ᠰᠠᠢᠬᠠᠨ ᠬᠠᠨᠢ ᠮᠢᠨᠢ - ᠪ ∙ ᠭᠦᠷᠦᠪᠠᠳᠠᠮ ᠡ᠊ ∙ ᠴᠢᠯᠠᠭᠤᠨᠴᠢᠮᠡᠭСайхан хань минь - Б.Гүрбадам Э.Чулуунчимэг Saihan hani min Gurbadam Chuluunchim
ᠰᠠᠢᠬᠠᠨ ᠬᠠᠨᠢ ᠮᠢᠨᠢ
ᠦᠭᠡ᠄ ᠱ᠂ ᠳᠣᠷᠵᠢᠰᠦ᠋ᠷᠦᠩ
ᠠᠶ᠎ᠠ᠄ ᠳ᠂ ᠴᠢᠯᠠᠭᠤᠨ
ᠳᠠᠭᠤᠴᠢᠨ᠄ ᠡ᠊᠂ ᠴᠢᠯᠠᠭᠤᠨᠴᠢᠮᠡᠭ᠂ ᠪ᠊᠂ ᠭᠦᠷᠦᠪᠠᠳᠮ᠎ᠠ
ᠬᠣᠩᠭᠣᠷ ᠪᠠᠭᠠᠬᠠᠨ ᠬᠣᠷᠢᠬᠠᠨ ᠨᠠᠰᠤᠨ ᠳ᠋ᠤ᠌ ᠪᠠᠨ
ᠬᠠᠢᠷ᠎ᠠ ᠶ᠋ᠢᠨ ᠭᠠᠯ ᠢ᠋ ᠠᠰᠠᠭᠠᠵᠤ ᠲᠠᠨᠢᠯᠴᠠᠭᠠᠳ
ᠢᠲᠡᠭᠡᠯ ᠰᠡᠳᠬᠢᠯ ᠢ᠋ᠶ᠋ᠡᠷ ᠬᠠᠨᠢᠰᠠᠨ ᠵᠢᠷᠭᠠᠭᠰᠠᠨ
ᠡᠩᠬᠦᠷᠡᠢ ᠦᠷᠡᠰ ᠦ᠋ᠨ ᠮᠢᠨᠢ ᠡᠯᠪᠡᠷᠢᠯᠲᠦ ᠡᠵᠢ
ᠬᠠᠨᠢ ᠮᠢᠨᠢ ᠨᠠᠭᠠᠰᠢ ᠪᠠᠨ ᠰᠠᠭᠤ
ᠬᠠᠢᠷᠠᠯᠠᠨ ᠬᠠᠢᠷᠠᠯᠠᠨ ᠶᠠᠷᠢᠬᠤ ᠯᠠ ᠭᠡᠰᠡᠨ ᠶᠤᠮ ᠠ᠋
ᠠᠮᠠᠷᠠᠭ ᠮᠢᠨᠢ ᠨᠠᠭᠠᠰᠢ ᠪᠠᠨ ᠰᠠᠭᠤ
ᠠᠷᠭᠠᠳᠠᠨ ᠠᠷᠭᠠᠳᠠᠨ ᠬᠡᠯᠡᠬᠦ ᠯᠡ ᠭᠡᠰᠡᠨ ᠶᠤᠮ ᠠ᠋
ᠭᠤᠩᠬᠠᠭᠰᠠᠨ ᠰᠠᠢᠬᠠᠨ ᠭᠤᠴᠢᠬᠠᠨ ᠨᠠᠰᠤᠨ ᠳ᠋ᠤ᠌ ᠪᠠᠨ
ᠭᠣᠯᠣᠮᠲᠠ ᠶ᠋ᠢᠨ ᠰᠢᠲᠦᠭᠡᠨ ᠪᠣᠯᠵᠤ ᠬᠦᠨᠳᠦᠯᠡᠭᠳᠡᠭᠡᠳ
ᠦᠷ᠎ᠡ ᠶ᠋ᠢᠨ ᠪᠦᠪᠡᠢ ᠶ᠋ᠢᠨ ᠵᠠᠶᠠᠭ᠎ᠠ ᠲᠡᠭᠰᠢᠯᠡᠭᠰᠡᠨ
ᠥᠷᠭᠥᠭᠡ ᠭᠡᠷ ᠦ᠋ᠨ ᠮᠢᠨᠢ ᠠᠮᠢᠨ ᠲᠦᠰᠢᠭ
( ᠳᠠᠬᠢᠯᠲᠠ)
ᠲᠦᠪᠰᠢᠨ ᠳᠥᠯᠭᠡᠬᠡᠨ ᠳᠥᠴᠢᠬᠡᠨ ᠨᠠᠰᠤᠨ ᠳ᠋ᠤ᠌ ᠪᠠᠨ
ᠲᠠᠪᠢᠯᠠᠩ ᠵᠢᠮ᠎ᠡ ᠶ᠋ᠢᠨ ᠤᠴᠢᠭ ᠢ᠋ ᠵᠠᠩᠭᠢᠳᠤᠭᠠᠳ
ᠳᠡᠭᠡᠳᠦᠰ ᠦ᠋ᠨ ᠤᠳᠤᠮ ᠤ᠋ᠨ ᠪᠦᠯᠢ ᠶ᠋ᠢ ᠨᠡᠮᠡᠭᠰᠡᠨ
ᠲᠡᠪᠴᠢᠬᠦ ᠨᠠᠰᠤᠨ ᠤ᠋ ᠮᠢᠨᠢ ᠠᠯᠲᠠᠨ ᠪᠠᠭᠠᠨ᠎ᠠ
ᠠᠴᠢ ᠵᠢᠭᠡ ᠪᠡᠨ ᠳᠡᠷᠪᠡᠬᠦ ᠳ᠋ᠦ᠍ ᠪᠡᠶᠡᠰᠦᠨ ᠨᠢᠯᠬᠠᠷᠠᠳᠠᠭ
ᠠᠭᠠᠰᠢᠨ ᠤ᠋ ᠰᠠᠢᠬᠠᠨ ᠳ᠋ᠤ᠌ ᠨᠢ ᠣᠷᠴᠢᠯᠠᠩ ᠬᠡᠷᠡᠯᠳᠦᠭᠡᠳ
ᠲᠡᠭᠰᠢ ᠳᠦᠭᠦᠷᠡᠩ ᠬᠦᠰᠡᠯ ᠢ᠋ ᠲᠡᠪᠴᠢᠶᠡᠭᠰᠡᠨ
ᠲᠩᠷᠢ ᠰᠦᠯᠳᠡ ᠮᠢᠨᠢ ᠭᠠᠯ ᠤ᠋ᠨ ᠰᠠᠬᠢᠭᠤᠰᠤ
( ᠳᠠᠬᠢᠯᠲᠠ) ( ᠳᠠᠬᠢᠯᠲᠠ)
ᠠᠷᠭᠠᠳᠠᠨ ᠠᠷᠭᠠᠳᠠᠨ ᠬᠡᠯᠡᠬᠦ ᠯᠡ ᠭᠡᠰᠡᠨ ᠶᠤᠮ ᠠ᠋
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
