ᠮᠥᠩᠬᠡ ᠲᠤᠩᠬᠤ 6-01Мөнх ТунхMunkh Tunkh
ᠮᠥᠩᠬᠡ ᠲᠤᠩᠬᠤ 6-01
ᠮᠥᠩᠬᠡ᠄ ᠠ᠁ ᠰᠠᠨᠰᠠᠷ ᠤ᠋ᠨ ᠠᠭᠤᠤ ᠠᠭᠤᠳᠠᠮ ᠤᠷᠤᠭᠤ᠁
ᠲᠤᠩᠬᠤ᠄ ᠶᠠᠭᠤ ᠬᠢᠵᠦ ᠪᠠᠢᠭ᠎ᠠ ᠶᠤᠮ ᠪᠣᠢ ᠮᠥᠩᠬᠡ?
ᠮᠥᠩᠬᠡ᠄ ᠦ ᠲᠤᠩᠬᠤ ᠠ᠋ ᠪᠢ ᠪᠦᠷ ᠶᠠᠭ ᠯᠠᠭ ᠲᠡᠷᠡ ᠤᠷᠤᠭᠤ ᠨᠢᠰᠬᠦ ᠭᠡᠵᠦ ᠪᠠᠢᠯ᠎ᠠ ᠰᠢᠳᠡ᠂ ᠲᠡᠢᠮᠦ
ᠲᠤᠩᠬᠤ᠄ ᠠᠢ ᠠᠭᠤᠤ ᠭᠠᠷᠠᠭ ᠶᠢᠷᠲᠢᠨᠴᠦ ᠪᠡᠷ ᠠᠶᠠᠯᠠᠭᠴᠢ ᠲᠠᠨ ᠤ᠋ ᠦᠢᠯᠡ ᠬᠡᠷᠡᠭ ᠢ᠋ ᠮᠡᠬᠦᠰ ᠪᠢ ᠲᠠᠰᠤᠯᠤᠭᠰᠠᠨ ᠳ᠋ᠤ᠌ ᠪᠠᠨ ᠦᠨᠡᠬᠡᠷ ᠬᠠᠷᠠᠮᠰᠠᠵᠤ ᠪᠠᠢᠭ᠎ᠠ ᠶ᠋ᠢ ᠮᠠᠨᠢ ᠬᠦᠯᠢᠶᠡᠨ ᠠᠪᠤᠨ᠎ᠠ ᠤᠤ?
ᠮᠥᠩᠬᠡ᠄ ᠡᠨᠡ ᠤᠳᠠᠭ᠎ᠠ ᠮᠡᠬᠦᠰ ᠪᠢ ᠲᠠᠨ ᠢ᠋ ᠥᠷᠥᠰᠢᠶᠡᠶ᠎ᠡ ᠳᠡ᠃ ᠠ ᠬᠠ ᠬᠠ ᠬᠠ
ᠲᠤᠩᠬᠤ᠄ ᠮᠥᠩᠬᠡ ᠪᠢ ᠬᠠᠷᠢᠨ ᠡᠨᠳᠡ ᠨᠢᠭᠡ ᠵᠦᠢᠷ ᠰᠡᠴᠡᠨ ᠦᠭᠡᠨ ᠦ᠌ ᠤᠴᠢᠷ ᠢ᠋ ᠣᠯᠬᠤ ᠭᠡᠳ ᠴᠢᠳᠠᠳᠠᠭ ᠦᠭᠡᠢ᠂ ᠲᠡᠭᠡᠭᠡᠳ ᠬᠠᠷᠢᠨ ᠴᠢᠮ᠎ᠠ ᠠ᠋ᠴᠠ ᠠᠰᠠᠭᠤᠬᠤ ᠭᠡᠰᠡᠨ ᠶᠦᠮ᠃
ᠮᠥᠩᠬᠡ᠄ ᠦ᠂ ᠲᠤᠩᠬᠤ ᠠ᠋ ᠪᠢ ᠠᠶᠠᠭᠦᠢ ᠴᠢᠬᠤᠯᠠ ᠲᠥᠰᠦᠯ ᠳᠡᠭᠡᠷ᠎ᠡ ᠠᠵᠢᠯᠯᠠᠭᠠᠳ ᠦᠨᠡᠬᠡᠷ ᠵᠠᠪ ᠦᠭᠡᠢ ᠪᠠᠢᠨ᠎ᠠ᠂ ᠴᠢ ᠠᠷᠸ᠎ᠠ ᠠᠬ᠎ᠠ ᠠ᠋ᠴᠠ ᠣᠴᠢᠭᠠᠳ ᠠᠰᠠᠭᠤᠴᠢᠬᠠ ᠲᠡᠭᠡᠬᠦ ᠤᠤ?
