1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 1-07Мөнх ТунхMunkh Tunkh

ᠮᠥᠩᠬᠡ ᠲᠤᠩᠬᠤ 1-07Мөнх ТунхMunkh Tunkh

2023-01-07

663

ᠮᠥᠩᠬᠡ ᠲᠤᠩᠬᠤ ᠨᠢᠭᠡᠳᠦᠭᠡᠷ ᠤᠯᠠᠷᠢᠯ ᠳᠣᠯᠣᠳᠤᠭᠠᠷ

ᠠᠷᠸ᠎ᠡ᠄ ᠵᠠ ᠢᠩᠭᠢᠭᠡᠳ ᠪᠣᠯᠤᠯ᠎ᠠ᠂ ᠶᠠᠩᠵᠤᠯᠠᠴᠢᠬᠠᠯ᠎ᠠ᠂ ᠪᠡᠯᠡᠨ ᠤᠤ! ᠲᠠ ᠬᠡᠳᠦ᠃
ᠲᠤᠩᠬᠤ᠄ ᠥᠨᠥᠳᠥᠷ ᠶᠠᠮᠠᠷ ᠦᠯᠢᠭᠡᠷ ᠢ᠋ᠶ᠋ᠡᠷ ᠠᠶᠠᠯᠠᠬᠤ ᠪᠣᠢ?
ᠠᠷᠸ᠎ᠡ᠄ ᠴᠡᠴᠡᠨ ᠪᠡᠷᠢ ᠶ᠋ᠢᠨ ᠦᠯᠢᠭᠡᠷ ᠢ᠋ᠶ᠋ᠡᠷ ᠠᠶᠠᠯᠠᠨ᠎ᠠ ᠳᠠ᠃
ᠲᠤᠩᠬᠤ᠄ ᠶᠠᠮᠠᠷ ᠭᠣᠶᠣ ᠶᠤᠮ ᠪᠣᠢ? ᠴᠡᠴᠡᠨ ᠪᠡᠷᠢ ᠭᠡᠬᠦ ᠪᠡᠷ ᠶᠡᠬᠡ ᠭᠣᠶᠣ ᠰᠣᠨᠣᠰᠤᠭᠳᠠᠳᠠᠭ ᠶᠤᠮ ᠪᠠᠢᠨ᠎ᠠ᠃
ᠮᠥᠩᠬᠡ᠄ ᠥᠩ᠂ ᠴᠡᠴᠡᠨ᠂ ᠶᠡᠷᠦ ᠨᠢ ᠡᠨᠡ ᠴᠡᠴᠡᠨ ᠭᠡᠳᠡᠭ ᠦᠭᠡ ᠂ ᠦᠭᠡ ᠪᠣᠯᠭᠠᠨ ᠳ᠋ᠦ᠍ ᠪᠡᠨ ᠳᠡᠭᠡᠷ᠎ᠡ ᠠᠶᠠᠭᠦᠢ ᠭᠣᠶᠣ ᠰᠣᠨᠣᠰᠤᠭᠳᠠᠳᠠᠭ ᠶᠤᠮ ᠪᠠᠢᠨ᠎ᠠ ᠰᠢᠲᠠ᠂ ᠴᠡᠴᠡᠨ ᠪᠡᠷᠢ᠂ ᠴᠡᠴᠡᠨ ᠬᠦᠷᠭᠡᠨ᠂ ᠴᠡᠴᠡᠨ ᠠᠬ᠎ᠠ᠂ ᠴᠡᠴᠡᠨ ᠡᠭᠡᠴᠢ ᠴᠡᠴᠡᠨ ᠨᠠᠢᠵᠠ᠂ ᠴᠡᠴᠡᠨ ᠮᠥᠩᠬᠡ᠂ ᠥᠩ ᠦ᠂ ᠴᠡᠴᠡᠨ ᠮᠥᠩᠬᠡ᠁ ᠴᠡᠴᠡᠨ ᠴᠡᠴᠡᠨ ᠴᠡᠴᠡᠨ ᠮᠥᠩᠬᠡ᠁
ᠲᠤᠩᠬᠤ᠄ ᠠᠢ᠂ ᠴᠡᠴᠡᠭ ᠮᠥᠩᠬᠡ ᠴᠡᠴᠡᠭ ᠮᠥᠩᠬᠡ᠂ ᠴᠡᠴᠡᠭ ᠴᠡᠴᠡᠭ ᠴᠡᠴᠡᠭ ᠮᠥᠩᠬᠡ᠁
ᠮᠥᠩᠬᠡ᠄ ᠬᠡ ᠬᠡ ᠬᠠ ᠬᠠ᠂ ᠬᠥᠶᠢ᠂ ᠶᠠᠩᠵᠤ ᠶ᠋ᠢᠨ ᠠ᠋᠂ ᠪᠢ ᠪᠦᠷ ᠠᠶᠤᠮᠠᠷ ᠳᠦᠷᠢ ᠳ᠋ᠦ᠍ ᠣᠷᠣᠴᠢᠬᠠᠭᠰᠠᠨ ᠭᠣᠶᠣ ᠶᠠᠪᠤᠵᠤ ᠪᠠᠢᠬᠤ ᠳ᠋ᠤ᠌ ᠴᠢᠨᠢ᠃
ᠲᠤᠩᠬᠤ᠄ ᠬᠢ ᠬᠢ᠂ ᠴᠡᠴᠡᠭ ᠮᠥᠩᠬᠡ ᠵᠠ᠂ ᠬᠢ ᠬᠢ
ᠠᠷᠸ᠎ᠡ᠄ ᠵᠠ᠂ ᠰᠢᠯᠵᠢᠳᠡᠭ ᠲᠠᠪᠴᠠᠩ ᠮᠠᠨᠢ ᠪᠡᠯᠡᠨ ᠪᠣᠯᠤᠯ᠎ᠠ᠂ ᠴᠡᠴᠡᠨ ᠪᠠᠭ ᠪᠡᠯᠡᠨ ᠤᠤ?
ᠮᠥᠩᠬᠡ᠄ ᠪᠡᠯᠡᠨ᠃ ᠲᠤᠩᠬᠤ᠄ ᠪᠡᠯᠡᠨ᠂ ᠬᠡ ᠬᠡ᠃
ᠮᠥᠩᠬᠡ᠄ ᠴᠡᠴᠡᠭ ᠮᠥᠩᠬᠡ ᠴᠡᠴᠡᠭ ᠮᠥᠩᠬᠡ ᠴᠡᠴᠡᠭ ᠴᠡᠴᠡᠭ ᠴᠡᠴᠡᠭ᠂ ᠦ ᠪᠦᠷ ᠴᠡᠴᠡᠭ ᠭᠡᠳᠡᠭ ᠦᠭᠡ ᠠᠮᠠᠨ ᠳ᠋ᠤ᠌ ᠣᠷᠣᠭᠰᠠᠨ ᠶᠠᠪᠤᠵᠤ ᠪᠠᠢᠨ᠎ᠠ ᠰᠢᠳᠡ᠃
ᠪᠦᠭᠦᠳᠡᠭᠡᠷ᠄ ᠢᠨᠢᠶᠡᠨ᠎ᠡ᠃
ᠴᠠᠰᠣᠬᠠᠨ᠄ ᠬᠡ ᠬᠡ᠂ ᠬᠥᠭᠡᠷᠦᠬᠦᠨ ᠰᠢᠲᠠ᠃
ᠮᠥᠩᠬᠡ᠄ ᠵᠠ᠂ ᠶᠠᠭ᠂ ᠮᠠᠨ ᠤ᠋ ᠴᠡᠴᠡᠨ ᠪᠡᠷᠢ ᠮᠠᠨᠢ ᠬᠠᠮᠢᠭ᠎ᠠ ᠶᠠᠪᠤᠭ᠎ᠠ ᠪᠣᠯ ᠳᠠ᠃
ᠲᠤᠩᠬᠤ᠄ ᠲᠡᠨᠳᠡ ᠣᠷᠳᠣᠨ ᠬᠠᠷᠠᠭᠳᠠᠵᠤ ᠪᠠᠢᠨ᠎ᠠ᠂᠃ ᠲᠡᠨᠳᠡ ᠪᠠᠢᠭ᠎ᠠ ᠶᠤᠮ ᠪᠣᠯ ᠤᠤ?
