ᠪᠤᠯᠴᠠᠭᠠᠷ ᠨᠠᠢᠵᠠ ᠨᠤᠭᠤᠳ 06- ᠪᠡᠶ᠎ᠡ ᠪᠡᠨ ᠬᠠᠢᠷᠠᠯᠠᠶ᠎ᠠ ᠲᠡᠭᠡᠬᠦ ᠦᠦБиеэ хайрлая тэгэх үү-Булцгар найзууд
ᠪᠤᠺᠠ᠄ ᠨᠠᠢᠵᠠ ᠨᠤᠭᠤᠳ ᠠ᠋᠂ ᠪᠢ ᠵᠢᠭᠠᠬᠠᠨ ᠪᠠᠢᠬᠤ ᠳ᠋ᠤ᠌ ᠡᠪᠦᠭᠡ ᠲᠡᠢ ᠪᠡᠨ ᠨᠢᠭᠡ ᠭᠣᠶᠣ ᠠᠮᠲᠠᠲᠠᠨ ᠤ᠋ ᠭᠠᠵᠠᠷ ᠣᠷᠣᠵᠤ ᠪᠠᠢᠭᠰᠠᠨ ᠶᠤᠮ ᠠ᠋᠃ᠨᠡᠷ᠎ᠡ ᠨᠢ ᠶᠠᠭᠤ ᠴᠤ᠌ ᠪᠢᠯᠡ ᠳᠠ᠂ ᠬᠦᠷᠦ ᠪᠢᠯᠡ ᠤᠤ? ᠭᠦᠷᠪᠡᠯᠵᠢ ᠪᠢᠯᠡ ᠤᠤ? ᠲᠡᠭᠦᠨ ᠦ᠌ ᠨᠡᠷ᠎ᠡ ᠶ᠋ᠢ ᠰᠠᠨᠠᠬᠤ ᠭᠡᠳ ᠶᠡᠷᠦ ᠡᠴᠡ ᠪᠡᠨ ᠰᠠᠨᠠᠬᠤ ᠦᠭᠡᠢ ᠶᠦᠮ᠂ ᠵᠢᠩᠨᠡᠮᠡᠭ ᠨᠦ᠍ᠭᠦᠳ ᠨᠢ ᠭᠡᠬᠦ ᠳ᠋ᠦ᠍ ᠪᠡᠨ ᠶᠠᠮᠠᠷ ᠲᠠᠢ ᠴᠤ᠌ ᠠᠶᠤᠮᠠᠷ ᠭᠣᠶᠣ ᠠᠮᠲᠠᠲᠠᠢ ᠪᠠᠢᠭᠰᠠᠨ ᠠ᠋᠃
ᠲᠣᠣᠨᠢ᠄ ᠠ᠂ ᠴᠢ ᠨᠥᠭᠦᠭᠡ᠁ ᠨᠥᠭᠦᠭᠡ᠂ ᠨᠥᠭᠦᠭᠡ ᠶᠠᠭᠤ ᠶ᠋ᠢ ᠬᠡᠯᠡᠭᠡᠳ ᠪᠠᠢᠨ᠎ᠠ ᠤᠤ? ᠨᠥᠭᠦᠭᠡ ᠶᠠᠭᠤ? ᠶᠠᠭᠤ
ᠪᠤᠺᠠ᠄ ᠬᠠᠷᠢᠨ ᠲᠡᠢᠮᠦ ᠠ᠋ ᠲᠡᠢᠮᠦ᠂ ᠲᠡᠭᠦᠨ ᠢ᠋ ᠴᠢᠨᠢ ᠬᠡᠯᠡᠭᠡᠳ ᠪᠠᠢᠨ᠎ᠠ᠃ᠨᠡᠷ᠎ᠡ ᠨᠢ ᠶᠠᠭᠤ ᠪᠢᠯᠡ ᠠ᠋?
ᠶᠦᠨᠢ᠄ ᠲᠠ ᠬᠣᠶᠠᠷ ᠴᠢᠨᠢ ᠶᠠᠭᠤ ᠶᠠᠷᠢᠭᠠᠳ ᠪᠠᠢᠭ᠎ᠠ ᠶᠤᠮ ᠪᠣᠢ? ᠨᠥᠭᠦᠭᠡ ᠨᠥᠭᠦᠭᠡ ᠨᠥᠭᠦᠭᠡ ᠯᠡ ᠭᠡᠳ ᠪᠠᠢᠬᠤ ᠶᠤᠮ᠃
ᠷᠦᠪᠢ᠄ ᠬᠠᠷᠢᠨ ᠲᠡᠢᠮᠦ ᠠ᠋᠂ ᠨᠥᠭᠦᠭᠡ ᠨᠥᠭᠦᠭᠡ ᠨᠥᠭᠦᠭᠡ ᠭᠡᠳ ᠯᠡ ᠪᠠᠢᠬᠤ ᠶᠤᠮ᠃
ᠪᠤᠺᠠ᠄ ᠬᠠᠷᠢᠨ ᠲᠡᠭᠡᠭᠡᠳ ᠰᠠᠨᠠᠬᠤ ᠦᠭᠡᠢ ᠪᠠᠢᠭᠠᠳ ᠪᠠᠢᠨ᠎ᠠ᠂ ᠮᠢᠨᠦ ᠲᠠᠷᠢᠬᠢ ᠪᠦᠷ ᠤᠨᠲᠠᠷᠠᠴᠢᠬᠠᠵᠠᠢ᠃
ᠷᠦᠪᠢ᠄ ᠠ ! ᠤᠨᠲᠠᠷᠠᠨ᠎ᠠ ᠠ᠋?
ᠶᠦᠨᠢ᠄ ᠲᠠᠷᠢᠬᠢ ᠠ᠋?
ᠰᠠᠮᠢ᠄ ᠲᠠᠷᠢᠬᠢ ᠭᠡᠳᠡᠭ ᠴᠢᠨᠢ ᠲᠣᠯᠣᠭᠠᠢ ᠳᠣᠲᠣᠷ᠎ᠠ ᠪᠠᠢᠳᠠᠭ ᠯᠠ ᠵᠦᠢᠯ ᠪᠢᠵᠡ ᠳᠡ᠂ ᠲᠡᠢᠮᠦ ᠠ᠋ ᠠᠢᠰᠤᠤ?
