ᠪᠤᠯᠴᠠᠭᠠᠷ ᠨᠠᠢᠵᠠ ᠨᠤᠭᠤᠳ 05- ᠪᠣᠷᠣᠭ᠎ᠠ ᠲᠠᠢ ᠲᠠᠨᠢᠯᠴᠠᠭᠰᠠᠨ ᠨᠢБороотой танилцсан нь-Булцгар найзууд
ᠪᠣᠷᠣᠭ᠎ᠠ ᠲᠠᠢ ᠲᠠᠨᠢᠯᠴᠠᠭᠰᠠᠨ ᠨᠢ
ᠪᠤᠯᠴᠠᠭᠠᠷ ᠨᠠᠢᠵᠠ ᠨᠠᠷ
ᠪᠣᠷᠣᠭ᠎ᠠ ᠲᠠᠢ ᠲᠠᠨᠢᠯᠴᠠᠭᠰᠠᠨ ᠨᠢ
ᠶᠦᠨᠢ᠄ ᠡᠨᠡ ᠤᠷᠤᠰᠤᠭᠠᠳ ᠪᠠᠢᠭ᠎ᠠ ᠶᠠᠭᠤ ᠶᠤᠮ ᠪᠣᠯ ᠠ᠋᠂
ᠪᠣᠷᠣᠭ᠎ᠠ ᠶᠠᠭᠠᠬᠢᠭᠠᠳ ᠣᠷᠣᠳᠠᠭ ᠪᠣᠢ?
ᠶᠦᠨᠢ᠄ ᠬᠠᠮᠢᠭ᠎ᠠ ᠠ᠋ᠴᠠ ᠭᠣᠭᠣᠵᠢᠭᠠᠳ ᠪᠠᠢᠭ᠎ᠠ ᠶᠤᠮ ᠪᠣᠯ? ᠬᠡᠨ ᠨᠢᠭᠡ ᠨᠢ ᠳᠡᠭᠡᠷ᠎ᠡ ᠡᠴᠡ ᠤᠰᠤ ᠠᠰᠬᠠᠭᠠᠳ ᠪᠠᠢᠭ᠎ᠠ ᠶᠤᠮ ᠤᠤ?
ᠪᠤᠺᠠ᠄ ᠠ! ᠭᠣᠭᠣᠵᠢᠭᠠᠳ ᠠ᠋?
ᠲᠤᠤᠨᠢ᠄ ᠭᠣᠭᠣᠵᠢᠭᠠᠳ ᠭᠡᠵᠦ᠂ ᠪᠣᠷᠣᠭ᠎ᠠ ᠤᠤ? ᠴᠢ ᠮᠡᠳᠡᠳᠡᠭ ᠦᠭᠡᠢ ᠶᠦᠮ ᠤᠤ ? ᠲᠩᠷᠢ ᠡᠴᠡ ᠯᠡ ᠪᠣᠷᠣᠭ᠎ᠠ ᠣᠷᠣᠵᠤ ᠪᠠᠢᠬᠤ ᠦᠭᠡᠢ ᠤᠤ ᠳᠠ᠃ ᠪᠣᠷᠣᠭ᠎ᠠ ᠪᠣᠷᠣᠭ᠎ᠠ ᠣᠷᠣᠭᠠᠷᠠᠢ᠂ ᠣᠷᠣᠰ ᠤ᠋ᠨ ᠮᠠᠮᠤᠤ ᠢᠷᠡᠭᠡᠰᠡᠢ ᠭᠡᠵᠦ ᠮᠡᠳᠡᠬᠦ ᠤᠤ?
