ᠪᠤᠯᠴᠠᠭᠠᠷ ᠨᠠᠢᠵᠠ ᠨᠤᠭᠤᠳ 03- ᠪᠤᠯᠴᠠᠭᠠᠷ ᠤᠳ ᠤᠰᠤᠨ ᠳᠣᠣᠷᠠᠬᠢ ᠶᠢᠷᠲᠢᠨᠴᠦ ᠳᠤБулцгарууд усан доорх ертөнцөд-Булцгар найзууд
ᠪᠤᠯᠴᠠᠭᠠᠷ ᠦᠳ ᠤᠰᠤᠨ ᠳᠣᠣᠷᠠᠬᠢ ᠶᠢᠷᠲᠢᠨᠴᠦ ᠳᠦ
ᠲᠤᠤᠨᠢ ᠄ ᠢᠩᠭᠢᠬᠦ ᠳ᠋ᠦ᠍ ᠵᠢᠭᠠᠰᠤ ᠬᠡᠳᠦᠨ ᠲᠥᠷᠥᠯ ᠪᠠᠢᠳᠠᠭ ᠶᠤᠮ ᠪᠣᠯ ᠠ᠋?
ᠷᠦᠪᠢ ᠄ ᠬᠠᠷᠢᠨ ᠠ᠋ ᠃ ᠶᠣᠰᠣᠲᠠᠢ ᠮᠡᠳᠡᠬᠦ ᠦᠭᠡᠢ ᠶᠦᠮ ᠪᠠᠢᠨ᠎ᠠ ᠂ᠶᠡᠷᠦᠮᠳᠡᠭ ᠢ᠋ ᠨᠢ ᠴᠦ᠍ ᠮᠡᠳᠡᠬᠦ ᠦᠭᠡᠢ ᠶᠦᠮ ᠪᠠᠢᠨ᠎ᠠ ᠰᠢᠳᠡ ᠃
ᠲᠤᠤᠨᠢ ᠄ ᠳᠠᠯᠠᠢ ᠳᠣᠲᠣᠷ᠎ᠠ ᠣᠷᠣᠭᠠᠳ ᠯᠠ ᠶᠠᠩᠵᠤ ᠪᠦᠷᠢ ᠶ᠋ᠢᠨ ᠵᠢᠭᠠᠰᠤ ᠲᠠᠢ ᠲᠠᠨᠢᠯᠴᠠᠭᠠᠳ ᠯᠠ ᠠᠶᠠᠯᠠᠪᠠᠯ ᠭᠣᠶᠣ ᠠ᠋ ᠃
ᠷᠦᠪᠢ ᠄ᠲᠡᠭᠡᠶ᠎ᠡ ᠯᠡ ᠳᠡ ᠃
ᠪᠤᠺᠠ ᠄ ᠲᠠ ᠬᠣᠶᠠᠷ ᠲᠤ᠌ ᠲᠦᠷᠦᠭᠦᠨ ᠡᠴᠡ ᠬᠣᠢᠰᠢ ᠬᠡᠯᠡᠬᠦ ᠭᠡᠳ ᠪᠠᠢᠭᠰᠠᠨ ᠪᠠᠢᠬᠤ ᠦᠭᠡᠢ ᠤᠤ ᠃
ᠶᠦᠨᠢ ᠄ ᠲᠡᠳᠡᠨ ᠦ᠌ ᠲᠤᠬᠠᠢ ᠵᠥᠩᠳᠡᠭᠡᠨ ᠣᠯᠠᠨ ᠮᠡᠳᠡᠭᠡᠯᠡᠯ ᠣᠯᠵᠤ ᠠᠪᠤᠭᠠᠳ ᠯᠠ ᠭᠣᠶᠣ ᠯᠠ ᠪᠠᠢᠬᠤ ᠳᠠ ᠃
ᠰᠠᠮᠢ ᠄ ᠲᠡᠭᠡᠪᠡᠯ ᠬᠡᠳᠦᠭᠦᠯᠡ ᠪᠡᠨ ᠠᠢᠰᠤᠤ ᠳ᠋ᠤ᠌ ᠬᠡᠯᠡᠭᠡᠳ ᠠᠶᠠᠯᠠᠵᠠᠭᠠᠬᠤ ᠤᠤ?
ᠲᠤᠤᠨᠢ ᠄ ᠠᠢᠰᠤᠤ ᠴᠢ ᠪᠢᠳᠡᠨ ᠢ᠋ ᠲᠡᠷᠡ ᠬᠠᠮᠤᠭ ᠤ᠋ᠨ ᠭᠣᠶᠣ ᠳᠠᠯᠠᠢ ᠪᠠᠷ ᠠᠶᠠᠯᠠᠭᠤᠯᠤᠭᠠᠳ ᠦᠭᠭᠦᠭᠡᠴᠢ ᠂ ᠲᠡᠭᠡᠬᠦ ᠤᠤ?
