1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 1-06Мөнх ТунхMunkh Tunkh

ᠮᠥᠩᠬᠡ ᠲᠤᠩᠬᠤ 1-06Мөнх ТунхMunkh Tunkh

2023-01-06

919

ᠮᠥᠩᠬᠡ ᠲᠤᠩᠬᠤ ᠨᠢᠭᠡᠳᠦᠭᠡᠷ ᠤᠯᠠᠷᠢᠯ ᠵᠢᠷᠭᠤᠳᠤᠭᠠᠷ ᠠᠩᠭᠢ

ᠠᠷᠸ᠎ᠡ᠄ ᠦᠯᠢᠭᠡᠷ ᠦ᠋ᠨ ᠠᠶᠠᠯᠠᠯ ᠡᠬᠢᠯᠡᠯ᠎ᠡ ᠳᠡ᠃
ᠮᠥᠩᠬᠡ᠄ ᠶᠣᠣ ᠶᠣᠣ᠂ ᠣᠳᠣ ᠶᠣᠰᠣᠲᠠᠢ ᠭᠣᠶᠣ ᠶᠠᠪᠤᠨ᠎ᠠ᠂ ᠪᠢ ᠪᠠᠢᠨ᠎ᠠ ᠰᠢᠲᠠ᠂ ᠣᠳᠣ ᠵᠦᠭᠡᠷ ᠯᠡ ᠠᠶᠠᠯᠠᠭᠠᠳ ᠢᠷᠡᠨ᠎ᠡ᠂ok᠃ ᠬᠢ ᠬᠢ ᠬᠢ
ᠲᠤᠩᠬᠤ᠄ ᠬᠡ ᠬᠡ ᠬᠡ᠃
ᠮᠣᠩᠭᠣᠯ ᠠᠷᠠᠳ ᠤ᠋ᠨ ᠦᠯᠢᠭᠡᠷ
ᠪᠣᠯᠳᠠᠭ ᠦᠭᠡᠢ ᠪᠣᠷᠣ ᠡᠪᠦᠭᠡᠨ
ᠡᠷᠲᠡ ᠤᠷᠢᠳᠤ ᠴᠠᠭ ᠲᠤ ᠂ ᠪᠣᠯᠳᠠᠭ ᠦᠭᠡᠢ ᠪᠣᠷᠣ ᠭᠡᠳᠡᠭ ᠡᠪᠦᠭᠡᠨ ᠳᠣᠯᠣᠭᠠᠨ ᠪᠣᠷᠣ ᠬᠣᠨᠢ ᠲᠠᠢ᠂ ᠨᠢᠰᠳᠡᠭ ᠪᠣᠷᠣ ᠮᠣᠷᠢ ᠲᠠᠢ᠂ ᠪᠠᠰᠠ ᠨᠢᠰᠳᠡᠭ ᠦᠭᠡᠢ ᠪᠣᠷᠣ ᠮᠣᠷᠢ ᠲᠠᠢ ᠪᠠᠨ᠂ ᠪᠣᠯᠵᠣᠭᠠᠲᠤ ᠶ᠋ᠢᠨ ᠪᠣᠷᠣ ᠲᠣᠯᠣᠭᠠᠢ ᠳ᠋ᠤ᠌ ᠣᠪᠣᠬᠠᠢ ᠪᠠᠷᠢᠨ ᠠᠮᠢᠳᠤᠷᠠᠨ ᠰᠠᠭᠤᠳᠠᠭ ᠪᠠᠢᠵᠠᠢ᠃ ᠪᠣᠯᠵᠣᠭᠠᠲᠤ ᠶ᠋ᠢᠨ ᠪᠣᠷᠣ ᠲᠣᠯᠣᠭᠠᠢ ᠳ᠋ᠤ᠌ ᠪᠠᠨ ᠳᠣᠯᠣᠭᠠᠨ ᠪᠣᠷᠣ ᠬᠣᠨᠢ ᠪᠠᠨ ᠬᠠᠷᠢᠭᠤᠯᠳᠠᠭ ᠪᠠᠢᠵᠠᠢ ᠭᠡᠨ᠎ᠡ᠃ ᠨᠢᠰᠳᠡᠭ ᠪᠣᠷᠣ ᠮᠣᠷᠢ ᠪᠠᠨ ᠭᠡᠷ ᠦ᠋ᠨ ᠢ᠋ᠶ᠋ᠡᠨ ᠪᠠᠷᠠᠭᠤᠨ ᠲᠠᠯ᠎ᠠ ᠳ᠋ᠤ᠌ ᠤᠶᠠᠳᠠᠭ᠂ ᠨᠢᠰᠳᠡᠭ ᠦᠭᠡᠢ ᠪᠣᠷᠣ ᠮᠣᠷᠢ ᠪᠠᠨ ᠵᠡᠭᠦᠨ ᠲᠠᠯ᠎ᠠ ᠳ᠋ᠤ᠌ ᠪᠠᠨ ᠠᠷᠭᠠᠮᠵᠢᠳᠠᠭ ᠪᠠᠢᠵᠠᠢ᠃
ᠪᠣᠯᠳᠠᠭ ᠦᠭᠡᠢ ᠪᠣᠷᠣ ᠡᠪᠦᠭᠡᠨ᠄ 《ᠬᠤᠪᠤ ᠪᠣᠷᠣ ᠬᠣᠨᠢᠨ ᠠ᠋ᠴᠠ ᠮᠢᠨᠢ ᠬᠤᠨᠳᠠᠨ ᠴᠠᠭᠠᠨ ᠬᠤᠷᠠᠭ᠎ᠠ ᠭᠠᠷᠤᠭᠠᠰᠠᠢ᠂ ᠬᠤᠷᠮᠤᠰᠲᠠ ᠲᠡᠭᠷᠢ ᠪᠡᠨ ᠳᠠᠭᠢᠬᠤ ᠶᠤᠮᠰᠠᠨ》 ᠭᠡᠵᠦ ᠪᠣᠳᠣᠵᠤ ᠶᠠᠪᠤᠳᠠᠭ ᠪᠠᠢᠵᠠᠢ᠃ ᠲᠡᠭᠡᠵᠦ ᠪᠠᠢᠲᠠᠯ᠎ᠠ ᠬᠤᠪᠤ ᠪᠣᠷᠣ ᠬᠣᠨᠢᠨ ᠠ᠋ᠴᠠ ᠨᠢ ᠬᠤᠨᠳᠠᠨ ᠴᠠᠭᠠᠨ ᠬᠤᠷᠠᠭ᠎ᠠ ᠭᠠᠷᠤᠭᠰᠠᠨ ᠳ᠋ᠤ᠌ ᠬᠤᠷᠮᠤᠰᠲᠠ ᠲᠩᠷᠢ ᠪᠡᠨ ᠲᠠᠬᠢᠨ᠎ᠠ ᠭᠡᠵᠦ ᠪᠠᠶᠠᠷᠯᠠᠭᠠᠳ ᠬᠤᠷᠠᠭᠠᠨ ᠤ᠋ ᠤᠭᠤᠲᠠᠨ ᠳ᠋ᠤ᠌ ᠬᠢᠭᠡᠳ ᠪᠣᠯᠵᠣᠭᠠᠲᠤ ᠶ᠋ᠢᠨ ᠪᠣᠷᠣ ᠲᠣᠯᠣᠭᠠᠢ ᠳᠡᠭᠡᠷ᠎ᠡ ᠣᠷᠬᠢᠭᠠᠳ ᠶᠠᠪᠤᠵᠠᠢ᠃
ᠮᠥᠩᠬᠡ᠄ ᠬᠥᠶᠢ ᠲᠠ ᠨᠠᠷ ᠶᠠᠭᠠᠬᠢᠵᠤ ᠪᠠᠢᠨ᠎ᠠ᠂ ᠠᠯᠢᠪ ᠶᠠᠪᠤᠵᠠᠭ᠎ᠠ᠃ ᠠ ᠂ ᠶᠠᠪᠤᠵᠠᠭ᠎ᠠ᠂ ᠶᠠᠪᠤᠴᠠᠭ᠎ᠠ ᠭᠡᠵᠦ ᠪᠠᠢᠨ᠎ᠠ ᠰᠢᠦ᠃
ᠲᠤᠩᠬᠤ᠄ ᠶᠠᠭᠠᠬᠢᠭᠰᠠᠨ ᠮᠠᠭᠤᠬᠠᠢ ᠰᠢᠪᠠᠭᠤᠨ ᠨᠤᠭᠤᠳ ᠪᠣᠢ᠂ ᠬᠦᠴᠢ ᠬᠦᠴᠢ᠂ ᠬᠦᠴᠢ ᠭᠡᠵᠦ ᠪᠠᠢᠨ᠎ᠠ ᠰᠢᠦ᠃
ᠶᠠᠮᠠᠷ ᠠᠮᠢᠲᠠᠨ ᠢ᠋《 ᠬᠥᠵᠦ》》 ᠭᠡᠵᠦ ᠳᠠᠭᠤᠳᠠᠳᠠᠭ ᠪᠣᠢ?
