ᠪᠢ ᠬᠥᠳᠡᠭᠡ ᠨᠤᠲᠤᠭ ᠲᠤ ᠠᠮᠢᠳᠤᠷᠠᠬᠤ ᠪᠠᠷ ᠶᠠᠪᠤᠯ᠎ᠠ -ᠴᠣᠪᠣᠭᠣ ᠣᠳᠬᠣᠨᠪᠠᠭᠠᠲᠤᠷБи хөдөө нутагт амьдрахаар явлаа-цовоо отгонбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠬᠥᠳᠡᠭᠡ ᠨᠤᠲᠤᠭ ᠲᠤ ᠠᠮᠢᠳᠤᠷᠠᠬᠤ ᠪᠠᠷ ᠶᠠᠪᠤᠯ᠎ᠠ -ᠴᠣᠪᠣᠭᠣ ᠣᠳᠬᠣᠨᠪᠠᠭᠠᠲᠤᠷБи хөдөө нутагт амьдрахаар явлаа-цовоо отгонбаатар

ᠪᠢ ᠬᠥᠳᠡᠭᠡ ᠨᠤᠲᠤᠭ ᠲᠤ ᠠᠮᠢᠳᠤᠷᠠᠬᠤ ᠪᠠᠷ ᠶᠠᠪᠤᠯ᠎ᠠ -ᠴᠣᠪᠣᠭᠣ ᠣᠳᠬᠣᠨᠪᠠᠭᠠᠲᠤᠷБи хөдөө нутагт амьдрахаар явлаа-цовоо отгонбаатар

2023-11-01

633

ᠪᠢ ᠬᠥᠳᠡᠭᠡ ᠨᠤᠲᠤᠭ ᠲᠤ᠌ ᠠᠮᠢᠳᠤᠷᠠᠬᠤ ᠪᠠᠷ ᠶᠠᠪᠤᠯ᠎ᠠ

   ᠢᠷᠠᠭᠤ ᠨᠠᠢᠷᠠᠭᠴᠢ ᠴᠣᠪᠣᠭᠣ ᠶ᠋ᠢᠨ ᠣᠳᠬᠣᠨᠪᠠᠭᠠᠲᠤᠷ 

ᠦᠦᠷ ᠦ᠋ᠨ ᠴᠣᠯᠮᠣᠨ ᠲᠠᠢ ᠮᠣᠷᠳᠠᠵᠤ ᠠᠳᠤᠭᠤ ᠬᠤᠷᠢᠶᠠᠵᠤ ᠢᠰᠬᠡᠷᠬᠦ ᠪᠡᠷ 
ᠦᠨᠡᠭᠡᠨ ᠬᠠᠷᠠᠩᠭᠤᠢ ᠶ᠋ᠢ ᠰᠡᠷᠡᠭᠡᠵᠦ ᠵᠠᠯᠮ᠎ᠠ ᠬᠠᠷ᠎ᠠ ᠶ᠋ᠢ ᠠᠶᠠᠯᠬᠤ ᠪᠠᠷ 
ᠤᠷᠭᠤᠬᠤ ᠨᠠᠷᠠ ᠲᠠᠢ ᠥᠷᠢᠰᠴᠦ ᠤᠨᠠᠭ᠎ᠠ ᠵᠡᠯᠡᠯᠡᠵᠦ ᠤᠶᠠᠬᠤ ᠪᠠᠷ 
ᠤᠷᠭ᠎ᠠ ᠪᠠᠷᠢᠨ ᠮᠣᠷᠳᠠᠵᠤ 
ᠲᠠᠯ᠎ᠠ ᠶ᠋ᠢᠨ ᠲᠣᠭᠣᠰᠣ ᠶ᠋ᠢ ᠰᠡᠷᠡᠭᠡᠬᠦ ᠪᠡᠷ 
ᠪᠢ ᠬᠥᠳᠡᠭᠡ ᠨᠤᠲᠤᠭ ᠲᠤ᠌ ᠠᠮᠢᠳᠤᠷᠠᠬᠤ ᠪᠠᠷ ᠶᠠᠪᠤᠯ᠎ᠠ᠃ 

