ᠪᠤᠯᠴᠠᠭᠠᠷ ᠨᠠᠢᠵᠠ ᠨᠤᠭᠤᠳ 04- ᠠᠮᠲᠠᠲᠠᠨ ᠤ ᠶᠢᠷᠲᠢᠨᠴᠦАмттаны ертөнц-Булцгар найзууд ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠯᠴᠠᠭᠠᠷ ᠨᠠᠢᠵᠠ ᠨᠤᠭᠤᠳ 04- ᠠᠮᠲᠠᠲᠠᠨ ᠤ ᠶᠢᠷᠲᠢᠨᠴᠦАмттаны ертөнц-Булцгар найзууд

ᠪᠤᠯᠴᠠᠭᠠᠷ ᠨᠠᠢᠵᠠ ᠨᠤᠭᠤᠳ 04- ᠠᠮᠲᠠᠲᠠᠨ ᠤ ᠶᠢᠷᠲᠢᠨᠴᠦАмттаны ертөнц-Булцгар найзууд

2023-11-22

753

ᠠᠮᠲᠠᠲᠠᠨ ᠤ ᠶᠢᠷᠲᠢᠨᠴᠦ

ᠶᠦᠨᠢ᠄ ᠪᠣᠯᠬᠤ ᠦᠭᠡᠢ ᠲᠡᠪᠴᠢᠬᠦ ᠬᠡᠷᠡᠭᠲᠡᠢ ᠰᠢᠲᠠ᠂ ᠶᠦᠨᠢ᠂ ᠰᠥᠨᠢ ᠶᠠᠭᠤᠮ᠎ᠠ ᠢᠳᠡᠪᠡᠯ ᠰᠢᠳᠦ ᠡᠪᠡᠳᠴᠢᠬᠡᠪᠡᠯ ᠶᠠᠭᠠᠬᠢᠨ᠎ᠠ?ᠥᠷᠯᠥᠭᠡ ᠪᠣᠰᠤᠭᠠᠳ ᠯᠠ ᠢᠳᠡᠶ᠎ᠡ᠃
ᠰᠢᠳᠦ ᠡᠷᠡᠭᠦᠯ ᠪᠣᠯ ᠪᠡᠶ᠎ᠡ ᠡᠷᠡᠭᠦᠯ 
ᠶᠦᠨᠢ᠄ ᠡᠨᠳᠡ ᠪᠠᠢᠭᠰᠠᠨ ᠲᠤᠤᠷᠲ ᠬᠠᠮᠢᠭ᠎ᠠ ᠣᠴᠢᠴᠢᠬᠠᠪᠠ?
ᠰᠠᠮᠢ᠄ ᠶᠠᠭᠤ ᠪᠣᠯᠤᠭ᠎ᠠ ᠪᠣᠢ? ᠶᠦᠨᠢ
ᠶᠦᠨᠢ᠄ ᠡᠨᠳᠡ ᠪᠦᠲᠦᠨ ᠲᠤᠤᠷᠲ ᠪᠠᠢᠭᠰᠠᠨ ᠶᠤᠮ ᠠ᠋᠂ ᠥᠷᠯᠥᠭᠡ ᠪᠣᠰᠤᠭᠠᠳ ᠢᠳᠡᠨ᠎ᠡ ᠭᠡᠳ ᠣᠩᠭᠣᠢᠯᠭᠠᠭᠰᠠᠨ ᠴᠢᠨᠢ ᠪᠠᠢᠬᠤ ᠦᠭᠡᠢ ᠪᠣᠯᠴᠢᠬᠠᠵᠠᠢ᠂ ᠰᠠᠮᠢ ᠴᠢ ᠬᠠᠷᠠᠭ᠎ᠠ ᠦᠭᠡᠢ ᠤᠤ?