ᠠᠢᠰᠤᠤ᠄ ᠬᠥᠮᠦᠨ ᠦ᠌ ᠲᠠᠷᠢᠬᠢ ᠶ᠋ᠢ ᠪᠠᠭ᠎ᠠ ᠲᠠᠷᠢᠬᠢ ᠶᠡᠬᠡ ᠲᠠᠷᠢᠬᠢ᠂ ᠳᠤᠮᠳᠠ ᠲᠠᠷᠢᠬᠢ᠂ ᠵᠠᠪᠰᠠᠷ ᠤ᠋ᠨ᠂ ᠤᠷᠲᠤᠪᠲᠤᠷ ᠭᠡᠮᠡᠨ ᠠᠩᠭᠢᠯᠠᠵᠤ ᠠᠪᠴᠤ ᠦᠵᠡᠳᠡᠭ ᠪᠠᠢᠬᠤ ᠦᠭᠡᠢ ᠤᠤ᠂ ᠣᠢᠯᠠᠭᠠᠭᠰᠠᠨ ᠤᠤ?
ᠪᠤᠺᠠ᠄ ᠫᠥᠬᠥ᠂ ᠬᠡᠳᠦᠨ ᠲᠠᠷᠢᠬᠢ ᠪᠠᠢᠭᠠᠳ ᠪᠠᠢᠬᠤ ᠶᠤᠮ ᠪᠣᠢ? ᠡᠨᠡ ᠴᠢᠨᠢ ᠣᠳᠣ᠃
ᠲᠣᠣᠨᠢ᠄ᠶᠠᠭᠠᠬᠢᠭᠰᠠᠨ ᠠ᠋? ᠶᠠᠮᠠᠷ ᠶᠠᠮᠠᠷ ᠶᠠᠭᠠᠬᠢᠭᠰᠠᠨ ᠶᠠᠭᠠᠬᠢᠭᠰᠠᠨ ᠶᠠᠭᠤ ᠭᠡᠨ᠎ᠡ ᠠ᠋? ᠠ᠁ ᠨᠥᠭᠦᠭᠡ ᠶᠡᠬᠡ ᠪᠠᠭ᠎ᠠ ᠶ᠋ᠢᠨ ᠳᠤᠮᠳᠠ ᠶ᠋ᠢᠨ ᠵᠠᠪ ᠲᠠᠢ ᠲᠠᠷᠢᠬᠢ ᠭᠡᠨ᠎ᠡ ᠤᠤ?
ᠰᠠᠮᠢ᠄ ᠶᠠᠭᠤᠨ ᠵᠠᠪ ᠲᠠᠢ ᠪᠣᠢ? ᠵᠠᠪᠰᠠᠷ ᠤ᠋ᠨ ᠭᠡᠭᠡᠴᠢ ᠠ᠋᠃
ᠷᠦᠪᠢ᠄ ᠬᠦᠢ ᠬᠦᠢ᠂ ᠠᠢᠰᠤᠤ ᠪᠢᠳᠡᠨ ᠳ᠋ᠦ᠍ ᠢᠩᠭᠢᠵᠦ ᠬᠡᠯᠡᠬᠦ ᠪᠡᠷ ᠴᠢᠨᠢ ᠶᠡᠷᠦ ᠡᠴᠡ ᠪᠡᠨ ᠣᠢᠯᠠᠭᠠᠬᠤ ᠦᠭᠡᠢ ᠶᠦᠮ ᠪᠠᠢᠨ᠎ᠠ᠃ ᠬᠡᠳᠦᠭᠦᠯᠡ ᠪᠡᠨ ᠨᠥᠭᠦᠭᠡVR ᠲᠥᠬᠥᠭᠡᠷᠦᠮᠵᠢ ᠪᠡᠷ ᠠᠶᠠᠯᠠᠭᠠᠳ ᠦᠵᠡᠵᠡᠭᠡᠶ᠎ᠡ ᠯᠡ ᠳᠡ᠂ ᠴᠠᠭ ᠬᠤᠭᠤᠴᠠᠭ᠎ᠠ ᠪᠠᠷ ᠠᠶᠠᠯᠠᠵᠤ ᠪᠠᠢᠭᠰᠠᠨ ᠶᠤᠮ ᠴᠢᠨᠢ ᠲᠠᠷᠢᠬᠢ ᠶ᠋ᠢ ᠣᠢᠷ᠎ᠠ ᠠ᠋ᠴᠠ ᠬᠠᠷᠠᠵᠤ ᠪᠣᠯᠬᠤ ᠪᠣᠯᠪᠠ ᠤᠤ?
ᠲᠣᠣᠨᠢ᠄ ok᠂ ᠲᠡᠭᠡᠪᠡᠯ ᠪᠢᠳᠡᠨ ᠦ᠌ ᠡᠨᠡ ᠪᠡᠶ᠎ᠡ ᠡᠷᠬᠡᠲᠡᠨ ᠳ᠋ᠦ᠍ ᠶᠠᠭᠤ ᠶᠠᠭᠤ ᠬᠡᠷᠡᠭᠲᠡᠢ ᠪᠠᠢᠳᠠᠭ ᠲᠠᠯ᠎ᠠ ᠪᠠᠷ ᠮᠠᠲᠠᠮᠠᠷ ᠪᠠᠢᠨ᠎ᠠ ᠰᠢᠦ᠂ ᠣᠢᠯᠠᠭᠠᠭᠰᠠᠨ ᠤᠤ? ᠠᠢᠰᠤᠤ᠃
ᠠᠢᠰᠤᠤ᠄ ᠣᠢᠯᠠᠭᠠᠯ᠎ᠠ ᠣᠢᠯᠠᠭᠠᠯ᠎ᠠ᠂ ᠪᠢ ᠲᠠ ᠨᠠᠷ ᠲᠤ᠌ ᠰᠣᠨᠢᠷᠬᠠᠯᠲᠠᠢ ᠪᠠᠢᠳᠠᠯ ᠢ᠋ᠶ᠋ᠠᠷVR ᠲᠥᠬᠥᠭᠡᠷᠦᠮᠵᠢ ᠪᠡᠨ ᠠᠰᠢᠭᠯᠠᠭᠠᠳ ᠭᠣᠶᠣ ᠶᠠᠭᠤᠮ᠎ᠠ ᠦᠵᠡᠭᠦᠯᠦᠶ᠎ᠡ᠂ ᠵᠠ ᠤᠤ?
ᠰᠠᠮᠢ᠄ ᠬᠥᠥᠭ᠂ ᠶᠠᠭᠤᠨ ᠬᠠᠭᠠᠯᠭ᠎ᠠ ᠨᠤᠭᠤᠳ ᠪᠣᠢ?