ᠡᠷᠢᠯ ᠳ᠋ᠦ᠍ ᠮᠣᠷᠳᠠᠨ ᠠᠶᠠᠯᠠᠭᠠᠳ ᠡᠮᠡᠭᠡᠯ ᠳᠡᠷᠡᠯᠡᠨ ᠬᠡᠭᠡᠷ᠎ᠡ ᠬᠣᠨᠣᠬᠤ ᠳ᠋ᠤ᠌ 
ᠢᠰᠡᠭᠡᠢ ᠲᠣᠬᠣᠮ ᠳᠡᠪᠢᠰᠴᠦ ᠬᠡᠪᠲᠡᠭᠡᠳ 
ᠲᠡᠭᠷᠢ ᠶ᠋ᠢᠨ ᠠᠷᠠᠨᠰᠢᠨ ᠢ᠋ ᠳᠠᠭᠠᠯᠠᠬᠤ ᠪᠠᠷ 
ᠡᠩᠭᠡᠰᠬᠡ ᠪᠣᠳᠣᠭ ᠥᠬᠡᠢ ᠬᠠᠴᠠᠷ ᠭᠤᠸ᠎ᠠ ᠡᠷᠬᠡᠯᠡᠵᠦ ᠬᠠᠨᠢᠰᠴᠤ ᠵᠢᠷᠭᠠᠬᠤ ᠪᠠᠷ
ᠡᠷᠳᠡᠨᠢ ᠪᠣᠯᠤᠭᠰᠠᠨ ᠮᠠᠯ ᠰᠦᠷᠦᠭ ᠦ᠋ᠨ ᠢ᠋ᠶ᠋ᠡᠨ ᠡᠵᠡᠨ ᠨᠢ ᠪᠣᠯᠵᠤ ᠨᠠᠯᠠᠢᠬᠤ ᠪᠠᠷ
ᠪᠢ ᠬᠥᠳᠡᠭᠡ ᠨᠤᠲᠤᠭ ᠲᠤ᠌ ᠠᠮᠢᠳᠤᠷᠠᠬᠤ ᠪᠠᠷ ᠶᠠᠪᠤᠯ᠎ᠠ ᠃

ᠨᠠᠮᠤᠷ ᠣᠷᠣᠢᠲᠠᠭᠰᠠᠨ ᠰᠠᠭᠠᠯᠢ ᠶ᠋ᠢᠨ ᠦᠨᠢᠶ᠎ᠡ ᠶ᠋ᠢ ᠭᠡᠷᠭᠡᠢ ᠲᠡᠭᠦᠨ ᠳ᠋ᠦ᠍ ᠪᠡᠨ ᠳᠥᠬᠥᠭᠦᠯᠬᠦ ᠪᠡᠷ
ᠨᠠᠩᠵᠢᠳ ᠨᠡᠷᠡᠭᠰᠡᠨ ᠲᠣᠭᠣᠭᠠᠨ ᠠ᠋ᠴᠠ ᠳᠡᠭᠡᠵᠢ ᠬᠦᠷᠲᠡᠵᠦ ᠬᠠᠯᠠᠮᠰᠠᠬᠤ ᠪᠠᠷ
ᠥᠷᠥᠮ᠎ᠡ ᠲᠣᠭᠲᠠᠭᠰᠠᠨ ᠰᠦᠨ ᠡᠴᠡ ᠠᠮᠠᠨ ᠤ᠋ ᠴᠠᠩᠭᠠᠭ᠎ᠠ ᠪᠠᠨ ᠲᠠᠢᠯᠬᠤ ᠪᠠᠷ
ᠥᠩᠭᠡ ᠶ᠋ᠢᠨ ᠴᠡᠴᠡᠭᠡᠰ ᠢᠷᠡᠨ ᠪᠡᠯᠴᠢᠭᠡᠷ ᠦ᠋ᠨ ᠰᠦᠷᠦᠭ ᠳᠠᠭᠠᠬᠤ ᠪᠠᠷ
ᠪᠢ ᠬᠥᠳᠡᠭᠡ ᠨᠤᠲᠤᠭ ᠲᠤ᠌ ᠠᠮᠢᠳᠤᠷᠠᠬᠤ ᠪᠠᠷ ᠶᠠᠪᠤᠯ᠎ᠠ᠃

