ᠪᠤᠯᠴᠠᠭᠠᠷ ᠨᠠᠢᠵᠠ ᠨᠤᠭᠤᠳ 02-᠎ᠰᠠᠷᠠᠨ ᠳᠡᠭᠡᠷ᠎ᠡ ᠣᠴᠢᠭᠰᠠᠨ ᠨᠢСаран дээр очсон нь-Булцгар найзууд ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠯᠴᠠᠭᠠᠷ ᠨᠠᠢᠵᠠ ᠨᠤᠭᠤᠳ 02-᠎ᠰᠠᠷᠠᠨ ᠳᠡᠭᠡᠷ᠎ᠡ ᠣᠴᠢᠭᠰᠠᠨ ᠨᠢСаран дээр очсон нь-Булцгар найзууд

ᠪᠤᠯᠴᠠᠭᠠᠷ ᠨᠠᠢᠵᠠ ᠨᠤᠭᠤᠳ 02-᠎ᠰᠠᠷᠠᠨ ᠳᠡᠭᠡᠷ᠎ᠡ ᠣᠴᠢᠭᠰᠠᠨ ᠨᠢСаран дээр очсон нь-Булцгар найзууд

2023-11-20

631

ᠰᠠᠷᠠᠨ ᠳᠡᠭᠡᠷ᠎ᠡ ᠠᠶᠠᠯᠠᠭᠰᠠᠨ ᠨᠢ

ᠷᠦᠪᠢ ᠄ ᠮᠠᠷᠭᠠᠰᠢ VR ᠲᠥᠬᠥᠭᠡᠷᠦᠮᠵᠢ ᠪᠡᠷ ᠰᠠᠭᠰᠤᠴᠢᠨ ᠰᠠᠨᠢᠴᠠᠷ ᠠᠬ᠎ᠠ ᠲᠠᠢ ᠠᠭᠤᠯᠵᠠᠨ᠎ᠠ᠂ ᠬᠦᠰᠡᠭᠰᠡᠨ ᠭᠠᠵᠠᠷ ᠬᠦᠰᠡᠭᠰᠡᠨ ᠬᠥᠮᠦᠨ ᠲᠡᠢ ᠪᠡᠨ ᠠᠭᠤᠯᠵᠠᠵᠤ ᠪᠣᠯᠳᠠᠭ ᠭᠡᠳ ᠪᠠᠢᠭᠰᠠᠨ ᠪᠢᠵᠡ ᠳᠡ᠂ ᠵᠠ᠃ᠲᠡᠢᠮᠦ ᠪᠠᠢᠬ᠎ᠠ ᠠ᠋᠂ ᠲᠡᠢᠮᠦ ᠪᠠᠢᠬ᠎ᠠ᠂ ᠲᠡᠢᠮᠦ ᠪᠠᠢᠬ᠎ᠠ᠃
ᠲᠣᠣᠨᠢ ᠄ ᠺᠣᠮᠫᠢᠦ᠋ᠲ᠋ᠧᠷ ᠠᠩᠬ᠎ᠠ ᠬᠠᠮᠢᠭ᠎ᠠ ᠶᠠᠭᠠᠬᠢᠵᠤ ᠡᠭᠦᠰᠦᠭᠰᠡᠨ ᠢ᠋ ᠨᠢ ᠶᠠᠭ ᠬᠠᠵᠠᠭᠤ ᠳ᠋ᠤ᠌ ᠨᠢ ᠣᠴᠢᠭᠠᠳ ᠦᠵᠡᠴᠢᠬᠡᠪᠡᠯ᠂ ᠶᠠᠩᠵᠤ ᠲᠠᠢ ᠪᠠᠢᠬᠤ ᠳᠠ᠂ ᠲᠡᠢᠮᠦ?