ᠪᠤᠺᠠ᠄ ᠬᠠᠷᠢᠨ ᠲᠡᠢᠮᠦ᠃
ᠷᠦᠪᠢ᠄ ᠲᠠᠷᠢᠬᠢ᠂ ᠠᠭᠤᠰᠬᠢ᠂ ᠬᠣᠳᠣᠭᠣᠳᠣ᠂ ᠵᠢᠷᠦᠬᠡ ᠭᠡᠨ᠎ᠡ ᠤᠤ?
ᠶᠦᠨᠢ᠄ ᠠᠢᠰᠤᠤ ᠡᠨᠳᠡ ᠶᠠᠭᠠᠬᠢᠭᠠᠳ ᠬᠠᠭᠠᠯᠭ᠎ᠠ ᠨᠤᠭᠤᠳ ᠪᠠᠢᠭ᠎ᠠ ᠶᠤᠮ?
ᠲᠣᠣᠨᠢ᠄ ᠨᠢᠭᠡ ᠯᠡ ᠡᠪ ᠦᠭᠡᠢ ᠪᠠᠢᠨ᠎ᠠ ᠰᠢᠦ᠃
ᠠᠢᠰᠤᠤ᠄ ᠲᠡᠭᠡᠬᠦᠯᠡᠷ ᠲᠠ ᠬᠡᠳᠦ ᠶ᠋ᠢᠨ ᠰᠣᠨᠢᠷᠬᠠᠭᠠᠳ ᠪᠠᠢᠭᠰᠠᠨ ᠲᠠᠷᠢᠬᠢ ᠤᠷᠤᠭᠤ ᠣᠷᠣᠵᠠᠭᠠᠶ᠎ᠠ᠃
ᠷᠦᠪᠢ᠄ ᠬᠥᠥᠭ᠂ ᠡᠨᠡ ᠲᠣᠮᠣ ᠴᠢᠨᠢ ᠲᠠᠷᠢᠬᠢ ᠶᠤᠮ ᠤᠤ ?
ᠶᠦᠨᠢ᠄ ᠂ ᠲᠠᠷᠢᠬᠢ ᠭᠡᠵᠦ ᠡᠢᠮᠦ ᠬᠡᠯᠪᠡᠷᠢ ᠲᠡᠢ ᠪᠠᠢᠳᠠᠭ ᠶᠤᠮ ᠤᠤ ?
ᠰᠠᠮᠢ᠄ ᠮᠠᠨ ᠤ᠋ ᠬᠢ ᠠ᠋᠂ ᠬᠥᠯ ᠦ᠋ᠨ ᠮᠥᠷ ᠢ᠋ᠶ᠋ᠡᠨ ᠬᠠᠷ᠎ᠠ ᠳᠠ᠂ ᠬᠡᠷᠡᠯᠳᠦᠭᠡᠳ ᠪᠠᠢᠨ᠎ᠠ ᠰᠢᠲᠠ᠃
ᠪᠤᠺᠠ᠄ ᠬᠥᠥᠭ᠂ ᠲᠡᠢᠮᠦ ᠪᠠᠢᠨ᠎ᠠ ᠰᠢᠲᠠ᠂ ᠶᠠᠮᠠᠷ ᠥᠬᠥᠭᠡᠷᠳᠡᠮ᠎ᠡ ᠶᠦᠮ ᠪᠣᠢ?
ᠶᠤᠤᠨᠢ᠄ ᠵᠠ ᠲᠡᠭᠡᠬᠦ ᠪᠡᠷ ᠡᠨᠡ ᠲᠠᠷᠢᠬᠢ ᠶᠤᠮ ᠪᠠᠢᠨ᠎ᠠ᠂ ᠡᠨᠡ? ᠣᠳᠣ ᠲᠡᠭᠡᠭᠡᠳ ᠶᠠᠭᠠᠬᠢᠬᠤ ᠪᠢᠯᠡ? ᠬᠡᠨ ᠲᠠᠢᠯᠪᠤᠷᠢᠯᠠᠵᠤ ᠥᠭᠬᠦ ᠤᠤ?
ᠲᠠᠷᠢᠬᠢ᠄ ᠠ᠋ ᠬᠡ᠂ ᠪᠢ ᠲᠠᠢᠯᠪᠤᠷᠢᠯᠠᠨ᠎ᠠ᠃
ᠲᠣᠣᠨᠢ᠄ ᠠ᠋! ᠡᠵᠢ ᠧ( ᠰᠦᠨᠡᠰᠦ ᠪᠡᠨ ᠭᠠᠷᠲᠠᠯ᠎ᠠ ᠠᠶᠤᠵᠠᠢ)᠃
ᠠᠢᠰᠤᠤ᠄ ᠦ᠂ ᠬᠡ ᠬᠡ ᠶᠠᠷᠢᠳᠠᠭ ᠭᠡᠳᠡᠭ ᠢ᠋ ᠨᠢ ᠬᠡᠯᠡᠬᠦ ᠪᠡᠨ ᠮᠠᠷᠲᠠᠭᠰᠠᠨ ᠪᠠᠢᠨ᠎ᠠ ᠰᠢᠳᠡ᠃
ᠲᠠᠷᠢᠬᠢ᠄ ᠡᠨᠡ ᠪᠣᠯ ᠪᠠᠭ᠎ᠠ ᠲᠠᠷᠢᠬᠢ᠂ ᠡᠨᠡ ᠨᠢ ᠳᠤᠮᠳᠠ᠂ ᠡᠨᠡ ᠵᠠᠪᠰᠠᠷ ᠤ᠋ᠨ᠃
ᠶᠦᠨᠢ᠄ ᠲᠡᠭᠦᠨ ᠢ᠋ ᠨᠢ ᠲᠦᠷᠦᠭᠦᠨ ᠠᠢᠰᠤᠤ ᠠ᠋ᠴᠠ ᠰᠣᠨᠣᠰᠤᠭᠰᠠᠨ ᠯᠠ ᠳᠠ᠂ ᠭᠡᠬᠦ ᠳ᠋ᠦ᠍ ᠪᠡᠨ ᠡᠨᠡ ᠣᠯᠠᠨ ᠲᠠᠷᠢᠬᠢ ᠨᠤᠭᠤᠳ ᠶᠠᠭ ᠶᠠᠮᠠᠷ ᠡᠭᠦᠷᠭᠡ ᠲᠡᠢ ᠶ᠋ᠢ ᠬᠡᠯᠡᠭᠡᠳ ᠥᠭᠴᠦ ᠪᠣᠯᠬᠤ ᠤᠤ?