ᠲᠤᠩᠬᠤ᠄ ᠵᠠ ᠵᠠ ᠲᠡᠭᠡᠶ᠎ᠡ ᠳᠡ ᠮᠥᠩᠬᠡ ᠠ᠋᠃
ᠮᠥᠩᠬᠡ᠄ ᠭᠠᠷᠠᠭ ᠶᠢᠷᠲᠢᠨᠴᠦ ᠶ᠋ᠢᠨ ᠬᠠᠮᠤᠭ ᠤ᠋ᠨ᠁
ᠲᠤᠩᠬᠤ᠄ᠠᠷᠸ᠎ᠠ ᠠᠬ᠎ᠠ ᠠ᠋᠂ ᠦ᠁
ᠲᠣᠷᠤᠨ᠄ ᠬᠥᠶᠢ᠂ ᠲᠤᠩᠬᠤ ᠠ᠋ ᠮᠥᠩᠬᠡ ᠲᠡᠢ ᠲᠣᠭᠯᠠᠬᠤ ᠦᠭᠡᠢ ᠶᠠᠭᠠᠬᠢᠭᠠᠳ ᠡᠨᠳᠡ ᠭᠤᠨᠢᠭᠯᠠᠴᠢᠬᠠᠭᠰᠠᠨ ᠶᠠᠪᠤᠭ᠎ᠠ ᠶᠤᠮ ᠪᠣᠢ?
ᠲᠤᠩᠬᠤ᠄ ᠠ ᠪᠢ ᠬᠠᠷᠢᠨ ᠨᠢᠭᠡ ᠵᠦᠢᠷ ᠰᠡᠴᠡᠨ ᠦᠭᠡᠨ ᠦ᠌ ᠤᠳᠬ᠎ᠠ ᠶ᠋ᠢ ᠲᠠᠢᠯᠬᠤ ᠭᠡᠰᠡᠨ ᠴᠢᠳᠠᠳᠠᠭ ᠦᠭᠡᠢ᠂ ᠲᠡᠭᠡᠭᠡᠳ ᠮᠥᠩᠬᠡ ᠡᠴᠡ ᠠᠰᠠᠭᠤᠬᠤ ᠭᠡᠰᠡᠨ ᠴᠢᠨᠢ ᠵᠠᠪ ᠦᠭᠡᠢ ᠪᠠᠢᠨ᠎ᠠ ᠭᠡᠳ ᠪᠠᠢᠬᠤ ᠶᠤᠮ᠃
ᠳ᠋ᠤᠷᠤᠷᠠᠨ᠄ ᠠ ᠪᠢ ᠴᠢᠨᠢ ᠬᠢᠮᠡᠯ ᠣᠶᠤᠨ ᠤᠬᠠᠭᠠᠨᠲᠤ᠂ ᠵᠦᠢᠷ ᠦᠭᠡ ᠶ᠋ᠢᠨ ᠵᠦᠢᠷᠯᠡᠯ᠂ ᠵᠦᠢᠷ ᠦᠭᠡ᠂ ᠵᠦᠢᠷ ᠰᠡᠴᠡᠨ᠁
ᠲᠤᠩᠬᠤ᠄ ᠵᠦᠭᠡᠷ ᠤᠤ ᠳ᠋ᠤᠷᠤᠷᠠᠨ ᠠ᠋?
ᠳ᠋ᠤᠷᠤᠷᠠᠨ᠄ ᠮᠢᠨᠦ ᠦᠭᠭᠦᠭᠳᠡᠯ ᠦ᠋ᠨ ᠰᠠᠩ ᠳ᠋ᠤ᠌ ᠵᠦᠢᠷ ᠰᠡᠴᠡᠨ ᠦᠭᠡ ᠪᠠᠢᠬᠤ ᠦᠭᠡᠢ ᠶᠦᠮ ᠪᠠᠢᠨ᠎ᠠ ᠰᠢᠲᠠ᠃
ᠲᠤᠩᠬᠤ᠄ ᠵᠠ ᠪᠠᠢᠵᠠ᠂ ᠥᠰᠢᠶ᠎ᠡ ᠥᠭᠡᠷ᠎ᠡ ᠰᠠᠢᠨ ᠵᠦᠢᠷ ᠰᠡᠴᠡᠨ ᠦᠭᠡ ᠮᠡᠳᠡᠳᠡᠭ᠂ ᠰᠡᠴᠡᠨ ᠬᠥᠮᠦᠨ ᠴᠢᠨᠢ ᠬᠡᠨ ᠪᠠᠢᠳᠠᠭ ᠪᠢᠯᠡ᠂ ᠦ ᠦᠨᠡᠬᠡᠷ ᠢ᠋ᠶ᠋ᠡᠨ ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦ ᠮᠢᠨᠢ ᠪᠠᠢᠭ᠎ᠠ ᠰᠢᠦ ᠳᠡ᠃
ᠳ᠋ᠤᠷᠤᠷᠠᠨ᠄ ᠦᠨᠡᠬᠡᠷ ᠢ᠋ᠶ᠋ᠡᠨ ᠲᠡᠢᠮᠦ ᠰᠢᠦ᠂ ᠮᠠᠨ ᠤ᠋ ᠵᠤᠭᠵᠤᠭᠤᠬᠠᠨ ᠤ᠋ ᠴᠡᠭᠡᠵᠢᠨ ᠳ᠋ᠦ᠍ ᠴᠦ᠍ ᠵᠦᠢᠷ ᠰᠡᠴᠡᠨ ᠦᠭᠡ ᠪᠠᠢᠲᠤᠭᠠᠢ ᠳ᠋ᠢᠰᠴᠢᠦᠷᠠᠺᠠ ᠴᠤ᠌ ᠪᠠᠢᠭ᠎ᠠ ᠳᠠ᠃