ᠲᠠᠬᠢᠶ᠎ᠠ᠂ ᠦᠬᠡᠷ᠂ ᠨᠣᠬᠠᠢ᠂ ᠮᠤᠤᠷ᠃
ᠦᠬᠡᠷ᠃
ᠬᠡᠷᠢᠶ᠎ᠡ᠄ ᠪᠢᠳᠡ ᠬᠤᠷᠮᠤᠰᠲᠠ ᠶ᠋ᠢᠨ ᠬᠠᠭᠠᠨ ᠤ᠋ ᠬᠡᠷᠢᠶ᠎ᠡ ᠨᠦ᠍ᠭᠦᠳ ᠪᠠᠢᠨ᠎ᠠ᠂ ᠰᠠᠢᠬᠠᠨ ᠮᠡᠳᠡᠭᠡᠷᠡᠢ᠂ ᠲᠠ ᠨᠠᠷ᠃
ᠮᠥᠩᠬᠡ᠄ ᠬᠤᠷᠮᠤᠰᠲᠠ ᠶ᠋ᠢᠨ ᠭᠡᠨ᠎ᠡ ᠤᠤ? ᠬᠥᠭᠡᠷᠦᠬᠦᠨ ᠵᠢᠭᠠᠬᠠᠨ ᠬᠤᠷᠠᠭ᠎ᠠ ᠪᠠᠢᠨ᠎ᠠ᠂ ᠶᠠᠭᠠᠬᠢᠭᠠᠳ ᠡᠨᠳᠡ ᠣᠷᠬᠢᠭᠰᠠᠨ ᠶᠤᠮ ᠪᠣᠯ ᠠ᠋᠃
ᠲᠤᠩᠬᠤ᠄ ᠬᠠᠷᠢᠨ ᠲᠡᠢᠮᠦ ᠠ᠋᠂ ᠥᠩ᠂ ᠲᠡᠷᠡ ᠳᠣᠣᠷ᠎ᠠ ᠠᠢᠯ ᠪᠠᠢᠨ᠎ᠠ ᠤᠤ ᠳᠠ᠃
ᠮᠥᠩᠬᠡ᠄ ᠲᠡᠢᠮᠦ ᠪᠠᠢᠨ᠎ᠠ᠂ ᠲᠠᠢᠰᠢ ᠪᠠᠨ ᠣᠴᠢᠶ᠎ᠠ᠃
ᠮᠥᠩᠬᠡ᠄ ᠰᠠᠢᠨ ᠪᠠᠢᠨ᠎ᠠ ᠤᠤ? ᠡᠪᠦᠭᠡ ᠠ᠋!
ᠪᠣᠷᠣ ᠡᠪᠦᠭᠡᠨ᠄ ᠰᠠᠢᠨ᠂ ᠰᠠᠢᠨ ᠪᠠᠢᠵᠠᠭᠠᠨ᠎ᠠ ᠤᠤ? ᠬᠡᠦᠬᠡᠳ ᠦ᠋ᠳ ᠠ᠋᠃ ᠵᠠ᠂ ᠠᠯᠢ ᠬᠦᠷᠴᠦ ᠶᠠᠪᠤᠨ᠎ᠠ ᠳᠠ᠃
ᠲᠤᠩᠬᠤ᠄ ᠪᠢᠳᠡ ᠡᠨᠡᠭᠦᠷ ᠠᠶᠠᠯᠠᠵᠤ ᠶᠠᠪᠤᠭ᠎ᠠ ᠶᠤᠮ ᠠ᠋᠂ ᠰᠠᠶᠢ ᠡᠨᠡ ᠪᠣᠷᠣ ᠲᠣᠯᠣᠭᠠᠢ ᠳᠡᠭᠡᠷ᠎ᠡ ᠭᠠᠷᠴᠤ ᠢᠷᠡᠭᠰᠡᠨ ᠴᠢᠨᠢ ᠨᠢᠭᠡ ᠬᠥᠭᠡᠷᠦᠬᠦᠨ ᠬᠤᠷᠠᠭ᠎ᠠ ᠶ᠋ᠢ ᠬᠣᠶᠠᠷ ᠬᠠᠷ᠎ᠠ ᠬᠡᠷᠢᠶ᠎ᠡ ᠢᠷᠡᠭᠡᠳ ᠲᠣᠩᠰᠢᠬᠤ ᠭᠡᠵᠦ ᠪᠠᠢᠬᠤ ᠳ᠋ᠤ᠌ ᠨᠢ ᠠᠪᠤᠷᠠᠯ᠎ᠠ᠃
ᠪᠣᠷᠣ ᠡᠪᠦᠭᠡᠨ᠄ ᠥ ᠲᠡᠢᠮᠦ ᠤᠤ? ᠶᠠᠭᠠᠬᠢᠭᠰᠠᠨ ᠠᠴᠢᠯᠠᠯ ᠲᠠᠢ ᠬᠡᠦᠬᠡᠳ ᠦ᠋ᠳ ᠪᠣᠢ?