ᠰᠠᠮᠢ ᠄ ᠮᠠᠷᠭᠠᠰᠢ ᠪᠢ ᠲᠡᠷᠡ VRᠲᠥᠬᠥᠭᠡᠷᠦᠮᠵᠢ ᠪᠡᠷ ᠨᠢ ᠠᠶᠤᠮᠠᠷ ᠭᠣᠶᠣ ᠵᠠᠭᠪᠤᠷ ᠤ᠋ᠨ ᠰᠢᠪᠠᠭᠤ ᠦᠵᠡᠮᠡᠷ ᠪᠠᠢᠨ᠎ᠠ᠃
ᠶᠦᠨᠢ ᠄ ᠪᠢ ᠰᠢᠳᠢᠲᠡᠨ ᠲᠡᠢ ᠪᠡᠨ ᠠᠭᠤᠯᠵᠠᠵᠤ ᠪᠣᠯᠬᠤ ᠪᠣᠯ ᠤᠤ?ᠬᠡᠩ᠂ ᠮᠠᠷᠭᠠᠰᠢ ᠠᠢᠰᠣᠣ ᠠ᠋ᠴᠠ ᠠᠰᠠᠭᠤᠨ᠎ᠠ᠃
ᠪᠤᠺᠠ ᠄ ᠡᠪᠦᠭᠡ ᠮᠠᠨᠢ ᠨᠠᠳᠠ ᠣᠳᠣᠨ ᠣᠷᠣᠨ ᠤ᠋ ᠲᠠᠯ᠎ᠠ ᠪᠠᠷ ᠵᠢᠭᠠᠵᠤ ᠪᠠᠢᠬᠤ ᠳ᠋ᠤ᠌ ᠪᠠᠨ ᠬᠠᠮᠤᠭ ᠤ᠋ᠨ ᠠᠩᠬ᠎ᠠ ᠰᠠᠷᠠᠨ ᠳᠡᠭᠡᠷ᠎ᠡ ᠬᠥᠯ ᠲᠠᠯᠪᠢᠭᠰᠠᠨ ᠬᠥᠮᠦᠨ ᠨᠢᠯ᠂ ᠠᠷᠮᠰᠲ᠋ᠷᠤᠩ ᠤ᠋ᠨ ᠲᠠᠯ᠎ᠠ ᠪᠠᠷ ᠶᠠᠷᠢᠵᠤ ᠥᠭᠴᠦ ᠪᠠᠢᠵᠤ ᠪᠢᠯᠡ᠂ ᠠ ᠲᠡᠷᠡ ᠬᠥᠮᠦᠨ ᠰᠢᠭ ᠰᠠᠷᠠᠨ ᠳᠡᠭᠡᠷ᠎ᠡ ᠪᠢᠳᠡ ᠣᠴᠢᠵᠤ ᠦᠵᠡᠨ᠎ᠡ ᠭᠡᠵᠦ ᠮᠥᠷᠥᠭᠡᠳᠳᠡᠭ ᠪᠠᠢᠵᠤ ᠪᠢᠯᠡ᠂ ᠮᠠᠷᠭᠠᠰᠢ VR ᠵᠢᠨᠷ ᠵᠠᠪᠠᠯ ᠰᠠᠷᠠᠨ ᠳᠡᠭᠡᠷ᠎ᠡ ᠣᠴᠢᠬᠤ ᠳ᠋ᠤ᠌ ᠪᠠᠨ ᠯᠠ ᠣᠴᠢᠨ᠎ᠠ ᠳᠠ᠃
ᠠᠢᠰᠣᠣ ᠄ ᠭᠦᠱ᠌ᠢ ᠠ᠋᠂ ᠵᠦᠭᠡᠷ ᠤᠤ?ᠶᠠᠭᠤ ᠪᠣᠯᠤᠭᠰᠠᠨ ᠪᠣᠢ? ᠮᠠᠨ ᠤ᠋ ᠬᠢ ᠠ᠋
ᠷᠦᠪᠢ ᠄ ᠪᠢᠳᠡᠨ ᠨᠥᠭᠦᠭᠡ᠂ ᠨᠥᠭᠦᠭᠡ᠂ ᠶᠠᠭᠤ ᠪᠢᠯᠡ?ᠨᠡᠷ᠎ᠡ ᠨᠢ ᠶᠠᠭᠤ ᠪᠢᠯᠡ?
ᠰᠠᠮᠢ ᠄ VR ᠵᠢᠨᠷ ᠠᠶᠠᠯᠠᠬᠤ ᠭᠡᠳ ᠁
ᠲᠣᠣᠨᠢ ᠄ ᠬᠥᠶᠢ᠂ ᠬᠥᠶᠢ ᠬᠥᠶᠢ᠂ ᠪᠢ ᠳᠡᠭᠡᠳᠦ ᠨᠢᠭᠡ ᠳ᠋ᠦ᠍ ᠪᠡᠨ ᠲᠦᠷᠦᠭᠦᠯᠡᠵᠦ ᠢᠷᠡᠭᠰᠡᠨ ᠪᠢᠵᠡ ᠳᠡ᠂ ᠲᠡᠢᠮᠦ?
ᠪᠤᠺᠠ ᠄ ᠦᠭᠡᠢ᠂ ᠪᠢ ᠰᠢᠲᠠ ᠪᠢ᠂  ᠪᠢ ᠪᠢ ᠪᠢ ᠭᠡᠳ ᠪᠠᠢᠬᠤ ᠴᠢᠨᠢ ᠶᠠᠭᠠᠬᠢᠬᠤ ᠭᠡᠳ ᠪᠠᠢᠭ᠎ᠠ ᠶᠤᠮ ᠪᠣᠢ?