ᠲᠤᠩᠬᠤ᠄ ᠪᠣᠯᠳᠠᠭ ᠰᠠᠨ ᠪᠣᠯ ᠰᠢᠭᠤᠳ ᠰᠢᠯᠵᠢᠭᠴᠢ ᠪᠡᠷ ᠰᠢᠯᠵᠢᠵᠦ ᠣᠴᠢᠭᠠᠳ ᠰᠠᠢᠨ ᠪᠠᠢᠨ᠎ᠠ ᠤᠤ? ᠨᠠᠳᠠ ᠳ᠋ᠤ᠌ ᠨᠢᠭᠡ ᠠᠰᠠᠭᠤᠬᠤ ᠵᠦᠢᠯ ᠪᠠᠢᠨ᠎ᠠ ᠭᠡᠳ ᠯᠡ ᠠᠰᠠᠭᠤᠴᠢᠬᠠᠭᠠᠳ ᠭᠢᠯᠠᠰ ᠪᠤᠴᠠᠭᠠᠳ ᠢᠷᠡᠬᠦ ᠦᠭᠡᠢ ᠤᠤ ᠲᠡᠢᠮᠦ᠃ ᠬᠢ ᠬᠢ᠂ ᠳᠠᠩᠴᠤ ᠭᠠᠭᠴᠠᠭᠠᠷ ᠢ᠋ᠶ᠋ᠠᠨ ᠠᠶᠠᠯᠠᠵᠤ ᠪᠣᠯᠬᠤ ᠦᠭᠡᠢ ᠯᠡ ᠳᠡ᠂ ᠲᠡᠢᠮᠦ ᠠ᠋ ᠳ᠋ᠤᠷᠤᠷᠠᠨ ᠠ᠋᠃
ᠳ᠋ᠤᠷᠤᠷᠨᠨ᠄ ᠭᠠᠭᠴᠠᠭᠠᠷ ᠢ᠋ᠶ᠋ᠠᠨ ᠪᠣᠯᠬᠤ ᠦᠭᠡᠢ ᠳᠡ᠃
ᠲᠤᠩᠬᠤ᠄ ᠨᠢᠭᠡ ᠨᠢ ᠺᠣᠮᠫᠢᠦ᠋ᠲ᠋ᠧᠷ ᠳᠡᠭᠡᠷ᠎ᠡ ᠪᠠᠢᠵᠤ ᠪᠠᠢᠭᠠᠳ ᠦᠯᠢᠭᠡᠷ ᠤᠷᠤᠭᠤ ᠠᠶᠠᠯᠠᠭᠤᠯᠬᠤ ᠪᠣᠯᠤᠨ ᠪᠤᠴᠠᠭᠠᠬᠤ ᠲᠣᠬᠢᠷᠠᠭᠤᠯᠭ᠎ᠠ ᠶ᠋ᠢ ᠬᠢᠬᠦ ᠬᠡᠷᠡᠭᠲᠡᠢ ᠪᠠᠢᠳᠠᠭ᠃
ᠳ᠋ᠤᠷᠤᠷᠠᠨ᠄ ᠬᠠᠷᠢᠨ ᠲᠡᠢᠮᠦ ᠠ᠋᠃
ᠲᠤᠩᠬᠤ᠄ ᠶᠠᠭ ᠬᠣᠶᠠᠭᠤᠯᠠ ᠪᠠᠨ ᠪᠠᠢᠪᠠᠯ ᠨᠢᠭᠡ ᠨᠢ ᠶᠠᠪᠤᠭᠠᠳ ᠨᠥᠭᠦᠭᠡ ᠨᠢ ᠯᠠᠪᠠᠷᠲ᠋ᠤᠷ ᠲᠤ᠌ ᠦᠯᠡᠳᠡᠨ᠎ᠡ ᠳᠡ ᠲᠡᠢᠮᠦ ᠠ᠋᠃
ᠳ᠋ᠤᠷᠤᠷᠠᠨ᠄ ᠬᠡᠯᠡᠭᠡᠳ ᠶᠠᠭᠤ ᠬᠢᠬᠦᠪ᠂ ᠮᠥᠩᠬᠡ ᠵᠠᠪ ᠦᠭᠡᠢ ᠪᠠᠢᠳᠠᠭ᠂ ᠪᠠᠰᠠᠷ ᠲᠣᠭᠯᠠᠭᠠᠮ(ᠭᠡᠰᠡᠨ ᠣᠷᠣᠰ ᠦᠭᠡ) ᠬᠢᠭᠡᠳ ᠵᠠᠪ ᠦᠭᠡᠢ᠂ ᠴᠠᠰᠤᠬᠠᠨ ᠪᠠᠢᠳᠠᠭ ᠦᠭᠡᠢ᠂ ᠶᠡᠷᠦ ᠨᠢ᠁
ᠲᠤᠩᠬᠤ᠄ ᠬᠢ ᠬᠢ᠂ ᠪᠢ ᠴᠢᠮ᠎ᠠ ᠶ᠋ᠢ ᠬᠠᠮᠲᠤ ᠶᠠᠪᠤᠶ᠎ᠠ ᠭᠡᠳ ᠪᠠᠢᠨ᠎ᠠ ᠰᠢᠳᠡ᠃
ᠳ᠋ᠤᠷᠤᠷᠠᠨ᠄ ᠸᠠ ᠨᠡᠭᠡᠷᠡᠨ ᠤᠤ?
