎ᠡ ᠨᠢᠭᠡ ᠦᠶ᠎ᠡ ᠶ᠋ᠢ ᠨᠡᠭᠡᠭᠡᠭᠰᠡᠨ ᠶᠦᠮ᠃1984 ᠣᠨ ᠳ᠋ᠤ᠌ ᠠᠩᠬᠠᠨ ᠤ᠋ NOKIA ᠭᠡᠳᠡᠭ ᠤᠲᠠᠰᠤ ᠭᠠᠷᠤᠭᠰᠠᠨ ᠪᠠᠢᠨ᠎ᠠ᠃ Mobiya Senator ᠤᠨ ᠤᠲᠠᠰᠤ3,7cm ᠥᠨᠳᠥᠷ ᠲᠡᠢ ᠪᠠᠢᠭᠰᠠᠨ ᠪᠥᠭᠡᠳ ᠵᠢᠷᠭᠤᠭᠠᠨ ᠵᠢᠯ ᠦ᠋ᠨ ᠳᠠᠷᠠᠭ᠎ᠠ ᠡᠨᠡ ᠤᠲᠠᠰᠤ OS ᠨᠡᠪᠲᠡᠷᠡᠭᠦᠯᠦᠭᠰᠡᠨ ᠶᠦᠮ ᠪᠠᠢᠨ᠎ᠠ᠃ ᠡᠢᠨ ᠬᠦ᠌ ᠡᠪᠦᠷ ᠦ᠋ᠨ ᠲᠸᠭ᠌ᠨᠤᠯᠤᠬᠢ ᠵᠠᠬ᠎ᠠ ᠵᠡᠭᠡᠯᠢ ᠳ᠋ᠦ᠍ NOKIA ᠶ᠋ᠢᠨ ᠡᠷᠢᠨ ᠦᠶ᠎ᠡ ᠡᠬᠢᠯᠡᠭᠰᠡᠨ ᠪᠠᠢᠨ᠎ᠠ᠃1996 ᠣᠨ ᠳ᠋ᠤ᠌ ᠳᠡᠯᠡᠬᠡᠢ ᠶ᠋ᠢᠨ ᠠᠩᠬᠠᠨ ᠤ᠋ Communicator NOKIA 9000 ᠭᠠᠷᠴᠤ ᠢᠷᠡᠭᠰᠡᠨ ᠪᠠᠢᠨ᠎ᠠ᠂ ᠲᠣᠮᠣ ᠳᠡᠯᠭᠡᠴᠡ ᠲᠡᠢ ᠬᠥᠳᠡᠯᠭᠡᠭᠡᠨᠲᠦ IT ᠲᠠᠢ᠂ Office ᠭᠠᠷᠤᠭᠰᠠᠨ ᠪᠠᠢᠨ᠎ᠠ᠃2000 ᠣᠨ ᠳ᠋ᠤ᠌᠂ ᠠᠩᠬᠠᠨ SHARP PSM ᠢ ᠶᠠᠫᠣᠨ ᠥᠪᠡᠷ ᠦ᠋ᠨ ᠳᠣᠯᠭᠢᠶᠠᠨ ᠤ᠋ ᠢᠷᠡᠯᠲᠡ ᠬᠡᠷᠡᠭᠴᠡᠭᠡᠨ ᠦ᠌ ᠳᠡᠯᠭᠡᠷᠡᠯᠲᠡ ᠪᠣᠯᠪᠠ᠂ ᠲᠡᠭᠡᠬᠦ ᠳ᠋ᠦ᠍ ᠭᠠᠷ ᠤᠲᠠᠰᠤᠨ ᠤ᠋ ᠣᠷᠴᠢᠨ ᠴᠠᠭ ᠤ᠋ᠨ ᠲᠸᠭ᠌ᠨᠤᠯᠤᠬᠢᠢ ᠶ᠋ᠢᠨ ᠪᠠᠷᠤᠭ ᠨᠠᠶᠠᠨ ᠬᠤᠪᠢ ᠨᠢ ᠪᠡᠯᠡᠨ ᠪᠣᠯᠴᠢᠬᠠᠭᠰᠠᠨ ᠪᠠᠢᠭᠰᠠᠨ ᠪᠥᠭᠡᠳ ᠶᠠᠫᠣᠨ ᠤ᠋ ᠦᠢᠯᠡᠳᠪᠦᠷᠢᠯᠡᠭᠴᠢᠳ ᠳᠡᠯᠡᠬᠡᠢ ᠶ᠋ᠢᠨ ᠵᠠᠬ᠎ᠠ ᠵᠡᠭᠡᠯᠢ ᠳᠡᠭᠡᠷ᠎ᠡ ᠲᠣᠮᠣ ᠥᠷᠢᠰᠦᠯᠳᠦᠭᠴᠢ ᠪᠣᠯᠵᠤ ᠭᠠᠷᠴᠤ ᠢᠷᠡᠭᠰᠡᠨ ᠪᠠᠢᠨ᠎ᠠ᠃2007 ᠣᠨ ᠳ᠋ᠤ᠌ ᠵᠠᠯᠠᠭᠤᠬᠠᠨ ᠰᠳᠢᠹ᠂ ᠵᠢᠤᠪᠰ ᠳᠡᠯᠡᠬᠡᠢ ᠶ᠋ᠢᠨ ᠠᠩᠬᠠᠨ ᠤ᠋ iPhone ᠤᠲᠠᠰᠤ ᠶ᠋ᠢ ᠪᠦᠲᠦᠭᠡᠭᠰᠡᠨ ᠪᠠᠢᠨ᠎ᠠ᠃ ᠳᠡᠯᠡᠬᠡᠢ ᠳ᠋ᠠᠬᠢᠨ ᠤ᠋ ᠡᠪᠦᠷ ᠦ᠋ᠨ ᠲᠸᠭ᠌ᠨᠤᠯᠤᠬᠢᠢ ᠦᠢᠯᠡᠳᠪᠦᠷᠢᠯᠡᠭᠴᠢᠳ ᠤᠲᠠᠰᠤᠨ ᠤ᠋ ᠳ᠋ᠤᠭᠠᠷ ᠴᠤᠭᠯᠠᠭᠤᠯᠬᠤ᠂ ᠪᠢᠴᠢᠭᠦᠷ ᠪᠢᠴᠢᠬᠦ ᠭᠠᠷ ᠤᠲᠠᠰᠤᠨ ᠤ᠋ ᠬᠥᠭᠵᠢᠯᠲᠡ ᠥᠨᠥᠳᠥᠷ ᠦ᠋ᠨ ᠲᠦᠪᠰᠢᠨ ᠳ᠋ᠦ᠍ ᠬᠦᠷᠬᠦ ᠦᠶ᠎ᠡ ᠱᠠᠲᠤ ᠲᠠᠯᠪᠢᠭᠳᠠᠭᠰᠠᠨ ᠶᠤᠮ ᠪᠠᠢᠨ᠎ᠠ ᠰᠢᠦ᠂ ᠬᠡᠦᠬᠡᠳ ᠦ᠋ᠳ ᠠ᠋᠃
ᠪᠤᠺᠠ᠄ ᠭᠠᠷ ᠤᠲᠠᠰᠤ ᠡᠢᠮᠦ ᠤᠴᠢᠷ ᠲᠠᠢ ᠶᠤᠮ ᠴᠢᠨᠢ ᠲᠡᠭᠡᠪᠡᠯ ᠺᠣᠮᠫᠢᠦ᠋ᠲ᠋ᠧᠷ ᠶᠠᠭᠠᠬᠢᠵᠤ ᠡᠭᠦᠰᠦᠭᠰᠡᠨ ᠶᠦᠮ ᠪᠣᠯ ᠠᠢᠰᠤᠤ ᠪᠠᠭᠰᠢ ᠠ᠋᠃ ᠪᠦᠭᠦᠳᠡᠭᠡᠷ ᠢ᠋ᠶ᠋ᠡᠨ ᠠᠩᠬ᠎ᠠ ᠡᠭᠦᠰᠴᠦ ᠪᠠᠢᠭ᠎ᠠ ᠶ᠋ᠢ ᠨᠢ ᠣᠢᠷ᠎ᠠ ᠠ᠋ᠴᠠ ᠬᠠᠷᠠᠶ᠎ᠠ ᠯᠠ ᠳᠠ ᠨᠠᠢᠵᠠ ᠨᠤᠭᠤᠳ ᠠ᠋᠃