ᠶᠦᠨᠢ᠄ ᠬᠠᠷᠢᠨ ᠶᠠᠭᠠᠬᠢᠭᠠᠳ᠂ ᠬᠠᠮᠢᠭ᠎ᠠ ᠠ᠋ᠴᠠ ᠭᠠᠷᠤᠭᠠᠳ ᠪᠠᠢᠭ᠎ᠠ ᠶᠤᠮ ᠪᠣᠢ ᠭᠡᠳ ᠯᠡ ᠪᠠᠢᠨ᠎ᠠ ᠰᠢᠲᠠ᠃
ᠲᠤᠤᠨᠢ᠄ ᠨᠡᠭᠡᠷᠡᠨ ᠶᠠᠭᠠᠬᠢᠭᠠᠳ ᠣᠷᠣᠭᠠᠳ ᠪᠠᠢᠭ᠎ᠠ ᠶᠤᠮ ᠪᠣᠯ? ᠨᠠᠷᠠ ᠪᠠᠢᠬᠤ ᠦᠭᠡᠢ ᠪᠣᠯᠬᠣᠷ ᠤᠬᠢᠯᠠᠭᠠᠳ ᠪᠠᠢᠭ᠎ᠠ ᠶᠤᠮ ᠪᠣᠯ ᠤᠤ ?ᠬᠢ ᠬᠢ᠂ ᠠᠢ᠂ ᠬᠢ ᠬᠢ
ᠪᠤᠺᠠ᠄ ᠨᠡᠭᠡᠷᠡᠨ ᠪᠣᠷᠣᠭᠠᠨ ᠶᠠᠭᠠᠬᠢᠵᠤ ᠣᠷᠣᠳᠠᠭ ᠶᠤᠮ ᠪᠣᠯ ᠠ᠋? ᠰᠠᠶᠢ ᠶᠦᠨᠢ ᠠᠰᠠᠭᠤᠭᠠᠳ ᠨᠠᠢᠵᠠ ᠶ᠋ᠢ ᠨᠢ ᠠᠶᠤᠮᠠᠷ ᠡᠪ ᠦᠭᠡᠢ ᠪᠠᠢᠳᠠᠯ ᠳ᠋ᠤ᠌ ᠣᠷᠣᠭᠤᠯᠤᠯ᠎ᠠ ᠰᠢᠳᠡ᠂ ᠭᠦᠦᠰᠢ ᠴᠠᠭᠠᠳᠤᠬᠢ ᠴᠢᠨᠢ ᠬᠠᠷᠠᠭᠠᠳ ᠯᠠ ᠪᠠᠢᠨ᠎ᠠ᠂ᠬᠠᠷᠢᠭᠤᠯᠬᠤ ᠦᠭᠡᠢ ᠪᠣᠯ ᠂ ᠬᠠᠷᠠᠭᠠᠳ ᠯᠠ ᠪᠠᠢᠬᠤ ᠰᠢᠨᠵᠢ ᠲᠡᠢ᠃
ᠷᠦᠪᠢ᠄ ᠶᠣ᠂ ᠮᠠᠨ ᠤ᠋ ᠬᠢ ᠠ᠋᠂ ᠰᠠᠶᠢ ᠭᠠᠳᠠᠨ᠎ᠠ ᠠ᠋ᠴᠠ ᠣᠷᠣᠵᠤ ᠢᠷᠡᠭᠰᠡᠨ ᠴᠢᠨᠢ ᠨᠢᠭᠡᠨ ᠳᠡᠭᠡᠷ᠎ᠡ ᠡᠴᠡ ᠮᠥᠰᠥ ᠰᠢᠳᠡᠭᠡᠳ᠂ ᠪᠢ ᠪᠦᠷ ᠬᠤᠷᠳᠤᠨ ᠲᠤᠯᠠ ᠳ᠋ᠤ᠌ ᠪᠠᠨ ᠯᠠ ᠢᠷᠡᠯ᠎ᠡ ᠰᠢᠳᠡ᠂ ᠶᠣ ᠶᠣ᠁
ᠲᠤᠤᠨᠢ᠄ ᠮᠥᠰᠥ ᠠ᠋? ᠠ!
ᠶᠦᠨᠢ᠄ ᠡᠨᠡ ᠪᠠᠰᠠ ᠶᠠᠭᠤ ᠪᠣᠢ ? ᠪᠠᠰᠠ ᠬᠡᠨ ᠨᠢ ᠬᠠᠮᠢᠭ᠎ᠠ ᠠ᠋ᠴᠠ ᠨᠢ ᠮᠥᠰᠥ ᠰᠢᠳᠡᠭᠡᠳ ᠪᠠᠢᠭ᠎ᠠ ᠶᠤᠮ ᠪᠣᠢ?