ᠮᠥᠩᠬᠡ᠄ ᠣᠴᠢᠵᠤ ᠦᠵᠡᠶ᠎ᠡ᠃
ᠪᠠᠰᠠᠷ᠄ ᠬᠠ— ᠬᠠᠩ
ᠴᠠᠰᠣᠬᠠᠨ᠄ ᠬᠥᠶᠢ ᠪᠠᠰᠠᠷ ᠮᠠᠨᠢ ᠵᠦᠭᠡᠷ ᠤᠤ?
ᠶᠠᠭᠠᠬᠢᠭ᠎ᠠ ᠪᠣᠢ?
ᠪᠠᠰᠠᠷ᠄ ᠠᠯᠲᠠᠨ ᠭᠠᠳᠠᠰᠤ ᠪᠠ ᠳᠣᠯᠣᠭᠠᠨ ᠪᠤᠷᠬᠠᠨ ᠣᠳᠣ ᠦᠯᠢᠭᠡᠷ ᠳᠡᠭᠡᠷ᠎ᠡ ᠭᠠᠷᠤᠭᠰᠠᠨ ᠬᠥᠭᠡᠷᠦᠬᠦᠨ ᠨᠣᠬᠠᠢ ᠯᠠ ᠪᠣᠳᠣᠭᠳᠠᠭᠠᠳ ᠪᠠᠢᠬᠤ ᠶᠤᠮ᠂
ᠲᠤᠩᠬᠤ᠄ ᠬᠡ ᠬᠡ᠂ ᠲᠡᠭᠡᠬᠦ ᠳ᠋ᠦ᠍ ᠨᠡᠭᠡᠷᠡᠨ᠂ ᠶᠠᠭᠤ ᠪᠣᠯᠤᠭᠰᠠᠨ
 ᠶᠤᠮ ᠪᠣᠢ? ᠪᠠᠰᠠᠷ ᠠ᠋
ᠪᠠᠰᠠᠷ᠄ ᠠᠶᠠᠭᠦᠢ ᠶᠡᠬᠡ ᠶᠠᠭᠤᠮ᠎ᠠ ᠪᠣᠯᠤᠭᠰᠠᠨ ᠠ᠋᠂ ᠠᠷᠸ᠎ᠡ ᠠᠬ᠎ᠠ ᠰᠢᠨᠠᠯᠤᠭᠰᠠᠨ ᠰᠡᠳᠬᠢᠯ ᠢ᠋ ᠵᠠᠰᠠᠵᠤ ᠴᠢᠳᠠᠳᠠᠭ ᠪᠣᠯᠪᠠ ᠤᠤ?
ᠲᠤᠩᠬᠤ᠄ ᠪᠠᠰᠠᠷ ᠮᠢᠨᠢ ᠳᠡ᠂ ᠳᠠᠷᠠᠭ᠎ᠠ ᠠᠭᠤᠯᠵᠠᠵᠤ ᠪᠣᠯᠬᠤ ᠯᠠ ᠪᠠᠢᠯᠭᠦᠢ ᠳᠡ᠂ ᠠᠷᠸ᠎ᠡ ᠠᠬ᠎ᠠ ᠠ᠋ᠴᠠ ᠠᠰᠠᠭᠤᠵᠤ ᠪᠠᠢᠭᠠᠳ᠂ ᠲᠡᠷᠡ ᠦᠯᠢᠭᠡᠷ ᠢ᠋ᠶ᠋ᠡᠷ ᠳᠠᠬᠢᠭᠠᠳ ᠠᠶᠠᠯᠠᠭᠰᠠᠨ ᠴᠤ᠌ ᠪᠣᠯᠬᠤ ᠪᠠᠢᠯᠭᠦᠢ ᠳᠡ᠂
ᠪᠠᠰᠠᠷ᠄ ᠥ᠂ ᠲᠡᠢᠮᠦ ᠰᠢᠲᠠ᠂ ᠮᠥᠩᠬᠡ ᠶᠠᠭᠤᠨ ᠳ᠋ᠤ᠌ ᠪᠠᠨ ᠰᠦᠷᠴᠢᠭᠢᠨᠡᠳᠡᠭ ᠶᠦᠮ ᠪᠢᠯᠡ ᠳᠠ᠃ ᠬᠡᠩ ᠬᠡᠩ ᠰᠦᠷ ᠲᠡᠢ᠃
ᠮᠥᠩᠬᠡ᠄ ᠠ᠂ ᠶᠠᠭᠠᠬᠢᠭᠰᠠᠨ ᠠ᠋᠃
ᠪᠠᠰᠠᠷ᠄ ᠵᠠ᠂ ᠲᠡᠷᠡ ᠤᠷᠲᠤ ᠳ᠋ᠤ᠌ ᠪᠠᠨ ᠣᠷᠣᠶ᠎ᠠ᠂ ᠣᠷᠳᠣᠨ ᠳ᠋ᠤ᠌ ᠤᠷᠤᠭᠤ ᠣᠴᠢᠶ᠎ᠠ᠃
ᠴᠠᠰᠣᠬᠠᠨ᠄ ᠬᠡᠩ ᠬᠡᠩ᠂ᠮᠠᠷᠵᠠᠩ ᠭᠡᠳᠡᠭ ᠨᠢ᠃ ᠵᠠ ᠦᠯᠢᠭᠡᠷ ᠡᠬᠢᠯᠡᠵᠦ ᠪᠠᠢᠬᠤ ᠰᠢᠭ᠋ ᠪᠠᠢᠨ᠎ᠠ᠃
ᠪᠦᠭᠦᠳᠡᠭᠡᠷ ᠢ᠋ᠶ᠋ᠡᠨ ᠰᠣᠨᠣᠰᠤᠶ᠎ᠠ᠃
ᠮᠣᠩᠭᠣᠯ ᠠᠷᠠᠳ ᠤ᠋ᠨ ᠦᠯᠢᠭᠡᠷ
ᠴᠡᠴᠡᠨ ᠪᠡᠷᠢ ᠶ᠋ᠢᠨ ᠦᠯᠢᠭᠡᠷ
ᠤᠷᠢᠳᠤ ᠨᠢᠭᠡ ᠲᠡᠨᠡᠭ ᠬᠦᠦ ᠲᠡᠢ ᠬᠠᠭᠠᠨ ᠪᠠᠢᠵᠠᠢ ᠃ ᠮᠥᠨ ᠲᠡᠷᠡ ᠤᠯᠤᠰ ᠲᠤ᠌᠂ ᠴᠡᠴᠡᠨ ᠥᠬᠢᠨ ᠲᠡᠢ ᠨᠢᠭᠡᠨ ᠬᠥᠭᠰᠢᠨ ᠪᠠᠢᠵᠠᠢ᠃ ᠲᠡᠷᠡ ᠥᠬᠢᠨ ᠢ᠋ ᠮᠤᠩᠬᠠᠭ ᠲᠠᠢᠵᠢ ᠳ᠋ᠤ᠌ ᠪᠠᠨ ᠠᠪᠴᠤ ᠥᠭᠭᠦᠶ᠎ᠡ ᠭᠡᠵᠦ ᠬᠠᠭᠠᠨ ᠪᠣᠳᠣᠭᠠᠳ ᠡᠪᠦᠭᠡᠨ ᠢ᠋ ᠳᠠᠭᠤᠳᠠᠨ ᠢᠷᠡᠭᠦᠯᠦᠨ᠄《ᠡᠪᠦᠭᠡᠨ ᠴᠢ ᠮᠠᠷᠭᠠᠰᠢ ᠦᠨᠡᠰᠦᠨ ᠴᠢᠳᠥᠷ ᠵᠠᠩᠭᠢᠳᠤᠭᠠᠳ᠂ ᠡᠳᠦᠷ ᠴᠦ᠍ ᠪᠢᠰᠢ ᠰᠥᠨᠢ ᠴᠤ᠌ ᠪᠢᠰᠢ ᠴᠠᠭ ᠢ᠋ᠶ᠋ᠠᠷ᠂ ᠵᠠᠮ ᠲᠠᠢ ᠴᠤ᠌ ᠪᠢᠰᠢ ᠵᠠᠮ ᠦᠭᠡᠢ ᠴᠤ᠌ ᠪᠢᠰᠢ ᠭᠠᠵᠠᠷ ᠢ᠋ᠶ᠋ᠠᠷ᠂ ᠬᠤᠪᠴᠠᠰᠤ ᠲᠠᠢ ᠴᠤ᠌ ᠪᠢᠰᠢ᠂ ᠬᠤᠪᠴᠠᠰᠤ ᠦᠭᠡᠢ ᠴᠤ᠌ ᠪᠢᠰᠢ ᠶᠠᠪᠤᠵᠤ ᠢᠷᠡᠭᠡᠳ᠂ ᠭᠡᠷ ᠲᠦ᠍ ᠪᠢᠰᠢ᠂ ᠭᠠᠳᠠᠭ᠎ᠠ ᠴᠤ᠌ ᠪᠢᠰᠢ ᠭᠠᠵᠠᠷ ᠠ᠋ᠴᠠ ᠨᠠᠳᠠ ᠥᠭᠭᠦᠭᠡᠷᠡᠢ᠂ ᠣᠰᠣᠯᠳᠠᠪᠠᠯ ᠲᠣᠯᠣᠭᠠᠢ ᠶ᠋ᠢ ᠴᠢᠨᠢ ᠠᠪᠤᠨ᠎ᠠ ᠰᠢᠦ 》 ᠭᠡᠵᠦ ᠵᠠᠷᠯᠢᠭ ᠪᠠᠭᠤᠯᠭᠠᠵᠠᠢ᠃
ᠴᠠᠰᠣᠬᠠᠨ᠄ ᠬᠥᠭᠡᠷᠦᠬᠦᠢ᠂ ᠡᠨᠡ ᠳᠡᠭᠡᠷ᠎ᠡ ᠦᠶ᠎ᠡ ᠶ᠋ᠢᠨ ᠦᠯᠢᠭᠡᠷ ᠪᠣᠯᠬᠣᠷ᠂ ᠪᠠᠰᠠ ᠶᠡᠬᠡ ᠬᠠᠲᠠᠭᠤ ᠪᠠᠢᠭ᠎ᠠ ᠰᠢᠦ᠂ ᠰᠢᠭᠤᠳ ᠲᠤᠰᠢᠶᠠᠭᠠᠳ ᠯᠠ᠂ ᠲᠤᠯᠭᠠᠭᠠᠳ ᠯᠠ᠂ ᠶᠡᠷᠦ ᠨᠢ ᠬᠠᠤᠯᠢ ᠳᠦᠷᠢᠮ ᠶᠡᠬᠡ ᠬᠠᠲᠠᠭᠤ ᠪᠠᠢᠭᠰᠠᠨ ᠶᠤᠮ ᠰᠢᠭ᠋ ᠪᠠᠢᠭ᠎ᠠ ᠶᠤᠮ᠃
ᠲᠤᠩᠬᠤ᠄ ᠬᠡᠳᠦᠭᠦᠯᠡ ᠪᠡᠨ ᠡᠨᠡ ᠬᠥᠭᠡᠷᠦᠬᠦᠢ ᠡᠪᠦᠭᠡᠨ ᠂ᠴᠡᠴᠡᠨ ᠥᠬᠢᠨ᠂ ᠪᠠᠰᠠ ᠲᠡᠷᠡ ᠬᠠᠭᠠᠨ ᠤ᠋ ᠬᠦᠦ ᠳ᠋ᠦ᠍ ᠲᠤᠰᠠᠯᠠᠴᠢᠬᠠᠬᠤ ᠶᠤᠮ ᠰᠠᠨ ᠳᠠ᠃ ᠲᠡᠢᠮᠦ ᠠ᠋᠃
ᠮᠥᠩᠬᠡ᠄ ᠬᠠᠷᠢᠨ ᠲᠡᠢᠮᠦ ᠠ᠋᠂ ᠶᠠᠭᠠᠬᠢᠳᠠᠭ ᠶᠤᠮ ᠪᠢᠯᠡ᠂ ᠪᠠᠢᠵᠠ᠃ ᠥᠩ᠂ ᠦ᠂ ᠣᠯᠴᠢᠬᠠᠯ᠎ᠠ᠃ ᠴᠠᠰᠣᠬᠠᠨ᠄ ᠠ᠂ ᠶᠠᠭᠤ ᠣᠯᠪᠠ?
ᠮᠥᠩᠬᠡ᠄ ᠬᠡᠳᠦᠭᠦᠯᠡ ᠪᠡᠨ ᠡᠨᠡ ᠤᠬᠠᠭᠠᠨ ᠨᠢ ᠵᠢᠭᠠᠬᠠᠨ ᠮᠠᠭᠤᠲᠠᠢ ᠭᠡᠳ ᠪᠠᠢᠭ᠎ᠠ ᠬᠦᠦ ᠳ᠋ᠦ᠍ ᠨᠢ ᠭᠢᠯᠠᠰ ᠡᠷᠳᠡᠮ ᠨᠣᠮ ᠵᠢᠭᠠᠭᠠᠳ ᠥᠭᠴᠢᠬᠡᠪᠡᠯ ᠶᠠᠭᠠᠬᠢᠭᠰᠠᠨ ᠶᠤᠮ᠃ ᠲᠡᠭᠡᠬᠦ ᠪᠡᠷ ᠴᠢᠨᠢ ᠠᠪᠤ ᠨᠢ ᠵᠠᠪᠠᠯ ᠬᠥᠭᠡᠷᠦᠬᠦᠢ ᠡᠪᠦᠭᠡᠨ ᠢ᠋ ᠢᠩᠭᠢᠵᠦ ᠰᠣᠷᠢᠵᠤ ᠪᠠᠷᠢᠭᠠᠳ ᠪᠠᠢᠬᠤ ᠦᠭᠡᠢ ᠶᠦ᠍ᠮ ᠪᠢᠰᠢ ᠤᠤ᠃
ᠲᠤᠩᠬᠤ᠄ ᠦ᠂ ᠶᠣᠰᠣᠲᠠᠢ ᠵᠥᠪ᠂ ᠬᠡᠳᠦᠭᠦᠯᠡ ᠪᠡᠨ ᠬᠠᠭᠠᠨ ᠤ᠋ ᠬᠦᠦ ᠲᠡᠢ ᠨᠢ ᠣᠷᠣᠵᠤ ᠠᠭᠤᠯᠵᠠᠶ᠎ᠠ᠂ ᠲᠡᠭᠡᠬᠦ ᠤᠤ?
ᠴᠠᠰᠣᠬᠠᠨ᠄ ᠵᠠ ᠲᠡᠭᠡᠶ᠎ᠡ᠃
ᠡᠪᠦᠭᠡᠨ ᠬᠡᠷᠬᠢᠬᠦ ᠤᠴᠢᠷ ᠢ᠋ᠶ᠋ᠠᠨ ᠣᠯᠬᠤ ᠦᠭᠡᠢ ᠶᠡᠬᠡ ᠯᠡ ᠠᠶᠤᠵᠤ᠂ ᠶᠠᠭᠠᠬᠢᠳᠠᠭ ᠪᠢᠯᠡ ᠭᠡᠵᠦ ᠭᠠᠢᠬᠠᠰᠢ ᠲᠠᠰᠤᠷᠠᠨ ᠬᠠᠷᠢᠭᠰᠠᠨ ᠳ᠋ᠤ᠌᠂ ᠥᠬᠢᠨ ᠨᠢ᠄ 《ᠠᠪᠤ ᠠ᠋ ᠂ ᠰᠠᠨᠠᠭ᠎ᠠ ᠵᠣᠪᠠᠯᠲᠠ ᠦᠭᠡᠢ》 ᠭᠡᠳ ᠠᠷᠭ᠎ᠠ ᠵᠢᠭᠠᠵᠤ ᠥᠭᠴᠡᠢ᠃
ᠡᠪᠦᠭᠡᠨ᠄ ᠬᠠᠭᠠᠨᠲᠠᠨ ᠮᠢᠨᠢ ᠠ᠋᠂ ᠵᠠᠷᠯᠢᠭ ᠶᠣᠰᠣᠭᠠᠷ ᠦᠨᠡᠰᠦᠨ ᠴᠢᠳᠥᠷ ᠵᠠᠩᠭᠢᠳᠴᠤ ᠠᠪᠴᠢᠷᠠᠪᠠ᠂ ᠠᠪᠴᠤ ᠰᠣᠶᠣᠷᠬᠠᠨ᠎ᠠ ᠤᠤ?