ᠶᠦᠨᠢ ᠄ ᠪᠢ ᠪᠢ ᠪᠢ ᠁
ᠰᠠᠮᠢ ᠄ ᠦᠭᠡᠢ ᠪᠢ ᠪᠢ
ᠷᠦᠪᠢ ᠄ ᠪᠢ ᠰᠢᠳᠡ ᠪᠢ ᠰᠠᠨᠢᠴᠠᠷ ᠠᠬ᠎ᠠ ᠲᠠᠢ ᠠᠭᠤᠯᠵᠠᠮᠠᠷ ᠪᠠᠢᠨ᠎ᠠ ᠰᠢᠲᠠ᠃
ᠰᠠᠮᠢ ᠄ ᠪᠢ ᠵᠠᠭᠪᠤᠷ ᠤ᠋ᠨ ᠰᠢᠪᠠᠭᠤ ᠦᠵᠡᠮᠡᠷ ᠪᠠᠢᠨ᠎ᠠ ᠰᠢᠲᠠ᠃
ᠲᠣᠣᠨᠢ᠄ ᠠᠢ᠂ ᠲᠡᠭᠡᠵᠦ ᠪᠠᠢᠬᠤ ᠪᠠᠷ ᠺᠣᠮᠫᠢᠦ᠋ᠲ᠋ᠧᠷ ᠠᠩᠬ᠎ᠠ ᠡᠭᠦᠰᠴᠦ ᠪᠠᠢᠭᠰᠠᠨ ᠦᠶ᠎ᠡ ᠤᠷᠤᠭᠤ ᠶᠠᠪᠤᠴᠢᠬᠠᠶ᠎ᠠ ᠯᠠ ᠳᠠ᠂ ᠲᠡᠭᠡᠬᠦ ᠤᠤ ᠳᠠ᠂ ᠲᠡᠭᠡᠭᠡᠴᠢ ᠳᠡ᠂ᠲᠡᠭᠡᠶ᠎ᠡ ᠯᠡ ᠳᠡ᠃
ᠶᠦᠨᠢ ᠄ ᠪᠢ ᠪᠣᠯᠬᠤ ᠪᠠᠷ ᠠᠩᠬᠠᠨ ᠤ᠋ ᠰᠢᠳᠢᠲᠡᠨ ᠲᠡᠢ ᠠᠭᠤᠯᠵᠠᠵᠤ ᠦᠵᠡᠮᠡᠷ ᠪᠠᠢᠭ᠎ᠠ ᠪᠠᠢᠬᠤ ᠦᠭᠡᠢ ᠤᠤ?
ᠪᠤᠺᠠ ᠄ ᠪᠢ ᠪᠣᠯ ᠰᠠᠷᠠᠨ ᠳᠡᠭᠡᠷ᠎ᠡ ᠯᠡ ᠣᠴᠢᠮᠠᠷ ᠪᠠᠢᠨ᠎ᠠ᠃
ᠠᠢᠰᠣᠣ ᠄ ᠲᠠ ᠨᠠᠷ ᠢᠩᠭᠢᠵᠦ ᠪᠠᠢᠬᠤ ᠪᠠᠷ ᠭᠠᠵᠠᠷ ᠲᠡᠭᠷᠢ ᠭᠡᠴᠢᠬᠡᠪᠡᠯ ᠰᠢᠳᠤᠷᠭᠤ ᠶᠤᠮ ᠪᠢᠰᠢ ᠤᠤ?
ᠪᠦᠭᠦᠳᠡᠭᠡᠷ ᠄ ᠭᠠᠵᠠᠷ ᠲᠡᠭᠷᠢ ᠶ᠋ᠢᠨ ᠠᠯᠢᠨ ᠪᠣᠢ?ᠤᠰᠤ ᠮᠥᠰᠥ ᠴᠠᠰᠤ
ᠠᠢᠰᠣᠣ ᠄ ᠲᠡᠢᠮᠦ ᠠ᠋᠂ ᠪᠤᠺᠠ
ᠪᠤᠺᠠ ᠄ ᠲᠡᠢᠮᠦ ᠠ᠋᠂ ᠪᠢ ᠢᠯᠠᠭᠰᠠᠨ ᠰᠢᠦ!
ᠠᠢᠰᠣᠣ ᠄ ᠵᠠ᠂ ᠪᠤᠺᠠ ᠮᠢᠨᠦ ᠬᠦᠦ ᠢᠷᠡᠵᠦ ᠪᠡᠯᠡᠭ ᠢ᠋ᠶ᠋ᠡᠨ ᠠᠪᠤᠭᠠᠷᠠᠢ!ᠢᠩᠭᠢᠬᠦ ᠳ᠋ᠦ᠍ ᠬᠠᠮᠢᠭᠠᠰᠢ ᠪᠠᠨ ᠠᠶᠠᠯᠠᠬᠤ ᠪᠢᠯᠡ?
ᠪᠤᠺᠠ ᠄ ᠰᠠᠷᠠ ᠤᠷᠤᠭᠤ ᠰᠠᠷᠠ ᠤᠷᠤᠭᠤ᠂ ᠰᠠᠷᠠᠨ ᠳᠡᠭᠡᠷ᠎ᠡ ᠣᠴᠢᠨ᠎ᠠ ᠢᠩᠭᠢᠵᠦ ᠬᠡᠯᠡᠭᠡᠳ ᠪᠠᠢᠬᠤ ᠳ᠋ᠤ᠌ ᠴᠢᠨᠢ᠂ ᠰᠠᠷᠠ!