ᠲᠤᠤᠨᠢ᠄ ᠡᠵᠢ ᠠ᠋᠂ ᠬᠣᠣᠷᠤᠨ ᠰᠠᠨᠠᠭᠠᠲᠤ ᠪᠢᠳᠡ ᠨᠠᠷ ᠢ᠋ ᠳᠣᠪᠲᠣᠯᠵᠤ ᠪᠠᠢᠨ᠎ᠠ᠂ ᠠᠪᠤᠷᠠᠭᠠᠷᠠᠢ ! ᠲᠤᠰᠠᠯᠠᠭᠠᠷᠠᠢ ! ᠠ ᠂ ᠠᠪᠤᠷᠠᠭᠠᠷᠠᠢ !
ᠪᠤᠺᠠ: ᠠ᠂ ᠡᠨᠡ ᠴᠦ᠍ ᠤᠤᠯ ᠨᠢ ᠮᠥᠰᠥ ᠪᠢᠰᠢ ᠮᠥᠨᠳᠥᠷ ᠯᠡ ᠳᠡ᠃
ᠠᠢᠰᠤᠤ᠄ ᠲᠤᠤᠨᠢ ᠮᠢᠨᠢ ᠳᠡ᠂ ᠲᠠᠢᠪᠤᠰᠢᠷᠠ᠂ ᠡᠨᠡ ᠴᠢᠨᠢ ᠪᠠᠢᠭᠠᠯᠢ ᠶ᠋ᠢᠨ ᠦᠵᠡᠭᠳᠡᠯ ᠪᠠᠢᠬᠤ ᠦᠭᠡᠢ ᠤᠤ᠃
ᠲᠤᠤᠨᠢ᠄ ᠠ᠂ ᠪᠠᠢᠭᠠᠯᠢ ᠶ᠋ᠢᠨ ᠦᠵᠡᠭᠳᠡᠯ ᠠ᠋᠂ ᠮᠥᠨᠳᠥᠷ? ᠮᠥᠰᠥ ᠠ᠋? ᠶᠠᠭᠤ ᠭᠡᠳ ᠪᠠᠢᠬᠤ ᠶᠤᠮ ᠪᠣᠢ? ᠬᠡᠨ ᠲᠡᠭᠡᠭᠡᠳ ᠨᠠᠳᠠ ᠠᠷᠠᠢ ᠣᠢᠯᠠᠭᠠᠮᠵᠢᠲᠠᠢ ᠲᠠᠢᠯᠪᠤᠷᠢᠯᠠᠭᠠᠳ ᠥᠭ ᠯᠡ ᠳᠡ᠃
ᠶᠦᠨᠢ᠄ ᠠᠢᠰᠤᠤ ᠴᠢ ᠡᠨᠡ ᠲᠠᠯ᠎ᠠ ᠪᠠᠷ ᠰᠠᠢᠨ ᠮᠡᠳᠡᠬᠦ ᠤᠤ? ᠪᠣᠷᠣᠭᠠᠨ ᠶᠠᠭᠠᠬᠢᠭᠠᠳ ᠣᠷᠣᠳᠠᠭ᠂ ᠳᠡᠯᠡᠬᠡᠢ ᠳ᠋ᠦ᠍ ᠶᠠᠭ ᠬᠡᠳᠦᠨ ᠤᠯᠠᠷᠢᠯ ᠪᠠᠢᠳᠠᠭ ᠲᠠᠯ᠎ᠠ ᠪᠠᠷ ᠨᠠᠳᠠ ᠶᠡᠬᠡ ᠰᠣᠨᠢᠷᠬᠠᠯᠲᠠᠢ ᠪᠠᠢᠭᠠᠳ ᠪᠠᠢᠨ᠎ᠠ᠃ ᠬᠡᠯᠡᠭᠡᠳ ᠥᠭᠭᠦᠭᠡᠴᠢ ᠲᠡᠭᠡᠬᠦ ᠤᠤ?
