ᠪᠤᠯᠴᠠᠭᠠᠷ ᠨᠠᠢᠵᠠ ᠨᠤᠭᠤᠳ 08- ᠴᠠᠭᠠᠨ ᠢᠳᠡᠭᠡЦагаан идээ-Булцгар найзууд ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠯᠴᠠᠭᠠᠷ ᠨᠠᠢᠵᠠ ᠨᠤᠭᠤᠳ 08- ᠴᠠᠭᠠᠨ ᠢᠳᠡᠭᠡЦагаан идээ-Булцгар найзууд

ᠪᠤᠯᠴᠠᠭᠠᠷ ᠨᠠᠢᠵᠠ ᠨᠤᠭᠤᠳ 08- ᠴᠠᠭᠠᠨ ᠢᠳᠡᠭᠡЦагаан идээ-Булцгар найзууд

2023-11-26

1194

ᠴᠠᠭᠠᠨ ᠢᠳᠡᠭᠡ

ᠲᠤᠤᠨᠢ᠄ ᠪᠤᠺᠠ ᠮᠠᠨᠢ ᠴᠤ᠌ ᠠᠬᠢᠭᠠᠳ ᠯᠠ ᠢᠳᠡᠭᠰᠡᠭᠡᠷ ᠪᠠᠢᠬᠤ ᠰᠢᠪ ᠳᠡ᠂ ᠠᠢ ᠪᠤᠺᠠ ᠮᠢᠨᠢ ᠳᠡ ᠪᠤᠺᠠ ᠮᠢᠨᠢ᠃
ᠪᠤᠺᠠ᠄ ᠵᠤᠨ ᠴᠠᠭ ᠴᠠᠭᠠᠨ ᠢᠳᠡᠭᠡ ᠶ᠋ᠢ ᠰᠠᠢᠨ ᠢᠳᠡ ᠢᠩᠭᠢᠵᠦ ᠡᠪᠦᠭᠡ ᠡᠮᠡᠭᠡ ᠴᠢᠨᠢ ᠬᠡᠯᠡᠵᠦ ᠪᠠᠢᠭ᠎ᠠ ᠦᠭᠡᠢ ᠶᠦᠮ ᠤᠤ? ᠴᠠᠭᠠᠨ ᠢᠳᠡᠭᠡ ᠴᠢᠨᠢ ᠮᠥᠨ  ᠯᠡ ᠪᠢᠳᠡᠨ ᠦ᠌ ᠪᠠᠢᠳᠠᠭ ᠶᠠᠭᠤᠮ᠎ᠠ ᠰᠢᠳᠡ᠂  ᠲᠤᠤᠨᠢ ᠮᠢᠨᠢ᠃
ᠲᠤᠤᠨᠢ᠄ ᠲᠡᠢᠮᠦ ᠭᠡᠵᠦ ᠤᠤ? ᠲᠡᠭᠡᠪᠡᠯ ᠨᠠᠭᠠᠳᠤᠬᠢ ᠶ᠋ᠢ ᠴᠢᠨᠢ ᠶᠠᠭᠠᠬᠢᠵᠤ ᠬᠢᠳᠡᠭ ᠶᠦᠮ?
ᠰᠠᠨᠢ᠄ ᠠᠮᠠᠨ ᠳ᠋ᠤ᠌ ᠣᠷᠣᠬᠤ ᠪᠠᠷ ᠯᠠ ᠪᠤᠲᠠᠷᠠᠭᠠᠳ ᠯᠠ᠂ ᠶᠠ ᠶᠠ᠂ ᠪᠣᠳᠣᠭᠰᠠᠨ ᠴᠢᠨᠢ ᠬᠠᠮᠤᠭ ᠠᠷᠠᠭᠠᠨ ᠤ᠋ ᠰᠢᠯᠦᠰᠦ ᠭᠣᠭᠣᠵᠢᠴᠢᠬᠠᠯ᠎ᠠ᠃
ᠶᠦᠨᠢ᠄ ᠨᠠᠭᠠᠳᠤ ᠴᠠᠭᠠᠨ ᠶᠠᠭᠤᠮᠠᠨ ᠤ᠋ ᠪᠠᠨ ᠲᠠᠯ᠎ᠠ ᠪᠠᠷ ᠶᠠᠷᠢᠭᠠᠳ ᠪᠠᠢᠭ᠎ᠠ ᠶᠤᠮ ᠤᠤ? ᠬᠣᠭᠣᠯᠠ ᠶᠤᠮ ᠤᠤ? ᠠᠮᠲᠠᠲᠠᠨ ᠶᠤᠮ ᠤᠤ?