ᠠᠢᠰᠣᠣ ᠄ ᠣᠢᠯᠠᠭᠠᠯ᠎ᠠ᠂ ᠣᠢᠯᠠᠭᠠᠯ᠎ᠠ᠂ ᠦᠭᠭᠦᠭᠳᠡᠯ ᠢ᠋ ᠬᠦᠯᠢᠶᠡᠵᠦ ᠠᠪᠤᠯ᠎ᠠ᠃
ᠷᠦᠪᠢ ᠄ ᠰᠠᠷᠠᠨ ᠳᠡᠭᠡᠷ᠎ᠡ ᠰᠠᠭᠰᠤ ᠲᠣᠭᠯᠠᠬᠤ ᠬᠢᠷᠢ ᠪᠣᠯ?
ᠲᠣᠣᠨᠢ ᠄ ᠰᠠᠷᠠ ᠴᠦ᠍ ᠪᠠᠰᠠ ᠲᠠᠵᠢ ᠦᠭᠡᠢ ᠰᠣᠨᠣᠰᠳᠠᠵᠤ ᠪᠠᠢᠨ᠎ᠠ ᠰᠢᠦ᠃
ᠰᠠᠮᠢ ᠄ ᠪᠢ ᠰᠠᠨᠰᠠᠷ ᠤ᠋ᠨ ᠡᠮᠦᠰᠬᠡᠯ ᠢ᠋ᠶ᠋ᠡᠨ ᠶᠠᠭᠠᠨ ᠥᠩᠭᠡ ᠲᠡᠢ ᠶ᠋ᠢ ᠵᠠᠬᠢᠶᠠᠯᠠᠵᠤ ᠪᠣᠯᠬᠤ ᠤᠤ?
ᠶᠦᠨᠢ ᠄ ᠰᠠᠷᠠ ᠶᠠᠮᠠᠷ ᠪᠣᠢ?ᠰᠣᠨᠢᠷᠬᠠᠯᠲᠠᠢ ᠤᠤ? ᠪᠢ ᠶᠡᠷᠦ ᠡᠴᠡ ᠪᠡᠨ ᠣᠴᠢᠵᠤ ᠦᠵᠡᠵᠦ ᠪᠠᠢᠭ᠎ᠠ ᠦᠭᠡᠢ ᠶᠦ᠍ᠮ ᠪᠠᠢᠨ᠎ᠠ᠃
ᠠᠢᠰᠣᠣ ᠄ ᠠᠴᠢᠶᠠᠯᠠᠯᠵᠤ ᠪᠠᠢᠨ᠎ᠠ᠂ ᠰᠠᠷᠠ ᠶ᠋ᠢᠨ ᠬᠥᠲᠥᠴᠢ ᠳᠠᠭᠤᠰᠤᠯ᠎ᠠ᠃ᠪᠦᠭᠦᠳᠡ ᠰᠢᠯ ᠢ᠋ᠶ᠋ᠡᠨ ᠵᠡᠭᠦᠭᠡᠷᠡᠢ! OKᠪᠢ ᠵᠣᠬᠢᠴᠠᠭᠤᠯᠤᠨ᠎ᠠ᠃ᠨᠠᠳᠠ ᠨᠠᠢᠳᠠᠵᠤ ᠪᠣᠯᠤᠨ᠎ᠠ ᠰᠢᠦ᠃
ᠶᠦᠨᠢ ᠄ ᠭᠦᠦᠭ᠂ ᠡᠨᠡ ᠰᠠᠷᠠ ᠭᠡᠵᠦ ᠤᠤ ᠳᠠ᠂ ᠶᠠᠮᠠᠷ ᠦᠵᠡᠰᠬᠦᠯᠡᠩᠲᠡᠢ ᠶᠦ᠍ᠮ ᠪᠣᠢ?