ᠬᠠᠭᠠᠨ᠄ ᠴᠢ ᠬᠠᠮᠢᠭ᠎ᠠ ᠪᠠᠢᠨ᠎ᠠ᠃
ᠡᠪᠦᠭᠡᠨ᠄ ᠵᠠ ᠪᠢ ᠴᠢᠨᠢ ᠭᠡᠷ ᠲᠦ᠍ ᠪᠢᠰᠢ᠂ ᠭᠠᠳᠠᠭ᠎ᠠ ᠴᠤ᠌ ᠪᠢᠰᠢ᠂ ᠬᠠᠨ᠎ᠠ ᠲᠤᠭᠤᠷᠭ᠎ᠠ ᠬᠣᠶᠠᠷ ᠤ᠋ᠨ ᠲᠠᠨᠢ ᠵᠠᠪᠰᠠᠷ ᠪᠠᠢᠨ᠎ᠠ᠃
ᠬᠦᠦ᠄ ᠠ ᠵᠠ᠂ ᠲᠠ ᠨᠠᠷ ᠨᠠᠳᠠ ᠳ᠋ᠤ᠌ ᠲᠤᠰᠠᠯᠠᠬᠤ ᠭᠡᠵᠦ ᠢᠷᠡᠭᠰᠡᠨ ᠶᠦ᠍ᠮ ᠤᠤ?
ᠲᠡᠭᠡᠶ᠎ᠡ ᠃
ᠮᠥᠩᠬᠡ᠄ ᠵᠠ᠂ ᠤᠩᠰᠢᠵᠤ ᠮᠡᠳᠡᠬᠦ ᠤᠤ?
ᠬᠦᠦ᠄ ᠰᠠᠢᠨ ᠮᠡᠳᠡᠬᠦ ᠦᠭᠡᠢ᠂
ᠴᠠᠰᠣᠬᠠᠨ᠄ ᠲᠣᠭ᠎ᠠ ᠪᠣᠳᠣᠵᠤ ᠴᠢᠳᠠᠬᠤ ᠤᠤ?
ᠬᠦᠦ᠄ ᠴᠢᠳᠠᠬᠤ ᠦᠭᠡᠢ᠃
ᠲᠤᠩᠬᠤ᠄ ᠤᠷᠠᠨ ᠵᠣᠬᠢᠶᠠᠯ ᠮᠡᠳᠡᠬᠦ ᠤᠤ?
ᠬᠦᠦ᠄ ᠰᠠᠢᠨ ᠮᠡᠳᠡᠬᠦ ᠦᠭᠡᠢ᠃
ᠲᠡᠦᠬᠡ ᠶ᠋ᠢᠨ ᠮᠡᠳᠡᠯᠭᠡ ᠬᠢᠷᠢ ᠪᠣᠢ?
ᠬᠦᠦ᠄ ᠪᠠᠢᠬᠤ ᠦᠭᠡᠢ᠃
ᠪᠠᠰᠠᠷ᠄ ᠵᠠ᠂ ᠨᠡᠮᠡᠷᠢ ᠦᠭᠡᠢ ᠶᠦ᠍ᠮ ᠰᠠᠨᠵᠠᠢ᠃
ᠲᠤᠩᠬᠤ᠄ ᠶᠠᠭᠤ ᠭᠡᠵᠦ ᠳᠡ᠂ ᠪᠠᠰᠠᠷ ᠠ᠋᠂ ᠬᠡᠳᠦᠭᠦᠯᠡ ᠪᠡᠨ ᠵᠢᠭᠠᠭᠠᠳ ᠯᠠ ᠥᠭᠭᠦᠶ᠎ᠡ᠃ ᠴᠠᠰᠣᠬᠠᠨ᠄ ᠲᠡᠢᠮᠦ ᠰᠢᠦ᠂ ᠥᠪᠡᠷ ᠢ᠋ᠶ᠋ᠡᠨ ᠴᠦ᠍ ᠰᠤᠷᠬᠤ ᠬᠦᠰᠡᠯ ᠲᠡᠢ ᠪᠠᠢᠨ᠎ᠠ᠃
ᠮᠥᠩᠬᠡ᠄ ᠵᠠ᠂ ᠪᠢ ᠡᠬᠢᠯᠡᠭᠡᠳ ᠪᠠᠢᠨ᠎ᠠ ᠰᠢᠳᠡ᠂ᠦᠰᠦᠭᠯᠡᠬᠦ ᠶ᠋ᠢ ᠴᠢᠮ᠎ᠠ ᠳ᠋ᠤ᠌ ᠵᠢᠭᠠᠵᠤ ᠥᠭᠭᠦᠨ᠎ᠡ᠂ ᠵᠠ᠂ ᠳᠠᠭᠠᠭᠠᠳ ᠬᠡᠯᠡᠭᠡᠷᠡᠢ᠂
ᠠ᠂
ᠬᠦᠦ᠄ ᠠ
ᠮᠥᠩᠬᠡ᠄ ᠪ᠊᠃
ᠬᠦᠦ᠄ ᠪ᠊᠃
ᠮᠥᠩᠬᠡ᠄ ᠸ
ᠬᠦᠦ᠄ ᠸ᠃
ᠮᠥᠩᠬᠡ᠄ ᠭ᠃
ᠬᠦᠦ᠄ ᠭ᠃
ᠮᠥᠩᠬᠡ᠄ ᠳ᠃
ᠬᠦᠦ᠄ ᠳ᠃
ᠴᠠᠰᠤᠬᠠᠨ᠄ ᠲᠠᠪᠤ ᠳᠡᠭᠡᠷ᠎ᠡ ᠲᠠᠪᠤ ᠶ᠋ᠢ ᠨᠡᠮᠡᠬᠦ ᠪᠡᠷ ᠠᠷᠪᠠ ᠭᠠᠷᠤᠨ᠎ᠠ᠂
ᠬᠦᠦ᠄ ᠦ ᠬᠦ ᠦ᠃ ᠲᠠᠪᠤ ᠳᠡᠭᠡᠷ᠎ᠡ ᠲᠠᠪᠤ᠁ ᠶ᠋ᠢ ᠨᠡᠮᠡᠬᠦ ᠪᠡᠷ᠁
ᠴᠠᠰᠣᠬᠠᠨ᠄ ᠭᠤᠷᠪᠠ ᠳᠡᠭᠡᠷ᠎ᠡ ᠳᠣᠯᠣᠭ᠎ᠠ ᠶ᠋ᠢ ᠨᠡᠮᠡᠬᠦ ᠪᠡᠷ ᠮᠥᠨ ᠠᠷᠪᠠ ᠭᠠᠷᠤᠨ᠎ᠠ᠃
ᠬᠦᠦ᠄ ᠦ ᠬᠦ ᠂ ᠭᠤᠷᠪᠠ ᠳᠡᠭᠡᠷ᠎ᠡ ᠳᠣᠯᠣᠭ᠎ᠠ ᠶ᠋ᠢ
ᠲᠤᠩᠬᠤ᠄《ᠮᠢᠨᠦ ᠬᠡᠨᠵᠡ ᠬᠤᠷᠠᠭ᠎ᠠ》 ᠳ ᠨᠠᠴᠤᠭᠳᠣᠷᠵᠢ
ᠮᠢᠨᠦ ᠬᠡᠨᠵᠡ ᠬᠤᠷᠠᠭ᠎ᠠ ᠮᠠᠩᠨᠠᠢ ᠬᠠᠯᠵᠠᠨ ᠵᠤᠷᠪᠤᠰ ᠲᠠᠢ᠃
ᠬᠦᠦ᠄ᠦ ᠮᠢᠨᠤ ᠬᠡᠨᠵᠡ ᠬᠤᠷᠠᠭ᠎ᠠ ᠮᠠᠩᠨᠠᠢ ᠬᠠᠯᠵᠠᠨ ᠵᠤᠷᠪᠤᠰ ᠲᠠᠢ᠃