ᠪᠤᠺᠠ᠄ ᠵᠠ᠂ ᠪᠠᠷᠤᠭ ᠯᠠ ᠠᠮᠲᠠᠲᠠᠨ ᠳᠠ᠂ ᠮᠣᠩᠭᠣᠯ ᠬᠡᠦᠬᠡᠳ ᠦ᠋ᠳ ᠪᠢᠳᠡ ᠨᠠᠷ ᠤ᠋ᠨ ᠠᠮᠲᠠᠲᠠᠨ ᠯᠠ ᠶᠤᠮ ᠭᠡᠰᠡᠨ ᠦᠭᠡ  ᠂ ᠬᠥᠯᠳᠡᠭᠡᠭᠰᠡᠨ ᠠᠭᠠᠷᠴᠠ ᠲᠠᠢ ᠵᠠᠢᠷᠮᠠᠭ᠂ ᠰᠦᠨ ᠰᠢᠬᠢᠷ᠂ ᠲᠥᠷᠥᠯ ᠪᠦᠷᠢ ᠶ᠋ᠢᠨ ᠬᠡᠯᠪᠡᠷᠢ ᠲᠡᠢ ᠠᠭᠠᠷᠤᠤᠯ ᠤ᠋ᠳ ᠂ ᠭᠣᠶᠣ ᠰᠦᠨ ᠬᠤᠷᠤᠳ ᠭᠡᠵᠦ ᠵᠥᠩᠳᠡᠭᠡᠨ ᠭᠣᠶᠣ ᠶᠠᠭᠤᠮ᠎ᠠ ᠪᠠᠢᠳᠠᠭ ᠰᠢᠲᠠ᠃
ᠶᠦᠨᠢ᠄ ᠲᠠ ᠨᠠᠷ ᠡᠭᠦᠨ ᠳᠡᠭᠡᠷ᠎ᠡ ᠨᠠᠳᠠ ᠤᠤᠭᠤᠯᠭᠠᠭᠠᠳ ᠪᠠᠢᠭᠰᠠᠨ ᠴᠢᠨᠢ ᠰᠦ ᠭᠡᠳ ᠪᠠᠢᠭᠰᠠᠨ ᠪᠢᠵᠡ ᠳᠡ᠂ ᠡᠨᠡ ᠶᠦᠮ ᠤᠤ?
ᠰᠠᠨᠢ᠄ ᠶᠦᠨᠢ ᠠᠭᠠᠷᠤᠤᠯ ᠭᠡᠭᠴᠢ ᠶ᠋ᠢ ᠰᠦ ᠪᠡᠷ ᠬᠢᠳᠡᠭ ᠪᠠᠢᠬᠤ ᠦᠭᠡᠢ ᠤᠤ᠃
ᠶᠦᠨᠢ᠄ ᠲᠡᠢᠮᠦ ᠰᠢᠩᠭᠡᠨ ᠵᠦᠢᠯ ᠢ᠋ ᠶᠠᠭᠠᠬᠢᠵᠤ ᠲᠡᠢᠮᠦ ᠬᠠᠲᠠᠭᠤ ᠪᠣᠯᠭᠠᠬᠤ ᠤᠤ?
ᠲᠤᠤᠨᠢ᠄ ᠲᠡᠷᠡ ᠯᠠ ᠭᠠᠢᠭᠤᠢ ᠯᠠ ᠪᠠᠢᠵᠠᠢ᠃
ᠷᠦᠪᠢ᠄ ᠰᠦ ᠶ᠋ᠢ ᠬᠠᠲᠠᠭᠠᠭᠰᠠᠭᠠᠷ ᠯᠠ ᠪᠠᠢᠭᠠᠳ ᠡᠢᠮᠦ ᠪᠣᠯᠭᠠᠳᠠᠭ ᠶᠤᠮ ᠪᠠᠢᠬ᠎ᠠ ᠳᠠ᠃
ᠰᠠᠨᠢ᠄ ᠡᠰᠡᠪᠡᠯ ᠬᠥᠯᠳᠡᠭᠡᠳᠡᠭ ᠶᠦᠮ ᠪᠣᠯᠪᠠ ᠤᠤ?
ᠠᠢᠰᠤᠤ᠄ ᠵᠠ᠂ ᠨᠠᠢᠵᠠ ᠨᠤᠭᠤᠳ ᠠ᠋᠂ ᠪᠤᠺᠠ ᠶ᠋ᠢᠨ ᠢᠳᠡᠭᠡᠳ ᠪᠠᠢᠭ᠎ᠠ ᠠᠭᠠᠷᠤᠤᠯ ᠢ᠋ ᠰᠤᠳᠤᠯᠤᠭᠠᠳ ᠳᠠᠭᠤᠰᠴᠢᠬᠠᠯ᠎ᠠ ᠰᠢᠦ᠂ ᠬᠠᠮᠲᠤ ᠠᠶᠠᠯᠠᠬᠤ ᠳ᠋ᠤ᠌ ᠪᠡᠯᠡᠨ ᠤᠤ?