ᠲᠣᠣᠨᠢ ᠄ ᠬᠦ᠂ ᠪᠢ ᠵᠢᠪᠴᠦ ᠪᠠᠢᠨ᠎ᠠ᠃
ᠷᠦᠪᠢ ᠄ ᠵᠢᠩ ᠦᠭᠡᠢᠳᠡᠵᠦ ᠭᠡᠵᠦ ᠬᠡᠯᠡ ᠯᠡ ᠳᠡ᠃
ᠪᠤᠺᠠ ᠄ ᠰᠠᠷᠠᠨ ᠳᠡᠭᠡᠷ᠎ᠡ ᠲᠠᠲᠠᠬᠤ ᠬᠦᠴᠦ ᠪᠠᠭ᠎ᠠ ᠪᠠᠢᠳᠠᠭ ᠪᠣᠯᠬᠣᠷ ᠪᠢᠳᠡᠨ ᠨᠠᠷ ᠵᠢᠩ ᠦᠭᠡᠢᠳᠡᠵᠦ ᠪᠠᠢᠭ᠎ᠠ ᠶᠤᠮ ᠠ᠋᠃ᠣᠳᠣ ᠬᠠᠷᠠᠵᠤ ᠪᠠᠢ᠃ᠵᠢᠩ ᠦᠭᠡᠢᠳᠡᠵᠦ ᠪᠠᠢᠨ᠎ᠠ᠂ ᠵᠢᠩ ᠦᠭᠡᠢᠳᠡᠵᠦ ᠪᠠᠢᠨ᠎ᠠ᠃
ᠲᠣᠣᠨᠢ ᠄ ᠭᠦᠦᠭ ᠠᠭᠠᠷ ᠲᠤ᠌ ᠡᠷᠭᠢᠯᠳᠦᠬᠦ ᠬᠥᠪᠬᠦ ᠶᠠᠮᠠᠷ ᠭᠣᠶᠣ ᠶᠤᠮ ᠪᠣᠢ? ᠠᠢ! ᠨᠠᠮ᠎ᠠ ᠶ᠋ᠢ ᠠᠪᠤᠷᠠᠭᠠᠷᠠᠢ᠂ ᠠᠪᠤᠷᠠᠭᠠᠷᠠᠢ᠂ ᠲᠤᠰᠠᠯᠠᠭᠠᠷᠠᠢ ᠲᠤᠰᠠᠯᠠᠭᠠᠷᠠᠢ! ᠨᠠᠮ᠎ᠠ ᠶ᠋ᠢ ᠢᠳᠡᠬᠦ ᠭᠡᠵᠦ ᠪᠠᠢᠨ᠎ᠠ᠂ ᠦᠭᠡᠢ᠃
ᠨᠢᠯ ᠄ ᠪᠢᠲᠡᠭᠡᠢ ᠠᠶᠤ᠂ ᠪᠢᠴᠢᠬᠠᠨ ᠮᠢᠨᠢ᠂ ᠪᠢ ᠴᠢᠮ᠎ᠠ ᠶ᠋ᠢ ᠢᠳᠡᠬᠦ ᠦᠭᠡᠢ ᠳᠡ᠃
ᠰᠠᠮᠢ ᠄ ᠲᠣᠣᠨᠢ ᠵᠦᠭᠡᠷ ᠤᠤ?
ᠶᠦᠨᠢ ᠄ ᠲᠣᠣᠨᠢ?
ᠷᠦᠪᠢ ᠄ᠲᠣᠣᠨᠢ ᠵᠦᠭᠡᠷ ᠤᠤ?
ᠲᠣᠣᠨᠢ ᠄ ᠰᠠᠢᠨ ᠤᠤ?ᠵᠠᠯᠠᠭᠤᠰ ᠠ᠋᠂ ᠬᠡ ᠬᠡ
ᠰᠠᠮᠢ ᠄ ᠬᠥᠥᠭ᠂ ᠲᠠ ᠴᠢᠨᠢ ᠬᠡᠨ ᠪᠣᠢ?
ᠨᠢᠯ ᠄ ᠨᠠᠮ᠎ᠠ ᠶ᠋ᠢ ᠨᠢᠯ ᠠᠷᠮᠰᠲ᠋ᠷᠤᠩ ᠭᠡᠳᠡᠭ᠂ ᠪᠢ ᠪᠣᠯ ᠠᠮᠧᠷᠢᠺᠠ ᠶ᠋ᠢᠨ ᠰᠠᠨᠰᠠᠷ ᠤ᠋ᠨ ᠨᠢᠰᠬᠡᠭᠴᠢ᠃