ᠲᠠᠷᠢᠬᠢ᠄ ᠪᠣᠯᠤᠨ᠎ᠠ᠂ ᠶᠡᠬᠡ ᠲᠠᠷᠢᠬᠢ ᠨᠢ ᠮᠡᠳᠡᠷᠡᠬᠦᠢ ᠶ᠋ᠢ ᠬᠠᠷᠢᠭᠤᠴᠠᠳᠠᠭ᠂ ᠬᠠᠷᠢᠨ ᠪᠠᠭ᠎ᠠ ᠲᠠᠷᠢᠬᠢ ᠨᠢ ᠬᠥᠳᠡᠯᠭᠡᠭᠡᠨ᠂ ᠳᠤᠮᠳᠠ ᠲᠠᠷᠢᠬᠢ ᠨᠢ ᠪᠤᠯᠴᠢᠩ ᠤ᠋ᠨ ᠬᠥᠳᠡᠯᠭᠡᠭᠡᠨ ᠢ᠋ ᠵᠣᠬᠢᠴᠠᠭᠤᠯᠳᠠᠭ᠂ ᠵᠠᠪᠰᠠᠷ ᠤ᠋ᠨ ᠲᠠᠷᠢᠬᠢ ᠨᠢ ᠪᠣᠳᠠᠰ ᠤ᠋ᠨ ᠰᠣᠯᠢᠯᠴᠠᠭ᠎ᠠ ᠶ᠋ᠢ᠂ ᠮᠥᠨ ᠤᠷᠲᠤᠪᠲᠤᠷ ᠲᠠᠷᠢᠬᠢ ᠨᠢ ᠵᠢᠷᠦᠬᠡ ᠰᠤᠳᠠᠰᠤ ᠠᠮᠢᠰᠬᠤᠯ ᠤ᠋ᠨ ᠦᠢᠯᠡ ᠠᠵᠢᠯᠯᠠᠭ᠎ᠠ ᠶ᠋ᠢ ᠵᠣᠬᠢᠴᠠᠭᠤᠯᠬᠤ ᠡᠭᠦᠷᠭᠡ ᠲᠡᠢ ᠠᠵᠢᠯᠯᠠᠳᠠᠭ᠃
ᠲᠣᠣᠨᠢ᠄ ᠭᠡᠬᠦ ᠳ᠋ᠦ᠍ ᠪᠡᠨ ᠡᠨᠡ ᠬᠠᠵᠠᠭᠤ ᠳ᠋ᠤ᠌ ᠪᠠᠢᠭ᠎ᠠ ᠲᠠᠷᠢᠬᠢ ᠶᠠᠭᠠᠬᠢᠴᠢᠬᠠᠭᠰᠠᠨ ᠶᠤᠮ ᠂ ᠤᠬᠢᠯᠠᠭᠠᠳ ᠪᠠᠢᠭ᠎ᠠ ᠶᠤᠮ ᠤᠤ?
ᠰᠠᠮᠢ᠄ ᠴᠢᠮᠡᠭᠡ ᠦᠭᠡᠢ ᠪᠠᠢ ᠯᠠ ᠳᠠ᠂ ᠲᠣᠣᠨᠢ᠃
ᠠᠢᠰᠤᠤ᠄ ᠲᠠᠷᠢᠬᠢ ᠠ᠋᠃ ᠬᠡᠦᠬᠡᠳ ᠦ᠋ᠳ ᠲᠦ᠍ ᠵᠥᠪᠯᠡᠯᠭᠡ ᠪᠡᠨ ᠥᠭᠭᠦᠭᠡᠴᠢ᠃
ᠲᠠᠷᠢᠬᠢ᠄ ᠳᠡᠭᠡᠯ ᠦᠭᠡᠢ ᠶᠠᠭᠠᠬᠢᠬᠤᠪ᠂ ᠬᠡᠦᠬᠡᠳ ᠦ᠋ᠳ ᠲᠠ ᠪᠦᠬᠦᠨ ᠮᠠᠨᠢ ᠰᠢᠮ᠎ᠡ ᠲᠡᠵᠢᠭᠡᠯ ᠲᠡᠢ ᠬᠣᠭᠣᠯᠠ ᠬᠦᠨᠡᠰᠦ ᠪᠡᠨ ᠰᠠᠢᠨ ᠬᠡᠷᠡᠭᠯᠡᠵᠦ᠂ ᠨᠣᠮ ᠰᠡᠳᠬᠦᠯ ᠤᠩᠰᠢᠵᠤ ᠲᠠᠷᠢᠬᠢ ᠪᠠᠨ ᠰᠢᠨ᠎ᠡ ᠮᠡᠳᠡᠭᠡᠯᠡᠯ ᠢ᠋ᠶ᠋ᠡᠷ ᠳᠦᠭᠦᠷᠭᠡᠵᠦ ᠪᠠᠢᠬᠤ ᠬᠡᠷᠡᠭᠲᠡᠢ ᠰᠢᠦ᠂ ᠬᠠᠷᠢᠨ ᠤᠲᠠᠰᠤ ᠶ᠋ᠢ ᠣᠯᠠᠨ ᠴᠠᠭ ᠢ᠋ᠶ᠋ᠠᠷ ᠣᠷᠣᠯᠳᠣᠭᠠᠳ ᠪᠠᠢᠪᠠᠯ ᠲᠠᠷᠢᠬᠢ ᠮᠠᠨᠢ ᠦᠢᠯᠡ ᠠᠵᠢᠯᠯᠠᠭ᠎ᠠ ᠪᠠᠨ ᠬᠡᠪ ᠦ᠋ᠨ ᠶᠠᠪᠤᠭᠤᠯᠬᠤ ᠴᠢᠳᠠᠪᠤᠷᠢ ᠦᠭᠡᠢ ᠪᠣᠯᠤᠭᠠᠳ᠂ ᠶᠡᠬᠡ ᠯᠡ ᠬᠡᠴᠡᠭᠦᠦ ᠪᠣᠯᠳᠠᠭ ᠳᠠ᠃
ᠲᠣᠣᠨᠢ᠄ ᠠ᠂ ᠲᠡᠭᠡᠭᠡᠳ ᠯᠡ ᠪᠢ ᠣᠯᠠᠨ ᠴᠠᠭ ᠢ᠋ᠶ᠋ᠠᠷ ᠤᠲᠠᠰᠤ ᠪᠠᠷ ᠢ᠋ᠶ᠋ᠠᠨ ᠲᠣᠭᠯᠠᠬᠤ ᠪᠠᠷ ᠢ᠋ᠶ᠋ᠠᠨ ᠨᠢᠳᠦ ᠠᠷᠭᠠᠭᠠᠳ ᠲᠣᠯᠣᠭᠠᠢ ᠡᠪᠡᠳᠦᠭᠡᠳ ᠪᠠᠢᠭᠰᠠᠨ ᠶᠤᠮ ᠪᠠᠢᠨ᠎ᠠ ᠰᠢᠲᠠ᠃
ᠶᠦᠨᠢ᠄ ᠣᠢᠯᠠᠭᠠᠯ᠎ᠠ ᠲᠠᠷᠢᠬᠢ ᠠ᠋᠂ ᠮᠡᠳᠡᠭᠡᠯᠡᠯ ᠥᠭᠭᠦᠭᠰᠡᠨ ᠳ᠋ᠦ᠍ ᠪᠠᠶᠠᠷᠯᠠᠯ᠎ᠠ᠃
ᠠᠢᠰᠤᠤ᠄ ᠵᠠ ᠳᠠᠷᠠᠭ᠎ᠠ ᠶ᠋ᠢᠨ ᠬᠠᠭᠠᠯᠭᠠᠨ ᠳᠡᠭᠡᠷ᠎ᠡ ᠣᠴᠢᠵᠠᠭᠠᠶ᠎ᠠ᠃
ᠷᠦᠪᠢ᠄ ᠵᠢᠷᠦᠬᠡ ᠭᠡᠨ᠎ᠡ ᠤᠤ ?