ᠲᠤᠩᠬᠤ᠄ ᠮᠢᠩᠭᠠᠨ ᠬᠣᠨᠢᠨ ᠤ᠋ ᠳᠤᠮᠳᠠ ᠠ᠋ᠴᠠ ᠪᠢ ᠬᠠᠷᠠᠮᠠᠭᠴᠠ ᠲᠠᠨᠢᠳᠠᠭ᠃
ᠬᠦᠦ᠄ ᠮᠢᠩᠭᠠᠨ ᠬᠣᠨᠢᠨ ᠤ᠋ ᠳᠤᠮᠳᠠ ᠠ᠋ᠴᠠ ᠪᠢ ᠬᠠᠷᠠᠮᠠᠭᠴᠠ ᠲᠠᠨᠢᠳᠠᠭ᠃
ᠪᠠᠰᠠᠷ᠄ ᠴᠢᠩᠭᠢᠰ ᠬᠠᠭᠠᠨ ᠨᠢ ᠮᠢᠩᠭ᠎ᠠ ᠨᠢᠭᠡ ᠵᠠᠭᠤ ᠵᠢᠷᠠᠨ ᠬᠣᠶᠠᠷ ᠣᠨ ᠳ᠋ᠤ᠌᠃
ᠬᠦᠦ ᠄ᠮᠢᠩᠭ᠎ᠠ ᠨᠢᠭᠡ ᠵᠠᠭᠤ ᠵᠢᠷᠠᠨ ᠬᠣᠶᠠᠷ ᠣᠨ᠃
ᠪᠠᠰᠠᠷ᠄ ᠵᠠ᠂ ᠮᠢᠩᠭ᠎ᠠ ᠨᠢᠭᠡ ᠵᠠᠭᠤ ᠵᠢᠷᠠᠨ ᠬᠣᠶᠠᠷ ᠭᠡᠳᠡᠭ ᠨᠢ ᠨᠢᠭᠡ ᠨᠢᠭᠡ ᠵᠢᠷᠭᠤᠭ᠎ᠠ ᠬᠣᠶᠠᠷ ᠣᠨ ᠳ᠋ᠤ᠌
ᠬᠦᠦ᠄ ᠵᠠ᠃
ᠪᠠᠰᠠᠷ᠄ ᠤᠨᠤᠨ ᠭᠣᠣᠯ ᠤ᠋ᠨ ᠬᠥᠪᠡᠭᠡᠨ ᠳ᠋ᠦ᠍ ᠳᠡᠯᠢᠭᠦᠨ ᠪᠣᠯᠳᠠᠭ ᠬᠡᠮᠡᠬᠦ ᠭᠠᠵᠠᠷ ᠮᠡᠨᠳᠦᠯᠡᠵᠡᠢ᠃
ᠬᠠᠭᠠᠨ᠄ ᠵᠠ᠂ ᠬᠠᠮᠢᠭᠠᠭᠤᠷ ᠶᠠᠪᠤᠵᠤ ᠢᠷᠡᠪᠡ᠃
ᠡᠪᠦᠭᠡᠨ᠄ ᠵᠠ ᠬᠠᠭᠠᠨᠲᠠᠨ ᠮᠢᠨᠢ ᠠ᠋᠂ ᠪᠢ ᠵᠠᠮ ᠲᠠᠢ ᠭᠠᠵᠠᠷ ᠢ᠋ᠶ᠋ᠠᠷ ᠴᠤ᠌ ᠪᠢᠰᠢ᠂ ᠵᠠᠮ ᠦᠭᠡᠢ ᠭᠠᠵᠠᠷ ᠢ᠋ᠶ᠋ᠠᠷ ᠴᠤ᠌ ᠪᠢᠰᠢ᠂ ᠵᠠᠮ ᠤ᠋ᠨ ᠳᠠᠯᠠᠩ ᠢ᠋ᠶ᠋ᠠᠷ ᠶᠠᠪᠤᠵᠤ ᠢᠷᠡᠯ᠎ᠡ᠃
ᠴᠠᠰᠤᠬᠠᠨ᠄ ᠵᠠ ᠬᠡᠳᠦᠭᠦᠯᠡ ᠪᠡᠨ ᠲᠦᠷᠭᠡᠯᠡᠬᠦ ᠦᠭᠡᠢ ᠪᠣᠯ ᠶᠠᠷᠢᠶ᠎ᠠ ᠨᠢ ᠶᠡᠷᠦ ᠨᠢ ᠳᠠᠭᠤᠰᠬᠤ ᠰᠢᠨᠵᠢ ᠲᠡᠢ ᠪᠣᠯᠴᠢᠬᠠᠯ᠎ᠠ᠃
ᠲᠤᠩᠬᠤ᠄ ᠴᠠᠢᠳᠠᠮ ᠬᠥᠨᠳᠡᠢ ᠶ᠋ᠢᠨ ᠵᠡᠭᠦᠨ ᠵᠠᠬ᠎ᠠ ᠳ᠋ᠤ᠌ ᠪᠣᠯᠤᠭᠰᠠᠨ ᠬᠡᠰᠡᠭ ᠳᠠᠷᠠᠰᠤ ᠤᠷᠤᠭᠤ ᠡᠬᠡ ᠡᠴᠡ ᠪᠡᠨ ᠭᠠᠷᠤᠭᠠᠳ ᠬᠡᠳᠦᠬᠡᠨ ᠬᠣᠨᠣᠭᠰᠠᠨ ᠴᠠᠢᠪᠤᠷ ᠴᠠᠭᠠᠨ ᠢᠨᠵᠠᠭ᠎ᠠ ᠳᠠᠭᠠᠭᠤᠯᠤᠭᠰᠠᠨ ᠰᠢᠷᠠᠭᠴᠢᠨ ᠣᠷᠣᠵᠤ ᠢᠷᠡᠯ᠎ᠡ᠃
ᠮᠥᠩᠬᠡ᠄ ᠡᠨᠡ ᠪᠣᠯ ᠮᠣᠩᠭᠣᠯ ᠬᠡᠯᠡᠨ ᠦ᠌ ᠳᠣᠯᠣᠭᠠᠨ ᠡᠬᠡᠰᠢᠭ ᠪᠠᠢᠭ᠎ᠠ ᠶᠤᠮ᠃ ᠠ᠂ ᠠ᠋᠂ ᠢ᠂ ᠣ᠂ ᠣ᠂ ᠦ᠂ ᠦ᠃
ᠬᠦᠦ᠄ ᠠ ᠠ᠋ ᠢ ᠣ ᠣ᠁
ᠪᠠᠰᠠᠷ᠄ ᠴᠢᠩᠭᠢᠰ ᠬᠠᠭᠠᠨ ᠤ᠋ ᠬᠡᠦᠬᠡᠳ ᠦ᠋ᠳ ᠨᠢ ᠵᠥᠴᠢ᠂ᠴᠠᠭᠠᠲᠠᠢ᠂ ᠥᠭᠡᠳᠡᠢ᠂ ᠲᠤᠯᠤᠢ᠁
ᠴᠠᠰᠣᠬᠠᠨ᠄ ᠵᠠ᠂ ᠨᠡᠮᠡᠬᠦ ᠬᠠᠰᠤᠬᠤ ᠦᠷᠡᠵᠢᠬᠦ ᠬᠤᠪᠢᠶᠠᠬᠤ ᠭᠡᠰᠡᠨ ᠦᠢᠯᠡᠳᠦᠯ ᠦ᠋ᠳ ᠨᠢ᠁
ᠲᠤᠩᠬᠤ᠄ ᠠᠶ᠎ᠠ᠂ ᠴᠢᠯᠠᠭᠤ ᠴᠢ ᠶᠢᠷᠲᠢᠨᠴᠦ ᠶ᠋ᠢᠨ ᠬᠥᠷᠥᠰᠥᠨ ᠳ᠋ᠦ᠍ ᠤᠷᠭᠤᠭᠰᠠᠨ ᠬᠠᠲᠠᠭᠤ ᠴᠡᠴᠡᠭ ᠶᠦᠮ ᠪᠢᠯᠡ᠁
ᠬᠦᠦ᠄ ᠶᠣᠣ ᠶᠣᠣ᠂ ᠶᠠᠭᠤ ᠪᠣᠢ?