ᠪᠤᠺᠠ᠄ᠨᠠᠢᠵᠠ ᠨᠤᠭᠤᠳ ᠠ᠋᠂ ᠨᠠᠢᠵᠠ ᠨᠤᠭᠤᠳ ᠠ᠋᠂ ᠡᠨᠡ ᠪᠣᠯ ᠨᠢᠯ ᠠᠷᠮᠰᠲ᠋ᠷᠤᠩ᠂ ᠠᠮᠧᠷᠢᠺᠠ ᠤᠯᠤᠰ ᠤ᠋ᠨ ᠰᠠᠨᠰᠠᠷ ᠤ᠋ᠨ ᠨᠢᠰᠬᠡᠭᠴᠢ᠂ ᠬᠠᠮᠤᠭ ᠤ᠋ᠨ ᠠᠩᠬᠠᠨ ᠤ᠋ ᠰᠠᠷᠠᠨ ᠳᠡᠭᠡᠷ᠎ᠡ ᠬᠥᠯ ᠲᠠᠯᠪᠢᠭᠰᠠᠨ ᠬᠥᠮᠦᠨ ᠪᠠᠢᠬᠤ ᠦᠭᠡᠢ ᠤᠤ ᠳᠠ᠃ ᠶᠣ᠂ ᠪᠤᠷᠬᠠᠨ ᠮᠢᠨᠢ ᠠ᠋᠂  ᠪᠢ ᠪᠦᠷ ᠬᠠᠵᠠᠭᠤ ᠳ᠋ᠤ᠌ ᠨᠢ ᠵᠣᠭᠰᠣᠭᠠᠳ ᠪᠠᠢᠨ᠎ᠠ ᠰᠢᠲᠠ ᠠ᠋᠃ᠠᠢᠰᠣᠣ ᠠᠢᠰᠣᠣ ᠪᠠᠢᠨ᠎ᠠ ᠤᠤ?ᠴᠢ ᠪᠢᠳᠡ ᠨᠠᠷ ᠢ᠋ ᠬᠡᠯᠡ ᠨᠡᠪᠲᠡᠷᠡᠯᠴᠡᠬᠦ ᠳ᠋ᠦ᠍ ᠠᠮᠠᠷᠬᠠᠨ ᠪᠣᠯᠭᠠᠭᠠᠳ ᠥᠭᠭᠦᠭᠡᠴᠢ᠂  ᠭᠢᠯᠠᠯᠵᠠᠭᠠᠷᠠᠢ ᠭᠢᠯᠠᠯᠵᠠᠭᠠᠷᠠᠢ᠃
ᠠᠢᠰᠣᠣ ᠄ ᠪᠠᠢᠨ᠎ᠠ ᠪᠠᠢᠨ᠎ᠠ᠂ ᠠ ᠵᠠ᠂ ᠣᠷᠴᠢᠭᠤᠯᠭ᠎ᠠ ᠶ᠋ᠢᠨ ᠭᠣᠷᠢᠮ ᠢᠳᠡᠪᠬᠢᠵᠢᠯ᠎ᠡ᠃
ᠨᠢᠯ ᠄ ᠪᠢᠴᠢᠬᠠᠨ ᠨᠠᠢᠵᠠ ᠮᠢᠨᠢ᠂ ᠣᠳᠣ ᠪᠠᠭᠤᠬᠤ ᠤᠤ ᠳᠠ?
ᠲᠣᠣᠨᠢ ᠄ ᠪᠢ ᠪᠢ ᠤᠤ?ᠵᠠ ᠵᠠ ᠪᠠᠭᠤᠶ᠎ᠠ ᠳᠠ᠂ ᠵᠢᠭᠠᠬᠠᠨ ᠪᠠᠢᠴᠢᠬᠠᠶ᠎ᠠ᠂ ᠲᠡᠭᠡ ᠬᠢ ᠬᠢ
ᠷᠦᠪᠢ ᠄ ᠸᠠ᠂ ᠲᠠ ᠴᠢᠨᠢ ᠲᠡᠭᠡᠬᠦ ᠪᠡᠷ
ᠪᠤᠺᠠ ᠄ ᠠ᠂  ᠠ᠃ᠵᠠ ᠵᠠ᠂ ᠰᠠᠢᠨ ᠪᠠᠢᠨ᠎ᠠ ᠤᠤ?ᠨᠠᠮ᠎ᠠ ᠶ᠋ᠢ ᠪᠤᠺᠠ ᠭᠡᠳᠡᠭ᠃ᠬᠠᠷᠢᠨ ᠡᠨᠡ ᠪᠣᠯ ᠪᠢᠳᠡ ᠨᠠᠷ ᠤ᠋ᠨ ᠨᠠᠢᠵᠠ ᠨᠤᠭᠤᠳ᠂ ᠷᠦᠪᠢ᠂ ᠰᠠᠮᠢ᠂ ᠶᠦᠨᠢ᠂ ᠬᠠᠷᠢᠨ ᠲᠠᠨ ᠤ᠋ ᠵᠦᠭ ᠬᠦᠷᠦᠭᠰᠡᠨ ᠪᠠᠢᠭ᠎ᠠ ᠴᠢᠨᠢ ᠨᠥᠭᠦᠭᠡ ᠲᠣᠣᠨᠢ ᠯᠠ ᠳᠠ᠃
ᠨᠢᠯ : ᠦ᠂ ᠨᠠᠮ᠎ᠠ ᠶ᠋ᠢ ᠨᠢᠯ ᠭᠡᠳᠡᠭ᠂ ᠲᠠᠨᠢᠯᠴᠠᠭᠰᠠᠨ ᠳ᠋ᠤ᠌ ᠪᠠᠨ ᠲᠠᠭᠠᠲᠠᠢ ᠪᠠᠢᠨ᠎ᠠ᠃