ᠠᠢᠰᠤᠤ᠄ ᠣᠷᠣᠵᠠᠭᠠᠶ᠎ᠠ᠃
ᠲᠣᠣᠨᠢ᠄ ᠮᠠᠨ ᠤ᠋ ᠬᠢ ᠠ᠋᠂ ᠡᠨᠡ ᠨᠢ ᠪᠠᠰᠠ ᠶᠠᠷᠢᠳᠠᠭ ᠤᠤ?ᠲᠡᠢᠮᠦ
ᠵᠢᠷᠦᠬᠡ᠄ ᠨᠠᠮ᠎ᠠ ᠶ᠋ᠢ ᠵᠢᠷᠦᠬᠡ ᠭᠡᠳᠡᠭ᠂ ᠪᠢ ᠪᠣᠯ ᠬᠥᠮᠦᠨ ᠢ᠋ ᠠᠮᠢᠳᠤᠷᠠᠭᠤᠯᠳᠠᠭ ᠴᠢᠬᠤᠯᠠ ᠡᠷᠬᠡᠲᠡᠨ ᠦ᠌ ᠨᠢᠭᠡ ᠶᠦᠮ᠂ᠪᠢ ᠪᠦᠬᠦ ᠡᠷᠬᠡᠲᠡᠨ ᠨᠥᠬᠥᠳ ᠲᠦ᠍ ᠰᠢᠮ᠎ᠡ ᠲᠡᠵᠢᠭᠡᠯ ᠢ᠋ ᠴᠢᠰᠤ ᠪᠠᠷ ᠳᠠᠮᠵᠢᠭᠤᠯᠵᠤ ᠥᠭᠳᠡᠭ᠃
ᠷᠦᠪᠢ᠄ ᠪᠢᠳᠡ ᠨᠠᠷ ᠲᠤ᠌ ᠵᠢᠷᠦᠬᠡᠨ ᠳ᠋ᠦ᠍ ᠶᠠᠮᠠᠷ ᠨᠢᠭᠡᠨ ᠬᠡᠷᠡᠭᠲᠡᠢ ᠵᠥᠪᠯᠡᠯᠭᠡ ᠥᠭᠭᠦᠭᠡᠴᠢ᠃
ᠵᠢᠷᠦᠬᠡ᠄ ᠲᠠ ᠨᠠᠷ ᠳᠠᠰᠬᠠᠯ ᠬᠥᠳᠡᠯᠭᠡᠭᠡᠨ ᠰᠠᠢᠨ ᠬᠢᠬᠦ ᠬᠡᠷᠡᠭᠲᠡᠢ ᠰᠢᠦ᠂ ᠳᠠᠰᠬᠠᠯ ᠬᠥᠳᠡᠯᠭᠡᠭᠡᠨ ᠰᠠᠢᠨ ᠬᠢᠭᠰᠡᠨ ᠢ᠋ᠶ᠋ᠡᠷ ᠴᠢᠰᠤᠨ ᠤ᠋ ᠡᠷᠭᠢᠯᠲᠡ ᠰᠠᠢᠵᠢᠷᠠᠵᠤ᠂ ᠵᠢᠷᠦᠬᠡ ᠨᠠᠳᠠ ᠮᠠᠰᠢ ᠬᠡᠷᠡᠭᠲᠡᠢ᠃ ᠵᠠ ᠵᠠ᠂ ᠣᠢᠯᠠᠭᠠᠯ᠎ᠠ᠂ ᠨᠢ ᠶᠡᠬᠡ ᠡᠰᠫᠦᠷᠳ᠋ᠸᠯᠢᠭ ᠳᠡ᠃
ᠠᠢᠰᠤᠤ᠄ ᠵᠠ ᠮᠠᠨ ᠤ᠋ ᠬᠢ ᠠ᠋᠂ ᠡᠨᠡ ᠪᠣᠯ ᠠᠭᠤᠰᠬᠢ᠃
ᠠᠭᠤᠰᠬᠢ᠄ ᠰᠠᠢᠨ ᠤᠤ ᠬᠡᠦᠬᠡᠳ ᠦ᠋ᠳ ᠠ᠋᠂ ᠨᠠᠮ᠎ᠠ ᠶ᠋ᠢ ᠠᠭᠤᠰᠬᠢ ᠭᠡᠳᠡᠭ᠂ ᠮᠢᠨᠦ ᠠᠴᠢ ᠪᠠᠷ ᠲᠠ ᠪᠦᠬᠦᠨ ᠠᠮᠢᠰᠬᠤᠯᠯᠠᠳᠠᠭ᠂ ᠬᠡᠦᠬᠡᠳ ᠦ᠋ᠳ ᠲᠠ ᠨᠠᠷ ᠠᠭᠠᠷ ᠠᠮᠢᠰᠬᠤᠯᠯᠠᠬᠤ ᠦᠶ᠎ᠡ ᠳ᠋ᠦ᠍ ᠠᠭᠤᠰᠬᠢ ᠪᠢᠳᠡ ᠲᠣᠮᠣᠷᠠᠵᠤ᠂ ᠬᠠᠷᠢᠨ ᠠᠭᠠᠷ ᠢ᠋ᠶ᠋ᠠᠨ ᠭᠠᠳᠠᠭᠰᠢᠯᠠᠭᠤᠯᠬᠤ ᠦᠶ᠎ᠡ ᠳ᠋ᠦ᠍ ᠠᠭᠤᠰᠬᠢ ᠪᠢᠳᠡ ᠵᠢᠵᠢᠭᠷᠡᠳᠡᠭ᠃
ᠪᠤᠺᠠ᠄ ᠠ ᠠ᠂ ᠬᠦ᠁