ᠳ᠋ᠤᠷᠤᠷᠠᠨ᠄ ᠬᠠᠮᠲᠤ ᠠᠶᠠᠯᠠᠬᠤ ᠤᠤ?ᠳ᠋ᠤᠷᠤᠷᠠᠨ
ᠳ᠋ᠤᠷᠤᠷᠠᠨ᠄ ᠲᠤᠩᠬᠤ ᠠ᠋᠁
ᠲᠤᠩᠬᠤ᠄ ᠮᠠᠨ ᠤ᠋ ᠳ᠋ᠤᠷᠤᠷᠠᠨ ᠴᠤ᠌
ᠳ᠋ᠤᠷᠤᠷᠠᠨ᠄ ᠮᠤᠨᠳᠠᠭ ᠰᠢᠦ ᠭᠡᠵᠦ ᠤᠤ? ᠬᠢ ᠬᠢ
ᠲᠤᠩᠬᠤ᠄ ᠬᠢ ᠬᠢ ᠬᠢ ᠬᠢ
ᠳ᠋ᠤᠷᠤᠷᠠᠨ᠄ ᠵᠠ ᠪᠢ ᠦᠯᠢᠭᠡᠷ ᠤᠷᠤᠭᠤ ᠠᠶᠠᠯᠠᠬᠤ ᠰᠢᠨ᠎ᠡ ᠭᠣᠷᠢᠮ ᠪᠡᠯᠡᠳᠦᠭᠡᠳ ᠴᠢᠮ᠎ᠠ ᠶ᠋ᠢ ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦ ᠶ᠋ᠢᠨ ᠦᠯᠢᠭᠡᠷ ᠤᠷᠤᠭᠤ ᠠᠶᠠᠯᠠᠭᠤᠯᠤᠶ᠎ᠠ᠃
ᠲᠤᠩᠬᠤ᠄ ᠦᠭᠡᠢ᠁
ᠳ᠋ᠤᠷᠤᠷᠠᠨ᠄ ᠦᠭᠡᠢ ᠂ ᠲᠤᠩᠬᠤ ᠠ᠋
ᠲᠤᠩᠬᠤ᠄ ᠠᠢ᠂ ᠡᠨᠡ ᠣᠳᠣ ᠶᠠᠭᠤ ᠭᠡᠳᠡᠭ ᠭᠠᠵᠠᠷ ᠶᠤᠮ ᠪᠣᠯ ᠤᠤ? ᠳ᠋ᠤᠷᠤᠷᠠᠨ ᠠ᠋᠂ ᠵᠤᠭᠵᠤᠭᠤᠬᠠᠨ ᠂ ᠮᠥᠩᠬᠡ ᠠ᠋᠂ ᠶᠠᠮᠠᠷ ᠬᠠᠷᠠᠩᠭᠤᠢ ᠠᠶᠤᠮᠠᠷ ᠭᠠᠵᠠᠷ ᠪᠣᠢ?
ᠠᠷᠸ᠎ᠠ᠄ ᠪᠢ ᠰᠠᠶᠢ ᠶᠠᠭᠠᠷᠠᠯᠲᠠᠢ ᠳᠣᠬᠢᠶ᠎ᠠ ᠠᠪᠤᠭᠠᠳ ᠬᠦᠷᠦᠭᠡᠳ ᠢᠷᠡᠯ᠎ᠡ᠃
ᠳ᠋ᠤᠷᠤᠷᠠᠨ᠄ ᠬᠠᠷᠢᠨ ᠲᠡᠢᠮᠦ ᠠ᠋᠂ ᠲᠤᠩᠬᠤ ᠪᠢᠳᠡ ᠬᠣᠶᠠᠷ ᠵᠦᠭᠡᠷ ᠯᠡ ᠵᠤᠭᠵᠤᠭᠤᠬᠠᠨ ᠬᠦᠦ ᠶ᠋ᠢᠨ ᠦᠯᠢᠭᠡᠷ ᠤᠷᠤᠭᠤ ᠠᠶᠠᠯᠠᠬᠤ ᠭᠡᠵᠦ ᠪᠠᠢᠭᠰᠠᠨ ᠴᠢᠨᠢ ᠪᠢ ᠲᠥᠬᠥᠭᠡᠷᠦᠮᠵᠢ ᠳᠡᠭᠡᠷ᠎ᠡ ᠡᠴᠡ ᠨᠢ ᠶᠠᠭᠤᠮ᠎ᠠ ᠠᠰᠠᠭᠠᠭᠠᠳ ᠲᠤᠩᠬᠤ ᠶ᠋ᠢ ᠬᠠᠮᠢᠭᠠᠰᠢ ᠪᠠᠨ ᠰᠢᠯᠵᠢᠭᠰᠡᠨ ᠢ᠋ ᠮᠡᠳᠡᠬᠦ ᠦᠭᠡᠢ ᠪᠠᠢᠨ᠎ᠠ᠂ ᠠᠷᠸ᠎ᠠ ᠠᠬ᠎ᠠ ᠠ᠋ ᠨᠠᠮ᠎ᠠ ᠶ᠋ᠢ ᠦᠨᠡᠬᠡᠷ ᠠᠭᠤᠴᠢᠯᠠᠭᠠᠷᠠᠢ᠂ ᠠᠭᠤᠴᠢᠯᠠᠭᠠᠷᠠᠢ!
ᠲᠤᠩᠬᠤ᠄ ᠮᠠᠨ ᠤ᠋ ᠬᠢ ᠠ᠋᠂ ᠳ᠋ᠤᠷᠤᠷᠠᠨ ᠠ᠋᠂ ᠨᠠᠮ᠎ᠠ ᠶ᠋ᠢ ᠰᠣᠨᠣᠰᠴᠤ ᠪᠠᠢᠨ᠎ᠠ ᠤᠤ᠂ ᠪᠢ ᠢᠩᠭᠢᠭᠡᠳ ᠬᠠᠮᠢᠭ᠎ᠠ ᠪᠠᠢᠨ᠎ᠠ? ᠮᠥᠩᠬᠡ ᠠ᠋᠂ ᠳ᠋ᠤᠷᠤᠷᠠᠨ᠂ ᠠᠷᠸ᠎ᠠ ᠠᠬ᠎ᠠ᠂ ᠨᠠᠮ᠎ᠠ ᠶ᠋ᠢ ᠰᠣᠨᠣᠰᠴᠤ ᠪᠠᠢᠭ᠎ᠠ ᠬᠥᠮᠦᠨ ᠪᠠᠢᠨ᠎ᠠ ᠤᠤ? ᠪᠠᠰᠠᠷ᠂ ᠴᠠᠰᠤᠬᠠᠨ ᠨᠠᠳᠠ ᠳ᠋ᠤ᠌ ᠲᠤᠰᠠᠯᠠᠭᠠᠴᠢ ᠳᠠ! ᠮᠥᠩᠬᠡ ᠠ᠋᠁
ᠨᠣᠬᠠᠢ ᠬᠤᠴᠠᠬᠤ ᠳᠠᠭᠤ᠁
ᠲᠤᠩᠬᠤ᠄ ᠪᠠᠰᠠᠷ ᠠ᠋᠂ ᠮᠠᠨ ᠤ᠋ ᠬᠢᠨ ᠣᠯᠤᠭ᠎ᠠ ᠤᠤ ᠳᠠ᠂ ᠮᠠᠨ ᠤ᠋ ᠬᠢ ᠠ᠋᠃
ᠳ᠋ᠤᠷᠤᠷᠠᠨ ᠄ ᠣᠳᠣ ᠦᠯᠢᠭᠡᠷ ᠢ᠋ ᠢᠩᠭᠢᠵᠦ ᠵᠠᠭᠪᠤᠷᠴᠢᠯᠠᠪᠠᠯ ᠶᠠᠭᠠᠬᠢᠬᠤ ᠪᠣᠯ? ᠦᠭᠡᠢ ᠳ᠋ᠤᠷᠤᠷᠠᠨ ᠡᠨᠡ ᠪᠣᠯᠬᠤ ᠦᠭᠡᠢ ᠶᠦᠮ ᠪᠠᠢᠨ᠎ᠠ᠃
ᠮᠥᠩᠬᠡ᠄ ᠲᠤᠩᠬᠤ ᠶ᠋ᠢ ᠬᠡᠳᠦᠭᠦᠯᠡ ᠪᠡᠨ ᠬᠠᠮᠢᠭᠠᠰᠢ ᠪᠠᠨ ᠶᠠᠪᠤᠭᠰᠠᠨ ᠢ᠋ ᠮᠡᠳᠡᠬᠦ ᠦᠭᠡᠢ ᠪᠦᠲᠦᠨ ᠨᠢᠭᠡ ᠵᠢᠯ ᠪᠣᠯᠤᠯ᠎ᠠ ᠰᠢᠲᠠ᠂ ᠣᠳᠣ ᠶᠠᠭᠠᠬᠢᠬᠤ ᠪᠣᠢ?