ᠲᠤᠤᠨᠢ᠄ ᠶᠣ᠂ ᠮᠠᠨ ᠤ᠋ ᠠᠢᠰᠤᠤ ᠨᠡᠭᠡᠷᠡᠨ ᠦᠨᠡᠨ ᠤᠬᠠᠭᠠᠨ ᠲᠠᠢ ᠶᠤᠮ ᠠ᠋᠂ ᠪᠢᠳᠡ ᠬᠡᠳᠦ ᠶ᠋ᠢ ᠡᠨᠳᠡ ᠠᠩᠭᠠᠢᠭᠠᠳ ᠭᠠᠢᠬᠠᠵᠤ ᠪᠠᠢᠬᠤ ᠳ᠋ᠤ᠌ ᠯᠠ ᠠᠯᠢ ᠬᠡᠳᠦᠢᠨ ᠰᠤᠳᠤᠯᠤᠭ᠎ᠠ ᠬᠢᠭᠡᠳ ᠮᠡᠳᠡᠭᠡᠯᠡᠯ ᠢ᠋ᠶ᠋ᠡᠨ ᠣᠯᠴᠢᠬᠠᠭᠰᠠᠨ ᠪᠠᠢᠨ᠎ᠠ ᠰᠢᠲᠠ᠃
ᠶᠦᠨᠢ᠄ ᠪᠢᠳᠡ ᠬᠡᠳᠦ ᠶ᠋ᠢᠨ ᠮᠡᠳᠡᠬᠦ ᠦᠭᠡᠢ ᠪᠠᠢᠭ᠎ᠠ ᠵᠦᠢᠯ ᠦ᠋ᠨ ᠲᠠᠯ᠎ᠠ ᠪᠠᠷ ᠠᠢᠰᠤᠤ ᠮᠢᠨᠢ ᠲᠠᠩᠳᠠ ᠭᠣᠶᠣ ᠪᠠᠷ ᠦᠵᠡᠭᠦᠯᠵᠦ ᠬᠠᠷᠠᠭᠤᠯᠳᠠᠭ ᠰᠢᠦ᠂ ᠲᠡᠢᠮᠦ ᠠ᠋ ᠨᠠᠢᠵᠠ ᠨᠤᠭᠤᠳ ᠠ᠋᠃
ᠲᠤᠤᠨᠢ᠄ ᠴᠢᠮ᠎ᠠ ᠰᠢᠭ ᠡᠢᠮᠦ ᠤᠬᠠᠭᠠᠨ ᠲᠠᠢ ᠨᠠᠢᠵᠠ ᠲᠠᠢ ᠪᠣᠯᠤᠭᠰᠠᠨ ᠳ᠋ᠤ᠌ ᠪᠠᠨ ᠪᠠᠶᠠᠷᠯᠠᠭᠠᠳ ᠬᠠᠨᠳᠠᠭ ᠦᠭᠡᠢ ᠰᠢᠦ᠃ ᠠᠯᠢᠪ ᠦᠨᠦᠰᠦᠶ᠎ᠡ᠂ ᠠᠯᠢᠪ ᠦᠨᠦᠰᠴᠢᠬᠡᠶ᠎ᠡ ᠯᠡ ᠳᠡ᠃ ᠠᠯᠢᠪ ᠦᠨᠦᠰᠦᠶ᠎ᠡ ᠯᠡ ᠳᠡ᠃
ᠰᠠᠨᠢ᠄ ᠪᠤᠰᠢᠭᠤᠬᠠᠨ ᠰᠢᠭ᠋ ᠠᠶᠠᠯᠠᠯ ᠳ᠋ᠤ᠌ ᠪᠠᠨ ᠭᠠᠷᠤᠶ᠎ᠠ ᠯᠠ ᠳᠠ᠂ ᠮᠠᠨ ᠤ᠋ ᠬᠢ ᠠ᠋᠃
ᠷᠦᠪᠢ᠄ ᠲᠡᠭᠡᠶ᠎ᠡ ᠲᠡᠭᠡᠶ᠎ᠡ ! ᠥᠭᠡᠷ᠎ᠡ ᠭᠣᠶᠣ ᠰᠢᠨᠡᠬᠡᠨ ᠢ᠋ᠶ᠋ᠡᠷ ᠬᠠᠷᠠᠭᠤᠯᠤᠨ᠎ᠠ ᠭᠡᠳᠡᠭ ᠲᠦ᠍ ᠨᠠᠢᠳᠠᠵᠤ ᠪᠠᠢᠭ᠎ᠠ ᠰᠢᠦ ᠠᠢᠰᠤᠤ᠃
ᠠᠢᠰᠤᠤ᠄ ᠨᠠᠢᠳᠠᠵᠤ ᠪᠣᠯᠤᠨ᠎ᠠ᠂ ᠪᠦᠷ ᠬᠥᠭᠡᠷᠦᠬᠦᠨ ᠰᠢᠨ᠎ᠡ ᠨᠠᠢᠵᠠ ᠲᠠᠢ ᠪᠣᠯᠭᠠᠨ᠎ᠠ᠂ ᠵᠠ ᠤᠤ?