ᠠᠢᠰᠤᠤ᠄ ᠪᠢ ᠪᠣᠯ ᠤᠬᠠᠭᠠᠯᠢᠭ ᠠᠢᠰᠤᠤ ᠰᠢᠦ ᠳᠡ᠂ ᠪᠣᠷᠣᠭ᠎ᠠ ᠨᠢ ᠬᠤᠷ᠎ᠠ ᠲᠤᠨᠤᠳᠠᠰᠤ ᠶ᠋ᠢᠨ ᠨᠢᠭᠡ ᠲᠥᠷᠥᠯ ᠪᠥᠭᠡᠳ ᠳᠠᠯᠠᠢ ᠪᠣᠯᠤᠨ ᠭᠣᠣᠯ ᠠ᠋ᠴᠠ ᠴᠢᠭᠢᠭᠰᠢᠯ ᠢ᠋ᠶ᠋ᠡᠨ ᠠᠪᠤᠭᠠᠳ ᠲᠩᠷᠢ ᠳ᠋ᠦ᠍ ᠡᠭᠦᠯᠡ ᠪᠣᠯᠤᠨ ᠬᠤᠷᠠᠮᠳᠤᠯᠠᠭᠳᠠᠭᠠᠳ᠂ ᠲᠡᠷᠡ ᠨᠢ ᠪᠣᠷᠣᠭᠠᠨ ᠪᠣᠯᠤᠨ ᠣᠷᠣᠳᠠᠭ ᠪᠠᠢᠨ᠎ᠠ᠃
ᠶᠤᠤᠨᠢ᠄ ᠠ᠂ ᠶᠠᠭᠤ ᠴᠤ᠌ ᠣᠢᠯᠠᠭᠠᠭᠰᠠᠨ ᠦᠭᠡᠢ᠃
ᠠᠢᠰᠤᠤ᠄ ᠵᠠ ᠵᠠ᠂ ᠰᠢᠯ ᠢ᠋ᠶ᠋ᠡᠨ ᠵᠡᠭᠦᠵᠡᠭᠡᠶᠡ᠃
ᠲᠤᠤᠨᠢ᠄ ᠠ᠂ ᠢᠩᠭᠢᠨ᠎ᠡ ᠭᠡᠵᠦ ᠬᠡᠯᠡᠭᠡ ᠦᠭᠡᠢ ᠰᠢᠲᠠ᠂ ᠪᠢ ᠤᠨᠠᠵᠤ ᠪᠠᠢᠨ᠎ᠠ᠂ ᠠ !᠁
ᠠᠢᠰᠤᠤ᠄ ᠡᠨᠡ ᠪᠣᠯ ᠡᠭᠦᠯᠡᠨ ᠦ᠌ ᠠᠷᠤ ᠳ᠋ᠤ᠌ ᠨᠢᠭᠤᠭᠳᠠᠵᠤ ᠪᠠᠢᠭ᠎ᠠ ᠨᠠᠷᠠ᠂ ᠨᠠᠷᠠᠨ ᠤ᠋ ᠬᠠᠯᠠᠭᠤᠨ ᠢ᠋ᠶ᠋ᠠᠷ ᠴᠢᠭᠢᠭᠰᠢᠯᠲᠡ ᠪᠣᠢ ᠪᠣᠯᠳᠠᠭ ᠪᠠᠢᠨ᠎ᠠ᠃
ᠲᠤᠤᠨᠢ᠄ ᠠ ᠵᠠ ᠵᠠ᠂ ᠨᠠᠷᠠ ᠤᠬᠢᠯᠠᠳᠠᠭ ᠦᠭᠡᠢ ᠶᠦᠮ ᠪᠠᠢᠨ᠎ᠠ᠃
ᠷᠦᠪᠢ᠄ ᠶᠠᠭᠠᠬᠢᠭᠰᠠᠨ ᠶᠡᠬᠡ ᠴᠢᠭᠢᠭ ᠲᠡᠢ ᠶᠦᠮ ᠪᠣᠢ? ᠲᠡᠢᠮᠦ
ᠶᠦᠨᠢ᠄ ᠡᠨᠡ ᠶᠠᠭᠠᠬᠢᠭᠠᠳ ᠴᠢᠭᠢᠭ ᠲᠡᠢ ᠪᠠᠢᠭ᠎ᠠ ᠶᠤᠮ ᠪᠣᠯ?
