ᠪᠤᠯᠴᠠᠭᠠᠷ ᠨᠠᠢᠵᠠ ᠨᠤᠭᠤᠳ 01-ᠦᠯᠦᠭ ᠭᠦᠷᠪᠡᠯ ᠲᠡᠢ ᠲᠠᠨᠢᠯᠴᠠᠭᠰᠠᠨ ᠨᠢБулцгар найзууд short film Үлэг гүрвэлтэй танилцсан нь 1-р анги ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠯᠴᠠᠭᠠᠷ ᠨᠠᠢᠵᠠ ᠨᠤᠭᠤᠳ 01-ᠦᠯᠦᠭ ᠭᠦᠷᠪᠡᠯ ᠲᠡᠢ ᠲᠠᠨᠢᠯᠴᠠᠭᠰᠠᠨ ᠨᠢБулцгар найзууд short film Үлэг гүрвэлтэй танилцсан нь 1-р анги

ᠪᠤᠯᠴᠠᠭᠠᠷ ᠨᠠᠢᠵᠠ ᠨᠤᠭᠤᠳ 01-ᠦᠯᠦᠭ ᠭᠦᠷᠪᠡᠯ ᠲᠡᠢ ᠲᠠᠨᠢᠯᠴᠠᠭᠰᠠᠨ ᠨᠢБулцгар найзууд short film Үлэг гүрвэлтэй танилцсан нь 1-р анги

2023-11-19

1025

ᠦᠯᠦᠭ ᠭᠦᠷᠪᠡᠯ ᠲᠡᠢ ᠲᠠᠨᠢᠯᠴᠠᠭᠰᠠᠨ ᠨᠢ

VR ᠭᠡᠵᠦ ᠶᠠᠭᠤ ᠪᠣᠢ?
ᠶᠦᠨᠢ ᠄ ᠥᠩ᠂ ᠡᠩ
ᠰᠠᠮᠢ ᠄ ᠶᠣᠰᠣᠲᠠᠢ ᠭᠣᠶᠣ ᠪᠠᠢᠭ᠎ᠠ ᠪᠢᠵᠡ?
ᠶᠦᠨᠢ ᠄ ᠲᠡᠢᠮᠦ ᠤᠤ? ᠵᠠᠨᠢ ᠶᠣᠰᠣᠲᠠᠢ ᠭᠣᠶᠣ ᠶᠤᠮ ᠠ᠋
ᠰᠠᠮᠢ ᠄ᠠᠯᠢ ᠠ᠋᠂ ᠲᠡᠭᠦᠨ ᠢ᠋ ᠴᠢᠨᠢ ᠬᠠᠷᠠᠶ᠎ᠠ ᠯᠠ ᠳᠠ ᠃
ᠶᠦᠨᠢ ᠄ ᠬᠥᠭᠵᠢᠯᠲᠡᠢ ᠶᠦᠮ ᠠ᠋
ᠲᠣᠳᠢ ᠄ ᠮᠠᠨ ᠤ᠋ ᠬᠢ ᠠ᠋᠂ ᠬᠡᠳᠦᠭᠦᠯᠡ ᠪᠡᠨ ᠬᠠᠷᠢᠯᠴᠠᠨ ᠲᠣᠭᠯᠠᠶ᠎ᠠ᠃
ᠰᠠᠮᠢ ᠄ ᠬᠥᠶᠢ᠂ ᠪᠣᠯᠭᠣᠮᠵᠢ ᠲᠠᠢ ᠪᠠᠢᠭᠠᠴᠢ ᠳᠠ᠃
ᠠᠢᠰᠣᠣ ᠄ ᠲᠠ ᠨᠠᠷ ᠴᠢᠨᠢ ᠶᠠᠭᠤ ᠠᠰᠠᠭᠠᠴᠢᠬᠠᠪᠠ?
ᠰᠢᠰᠲᠸᠮ ᠄ ᠰᠢᠯ ᠢ᠋ᠶ᠋ᠡᠨ ᠵᠡᠭᠦᠨ᠎ᠡ ᠦᠦ?
ᠪᠤᠺᠠ᠄ ᠡᠳᠡ ᠨᠠᠷ ᠴᠢᠨᠢ ᠣᠳᠣ ᠶᠠᠭᠤᠨ ᠤ᠋ ᠰᠢᠯ ᠪᠣᠢ?
ᠮᠠᠰᠢᠨ᠄ ᠡᠨᠡ ᠪᠣᠯ VR᠂ ᠬᠦᠰᠡᠭᠰᠡᠨ ᠭᠠᠵᠠᠷ ᠲᠤ᠌ ᠪᠠᠨ ᠣᠴᠢᠨ᠎ᠠ ᠯᠠ ᠭᠡᠰᠡᠨ ᠪᠠᠢᠨ᠎ᠠ᠃
ᠲᠣᠳᠢ ᠄ ᠡᠨᠡ ᠶᠣᠰᠣᠲᠠᠢ ᠭᠣᠶᠣ ᠰᠢᠯ ᠪᠠᠢᠨ᠎ᠠ ᠰᠢᠲᠠ᠃ ᠪᠢ ᠶᠠᠭᠤ ᠪᠣᠯᠤᠭᠠᠳ ᠪᠠᠢᠨ᠎ᠠ᠃ ᠪᠢ ᠶᠠᠭᠤ ᠬᠢᠵᠦ ᠪᠣᠢ?
ᠣᠯᠠᠨ ᠬᠥᠮᠦᠨ᠄ ᠬᠥᠶᠢ ᠠᠨᠳᠠ ᠠ᠋᠂ ᠴᠢ ᠵᠦᠭᠡᠷ ᠤᠤ? ᠰᠡᠷᠡᠭᠡᠴᠢ ᠳᠡ᠂ ᠶᠠᠭᠠᠬᠢᠨ᠎ᠠ ᠲᠣᠳᠢ? ᠬᠥᠶᠢ ᠲᠣᠳᠢ ᠶᠠᠭᠠᠬᠢᠨ᠎ᠠ?
ᠲᠣᠳᠢ ᠄ ᠮᠠᠨ ᠤ᠋ ᠬᠢ ᠠ᠋᠂ ᠲᠠ ᠨᠠᠷ ᠬᠠᠮᠢᠭ᠎ᠠ ᠪᠠᠢᠨ᠎ᠠ? ᠡᠨᠡ ᠶᠠᠭᠤ ᠭᠠᠵᠠᠷ ᠪᠣᠢ?
ᠰᠠᠮᠢ ᠄ ᠲᠣᠳᠢ ᠴᠢ ᠵᠦᠭᠡᠷ ᠤᠤ?
ᠲᠣᠳᠢ ᠄ ᠪᠢ ᠵᠦᠭᠡᠷ ᠪᠠᠢᠨ᠎ᠠ ᠯᠠ ᠳᠠ᠂ ᠲᠠ ᠨᠠᠷ ᠢ᠋ ᠬᠠᠷᠠᠬᠤ ᠦᠭᠡᠢ ᠪᠠᠢᠨ᠎ᠠ᠂ ᠲᠠ ᠨᠠᠷ ᠬᠠᠮᠢᠭ᠎ᠠ ᠪᠠᠢᠨ᠎ᠠ?ᠬᠠᠮᠢᠭ᠎ᠠ ᠠ᠋ᠴᠠ ᠶᠠᠷᠢᠭᠠᠳ ᠪᠠᠢᠭ᠎ᠠ ᠶᠤᠮ ᠪᠣᠢ?