ᠭᠤᠶᠤᠵᠤ ᠪᠠᠢᠨ᠎ᠠ ᠂ᠠᠢᠰᠤᠤ ᠭᠤᠶᠤᠵᠤ ᠪᠠᠢᠨ᠎ᠠ ᠃
ᠠᠢᠰᠤᠤ ᠄ ᠮᠡᠳᠡᠭᠡᠵᠢ ᠂ ᠪᠣᠯᠤᠯ ᠦᠭᠡᠢ ᠶᠠᠭᠠᠬᠢᠬᠤᠪ ᠂ᠲᠡᠭᠡᠪᠡᠯ ᠲᠠ ᠬᠡᠳᠦ ᠶ᠋ᠢ ᠬᠠᠮᠤᠭ ᠤ᠋ᠨ ᠭᠠᠢᠬᠠᠯᠲᠠᠢ ᠦᠵᠡᠰᠬᠦᠯᠡᠩᠲᠡᠢ ᠳᠠᠯᠠᠢ ᠪᠠᠷ ᠠᠶᠠᠯᠠᠭᠤᠯᠤᠶ᠎ᠠ ᠃ ᠵᠠ ᠂ ᠶᠢᠷᠲᠢᠨᠴᠦ ᠶ᠋ᠢ ᠪᠦᠲᠦᠭᠡᠵᠦ ᠡᠬᠢᠯᠡᠯ᠎ᠡ ᠃
ᠷᠦᠪᠢ ᠄ ᠵᠠ ᠂ᠮᠠᠨ ᠤ᠋ ᠬᠢᠨ ᠂ᠮᠠᠨ ᠤ᠋ ᠬᠢ ᠠ᠋ ᠂ᠰᠢᠯ ᠢ᠋ᠶ᠋ᠡᠨ ᠵᠡᠭᠦᠭᠡᠷᠡᠢ ᠃
ᠠᠢᠰᠤᠤ ᠄ VR ᠰᠢᠰᠲ᠋ᠧᠮ ᠠᠴᠢᠶᠠᠯᠯᠠᠯᠠ ᠂ ᠭᠤᠷᠪᠠ ᠬᠣᠶᠠᠷ ᠨᠢᠭᠡ ᠃
ᠲᠤᠤᠨᠢ ᠄ ᠬᠥᠥᠭ ᠂ ᠶᠠᠭᠤᠨ ᠳ᠋ᠤ᠌ ᠣᠷᠣᠭᠠᠳ ᠢᠷᠡᠪᠡ?
ᠶᠦᠨᠢ᠄ ᠸᠠ ᠧᠦ᠂ ᠶᠠᠮᠠᠷ ᠭᠣᠶᠣ ᠲᠣᠮᠣ ᠴᠣᠩᠬᠣ ᠲᠠᠢ ᠶᠤᠮ ᠪᠣᠢ?ᠠᠢᠰᠤᠤ᠂ ᠪᠢᠳᠡ ᠬᠡᠳᠦ ᠡᠢᠮᠦ ᠭᠣᠶᠣ ᠵᠦᠢᠯ ᠢ᠋ᠶ᠋ᠡᠷ ᠳᠠᠯᠠᠢ ᠪᠠᠷ ᠠᠶᠠᠯᠠᠬᠤ ᠶᠤᠮ ᠤᠤ?
ᠠᠢᠰᠤᠤ᠄ ᠳᠡᠭᠡᠯ ᠦᠭᠡᠢ ᠶᠠᠭᠠᠬᠢᠬᠤᠪ ᠳᠠ᠂ ᠳᠠᠯᠠᠢ ᠳᠣᠣᠷ᠎ᠠ ᠮᠢᠬᠠᠴᠢᠨ ᠵᠢᠭᠠᠰᠤ ᠶᠡᠬᠡ ᠪᠡᠷ ᠣᠷᠣᠰᠢᠳᠠᠭ ᠲᠤᠯᠠ ᠲᠠ ᠬᠡᠳᠦ ᠶ᠋ᠢᠨ ᠠᠶᠤᠯ ᠦᠭᠡᠢ ᠪᠠᠢᠳᠠᠯ ᠢ᠋ ᠪᠣᠳᠣᠭᠠᠳ ᠱᠤᠩᠪᠠᠭᠴᠢ ᠣᠩᠭᠣᠴᠠ ᠪᠦᠲᠦᠭᠡᠭᠰᠡᠨ ᠶᠦᠮ ᠃
ᠲᠤᠤᠨᠢ᠄ ᠸᠠ ᠧᠦ᠂ ᠶᠠᠮᠠᠷ ᠭᠠᠢᠬᠠᠯᠲᠠᠢ ᠶᠤᠮ ᠪᠣᠢ? ᠲᠡᠭᠦᠨ ᠢ᠋ ᠬᠠᠷ᠎ᠠ ᠳᠠ᠂ ᠷᠦᠪᠢ ᠲᠡᠭᠦᠨ ᠢ᠋ ᠬᠠᠷ᠎ᠠ ᠳᠠ᠂ ᠬᠥᠶᠢ᠂ ᠡᠢᠮᠦ ᠵᠢᠭᠠᠰᠤ ᠪᠠᠢᠳᠠᠭ ᠶᠤᠮ ᠤᠤ?
ᠷᠦᠪᠢ᠄ ᠭᠦᠦᠭ!
ᠶᠦᠨᠢ᠄ ᠳᠠᠯᠠᠢ ᠳᠣᠣᠷ᠎ᠠ ᠡᠢᠮᠦ ᠬᠠᠷᠠᠩᠭᠤᠢ ᠪᠠᠢᠳᠠᠭ ᠶᠤᠮ ᠤᠤ?
ᠰᠠᠮᠢ᠄ ᠶᠠᠮᠠᠷ ᠠᠶᠤᠮᠠᠷ ᠬᠠᠷᠠᠩᠭᠤᠢ ᠶᠤᠮ ᠪᠣᠢ?