ᠷᠦᠪᠢ᠄ ᠰᠢᠨ᠎ᠡ ᠨᠠᠢᠵᠠ ᠠ᠋᠂ ᠶᠠ ᠶᠠ᠂ ᠦᠶ᠎ᠡ ᠶ᠋ᠢᠨ ᠨᠠᠢᠵᠠ ᠠ᠋ᠴᠠ ᠪᠠᠨ ᠮᠡᠳᠡᠭᠡᠯᠡᠯ ᠠᠪᠬᠤ ᠶᠤᠮ ᠪᠠᠢᠨ᠎ᠠ ᠰᠢᠳᠡ᠃
ᠲᠤᠤᠨᠢ᠄ ᠨᠠᠳᠠ ᠠ᠋ᠴᠠ ᠬᠢᠷᠢ ᠴᠠᠷᠠᠢᠯᠢᠭ ᠪᠣᠢ?
ᠷᠦᠪᠢ᠄ ᠲᠡᠢᠮᠦ ᠠ᠋ ᠠᠨᠳᠠ ᠠ᠋᠂ ᠴᠢ ᠬᠠᠮᠤᠭ ᠤ᠋ᠨ ᠬᠥᠭᠡᠷᠦᠬᠦᠨ ᠨᠢ᠂ ᠣᠳᠣ ᠰᠢᠯ ᠢ᠋ᠶ᠋ᠡᠨ ᠵᠡᠭᠦᠴᠢᠬᠡ᠂ ᠵᠠ ᠤᠤ?
ᠪᠠᠩᠬᠠᠷ᠄ ᠮᠣᠩᠭᠣᠯ ᠠᠵᠤ ᠠᠬᠤᠢ ᠲᠠᠢ ᠲᠠᠨᠢᠯᠴᠠᠬᠤ ᠪᠠᠷ ᠢᠷᠡᠭᠰᠡᠨ ᠨᠥᠭᠦᠭᠡ ᠠᠢᠰᠤᠤ ᠶ᠋ᠢᠨ ᠨᠠᠢᠵᠠ ᠨᠤᠭᠤᠳ ᠮᠥᠨ ᠤᠤ? ᠡᠨᠡ ᠪᠣᠯ ᠮᠠᠨ ᠤ᠋ ᠭᠡᠷ᠂ ᠲᠠ ᠬᠡᠳᠦ ᠶ᠋ᠢᠨ ᠲᠠᠯ᠎ᠠ ᠪᠠᠷ ᠠᠢᠰᠤᠤ ᠨᠠᠳᠠ ᠬᠡᠯᠡᠭᠰᠡᠨ᠃ ᠴᠠᠭᠠᠨ ᠢᠳᠡᠭᠡ ᠬᠡᠷᠬᠢᠨ ᠪᠦᠲᠦᠳᠡᠭ ᠲᠠᠯ᠎ᠠ ᠪᠠᠷ ᠮᠡᠳᠡᠬᠦ ᠦᠭᠡᠢ ᠪᠠᠢᠭ᠎ᠠ᠂ ᠰᠠᠢᠨ ᠬᠡᠯᠡᠭᠡᠳ ᠥᠭᠭᠦᠭᠡᠷᠡᠢ ᠭᠡᠰᠡᠨ᠂ ᠨᠠᠮ᠎ᠠ ᠶ᠋ᠢ ᠪᠠᠩᠬᠠᠷᠬᠦᠦ ᠭᠡᠳᠡᠭ᠃
ᠪᠤᠺᠠ᠄ ᠨᠠᠮ᠎ᠠ ᠶ᠋ᠢ ᠪᠤᠺᠠ  ᠶᠤᠮ ᠭᠡᠳᠡᠭ ᠰᠢᠦ᠃
ᠶᠦᠨᠢ᠄ ᠨᠠᠮ᠎ᠠ ᠶ᠋ᠢ ᠶᠦᠨᠢ᠃
ᠷᠦᠪᠢ᠄ ᠷᠦᠪᠢ᠃
ᠰᠠᠨᠢ᠄ ᠰᠠᠨᠢ᠃