ᠠᠭᠤᠰᠬᠢ᠄ ᠢᠩᠭᠢᠵᠦ ᠪᠤᠷᠤᠭᠤ ᠠᠮᠢᠰᠬᠤᠯᠯᠠᠵᠤ ᠪᠣᠯᠬᠤ ᠦᠭᠡᠢ ᠰᠢᠦ᠂ ᠬᠠᠮᠠᠷ ᠢ᠋ᠶ᠋ᠠᠷ ᠢ᠋ᠶ᠋ᠠᠨ ᠠᠮᠢᠰᠬᠤᠯ ᠢ᠋ᠶ᠋ᠠᠨ ᠠᠪᠤᠭᠠᠳ᠂ ᠠᠮᠠ ᠪᠠᠷ ᠢ᠋ᠶ᠋ᠠᠨ ᠭᠠᠷᠭᠠᠨ᠎ᠠ᠃
ᠪᠤᠺᠠ᠄ ᠵᠠ ᠣᠢᠯᠠᠭᠠᠯ᠎ᠠ᠂ ᠵᠥᠪ ᠠᠮᠢᠰᠬᠤᠯᠯᠠᠬᠤ ᠨᠢ ᠬᠠᠮᠠᠷ ᠢ᠋ᠶ᠋ᠠᠷ ᠢ᠋ᠶ᠋ᠠᠨ ᠠᠭᠠᠷ ᠢ᠋ᠶ᠋ᠠᠨ ᠠᠪᠤᠭᠠᠳ᠂ ᠠᠮᠠ ᠪᠠᠷ ᠢ᠋ᠶ᠋ᠠᠨ ᠭᠠᠷᠭᠠᠨ᠎ᠠ᠂ ᠭᠡᠬᠦ ᠳ᠋ᠦ᠍ ᠪᠡᠨ ᠲᠡᠷᠡ ᠠᠭᠤᠰᠬᠢ ᠶᠠᠭᠠᠬᠢᠵᠤ ᠪᠣᠢ? ᠬᠠᠪ ᠬᠠᠷ᠎ᠠ ᠪᠣᠯᠴᠢᠬᠠᠭᠰᠠᠨ ᠪᠠᠢᠬᠤ ᠶᠤᠮ᠃
ᠠᠭᠤᠰᠬᠢ᠄ ᠡᠨᠡ ᠠᠭᠤᠰᠬᠢ ᠬᠣᠣᠷᠳᠠᠴᠢᠬᠠᠭᠰᠠᠨ ᠪᠠᠢᠬᠤ ᠦᠭᠡᠢ ᠤᠤ᠂ ᠲᠠᠮᠠᠬᠢᠨ ᠤ᠋ ᠤᠲᠤᠭ᠎ᠠ᠂ ᠮᠠᠰᠢᠨ ᠲᠡᠷᠭᠡᠨ ᠦ᠌ ᠤᠲᠤᠭ᠎ᠠ᠂ ᠠᠮᠢᠰᠬᠤᠯ ᠤ᠋ᠨ ᠵᠠᠮ ᠤ᠋ᠨ ᠸᠢᠷᠦ᠋ᠰ ᠦ᠋ᠨ ᠭᠡᠳ ᠶᠡᠬᠡ ᠮᠠᠭᠤ ᠪᠠᠢᠭ᠎ᠠ᠂ ᠬᠡᠦᠬᠡᠳ ᠦ᠋ᠳ ᠠ᠋᠂ ᠲᠠ ᠨᠠᠷ ᠮᠢᠨᠢ ᠴᠡᠪᠡᠷ ᠠᠭᠠᠷ ᠲᠤ᠌ ᠰᠠᠢᠨ ᠭᠠᠷ ᠴᠤ᠌᠂ ᠵᠥᠪ ᠠᠮᠢᠰᠬᠤᠯᠯᠠᠵᠤ ᠪᠠᠢᠭᠠᠷᠠᠢ᠃ ᠮᠥᠨ ᠬᠠᠨᠢᠶᠠᠳᠤ ᠲᠣᠮᠣᠭᠣ ᠬᠦᠷᠦᠭᠰᠡᠨ ᠦᠶ᠎ᠡ ᠳ᠋ᠦ᠍ ᠪᠡᠨ ᠮᠠᠰᠺᠠ ᠰᠠᠢᠨ ᠵᠡᠭᠦᠵᠦ ᠪᠠᠢᠬᠤ ᠬᠡᠷᠡᠭᠲᠡᠢ ᠰᠢᠦ᠃
ᠠᠢᠰᠤᠤ᠄ ᠤᠷᠲᠤ ᠬᠡᠳᠦᠭᠦᠯᠡ ᠪᠡᠨ ᠬᠣᠳᠣᠭᠣᠳᠣ ᠲᠠᠢ ᠲᠠᠨᠢᠯᠴᠠᠵᠠᠭᠠᠶᠠ᠃
ᠬᠣᠳᠣᠭᠣᠳᠣ᠄ ᠨᠠᠮ᠎ᠠ ᠶ᠋ᠢ ᠬᠣᠳᠣᠭᠣᠳᠣ ᠭᠡᠳᠡᠭ᠂ ᠪᠢ ᠲᠠ ᠪᠦᠬᠦᠨ ᠦ᠌ ᠢᠳᠡᠵᠦ ᠤᠤᠭᠤᠳᠠᠭ ᠪᠦᠬᠦ ᠬᠦᠨᠡᠰᠦ ᠶ᠋ᠢ ᠪᠣᠯᠪᠠᠰᠤᠷᠠᠭᠤᠯᠳᠠᠭ᠂ ᠬᠣᠭᠣᠯᠠ ᠬᠦᠨᠡᠰᠦ ᠶ᠋ᠢ ᠵᠣᠬᠢᠴᠠᠭᠤᠯᠵᠤ ᠵᠠᠳᠠᠯᠳᠠᠭ ᠭᠡᠬᠦ ᠶᠦᠮ ᠤᠤ ᠳᠠ᠃