ᠰᠠᠮᠢ᠄ ᠥᠩ᠂ ᠪᠢ ᠪᠤᠷᠤᠭᠤ ᠬᠠᠷᠠᠭ᠎ᠠ ᠦᠭᠡᠢ ᠪᠣᠯ ᠪᠤᠺᠠ ᠪᠠᠬᠠᠨ Cream( ᠲᠣᠰᠣ) ᠪᠣᠯᠴᠢᠬᠠᠭᠰᠠᠨ ᠶᠠᠪᠤᠵᠤ ᠪᠠᠢᠭᠰᠠᠨ ᠪᠠᠢᠬ᠎ᠠ᠂ ᠪᠤᠺᠠ ᠳᠡᠭᠡᠷ᠎ᠡ ᠣᠴᠢᠭᠠᠳ ᠠᠰᠠᠭᠤᠭᠠᠳ ᠦᠵᠡᠬᠦ ᠤᠤ?
ᠰᠠᠮᠢ᠄ ᠪᠤᠺᠠ ᠪᠤᠺᠠ ᠰᠠᠷᠠᠯ ᠳᠠ᠂ ᠪᠤᠺᠠ ᠬᠦᠢ ᠪᠤᠺᠠ
ᠪᠤᠺᠠ᠄ ᠠ᠂ ᠶᠠᠭᠤ ᠬᠥᠮᠦᠨ ᠤᠨᠲᠠᠭ᠎ᠠ ᠪᠠᠷ ᠴᠢᠨᠢ᠁ ᠦ᠂ ᠰᠠᠢᠨ ᠤᠤ ᠨᠠᠢᠵᠠ ᠨᠤᠭᠤᠳ ᠠ᠋᠂ ᠬᠢ ᠬᠢ ᠶᠠᠭᠠᠬᠢᠭᠰᠠᠨ ᠨᠠᠢᠵᠠ ᠨᠤᠭᠤᠳ ᠠ᠋᠃ ᠪᠤᠺᠠ ᠴᠢ ᠬᠥᠷᠥᠭᠡᠭᠴᠢ ᠳ᠋ᠦ᠍ ᠪᠠᠢᠭᠰᠠᠨ ᠲᠤᠤᠷᠲ ᠬᠠᠷᠠᠭ᠎ᠠ ᠦᠭᠡᠢ ᠪᠢᠵᠡ?
ᠪᠤᠺᠠ᠄ ᠠ᠂ ᠨᠥᠭᠦᠭᠡ ᠭᠣᠶᠣ ᠠᠮᠲᠠᠲᠠᠢ ᠲᠤᠤᠷᠲ ᠤᠤ? ᠬᠢ ᠬᠢ ᠶᠦᠨᠢ ᠨᠠᠮ᠎ᠠ ᠶ᠋ᠢ ᠠᠭᠤᠴᠢᠯᠠᠭᠠᠷᠠᠢ! ᠶᠠᠷᠢᠮ᠎ᠠ ᠦᠭᠡᠢ ᠥᠴᠥᠭᠡᠳᠦᠷ ᠣᠷᠣᠢ ᠲᠡᠰᠬᠡᠯ ᠦᠭᠡᠢ ᠢᠳᠡᠴᠢᠬᠡᠭᠰᠡᠨ ᠶᠦᠮ ᠠ᠋᠃ᠲᠠ ᠬᠡᠳᠦ ᠳ᠋ᠦ᠍ ᠦᠯᠡᠳᠡᠭᠡ ᠦᠭᠡᠢ ᠢᠳᠡᠴᠢᠬᠡᠭᠰᠡᠨ ᠳ᠋ᠦ᠍ ᠠᠭᠤᠴᠢᠯᠠᠴᠢᠬ᠎ᠠ᠂ ᠲᠡᠭᠡᠬᠦ ᠤᠤ?