ᠲᠤᠤᠨᠢ᠄ ᠠ᠋ ᠬᠡ ᠬᠡ᠂ ᠠ  ᠲᠤᠤᠨᠢ  ᠲᠤᠤᠨᠢ᠂ ᠡᠨᠡ ᠶᠡᠬᠡ ᠭᠣᠶᠣ ᠡᠳ᠋ ᠪᠠᠢᠨ᠎ᠠ᠂ ᠲᠡᠢᠮᠦ ᠬᠡ ᠬᠡ᠂ ᠲᠡᠭᠡᠭᠡᠳ  ᠲᠤᠤᠨᠢ ᠨᠢ ᠪᠢᠰᠢ᠂ ᠡᠨᠡ ᠡᠨᠡ᠂ ᠡᠭᠦᠨ ᠢ᠋ ᠵᠢᠭᠠᠬᠠᠨ ᠶᠠᠩᠵᠤᠯᠠᠴᠢᠬᠠᠨ᠎ᠠ᠃
ᠪᠠᠩᠬᠠᠷ᠄ ᠵᠠ ᠲᠡᠭᠡᠪᠡᠯ ᠬᠡᠳᠦᠭᠦᠯᠡ ᠪᠡᠨ ᠭᠠᠷᠴᠠᠭᠠᠬᠤ ᠨᠠᠢᠵᠠ ᠨᠤᠭᠤᠳ ᠠ᠋᠃
ᠪᠦᠭᠦᠳᠡᠭᠡᠷ᠄ ᠵᠠ᠂ ᠲᠡᠭᠡᠶ᠎ᠡ ᠲᠡᠭᠡᠶ᠎ᠡ᠂ ᠪᠣᠯᠵᠤ ᠪᠠᠢᠨ᠎ᠠ᠃
ᠰᠠᠨᠢ᠄ ᠶᠠᠮᠠᠷ ᠭᠣᠶᠣ ᠬᠡ ᠤᠭᠠᠯᠵᠠ ᠲᠠᠢ ᠰᠢᠷᠡᠭᠡ ᠪᠣᠢ? ᠪᠢ ᠭᠡᠷ ᠲᠦ᠍ ᠪᠡᠨ ᠶᠠᠭ ᠡᠢᠮᠦ ᠰᠢᠷᠡᠭᠡ ᠲᠡᠢ ᠪᠣᠯᠤᠨ᠎ᠠ᠃
ᠲᠤᠤᠨᠢ᠄ ᠡᠨᠡ ᠪᠣᠯ ᠪᠤᠺᠠ ᠶ᠋ᠢᠨ ᠢᠳᠡᠭᠰᠡᠨ ᠠᠭᠠᠷᠤᠤᠯ ᠭᠡᠳᠡᠭ ᠨᠢ ᠮᠥᠨ ᠤᠤ? ᠬᠥᠶᠢ᠃
ᠪᠠᠩᠬᠠᠷ᠄ ᠠ᠋ ᠬᠡ
ᠶᠦᠨᠢ᠄ ᠲᠡᠭᠡᠭᠡᠳ ᠡᠳᠡᠭᠡᠷ ᠢ᠋ ᠶᠠᠭ ᠶᠠᠭᠠᠬᠢᠵᠤ ᠬᠢᠳᠡᠭ ᠪᠢᠯᠡ?
ᠪᠠᠩᠬᠠᠷ᠄ ᠵᠢᠱ᠌ᠢᠶᠡᠯᠡᠪᠡᠯ ᠄ ᠥᠷᠥᠮ᠎ᠡ᠃ ᠥᠷᠥᠮ᠎ᠡ ᠨᠢ ᠬᠥᠭᠡᠷᠦᠭᠦᠯᠦᠭᠰᠡᠨ ᠰᠦᠨ ᠦ᠌ ᠲᠤᠰᠤᠯᠢᠭᠲᠤ ᠬᠡᠰᠡᠭ ᠢ᠋ ᠴᠠᠷᠴᠠᠭᠠᠵᠤ ᠠᠪᠤᠭᠰᠠᠨ ᠴᠠᠭᠠᠨ ᠢᠳᠡᠭᠡ ᠪᠠᠢᠬᠤ ᠦᠭᠡᠢ ᠤᠤ᠃
ᠪᠤᠺᠠ᠄ ᠠᠮᠰᠠᠴᠢᠬᠠᠬᠤ ᠤᠤ? ᠬᠢ ᠬᠢ ᠦ᠂ ᠶᠠᠮᠠᠷ ᠭᠣᠶᠣ ᠠᠮᠲᠠᠲᠠᠢ ᠶᠤᠮ ᠪᠣᠢ?