ᠪᠤᠺᠠ᠄ ᠬᠡᠳᠦᠭᠦᠯᠡ ᠪᠡᠨ ᠳᠠᠯᠠᠢ ᠶ᠋ᠢᠨ ᠭᠦᠨ ᠢ᠋ᠶ᠋ᠡᠷ ᠠᠶᠠᠯᠠᠵᠤ ᠪᠠᠢᠬᠤ ᠰᠢᠭ᠋ ᠪᠠᠢᠨ᠎ᠠ᠃ ᠲᠡᠭᠡᠬᠦᠯᠡᠷ ᠨᠠᠷᠠᠨ ᠤ᠋ ᠲᠤᠰᠬᠠᠯᠲᠠ ᠪᠠᠭ᠎ᠠ ᠣᠷᠣᠵᠤ ᠢᠷᠡᠳᠡᠭ ᠤᠴᠢᠷ ᠠ᠋ᠴᠠ ᠬᠠᠷᠠᠩᠭᠤᠢ ᠪᠠᠢᠳᠠᠭ ᠪᠠᠢᠬᠤ ᠦᠭᠡᠢ ᠤᠤ᠃
ᠲᠤᠤᠨᠢ᠄ ᠲᠡᠭᠡᠭᠡᠳ ᠡᠨᠡ ᠵᠢᠭᠠᠰᠤ ᠨᠤᠭᠤᠳ ᠤ᠋ᠨ ᠲᠠᠯ᠎ᠠ ᠪᠠᠷ ᠶᠠᠭᠠᠬᠢᠵᠤ ᠮᠡᠳᠡᠬᠦ ᠶᠦᠮ ᠪᠣᠢ?
ᠠᠢᠰᠤᠤ᠄ ᠮᠡᠳᠡᠭᠡᠯᠡᠯ ᠢ᠋ ᠪᠢ ᠲᠠ ᠬᠡᠳᠦ ᠳ᠋ᠦ᠍ ᠬᠡᠯᠡᠵᠦ ᠦᠭᠭᠦᠨ᠎ᠡ᠂ ᠲᠠ ᠬᠡᠳᠦ ᠠᠯᠢ ᠵᠢᠭᠠᠰᠤᠨ ᠤ᠋ ᠲᠠᠯ᠎ᠠ ᠪᠠᠷ ᠮᠡᠳᠡᠭᠡᠯᠡᠯ ᠠᠪᠤᠮᠠᠷ ᠪᠠᠢᠭ᠎ᠠ ᠪᠠᠨ ᠵᠢᠭᠠᠬᠤ ᠳ᠋ᠤ᠌ ᠯᠠ ᠪᠣᠯᠤᠨ᠎ᠠ᠃
ᠲᠤᠤᠨᠢ᠄ ᠲᠡᠢᠮᠦ ᠤᠤ᠂ ᠲᠡᠭᠡᠪᠡᠯ ᠲᠡᠷᠡ ᠲᠣᠮᠣ ᠬᠠᠷ᠎ᠠ ᠵᠢᠭᠠᠰᠤᠨ ᠤ᠋ ᠲᠠᠯ᠎ᠠ ᠪᠠᠷ ᠶᠠᠷᠢᠭᠠᠳ ᠥᠭ ᠳᠡ᠂ ᠲᠡᠷᠡ ᠲᠡᠷᠡ
ᠷᠦᠪᠢ᠄ ᠲᠦᠷᠦᠭᠦᠨ ᠦ᠌ ᠤᠷᠲᠤ ᠬᠣᠰᠢᠭᠤ ᠲᠠᠢ ᠪᠢᠰᠢ᠂ ᠨᠥᠭᠦᠭᠡ ᠤᠷᠢᠳᠤ ᠪᠠᠨ ᠰᠡᠯᠡᠮ᠎ᠡ ᠲᠡᠢ ᠶᠦᠮ ᠰᠢᠭ ᠪᠠᠢᠭᠰᠠᠨ ᠰᠢᠳᠡ᠂ ᠲᠠ ᠬᠡᠳᠦ ᠠᠩᠵᠠᠭᠠᠷᠠᠭ᠎ᠠ ᠦᠭᠡᠢ ᠶᠦᠮ ᠤᠤ? ᠶᠠᠭᠠᠬᠢᠬᠤᠪ ᠳᠠ᠂ ᠡᠢᠮᠦ ᠤᠷᠲᠤ ᠬᠣᠰᠢᠭᠤ ᠲᠠᠢ ᠬᠦ᠂ ᠠ ᠠ᠂ ᠲᠡᠷᠡ ᠪᠠᠢᠨ᠎ᠠ ᠰᠢᠲᠠ᠂ ᠲᠡᠷᠡ ᠲᠡᠷᠡ ᠲᠡᠭᠦᠨ ᠢ᠋ ᠬᠠᠷ᠎ᠠ ᠳᠠ ᠠᠢᠰᠤᠤ᠃
ᠪᠤᠺᠠ᠄ ᠲᠠ ᠬᠣᠶᠠᠷ ᠠ᠋᠂ ᠲᠠᠢᠪᠤᠩ ᠲᠠᠢᠪᠤᠩ᠃ ᠨᠢᠭᠡᠨ ᠢ᠋ ᠪᠡᠨ ᠬᠦᠨᠳᠦᠯᠡ ᠳᠡ᠂ ᠠᠢᠰᠤᠤ ᠲᠠ ᠬᠣᠶᠠᠷ ᠲᠤ᠌ ᠪᠦᠭᠦᠳᠡ ᠶ᠋ᠢ ᠨᠢ ᠬᠡᠯᠡᠵᠦ ᠦᠭᠭᠦᠨ᠎ᠡ ᠰᠢᠳᠡ᠂ ᠲᠡᠢᠮᠦ ᠠ᠋ ᠠᠢᠰᠤᠤ᠃