ᠪᠤᠺᠠ ᠄ ᠪᠢ ᠲᠠᠨ ᠢ᠋ ᠮᠡᠳᠡᠨ᠎ᠡ᠂ ᠪᠢ ᠲᠠᠨ ᠢ᠋ ᠰᠢᠳᠦᠨ ᠪᠢᠰᠢᠷᠡᠭᠴᠢ᠃
ᠨᠢᠯ ᠄ ᠪᠢᠴᠢᠬᠠᠨ ᠰᠢᠳᠦᠨ ᠪᠢᠰᠢᠷᠡᠭᠴᠢ ᠪᠠᠢᠬᠤ ᠨᠢ ᠠ᠋᠃
ᠪᠤᠺᠠ ᠄ ᠠ ᠬᠠ᠂  ᠡᠪᠦᠭᠡ ᠪᠢᠳᠡ ᠬᠣᠶᠠᠷ ᠲᠠᠨ ᠤ᠋ ᠲᠠᠯ᠎ᠠ ᠪᠠᠷ ᠣᠷᠣᠢ ᠪᠣᠯᠭᠠᠨ ᠶᠠᠷᠢᠵᠤ᠂ ᠰᠠᠷᠠᠨ ᠳᠡᠭᠡᠷ᠎ᠡ ᠲᠠᠨ ᠰᠢᠭ᠋ ᠢᠷᠡᠵᠦ ᠦᠵᠡᠬᠦ ᠶ᠋ᠢ ᠬᠦᠰᠡᠳᠡᠭ ᠪᠠᠢᠭᠰᠠᠨ᠃
ᠨᠢᠯ ᠄ ᠭᠡᠬᠦ ᠳ᠋ᠦ᠍ ᠪᠡᠨ ᠡᠨᠡ ᠮᠢᠨᠦ ᠰᠠᠷᠠᠨ ᠳᠡᠭᠡᠷ᠎ᠡ ᠢᠷᠡᠵᠦ ᠪᠠᠢᠭ᠎ᠠ ᠠᠩᠬᠠᠨ ᠤ᠋ ᠲᠣᠬᠢᠶᠠᠯᠳᠤᠯ᠂ ᠲᠠ ᠨᠠᠷ ᠢᠩᠭᠢᠬᠦ ᠳ᠋ᠦ᠍ ᠬᠠᠮᠢᠭ᠎ᠠ ᠠ᠋ᠴᠠ ᠢᠷᠡᠭᠰᠡᠨ ᠬᠡᠦᠬᠡᠳ ᠦ᠋ᠳ ᠪᠣᠢ?
ᠷᠦᠪᠢ ᠄ ᠪᠢᠳᠡ VRᠲᠥᠬᠥᠭᠡᠷᠦᠮᠵᠢ ᠁
ᠪᠤᠺᠠ ᠄ ᠥᠩ᠂  ᠵᠦᠭᠡᠷ ᠠ᠋᠂ ᠵᠦᠭᠡᠷ᠂ ᠨᠢᠭᠡ ᠲᠡᠢᠮᠦ ᠶᠠᠭᠤᠮ᠎ᠠ ᠪᠠᠢᠭ᠎ᠠ ᠶᠤᠮ ᠠ᠋᠂ ᠲᠠᠨ ᠲᠠᠢ ᠵᠢᠷᠤᠭ ᠠᠪᠤᠭᠤᠯᠵᠤ ᠪᠣᠯᠬᠤ ᠤᠤ?
ᠨᠢᠯ ᠄ ᠵᠠ᠂ ᠪᠣᠯᠤᠨ᠎ᠠ᠂ ᠪᠣᠯᠤᠨ᠎ᠠ᠃
ᠪᠤᠺᠠ ᠄ ᠮᠠᠨ ᠤ᠋ ᠬᠢ ᠠ᠋᠂ ᠮᠠᠨ ᠤ᠋ ᠬᠢ ᠠ᠋᠂ ᠪᠦᠭᠦᠳᠡ ᠪᠠᠢᠷᠢ ᠪᠠᠨ ᠡᠵᠡᠯᠡᠭᠡᠴᠢ ᠳᠡ᠃
ᠰᠠᠮᠢ ᠄ ᠪᠢ ᠡᠨᠳᠡ ᠵᠣᠭᠰᠣᠴᠢᠬᠠᠶ᠎ᠠ᠃
ᠪᠦᠭᠦᠳᠡᠭᠡᠷ ᠄ ᠪᠤᠯᠴᠠᠭᠠᠷ!
ᠠᠢᠰᠣᠣ ᠄ ᠵᠠ᠂ ᠡᠨᠡ ᠤᠳᠠᠭ᠎ᠠ ᠶ᠋ᠢᠨ ᠠᠶᠠᠯᠠᠯ ᠬᠢᠷᠢ ᠪᠠᠢᠪᠠ ᠳᠠ᠂ ᠮᠠᠨ ᠤ᠋ ᠬᠢ ᠠ᠋᠃ᠭᠣᠶᠣ ᠪᠠᠢᠭᠰᠠᠨ ᠤᠤ?