ᠷᠦᠪᠢ᠄ ᠡᠨᠡ ᠬᠣᠳᠣᠭᠣᠳᠣᠨ ᠳᠣᠲᠣᠷ᠎ᠠ ᠶᠠᠭᠤ ᠶᠠᠭᠤ ᠪᠠᠢᠭ᠎ᠠ ᠶᠤᠮ? ᠶᠠᠮᠠᠷ ᠠᠶᠤᠮᠠᠷ ᠬᠠᠷᠠᠭᠳᠠᠵᠤ ᠪᠠᠢᠨ᠎ᠠ᠃
ᠲᠣᠣᠨᠢ᠄ ᠬᠠᠷᠢᠨ ᠲᠡᠢᠮᠦ᠂ ᠨᠣᠭᠣᠭᠠᠷᠠᠭᠠᠳ ᠯᠠ ᠨᠢᠭᠡ ᠰᠣᠨᠢᠨ ᠥᠩᠭᠡ ᠲᠡᠢ ᠪᠣᠯᠴᠢᠬᠠᠵᠠᠢ᠃
ᠬᠣᠳᠣᠭᠣᠳᠣ᠄ ᠶᠡᠬᠡ ᠯᠡ ᠮᠠᠭᠤ ᠪᠠᠢᠨ᠎ᠠ᠂ ᠶᠠᠩᠵᠤ ᠪᠦᠷᠢ ᠶ᠋ᠢᠨ ᠶᠠᠭᠤᠮ᠎ᠠ ᠬᠣᠯᠢᠵᠤ ᠢᠳᠡᠭᠡᠳ᠂ ᠲᠦᠷᠭᠡᠨ ᠬᠣᠭᠣᠯᠠ ᠴᠤ᠌ ᠢᠳᠡᠭᠡᠳ᠂ ᠬᠡᠢᠵᠢᠭᠦᠯᠦᠭᠰᠡᠨ ᠤᠮᠳᠠᠭᠠᠨ ᠴᠤ᠌ ᠬᠡᠷᠡᠭᠯᠡᠭᠡᠳ᠂ ᠬᠣᠭᠣᠷᠣᠨᠳᠣ ᠪᠠᠨ ᠲᠠᠭᠠᠷᠠᠬᠤ ᠲᠠᠭᠠᠷᠠᠬᠤ ᠦᠭᠡᠢ ᠬᠦᠨᠡᠰᠦ ᠨᠥᠬᠥᠳ ᠢ ᠬᠣᠯᠢᠭᠠᠳ ᠯᠠ᠂ ᠲᠡᠭᠡᠭᠡᠳ ᠪᠢ ᠡᠨᠡ ᠪᠦᠬᠦᠨ ᠢ᠋ ᠵᠣᠬᠢᠴᠠᠭᠤᠯᠵᠤ ᠳᠡᠢᠯᠬᠦ ᠦᠭᠡᠢ᠂ ᠶᠠᠭᠠᠬᠢᠬᠤ ᠤᠴᠢᠷ ᠢ᠋ᠶ᠋ᠠᠨ ᠣᠯᠬᠤ ᠦᠭᠡᠢ ᠯᠡ ᠪᠠᠢᠨ᠎ᠠ᠃
ᠪᠤᠺᠠ᠄ ᠬᠠᠷᠠᠭᠠᠳ ᠪᠠᠢᠬᠤ ᠳ᠋ᠤ᠌ ᠡᠨᠡ ᠬᠣᠳᠣᠭᠣᠳᠣᠨ ᠳ᠋ᠤ᠌ ᠪᠠᠢᠭ᠎ᠠ ᠶᠠᠭᠤᠮᠠᠰ ᠶᠡᠬᠡ ᠵᠢᠵᠢᠭᠬᠡᠨ᠂ ᠬᠠᠷᠢᠨ ᠲᠠᠨ ᠤ᠋ ᠬᠣᠳᠣᠭᠣᠳᠣᠨ ᠳ᠋ᠤ᠌ ᠪᠠᠢᠭ᠎ᠠ ᠶᠠᠭᠤᠮᠠᠰ ᠪᠠᠷᠤᠭ ᠯᠠ ᠶᠠᠭᠤ ᠶᠠᠭᠤ ᠭᠡᠳᠡᠭ ᠨᠢ ᠮᠡᠳᠡᠭᠳᠡᠵᠦ ᠪᠠᠢᠨ᠎ᠠ ᠰᠢᠲᠠ᠃ ᠮᠢᠨᠦ ᠬᠠᠷᠠᠵᠤ ᠪᠠᠢᠭ᠎ᠠ ᠪᠠᠷ ᠲᠡᠨᠳᠡ ᠴᠦ᠍ ᠰᠢᠷᠠᠭᠰᠠᠨ ᠲᠥᠮᠥᠰᠥ ᠪᠠᠢᠨ᠎ᠠ᠂ ᠡᠨᠳᠡ ᠪᠠᠰᠠ ᠲᠣᠮᠣ ᠰᠢᠬᠢᠷ ᠪᠠᠢᠨ᠎ᠠ᠃
ᠰᠠᠮᠢ᠄ ᠲᠡᠷᠡ ᠣᠳᠣ ᠶᠠᠭᠤ ᠪᠣᠢ? ᠪᠣᠬᠢ ᠤᠤ?
ᠲᠣᠣᠨᠢ᠄ ᠲᠡᠷᠡ ᠣᠳᠣ᠂ ᠤᠷᠲᠤ ᠤᠷᠲᠤ ᠶᠠᠭᠤᠮ᠎ᠠ ᠨᠤᠭᠤᠳ ᠪᠡᠯᠡᠨ ᠭᠤᠸᠠᠮᠢᠶᠠᠨ ᠤᠤ?