ᠠᠢᠰᠤᠤ᠄ ᠵᠠ᠂ ᠲᠡᠭᠡᠪᠡᠯ ᠬᠠᠮᠤᠭ ᠤ᠋ᠨ ᠡᠬᠢᠯᠡᠭᠡᠳ ᠲᠤᠤᠨᠢ ᠶ᠋ᠢᠨ ᠵᠢᠭᠠᠭᠰᠠᠨ ᠵᠢᠭᠠᠰᠤᠨ ᠤ᠋ ᠲᠠᠯ᠎ᠠ ᠪᠠᠷ ᠲᠣᠪᠴᠢᠬᠠᠨ ᠮᠡᠳᠡᠭᠡᠯᠡᠯ ᠦᠭᠭᠦᠶ᠎ᠡ᠃ ᠠᠯᠠᠭᠤᠷᠴᠢᠨ ᠬᠠᠯᠢᠮᠤ᠃ ᠡᠷᠡᠭᠲᠡᠢ ᠬᠠᠯᠢᠮᠤ ᠳᠤᠮᠳᠠᠴᠢ ᠪᠠᠷ ᠲᠠᠪᠢᠨ ᠵᠢᠯ ᠠᠮᠢᠳᠤᠷᠠᠳᠠᠭ ᠪᠣᠯ ᠡᠮᠡᠭᠲᠡᠢ ᠨᠢ ᠬᠣᠶᠠᠷ ᠳᠠᠬᠢᠨ ᠶᠡᠬᠡ ᠨᠠᠰᠤᠯᠠᠳᠠᠭ᠂ ᠡᠳᠦᠷ ᠲᠦ᠍ ᠲᠠᠪᠢ ᠠ᠋ᠴᠠ ᠵᠠᠭᠤᠨ ᠲᠠᠪᠢᠨ ᠺᠢᠯᠣᠭ᠌ᠷᠠᠮ ᠬᠣᠭᠣᠯᠠ ᠢᠳᠡᠳᠡᠭ᠃ ᠡᠷᠡᠭᠲᠡᠢ ᠮᠢᠬᠠᠴᠢᠨ ᠬᠠᠯᠢᠮᠤ ᠶ᠋ᠢᠨ ᠤᠷᠲᠤ ᠳᠤᠮᠳᠠᠴᠢ ᠪᠠᠷ7--9,5 ᠮᠧᠲ᠋ᠷ᠂ ᠵᠢᠷᠭᠤᠭᠠᠨ ᠮᠢᠩᠭᠠᠨ ᠺᠢᠯᠣᠭ᠌ᠷᠠᠮ ᠵᠢᠩ ᠲᠡᠢ᠂ ᠬᠠᠷᠢᠨ ᠡᠮᠡᠭᠲᠡᠢ ᠮᠢᠬᠠᠴᠢᠨ ᠬᠠᠯᠢᠮᠤ ᠶ᠋ᠢᠨ ᠤᠷᠲᠤ ᠨᠢ ᠳᠤᠮᠳᠠᠴᠢ ᠪᠠᠷ5,5--8,5 ᠮᠧᠲ᠋ᠷ᠂ ᠲᠠᠪᠤᠨ ᠮᠢᠩᠭᠠᠨ ᠺᠢᠯᠣᠭ᠌ᠷᠠᠮ ᠵᠢᠩ ᠲᠡᠢ ᠪᠠᠢᠳᠠᠭ ᠪᠠᠢᠨ᠎ᠠ᠃ ᠠᠯᠠᠭᠤᠷᠴᠢᠨ ᠬᠠᠯᠢᠮᠤ ᠶ᠋ᠢᠨ ᠳᠡᠭᠡᠳᠦ ᠬᠤᠷᠳᠤ ᠨᠢ ᠨᠠᠶᠠᠨ ᠬᠣᠶᠠᠷ ᠺᠢᠯᠣᠮᠧᠲ᠋ᠷ ᠴᠠᠭ᠃
ᠲᠤᠤᠨᠢ᠄ ᠦ ᠶᠠᠩᠵᠤ ᠲᠠᠢ᠂ ᠣᠳᠣ ᠡᠨᠡ ᠬᠠᠯᠢᠮᠤ ᠶ᠋ᠢ ᠬᠠᠮᠢᠭ᠎ᠠ ᠠ᠋ᠴᠠ ᠨᠢ ᠴᠦ᠍ ᠬᠠᠷᠠᠭᠰᠠᠨ ᠴᠤ᠌ ᠮᠡᠳᠡᠬᠦ ᠪᠡᠷ ᠪᠣᠯᠤᠯ᠎ᠠ ᠪᠠᠢᠨ᠎ᠠ ᠰᠢᠲᠠ᠃
ᠠᠢᠰᠤᠤ᠄ ᠰᠠᠢᠨ ᠪᠠᠢᠨ᠎ᠠ᠂ ᠲᠤᠤᠨᠢ᠂ ᠣᠳᠣ ᠷᠦᠪᠢ ᠶ᠋ᠢᠨ ᠬᠡᠯᠡᠭᠡᠳ ᠪᠠᠢᠭ᠎ᠠ ᠵᠢᠭᠠᠰᠤᠨ ᠤ᠋ ᠲᠠᠯ᠎ᠠ ᠪᠠᠷ ᠮᠡᠳᠡᠭᠡᠯᠡᠯ ᠦᠭᠭᠦᠶ᠎ᠡ ᠳᠠᠯᠪᠠᠭᠠᠲᠤ ᠵᠢᠭᠠᠰᠤ᠂ ᠳᠠᠯᠪᠠᠭᠠᠲᠤ ᠵᠢᠭᠠᠰᠤ ᠨᠢ13 ᠠ᠋ᠴᠠ 15 ᠵᠢᠯ ᠠᠮᠢᠳᠤᠷᠠᠳᠠᠭ᠃ ᠥᠪᠡᠷ ᠦ᠋ᠨ ᠥᠩᠭᠡ ᠶ᠋ᠢ ᠰᠡᠳᠬᠢᠯ ᠰᠠᠨᠠᠭᠠᠨ ᠤ᠋ ᠪᠠᠨ ᠪᠠᠢᠳᠠᠯ ᠢ᠋ᠶ᠋ᠠᠷ ᠲᠠᠭᠠᠨ ᠬᠤᠪᠢᠷᠠᠭᠠᠵᠤ ᠴᠢᠳᠠᠳᠠᠭ᠂ ᠮᠥᠨ ᠡᠮᠡᠭᠲᠡᠢ ᠳᠠᠯᠪᠠᠭᠠᠲᠤ ᠵᠢᠭᠠᠰᠤ ᠨᠢ ᠨᠢᠭᠡ ᠲᠥᠷᠥᠬᠦ ᠳ᠋ᠦ᠍ ᠪᠡᠨ4,5 ᠰᠠᠶ᠎ᠠ ᠥᠨᠳᠡᠭᠡᠯᠡᠵᠦ ᠴᠢᠳᠠᠳᠠᠭ᠃ ᠰᠦᠷᠦᠭ ᠢ᠋ᠶ᠋ᠡᠷ ᠢ᠋ᠶ᠋ᠡᠨ ᠠᠩ ᠬᠢᠳᠡᠭ ᠮᠠᠰᠢ ᠤᠬᠠᠭᠠᠯᠢᠭ ᠵᠢᠭᠠᠰᠤ ᠶᠤᠮ᠃ ᠳᠠᠯᠪᠠᠭᠠᠲᠤ ᠵᠢᠭᠠᠰᠤᠨ ᠤ᠋ ᠳᠡᠭᠡᠳᠦ ᠬᠤᠷᠳᠤ ᠨᠢ ᠵᠢᠷᠠᠨ ᠨᠠᠢ᠍ᠮᠠᠨ ᠺᠢᠯᠣᠮᠧᠲ᠋ᠷ ᠴᠠᠭ᠃