ᠠᠢᠰᠤᠤ᠄ ᠵᠠ ᠨᠠᠢᠵᠠ ᠨᠤᠭᠤᠳ ᠠ᠋᠂ ᠤᠲᠠᠰᠤᠨ ᠤ᠋ ᠬᠥᠭᠵᠢᠯ ᠦ᠋ᠨ ᠲᠠᠯ᠎ᠠ ᠪᠠᠷ ᠰᠠᠢᠨ ᠮᠡᠳᠡᠵᠦ ᠠᠪᠤᠭᠰᠠᠨ ᠪᠢᠵᠡ᠂ ᠣᠳᠣ ᠪᠦᠭᠦᠳᠡᠭᠡᠷ ᠢ᠋ᠶ᠋ᠡᠨ ᠬᠠᠮᠤᠭ ᠤ᠋ᠨ ᠠᠩᠬᠠᠨ ᠤ᠋ ᠺᠣᠮᠫᠢᠦ᠋ᠲ᠋ᠧᠷ ᠤᠷᠤᠭᠤ ᠠᠶᠠᠯᠠᠵᠠᠭᠠᠶ᠎ᠠ᠃
ᠰᠠᠮᠢ᠄ ᠡᠨᠡ ᠲᠣᠮᠣ ᠥᠷᠥᠭᠡᠨ ᠡᠴᠡ ᠺᠣᠮᠫᠢᠦ᠋ᠲ᠋ᠧᠷ ᠢ᠋ᠶ᠋ᠡᠨ ᠶᠠᠭᠠᠬᠢᠵᠤ ᠣᠯᠬᠤ ᠶᠤᠮ ᠪᠣᠢ?
ᠪᠤᠺᠠ᠄ ᠮᠠᠨ ᠤ᠋ ᠡᠪᠦᠭᠡ ᠬᠡᠯᠡᠬᠦ ᠳ᠋ᠦ᠍ ᠪᠡᠨ ᠠᠩᠬᠠᠨ ᠤ᠋ ᠺᠣᠮᠫᠢᠦ᠋ᠲ᠋ᠧᠷ ᠶᠡᠬᠡ ᠲᠣᠮᠣ ᠪᠠᠢᠭᠰᠠᠨ᠂ ᠪᠠᠷᠤᠭ ᠪᠦᠷ ᠨᠢᠭᠡ ᠥᠷᠥᠭᠡ ᠰᠢᠭ ᠲᠣᠮᠣ ᠪᠠᠢᠭᠰᠠᠨ ᠭᠡᠳᠡᠭ ᠰᠢᠦ᠃
ᠲᠣᠣᠨᠢ᠄ ᠨᠠᠢᠵᠠ ᠨᠤᠭᠤᠳ ᠠ᠋᠂ ᠡᠨᠳᠡ ᠪᠠᠢᠭ᠎ᠠ ᠪᠦᠬᠦ ᠵᠦᠢᠯ ᠨᠡᠢᠯᠡᠭᠡᠳ ᠨᠢᠭᠡ ᠲᠣᠮᠣ ᠺᠣᠮᠫᠢᠦ᠋ᠲ᠋ᠧᠷ ᠶᠦᠮ ᠪᠢᠰᠢ ᠤᠤ ᠳᠠ᠃
ᠶᠦᠨᠢ᠄ ᠭᠡᠬᠦ ᠳ᠋ᠦ᠍ ᠪᠡᠨ ᠣᠳᠣ ᠲᠠ ᠨᠠᠷ ᠤ᠋ᠨ ᠮᠡᠳᠡᠳᠡᠭ ᠺᠣᠮᠫᠢᠦ᠋ᠲ᠋ᠧᠷ ᠴᠢᠨᠢ ᠶᠡᠬᠡ ᠵᠢᠵᠢᠭᠬᠡᠨ ᠴᠦᠩᠬᠦᠨ ᠳ᠋ᠦ᠍ ᠪᠡᠨ ᠬᠢᠭᠡᠳ ᠠᠪᠤᠭᠠᠳ ᠶᠠᠪᠤᠳᠠᠭ ᠭᠡᠰᠡᠨ ᠪᠢᠵᠡ ᠳᠡ?ᠡᠢᠮᠦ ᠲᠣᠮᠣ ᠪᠠᠢᠭᠰᠠᠨ ᠭᠡᠵᠦ ᠤᠤ?
ᠰᠠᠨᠢ᠄ ᠪᠢ ᠯᠡ ᠯᠠᠪ ᠡᠢᠮᠦ ᠲᠣᠮᠣ ᠪᠠᠢᠭᠰᠠᠨ ᠭᠡᠳᠡᠭ ᠲᠦ᠍ ᠢᠲᠡᠭᠡᠬᠦ ᠦᠭᠡᠢ ᠪᠠᠢᠨ᠎ᠠ᠂
ᠪᠤᠺᠠ᠄ ᠬᠥᠥᠭ᠂ ᠡᠪᠦᠭᠡ ᠶ᠋ᠢᠨ ᠮᠢᠨᠢ ᠬᠡᠯᠡᠭᠡᠳ ᠪᠠᠢᠳᠠᠭ ᠶᠠᠭ ᠦᠨᠡᠨ ᠪᠠᠢᠨ᠎ᠠ ᠰᠢᠳᠡ᠂ ᠡᠨᠡ ᠥᠷᠥᠭᠡᠨ ᠳ᠋ᠦ᠍ ᠪᠠᠢᠭ᠎ᠠ ᠪᠦᠬᠦ ᠵᠦᠢᠯ ᠨᠡᠢᠯᠡᠭᠡᠳ ᠨᠢᠭᠡ ᠺᠣᠮᠫᠢᠦ᠋ᠲ᠋ᠧᠷ ᠶᠦᠮ ᠪᠠᠢᠨ᠎ᠠ᠃
ᠠᠢᠰᠤᠤ᠄ ᠠᠩᠬᠠᠨ ᠤ᠋ ᠺᠣᠮᠫᠢᠦ᠋ᠲ᠋ᠧᠷ ᠢ᠋1941 ᠣᠨ ᠳ᠋ᠤ᠌ ᠭᠧᠷᠮᠠᠨ ᠤᠯᠤᠰ ᠤ᠋ᠨ ᠢᠨᠵᠸᠨ᠋ᠸᠷ ᠺᠤᠩᠷᠠᠳ᠋ ᠴᠦᠽᠸᠷ Z3 ᠺᠣᠮᠫᠢᠦ᠋ᠲ᠋ᠧᠷ ᠢ᠋ ᠪᠦᠲᠦᠭᠡᠵᠡᠢ᠃ 1943 ᠣᠨ ᠳ᠋ᠤ᠌ ᠲᠡᠢᠨ ᠦ᠌ ᠦᠶ᠎ᠡ ᠳ᠋ᠦ᠍ ᠪᠥᠮᠪᠥᠭᠡ ᠳ᠋ᠦ᠍ ᠥᠷᠳᠡᠵᠦ ᠤᠰᠠᠳᠬᠠᠭᠳᠠᠭᠰᠠᠨ ᠪᠠᠢᠨ᠎ᠠ ᠰᠢᠦ᠃
ᠲᠣᠣᠨᠢ᠄ ᠭᠦᠦᠭ᠂ ᠵᠠ ᠪᠠᠢᠵᠤ ᠪᠠᠢ ᠪᠠᠢᠵᠤ ᠪᠠᠢ᠂ ᠠᠩᠬᠠᠨ ᠤ᠋ ᠭᠠᠷ ᠤᠲᠠᠰᠤ ᠭᠤᠷᠪᠠᠨ ᠺᠢᠯᠣᠭ᠌ᠷᠠᠮ ᠵᠢᠩ ᠲᠡᠢ ᠭᠡᠬᠦ ᠳ᠋ᠦ᠍᠂ ᠪᠤᠺᠠ ᠶ᠋ᠢᠨ ᠢᠳᠡᠭᠡᠳ ᠪᠠᠢᠳᠠᠭ ᠲᠤᠤᠷᠲ ᠠ᠋ᠴᠠ ᠬᠦᠨᠳᠦ ᠲᠣᠮᠣ ᠪᠠᠢᠭᠰᠠᠨ ᠪᠠᠢᠬᠤ ᠨᠢ ᠠ᠋᠃