ᠰᠠᠨᠢ᠄ ᠡᠬᠢᠯᠡᠭᠡᠳ ᠴᠠᠭᠠᠨ ᠢᠳᠡᠭᠡ ᠨᠥᠬᠥᠳ ᠢ᠋ ᠮᠡᠳᠡᠭᠡᠳ ᠠᠪᠤᠭᠠᠳ ᠲᠡᠭᠡᠶ᠎ᠡ ᠯᠡ ᠳᠡ᠂ ᠲᠡᠭᠡᠭᠡᠳ ᠳᠠᠷᠠᠭ᠎ᠠ ᠨᠢ ᠢᠳᠡᠴᠢᠬᠡ ᠪᠤᠺᠠ᠃
ᠪᠤᠺᠠ᠄ ᠠ᠂ ᠵᠠ ᠳᠠᠭᠤᠰᠴᠢᠬᠠᠯ᠎ᠠ᠃
ᠪᠠᠩᠬᠠᠷ᠄ ᠡᠨᠡ ᠪᠣᠯ ᠲᠠᠷᠠᠭ᠃ ᠲᠠᠷᠠᠭ ᠢ᠋ ᠬᠢᠬᠦ ᠳ᠋ᠦ᠍ ᠪᠡᠨ ᠬᠥᠭᠡᠷᠦᠭᠦᠯᠦᠭᠰᠡᠨ ᠰᠦ ᠶ᠋ᠢ ᠵᠥᠭᠡᠯᠡᠨ ᠭᠠᠯ ᠢ᠋ᠶ᠋ᠠᠷ ᠪᠦᠯᠢᠶᠡᠰᠬᠡᠵᠦ᠂ ᠮᠥᠨ ᠰᠠᠢᠲᠤᠷ ᠬᠤᠳᠬᠤᠭᠰᠠᠨ ᠬᠥᠷᠥᠩᠭᠡ ᠶ᠋ᠢ ᠰᠦᠨ ᠳ᠋ᠦ᠍ ᠬᠢᠵᠦ ᠬᠥᠭᠡᠰᠦᠷᠡᠲᠡᠯ᠎ᠡ ᠨᠢ ᠰᠠᠮᠤᠷᠤᠭᠠᠳ᠂ ᠬᠠᠯᠠᠭᠤᠨ ᠪᠦᠯᠢᠶᠡᠨ ᠪᠣᠯᠣᠮᠠᠭᠴᠠ ᠨᠢ ᠲᠠᠭᠯᠠᠭᠠᠳ᠂ ᠬᠤᠴᠢᠵᠤ ᠠᠮᠠᠷᠠᠭᠠᠭᠠᠳ᠂ ᠬᠣᠶᠠᠷ ᠴᠠᠭ ᠤ᠋ᠨ ᠳᠠᠷᠠᠭ᠎ᠠ ᠬᠤᠴᠢᠯᠭ᠎ᠠ ᠶ᠋ᠢ ᠠᠪᠬᠤ ᠳ᠋ᠤ᠌ ᠲᠠᠷᠠᠭ ᠪᠡᠯᠡᠨ ᠪᠣᠯᠳᠠᠭ᠃ ᠬᠠᠷᠢᠨ ᠠᠭᠠᠷᠴᠠ ᠶ᠋ᠢ ᠭᠠᠷᠭᠠᠵᠤ ᠠᠪᠬᠤ ᠳ᠋ᠤ᠌ ᠪᠠᠨ ᠪᠡᠯᠡᠨ ᠪᠣᠯᠤᠭᠰᠠᠨ ᠲᠠᠷᠠᠭ ᠢ᠋ ᠵᠥᠭᠡᠯᠡᠨ ᠭᠠᠯ ᠳᠡᠭᠡᠷ᠎ᠡ ᠰᠠᠢᠲᠤᠷ ᠰᠠᠮᠤᠷᠴᠤ ᠪᠤᠴᠠᠯᠭᠠᠭᠠᠳ᠂ ᠭᠤᠷᠪᠠ ᠠ᠋ᠴᠠ ᠳᠥᠷᠪᠡᠨ ᠴᠠᠭ ᠬᠥᠷᠥᠭᠡᠭᠰᠡᠨ ᠦ᠌ ᠳᠠᠷᠠᠭ᠎ᠠ᠂ ᠤᠭᠤᠲᠠᠨ ᠳ᠋ᠤ᠌ ᠱᠦᠭᠦᠵᠦ ᠠᠭᠠᠷᠴᠠ ᠶ᠋ᠢ ᠭᠠᠷᠭᠠᠵᠤ ᠠᠪᠳᠠᠭ᠃ ᠠᠭᠠᠷᠴᠠ ᠶ᠋ᠢ ᠪᠠᠵᠠᠵᠤ ᠰᠢᠬᠠᠬᠤ ᠱᠦᠭᠦᠬᠦ ᠵᠡᠷᠭᠡ ᠪᠡᠷ ᠨᠢᠭᠲᠠᠷᠠᠱᠢᠭᠤᠯᠵᠤ ᠬᠠᠲᠠᠭᠠᠭᠰᠠᠨ ᠢ᠋ ᠨᠢ ᠠᠭᠠᠷᠤᠤᠯ ᠭᠡᠳᠡᠭ᠃
ᠪᠤᠺᠠ᠄ ᠠ᠂ ᠢᠩᠭᠢᠵᠦ ᠠᠭᠠᠷᠤᠤᠯ ᠪᠣᠢ ᠪᠣᠯᠳᠠᠭ ᠶᠤᠮ ᠪᠠᠢᠨ᠎ᠠ ᠪᠣᠢ ᠃
ᠷᠦᠪᠢ᠄ ᠬᠣᠭᠣᠷᠣᠨᠳᠣ ᠪᠠᠨ ᠶᠡᠬᠡ ᠤᠶᠠᠯᠳᠤᠭ᠎ᠠ ᠬᠣᠯᠪᠣᠭ᠎ᠠ ᠲᠠᠢ ᠶᠤᠮ ᠠ᠋᠂ ᠲᠡᠢᠮᠦ?