ᠶᠦᠨᠢ᠂ ᠶᠦᠨᠢ ᠪᠢᠲᠡᠭᠡᠢ ᠤᠬᠢᠯᠠ᠂ ᠨᠠᠳᠠ ᠨᠢᠭᠡ ᠭᠣᠶᠣ ᠰᠠᠨᠠᠭ᠎ᠠ ᠪᠠᠢᠨ᠎ᠠ᠂ ᠶᠦᠨᠢ᠂ ᠨᠠᠮ᠎ᠠ ᠶ᠋ᠢ ᠲᠤᠤᠷᠲ ᠲᠠ ᠨᠠᠷ ᠲᠤ᠌ ᠦᠯᠡᠳᠡᠭᠡᠯ ᠦᠭᠡᠢ ᠪᠦᠭᠦᠳᠡ ᠶ᠋ᠢ ᠨᠢ ᠢᠳᠡᠭᠰᠡᠨ ᠳ᠋ᠦ᠍ ᠠᠭᠤᠴᠢᠯᠠᠭᠠᠷᠠᠢ! ᠲᠡᠢᠮᠦ ᠡᠴᠡ ᠪᠢ ᠭᠡᠮ ᠢ᠋ᠶ᠋ᠡᠨ ᠴᠠᠢᠷᠠᠭᠤᠯᠵᠤ᠂ ᠲᠠ ᠬᠡᠳᠦ ᠶ᠋ᠢ ᠠᠮᠲᠠᠲᠠᠨ ᠤ᠋ ᠶᠢᠷᠲᠢᠨᠴᠦ ᠪᠡᠷ ᠠᠶᠠᠯᠠᠭᠤᠯᠤᠶ᠎ᠠ᠃ ᠬᠢ ᠬᠢ ᠬᠠᠷᠠ ᠶᠦᠨᠢ᠃
ᠠᠢᠰᠤᠤ᠄ ᠵᠠ᠂ ᠮᠠᠨ ᠤ᠋ ᠬᠢ ᠠ᠋᠂ ᠰᠢᠯᠵᠢᠯᠲᠡ ᠬᠢᠯ᠎ᠡ ᠰᠢᠦ᠂ ᠪᠦᠭᠦᠳᠡᠭᠡᠷ ᠢ᠋ᠶ᠋ᠡᠨ ᠰᠢᠯ ᠢ᠋ᠶ᠋ᠡᠨ ᠵᠡᠭᠦᠭᠡᠷᠡᠢ!
ᠶᠦᠨᠢ᠄ ᠸᠠ ᠧᠦ᠂ᠲᠤᠤᠷᠲ᠋ᠸᠨ ᠭᠡᠷ ᠦ᠋ᠳ ᠠ᠋᠃
ᠰᠠᠮᠢ᠄ ᠡᠨᠡ ᠲᠠᠤᠯᠠᠢ ᠶ᠋ᠢᠨ ᠬᠡᠯᠪᠡᠷᠢ ᠲᠡᠢ ᠰᠢᠬᠢᠷ ᠶᠠᠮᠠᠷ ᠬᠥᠭᠡᠷᠦᠬᠦᠨ ᠶᠦᠮ ᠪᠣᠢ?
ᠷᠦᠪᠢ᠄ ᠠᠷᠠᠳ ᠢᠷᠭᠡᠳ ᠮᠢᠨᠢ᠂ ᠪᠢ ᠲᠠ ᠨᠠᠷ ᠤ᠋ᠨ ᠰᠢᠨ᠎ᠡ ᠬᠠᠭᠠᠨ ᠪᠠᠢᠨ᠎ᠠ᠃
ᠪᠤᠺᠠ᠄ ᠶᠦᠨᠢ᠂ ᠪᠢ ᠠᠬᠢᠵᠤ ᠭᠠᠭᠴᠠᠭᠠᠷ ᠢ᠋ᠶ᠋ᠠᠨ ᠪᠦᠭᠦᠳᠡ ᠶ᠋ᠢ ᠨᠢ ᠢᠳᠡᠬᠦ ᠦᠭᠡᠢ᠂ ᠣᠯᠠᠭᠤᠯᠠ ᠪᠠᠨ ᠢᠳᠡᠪᠡᠯ ᠠᠮᠲᠠᠲᠠᠢ᠂ ᠪᠠᠰᠠ ᠬᠥᠭᠵᠢᠯᠲᠡᠢ ᠪᠠᠢᠳᠠᠭ ᠢ᠋ ᠪᠦᠷ ᠮᠠᠷᠲᠠᠵᠤ ᠣᠷᠬᠢᠵᠠᠢ᠂ ᠠᠭᠤᠴᠢᠯᠠᠭᠠᠷᠠᠢ!