ᠪᠤᠺᠠ᠄ ᠵᠠ ᠲᠡᠢᠮᠦ ᠠ᠋᠂ ᠲᠡᠢᠮᠦ ᠲᠡᠢᠮᠦ᠂ ᠣᠯᠠᠨ ᠣᠯᠠᠨ ᠵᠢᠯ ᠡᠷᠳᠡᠮᠲᠡᠳ ᠮᠠᠰᠢ ᠶᠡᠬᠡ ᠵᠦᠢᠯ ᠢ ᠰᠤᠳᠤᠯᠵᠤ᠂ ᠣᠳᠣ ᠪᠢᠳᠡᠨ ᠦ᠌ ᠬᠡᠷᠡᠭᠯᠡᠵᠦ ᠪᠠᠢᠭ᠎ᠠ ᠡᠨᠡ ᠵᠢᠵᠢᠭ ᠵᠦᠢᠯ ᠢ᠋ᠶ᠋ᠡᠷ ᠬᠣᠭᠣᠷᠣᠨᠳᠣ ᠪᠠᠨ ᠶᠠᠷᠢᠬᠤ᠂ ᠶᠢᠦᠲ᠋ᠦᠪᠡ ᠬᠠᠷᠠᠬᠤ᠂ ᠰᠤᠹᠱᠢᠯ ᠠᠰᠢᠭᠯᠠᠬᠤ᠂ ᠪᠦᠬᠦ ᠰᠣᠨᠢᠷᠬᠠᠯᠲᠠᠢ ᠪᠢᠴᠢᠯᠭᠡ ᠦᠵᠡᠬᠦ᠂ ᠨᠢᠭᠡ ᠨᠢᠭᠡᠨ ᠳ᠋ᠦ᠍ ᠪᠡᠨ ᠮᠡᠳᠡᠭᠡᠯᠡᠯ ᠳᠠᠮᠵᠢᠭᠤᠯᠬᠤ ᠭᠡᠬᠦ ᠮᠡᠲᠦ ᠠᠶᠤᠮᠠᠷ ᠶᠡᠬᠡ ᠪᠣᠯᠤᠮᠵᠢ ᠶ᠋ᠢ ᠪᠣᠢ ᠪᠣᠯᠭᠠᠵᠤ ᠥᠭᠭᠦᠭᠰᠡᠨ ᠶᠦᠮ ᠪᠠᠢᠨ᠎ᠠ ᠰᠢᠳᠡ᠂ ᠡᠢᠮᠦ ᠪᠣᠯᠬᠣᠷ ᠪᠢ ᠡᠪᠦᠭᠡ ᠰᠢᠭ ᠢ᠋ᠶ᠋ᠡᠨ ᠮᠤᠨᠳᠠᠭ ᠡᠷᠳᠡᠮᠲᠡᠨ ᠪᠣᠯᠬᠤ ᠶ᠋ᠢ ᠬᠦᠰᠡᠳᠡᠭ ᠠ᠋᠃
ᠶᠦᠨᠢ᠄ ᠡᠷᠳᠡᠮᠲᠡᠨ ᠬᠥᠮᠦᠨ ᠪᠣᠯᠤᠨ᠎ᠠ ᠭᠡᠬᠦ ᠪᠡᠷ ᠭᠣᠶᠣ ᠶᠤᠮ ᠠ᠋᠂ ᠪᠤᠺᠠ ᠴᠢ ᠮᠠᠰᠢ ᠮᠤᠨᠳᠠᠭ ᠡᠷᠳᠡᠮᠲᠡᠨ ᠪᠣᠯᠵᠤ ᠴᠢᠳᠠᠨ᠎ᠠ᠂ ᠪᠢ ᠢᠲᠡᠭᠡᠵᠦ ᠪᠠᠢᠨ᠎ᠠ᠃