ᠷᠦᠪᠢ᠄ ᠶᠠ᠂ ᠨᠠᠳᠠ ᠰᠢᠭ᠋ ᠯᠡ ᠬᠤᠷᠳᠤ ᠬᠦᠴᠦ ᠲᠡᠢ ᠶᠦᠮ ᠪᠠᠢᠨ᠎ᠠ ᠯᠠ ᠳᠠ᠂ ᠪᠢ ᠴᠦ᠍ ᠱᠠᠯᠠᠮᠠᠭᠠᠢ ᠯᠠ ᠳᠠ᠂ ᠱᠠᠯᠠᠮᠠᠭᠠᠢ ᠱᠠᠯᠠᠮᠠᠭᠠᠢ᠃
ᠰᠠᠮᠢ᠄ ᠬᠠᠷᠢᠨ ᠲᠡᠢᠮᠦ ᠪᠠᠢᠭ᠎ᠠ ᠪᠢᠵᠡ᠂ ᠠᠢᠰᠤᠤ ᠲᠡᠷᠡ ᠮᠣᠭᠠᠢ ᠰᠢᠭ᠋ ᠬᠡᠯᠪᠡᠷᠢ ᠲᠡᠢ ᠵᠢᠭᠠᠰᠤ ᠶ᠋ᠢ ᠶᠠᠷᠢᠭᠠᠳ ᠥᠭᠭᠦᠭᠡᠴᠢ᠃
ᠠᠢᠰᠤᠤ᠄ ᠴᠠᠬᠢᠯᠭᠠᠨ ᠮᠣᠭᠠᠢ ᠵᠢᠭᠠᠰᠤ᠂ ᠠᠮᠢᠳᠤᠷᠠᠬᠤ ᠣᠷᠴᠢᠨ ᠨᠢ ᠌ᠠᠮᠠᠽᠤᠨ ᠪᠠ ᠤᠷᠢᠨᠤᠺᠤ ᠭᠣᠣᠯ ᠤ᠋ᠨ ᠰᠠᠪᠠ ᠭᠠᠵᠠᠷ᠂ ᠡᠮᠦᠨᠡᠲᠦ ᠠᠮᠧᠷᠢᠺᠠ᠂ ᠬᠡᠮᠵᠢᠶ᠎ᠡ᠄ ᠤᠷᠲᠤ ᠨᠢ᠄ 1,2--2,4 ᠮᠧᠲ᠋ᠷ᠂ ᠵᠢᠩ ᠨᠢ20 ᠺᠢᠯᠣᠭ᠌ᠷᠠᠮ᠂ ᠰᠢᠪᠠᠵᠢ᠂ ᠵᠢᠭᠠᠰᠤ᠂ ᠬᠠᠪᠴᠢ᠂ ᠥᠳᠥ᠃ ᠬᠢᠰᠤᠭ᠎ᠠ᠂ ᠮᠡᠯᠡᠬᠡᠢ ᠵᠡᠷᠭᠡ ᠪᠡᠷ ᠬᠣᠭᠣᠯᠠᠯᠠᠳᠠᠭ᠃ ᠥᠨᠳᠥᠷ ᠬᠦᠴᠦᠳᠡᠯ ᠦ᠋ᠨ ᠴᠡᠨᠡᠭ ᠢ᠋ᠶ᠋ᠡᠷ ᠬᠣᠭᠣᠯᠠ ᠪᠠᠨ ᠣᠯᠵᠤ ᠢᠳᠡᠬᠦ ᠪᠡᠶ᠎ᠡ ᠪᠡᠨ ᠬᠠᠮᠠᠭᠠᠯᠠᠬᠤ ᠳ᠋ᠤ᠌ ᠠᠰᠢᠭᠯᠠᠳᠠᠭ ᠪᠠᠢᠨ᠎ᠠ᠃ ᠴᠠᠬᠢᠯᠭᠠᠨ ᠮᠣᠭᠠᠢ ᠵᠢᠭᠠᠰᠤ ᠨᠢ300 ᠠ᠋ᠴᠠ800 ᠸᠠᠯᠲ ᠬᠦᠷᠲᠡᠯ᠎ᠡ ᠴᠠᠬᠢᠯᠭᠠᠨ ᠡᠭᠦᠰᠬᠡᠬᠦ ᠴᠢᠳᠠᠯ ᠲᠠᠢ᠃
ᠰᠠᠮᠢ᠄ ᠬᠥᠶᠢ᠂ ᠲᠠᠩᠳᠠ ᠯᠠ ᠮᠢᠬᠠᠴᠢᠨ ᠵᠢᠭᠠᠰᠤᠨ ᠤ᠋ ᠲᠠᠯ᠎ᠠ ᠪᠠᠷ ᠮᠡᠳᠡᠭᠡᠯᠡᠯ ᠠᠪᠤᠭᠠᠳ ᠪᠠᠢᠬᠤ ᠶᠤᠮ ᠤᠤ ᠳᠠ᠂ ᠬᠥᠭᠡᠷᠦᠬᠦᠨ ᠬᠥᠭᠡᠷᠦᠬᠦᠨ ᠵᠢᠭᠠᠰᠤ ᠦᠵᠡᠶ᠎ᠡ ᠯᠡ ᠳᠡ᠃
ᠶᠦᠨᠢ᠄ ᠲᠡᠭᠡᠶ᠎ᠡ ᠯᠡ ᠳᠡ᠃
ᠠᠢᠰᠤᠤ᠄ ᠵᠠ᠂ ᠲᠡᠭᠡᠶ᠎ᠡ᠂ ᠬᠥᠭᠡᠷᠦᠬᠦᠨ ᠵᠢᠭᠠᠰᠤ ᠦᠵᠡᠬᠦ ᠳ᠋ᠦ᠍ ᠪᠡᠯᠡᠨ ᠤᠤ?
ᠶᠦᠨᠢ᠄ ᠪᠡᠯᠡᠨ!
ᠰᠠᠮᠢ᠄ ᠪᠡᠯᠡᠨ!
ᠶᠦᠨᠢ᠄ ᠬᠥᠥᠭ᠂ ᠶᠠᠮᠠᠷ ᠭᠣᠶᠣ ᠶᠤᠮ ᠪᠣᠢ?
ᠰᠠᠮᠢ᠄ ᠲᠡᠷᠡ ᠶᠠᠭᠠᠨ ᠥᠩᠭᠡ ᠲᠡᠢ ᠵᠢᠭᠠᠰᠤ ᠨᠤᠭᠤᠳ ᠶᠠᠮᠠᠷ ᠬᠥᠭᠡᠷᠦᠬᠦᠨ ᠶᠦᠮ ᠪᠣᠢ? ᠶᠣᠰᠣᠲᠠᠢ ᠦᠵᠡᠰᠬᠦᠯᠡᠩᠲᠡᠢ ᠶᠦᠮ ᠠ᠋᠃ᠠᠢᠰᠤᠤ ᠲᠡᠷᠡ ᠬᠥᠭᠡᠷᠦᠬᠦᠨ ᠶᠠᠭᠠᠨ ᠵᠢᠭᠠᠰᠤᠨ ᠤ᠋ ᠨᠡᠷ᠎ᠡ ᠶ᠋ᠢ ᠶᠠᠭᠤ ᠭᠡᠳᠡᠭ ᠶᠦᠮ? ᠪᠠᠰᠠ ᠶᠦᠨᠢ ᠶ᠋ᠢᠨ ᠬᠡᠯᠡᠭᠡᠳ ᠪᠠᠢᠭ᠎ᠠ ᠵᠢᠭᠠᠰᠤ ᠶ᠋ᠢ ᠬᠡᠯᠡᠭᠡᠳ ᠥᠭᠭᠦᠭᠡᠴᠢ᠃
ᠠᠢᠰᠤᠤ᠄ ᠡᠨᠡ ᠬᠥᠭᠡᠷᠦᠬᠦᠨ ᠶᠠᠭᠠᠨ ᠵᠢᠭᠠᠰᠤ ᠶ᠋ᠢ ᠠᠺᠰᠤᠯᠤᠲ᠋ᠯ᠃ ᠠᠮᠢᠳᠤᠷᠠᠬᠤ ᠣᠷᠴᠢᠨ᠄ ᠮᠸᠺᠰᠸᠬᠦ ᠬᠣᠲᠠ ᠶ᠋ᠢᠨ ᠣᠢᠷᠠᠯᠴᠠᠭᠠᠬᠢ ᠠᠭᠤᠷ ᠴᠥᠭᠥᠷᠥᠮ᠂ ᠣᠨᠴᠠᠯᠢᠭ᠄ ᠥᠪᠡᠷ ᠦ᠋ᠨ ᠪᠡᠶ᠎ᠡ ᠶ᠋ᠢᠨ ᠪᠦᠬᠦ ᠬᠡᠰᠡᠭ ᠢ᠋ ᠨᠥᠬᠥᠨ ᠲᠥᠯᠵᠢᠭᠦᠯᠵᠦ ᠴᠢᠳᠠᠳᠠᠭ᠂ ᠬᠡᠮᠵᠢᠶ᠎ᠡ ᠨᠢ᠄ ᠡᠷ᠎ᠡ ᠨᠢ30 cm᠂ ᠡᠮ᠎ᠡ ᠨᠢ15cm ᠤᠷᠲᠤ ᠲᠠᠢ᠂ ᠠᠮᠢᠳᠤᠷᠠᠬᠤ ᠨᠠᠰᠤᠵᠢᠯᠲᠠ ᠨᠢ᠄10--15 ᠵᠢᠯ᠂ ᠠᠺᠰᠤᠯᠤᠲ᠋ᠯ ᠨᠢ ᠥᠳᠥ ᠰᠢᠪᠡᠵᠢ ᠶ᠋ᠢᠨ ᠠᠪᠠᠭᠠᠯᠳᠠᠢ᠂ ᠬᠠᠪᠴᠢ᠂ ᠵᠢᠵᠢᠭ ᠵᠢᠭᠠᠰᠤ᠂ ᠨᠢᠯᠴᠠᠭᠠᠢ ᠪᠡᠶᠡᠲᠡᠨ ᠵᠡᠷᠭᠡ ᠪᠡᠷ ᠬᠣᠭᠣᠯᠠᠯᠠᠳᠠᠭ᠃
ᠶᠦᠨᠢ᠄ ᠣᠳᠣ ᠲᠡᠭᠦᠨ ᠢ᠋᠃
ᠠᠢᠰᠤᠤ᠄ ᠳᠠᠯᠠᠢ ᠶ᠋ᠢᠨ ᠵᠠᠯᠬᠠᠭ᠂ ᠥᠯᠭᠡ ᠬᠦᠷᠪᠡᠯ ᠦ᠋ᠳ ᠡᠴᠡ ᠴᠦ᠍ ᠡᠮᠦᠨ᠎ᠡ ᠠᠮᠢᠳᠤᠷᠠᠵᠤ ᠪᠠᠢᠭᠰᠠᠨ ᠪᠡᠶ᠎ᠡ ᠶ᠋ᠢᠨ ᠬᠢᠨᠢ ᠶᠡᠷᠡᠨ ᠲᠠᠪᠤᠨ ᠬᠤᠪᠢ ᠨᠢ ᠤᠰᠤᠨ ᠠ᠋ᠴᠠ ᠪᠦᠲᠦᠳᠡᠭ᠂ ᠲᠡᠳᠡᠨ ᠳ᠋ᠦ᠍ ᠲᠠᠷᠢᠬᠢ᠂ ᠴᠢᠰᠤ᠂ ᠵᠢᠷᠦᠬᠡ᠂ ᠶᠠᠰᠤ ᠪᠠᠢᠳᠠᠭ ᠦᠭᠡᠢ᠂ ᠠᠷᠠᠰᠤ ᠪᠠᠷ ᠢ᠋ᠶ᠋ᠠᠨ ᠠᠮᠢᠰᠬᠤᠯᠠᠵᠤ ᠴᠢᠳᠠᠳᠠᠭ᠂ ᠵᠠᠷᠢᠮ ᠳᠠᠯᠠᠢ ᠶ᠋ᠢᠨ ᠵᠠᠯᠬᠠᠭ ᠨᠢ ᠬᠠᠷᠠᠩᠭᠤᠢ ᠳ᠋ᠤ᠌ ᠬᠡᠷᠡᠯᠳᠦᠵᠦ ᠴᠢᠳᠠᠳᠠᠭ ᠪᠠᠢᠨ᠎ᠠ᠃
ᠪᠤᠺᠠ᠄ ᠶᠣᠰᠣᠲᠠᠢ ᠰᠣᠨᠢᠷᠬᠠᠯᠲᠠᠢ ᠶᠤᠮ ᠠ᠋᠂ ᠨᠠᠳᠠ ᠲᠡᠷᠡ ᠰᠣᠯᠣᠩᠭᠠᠷᠠᠭᠰᠠᠨ ᠵᠢᠭᠠᠰᠤ ᠶ᠋ᠢ ᠬᠡᠯᠡᠭᠡᠳ ᠦᠭᠭᠦᠭᠡᠴᠢ᠃
ᠠᠢᠰᠤᠤ᠄ ᠲᠤᠯᠤᠭᠠᠨᠢ ᠵᠢᠭᠠᠰᠤ᠃ ᠭᠠᠷᠤᠯ ᠡᠭᠦᠰᠦᠯ᠄ ᠵᠡᠭᠦᠨ ᠡᠮᠦᠨᠡᠲᠦ ᠠᠽᠢᠶ᠎ᠠ᠂25-27 ᠼᠧᠯᠰ ᠲᠦ᠍ ᠠᠮᠢᠳᠤᠷᠠᠵᠤ ᠴᠢᠳᠠᠳᠠᠭ᠂ ᠭᠤᠷᠪᠠ ᠠ᠋ᠴᠠ ᠲᠠᠪᠤᠨ ᠵᠢᠯ ᠨᠠᠰᠤᠯᠠᠳᠠᠭ᠂ ᠡᠷᠡᠭᠲᠡᠢ ᠨᠢ ᠣᠯᠠᠨ ᠥᠩᠭᠡ ᠲᠡᠢ᠂ ᠤᠷᠲᠤ ᠰᠡᠷᠪᠡᠭᠡ ᠲᠡᠢ ᠪᠠᠢᠳᠠᠭ ᠪᠣᠯ ᠡᠮᠡᠭᠲᠡᠢ ᠨᠢ ᠪᠠᠭ᠎ᠠ ᠥᠩᠭᠡ ᠲᠡᠢ ᠪᠣᠭᠣᠨᠢ ᠰᠡᠷᠪᠡᠭᠡ ᠲᠡᠢ ᠪᠠᠢᠳᠠᠭ ᠪᠠᠢᠨ᠎ᠠ᠃ ᠡᠷᠡᠭᠲᠡᠢ ᠵᠢᠭᠠᠰᠤ ᠨᠢ ᠨᠢᠭᠡ ᠳᠣᠣᠷ᠎ᠠ ᠠᠮᠢᠳᠤᠷᠠᠵᠤ ᠴᠢᠳᠠᠳᠠᠭ ᠦᠭᠡᠢ᠂ ᠦᠬᠦᠨ ᠦᠬᠦᠲᠡᠯ᠎ᠡ ᠪᠡᠨ ᠲᠤᠯᠤᠯᠳᠤᠳᠠᠭ ᠪᠠᠢᠨ᠎ᠠ᠃
ᠲᠤᠤᠨᠢ᠄ ᠭᠠᠢᠬᠠᠯᠲᠠᠢ᠂ ᠳᠠᠯᠠᠢ ᠳᠣᠣᠷᠠᠬᠢ ᠶᠢᠷᠲᠢᠨᠴᠦ ᠭᠡᠳᠡᠭ ᠠᠭᠤᠤ ᠶᠤᠮ ᠠ᠋᠃
ᠷᠦᠪᠢ᠄ ᠥᠨᠥᠳᠥᠷ ᠦ᠋ᠨVR ᠴᠦ᠍ ᠦᠨᠡᠬᠡᠷ ᠰᠣᠨᠢᠷᠬᠠᠯᠲᠠᠢ ᠪᠠᠢᠨ᠎ᠠ ᠳᠠ᠃
ᠠᠢᠰᠤᠤ᠄ ᠲᠠ ᠬᠡᠳᠦ ᠳ᠋ᠦ᠍ ᠨᠢᠰᠳᠡᠭ ᠵᠢᠭᠠᠰᠤ ᠬᠠᠷᠠᠭᠤᠯᠤᠶ᠎ᠠ᠃
ᠪᠤᠺᠠ᠄ ᠨᠢᠰᠳᠡᠭ ᠵᠢᠭᠠᠰᠤ ᠭᠡᠵᠦ ᠪᠠᠰᠠ ᠪᠠᠢᠳᠠᠭ ᠶᠤᠮ ᠤᠤ?