ᠲᠤᠤᠨᠢ᠄ ᠵᠦᠭᠡᠷ ᠯᠡ ᠴᠢᠭᠢᠭ ᠪᠠᠢᠬᠤ ᠦᠭᠡᠢ ᠤᠤ ᠳᠠ᠂ ᠠ ! ᠡᠵᠢ ᠠ᠋ ᠃
ᠶᠦᠨᠢ᠄ ᠲᠤᠤᠨᠢ ᠣᠯᠣᠰᠣᠨ ᠠ᠋ᠴᠠ ᠪᠠᠷᠢᠭᠠᠷᠠᠢ !
ᠲᠤᠤᠨᠢ᠄ ᠠ᠋᠁ ᠶᠣ ᠶᠣ᠂ ᠡᠢᠮᠦ ᠶᠠᠭᠤᠮ᠎ᠠ ᠪᠠᠢᠭᠰᠠᠨ ᠶᠤᠮ ᠪᠣᠯ ᠠᠯᠢ ᠲᠦᠷᠦᠭᠦᠨ ᠭᠠᠷᠤᠭᠠᠳ ᠢᠷᠡᠬᠦ ᠦᠭᠡᠢ᠂ ᠠᠶᠤᠵᠠᠢ ᠶᠣ ᠶᠣ᠂ ᠶᠠᠭᠤ ᠪᠠᠨ ᠬᠢᠭᠡᠳ ᠪᠠᠢᠳᠠᠭ ᠶᠤᠮ?
ᠠᠢᠰᠤᠤ ᠲᠡᠭᠡᠬᠦ ᠪᠡᠷ ᠴᠢᠭᠢᠭᠰᠢᠯ ᠨᠢ ᠳᠠᠯᠠᠢ ᠭᠣᠣᠯ ᠪᠣᠯᠤᠨ ᠨᠠᠭᠤᠷ ᠮᠥᠨ ᠡᠪᠡᠰᠦᠨ ᠡᠴᠡ ᠴᠦ᠍ ᠭᠡᠰᠡᠨ ᠴᠢᠭᠢᠭ ᠢ᠋ᠶ᠋ᠡᠨ ᠠᠪᠳᠠᠭ ᠪᠠᠢᠨ᠎ᠠ᠃
ᠶᠦᠨᠢ᠄ ᠶᠠᠭ ᠶᠠᠭᠠᠬᠢᠵᠤ? ᠷᠢᠳᠢ ᠰᠢᠳᠢ ᠶᠦᠮ ᠤᠤ?