ᠶᠦᠨᠢ᠄ ᠵᠦᠭᠡᠷ ᠠ᠋᠂ ᠪᠤᠺᠠ᠂ ᠵᠠ ᠮᠠᠨ ᠤ᠋ ᠬᠢ ᠠ᠋᠂ ᠬᠠᠮᠲᠤ ᠳ᠋ᠤ᠌ ᠪᠠᠨ ᠡᠨᠡ ᠲᠤᠤᠷᠲ᠋ᠸᠨ ᠪᠢᠯᠠᠭᠤ ᠶ᠋ᠢ ᠢᠳᠡᠶ᠎ᠡ!
ᠷᠦᠪᠢ᠄ ᠶᠣ᠂ ᠶᠠᠮᠠᠷ ᠶᠡᠬᠡ ᠢᠳᠡᠴᠢᠬᠡᠪᠡ?
ᠶᠦᠨᠢ᠄ ᠠᠷᠠᠢ ᠯᠠ ᠶᠡᠬᠡ ᠠᠮᠲᠠᠲᠠᠨ ᠢᠳᠡᠴᠢᠬᠡᠯ᠎ᠡ ᠰᠢᠦ᠂ ᠲᠡᠢᠮᠦ?
ᠰᠠᠮᠢ᠄ ᠬᠠᠷᠢᠨ ᠲᠡᠢᠮᠦ ᠠ᠋ ᠃
ᠪᠤᠺᠠ᠄ ᠮᠠᠨ ᠤ᠋ ᠬᠢ ᠠ᠋᠂ ᠮᠢᠨᠦ ᠰᠢᠳᠦ ᠡᠪᠡᠳᠦᠭᠡᠳ ᠪᠠᠢᠬᠤ ᠶᠤᠮ᠂ ᠶᠠ᠂ ᠢᠰᠢ ᠥᠴᠥᠭᠡᠳᠦᠷ ᠲᠣᠮᠣ ᠲᠤᠤᠷᠲ ᠭᠠᠭᠴᠠᠭᠠᠷ ᠢ᠋ᠶ᠋ᠠᠨ ᠢᠳᠡᠭᠡᠳ᠂  ᠰᠠᠶᠢ ᠪᠠᠰᠠ ᠪᠠᠬᠠᠨ ᠠᠮᠲᠠᠲᠠᠨ ᠢᠳᠡᠴᠢᠬᠡᠭᠰᠡᠨ ᠴᠢᠨᠢ ᠰᠢᠲᠦ ᠡᠪᠡᠳᠦᠭᠡᠳ ᠪᠠᠢᠨ᠎ᠠ᠃ ᠶᠠ ᠶᠠ ᠶᠠ!
ᠰᠠᠮᠢ᠄ ᠲᠡᠭᠡᠨ᠎ᠡ ᠰᠢᠲᠠ᠂ ᠢᠩᠭᠢᠵᠦ ᠨᠢᠭᠡ ᠳᠣᠣᠷ᠎ᠠ ᠶᠡᠬᠡ ᠰᠢᠬᠢᠷ ᠢᠳᠡᠪᠡᠯ ᠡᠷᠡᠭᠦᠯ ᠮᠡᠨᠳᠦ ᠳ᠋ᠦ᠍ ᠮᠠᠰᠢ ᠮᠠᠭᠤ᠃ ᠰᠢᠳᠦ ᠡᠪᠡᠳᠴᠦ ᠬᠣᠷᠣᠬᠠᠢᠲᠤᠳᠠᠭ ᠪᠠᠢᠬᠤ ᠦᠭᠡᠢ ᠤᠤ᠃
ᠪᠤᠺᠠ᠄ ᠶᠣ᠂ ᠬᠡᠳᠦᠭᠦᠯᠡ ᠪᠡᠨ ᠣᠳᠣ ᠪᠤᠴᠠᠬᠤ ᠤᠤ? ᠪᠢ ᠬᠤᠷᠳᠤᠨ ᠣᠴᠢᠵᠤ ᠰᠢᠳᠦ ᠪᠡᠨ ᠤᠬᠢᠶᠠᠬᠤ ᠬᠡᠷᠡᠭᠲᠡᠢ ᠪᠠᠢᠨ᠎ᠠ᠃ ᠶᠣᠰᠣᠲᠠᠢ ᠠᠶᠤᠮᠠᠷ ᠡᠪᠡᠳᠴᠦ ᠪᠠᠢᠨ᠎ᠠ᠃