ᠠᠢᠰᠤᠤ ᠪᠠᠢᠨ᠎ᠠ᠃ ᠲᠠᠨᠢᠨ ᠮᠡᠳᠡᠬᠦᠢ ᠶ᠋ᠢᠨ ᠴᠠᠭ ᠡᠬᠢᠯᠡᠯ᠎ᠡ᠂ ᠳᠡᠯᠭᠡᠴᠡᠨ ᠳ᠋ᠦ᠍ ᠪᠡᠨ ᠣᠢᠷᠠᠲᠤᠭᠠᠷᠠᠢ᠃ ᠳᠡᠯᠡᠬᠡᠢ ᠳᠤ ᠨᠡᠢᠲᠡ ᠲᠠᠪᠤᠨ ᠳᠠᠯᠠᠢ ᠪᠠᠢᠳᠠᠭ ᠪᠠᠢᠨ᠎ᠠ᠃ ᠨᠢᠭᠡ ᠳ᠋ᠦ᠍᠂ ᠨᠣᠮᠣᠬᠠᠨ ᠳᠠᠯᠠᠢ᠂ ᠬᠣᠶᠠᠷ ᠲᠤ᠌᠂ ᠠᠲ᠋ᠠᠯᠠᠨᠲ ᠤ᠋ᠨ ᠳᠠᠯᠠᠢ᠂ ᠭᠤᠷᠪᠠ ᠳ᠋ᠤ᠌ ᠂ ᠤᠮᠠᠷᠠᠲᠤ ᠮᠥᠰᠥᠨ ᠳᠠᠯᠠᠢ᠃ ᠳᠥᠷᠪᠡ ᠳ᠋ᠦ᠍᠂ ᠡᠮᠦᠨᠡᠲᠦ ᠮᠥᠰᠥᠨ ᠳᠠᠯᠠᠢ᠂ ᠲᠠᠪᠤ ᠳ᠋ᠤ᠌᠂ ᠡᠨᠡᠳᠬᠡᠭ ᠦ᠋ᠨ ᠳᠠᠯᠠᠢ ᠪᠠᠢᠳᠠᠭ ᠪᠠᠢᠨ᠎ᠠ᠃ ᠳᠡᠯᠡᠬᠡᠢ ᠳᠡᠭᠡᠷᠡᠬᠢ ᠨᠡᠢᠲᠡ ᠤᠰᠤᠨ ᠤ᠋ ᠶᠡᠷᠡᠨ ᠭᠤᠷᠪᠠᠨ ᠬᠤᠪᠢ ᠶ᠋ᠢ ᠳᠠᠯᠠᠢ ᠶ᠋ᠢᠨ ᠤᠰᠤ ᠡᠵᠡᠯᠡᠳᠡᠭ᠂ ᠦᠯᠡᠳᠡᠭᠰᠡᠨ ᠳᠣᠯᠣᠭᠠᠨ ᠬᠤᠪᠢ ᠶ᠋ᠢ ᠨᠢ ᠪᠢᠳᠡᠨ ᠦ᠌ ᠡᠳᠦᠷ ᠳᠣᠳᠣᠮ ᠳ᠋ᠤ᠌ ᠪᠠᠨ ᠬᠡᠷᠡᠭᠯᠡᠳᠡᠭ ᠴᠡᠩᠭᠡᠭ ᠤᠰᠤ ᠡᠵᠡᠯᠡᠳᠡᠭ ᠪᠠᠢᠨ᠎ᠠ᠃
ᠡᠨᠡ ᠤᠳᠠᠭ᠎ᠠ ᠶ᠋ᠢᠨ ᠲᠠᠨᠢᠨ ᠮᠡᠳᠡᠬᠦᠢ ᠶ᠋ᠢᠨ ᠴᠠᠭ ᠥᠨᠳᠥᠷᠯᠡᠵᠦ ᠪᠠᠢᠨ᠎ᠠ᠂ ᠳᠠᠷᠠᠭ᠎ᠠ ᠠᠭᠤᠯᠵᠠᠲᠠᠯ᠎ᠠ ᠪᠠᠨ ᠪᠠᠶᠠᠷᠲᠠᠢ!
ᠦᠰᠦᠭ ᠢ᠋ ᠨᠢ ᠾᠦᠩ ᠸᠧᠢ ᠠᠮᠢᠯᠠᠭᠤᠯᠵᠤ ᠬᠠᠳᠠᠪᠠ ᠃
ᠬᠥᠳᠡᠯᠭᠡᠭᠡᠨᠲᠦ ᠵᠢᠷᠤᠭ ᠲᠠᠬᠢ ᠦᠰᠦᠭ ᠢ ᠨᠢ ᠮᠥᠴᠢᠷ᠂ ᠱᠤᠳᠤᠷᠭᠤ ᠬᠢᠨᠠᠪᠠ ᠃