ᠷᠦᠪᠢ ᠄ ᠲᠣᠳᠢ ᠠᠨᠳᠠ ᠮᠢᠨᠢ᠂ ᠨᠠᠢᠵᠠ ᠨᠢ ᠴᠢᠮ᠎ᠠ ᠶ᠋ᠢ ᠠᠪᠤᠷᠠᠨ᠎ᠠ ᠃
ᠲᠣᠳᠢ ᠄ ᠷᠦᠪᠢ!
ᠷᠦᠪᠢ ᠄ ᠲᠣᠳᠢ!
ᠲᠣᠳᠢ ᠄ᠭᠠᠭᠴᠠᠭᠠᠷ ᠢ᠋ᠶ᠋ᠠᠨ ᠠᠶᠤᠯ᠎ᠠ ᠰᠢᠲᠠ ᠷᠦᠪᠢ
ᠷᠦᠪᠢ ᠄ᠬᠥᠭᠡᠷᠦᠬᠦᠢ
ᠪᠤᠺᠠ ᠄ ᠶᠠᠭᠠᠬᠢᠭᠰᠠᠨ? ᠡᠨᠡ ᠴᠢᠨᠢ ᠣᠳᠣ ᠶᠠᠭᠤ ᠪᠣᠯᠤᠭᠠᠳ ᠪᠠᠢᠨ᠎ᠠ?ᠴᠢ ᠨᠢᠭᠡ ᠰᠢᠯᠭᠠᠯᠭᠠᠭᠠᠴᠢ ᠃
ᠠᠢᠰᠣᠣ ᠄ᠡᠨᠡ ᠪᠣᠯ VR᠂VR ᠶᠢᠷᠲᠢᠨᠴᠦ ᠨᠢ ᠬᠦᠰᠡᠭᠰᠡᠨ ᠭᠠᠵᠠᠷ ᠢ᠋ᠶ᠋ᠠᠨ ᠪᠦᠲᠦᠭᠡᠵᠦ᠂ ᠬᠦᠰᠡᠭᠰᠡᠨ ᠵᠦᠢᠯ ᠢ᠋ᠶ᠋ᠡᠨ ᠪᠣᠳᠠᠲᠤ ᠮᠡᠲᠦ ᠮᠡᠳᠡᠷᠡᠬᠦ ᠪᠣᠯᠤᠮᠵᠢ ᠶ᠋ᠢ ᠪᠢᠳᠡᠨ ᠳ᠋ᠦ᠍ ᠣᠯᠭᠣᠳᠠᠭ ᠰᠢᠰᠲᠸᠮ ᠶᠦ᠍ᠮ ᠪᠠᠢᠨ᠎ᠠ ᠃
ᠪᠤᠺᠠ ᠄ ᠸᠠ ᠧᠦ ᠃
ᠶᠦᠨᠢ ᠄ᠭᠣᠶᠣ ᠶᠤᠮ ᠠ᠋
ᠷᠦᠪᠢ ᠄ᠶᠠᠩᠵᠤ ᠲᠠᠢ ᠃
ᠲᠣᠳᠢ ᠄ ᠲᠡᠭᠡᠪᠡᠯ ᠳ᠋ᠢᠨᠦᠽᠠᠸᠷ ᠤ᠋ᠳ ᠤ᠋ᠨ ᠡᠭᠦᠷ ᠤᠷᠤᠭᠤ ᠣᠴᠢᠶ᠎ᠠ ᠯᠠ ᠳᠠ
ᠷᠦᠪᠢ ᠄ᠬᠡᠷᠡᠭ ᠦᠭᠡᠢ ᠳᠡ᠂ ᠭᠤᠶᠤᠵᠤ ᠪᠠᠢᠨ᠎ᠠ ᠃
ᠲᠣᠳᠢ᠄ ᠲᠠ ᠨᠠᠷ ᠰᠣᠨᠣᠰᠴᠤ ᠪᠠᠢᠭ᠎ᠠ ᠪᠢᠵᠡ ᠳᠡ ᠃ᠬᠠᠷᠢᠭᠤᠯ ᠯᠠ ᠳᠠ ᠃ᠲᠠ ᠨᠠᠷ ᠢ᠋ ᠬᠠᠷᠠᠬᠤ ᠦᠭᠡᠢ ᠪᠠᠢᠨ᠎ᠠ ᠰᠢᠲᠠ ᠃