ᠠᠢᠰᠤᠤ᠄ ᠦᠭᠡᠢ᠂ ᠠᠭᠤᠷᠰᠢᠯᠲᠠ᠃ ᠠᠭᠤᠷᠰᠢᠭᠰᠠᠨ ᠤᠰᠤᠨ ᠤ᠋ ᠠᠭᠤᠷ ᠨᠢ ᠳᠡᠭᠡᠭᠰᠢ ᠬᠥᠭᠡᠷᠴᠦ ᠲᠩᠷᠢ ᠤᠷᠤᠭᠤ ᠶᠠᠪᠤᠵᠤ᠂ ᠲᠡᠨᠳᠡ ᠪᠡᠨ ᠡᠭᠦᠯᠡ ᠡᠭᠦᠰᠬᠡᠳᠡᠭ ᠪᠠᠢᠬᠤ ᠦᠭᠡᠢ ᠤᠤ᠃
ᠪᠤᠺᠠ᠄ ᠲᠡᠭᠡᠬᠦ ᠪᠡᠷ ᠪᠢ ᠡᠨᠡ ᠠᠭᠤᠷᠰᠢᠯᠲᠠ ᠶ᠋ᠢ ᠴᠢᠨᠢ ᠨᠢᠭᠡ ᠴᠦ᠍ ᠤᠳᠠᠭ᠎ᠠ ᠬᠠᠷᠠᠵᠤ ᠪᠠᠢᠭ᠎ᠠ ᠦᠭᠡᠢ ᠶᠦᠮ ᠪᠠᠢᠨ᠎ᠠ᠃
ᠠᠢᠰᠤᠤ᠄ ᠡᠩ ᠦ᠋ᠨ ᠨᠢᠳᠦ ᠪᠡᠷ ᠬᠠᠷᠠᠬᠤ ᠪᠣᠯᠤᠮᠵᠢ ᠦᠭᠡᠢ ᠪᠠᠢᠬᠤ ᠦᠭᠡᠢ ᠃ ᠲᠩᠷᠢ ᠳ᠋ᠦ᠍ ᠬᠡᠳᠦ ᠶᠡᠬᠡ ᠴᠢᠭᠢᠭᠰᠢᠯ ᠡᠭᠦᠰᠴᠦ᠂ ᠠᠭᠤᠷᠰᠢᠭᠰᠠᠨ ᠤᠰᠤᠨ ᠤ᠋ ᠠᠭᠤᠷ ᠨᠢ ᠬᠦᠷᠦᠭᠰᠡᠨ ᠦᠶ᠎ᠡ ᠳ᠋ᠦ᠍ ᠪᠡᠨ ᠪᠤᠴᠠᠭᠠᠳ ᠳᠣᠭᠣᠭᠰᠢ ᠪᠠᠨ ᠪᠣᠷᠣᠭᠠᠨ ᠪᠣᠯᠤᠨ ᠪᠠᠭᠤᠳᠠᠭ ᠪᠠᠢᠨ᠎ᠠ᠃ᠲᠡᠭᠡᠭᠡᠳ ᠡᠨᠡ ᠤᠰᠤᠨ ᠤ᠋ ᠡᠷᠭᠢᠯᠲᠡ ᠨᠢ ᠳᠠᠬᠢᠨ ᠳᠠᠬᠢᠨ ᠡᠬᠢᠯᠡᠳᠡᠭ ᠪᠠᠢᠨ᠎ᠠ᠃
ᠶᠦᠨᠢ᠄ ᠬᠥᠶᠢ᠂ ᠲᠡᠷᠡ ᠥᠩᠭᠡ ᠥᠩᠭᠡ ᠶ᠋ᠢᠨ ᠵᠦᠢᠯ ᠶᠠᠭᠤ ᠪᠣᠢ?
ᠠᠢᠰᠤᠤ᠄ ᠭᠣᠶᠣ ᠪᠠᠢᠭ᠎ᠠ ᠪᠢᠵᠡ? ᠠᠭᠠᠷ ᠮᠠᠨᠳᠠᠯ ᠳ᠋ᠤ᠌ ᠶᠡᠬᠡ ᠪᠡᠷ ᠬᠤᠷᠠᠮᠳᠤᠯᠠᠭᠳᠠᠭᠰᠠᠨ ᠴᠢᠭᠢᠭᠰᠢᠯᠲᠡ ᠨᠢ ᠨᠠᠷᠠᠨ ᠤ᠋ ᠲᠤᠰᠬᠠᠯ ᠣᠢᠬᠤ ᠳ᠋ᠤ᠌ ᠰᠣᠯᠣᠩᠭ᠎ᠠ ᠡᠭᠦᠰᠳᠡᠭ ᠪᠠᠢᠨ᠎ᠠ᠃
ᠪᠤᠺᠠ᠄ ᠲᠡᠭᠡᠪᠡᠯ ᠴᠢᠭᠢᠭᠰᠢᠯ ᠦᠭᠡᠢ ᠣᠷᠣᠨ ᠨᠤᠭᠤᠳ ᠲᠤ᠌ ᠶᠠᠭᠠᠬᠢᠵᠤ ᠪᠣᠷᠣᠭ᠎ᠠ ᠣᠷᠣᠳᠠᠭ ᠪᠣᠢ ?ᠭᠣᠣᠯ ᠳᠠᠯᠠᠢ ᠪᠠᠢᠬᠤ ᠦᠭᠡᠢ ᠪᠣᠯ ᠪᠣᠷᠣᠭᠠᠨ ᠣᠷᠣᠬᠤ ᠦᠭᠡᠢ ᠭᠡᠰᠡᠨ ᠦᠭᠡ ᠶᠦᠮ ᠤᠤ?