ᠲᠤᠩᠬᠤ᠄ ᠠᠷᠸ᠎ᠠ ᠠᠬ᠎ᠠ᠂ ᠮᠥᠩᠬᠡ᠂ ᠪᠠᠰᠠᠷ᠂ ᠴᠠᠰᠤᠬᠠᠨ ᠠ᠋᠂ ᠳ᠋ᠤᠷᠤᠷᠠᠨ?
ᠠᠷᠸ᠎ᠠ᠄ ᠪᠢᠳᠡᠨ ᠦ᠌ ᠬᠣᠶᠠᠷ ᠵᠠᠭᠤ ᠭᠤᠴᠢᠨ ᠭᠤᠷᠪᠠᠨ ᠮᠢᠩᠭᠠᠨ ᠳ᠋ᠠᠬᠢ ᠬᠣᠶᠠᠷ ᠵᠠᠭᠤ ᠭᠤᠴᠢᠨ ᠭᠤᠷᠪᠠᠳᠠᠬᠢ ᠲᠤᠷᠰᠢᠯᠲᠠ᠂ ᠲᠤᠩᠬᠤ ᠶ᠋ᠢ ᠣᠳᠣ ᠪᠣᠯᠲᠠᠯ᠎ᠠ ᠬᠠᠮᠢᠭᠠᠰᠢ ᠶᠠᠪᠤᠭᠰᠠᠨ ᠢ᠋ ᠮᠡᠳᠡᠬᠦ ᠦᠭᠡᠢ ᠪᠠᠢᠭ᠎ᠠ ᠴᠤ᠌ ᠪᠦᠭᠦᠳᠡᠭᠡᠷ ᠢ᠋ᠶ᠋ᠡᠨ ᠵᠠᠪᠠᠯ ᠣᠯᠤᠨ᠎ᠠ᠃
ᠮᠥᠩᠬᠡ᠄ ᠠᠷᠸ᠎ᠠ ᠠᠬ᠎ᠠ ᠪᠢ ᠡᠨᠳᠡ ᠨᠢᠭᠡ ᠡᠢᠮᠦ ᠰᠢᠨ᠎ᠡ ᠠᠯᠭ᠌ᠸᠪᠠᠷᠠᠲ᠋ᠠᠨ ᠪᠣᠳᠣᠵᠤ ᠣᠯᠤᠯ᠎ᠠ᠃ ᠲᠣᠭᠠᠨ ᠤ᠋ ᠳᠠᠪᠬᠤᠴᠠ ᠨᠢ ᠶᠠᠭ ᠢᠩᠭᠢᠭᠡᠳ ᠲᠠᠭᠠᠷᠠᠵᠤ ᠪᠠᠢᠨ᠎ᠠ᠃
ᠲᠤᠩᠬᠤ᠄ ᠡᠨᠡ ᠮᠥᠩᠬᠡ ᠤᠤ ᠳᠠ᠂ ᠮᠥᠩᠬᠡ ᠮᠥᠨ ᠤᠤ᠂ ᠶᠠᠭᠠᠬᠢᠭᠠᠳ ᠡᠢᠮᠦ ᠲᠣᠮᠣ ᠪᠣᠯᠤᠭᠰᠠᠨ ᠪᠠᠢᠳᠠᠭ ᠪᠢᠯᠡ? ᠴᠠᠭ ᠬᠤᠭᠤᠴᠠᠭ᠎ᠠ ᠡᠢᠮᠦ ᠬᠤᠷᠳᠤᠨ᠂ ᠪᠢ ᠡᠨᠳᠡ ᠢᠷᠡᠭᠡᠳ ᠬᠡᠳᠦᠬᠡᠨ ᠰᠧᠺᠦ᠋ᠨ᠋ᠳ᠋ ᠪᠣᠯᠤᠭᠰᠠᠨ ᠪᠠᠢᠬᠤ ᠳ᠋ᠤ᠌᠂ ᠲᠡᠭᠡᠬᠦ ᠪᠡᠷ ᠡᠨᠡ ᠴᠢᠨᠢ ᠪᠢ ᠴᠠᠭ ᠬᠤᠭᠤᠴᠠᠭ᠎ᠠ ᠪᠠᠷ ᠡᠨᠳᠡ ᠮᠢᠨᠦ ᠥᠩᠭᠡᠷᠡᠭᠦᠯᠵᠦ ᠪᠠᠢᠭ᠎ᠠ ᠬᠡᠳᠦᠬᠡᠨ ᠰᠧᠺᠦ᠋ᠨ᠋ᠳ᠋ ᠬᠦᠷᠲᠡᠯ᠎ᠡ᠂ ᠬᠡᠳᠦᠨ ᠵᠢᠯ ᠪᠣᠯᠵᠤ ᠪᠠᠢᠭ᠎ᠠ ᠭᠡᠵᠦ ᠤᠤ᠂ ᠮᠥᠩᠬᠡ᠂ ᠠᠷᠸ᠎ᠠ ᠠᠬ᠎ᠠ ᠠ᠋᠂ ᠡᠨᠡ ᠴᠢᠨᠢ᠂ ᠡᠨᠡ ᠴᠢᠨᠢ ᠦᠭᠡᠢ ᠪᠠᠢᠯᠭᠦᠢ ᠳᠡ᠂ ᠡᠢᠮᠦ ᠬᠤᠷᠳᠤᠨ ᠴᠠᠭ ᠬᠤᠭᠤᠴᠠᠭ᠎ᠠ ᠪᠠᠷ ᠥᠩᠭᠡᠷᠡᠬᠦ ᠪᠣᠯᠤᠮᠵᠢ ᠦᠭᠡᠢ ᠰᠢᠳᠡ᠂ ᠡᠢᠮᠦ ᠪᠠᠢᠬᠤ ᠪᠣᠯᠤᠮᠵᠢ ᠦᠭᠡᠢ ᠰᠢᠦ ᠳᠡ᠂ ᠦᠭᠡᠢ᠂ ᠦᠭᠡᠢ᠂ ᠮᠥᠩᠬᠡ ᠮᠥᠩᠬᠡ ᠮᠥᠩᠬᠡ ᠠ᠋!
ᠠᠷᠸ᠎ᠠ᠄ ᠶᠠᠭᠠᠬᠢᠭᠰᠠᠨ ᠮᠥᠩᠬᠡ ᠠ᠋?
ᠲᠤᠩᠬᠤ᠄ ᠮᠥᠩᠬᠡ ᠮᠥᠩᠬᠡ ᠠᠬ᠎ᠠ ᠠ᠋᠂ ᠪᠢ ᠡᠨᠳᠡ ᠪᠠᠢᠨ᠎ᠠ ᠰᠢᠦ ᠳᠡ᠃
ᠮᠥᠩᠬᠡ᠄ ᠶᠠᠭᠠᠬᠢᠭ᠎ᠠ ᠴᠤ᠌ ᠦᠭᠡᠢ᠂ ᠠᠷᠸ᠎ᠠ ᠠᠬ᠎ᠠ ᠬᠠᠷᠢᠨ ᠬᠡᠢ ᠶᠠᠭᠤᠮ᠎ᠠ ᠰᠣᠨᠣᠰᠤᠭᠠᠳ ᠯᠠ᠁
ᠠᠷᠸ᠎ᠠ᠄ ᠮᠥᠩᠬᠡ ᠮᠢᠨᠢ ᠳᠡ᠂ ᠪᠢᠳᠡ ᠪᠦᠭᠦᠳᠡ ᠲᠤᠩᠬᠤ ᠶ᠋ᠢ ᠪᠡᠨ ᠣᠯᠬᠤ ᠭᠡᠵᠦ ᠣᠯᠠᠨ ᠠᠷᠪᠠᠨ ᠵᠢᠯ ᠵᠠᠷᠤᠴᠠᠭᠤᠯᠤᠯ᠎ᠠ᠂ ᠶᠠᠮᠠᠷ ᠲᠠᠢ ᠴᠤ᠌ ᠭᠡᠰᠡᠨ ᠲᠤᠩᠬᠤ ᠮᠢᠨᠢ ᠪᠢᠳᠡ ᠨᠠᠷ ᠢ᠋
ᠬᠠᠷᠠᠵᠤ ᠰᠣᠨᠣᠰᠴᠤ ᠪᠠᠢᠭ᠎ᠠ ᠪᠠᠢᠬ᠎ᠠ ᠭᠡᠵᠦ ᠪᠢ ᠳᠣᠲᠣᠷ᠎ᠠ ᠪᠠᠨ ᠢᠲᠡᠭᠡᠳᠡᠭ ᠶᠦᠮ᠃ ᠪᠦᠭᠦᠳᠡᠭᠡᠷ ᠢ᠋ᠶ᠋ᠡᠨ ᠵᠠᠪᠠᠯ ᠲᠤᠩᠬᠤ ᠶ᠋ᠢ ᠪᠡᠨ ᠣᠯᠵᠤ ᠠᠪᠤᠨ᠎ᠠ᠂ ᠪᠢ ᠢᠲᠡᠭᠡᠵᠦ ᠪᠠᠢᠨ᠎ᠠ᠃