ᠮᠥᠩᠬᠡ᠄ ᠲᠡᠭᠡᠭᠡᠳ ᠲᠠᠨ ᠤ᠋ ᠬᠢ ᠪᠣᠯᠪᠠ ᠤᠤ ᠭᠡᠳ ᠯᠡ ᠠᠪᠤᠭᠠᠳ ᠢᠷᠡᠯ᠎ᠡ᠂ ᠬᠤᠷᠮᠤᠰᠲᠠ ᠶ᠋ᠢᠨ ᠬᠠᠭᠠᠨ ᠤ᠋ ᠬᠡᠷᠢᠶ᠎ᠡ ᠨᠦ᠍ᠭᠦᠳ ᠪᠠᠢᠨ᠎ᠠ ᠭᠡᠳ ᠥᠭᠦᠯᠡᠭᠰᠡᠭᠡᠷ ᠯᠡ ᠶᠠᠪᠤᠭᠰᠠᠨ᠃
ᠪᠣᠷᠣ ᠡᠪᠦᠭᠡᠨ᠄ ᠦ᠂ ᠬᠡᠦᠬᠡᠳ ᠦ᠋ᠳ ᠮᠢᠨᠢ᠂ ᠡᠪᠦᠭᠡᠨ ᠠᠬ᠎ᠠ ᠨᠢ ᠡᠨᠡ ᠭᠠᠩ ᠭᠠᠴᠢᠭ ᠢ᠋ ᠳᠠᠪᠠᠭᠤᠯᠵᠤ ᠥᠭᠭᠦᠭᠡᠴᠢ ᠠ᠋ ᠭᠡᠳ᠂ ᠬᠤᠷᠮᠤᠰᠲᠠ ᠲᠩᠷᠢ ᠪᠡᠨ ᠳᠠᠭᠢᠬᠤ ᠭᠡᠵᠦ᠂ ᠬᠤᠨᠳᠠᠨ ᠴᠠᠭᠠᠨ ᠬᠤᠷᠠᠭ᠎ᠠ ᠪᠠᠨ ᠲᠡᠨᠳᠡ ᠣᠷᠬᠢᠭᠰᠠᠨ ᠶᠤᠮ ᠠ᠋ ᠬᠦ᠂ ᠲᠡᠭᠡᠭᠡᠳ ᠢᠷᠡᠵᠦ ᠠᠪᠬᠤ ᠭᠡᠬᠦ ᠳ᠋ᠦ᠍ ᠨᠢ ᠲᠠ ᠬᠡᠳᠦ ᠮᠢᠨᠢ ᠬᠥᠭᠡᠭᠡᠳ ᠶᠠᠪᠤᠭᠤᠯᠴᠢᠬᠠᠵᠠᠢ᠂ ᠣᠳᠣ ᠴᠤ᠌ ᠬᠤᠷᠮᠤᠰᠲᠠ ᠶ᠋ᠢᠨ ᠬᠠᠭᠠᠨ ᠬᠢᠯᠢᠩᠨᠡᠨ᠎ᠡ ᠳᠡ᠃
ᠬᠠᠭᠠᠨ᠄ ᠬᠤᠷᠮᠤᠰᠲᠠ ᠲᠩᠷᠢ ᠪᠡᠨ ᠳᠠᠭᠢᠭᠰᠠᠨ ᠵᠦᠢᠯ ᠢ᠋ᠶ᠋ᠡᠨ ᠶᠠᠭᠠᠬᠢᠭᠠᠳ ᠡᠢᠨ ᠪᠤᠴᠠᠭᠠᠵᠤ ᠠᠪᠪᠠ? ᠠᠯᠢᠪ᠂ ᠴᠢᠨᠣ᠎ᠠ ᠨᠤᠭᠤᠳ᠂ ᠣᠴᠢᠭᠠᠳ ᠨᠢᠰᠳᠡᠭ ᠪᠣᠷᠣ ᠮᠣᠷᠢ ᠶ᠋ᠢ ᠨᠢ ᠢᠳᠡᠭᠡᠳ ᠢᠷ᠎ᠡ᠃
ᠮᠥᠩᠬᠡ᠄ ᠲᠡᠭᠡᠭᠡᠳ ᠭᠠᠩ ᠭᠠᠴᠢᠭ ᠢ᠋ ᠳᠠᠪᠠᠬᠤ ᠭᠡᠵᠦ ᠵᠠᠪᠠᠯ ᠡᠷᠭᠦᠯᠲᠡ ᠪᠠᠷᠢᠴᠠ ᠪᠠᠷᠢᠳᠠᠭ ᠶᠤᠮ ᠤᠤ?
ᠪᠣᠷᠣ ᠡᠪᠦᠭᠡᠨ᠄ ᠲᠡᠢᠮᠦ ᠠ᠋᠂ ᠬᠡᠦᠬᠡᠳ ᠦ᠋ᠳ ᠮᠢᠨᠢ ᠲᠡᠭᠡᠳᠡᠭ ᠶᠦ᠍ᠮ᠃
ᠮᠥᠩᠬᠡ᠄ ᠪᠢ ᠪᠣᠳᠣᠬᠤ ᠳ᠋ᠤ᠌ ᠪᠠᠨ᠂ ᠪᠠᠢᠭᠠᠯᠢ ᠡᠬᠡ ᠪᠡᠨ ᠬᠠᠢᠷᠠᠯᠠᠨ᠎ᠠ ᠭᠡᠳᠡᠭ ᠨᠢ ᠪᠠᠢᠭᠠᠯᠢ ᠣᠷᠴᠢᠨ ᠢ᠋ᠶ᠋ᠠᠨ ᠰᠠᠢᠬᠠᠨ ᠪᠣᠯᠭᠠᠬᠤ ᠶ᠋ᠢ ᠬᠡᠯᠡᠳᠡᠭ ᠶᠦ᠍ᠮ ᠪᠣᠯᠪᠠ ᠤᠤ ᠭᠡᠵᠦ ᠪᠣᠳᠣᠵᠤ ᠪᠠᠢᠨ᠎ᠠ᠂ ᠲᠡᠢᠮᠦ ᠠ᠋᠂ ᠲᠤᠩᠬᠤ ᠠ᠋᠃
ᠲᠤᠩᠬᠤ᠄ ᠲᠡᠢᠮᠦ ᠰᠢᠦ᠂᠃
ᠪᠠᠰᠠᠷ᠄ ᠪᠠᠢᠵᠤ ᠪᠠᠢᠭᠠᠷᠠᠢ᠂ ᠨᠠᠭᠠᠰᠢ ᠪᠠᠨ ᠮᠠᠰᠢ ᠬᠤᠷᠳᠤᠨ ᠬᠣᠶᠠᠷ ᠠᠮᠢᠲᠠᠨ ᠳᠠᠪᠬᠢᠵᠤ ᠶᠠᠪᠤᠨ᠎ᠠ ᠤᠤ ᠳᠠ᠃
ᠪᠣᠷᠣ ᠡᠪᠦᠭᠡᠨ᠄ ᠠᠯᠢᠪ᠂ ᠬᠠᠷᠠᠶ᠎ᠠ ᠬᠡᠦᠬᠡᠨ ᠠ᠋᠃
ᠪᠣᠷᠣ ᠡᠪᠦᠭᠡᠨ᠄ ᠲᠡᠢᠮᠦ ᠪᠠᠢᠨ᠎ᠠ᠂ ᠬᠣᠶᠠᠷ ᠴᠢᠨᠣ᠎ᠠ ᠢᠷᠡᠵᠦ ᠶᠠᠪᠤᠨ᠎ᠠ᠂ ᠶᠠᠭᠠᠬᠢᠳᠠᠭ ᠪᠢᠯᠡ!