ᠠᠢᠰᠣᠣ ᠄ ᠵᠠ ᠲᠦᠷ ᠬᠦᠯᠢᠶᠡᠵᠦ ᠪᠠᠢᠭᠠᠷᠠᠢ᠂ ᠪᠢ ᠰᠢᠯᠭᠠᠭᠠᠳ ᠲᠡᠭᠡᠶ᠎ᠡ ᠃ᠶᠢᠷᠲᠢᠨᠴᠦ ᠶ᠋ᠢ ᠣᠯᠴᠢᠬᠠᠯ᠎ᠠ ᠃ ᠶᠦᠷ ᠦ᠋ᠨ ᠭᠠᠯᠪᠠ ᠶ᠋ᠢᠨ ᠦᠶ᠎ᠡ ᠳ᠋ᠦ᠍ ᠦᠰᠦᠷᠬᠦ ᠳ᠋ᠦ᠍ ᠪᠡᠯᠡᠨ ᠪᠣᠯᠤᠯ᠎ᠠ ᠃
ᠷᠦᠪᠢ᠄ ᠸᠠ ᠰᠣᠯᠢᠶ᠎ᠠ ᠲᠠᠢ \\b ᠃
ᠷᠦᠪᠢ ᠄ᠮᠠᠨ ᠤ᠋ ᠬᠢ ᠠ᠋᠂ ᠨᠠᠭᠠᠰᠢ ᠪᠠᠨ ᠣᠷᠣᠭᠠᠳ ᠢᠷ᠎ᠡ!
ᠰᠠᠮᠢ ᠄ ᠡᠨᠡ ᠠᠶᠤᠯ ᠦᠭᠡᠢ ᠪᠠᠢᠭ᠎ᠠ?
ᠠᠢᠰᠣᠣ ᠄ᠡᠨᠳᠡ ᠪᠠᠢᠭ᠎ᠠ ᠪᠡᠶ᠎ᠡ ᠨᠦ᠍ᠭᠦᠳ ᠴᠢᠨᠢ ᠠᠶ᠎ᠠ ᠦᠭᠡᠢ ᠴᠦ᠍ ᠪᠦᠬᠦ ᠮᠡᠳᠡᠷᠡᠯ ᠨᠦ᠍ᠭᠦᠳ ᠴᠢᠨᠢ ᠬᠣᠯᠪᠣᠭᠳᠠᠬᠤ ᠤᠴᠢᠷ ᠠ᠋ᠴᠠ ᠪᠦᠬᠦ ᠵᠦᠢᠯ ᠢ᠋ ᠮᠡᠳᠡᠷᠡᠬᠦ ᠪᠣᠯᠤᠮᠵᠢ ᠲᠠᠢ᠂ ᠲᠡᠢᠮᠦ ᠡᠴᠡ ᠠᠶᠤᠯ ᠲᠠᠭᠠᠷᠠᠯᠳᠤᠪᠠᠯ ᠪᠣᠯᠭᠣᠮᠵᠢ ᠲᠠᠢ ᠪᠠᠢᠬᠤ ᠳ᠋ᠤ᠌ ᠢᠯᠡᠭᠦᠳᠡᠬᠦ ᠦᠭᠡᠢ᠂ ᠪᠠᠰᠠ ᠲᠠ ᠬᠡᠳᠦ ᠶ᠋ᠢ ᠪᠤᠴᠠᠭᠠᠵᠤ ᠠᠪᠴᠢᠷᠠᠬᠤ ᠨᠢᠭᠡ ᠬᠥᠮᠦᠨ ᠡᠨᠳᠡ ᠵᠠᠪᠠᠯ ᠦᠯᠡᠳᠡᠬᠦ ᠬᠡᠷᠡᠭᠲᠡᠢ ᠃ᠲᠡᠭᠡᠬᠦ ᠪᠡᠷ ᠪᠢ ᠡᠨᠳᠡ ᠪᠡᠨ ᠲᠠ ᠬᠡᠳᠦ ᠶ᠋ᠢ ᠬᠢᠨᠠᠭᠠᠳ ᠦᠯᠡᠳᠡᠶ᠎ᠡ ᠃
ᠪᠤᠺᠠ ᠄ ᠵᠠ ᠬᠢᠯᠠᠯᠵᠠᠭᠠᠷᠠᠢ᠂ ᠬᠢᠯᠠᠯᠵᠠᠭᠠᠷᠠᠢ!