ᠴᠠᠰᠤᠬᠨ᠄ ᠡᠨᠡ ᠪᠣᠯ ᠳᠡᠯᠡᠬᠡᠢ ᠶ᠋ᠢᠨ ᠲᠠᠲᠠᠯᠴᠠᠯ ᠤ᠋ᠨ ᠬᠠᠤᠯᠢ
ᠪᠠᠰᠠᠷ᠄ ᠡᠢᠨ ᠲᠡᠮᠦᠵᠢᠨ ᠵᠠᠳᠠᠷᠠᠨ ᠠᠢᠮᠠᠭ ᠤ᠋ᠨ ᠵᠠᠮᠤᠬ᠎ᠠ ᠲᠠᠢ ᠭᠤᠷᠪᠠᠨᠲᠠ ᠠᠨᠳᠠ ᠪᠣᠯᠤᠯᠴᠠᠵᠠᠢ᠃ 
ᠮᠥᠩᠬᠡ᠄ ᠡᠭᠡᠰᠢᠭᠲᠦ ᠭᠡᠢᠭᠦᠯᠦᠭᠴᠢ ᠭᠡᠳᠡᠭ ᠨᠢ《ᠮᠣᠩᠭᠣᠯ ᠪᠠᠭᠠᠪᠤᠷ》 ᠭᠡᠰᠡᠨ ᠦᠭᠡᠨ ᠳ᠋ᠦ᠍ ᠣᠷᠣᠭᠰᠠᠨ ᠭᠡᠢᠭᠦᠯᠦᠭᠴᠢ ᠦᠰᠦᠭ ᠦ᠋ᠳ ᠪᠠᠢᠳᠠᠭ ᠶᠤᠮ᠂ ᠰᠣᠨᠢᠨ ᠪᠠᠢᠭ᠎ᠠ ᠪᠢᠵᠡ᠃
ᠬᠠᠭᠠᠨ᠄ ᠮᠠᠷᠭᠠᠰᠢ ᠲᠠᠨ ᠤ᠋ ᠳ᠋ᠤ᠌ ᠣᠴᠢᠨ᠎ᠠ᠂ ᠮᠡᠳᠡᠭᠡ ᠦᠭᠡᠢ ᠪᠠᠢᠪᠠᠯ ᠲᠣᠯᠣᠭᠠᠢ ᠦᠭᠡᠢ ᠭᠡᠵᠦ ᠮᠡᠳᠡᠭᠡᠷᠡᠢ᠃
ᠲᠤᠩᠬᠤ᠄ ᠶᠠᠭᠠᠬᠢᠨ᠎ᠠ᠂ ᠴᠠᠭ ᠬᠡᠴᠡᠭᠦᠳᠡᠯ᠎ᠡ᠂ ᠬᠤᠷᠳᠤᠯᠠᠶ᠎ᠠ᠂ ᠬᠡᠳᠦᠭᠦᠯᠡ ᠪᠡᠨ᠃
ᠪᠠᠰᠠᠷ᠄ ᠮᠢᠩᠭ᠎ᠠ ᠨᠢᠭᠡ ᠵᠠᠭᠤ ᠨᠠᠶᠠ ᠶᠢᠰᠦᠨ ᠣᠨ ᠳ᠋ᠤ᠌ ᠴᠢᠩᠭᠢᠰ ᠬᠠᠭᠠᠨ ᠪᠣᠯᠤᠨ ᠡᠷᠭᠦᠮᠵᠢᠯᠡᠭᠳᠡᠪᠡ᠃
ᠮᠥᠩᠬᠡ᠄ ᠵᠠᠷᠢᠮᠳᠤᠭ ᠭᠡᠢᠭᠦᠯᠦᠭᠴᠢ ᠨᠢ ᠴᠣᠢᠵᠢ ᠪᠠᠨ ᠵᠠᠰᠠᠭᠠᠳ ᠲᠤᠰᠢᠶᠠᠴᠢᠬ᠎ᠠ᠁
ᠲᠤᠩᠬᠤ᠄ ᠴᠢᠳᠡᠩ ᠶᠡᠬᠡ ᠴᠣᠪᠣᠭᠣ ᠳᠠᠭᠤ ᠪᠠᠷ ᠬᠠᠷᠢᠭᠤᠯᠤᠯ᠎ᠠ᠃
ᠪᠠᠰᠠᠷ᠄ ᠥᠭᠡᠳᠡᠢ ᠬᠠᠭᠠᠨ ᠪᠣᠯᠵᠤ᠁
ᠴᠠᠰᠣᠬᠠᠨ᠄ ᠬᠡᠮᠵᠢᠶ᠎ᠡ ᠪᠡᠷ ᠢ᠋ᠶ᠋ᠡᠨ ᠬᠠᠮᠤᠭ ᠤ᠋ᠨ᠁
ᠮᠥᠩᠬᠡ᠄ ᠭᠡᠭᠡᠭᠳᠡᠬᠦ ᠡᠭᠡᠰᠢᠭ ᠦ᠋ᠨ ᠳᠦᠷᠢᠮ ᠨᠢ
ᠲᠤᠩᠬᠤ᠄ ᠴᠢᠯᠠᠭᠤᠨ ᠳᠣᠮᠣᠭ ᠤ᠋ᠨ᠁
ᠴᠠᠰᠣᠬᠠᠨ᠄ ᠵᠠ᠂ ᠮᠠᠨ ᠤ᠋ ᠬᠢ ᠠ᠋᠂ ᠮᠠᠰᠢ ᠡᠩ ᠦ᠋ᠨ ᠡᠴᠡ ᠨᠢ ᠠᠰᠠᠭᠤᠨ᠎ᠠ ᠰᠢᠦ᠃
ᠲᠤᠩᠬᠤ᠄ ᠵᠠ᠂ ᠬᠢᠴᠢᠶᠡᠭᠡᠷᠡᠢ᠃
ᠮᠥᠩᠬᠡ᠄ ᠵᠠ᠂ ᠭ ᠦᠰᠦᠭ ᠦ᠋ᠨ ᠳᠠᠷᠠᠭ᠎ᠠ ᠶᠠᠮᠠᠷ ᠦᠰᠦᠭ ᠣᠷᠣᠳᠠᠭ ᠪᠢᠯᠡ?
ᠬᠦᠦ᠄ ᠹᠠ
ᠮᠥᠩᠬᠡ᠄
ᠲᠤᠩᠬᠤ᠄ ᠮᠢᠨᠦ ᠬᠡᠨᠵᠡ ᠬᠤᠷᠠᠭ᠎ᠠ
ᠬᠦᠦ᠄ ᠳᠤᠬᠤ ᠨᠢ ᠬᠠᠯᠵᠠᠨ
ᠲᠤᠩᠬᠤ᠄ ᠬᠢ
ᠴᠠᠰᠣᠬᠠᠨ᠄ ᠬᠣᠶᠠᠷ ᠳᠡᠭᠡᠷ᠎ᠡ ᠬᠣᠶᠠᠷ ᠢ᠋ ᠨᠡᠮᠡᠭᠡᠳ
ᠬᠦᠦ᠄ ᠳᠣᠯᠣᠭ᠎ᠠ
ᠴᠠᠰᠣᠬᠠᠨ᠄ ᠡᠩ
ᠪᠠᠰᠠᠷ᠄ ᠵᠠ᠂ ᠴᠢᠩᠭᠢᠰ ᠬᠠᠭᠠᠨ ᠬᠡᠳᠦᠨ ᠣᠨ ᠳ᠋ᠤ᠌ ᠮᠡᠨᠳᠦᠯᠡᠭᠰᠡᠨ ᠪᠣᠢ?