ᠪᠠᠰᠠᠷ᠄ ᠲᠠ ᠨᠠᠷ ᠮᠢᠨᠢ᠂ ᠠᠶᠤᠯᠲᠠ ᠦᠭᠡᠢ᠂ ᠬᠣᠲᠠᠨ ᠳ᠋ᠤ᠌ ᠪᠠᠨ ᠦᠨᠡᠨᠴᠢ ᠬᠣᠲᠠᠴᠢ ᠪᠠᠩᠬᠤᠷ ᠪᠢ ᠪᠣᠯᠬᠣᠷ᠂ ᠬᠣᠶᠠᠷ ᠴᠢᠨᠣ᠎ᠠ ᠲᠠᠢ ᠭᠠᠷᠴᠤ ᠤᠴᠢᠷ ᠢ᠋ᠶ᠋ᠠᠨ ᠣᠯᠤᠭᠰᠠᠨ ᠨᠢ ᠳᠡᠭᠡᠷ᠎ᠡ ᠪᠠᠢᠯᠭᠦᠢ ᠳᠡ᠃
ᠬᠡ ᠬᠡ ᠬᠡ
ᠴᠠᠰᠣᠬᠠᠨ᠄ ᠡᠨᠳᠡ ᠬᠦᠴᠦ ᠪᠡᠷ ᠦᠵᠡᠪᠡᠯ ᠪᠢᠳᠡ ᠳᠡᠢᠯᠬᠦ ᠦᠭᠡᠢ᠂ ᠲᠡᠢᠮᠦ ᠪᠣᠯᠬᠣᠷ ᠤᠬᠠᠭᠠᠨ ᠢ᠋ᠶ᠋ᠠᠨ ᠣᠷᠣᠯᠳᠣᠭᠤᠯᠤᠭᠰᠠᠨ ᠨᠢ ᠳᠡᠭᠡᠷ᠎ᠡ᠃
ᠥᠩ᠂ ᠪᠢ ᠨᠢᠭᠡ ᠰᠠᠨᠠᠭ᠎ᠠ ᠣᠯᠤᠯ᠎ᠠ᠃
ᠪᠠᠰᠠᠷ᠄ ᠤᠬᠠᠭᠠᠨ ᠢ᠋ᠶ᠋ᠠᠷ ᠴᠤ᠌ ᠭᠡᠰᠡᠨ ᠪᠢ ᠪᠣᠯᠬᠤ ᠪᠠᠷ ᠯᠠ ᠪᠠᠢᠭᠰᠠᠨ ᠰᠢᠲᠠ᠃
ᠮᠥᠩᠬᠡ᠄ ᠵᠦᠭᠡᠷ ᠶᠦ᠍ᠮ ᠤᠤ ᠳᠠ ᠴᠠᠰᠣᠬᠠᠨ ᠠ᠋᠃
ᠠᠶᠤᠯ ᠲᠠᠢ ᠶᠤᠮ ᠪᠢᠰᠢ ᠤᠤ᠃
ᠴᠠᠰᠣᠬᠠᠨ᠄ ᠰᠠᠨᠠᠭ᠎ᠠ ᠵᠣᠪᠠᠯᠲᠠ ᠦᠭᠡᠢ ᠳᠡ᠂ ᠴᠢᠨᠣ᠎ᠠ ᠨᠤᠭᠤᠳ ᠶᠡᠬᠡ ᠬᠡᠢᠮᠣᠷᠢ ᠲᠠᠢ ᠰᠦᠷᠯᠢᠭ ᠠᠮᠢᠲᠠᠳ ᠶᠤᠮ ᠪᠣᠯᠬᠣᠷ ᠮᠠᠭᠲᠠᠵᠤ ᠥᠩᠭᠡᠷᠡᠭᠡᠵᠦ ᠪᠠᠢᠭᠠᠳ ᠯᠠ ᠥᠪᠡᠷ ᠦ᠋ᠨ ᠢ᠋ᠶ᠋ᠡᠨ ᠲᠣᠭᠯᠠᠭᠠᠮ ᠳ᠋ᠤ᠌ ᠣᠷᠣᠭᠤᠯᠤᠨ᠎ᠠ ᠳᠠ᠃ ᠤᠷ᠎ᠠ ᠤᠬᠠᠭᠠᠨ ᠢ᠋ᠶ᠋ᠠᠷ ᠢ᠋ᠶ᠋ᠡᠨ ᠣᠷᠣᠯᠳᠣᠭᠠᠳ᠂ ᠠᠵᠠ ᠲᠦᠰᠢᠭ ᠢ᠋ᠶ᠋ᠡᠨ ᠦᠵᠡᠴᠢᠬᠡᠭᠡᠳ ᠢᠷᠡᠶ᠎ᠡ᠃
ᠴᠠᠰᠤᠬᠠᠨ᠄ ᠠᠢ᠂ ᠴᠢᠨᠣ᠎ᠠ ᠨᠤᠭᠤᠳ ᠮᠢᠨᠢ ᠲᠣᠭᠲᠠᠵᠤ ᠬᠠᠢᠷᠠᠯᠠ ᠠ᠋᠂
ᠴᠢᠨᠣ᠎ᠠ᠄ ᠠᠶ᠎ᠠ᠂ ᠬᠠ ᠬᠠ ᠴᠢ ᠢᠳᠡᠭᠦᠯᠦᠮᠡᠷ
ᠰᠠᠨᠠᠭᠳᠠᠭᠠᠳ ᠭᠠᠷᠤᠭᠠᠳ ᠢᠷᠡᠪᠡ ᠤᠤ?
ᠴᠠᠰᠣᠬᠠᠨ᠄ ᠰᠦᠷᠯᠢᠭ ᠰᠠᠢᠬᠠᠨ ᠴᠢᠨᠣ᠎ᠠ ᠨᠤᠭᠤᠳ ᠮᠢᠨᠢ᠂ ᠲᠣᠭᠲᠠᠵᠤ ᠬᠠᠢᠷᠠᠯᠠ᠂ ᠵᠣᠭᠳᠣᠷ ᠶᠥ ᠶ᠋ᠢ ᠪᠡᠨ ᠪᠠᠭᠤᠯᠭᠠᠭᠠᠳ ᠴᠠᠰᠣᠬᠠᠨ ᠮᠢᠨᠦ ᠬᠡᠯᠡᠬᠦ ᠶ᠋ᠢ᠂ ᠰᠣᠨᠣᠰᠴᠤ ᠬᠠᠢᠷᠠᠯᠠ᠃
ᠴᠢᠨᠣ᠎ᠠ ᠬᠣᠶᠠᠷ᠄ ᠶᠠᠭᠠᠬᠢᠭᠰᠠᠨ ᠰᠠᠢᠬᠠᠨ ᠬᠦᠨᠳᠦᠯᠡᠯ ᠦᠵᠡᠭᠦᠯᠵᠦ ᠪᠠᠢᠬᠤ ᠶᠤᠮ ᠬᠠ ᠬᠠ᠂ ᠵᠠ᠂ ᠢᠯᠡᠭᠦᠦ ᠰᠣᠨᠣᠰᠤᠶ᠎ᠠ᠃
ᠴᠠᠰᠣᠬᠠᠨ᠄ ᠵᠠᠪᠠᠯ ᠬᠦᠴᠦ ᠶ᠋ᠢ ᠦᠵᠡᠵᠦ ᠬᠥᠮᠦᠨ ᠢ᠋ ᠵᠦᠳᠡᠷᠡᠭᠦᠯᠬᠦ ᠪᠡᠷ᠂ ᠠᠵᠠ ᠪᠠᠨ ᠦᠵᠡᠵᠦ ᠱᠠᠭ᠎ᠠ ᠰᠢᠲᠠᠪᠠᠯ ᠶᠠᠮᠠᠷ ᠪᠣᠢ᠃
ᠴᠢᠨᠣ᠎ᠠ ᠬᠣᠶᠠᠷ᠄ ᠱᠠᠭ᠎ᠠ ᠰᠢᠳᠡᠬᠦ ᠠ᠋᠂ ᠶᠠᠮᠠᠷ ᠬᠡᠷᠡᠭ ᠪᠠᠢᠨ᠎ᠠ᠂ ᠵᠦᠭᠡᠷ ᠯᠡ ᠢᠳᠡᠴᠢᠬᠡᠶ᠎ᠡ᠃