ᠶᠦᠨᠢ᠄ ᠬᠠᠷᠢᠨ ᠲᠡᠢᠮᠦ ᠪᠠᠢᠨ᠎ᠠ᠂ ᠴᠠᠭᠠᠨ ᠢᠳᠡᠭᠡ ᠭᠡᠳᠡᠭ ᠶᠣᠰᠣᠲᠠᠢ ᠭᠠᠢᠬᠠᠯᠲᠠᠢ ᠵᠦᠢᠯ ᠶᠦᠮ ᠠ᠋᠃
ᠪᠤᠺᠠ᠄ ᠣᠳᠣ ᠭᠢᠯᠠᠰ ᠢᠳᠡᠴᠢᠬᠡᠬᠦ ᠤᠤ?
ᠪᠠᠩᠬᠠᠷ᠄ ᠬᠡ ᠬᠡ᠂ ᠲᠡᠭᠡ ᠲᠡᠭᠡ᠃
ᠪᠤᠺᠠ᠄ ᠡᠨᠡ ᠴᠢᠨᠢ ᠰᠢᠬᠢᠷᠯᠢᠭ ᠠᠭᠠᠷᠤᠤᠯ ᠪᠠᠢᠨ᠎ᠠ ᠰᠢᠲᠠ᠂ ᠭᠣᠶᠣ ᠶᠤᠮ ᠠ᠋᠃
 ᠲᠤᠤᠨᠢ᠄ ᠠ᠂ ᠪᠢ ᠨᠢᠭᠡ ᠵᠦᠢᠯ ᠠᠰᠠᠭᠤᠴᠢᠬᠠᠬᠤ ᠤᠤ? ᠲᠦᠷᠦᠭᠦᠦ ᠨᠥᠭᠦᠭᠡ ᠭᠡᠷ ᠲᠦ᠍ ᠪᠠᠢᠬᠤ ᠳ᠋ᠤ᠌ ᠮᠢᠨᠦ ᠨᠥᠭᠦᠭᠡ ᠰᠠᠨᠠᠭᠠᠨ ᠳ᠋ᠤ᠌ ᠦᠭᠡᠢ ᠪᠡᠷ ᠡᠪᠳᠡᠯᠡᠴᠢᠬᠡᠭᠰᠡᠨ ᠵᠦᠢᠯ ᠳ᠋ᠦ᠍ ᠪᠠᠢᠭᠰᠠᠨ ᠨᠥᠭᠦᠭᠡ ᠨᠢᠭᠡᠨ ᠪᠣᠷᠣ ᠪᠣᠷᠣ  ᠬᠠᠲᠠᠴᠢᠬᠠᠭᠰᠠᠨ ᠶᠠᠭᠤᠮ᠎ᠠ ᠨᠤᠭᠤᠳ ᠲᠡᠷᠡ ᠶᠠᠭᠤ ᠪᠠᠢᠭᠰᠠᠨ ᠶᠤᠮ ᠪᠣᠢ?
ᠪᠠᠩᠬᠠᠷ᠄ ᠠ᠂ ᠲᠡᠷᠡ ᠴᠢᠨᠢ ᠠᠷᠭᠠᠯ᠂ ᠠᠷᠭᠠᠯ ᠭᠡᠳᠡᠭ ᠨᠢ ᠦᠬᠡᠷ ᠮᠠᠯ ᠤ᠋ᠨ ᠨᠣᠢᠲᠠᠨ ᠪᠠᠭᠠᠰᠤ ᠶ᠋ᠢ ᠬᠠᠲᠠᠭᠠᠵᠤ ᠭᠠᠯ ᠲᠦᠯᠡᠬᠦ ᠳ᠋ᠦ᠍ ᠠᠰᠢᠭᠯᠠᠳᠠᠭ᠃
ᠶᠦᠨᠢ᠄ ᠮᠣᠩᠭᠣᠯ ᠠᠵᠤ ᠠᠬᠤᠢ ᠠ᠋ᠴᠠ ᠪᠠᠷᠤᠭ ᠬᠡᠷᠡᠭ ᠦᠭᠡᠢ ᠶᠠᠭᠤᠮ᠎ᠠ ᠭᠡᠵᠦ ᠪᠠᠢᠳᠠᠭ ᠦᠭᠡᠢ ᠶᠦᠮ ᠪᠢᠰᠢ ᠤᠤ? 
ᠷᠦᠪᠢ᠄ ᠴᠠᠭᠠᠨ ᠢᠳᠡᠭᠡᠨ ᠦ᠌ ᠲᠠᠯ᠎ᠠ ᠪᠠᠷ ᠮᠡᠳᠡᠭᠡᠯᠡᠯ ᠥᠭᠭᠦᠭᠰᠡᠨ ᠪᠠᠩᠬᠠᠷᠬᠦᠦ ᠨᠠᠢᠵᠠ ᠳ᠋ᠤ᠌ ᠪᠠᠨ ᠪᠠᠶᠠᠷᠯᠠᠯ᠎ᠠ᠂ ᠴᠢ ᠴᠤ᠌ ᠶᠤᠰᠤᠲᠠᠢ ᠮᠤᠨᠳᠠᠭ ᠬᠡᠦᠬᠡᠳ ᠶᠦᠮ ᠠ᠋᠃
ᠪᠤᠺᠠ᠄ ᠡᠳᠡ ᠨᠠᠷ ᠠ᠋ᠴᠠ ᠠᠪᠤᠭᠠᠳ ᠶᠠᠪᠤᠴᠢᠬᠠᠵᠤ ᠪᠣᠯᠬᠤ ᠤᠤ?