ᠲᠤᠩᠬᠤ᠄ ᠡᠨᠡ ᠴᠢᠨᠢ ᠣᠨᠢᠰᠣ ᠤᠤ ᠳᠠ? ᠮᠠᠭᠠᠳ ᠦᠭᠡᠢ ᠮᠢᠨᠦ ᠡᠨᠳᠡ ᠡᠴᠡ ᠭᠠᠷᠴᠤ ᠪᠣᠯᠬᠤ ᠨᠢᠭᠡ ᠲᠦᠯᠬᠢᠭᠦᠷ ᠶᠦᠮ ᠪᠠᠢᠬᠤ ᠳᠠ᠃ ᠨᠣᠭᠣᠭᠠᠨ᠂ ᠴᠡᠩᠬᠡᠷ᠂ ᠴᠠᠢᠪᠤᠷ ᠨᠣᠭᠣᠭᠠᠨ᠂ ᠤᠯᠠᠭᠠᠨ᠂ ᠡᠨᠡ ᠨᠣᠭᠣᠭᠠᠨ ᠳᠦᠷᠰᠦ ᠠᠷᠸ᠎ᠠ ᠠᠬ᠎ᠠ ᠰᠢᠭ᠋ ᠬᠠᠷᠠᠭᠳᠠᠭᠠᠳ ᠪᠠᠢᠬᠤ ᠶᠤᠮ᠃ ᠴᠡᠩᠬᠡᠷ ᠥᠩᠭᠡ᠂ ᠦ ᠡᠨᠡ ᠮᠥᠩᠬᠡ ᠪᠠᠢᠨ᠎ᠠ᠂ ᠤᠯᠠᠭᠠᠨ ᠴᠠᠭᠠᠨ᠂ ᠪᠠᠰᠠᠷ ᠴᠠᠰᠤᠬᠠᠨ ᠨᠠᠢᠵᠠ ᠨᠤᠭᠤᠳ ᠮᠢᠨᠢ᠂ ᠡᠭᠦᠨ ᠢ᠋ ᠨᠢ ᠲᠠᠢᠰᠢ ᠪᠠᠨ ᠬᠥᠳᠡᠯᠭᠡᠭᠡᠳ ᠡᠨᠡ ᠳᠡᠭᠡᠷ᠎ᠡ ᠳᠠᠷᠤᠴᠢᠬᠠᠪᠠᠯ ᠶᠠᠭᠠᠬᠢᠬᠤ ᠪᠣᠯ? ᠶᠠᠭᠤ ᠪᠣᠯᠤᠭᠠᠳ ᠪᠠᠢᠨ᠎ᠠ? ᠶᠠᠭᠤ ᠪᠣᠯᠤᠭᠠᠳ ᠪᠠᠢᠨ᠎ᠠ᠁
ᠳ᠋ᠤᠷᠤᠷᠠᠨ᠄ ᠬᠦᠥᠭ᠂ ᠡᠨᠡ ᠠᠵᠢᠯᠯᠠᠬᠤ ᠦᠭᠡᠢ ᠪᠠᠢᠭ᠎ᠠ ᠶᠤᠮ ᠪᠠᠢᠬᠤ ᠳᠠ᠂ ᠶᠠᠭᠠᠬᠢᠭᠠᠳ ᠠᠵᠢᠯᠯᠠᠬᠤ ᠦᠭᠡᠢ ᠪᠠᠢᠭ᠎ᠠ ᠶᠤᠮ ᠪᠣᠯ? ᠬᠥᠶᠢ ᠲᠤᠩᠬᠤ ᠠ᠋ ᠬᠠᠮᠢᠭ᠎ᠠ ᠣᠴᠢᠬᠤ ᠭᠡᠵᠦ ᠪᠠᠢᠭ᠎ᠠ ᠶᠤᠮ ᠪᠣᠢ?
ᠲᠤᠩᠬᠤ᠄ ᠭᠡᠳ ᠣᠯᠪᠠᠢ!
ᠦᠰᠦᠭ ᠢ᠋ ᠨᠢ ᠬᠤᠸᠠᠷ ᠠᠮᠢᠯᠠᠭᠤᠯᠪᠠ᠂
ᠬᠥᠳᠡᠯᠭᠡᠭᠡᠨᠲᠦ ᠵᠢᠷᠤᠭ ᠲᠡᠬᠢ ᠦᠰᠦᠭ ᠢ᠋ ᠾᠦᠩ ᠸᠧᠢ ᠬᠠᠲᠠᠵᠤ᠂ ᠱᠤᠳᠤᠷᠭᠤ᠂ ᠮᠥᠴᠢᠷ ᠬᠢᠨᠠᠵᠤ ᠥᠭᠪᠡ᠃