ᠶᠦᠨᠢ᠄ ᠲᠡᠭᠡᠶ᠎ᠡ᠂ ᠲᠡᠭᠡᠶ᠎ᠡ᠂ ᠬᠡᠳᠦᠭᠦᠯᠡ ᠪᠡᠨ ᠶᠠᠪᠤᠵᠠᠭᠠᠶ᠎ᠠ᠃
ᠪᠤᠺᠠ᠄ ᠨᠠᠢᠵᠠ ᠨᠤᠭᠤᠳ ᠠ᠋᠂ ᠠᠮᠲᠠᠲᠠᠨ ᠬᠡᠳᠦᠢ ᠭᠣᠶᠣ ᠴᠣ ᠭᠡᠰᠡᠨ ᠢᠩᠭᠢᠵᠦ ᠶᠡᠬᠡ ᠢᠳᠡᠬᠦ ᠪᠣᠯ ᠶᠣᠰᠣᠲᠠᠢ ᠪᠤᠷᠤᠭᠤ ᠶᠤᠮ ᠪᠠᠢᠨ᠎ᠠ᠃ ᠶᠡᠷᠦ ᠨᠢ ᠰᠠᠬᠠᠷ( ᠡᠯᠡᠰᠦᠨ ᠰᠢᠬᠢᠷ ) ᠪᠦᠲᠦᠭᠡᠭᠳᠡᠬᠦᠨ ᠢ᠋ ᠬᠡᠲᠦᠷᠡᠭᠦᠯᠵᠦ ᠪᠢᠰᠢ ᠬᠡᠮᠵᠢᠶᠡᠨ ᠳ᠋ᠦ᠍ ᠪᠠᠨ ᠯᠠ ᠬᠡᠷᠡᠭᠯᠡᠪᠡᠯ ᠵᠦᠭᠡᠷ ᠶᠦᠮ ᠪᠠᠢᠨ᠎ᠠ ᠰᠢᠦ᠂ ᠵᠠ᠃
ᠲᠤᠤᠨᠢ ᠬᠠᠷᠢᠨ ᠲᠡᠢᠮᠦ ᠠ᠋᠂ ᠬᠡᠲᠦᠷᠬᠡᠢ ᠶᠡᠬᠡ ᠢᠳᠡᠪᠡᠯ ᠠᠶᠤᠯ ᠲᠠᠢ ᠶᠤᠮ ᠪᠠᠢᠨ᠎ᠠ᠃
ᠶᠦᠨᠢ᠄ ᠠᠢᠰᠤᠤ᠂ ᠴᠢ ᠬᠡᠦᠬᠡᠳ ᠦ᠋ᠳ ᠲᠦ᠍ ᠠᠮᠲᠠᠲᠠᠨ ᠪᠢᠳᠡᠨ ᠦ᠌ ᠪᠡᠶ᠎ᠡ ᠳ᠋ᠦ᠍ ᠶᠠᠮᠠᠷ ᠬᠣᠣᠷ ᠲᠠᠢ ᠪᠣᠯᠬᠤ ᠶ᠋ᠢ᠂ ᠲᠡᠭᠦᠨ ᠡᠴᠡ ᠬᠡᠷᠬᠢᠨ ᠰᠡᠷᠭᠡᠢᠯᠡᠬᠦ ᠲᠠᠯ᠎ᠠ ᠪᠠᠷ ᠮᠡᠳᠡᠭᠡᠯᠡᠯ ᠬᠡᠯᠡᠭᠡᠳ ᠥᠭᠭᠦᠭᠡᠴᠢ᠂ ᠲᠡᠭᠡᠬᠦ ᠤᠤ?