ᠶᠦᠨᠢ ᠄ᠣᠢᠯᠠᠭᠠᠯ᠎ᠠ ᠣᠢᠯᠠᠭᠠᠯ᠎ᠠ!
ᠰᠠᠮᠢ ᠄ ᠬᠡᠳᠦᠭᠦᠯᠡ ᠪᠡᠨ ᠶᠠᠭᠤ ᠴᠤ᠌ ᠭᠡᠰᠡᠨ ᠰᠠᠨᠳᠠᠯᠢ ᠳᠡᠭᠡᠷ᠎ᠡ ᠰᠠᠭᠤᠵᠤ ᠪᠠᠢᠭᠠᠳ ᠰᠢᠯ ᠢ᠋ᠶ᠋ᠡᠨ ᠵᠡᠭᠦᠶ᠎ᠡ ᠃ᠪᠢ ᠯᠡ ᠯᠠᠪ ᠡᠨᠡ ᠬᠣᠶᠠᠷ ᠰᠢᠭ᠋ ᠡᠢᠮᠦ ᠰᠣᠨᠢᠨ ᠪᠤᠤᠵᠢ ᠠᠪᠤᠮᠠᠷ ᠦᠭᠡᠢ ᠪᠠᠢᠨ᠎ᠠ ᠃
ᠠᠢᠰᠣᠣ ᠄ᠵᠠ ᠮᠠᠨ ᠤ᠋ ᠬᠢ ᠠ᠋᠂ ᠣᠷᠣᠬᠤ ᠳ᠋ᠤ᠌ ᠪᠡᠯᠡᠨ ᠤᠤ?ᠭᠤᠷᠪᠠ ᠬᠣᠶᠠᠷ ᠨᠢᠭᠡ
ᠰᠠᠮᠢ ᠄ᠪᠢᠳᠡ ᠢᠷᠡᠴᠢᠬᠡᠭᠰᠡᠨ ᠤᠤ?
ᠶᠦᠨᠢ ᠄ᠬᠠᠷᠢᠨ?
ᠲᠣᠳᠢ ᠄ᠦ ᠡᠨᠡ ᠨᠠᠭᠠᠳᠤ ᠵᠦᠯᠭᠡ ᠡᠨᠡ ᠲᠡᠷᠡ ᠨᠢ ᠶᠠᠮᠠᠷ ᠲᠣᠮᠣ ᠶᠤᠮ ᠪᠣᠢ?