ᠬᠦᠦ᠄ ᠠ᠂
ᠪᠠᠰᠠᠷ᠄ ᠠ᠂ ᠶᠠᠮᠠᠷ ᠠᠷᠠᠯ ᠳᠡᠭᠡᠷ᠎ᠡ ᠮᠡᠨᠳᠦᠯᠡᠭᠰᠡᠨ ᠪᠢᠯᠡ᠂ ᠨᠥᠭᠦᠭᠡ ᠬᠥᠳᠡᠭᠡ
ᠬᠦᠦ᠄ ᠠ᠁
ᠪᠠᠰᠠᠷ᠄ ᠥᠭᠡᠳᠡᠢ ᠬᠠᠭᠠᠨ ᠰᠠᠬᠠᠯ ᠲᠠᠢ ᠪᠠᠢᠭᠰᠠᠨ ᠤᠤ?
ᠬᠦᠦ᠄ ᠠ᠁
ᠪᠠᠰᠠᠷ᠄ ᠮᠠᠨ ᠤ᠋ ᠬᠢ ᠂ ᠦᠭᠡᠢ᠁
ᠬᠠᠭᠠᠨ᠄ ᠵᠠ᠂ ᠣᠷᠣᠵᠠᠭ᠎ᠠ᠃
ᠲᠤᠩᠬᠤ᠄ ᠬᠥᠶᠢ᠂ ᠮᠠᠨ ᠤ᠋ ᠬᠠᠭᠠᠨ ᠤ᠋ ᠬᠦᠦ ᠬᠠᠮᠢᠭ᠎ᠠ ᠣᠴᠢᠴᠢᠬᠠᠪᠠ?
ᠬᠠᠭᠠᠨ᠄ ᠵᠠ᠂ ᠥᠬᠢᠨ ᠮᠢᠨᠢ ᠴᠢ ᠴᠡᠴᠡᠨ ᠮᠡᠷᠭᠡᠨ ᠲᠤᠯᠠ ᠮᠢᠨᠦ ᠬᠦᠦ ᠶ᠋ᠢ ᠠᠰᠠᠷᠠᠨ ᠰᠠᠭᠤ᠂ ᠬᠡᠷᠡᠭ ᠶᠠᠪᠤᠳᠠᠯ ᠢᠩᠭᠢᠭᠡᠳ ᠰᠢᠢᠳᠦᠭᠳᠡᠬᠦ ᠰᠢᠦ! ᠦᠭᠡᠢ ᠲᠡᠭᠡᠭᠡᠳ
ᠬᠦᠦ᠄ ᠠᠪᠤ ᠮᠢᠨᠢ ᠳᠡ᠂ ᠬᠥᠮᠦᠨ ᠢ᠋ ᠰᠢᠭᠤᠳ ᠬᠠᠢᠷᠠᠯᠠ ᠳᠤᠷᠠᠯᠠ ᠭᠡᠵᠦ ᠬᠦᠴᠦ ᠪᠡᠷ ᠬᠡᠯᠡᠨ᠎ᠡ ᠭᠡᠵᠦ ᠶᠠᠭᠤ ᠪᠠᠢᠬᠤᠪ ᠳᠠ᠂ ᠬᠦᠦ ᠶ᠋ᠢᠨ ᠬᠢᠨᠢ ᠮᠤᠩᠬᠠᠭ ᠪᠠᠢᠭᠰᠠᠨ ᠠ᠋ᠴᠠ ᠪᠣᠯᠵᠤ ᠲᠠ ᠡᠢᠨ ᠰᠢᠢᠳᠦᠭᠰᠡᠨ ᠢ ᠣᠢᠯᠠᠭᠠᠵᠤ ᠪᠠᠢᠨ᠎ᠠ᠃ ᠬᠦᠦ ᠨᠢ ᠣᠳᠣ ᠠ᠋ᠴᠠ ᠡᠷᠳᠡᠮ ᠨᠣᠮ ᠳ᠋ᠤ᠌ ᠪᠠᠨ ᠰᠢᠮᠳᠠᠭᠠᠳ ᠲᠠᠨ ᠤ᠋ ᠬᠠᠭᠠᠨᠲᠤ ᠤᠯᠤᠰ ᠢ᠋ ᠠᠪᠴᠤ ᠶᠠᠪᠤᠬᠤ ᠬᠡᠮᠵᠢᠶᠡᠨ ᠦ᠌ ᠡᠷ᠎ᠡ ᠬᠥᠮᠦᠨ ᠪᠣᠯᠤᠨ᠎ᠠ᠃ ᠬᠠᠷᠢᠨ ᠲᠠ ᠮᠢᠨᠢ ᠡᠨᠡ ᠬᠥᠮᠦᠰ ᠢ᠋ ᠢᠩᠭᠢᠵᠦ ᠪᠤᠤ ᠰᠢᠢᠳᠪᠡ᠃
ᠬᠠᠭᠠᠨ᠄ ᠮᠢᠨᠦ ᠬᠦᠦ ᠴᠢᠨᠢ ᠡᠷᠳᠡᠮ ᠨᠣᠮ ᠰᠤᠷᠤᠭ᠎ᠠ ᠦᠭᠡᠢ ᠴᠦ᠍ ᠭᠡᠯ᠎ᠡ ᠬᠥᠮᠦᠨ ᠢ᠋ ᠡᠨᠡᠷᠢᠬᠦ ᠰᠠᠢᠬᠠᠨ ᠰᠡᠳᠬᠢᠯ ᠢ᠋ ᠰᠤᠷᠴᠤ ᠠᠪᠤᠭᠰᠠᠨ ᠪᠠᠢᠨ᠎ᠠ ᠰᠢᠦ᠂ ᠠᠪᠤ ᠨᠢ ᠬᠠᠭᠠᠨᠲᠤ ᠤᠯᠤᠰ ᠤ᠋ᠨ ᠦᠢᠯᠡ ᠠᠵᠢᠯ ᠭᠡᠵᠦ ᠵᠠᠪ ᠦᠭᠡᠢ ᠶᠠᠪᠤᠭᠰᠠᠭᠠᠷ᠂ ᠲᠡᠭᠦᠨ ᠳ᠋ᠦ᠍ ᠪᠡᠨ ᠲᠡᠭᠦᠷᠲᠦᠭᠡᠳ ᠪᠦᠷ ᠶᠠᠷᠢᠯᠴᠠᠬᠤ ᠴᠤ᠌ ᠵᠠᠪ ᠦᠭᠡᠢ ᠶᠠᠪᠤᠵᠠᠢ᠃ ᠪᠤᠷᠤᠭᠤ ᠮᠠᠭᠤ ᠰᠢᠢᠳᠪᠦᠷᠢ ᠭᠠᠷᠭᠠᠬᠤ ᠠᠯᠳᠠᠵᠠᠢ᠂ ᠣᠯᠠᠨ ᠡᠳᠦᠷ ᠰᠢᠭᠦᠨ ᠵᠣᠪᠠᠭᠠᠭᠰᠠᠨ ᠳ᠋ᠤ᠌ ᠨᠠᠮ᠎ᠠ ᠶ᠋ᠢ ᠥᠷᠥᠰᠢᠶᠡ᠂ ᠬᠥᠮᠦᠨ ᠪᠦᠷᠢ ᠥᠪᠡᠷ ᠦ᠋ᠨ ᠬᠠᠨᠢᠯᠠᠬᠤ ᠬᠥᠮᠦᠨ ᠢ᠋ᠶ᠋ᠡᠨ ᠰᠣᠩᠭᠣᠬᠤ ᠡᠷᠬᠡ ᠲᠡᠢ ᠰᠢᠦ ᠳᠡ᠂ ᠴᠡᠴᠡᠨ ᠪᠦᠰᠡᠭᠦᠢ ᠮᠢᠨᠢ᠂ ᠴᠢ ᠴᠦ᠍ ᠨᠠᠮ᠎ᠠ ᠶ᠋ᠢ ᠥᠷᠥᠰᠢᠶᠡᠭᠡᠷᠡᠢ᠃