ᠰᠠᠨᠢ᠄ ᠬᠥᠥᠭ ᠲᠡᠭᠦᠨ ᠢ᠋ ᠬᠠᠷᠠ ᠠ᠋᠂ ᠨᠠᠷᠠ ᠵᠢᠷᠭᠠᠵᠤ ᠪᠠᠢᠨ᠎ᠠ᠂ ᠮᠠᠨ ᠤ᠋ ᠮᠣᠩᠭᠣᠯ ᠤ᠋ᠨ ᠪᠠᠢᠭᠠᠯᠢ ᠶᠠᠮᠠᠷ ᠦᠵᠡᠰᠬᠦᠯᠡᠩ ᠲᠡᠢ ᠶᠦᠮ ᠪᠣᠢ?
ᠠᠢᠰᠤᠤ᠄ ᠲᠠᠨᠢᠨ ᠮᠡᠳᠡᠬᠦᠢ ᠶ᠋ᠢᠨ ᠴᠠᠭ ᠡᠬᠢᠯᠡᠯ᠎ᠡ᠂ ᠳᠡᠯᠭᠡᠴᠡᠨ ᠳ᠋ᠦ᠍ ᠪᠡᠨ ᠣᠢᠷᠠᠲᠤᠭᠠᠷᠠᠢ᠃ ᠴᠠᠭᠠᠨ ᠢᠳᠡᠭᠡ ᠶ᠋ᠢ ᠶᠡᠷᠦᠩᠬᠡᠢ ᠳ᠋ᠦ᠍ ᠨᠢ ᠳᠠᠷᠠᠭᠠᠬᠢ ᠪᠠᠢᠳᠠᠯ ᠢ᠋ᠶ᠋ᠠᠷ ᠠᠩᠭᠢᠯᠠᠳᠠᠭ᠃ ᠰᠦ ᠬᠢᠷᠠᠮ᠎ᠠ ᠥᠷᠥᠮ᠎ᠡ ᠬᠤᠯᠢᠭᠰᠠᠨ ᠲᠣᠰᠣ ᠰᠢᠷ᠎ᠠ ᠲᠣᠰᠣ ᠠᠢᠷᠠᠭ ᠬᠣᠭᠣᠷᠮᠠᠭ ᠲᠠᠷᠠᠭ ᠠᠭᠠᠷᠴᠠ ᠠᠭᠠᠷᠤᠤᠯ ᠡᠭᠡᠳᠡᠮ ᠪᠢᠰᠢᠯᠠᠭ ᠭᠡᠬᠦ ᠮᠡᠲᠦ ᠪᠡᠷ ᠠᠩᠭᠢᠯᠠᠳᠠᠭ᠃ ᠰᠦ ᠴᠠᠭᠠᠨ ᠢᠳᠡᠭᠡ ᠨᠢ ᠰᠢᠳᠦᠨ ᠳ᠋ᠦ᠍ ᠨᠡᠩ ᠬᠡᠷᠡᠭᠲᠡᠢ ᠪᠠᠺᠲ᠋ᠧᠷᠢ ᠤᠰᠠᠳᠬᠠᠭᠴᠢ᠂ ᠥᠪᠡᠷᠮᠢᠴᠡ ᠺᠠᠯᠼ ᠺᠠᠯᠢ ᠶᠡᠬᠡ ᠪᠡᠷ ᠠᠭᠤᠯᠤᠭᠳᠠᠳᠠᠭ ᠪᠠᠢᠨ᠎ᠠ᠃ ᠲᠡᠭᠡᠬᠦ ᠪᠡᠷ ᠬᠡᠦᠬᠡᠳ ᠦ᠋ᠳ ᠠ᠋᠂ ᠰᠦ ᠰᠦᠨ ᠪᠦᠲᠦᠭᠡᠭᠳᠡᠬᠦᠨ ᠪᠣᠯᠤᠨ ᠴᠠᠭᠠᠨ ᠢᠳᠡᠭᠡ ᠪᠡᠨ ᠲᠣᠭᠲᠠᠮᠠᠯ ᠢᠳᠡᠵᠦ ᠬᠡᠪᠰᠢᠭᠡᠷᠡᠢ᠃ ᠪᠠᠶᠠᠷᠲᠠᠢ ᠬᠡᠦᠬᠡᠳ ᠦ᠋ᠳ ᠠ᠋᠃
ᠾᠦᠩ ᠸᠧᠢ ᠦᠰᠦᠭ ᠢ᠋ ᠨᠢ ᠠᠮᠢᠯᠠᠭᠤᠯᠵᠤ ᠬᠠᠲᠠᠪᠠ ᠂ ᠮᠥᠴᠢᠷ ᠬᠢᠨᠠᠵᠤ ᠥᠭᠪᠡ᠃