ᠡᠵᠢ ᠶ᠋ᠢᠨ ᠮᠢᠨᠢ ᠬᠥᠳᠡᠭᠡ-ᠰᠣᠳᠣᠰᠡᠴᠡᠨЭэжийн минь хөдөө-Содцэцэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠶ᠋ᠢᠨ ᠮᠢᠨᠢ ᠬᠥᠳᠡᠭᠡ-ᠰᠣᠳᠣᠰᠡᠴᠡᠨЭэжийн минь хөдөө-Содцэцэн

ᠡᠵᠢ ᠶ᠋ᠢᠨ ᠮᠢᠨᠢ ᠬᠥᠳᠡᠭᠡ-ᠰᠣᠳᠣᠰᠡᠴᠡᠨЭэжийн минь хөдөө-Содцэцэн

ᠠᠩᠭᠢᠯᠠᠯ:ᠳᠠᠭᠤᠤ ᠬᠥᠭᠵᠢᠮ
2023-11-03

787

ᠡᠵᠢ ᠶ᠋ᠢᠨ ᠮᠢᠨᠢ ᠬᠥᠳᠡᠭᠡ

   ᠦᠭᠡ ᠄ ᠴᠤᠬᠵᠢᠯᠳᠣ
   ᠠᠶ᠎ᠠ ᠄ ᠳ᠋ᠤ᠌᠂ ᠤᠯᠠᠭᠠᠨᠪᠠᠭᠠᠲᠤᠷ
   ᠳᠠᠭᠤᠤ ᠄ ᠰᠣᠳᠣᠰᠡᠴᠡᠨ

ᠡᠯᠢᠭᠡ ᠥᠨᠳᠡᠯᠵᠡᠬᠦ ᠦᠨᠦᠷ ᠨᠢ 
ᠡᠵᠢ ᠶ᠋ᠢᠨ ᠪᠠᠷ᠎ᠠ ᠲᠠᠢ ᠲᠠᠯ᠎ᠠ ᠤᠤ ᠳᠠ 
ᠡᠭᠡᠯᠵᠢᠯᠡᠬᠦ ᠳᠥᠷᠪᠡᠨ ᠤᠯᠠᠷᠢᠯ ᠨᠢ ᠠ᠋ 
ᠡᠭᠡᠰᠢᠭ ᠳᠠᠭᠤᠨ ᠤ᠋ ᠠᠢᠵᠠᠮ ᠤᠤ ᠳᠠ 

ᠵᠢᠯ ᠡᠴᠡ ᠵᠢᠯ ᠳ᠋ᠦ᠍ ᠡᠭᠡᠨᠡᠭᠰᠢᠭᠰᠡᠨ 
ᠵᠢᠷᠭᠠᠯᠠᠩᠲᠤ ᠶ᠋ᠢᠨ ᠬᠥᠳᠡᠭᠡ ᠮᠢᠨᠢ ᠠ᠋
ᠣᠨ ᠠ᠋ᠴᠠ ᠣᠨ ᠳ᠋ᠤ᠌ ᠦᠶᠡᠯᠡᠭᠰᠡᠨ
ᠣᠲᠣᠷ ᠰᠠᠭᠤᠳᠠᠯ ᠤ᠋ᠨ ᠨᠡᠭᠦᠳᠡᠯ ᠮᠢᠨᠢ

ᠦᠨᠳᠦᠰᠦ ᠲᠠᠢ ᠲᠡᠦᠬᠡ ᠲᠡᠢ ᠰᠣᠶᠣᠯ ᠨᠢ ᠠ᠋
ᠥᠨᠢᠳᠡ ᠪᠠᠳᠠᠷᠠᠬᠤ ᠭᠣᠯᠣᠮᠲᠠ ᠤᠤ ᠳᠠ
ᠢᠨᠢᠶᠡᠳᠦ ᠲᠡᠢ ᠵᠢᠷᠭᠠᠯ ᠲᠠᠢ ᠠᠮᠢᠳᠤᠷᠠᠯ ᠨᠢ ᠠ᠋
ᠢᠲᠡᠭᠡᠯ ᠬᠦᠰᠡᠯ ᠦ᠋ᠨ ᠨᠠᠢᠷᠠᠯ ᠤᠤ ᠳᠠ

ᠦᠷ᠎ᠡ ᠶ᠋ᠢᠨ ᠦᠷ᠎ᠡ  ᠳ᠋ᠦ᠍ ᠥᠪᠯᠡᠬᠦ
ᠡᠪᠦᠭᠡᠳ ᠦ᠋ᠨ ᠴᠡᠩᠬᠡᠷ ᠬᠥᠳᠡᠭᠡ ᠮᠢᠨᠢ
ᠦᠶ᠎ᠡ ᠶᠢᠨ ᠦᠶ᠎ᠡ ᠳᠦᠷᠡᠯᠵᠡᠬᠦ
ᠥᠭᠡᠳᠡᠷᠡᠭ ᠬᠠᠯᠠᠭᠤᠨ ᠠᠮᠢᠳᠤᠷᠠᠯ ᠮᠢᠨᠢ

ᠠᠮᠢᠨ ᠠ᠋ᠴᠠ ᠠᠮᠢ ᠬᠦᠪᠦᠷᠡᠭᠰᠡᠨ
ᠠᠯᠲᠠᠨ ᠰᠢᠷᠭᠠᠯ ᠬᠥᠳᠡᠭᠡ ᠮᠢᠨᠢ
ᠠᠢᠯ ᠠ᠋ᠴᠠ ᠠᠢᠯ ᠵᠠᠯᠭᠠᠭᠰᠠᠨ
ᠠᠰᠢᠳᠠ ᠶᠢᠨ ᠵᠠᠶᠠᠭᠠᠲᠤ ᠨᠤᠲᠤᠭ ᠮᠢᠨᠢ

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
   ᠬᠢᠨᠠᠭᠴᠢ᠄ ᠲᠦᠮᠡᠨᠴᠡᠴᠡᠭ᠂ ᠮᠥᠩᠭᠥᠨ