ᠴᠠᠰᠣᠬᠠᠨ᠄ ᠬᠥᠶᠢ᠂ ᠬᠡᠨ ᠨᠢ ᠲᠦᠷᠦᠭᠦᠯᠡᠵᠦ ᠳᠦᠷᠢᠮ ᠪᠠᠷᠢᠬᠤ ᠪᠣᠯᠬᠤ ᠪᠠᠨ ᠦᠵᠡᠶ᠎ᠡ᠃
ᠴᠢᠨᠣ᠎ᠠ ᠨᠢᠭᠡ᠄ ᠲᠡᠭᠡᠯ᠎ᠡ ᠭᠡᠳ ᠶᠠᠭᠠᠬᠢᠬᠤ ᠶᠤᠮ᠂ ᠴᠠᠰᠣᠬᠠᠨ᠄ ᠲᠦᠷᠦᠭᠦᠯᠡᠵᠦ ᠪᠠᠭᠤᠯᠭᠠᠭᠰᠠᠨ ᠨᠢ ᠢᠯᠡᠭᠦᠦ ᠲᠩᠷᠢ ᠲᠡᠢ᠂ ᠢᠯᠡᠭᠦᠦ ᠬᠡᠢᠮᠣᠷᠢ ᠲᠠᠢ ᠪᠠᠢᠨ᠎ᠠ ᠭᠡᠰᠡᠨ ᠦᠭᠡ ᠪᠢᠰᠢ ᠤᠤ᠃
ᠴᠢᠨᠣ᠎ᠠ᠄ ᠵᠠ᠂ ᠪᠠᠰᠠ ᠲᠡᠢᠮᠦ ᠪᠠᠢᠨ᠎ᠠ ᠰᠢᠦ᠂ ᠴᠢ ᠪᠢᠳᠡ ᠬᠣᠶᠠᠷ ᠰᠢᠭ᠋ ᠲᠩᠷᠢᠯᠢᠭ ᠠᠮᠢᠲᠠᠨ ᠳ᠋ᠤ᠌ ᠲᠡᠷᠡᠬᠡᠨ ᠵᠦᠢᠯ ᠶᠠᠭᠤ ᠯᠠ ᠪᠠᠢᠬᠤᠪ᠂ ᠦᠵᠡᠭᠡᠳ ᠯᠡ ᠠᠯᠳᠠᠶ᠎ᠠ᠃ ᠦᠵᠡᠭᠡᠳ ᠯᠠᠪᠯᠠᠶ᠎ᠠ᠃ ᠵᠠ᠂ ᠪᠦᠭᠦᠳᠡᠭᠡᠷ ᠢ᠋ᠶ᠋ᠡᠨ ᠱᠠᠭ᠎ᠠ ᠶ᠋ᠢ ᠶᠠᠭᠤ ᠶᠠᠭᠤ ᠭᠡᠵᠦ ᠨᠡᠷᠡᠯᠡᠳᠡᠭ ᠢ᠋ ᠬᠠᠷᠠᠵᠠᠭᠠᠶ᠎ᠠ᠃
ᠲᠡᠮᠡᠭᠡ᠂ ᠢᠮᠠᠭ᠎ᠠ᠂ ᠮᠣᠷᠢ᠂ ᠬᠣᠨᠢ᠂ ᠡᠨᠡ ᠳᠥᠷᠪᠡ ᠶ᠋ᠢ ᠵᠡᠷᠭᠡ ᠪᠠᠭᠤᠯᠭᠠᠪᠠᠰᠤ ᠳᠥᠷᠪᠡᠨ ᠪᠡᠷᠬᠡ ᠪᠣᠯᠤᠨ᠎ᠠ᠃
ᠴᠢᠨᠣ᠎ᠠ ᠨᠢᠭᠡ᠄ ᠵᠠ ᠠᠯᠢᠪ᠂ ᠴᠥᠬᠥ᠃ ᠠ
ᠣᠢᠷᠠᠬᠠᠨ ᠪᠠᠢᠯ᠎ᠠ ᠰᠢᠦ᠃
ᠴᠠᠰᠤᠬᠠᠨ᠄ ᠲᠡᠭᠡᠯ᠎ᠡ᠂ ᠣᠳᠣ᠂ ᠮᠢᠨᠦ ᠡᠭᠡᠯᠵᠢ᠂ ᠬᠥᠥᠭ᠂yes᠃
ᠴᠢᠨᠣ᠎ᠠ ᠨᠢᠭᠡ᠄ ᠵᠠ ᠡᠨᠡ ᠨᠠᠭᠠᠳᠤᠮ ᠴᠢᠨᠦᠬᠢ ᠪᠣᠯᠪᠠ᠂ ᠠ᠂ ᠭᠡᠬᠦ ᠳ᠋ᠦ᠍ ᠪᠡᠨ ᠪᠠᠶᠠᠷᠯᠠᠬᠤ ᠪᠣᠯᠤᠭ᠎ᠠ ᠦᠭᠡᠢ᠂ ᠬᠤᠷᠮᠤᠰᠲᠠ ᠶ᠋ᠢᠨ ᠬᠠᠭᠠᠨ ᠮᠠᠨᠢ ᠬᠣᠶᠠᠷ ᠲᠣᠮᠣ ᠯᠤᠤ ᠪᠠᠨ ᠢᠯᠡᠭᠡᠵᠦ ᠡᠨᠡ ᠪᠣᠷᠣ ᠲᠣᠯᠣᠭᠠᠢ ᠶ᠋ᠢ ᠨᠢᠷᠭᠡᠬᠦ ᠪᠡᠷ ᠶᠠᠭᠤ ᠪᠣᠯᠬᠤ ᠶ᠋ᠢ ᠴᠢᠨᠢ ᠬᠠᠷᠠᠨ᠎ᠠ᠃
ᠲᠤᠩᠬᠤ᠄ ᠴᠠᠰᠣᠬᠠᠨ᠂ ᠴᠢ ᠲᠡᠳᠡᠨ ᠢ᠋ ᠳᠡᠢᠯᠦᠨ᠎ᠡ ᠭᠡᠳᠡᠭ ᠢ᠋ᠶ᠋ᠡᠨ ᠶᠠᠭᠠᠬᠢᠵᠤ ᠮᠡᠳᠡᠪᠡ ᠠ᠋᠃
ᠴᠠᠰᠤᠬᠠᠨ᠄ ᠱᠠᠭ᠎ᠠ ᠰᠢᠳᠡᠬᠦ ᠳ᠋ᠦ᠍ ᠡᠪ ᠳ᠋ᠦᠢ ᠣᠷᠣᠳᠠᠭ ᠪᠣᠯᠬᠤ ᠠ᠋ᠴᠠ ᠮᠤᠨᠤᠭ ᠬᠦᠴᠦ
ᠬᠡᠷᠡᠭ ᠦᠭᠡᠢ ᠰᠢᠦ ᠳᠡ᠂ ᠲᠡᠭᠡᠬᠦ ᠪᠡᠷ ᠱᠠᠭ᠎ᠠ ᠰᠢᠳᠡᠬᠦ ᠨᠢ ᠵᠥᠪ ᠶᠦ᠍ᠮ ᠭᠡᠵᠦ ᠪᠢ ᠪᠣᠳᠣᠯ᠎ᠠ᠃
ᠮᠥᠩᠬᠡ᠄ ᠶᠣᠰᠣᠲᠠᠢ ᠮᠤᠨᠳᠠᠭ ᠶᠤᠮ ᠠ᠋᠃
ᠪᠣᠷᠣ ᠡᠪᠦᠭᠡᠨ᠄ ᠪᠠᠶᠠᠷᠯᠠᠯ᠎ᠠ ᠮᠤᠤᠷ ᠮᠢᠨᠢ᠂ ᠭᠡᠬᠦ ᠳ᠋ᠦ᠍ ᠪᠡᠨ ᠣᠳᠣ ᠶᠠᠭᠠᠬᠢᠳᠠᠭ ᠪᠢᠯᠡ᠂ ᠨᠦᠰᠡᠷ ᠬᠦᠴᠦᠲᠦ ᠯᠤᠤ ᠨᠤᠭᠤᠳ ᠢᠷᠡᠬᠦ ᠪᠡᠷ ᠴᠢᠨᠢ ᠶᠠᠭᠠᠬᠢᠵᠤ ᠬᠠᠮᠠᠭᠠᠯᠠᠬᠤ ᠪᠣᠢ?