ᠠᠢᠰᠤᠤ᠄ ᠳᠡᠭᠡᠯ ᠦᠭᠡᠢ ᠶᠠᠭᠠᠬᠢᠬᠤᠪ᠂ ᠲᠠᠨᠢᠨ ᠮᠡᠳᠡᠬᠦᠢ ᠶ᠋ᠢᠨ ᠴᠠᠭ ᠢ᠋ᠶ᠋ᠠᠷ ᠢ᠋ᠶ᠋ᠠᠨ ᠬᠡᠯᠡᠭᠡᠳ  ᠦᠭᠭᠦᠨ᠎ᠡ᠃
ᠪᠤᠺᠠ᠄ ᠬᠡᠦᠬᠡᠳ ᠦ᠋ᠳ ᠠ᠋᠂ ᠠᠢᠰᠤᠤ ᠶ᠋ᠢᠨ ᠮᠠᠨᠢ ᠲᠠᠨᠢᠨ ᠮᠡᠳᠡᠬᠦᠢ ᠶ᠋ᠢᠨ ᠴᠠᠭ ᠳᠡᠭᠡᠷ᠎ᠡ ᠳᠡᠯᠭᠡᠴᠡ ᠦᠵᠡᠬᠦ ᠳ᠋ᠦ᠍ ᠰᠠᠢᠨ ᠳᠠᠭᠠᠵᠤ ᠮᠥᠷᠳᠡᠬᠦ ᠶᠦᠮ ᠰᠢᠦ᠂ ᠲᠡᠭᠡᠬᠦ ᠦᠭᠡᠢ ᠪᠣᠯ ᠬᠥᠭᠡᠷᠦᠬᠦᠨ ᠪᠤᠺᠠ ᠨᠢ ᠶᠠᠭ ᠪᠠᠯᠠᠷᠠᠬᠤ ᠰᠢᠬᠠᠯ᠎ᠠ ᠰᠢᠲᠠ᠃
ᠠᠢᠰᠤᠤ᠄ ᠲᠠᠨᠢᠨ ᠮᠡᠳᠡᠬᠦᠢ ᠶ᠋ᠢᠨ ᠴᠠᠭ ᠡᠬᠢᠯᠡᠯ᠎ᠡ᠂ ᠳᠡᠯᠭᠡᠴᠡᠨ ᠳ᠋ᠦ᠍ ᠪᠡᠨ ᠣᠢᠷᠠᠲᠤᠭᠠᠷᠠᠢ!ᠬᠡᠦᠬᠡᠳ ᠦ᠋ᠳ ᠠ᠋᠂ ᠰᠠᠬᠠᠷ ᠮᠠᠨ ᠤ᠋ ᠪᠠᠶᠠᠨ ᠳ᠋ᠤ᠌ ᠶᠠᠮᠠᠷ ᠬᠣᠣᠷ ᠨᠥᠯᠥᠭᠡ ᠲᠡᠢ ᠪᠠᠢᠳᠠᠭ ᠢ᠋ ᠮᠡᠳᠡᠬᠦ ᠤᠤ? ᠰᠠᠬᠠᠷ ᠢ᠋ ᠬᠡᠲᠦᠷᠡᠭᠦᠯᠦᠨ ᠬᠡᠷᠡᠭᠯᠡᠭᠰᠡᠨ ᠢ᠋ᠶ᠋ᠡᠷ ᠰᠢᠲᠦ ᠴᠣᠭᠣᠷᠠᠬᠤ᠂ ᠪᠤᠢᠯᠠ ᠶ᠋ᠢᠨ ᠦᠷᠪᠢᠰᠦᠯ᠂ ᠣᠶᠤᠨ ᠤᠬᠠᠭᠠᠨ  ᠬᠤᠮᠰᠠᠳᠠᠬᠤ᠂ ᠰᠤᠷᠤᠯᠭ᠎ᠠ ᠮᠠᠭᠤᠳᠠᠬᠤ᠂ ᠡᠭᠦᠨ ᠡᠴᠡ ᠪᠣᠯᠵᠤ᠂D ᠠᠮᠢᠨ ᠳᠠᠮ ᠤ᠋ᠨ ᠳᠤᠲᠠᠭᠳᠠᠯ ᠳ᠋ᠤ᠌ ᠬᠦᠷᠴᠦ᠂ ᠶᠠᠰᠤ ᠰᠡᠢᠷᠡᠭᠵᠢᠬᠦ ᠳ᠋ᠦ᠍ ᠬᠦᠷᠳᠡᠭ᠃ ᠮᠥᠨ ᠬᠣᠭᠣᠯᠠᠨ ᠳ᠋ᠤ᠌ ᠳᠤᠷ᠎ᠠ ᠦᠭᠡᠢ ᠪᠣᠯᠵᠤ᠂ ᠲᠡᠵᠢᠭᠡᠯ ᠦ᠋ᠨ ᠪᠣᠳᠠᠰ ᠤ᠋ᠨ ᠳᠤᠲᠠᠭᠳᠠᠯ ᠳ᠋ᠤ᠌ ᠬᠦᠷᠳᠡᠭ᠃ ᠰᠠᠬᠠᠷ ᠰᠢᠬᠢᠷ ᠲᠦ᠍ ᠬᠡᠳᠦ ᠳᠤᠨᠳᠠᠭᠰᠠᠨ ᠠ᠋ᠴᠠ ᠪᠣᠯᠵᠤ᠂ ᠥᠰᠦᠯᠲᠡ ᠤᠳᠠᠭᠠᠰᠢᠷᠠᠵᠤ᠂ ᠬᠡᠦᠬᠡᠳ ᠦ᠋ᠨ ᠥᠰᠦᠯᠲᠡ ᠳ᠋ᠦ᠍ ᠮᠠᠰᠢ ᠮᠠᠭᠤ ᠪᠠᠷ ᠨᠥᠯᠥᠭᠡᠯᠡᠳᠡᠭ ᠪᠠᠢᠬᠤ ᠨᠢ ᠪᠠᠢᠨ᠎ᠠ ᠰᠢᠦ᠃ ᠬᠡᠦᠬᠡᠳ ᠦ᠋ᠳ ᠠ᠋᠂ ᠪᠢᠳᠡᠨ ᠦ᠌ ᠡᠳᠦᠷ ᠲᠦ᠍ ᠠᠪᠬᠤ ᠰᠠᠬᠠᠷ ᠤ᠋ᠨ ᠬᠡᠮᠵᠢᠶ᠎ᠡ 10 ᠠ᠋ᠴᠠ 15g ᠪᠠᠢᠳᠠᠭ ᠪᠠᠢᠨ᠎ᠠ᠃ ᠲᠡᠢᠮᠦ ᠡᠴᠡ ᠰᠠᠬᠠᠷ ᠢ᠋ᠶ᠋ᠠᠨ ᠬᠡᠲᠦᠷᠡᠭᠦᠯᠵᠦ ᠪᠢᠰᠢ᠂ ᠬᠡᠮᠵᠢᠶᠡᠨ ᠳ᠋ᠦ᠍ ᠨᠢ ᠬᠡᠷᠡᠭᠯᠡᠵᠡᠭᠡᠶ᠎ᠡ᠂ ᠡᠨᠡ ᠤᠳᠠᠭ᠎ᠠ ᠶ᠋ᠢᠨ ᠲᠠᠨᠢᠨ ᠮᠡᠳᠡᠬᠦᠢ ᠶ᠋ᠢᠨ ᠴᠠᠭ ᠢ᠋ᠶ᠋ᠠᠷ ᠬᠠᠮᠲᠤ ᠪᠠᠢᠭᠰᠠᠨ ᠬᠡᠦᠬᠡᠳ ᠪᠠᠭᠠᠴᠤᠳ ᠲᠤ᠌ ᠪᠠᠨ ᠪᠠᠶᠠᠷᠯᠠᠯ᠎ᠠ᠃ ᠪᠠᠶᠠᠷᠲᠠᠢ!
   ᠦᠰᠦᠭ ᠢ᠋ ᠨᠢ ᠠᠮᠢᠯᠠᠭᠤᠯᠵᠤ ᠬᠠᠲᠠᠭᠰᠠᠨ ᠨᠢ ᠾᠦᠩ ᠸᠧᠢ᠃ ᠬᠢᠨᠠᠯᠲᠠ ᠬᠢᠭᠰᠡᠨ ᠨᠢ ᠱᠤᠳᠤᠷᠭᠤ ᠮᠥᠴᠢᠷ᠃