ᠬᠣᠳᠣᠭᠣᠳᠣ᠄ ᠬᠠᠷᠢᠨ ᠲᠡᠢᠮᠦ ᠠ᠋᠂ ᠬᠣᠭᠣᠯᠠ ᠪᠠᠨ ᠰᠠᠢᠨ ᠵᠠᠵᠢᠯᠵᠤ ᠢᠳᠡᠬᠦ ᠦᠭᠡᠢ ᠪᠣᠯᠬᠣᠷ ᠪᠦᠬᠦᠯᠢ ᠪᠦᠬᠦᠯᠢ ᠪᠡᠷ ᠢ᠋ᠶ᠋ᠡᠨ ᠣᠷᠣᠭᠠᠳ᠂ ᠲᠡᠭᠦᠨ ᠢ᠋ ᠨᠢ ᠪᠢ ᠵᠠᠳᠠᠯᠵᠤ ᠰᠢᠩᠭᠡᠭᠡᠬᠦ ᠭᠡᠵᠦ ᠶᠡᠬᠡ ᠯᠡ ᠵᠣᠪᠠᠵᠤ ᠪᠠᠢᠨ᠎ᠠ᠃
ᠠᠢᠰᠤᠤ᠄ ᠵᠠ ᠵᠠ᠂ ᠮᠠᠨ ᠤ᠋ ᠬᠢ ᠠ᠋᠂ ᠣᠳᠣ ᠬᠡᠳᠦᠭᠦᠯᠡ ᠪᠡᠨ ᠶᠠᠪᠤᠵᠠᠭᠠᠬᠤ ᠤᠤ? ᠬᠡᠷᠡᠭᠲᠡᠢ ᠮᠡᠳᠡᠭᠡᠯᠡᠯ ᠦ᠋ᠳ ᠢ᠋ᠶ᠋ᠡᠨ ᠵᠥᠩᠳᠡᠭᠡᠨ ᠠᠪᠴᠢᠬᠠᠯ᠎ᠠ᠂ ᠪᠠᠰᠠ ᠳᠡᠭᠡᠷ᠎ᠡ ᠡᠴᠡ ᠨᠢ ᠴᠠᠭ ᠣᠷᠣᠢ ᠪᠣᠯᠵᠤ ᠪᠠᠢᠨ᠎ᠠ᠃
ᠪᠦᠭᠦᠳᠡᠭᠡᠷ᠄ ᠲᠡᠭᠡᠶ᠎ᠡ ᠲᠡᠭᠡᠶ᠎ᠡ !
ᠷᠦᠪᠢ᠄ ᠰᠠᠢ ᠴᠦ᠍ ᠨᠠᠯᠢᠶᠠᠨ ᠶᠡᠬᠡ ᠶᠠᠭᠤᠮ᠎ᠠ ᠣᠢᠯᠠᠭᠠᠵᠤ ᠠᠪᠤᠯ᠎ᠠ ᠰᠢᠦ᠂ ᠳᠠᠰᠬᠠᠯ ᠬᠥᠳᠡᠯᠭᠡᠭᠡᠨ ᠢ᠋ᠶ᠋ᠡᠨ ᠰᠠᠢᠨ ᠬᠢᠨ᠎ᠡ᠃
ᠰᠠᠮᠢ᠄ ᠡᠳ᠋ ᠡᠷᠬᠡᠲᠡᠨ ᠨᠦ᠍ᠭᠦᠳ ᠮᠠᠨᠢ ᠶᠡᠬᠡ ᠯᠡ ᠵᠠᠪ ᠦᠭᠡᠢ ᠠᠵᠢᠯᠯᠠᠳᠠᠭ ᠶᠤᠮ ᠪᠠᠢᠨ᠎ᠠ᠂ ᠬᠡᠳᠦᠭᠦᠯᠡ ᠪᠡᠨ ᠳᠠᠰᠬᠠᠯ ᠬᠥᠳᠡᠯᠭᠡᠭᠡᠨ ᠰᠠᠢᠨ ᠬᠢᠵᠦ᠂ ᠡᠷᠡᠭᠦᠯ ᠬᠣᠭᠣᠯᠠᠯᠠᠵᠤ᠂ ᠬᠣᠭᠣᠯᠠ ᠪᠠᠨ ᠰᠠᠢᠨ ᠵᠠᠵᠢᠯᠵᠤ ᠢᠳᠡᠬᠦ ᠬᠡᠷᠡᠭᠲᠡᠢ ᠶᠦᠮ ᠪᠠᠢᠨ᠎ᠠ᠂ ᠣᠳᠣ ᠠ᠋ᠴᠠ ᠡᠷᠡᠭᠦᠯ ᠵᠥᠪ ᠰᠢᠮ᠎ᠡ ᠲᠡᠵᠢᠭᠡᠯ ᠲᠡᠢ ᠬᠣᠭᠣᠯᠠ ᠢᠳᠡᠨ᠎ᠡ᠃
ᠶᠦᠨᠢ᠄ ᠥᠨᠥᠳᠥᠷ ᠡᠴᠡ ᠬᠣᠭᠣᠯᠠ ᠪᠠᠨ ᠰᠠᠢᠨ ᠵᠠᠵᠢᠯᠵᠤ ᠢᠳᠡᠨ᠎ᠡ᠃
ᠲᠣᠣᠨᠢ᠄ ᠲᠡᠭᠡᠪᠡᠯ ᠪᠢ ᠣᠳᠣ ᠠ᠋ᠴᠠ ᠡᠷᠲᠡ ᠤᠨᠲᠠᠵᠤ᠂ ᠤᠲᠠᠰᠤ ᠪᠠᠨ ᠪᠠᠭ᠎ᠠ ᠣᠷᠣᠯᠳᠣᠳᠠᠭ ᠪᠣᠯᠤᠨ᠎ᠠ᠃
ᠪᠤᠺᠠ᠄ ᠲᠡᠭᠡᠭᠡᠳ ᠮᠥᠨ ᠶᠠᠭᠠᠬᠢᠬᠤ ᠪᠢᠯᠡ᠂ ᠬᠡᠦᠬᠡᠳ ᠦ᠋ᠳ ᠠ᠋᠂ ᠠᠮᠢᠰᠬᠤᠯ ᠢ᠋ᠶ᠋ᠠᠨ ᠵᠥᠪ ᠠᠪᠤᠨ᠎ᠠ ᠰᠢᠦ ᠳᠡ᠃ ᠳᠠᠭᠠᠭᠠᠳ ᠬᠢᠭᠡᠷᠡᠢ ᠬᠡᠦᠬᠡᠳ ᠦ᠋ᠳ ᠠ᠋᠃ ᠬᠠᠮᠠᠷ ᠢ᠋ᠶ᠋ᠠᠷ ᠢ᠋ᠶ᠋ᠠᠨ ᠠᠪᠤᠭᠠᠳ᠂ ᠠᠮᠠ ᠪᠠᠷ ᠢ᠋ᠶ᠋ᠠᠨ ᠭᠠᠷᠭᠠᠨ᠎ᠠ᠃ ᠶᠠᠭ ᠵᠥᠪ᠂ ᠬᠡ ᠬᠡ ᠬᠡ
ᠾᠦᠩ ᠸᠧᠢ ᠦᠰᠦᠭ ᠢ᠋ ᠨᠢ ᠠᠮᠢᠯᠠᠭᠤᠯᠵᠤ ᠬᠠᠲᠠᠪᠠ ᠂
ᠱᠤᠳᠤᠷᠭᠤ ᠮᠥᠴᠢᠷ ᠬᠣᠶᠠᠷ ᠬᠢᠨᠠᠵᠤ ᠥᠭᠪᠡ ᠃