ᠮᠥᠩᠬᠡ᠄ ᠡᠪᠦᠭᠡ ᠮᠢᠨᠢ᠂ ᠠᠶᠤᠬᠤ ᠬᠡᠷᠡᠭ ᠦᠭᠡᠢ ᠳᠡ᠂ ᠪᠣᠯᠵᠣᠭᠠᠲᠤ ᠶ᠋ᠢᠨ ᠪᠣᠷᠣ ᠲᠣᠯᠣᠭᠠᠢ ᠪᠠᠨ ᠵᠦᠯᠭᠡ ᠨᠣᠭᠣᠭᠠᠨ ᠲᠣᠯᠣᠭᠠᠢ ᠪᠣᠯᠭᠠᠴᠢᠬᠠᠪᠠᠯ᠂ ᠯᠤᠤ ᠪᠠᠢᠲᠤᠭᠠᠢ᠂ ᠬᠤᠷᠮᠤᠰᠲᠠ ᠶ᠋ᠢᠨ ᠬᠠᠭᠠᠨ ᠴᠤ᠌ ᠬᠦᠷᠲᠡᠯ᠎ᠡ ᠪᠠᠶᠠᠷᠯᠠᠬᠤ ᠪᠠᠢᠯᠭᠦᠢ᠃
ᠲᠤᠩᠬᠤ᠄ ᠲᠡᠢᠮᠦ ᠰᠢᠦ᠂ ᠪᠠᠢᠭᠠᠯᠢ ᠡᠬᠡ ᠪᠡᠨ ᠬᠠᠢᠷᠠᠯᠠᠨ᠎ᠠ ᠭᠡᠳᠡᠭ ᠨᠢ ᠡᠷᠭᠦᠯ ᠪᠠᠷᠢᠴᠠ ᠪᠠᠷᠢᠬᠤ ᠪᠢᠰᠢ᠂ ᠬᠠᠷᠢᠨ ᠮᠣᠳᠣ ᠵᠦᠯᠭᠡ ᠲᠠᠷᠢᠬᠤ ᠨᠢ ᠢᠯᠡᠭᠦᠦ ᠰᠠᠢᠬᠠᠨ ᠠᠵᠢᠯ ᠪᠢᠰᠢ ᠭᠡᠵᠡᠢ ᠤᠤ?
ᠪᠣᠷᠣ ᠡᠪᠦᠭᠡᠨ᠄ ᠨᠡᠭᠡᠷᠡᠨ᠂ ᠪᠣᠳᠣᠭᠠᠳ ᠪᠠᠢᠬᠤ ᠳ᠋ᠤ᠌ ᠲᠡᠷᠡ ᠨᠢ ᠵᠥᠪ ᠴᠦ᠍ ᠶᠦᠮ ᠤᠤ?
ᠮᠥᠩᠬᠡ᠄ ᠲᠡᠭᠡᠪᠡᠯ ᠡᠨᠡ ᠪᠣᠷᠣ ᠲᠣᠯᠣᠭᠠᠢ ᠳᠡᠭᠡᠷ᠎ᠡ ᠨᠣᠭᠣᠭᠠᠨ ᠮᠣᠳᠣ ᠪᠠᠨ ᠳᠠᠷᠢᠵᠠᠭᠠᠶ᠎ᠠ ᠪᠦᠭᠦᠳᠡᠭᠡᠷ ᠢ᠋ᠶ᠋ᠡᠨ᠃
ᠨᠣᠭᠣᠭᠠᠨ ᠳᠡᠯᠡᠬᠡᠢ ᠶᠢᠷᠲᠢᠨᠴᠦ ᠪᠡᠨ
ᠨᠠᠢᠷᠲᠠᠢ ᠰᠠᠢᠬᠠᠨ ᠬᠠᠢᠷᠠᠯᠠᠵᠠᠭᠠᠶ᠎ᠡ᠃
ᠳᠡᠯᠡᠬᠡᠢ ᠰᠠᠢᠬᠠᠨ ᠪᠥᠮᠪᠥᠷᠴᠡᠭ ᠢ᠋ᠶ᠋ᠡᠨ ᠳᠡᠨᠵᠢ ᠶ᠋ᠢᠨ ᠮᠣᠳᠣ ᠪᠠᠨ ᠳᠠᠷᠢᠵᠠᠭᠠᠶ᠎ᠠ᠃
ᠬᠥᠮᠦᠨ ᠪᠦᠬᠦᠨ ᠦ᠌ ᠴᠢᠷᠮᠠᠢᠯᠲᠠ ᠪᠠᠷ
ᠬᠦᠰᠡᠯ ᠪᠦᠬᠦᠨ ᠢ᠋ ᠪᠡᠶᠡᠯᠡᠭᠦᠯᠵᠡᠭᠡᠶ᠎ᠡ᠃
ᠡᠷᠡᠭᠦᠯ ᠰᠠᠷᠠᠭᠤᠯ ᠢᠷᠡᠭᠡᠳᠦᠢ ᠶ᠋ᠢ
ᠡᠪᠲᠡᠢ ᠪᠦᠭᠦᠳᠡᠭᠡᠷ ᠪᠦᠲᠦᠭᠡᠵᠡᠭᠡᠶ᠎ᠡ᠃
ᠪᠠᠰᠠᠷ᠄ ᠬᠥᠪ ᠬᠥᠪ᠁ ᠳ᠋ᠡᠷᠡ᠁ ᠬᠡ ᠬᠡ᠂ ᠶᠠᠭᠤ ᠪᠣᠢ᠂ ᠪᠢ ᠳᠠᠭᠤᠯᠠᠵᠤ ᠳᠡᠢᠯᠬᠦ ᠦᠭᠡᠢ ᠪᠠᠢᠭᠰᠠᠨ ᠶᠤᠮ ᠤᠤ᠃
ᠪᠣᠷᠣ ᠡᠪᠦᠭᠡᠨ᠄ ᠮᠢᠨᠦ ᠬᠡᠦᠬᠡᠳ ᠦ᠋ᠳ ᠶᠡᠬᠡ ᠲᠤᠰᠠ ᠪᠣᠯᠤᠯ᠎ᠠ᠂ ᠬᠡᠷᠪᠡ ᠡᠨᠡ ᠰᠠᠢᠬᠠᠨ ᠨᠣᠭᠣᠭᠠᠨ ᠲᠣᠯᠣᠭᠠᠢ ᠶ᠋ᠢ ᠮᠢᠨᠢ ᠯᠤᠤ ᠢᠷᠡᠵᠦ ᠨᠢᠷᠭᠡᠨ᠎ᠡ ᠭᠡᠪᠡᠯ᠂ ᠡᠪᠦᠭᠡᠨ ᠠᠬ᠎ᠠ ᠨᠢ ᠨᠢᠰᠳᠡᠭ ᠪᠣᠷᠣ ᠮᠣᠷᠢ ᠪᠠᠨ ᠤᠨᠤᠵᠤ᠂ ᠬᠠᠮᠠᠭᠠᠯᠠᠨ ᠲᠡᠮᠡᠴᠡᠨ᠎ᠡ ᠭᠡᠳᠡᠭ ᠢ᠋ᠶ᠋ᠡᠨ ᠠᠮᠠᠯᠠᠵᠤ ᠪᠠᠢᠨ᠎ᠠ᠃
ᠲᠤᠩᠬᠤ᠄ ᠡᠢᠮᠦ ᠰᠠᠢᠬᠠᠨ ᠨᠣᠭᠣᠭᠠᠨ ᠲᠣᠯᠣᠭᠠᠢ ᠶ᠋ᠢ ᠠᠷᠠᠢ ᠴᠤ᠌ ᠨᠢᠷᠭᠡᠬᠦ ᠦᠭᠡᠢ ᠪᠠᠢᠬᠤ ᠠ᠋᠂ ᠡᠪᠦᠭᠡ᠃