ᠲᠣᠣᠨᠢ᠄ ᠪᠢᠲᠡᠭᠡᠢ ᠲᠡᠭᠡᠭᠡᠳ ᠬᠢᠴᠢᠶᠡᠯ ᠢ᠋ ᠪᠡᠨ ᠬᠣᠭᠣᠯᠠ ᠲᠠᠢ ᠪᠠᠨ ᠬᠣᠯᠢᠭᠠᠳ ᠢᠳᠡᠴᠢᠬᠡᠭᠡᠷᠡᠢ ᠳᠡ᠂ ᠪᠤᠺᠠ᠃
ᠰᠠᠨᠢ᠄ ᠵᠠ ᠵᠠ ᠲᠡᠭᠡᠭᠡᠳ ᠨᠢᠭᠡᠨ ᠢ᠋ ᠪᠡᠨ ᠪᠢᠲᠡᠭᠡᠢ ᠢᠩᠭᠢᠵᠦ ᠶᠠᠷᠢ ᠭᠡᠵᠦ ᠲᠠ ᠨᠠᠷ ᠲᠤ᠌ ᠬᠡᠯᠡᠳᠡᠭ ᠰᠢᠦ᠂ ᠮᠠᠨ ᠤ᠋ ᠪᠤᠺᠠ ᠮᠠᠰᠢ ᠮᠤᠨᠳᠠᠭ ᠡᠷᠳᠡᠮᠲᠡᠨ ᠪᠣᠯᠵᠤ ᠴᠢᠳᠠᠨ᠎ᠠ᠃
ᠠᠢᠰᠤᠤ᠄ ᠮᠠᠨ ᠤ᠋ ᠬᠡᠳᠦ ᠳ᠋ᠦ᠍ ᠡᠨᠡ ᠤᠳᠠᠭ᠎ᠠ ᠶ᠋ᠢᠨ ᠠᠶᠠᠯᠠᠯ ᠶᠡᠬᠡ ᠰᠣᠨᠢᠷᠬᠠᠯᠲᠠᠢ ᠪᠠᠢᠭᠰᠠᠨ ᠶᠤᠮ ᠰᠢᠭ᠋ ᠪᠠᠢᠨ᠎ᠠ᠂ ᠣᠯᠠᠨ ᠵᠦᠢᠯᠡᠰ ᠦ᠋ᠨ ᠲᠠᠯ᠎ᠠ ᠪᠠᠷ ᠮᠡᠳᠡᠵᠦ ᠠᠪᠤᠭᠰᠠᠨ ᠭᠡᠳᠡᠭ ᠲᠦ᠍ ᠢᠲᠡᠭᠡᠯ ᠲᠡᠢ ᠪᠠᠢᠨ᠎ᠠ ᠰᠢᠦ ᠬᠡᠦᠬᠡᠳ ᠦ᠋ᠳ ᠠ᠋᠃ ᠬᠡ ᠬᠡ ᠪᠠᠶᠠᠷᠲᠠᠢ ᠬᠡᠦᠬᠡᠳ ᠦ᠋ᠳ ᠠ᠋ !

   ᠾᠦᠩ ᠸᠧᠢ ᠦᠰᠦᠭ ᠢ᠋ ᠨᠢ ᠠᠮᠢᠯᠠᠭᠤᠯᠵᠤ ᠬᠠᠲᠠᠪᠠ᠂
    ᠱᠤᠳᠤᠷᠭᠤ ᠮᠥᠴᠢᠷ ᠬᠣᠶᠠᠷ ᠬᠢᠨᠠᠵᠤ ᠥᠭᠪᠡ