ᠴᠠᠰᠣᠬᠠᠨ᠄ ᠨᠡᠭᠡᠷᠡᠨ ᠴᠦ᠍ ᠲᠡᠢᠮᠦ ᠰᠢᠦ᠂ ᠡᠷᠳᠡᠮ ᠨᠣᠮ ᠭᠡᠳᠡᠭ ᠢ ᠬᠣᠷᠣᠮ ᠤ᠋ᠨ ᠬᠤᠭᠤᠴᠠᠭᠠᠨ ᠳ᠋ᠤ᠌ ᠬᠦᠴᠦᠯᠡᠵᠦ ᠰᠤᠷᠳᠠᠭ ᠵᠦᠢᠯ ᠪᠢᠰᠢ ᠰᠢᠦ ᠳᠡ᠂ ᠤᠷᠲᠤ ᠬᠤᠭᠤᠴᠠᠭᠠᠨ ᠳ᠋ᠤ᠌ ᠪᠣᠯᠪᠠᠰᠤᠷᠠᠨ ᠰᠤᠷᠳᠠᠭ ᠶᠤᠮ ᠪᠣᠯᠬᠣᠷ ᠬᠡᠵᠢᠶ᠎ᠡ ᠴᠤ᠌ ᠣᠷᠣᠢᠲᠠᠬᠤ ᠦᠭᠡᠢ᠂ ᠬᠠᠷᠢᠨ ᠬᠥᠮᠦᠨᠯᠢᠭ ᠴᠢᠨᠠᠷ᠂ ᠬᠥᠮᠦᠨ ᠢ᠋ ᠬᠠᠢᠷᠠᠯᠠᠬᠤ ᠰᠡᠳᠬᠢᠯ ᠢ᠋ ᠪᠣᠯ ᠪᠠᠭ᠎ᠠ ᠠ᠋ᠴᠠ ᠰᠤᠷᠴᠤ ᠠᠪᠳᠠᠭ ᠡᠷᠬᠢᠮ ᠵᠦᠢᠯ ᠶᠦᠮ ᠰᠢᠦ ᠳᠡ᠃
ᠬᠦᠦ᠄ ᠲᠠ ᠳᠤᠷ᠎ᠠ ᠦᠭᠡᠢᠴᠡᠬᠦ ᠦᠭᠡᠢ ᠪᠣᠯ ᠨᠠᠳᠠ ᠲᠠᠢ ᠡᠳᠦᠷ ᠢ᠋ ᠥᠩᠭᠡᠷᠡᠭᠡᠵᠦ ᠪᠣᠯᠬᠤ ᠦᠭᠡᠢ ᠪᠢᠵᠡ᠃
ᠥᠬᠢᠨ᠄ ᠬᠢ ᠬᠢ᠂ ᠪᠣᠯᠤᠯ ᠦᠭᠡᠢ ᠶᠠᠭᠠᠬᠢᠬᠤ ᠪᠣᠢ᠂
ᠬᠦᠦ᠄ ᠬᠣᠶᠠᠭᠤᠯᠠ ᠪᠠᠨ ᠬᠠᠮᠲᠤ ᠪᠠᠪᠯᠲ᠋ ᠲᠤ ᠶᠠᠪᠤᠬᠤ ᠤᠤ?
ᠥᠬᠢᠨ᠄ ᠥᠩ᠂ ᠳ᠋ᠦ᠍ ᠶᠠᠪᠤᠬᠤ ᠤᠤ?
ᠥᠬᠢᠨ᠄ ᠪᠠᠪᠠᠯᠲ᠋?
ᠬᠦᠦ᠄ ᠬᠠ ᠬᠠ ᠬᠠ᠁
ᠪᠠᠰᠠᠷ᠄ ᠠ ᠬᠠ ᠬᠠ ᠬᠠ᠁
ᠵᠡᠭᠦᠯᠲᠡ᠄ ᠲᠤᠰ ᠠᠩᠭᠢ ᠶ᠋ᠢᠨ 7:43ᠮᠢᠨᠦ᠋ᠲ ᠣᠷᠴᠢᠮ ᠢ᠋ᠶ᠋ᠠᠷ ᠪᠠᠰᠠᠷ ᠬᠠᠭᠠᠨ ᠤ᠋ ᠬᠦᠦ ᠳ᠋ᠦ᠍ ᠮᠣᠩᠭᠣᠯ ᠤ᠋ᠨ ᠨᠢᠭᠤᠴᠠ ᠲᠣᠪᠴᠢᠶᠠᠨ ᠤ᠋ ᠠᠭᠤᠯᠭ᠎ᠠ ᠶ᠋ᠢ ᠵᠢᠭᠠᠵᠤ ᠪᠠᠢᠬᠤ ᠳᠤᠮᠳᠠ 《ᠮᠢᠩᠭ᠎ᠠ ᠶᠢᠰᠦᠨ ᠵᠠᠭᠤ ᠵᠢᠷᠠᠨ ᠬᠣᠶᠠᠷ ᠭᠡᠳᠡᠭ ᠨᠢ ᠨᠢᠭᠡ ᠨᠢᠭᠡ ᠵᠢᠷᠭᠤᠭ᠎ᠠ ᠬᠣᠶᠠᠷ ᠣᠨ ᠳ᠋ᠤ᠌ 》 ᠭᠡᠵᠦ ᠴᠢᠩᠭᠢᠰ ᠬᠠᠭᠠᠨ ᠤ᠋ ᠮᠡᠨᠳᠦᠯᠡᠭᠰᠡᠨ ᠣᠨ ᠵᠢᠯ ᠢ᠋ ᠬᠠᠯᠠᠭᠤ ᠠᠪᠢᠶᠠᠯᠠᠭᠰᠠᠨ ᠢ᠋ 《ᠮᠢᠩᠭ᠎ᠠ ᠨᠢᠭᠡ ᠵᠠᠭᠤ ᠵᠢᠷᠠᠨ ᠬᠣᠶᠠᠷ ᠭᠡᠳᠡᠭ ᠨᠢ ᠨᠢᠭᠡ ᠨᠢᠭᠡ ᠵᠢᠷᠭᠤᠭ᠎ᠠ ᠬᠣᠶᠠᠷ ᠣᠨ ᠳ᠋ᠤ᠌》 ᠭᠡᠵᠦ ᠵᠠᠯᠠᠷᠠᠭᠤᠯᠤᠨ ᠦᠰᠦᠭ ᠬᠠᠲᠠᠵᠤ ᠲᠠᠯᠪᠢᠭᠰᠠᠨ ᠢ᠋ᠶ᠋ᠠᠨ ᠡᠨᠳᠡ ᠣᠨᠴᠠᠭᠠᠢᠯᠠᠨ ᠲᠣᠳᠣᠷᠬᠠᠢᠯᠠᠵᠤ ᠪᠠᠢᠨ᠎ᠠ᠃

   ᠦᠰᠦᠭ ᠠᠮᠢᠯᠠᠭᠤᠯᠵᠤ ᠬᠠᠲᠠᠭᠰᠠᠨ ᠨᠢ᠄ ᠾᠦᠩ ᠸᠧᠢ᠂
   ᠬᠢᠨᠠᠯᠲᠠ ᠬᠢᠭᠰᠡᠨ ᠨᠢ᠄ ᠱᠤᠳᠤᠷᠭᠤ᠂ ᠮᠥᠴᠢᠷ᠃