ᠪᠣᠷᠣ ᠡᠪᠦᠭᠡᠨ᠄ ᠡᠪᠦᠭᠡᠨ ᠠᠬ᠎ᠠ ᠨᠢ ᠴᠤ᠌ ᠭᠡᠰᠡᠨ ᠲᠡᠢᠮᠦ ᠪᠠᠢᠭᠠᠰᠠᠢ ᠭᠡᠵᠦ ᠶᠡᠬᠡ ᠬᠦᠰᠡᠵᠦ ᠪᠠᠢᠨ᠎ᠠ ᠳᠠ᠃
ᠬᠠᠭᠠᠨ᠄ ᠪᠣᠯᠵᠣᠭᠠᠲᠤ ᠶ᠋ᠢᠨ ᠲᠣᠯᠣᠭᠠᠢ ᠳᠡᠭᠡᠷᠡᠬᠢ ᠪᠣᠷᠣ ᠣᠪᠣᠬᠠᠢ ᠶ᠋ᠢ ᠨᠢ ᠨᠢᠷᠭᠡᠭᠡᠳ ᠢᠷ᠎ᠡ᠃
ᠯᠤᠤ᠄ ᠬᠠ ᠠ ! ᠣᠢᠯᠠᠭᠠᠯ᠎ᠠ᠃
ᠠ᠂ ᠬᠤᠷᠮᠤᠰᠲᠠ ᠶ᠋ᠢᠨ ᠬᠠᠭᠠᠨ ᠢ᠋ ᠥᠪᠡᠷ ᠦ᠋ᠨ ᠬᠢᠨᠢ ᠥᠪᠡᠷ ᠲᠦ᠍᠂ ᠥᠪᠡᠷ ᠦ᠋ᠨ ᠬᠢᠨᠢ ᠨᠢᠳᠦ ᠪᠡᠷ ᠬᠠᠷᠠᠭᠤᠯᠤᠭᠰᠠᠨ ᠨᠢ ᠳᠡᠭᠡᠷ᠎ᠡ ᠪᠠᠢᠬ᠎ᠠ᠂
ᠲᠡᠢᠮᠦ ᠪᠠᠢᠨ᠎ᠠ᠃
ᠬᠤᠷᠮᠤᠰᠲᠠ ᠶ᠋ᠢᠨ ᠬᠠᠭᠠᠨ᠄ ᠠᠢ᠂ ᠪᠣᠷᠣ ᠡᠪᠦᠭᠡᠨ ᠴᠢ᠂ ᠪᠤᠶᠠᠨᠲᠠᠢ ᠦᠢᠯᠡ ᠶ᠋ᠢ ᠦᠢᠯᠡᠳᠴᠡᠢ᠂ ᠡᠨᠡ ᠬᠢᠭᠰᠡᠨ ᠪᠦᠬᠦᠨ ᠳ᠋ᠦ᠍ ᠴᠢᠨᠢ ᠵᠣᠬᠢᠬᠤ ᠱᠠᠩᠨᠠᠯ ᠢ᠋ ᠪᠢ ᠣᠯᠭᠣᠨ᠎ᠠ᠃
ᠪᠣᠷᠣ ᠡᠪᠦᠭᠡᠨ᠄ ᠡᠪᠦᠭᠡᠨ ᠪᠢ ᠡᠨᠡ ᠪᠦᠬᠦᠨ ᠢ᠋ ᠭᠠᠭᠴᠠᠭᠠᠷ ᠰᠡᠢᠷᠡᠭᠦᠯᠵᠦ ᠬᠢᠭᠡ ᠦᠭᠡᠢ ᠯᠡ ᠳᠡ᠂ ᠡᠷᠭᠦᠯ ᠪᠠᠷᠢᠴᠠ ᠪᠠᠷ ᠪᠠᠢᠭᠠᠯᠢ ᠠ᠋ᠴᠠ ᠬᠡᠰᠢᠭ ᠬᠦᠷᠲᠡᠬᠦ ᠪᠤᠰᠤ᠂ ᠥᠪᠡᠷᠰᠡᠳ ᠦ᠋ᠨ ᠬᠦᠴᠦ ᠪᠡᠷ ᠪᠠᠢᠭᠠᠯᠢ ᠪᠠᠨ ᠳᠡᠮᠵᠢᠬᠦ ᠨᠢ ᠡᠷᠬᠢᠮ ᠵᠦᠢᠯ ᠭᠡᠳᠡᠭ ᠢ᠋ ᠡᠨᠡ ᠪᠠᠭᠠᠴᠤᠳ ᠠ᠋ᠴᠠ ᠪᠠᠨ ᠤᠬᠠᠭᠠᠷᠠᠵᠤ ᠰᠠᠭᠤᠨ᠎ᠠ ᠳᠠ᠃
ᠬᠠᠭᠠᠨ᠄ ᠮᠤᠨᠳᠠᠭ ᠬᠥᠭᠡᠷᠦᠬᠦᠨ ᠬᠡᠦᠬᠡᠳ ᠦ᠋ᠳ ᠪᠠᠢᠨ᠎ᠠ᠂ ᠬᠢᠭᠰᠡᠨ ᠵᠦᠢᠯ ᠢ᠋ ᠴᠢᠨᠢ ᠪᠢ ᠮᠠᠷᠲᠠᠬᠤ ᠦᠭᠡᠢ᠂ ᠪᠠᠢᠭᠠᠯᠢ ᠡᠬᠡ ᠲᠠ ᠬᠣᠶᠠᠷ ᠲᠤ᠌ ᠲᠠᠯᠠᠷᠬᠠᠨ ᠮᠡᠬᠦᠢᠨ ᠶᠣᠰᠣᠯᠠᠵᠤ ᠪᠠᠢᠨ᠎ᠠ᠃
ᠮᠥᠩᠬᠡ᠄ ᠵᠠ ᠡᠪᠦᠭᠡ ᠠ᠋᠂ ᠪᠢᠳᠡ ᠢᠩᠭᠢᠭᠡᠳ ᠪᠤᠴᠠᠶ᠎ᠠ ᠳᠠ᠂
ᠪᠣᠷᠣ ᠡᠪᠦᠭᠡᠨ᠄ ᠮᠤᠨᠳᠠᠭ ᠬᠥᠭᠡᠷᠦᠬᠦᠨ ᠬᠡᠦᠬᠡᠳ ᠦ᠋ᠳ ᠲᠦ᠍ ᠪᠡᠨ ᠡᠪᠦᠭᠡᠨ ᠠᠬ᠎ᠠ ᠨᠢ ᠪᠡᠯᠡᠭ ᠪᠡᠯᠡᠭᠯᠡᠨ᠎ᠡ᠂ ᠠᠮᠢ ᠶ᠋ᠢ ᠨᠢ ᠠᠪᠤᠷᠠᠭᠰᠠᠨ ᠬᠤᠨᠳᠠᠨ ᠴᠠᠭᠠᠨ ᠬᠤᠷᠠᠭ᠎ᠠ ᠶ᠋ᠢ ᠲᠠ ᠬᠡᠳᠦ ᠳ᠋ᠦ᠍ ᠪᠡᠨ ᠪᠡᠯᠡᠭ ᠪᠣᠯᠭᠠᠨ ᠥᠭᠭᠦᠶ᠎ᠡ᠂ ᠠᠯᠤᠰ ᠤ᠋ᠨ ᠵᠠᠮ ᠨᠢ ᠰᠠᠭᠠᠳ ᠦᠭᠡᠢ ᠪᠠᠢᠭ ᠠ᠋᠃
ᠮᠥᠩᠬᠡ ᠲᠤᠩᠬᠤ᠄ ᠪᠠᠶᠠᠷᠯᠠᠯ᠎ᠠ! ᠡᠪᠦᠭᠡ᠃
ᠠᠷᠸ᠎ᠡ᠄ ᠵᠠ᠂ ᠮᠢᠨᠦ ᠳᠡᠭᠦᠦ ᠨᠠᠷ ᠠᠳᠠᠯ ᠶᠠᠪᠤᠳᠠᠯ ᠢ᠋ᠶ᠋ᠠᠷ ᠳᠦᠭᠦᠷᠡᠩ ᠠᠶᠠᠯᠠᠭᠠᠳ ᠢᠷᠡᠪᠡ ᠤᠤ?