ᠲᠣᠳᠢ ᠄ᠦ ᠬᠥᠥᠭ᠂ ᠲᠡᠭᠦᠨ ᠢ᠋ ᠬᠠᠷᠠ ᠠ᠋᠂ pteranodon ᠯᠡ ᠪᠠᠢᠨ᠎ᠠ ᠰᠢᠳᠡ ᠬᠥᠶᠢ᠂ ᠬᠠᠷᠠ ᠠ᠋᠂ ᠬᠠᠷᠠᠵᠤ ᠯᠠ ᠪᠠᠢ ᠳᠠ ᠃
ᠪᠤᠺᠠ ᠄ᠶᠣ᠂ ᠡᠢᠮᠦ ᠵᠦᠢᠯ ᠭᠡᠵᠦ ᠪᠠᠰᠠ ᠪᠠᠢᠳᠠᠭ ᠠ᠋ ᠃
ᠷᠦᠪᠢ ᠄ᠮᠠᠨ ᠤ᠋ ᠬᠢᠨ ᠠ᠋᠂ ᠡᠭᠦᠨ ᠢ᠋ ᠬᠠᠷᠠ ᠳᠠ ᠃
ᠶᠦᠨᠢ ᠄ᠷᠦᠪᠢ ᠴᠢ ᠬᠠᠮᠢᠭ᠎ᠠ ᠪᠠᠢᠭ᠎ᠠ ᠶᠤᠮ ᠪᠣᠢ?
ᠷᠦᠪᠢ ᠄ᠡᠨᠳᠡ ᠠ᠋᠂ ᠡᠨᠳᠡ ᠡᠨᠳᠡ ᠡᠨᠳᠡ ᠃ᠡᠢᠰᠢ ᠪᠡᠨ ᠬᠦᠷᠦᠭᠡᠳ ᠢᠷ᠎ᠡ ᠃ᠭᠣᠶᠣ ᠶᠠᠭᠤᠮ᠎ᠠ ᠬᠠᠷᠠᠭᠤᠯᠤᠶ᠎ᠠ ᠃ᠡᠭᠦᠨ ᠢ᠋ ᠬᠠᠷᠠ ᠳᠠ ᠃
ᠠᠢᠰᠣᠣ ᠄ᠡᠨᠡ ᠪᠣᠯ ᠵᠢᠷᠠᠨ ᠵᠢᠷᠭᠤᠭᠠᠨ ᠰᠠᠶ᠎ᠠ ᠵᠢᠯ ᠦ᠋ᠨ ᠡᠮᠦᠨᠡᠬᠢ ᠳ᠋ᠢᠨᠦᠽᠠᠸᠷ ᠤ᠋ᠳ ᠤ᠋ᠨ ᠨᠣᠶᠠᠷᠬᠠᠵᠤ ᠪᠠᠢᠭᠰᠠᠨ ᠶᠦᠷ ᠦ᠋ᠨ ᠭᠠᠯᠪᠠ ᠶ᠋ᠢᠨ ᠦᠶ᠎ᠡ᠂ ᠪᠦᠬᠦ ᠲᠥᠷᠥᠯ ᠦ᠋ᠨ ᠮᠢᠬᠠᠴᠢᠨ ᠪᠣᠯᠤᠨ ᠡᠪᠡᠰᠦᠨ ᠲᠡᠵᠢᠭᠡᠯᠲᠡᠨ ᠳ᠋ᠢᠨᠦᠽᠠᠸᠷ ᠤ᠋ᠳ ᠣᠷᠣᠰᠢᠳᠠᠭ ᠪᠠᠢᠨ᠎ᠠ ᠃
ᠷᠦᠪᠢ ᠄ ᠬᠥᠥᠭ!
ᠪᠤᠺᠠ ᠄ ᠵᠢᠩᠬᠢᠨᠢ ᠡᠴᠡ ᠪᠡᠨ ᠡᠨᠡᠭᠦᠬᠡᠨ ᠳ᠋ᠦ᠍ ᠬᠥᠯ ᠲᠠᠯᠪᠢᠭᠠᠳ᠂ ᠢᠩᠭᠢᠵᠦ ᠪᠣᠳᠠᠲᠠᠢ ᠪᠠᠷ ᠬᠠᠷᠠᠨ᠎ᠠ ᠭᠡᠵᠦ ᠶᠣᠰᠣᠲᠠᠢ ᠰᠠᠨᠠᠭᠰᠠᠨ ᠦᠭᠡᠢ ᠰᠢᠳᠡ ᠃
ᠲᠣᠳᠢ ᠄ᠶᠠᠭᠠᠬᠢᠨ᠎ᠠ?ᠶᠠᠭᠤ ᠪᠣᠢ?