ᠪᠤᠺᠠ ᠄ ᠮᠢᠨᠦ ᠮᠥᠷᠥᠭᠡᠳᠦᠯ ᠪᠡᠶᠡᠯᠡᠴᠢᠬᠡᠯ᠎ᠡ ᠰᠢᠲᠠ? ᠶᠧ᠃
ᠰᠠᠮᠢ ᠄ᠶᠣᠰᠣᠲᠠᠢ ᠭᠣᠶᠣ ᠪᠠᠢᠭᠰᠠᠨ ᠠ᠋᠃
ᠶᠦᠨᠢ ᠄ ᠡᠨᠡ VRᠲᠥᠬᠥᠭᠡᠷᠦᠮᠵᠢ ᠶᠣᠰᠣᠲᠠᠢ ᠶᠠᠩᠵᠤ ᠲᠠᠢ ᠶᠤᠮ ᠠ᠋᠃
ᠲᠣᠣᠨᠢ ᠄ ᠮᠠᠨ ᠤ᠋ ᠬᠢ ᠠ᠋᠂ ᠮᠠᠷᠭᠠᠰᠢ ᠬᠠᠮᠢᠭᠠᠰᠢ ᠪᠠᠨ ᠠᠶᠠᠯᠠᠬᠤ ᠪᠣᠢ?
ᠠᠢᠰᠣᠣ ᠄ ᠲᠠᠨᠢᠨ ᠮᠡᠳᠡᠬᠦᠢ ᠶ᠋ᠢᠨ ᠴᠠᠭ ᠡᠬᠢᠯᠡᠯ᠎ᠡ᠃ᠳᠡᠯᠭᠡᠴᠡᠨ ᠳ᠋ᠦ᠍ ᠪᠡᠨ ᠣᠢᠷᠠᠲᠤᠭᠠᠷᠠᠢ!ᠰᠠᠷᠠᠨ ᠤ᠋ ᠳ᠋ᠢᠶᠠᠮᠧᠲᠷ ᠨᠢ ᠳᠡᠯᠡᠬᠡᠢ ᠶ᠋ᠢᠨ ᠳᠥᠷᠪᠡᠨ ᠦ᠌ ᠨᠢᠭᠡ ᠣᠷᠴᠢᠮ ᠪᠤᠶᠤ 3474 ᠺᠢᠯᠦᠮᠸᠲᠷ ᠶᠦ᠍ᠮ᠂ 1969ᠣᠨ ᠳ᠋ᠤ᠌ ᠲᠡᠦᠬᠡᠨ ᠳ᠋ᠦ᠍ ᠲᠡᠮᠳᠡᠭᠯᠡᠭᠳᠡᠬᠦ ᠦᠢᠯᠡ ᠶᠠᠪᠤᠳᠠᠯ ᠪᠣᠯᠤᠭᠰᠠᠨ᠂ ᠠᠮᠧᠷᠢᠺᠠ ᠤᠯᠤᠰ ᠤ᠋ᠨ ᠢᠷᠭᠡᠨ ᠨᠢᠯ᠂  ᠠᠷᠮᠰᠲ᠋ᠷᠤᠩ 39ᠨᠠᠰᠤᠨ ᠳ᠋ᠤ᠌ ᠪᠠᠨ ᠬᠠᠮᠤᠭ ᠠᠩᠬᠠᠨ ᠤ᠋ ᠰᠠᠷᠠᠨ ᠳᠡᠭᠡᠷ᠎ᠡ ᠬᠥᠯ ᠲᠠᠯᠪᠢᠭᠰᠠᠨ ᠬᠥᠮᠦᠨ ᠪᠣᠯᠵᠤ ᠴᠢᠳᠠᠭᠰᠠᠨ ᠪᠠᠢᠨ᠎ᠠ᠃ᠡᠨᠡ ᠤᠳᠠᠭ᠎ᠠ ᠶ᠋ᠢᠨ ᠲᠠᠨᠢᠨ ᠮᠡᠳᠡᠬᠦᠢ ᠶ᠋ᠢᠨ ᠴᠠᠭ ᠡᠨᠳᠡ ᠬᠦᠷᠦᠭᠡᠳ ᠳᠠᠭᠤᠰᠴᠤ ᠪᠠᠢᠨ᠎ᠠ᠂ ᠳᠠᠷᠠᠭ᠎ᠠ ᠠᠭᠤᠯᠵᠠᠲᠠᠯ᠎ᠠ ᠪᠠᠨ ᠪᠠᠶᠠᠷᠲᠠᠢ!

   ᠦᠰᠦᠭ ᠢ᠋ ᠨᠢ ᠾᠦᠩ ᠸᠧᠢ ᠠᠮᠢᠯᠠᠭᠤᠯᠵᠤ ᠬᠠᠳᠠᠪᠠ᠃
   ᠬᠥᠳᠡᠯᠭᠡᠭᠡᠨᠲᠦ ᠵᠢᠷᠤᠭ ᠲᠠᠬᠢ ᠦᠰᠦᠭ ᠢ᠋ ᠨᠢ ᠮᠥᠴᠢᠷ᠂ ᠱᠤᠳᠤᠷᠭᠤ ᠡᠷᠳᠡᠨᠢᠪᠢᠯᠢᠭ ᠨᠠᠷ ᠬᠢᠨᠠᠪᠠ᠃