ᠮᠥᠩᠬᠡ᠄ ᠶᠣᠣ᠂ ᠦ᠂ ᠶᠣᠰᠣᠲᠠᠢ ᠯᠠ ᠭᠣᠶᠣ ᠪᠠᠢᠯ᠎ᠠ᠂ ᠶᠣᠣ᠃
ᠠᠷᠸ᠎ᠡ᠄ ᠬᠡ ᠬᠡ᠂ ᠬᠥᠶᠢ᠂ ᠶᠠᠭᠤᠨ ᠬᠥᠭᠡᠷᠦᠬᠦᠨ ᠬᠤᠷᠠᠭ᠎ᠠ ᠲᠡᠪᠡᠷᠢᠭᠰᠡᠨ ᠶᠠᠪᠤᠨ᠎ᠠ᠂
ᠲᠤᠩᠬᠤ᠄ᠪᠣᠷᠣ ᠡᠪᠦᠭᠡᠨ ᠮᠠᠨᠢ᠂ ᠪᠢᠳᠡᠨ ᠢ᠋ ᠥᠪᠡᠷ ᠲᠦ᠍ ᠨᠢ ᠲᠤᠰᠠᠯᠠᠭᠰᠠᠨ ᠭᠡᠳ ᠬᠤᠨᠳᠠᠨ ᠴᠠᠭᠠᠨ ᠬᠤᠷᠠᠭ᠎ᠠ ᠪᠠᠨ ᠪᠡᠯᠡᠭᠯᠡᠭᠰᠡᠨ ᠪᠠᠢᠬᠤ ᠦᠭᠡᠢ ᠤᠤ᠃
ᠠᠷᠸ᠎ᠡ᠄ ᠮᠤᠨᠳᠠᠭ ᠬᠡᠦᠬᠡᠳ ᠦ᠋ᠳ ᠰᠢᠦ᠂
ᠮᠥᠩᠬᠡ᠄ ᠶᠣᠰᠣᠲᠠᠢ ᠭᠣᠶᠣ ᠠᠳᠠᠯ ᠶᠠᠪᠤᠳᠠᠯ ᠲᠠᠢ ᠪᠠᠢᠯ᠎ᠠ᠂ ᠠᠷᠸ᠎ᠡ ᠠᠬ᠎ᠠ ᠠ᠋᠂ ᠪᠠᠶᠠᠷᠯᠠᠯ᠎ᠠ!
ᠲᠤᠩᠬᠤ᠄ ᠪᠠᠶᠠᠷᠯᠠᠯ᠎ᠠ᠂
ᠠᠷᠸ᠎ᠡ᠄ ᠮᠠᠷᠭᠠᠰᠢ ᠠᠬ᠎ᠠ ᠨᠢ ᠳᠠᠬᠢᠭᠠᠳ ᠭᠣᠶᠣ ᠦᠯᠢᠭᠡᠷ ᠰᠣᠩᠭᠣᠭᠠᠳ ᠪᠠᠢᠵᠤ ᠪᠠᠢᠶ᠎ᠠ᠂ ᠵᠠ ᠤᠤ?
ᠮᠥᠩᠬᠡ᠄ ᠫᠥᠬᠥ᠂ ᠳᠠᠬᠢᠭᠠᠳ ᠦᠯᠢᠭᠡᠷ ᠪᠠᠢᠭ᠎ᠠ ᠬᠡᠷᠡᠭ ᠤᠤ?
ᠠᠷᠸ᠎ᠡ᠄ ᠳᠡᠭᠡᠯ ᠦᠭᠡᠢ ᠶᠠᠭᠠᠬᠢᠬᠤ ᠪᠣᠢ? ᠵᠥᠩᠳᠡᠭᠡᠨ ᠶᠡᠬᠡ ᠠᠳᠠᠯ ᠶᠠᠪᠤᠳᠠᠯ ᠲᠠ ᠬᠣᠶᠠᠷ ᠢ᠋ ᠬᠦᠯᠢᠶᠡᠵᠦ ᠪᠠᠢᠨ᠎ᠠ ᠳᠠ᠃
ᠮᠥᠩᠬᠡ᠄ ᠸᠠ᠂ ᠶᠠᠮᠠᠷ ᠭᠣᠶᠣ ᠶᠤᠮ ᠪᠣᠢ᠃
ᠲᠤᠩᠬᠤ᠄ ᠬᠡ ᠬᠡ᠂ ᠶᠠᠮᠠᠷ ᠭᠣᠶᠣ ᠪᠣᠢ᠂ ᠶᠣᠰᠣᠲᠠᠢ ᠭᠣᠶᠣ ᠶᠤᠮ ᠠ᠋᠂ ᠬᠡ ᠬᠡ
ᠮᠥᠩᠬᠡ᠄ ᠲᠡᠭᠡᠪᠡᠯ ᠳᠠᠷᠠᠭ᠎ᠠ ᠶ᠋ᠢᠨ ᠠᠳᠠᠯ ᠶᠠᠪᠤᠳᠠᠯ ᠬᠦᠷᠲᠡᠯ᠎ᠡ ᠲᠡᠰᠬᠦ ᠶᠠᠳᠠᠨ ᠬᠦᠯᠢᠶᠡᠵᠦ ᠪᠠᠢᠨ᠎ᠠ ᠪᠢ᠃
ᠪᠠᠰᠠᠷ᠄ ᠮᠠᠨ ᠤ᠋ ᠳᠥᠷᠪᠡ ᠢᠷᠡᠭᠡ ᠦᠭᠡᠢ ᠪᠠᠢᠭᠰᠠᠨ ᠪᠣᠯ ᠦᠯᠢᠭᠡᠷ ᠳᠡᠭᠡᠷ᠎ᠡ ᠡᠢᠮᠦ ᠶᠠᠭᠤᠮ᠎ᠠ ᠪᠣᠯᠬᠤ ᠪᠠᠢᠭᠰᠠᠨ ᠪᠠᠢᠨ᠎ᠠ ᠰᠢᠳᠡ᠃cool( ᠰᠣᠷᠲᠣᠭᠣ ᠲᠠᠢ) ᠪᠠᠢᠭ᠎ᠠ ᠪᠢᠵᠡ ᠳᠡ᠃

   ᠦᠰᠦᠭ ᠠᠮᠢᠯᠠᠭᠤᠯᠵᠤ ᠬᠠᠲᠠᠭᠰᠠᠨ ᠨᠢ᠄ ᠾᠦᠩ ᠸᠧᠢ
   ᠬᠢᠨᠠᠯᠲᠠ ᠬᠢᠭᠰᠡᠨ ᠨᠢ ᠄ ᠬᠤᠸᠠᠷ᠂ ᠮᠥᠴᠢᠷ᠂ ᠱᠤᠳᠤᠷᠭᠤ᠂ᠳᠠ᠂ ᠪᠥᠬᠡᠴᠢᠯᠠᠭᠤ᠃