ᠷᠦᠪᠢ ᠄ᠮᠠᠨ ᠤ᠋ ᠬᠢᠨ ᠠ᠋ ᠲᠡᠷᠡ ᠪᠤᠲᠠ ᠤᠷᠤᠭᠤ᠂ ᠬᠤᠷᠳᠤᠯᠠᠭᠠᠷᠠᠢ ᠬᠤᠷᠳᠤᠯᠠᠭᠠᠷᠠᠢ!
ᠲᠣᠳᠢ ᠄ ᠬᠥᠥᠭ᠂ ᠡᠨᠡ ᠴᠢᠨᠢ ᠡᠨᠡ ᠴᠢᠨᠢ᠂ ᠲᠡᠷᠡ ᠵᠢᠵᠢᠭᠬᠡᠨ ᠭᠠᠷ᠂ ᠲᠡᠷᠡ ᠬᠦᠴᠦᠷᠬᠡᠭ ᠬᠥᠯ᠂ ᠶᠠᠮᠠᠷ ᠴᠤ᠌ ᠵᠦᠢᠯ ᠢ᠋ ᠲᠠᠰᠤᠳᠠᠵᠤ ᠬᠠᠶᠠᠬᠤ ᠴᠢᠳᠠᠯ ᠲᠠᠢ ᠬᠦᠴᠦᠷᠬᠡᠭ ᠰᠢᠲᠦ᠂ ᠬᠡᠷᠴᠡᠭᠡᠢ ᠨᠢᠳᠦ᠂ ᠱᠣᠯᠳᠤᠩ ᠰᠡᠭᠦᠯ ᠭᠡᠳ ᠶᠠᠭ ᠮᠥᠨ ᠪᠠᠢᠨ᠎ᠠ᠂ ᠶᠠᠭ ᠮᠥᠨ᠂ ᠡᠨᠡ ᠴᠢᠨᠢ ᠳ᠋ᠢᠨᠦᠽᠠᠸᠷ ᠤ᠋ᠳ ᠤ᠋ᠨ ᠬᠠᠮᠤᠭ ᠤ᠋ᠨ ᠬᠠᠮᠤᠭ ᠤ᠋ᠨ ᠬᠦᠴᠦᠲᠡᠢ ᠲᠡᠷᠡ ᠨᠢᠭᠡ ᠽᠠᠪᠤᠷ ᠪᠠᠢᠨ᠎ᠠ ᠰᠢᠲᠠ ᠃ᠲᠡᠷᠡ ᠨᠢᠭᠡ ᠽᠠᠪᠤᠷ ᠪᠠᠢᠨ᠎ᠠ ᠃
ᠪᠤᠺᠠ ᠄ ᠳ᠋ᠢᠨᠦᠽᠠᠸᠷ ᠭᠡᠳᠡᠭ ᠨᠢ ᠮᠢᠬᠠᠴᠢᠨ ᠪᠢᠵᠡ ᠳᠡ᠂ ᠶᠠᠪᠤᠵᠤ ᠥᠩᠭᠡᠷᠡᠲᠡᠯ᠎ᠡ ᠨᠢ ᠴᠢᠮᠡᠭᠡ ᠦᠭᠡᠢ ᠪᠠᠢᠵᠤ ᠪᠠᠢᠭᠠᠴᠢ ᠳᠠ ᠃
ᠲᠣᠳᠢ ᠄ ᠱᠢ᠂ ᠠᠢᠰᠣᠣ ᠴᠢ ᠬᠡᠷᠪᠡ ᠰᠣᠨᠣᠰᠴᠤ ᠪᠠᠢᠪᠠᠯ ᠵᠢᠷᠤᠭ ᠳᠠᠷᠤᠭᠠᠳ ᠥᠭᠭᠦᠭᠡᠴᠢ ᠃