ᠠᠢᠰᠤᠤ᠄ ᠰᠠᠯᠬᠢᠨ ᠤ᠋ ᠬᠦᠴᠦ ᠪᠡᠷ ᠡᠭᠦᠯᠡ ᠶ᠋ᠢ ᠨᠡᠭᠦᠯᠭᠡᠭᠰᠡᠨ ᠢ᠋ᠶ᠋ᠡᠷ ᠬᠠᠭᠤᠷᠠᠢ ᠭᠠᠵᠠᠷ ᠤ᠋ᠳ ᠲᠤ᠌ ᠪᠣᠷᠣᠭᠠᠨ ᠣᠷᠣᠳᠠᠭ ᠪᠠᠢᠨ᠎ᠠ᠃
ᠪᠤᠺᠠ᠄ ᠠ ! ᠰᠠᠯᠬᠢᠨ ᠤ᠋ ᠬᠦᠴᠦ ᠪᠠᠢᠬᠤ ᠨᠢ ᠠ᠋᠃
ᠶᠦᠨᠢ᠄ ᠂ ᠡᠢᠮᠦ ᠤᠴᠢᠷ ᠲᠠᠢ ᠪᠠᠢᠭᠰᠠᠨ ᠪᠠᠢᠬᠤ ᠨᠢ ᠠ᠋᠂ ᠣᠳᠣ ᠯᠠ ᠪᠦᠭᠦᠳᠡ ᠶ᠋ᠢ ᠨᠢ ᠣᠢᠯᠠᠭᠠᠯ᠎ᠠ᠃ ᠮᠠᠨ ᠤ᠋ ᠬᠢ ᠠ᠋᠂ ᠲᠡᠭᠦᠨ ᠢ᠋ ᠬᠠᠷ᠎ᠠ ᠳᠠ᠂ ᠰᠣᠯᠣᠩᠭ᠎ᠠ ᠭᠠᠷᠤᠭᠰᠠᠨ ᠪᠠᠢᠨ᠎ᠠ᠃ ᠬᠡᠦᠬᠡᠳ ᠦ᠋ᠳ ᠠ᠋᠂ ᠲᠠ ᠨᠠᠷ ᠰᠣᠯᠣᠩᠭ᠎ᠠ ᠶᠠᠭᠠᠬᠢᠵᠤ ᠭᠠᠷᠳᠠᠭ ᠲᠠᠯ᠎ᠠ ᠪᠠᠷ ᠮᠡᠳᠡᠭᠰᠡᠨ ᠪᠢᠵᠡ ᠳᠡ᠃
ᠲᠠᠨᠢᠨ ᠮᠡᠳᠡᠬᠦᠢ ᠶ᠋ᠢᠨ ᠴᠠᠭ ᠡᠬᠢᠯᠡᠯ᠎ᠡ᠂ ᠳᠡᠯᠭᠡᠴᠡᠨ ᠳ᠋ᠦ᠍ ᠪᠡᠨ ᠣᠢᠷᠠᠲᠤᠭᠠᠷᠠᠢ! ᠬᠡᠦᠬᠡᠳ ᠦ᠋ᠳ ᠠ᠋᠂ ᠰᠠᠶᠢ ᠶ᠋ᠢᠨ ᠰᠣᠯᠣᠩᠭ᠎ᠠ ᠦᠨᠡᠬᠡᠷ ᠭᠣᠶᠣ ᠪᠠᠢᠭ᠎ᠠ ᠪᠢᠵᠡ? ᠲᠠ ᠬᠡᠳᠦ ᠳ᠋ᠦ᠍ ᠪᠡᠨ ᠥᠨᠥᠳᠥᠷ ᠪᠢᠴᠢᠬᠠᠨ ᠲᠤᠷᠰᠢᠯᠲᠠ ᠵᠢᠭᠠᠵᠤ ᠥᠭᠭᠦᠶ᠎ᠡ᠃ ᠨᠢᠭᠡᠳᠦᠭᠡᠷ ᠲᠦ᠍ ᠨᠠᠷᠠ ᠮᠠᠰᠢ ᠶᠡᠬᠡ ᠲᠤᠰᠤᠭᠰᠠᠨ ᠭᠠᠵᠠᠷ ᠬᠡᠷᠡᠭᠲᠡᠢ᠃ ᠬᠣᠶᠠᠳᠤᠭᠠᠷ ᠲᠤ᠌ ᠴᠡᠴᠡᠭ ᠤᠰᠤᠯᠠᠳᠠᠭ ᠰᠦᠷᠴᠢᠭᠴᠢ ᠳᠣᠲᠣᠷ᠎ᠠ ᠪᠠᠨ ᠤᠰᠤ ᠲᠠᠢ ᠪᠠᠢᠬᠤ ᠬᠡᠷᠡᠭᠲᠡᠢ ᠰᠢᠦ᠃ ᠢᠩᠭᠢᠭᠡᠳ ᠮᠠᠰᠢ ᠰᠠᠢᠨ ᠨᠠᠷᠠ ᠲᠤᠰᠤᠭᠰᠠᠨ ᠭᠠᠵᠠᠷ ᠲᠤ᠌ ᠪᠠᠨ ᠤᠰᠤ ᠲᠠᠢ ᠰᠦᠷᠴᠢᠭᠴᠢ ᠪᠡᠨ ᠰᠠᠴᠤᠬᠤ ᠳ᠋ᠤ᠌ ᠯᠠ ᠪᠣᠯᠤᠨ᠎ᠠ᠃ ᠬᠠᠷ᠎ᠠ ᠳᠠ᠂ ᠢᠩᠭᠢᠭᠡᠳ ᠯᠡ ᠪᠢᠳᠡ ᠰᠣᠯᠣᠩᠭ᠎ᠠ ᠶ᠋ᠢ ᠣᠢᠷ᠎ᠠ ᠠ᠋ᠴᠠ ᠬᠠᠷᠠᠵᠤ ᠪᠣᠯᠬᠤ ᠶᠤᠮ ᠪᠠᠢᠨ᠎ᠠ᠃ ᠥᠨᠥᠳᠥᠷ ᠦ᠋ᠨ ᠲᠠᠨᠢᠨ ᠮᠡᠳᠡᠬᠦᠢ ᠶ᠋ᠢᠨ ᠴᠠᠭ ᠢ᠋ᠶ᠋ᠠᠷ ᠬᠠᠮᠲᠤ ᠪᠠᠨ ᠲᠤᠷᠰᠢᠯᠲᠠ ᠬᠢᠭᠰᠡᠨ ᠬᠡᠦᠬᠡᠳ ᠦ᠋ᠳ ᠲᠦ᠍ ᠪᠡᠨ ᠪᠠᠶᠠᠷᠯᠠᠯ᠎ᠠ ᠃ ᠪᠠᠶᠠᠷᠲᠠᠢ ! ᠬᠡᠦᠬᠡᠳ ᠦ᠋ᠳ ᠠ᠋᠃
ᠾᠦᠩ ᠸᠧᠢ ᠦᠰᠦᠭ ᠢ᠋ ᠨᠢ ᠠᠮᠢᠯᠠᠭᠤᠯᠵᠤ ᠬᠠᠲᠠᠪᠠ᠂
ᠱᠤᠳᠤᠷᠭᠤ ᠬᠢᠨᠠᠯᠲᠠ ᠬᠢᠵᠦ ᠥᠭᠪᠡ᠃