ᠠᠢᠰᠣᠣ ᠄ ᠭᠤᠷᠪᠠ ᠬᠣᠶᠠᠷ ᠨᠢᠭᠡ ᠃
ᠰᠠᠮᠢ ᠄ᠮᠠᠨ ᠤ᠋ ᠬᠢ ᠠ᠋᠂ ᠡᠨᠳᠡ ᠠᠶᠤᠯ ᠲᠠᠢ ᠶᠤᠮ ᠪᠠᠢᠨ᠎ᠠ᠂ ᠬᠡᠳᠦᠭᠦᠯᠡ ᠪᠡᠨ ᠬᠠᠷᠠᠬᠤ ᠵᠦᠢᠯ ᠢ᠋ᠶ᠋ᠡᠨ ᠬᠠᠷᠠᠴᠢᠬᠠᠯ᠎ᠠ ᠰᠢᠲᠠ᠂ ᠣᠳᠣ ᠪᠤᠴᠠᠭᠠᠳ ᠶᠠᠪᠤᠶ᠎ᠠ! ᠲᠡᠭᠡᠬᠦ ᠤᠤ?
ᠶᠦᠨᠢ ᠄ ᠨᠠᠳᠠ ᠳ᠋ᠤ᠌ ᠭᠣᠶᠣ ᠪᠠᠢᠭ᠎ᠠ ᠯᠠ ᠳᠠ᠂ ᠭᠡᠬᠦ ᠳ᠋ᠦ᠍ ᠪᠡᠨ ᠪᠢ ᠰᠠᠨᠠᠯ ᠨᠢᠭᠡ ᠪᠠᠢᠨ᠎ᠠ ᠠ᠋ ᠃
ᠷᠦᠪᠢ ᠄ ᠲᠡᠭᠡᠪᠡᠯ ᠬᠡᠳᠦᠭᠦᠯᠡ ᠪᠡᠨ ᠪᠥᠭᠡᠮ ᠢ᠋ᠶ᠋ᠡᠷ ᠢ᠋ᠶ᠋ᠡᠨ ᠶᠠᠳᠠᠵᠤ ᠨᠢᠭᠡ ᠵᠢᠷᠤᠭ ᠢ᠋ᠶ᠋ᠠᠨ ᠠᠪᠤᠭᠤᠯᠴᠢᠬᠠᠶ᠎ᠠ ᠯᠠ ᠳᠠ ᠃
ᠲᠣᠳᠢ ᠄ ᠵᠠ ᠃
ᠷᠦᠪᠢ ᠄ ᠠᠢᠰᠣᠣ ᠪᠡᠯᠡᠨ ᠤᠤ?
ᠠᠢᠰᠣᠣ ᠄ ᠵᠠ ᠠᠪᠤᠯ᠎ᠠ ᠰᠢᠦ᠂ ᠭᠤᠷᠪᠠ ᠬᠣᠶᠠᠷ ᠨᠢᠭᠡ
ᠪᠦᠭᠦᠳᠡᠭᠡᠷ ᠄ᠪᠤᠯᠴᠠᠭᠠᠷ

    ᠦᠰᠦᠭ ᠢ᠋ ᠨᠢ ᠾᠦᠩ ᠸᠧᠢ ᠠᠮᠢᠯᠠᠭᠤᠯᠵᠤ ᠬᠠᠳᠠᠪᠠ ᠃
    ᠬᠥᠳᠡᠯᠭᠡᠭᠡᠨᠲᠦ ᠵᠢᠷᠤᠭ ᠲᠠᠬᠢ ᠦᠰᠦᠭ ᠢ᠋ ᠨᠢ ᠮᠥᠴᠢᠷ᠂ ᠱᠤᠳᠤᠷᠭᠤ ᠪᠠᠭᠰᠢ ᠬᠢᠨᠠᠪᠠ᠃