ᠳᠥᠨᠡᠨ ᠦᠬᠡᠷ ᠦ᠋ᠨ ᠰᠢᠷᠢ ᠪᠡᠷ ᠬᠠᠵᠠᠭᠠᠷ ᠨᠣᠭᠲᠣ ᠵᠠᠩᠭᠢᠳᠬᠤ ᠪᠠᠷ
ᠳᠥᠯᠥ ᠪᠠᠳᠮᠠᠯᠠᠭᠰᠠᠨ ᠵᠤᠤᠬᠠᠨ ᠳ᠋ᠤ᠌ ᠠᠷᠭᠠᠯ ᠨᠡᠮᠡᠵᠦ ᠥᠷᠲᠥᠬᠦ ᠪᠡᠷ
ᠳᠥᠮᠥᠭ ᠬᠦᠯᠦᠭ ᠨᠡᠬᠡᠵᠦ ᠳᠥᠷᠥᠭᠡ ᠵᠢᠭᠢᠨ ᠳᠠᠪᠬᠢᠬᠤ ᠪᠠᠷ
ᠳᠥᠷᠪᠡᠨ ᠴᠠᠭ ᠤ᠋ᠨ ᠡᠷᠭᠢᠯᠲᠡ ᠶ᠋ᠢ ᠢᠰᠡᠭᠡᠢ ᠭᠡᠷ ᠲᠦ᠍ ᠡᠯᠡᠭᠡᠬᠦ ᠪᠡᠷ
ᠪᠢ ᠬᠥᠳᠡᠭᠡ ᠨᠤᠲᠤᠭ ᠲᠤ᠌ ᠠᠮᠢᠳᠤᠷᠠᠬᠤ ᠪᠠᠷ ᠶᠠᠪᠤᠯ᠎ᠠ᠃

ᠬᠥᠬᠡᠭᠡ ᠡᠪᠦᠯ ᠦ᠋ᠨ ᠭᠠᠯ ᠢ᠋ ᠮᠠᠨᠠᠵᠤ ᠲᠡᠨᠳᠡ ᠰᠠᠭᠤᠬᠤ ᠪᠠᠷ
ᠬᠥᠪᠴᠢ ᠬᠠᠩᠭᠠᠢ ᠲᠠᠢᠭ᠎ᠠ ᠪᠠᠷ ᠨᠢ ᠲᠡᠨᠦᠵᠦ ᠳᠤᠷ᠎ᠠ ᠪᠠᠷ ᠢ᠋ᠶ᠋ᠠᠨ ᠨᠡᠭᠦᠬᠦ ᠪᠡᠷ
ᠣᠷᠴᠢᠯᠠᠩ ᠳ᠋ᠤ᠌ ᠵᠠᠷ ᠲᠠᠢ ᠮᠠᠯᠴᠢᠨ ᠲᠦᠮᠡᠨ ᠦ᠌ ᠦᠷ᠎ᠡ ᠨᠢ ᠭᠡᠳᠡᠭ ᠢ᠋ᠶ᠋ᠡᠨ ᠮᠡᠳᠡᠷᠡᠬᠦ ᠪᠡᠷ
ᠣᠷᠣᠢ ᠦᠭᠡᠢ ᠲᠡᠭᠷᠢ ᠶ᠋ᠢᠨ ᠳᠣᠣᠷ᠎ᠠ ᠡᠷᠬᠡ ᠴᠢᠯᠥᠭᠡ ᠶ᠋ᠢ ᠡᠳ᠋ᠯᠡᠬᠦ ᠪᠡᠷ
ᠪᠢ ᠬᠥᠳᠡᠭᠡ ᠨᠤᠲᠤᠭ ᠲᠤ᠌ ᠠᠮᠢᠳᠤᠷᠠᠬᠤ ᠪᠠᠷ ᠶᠠᠪᠤᠯ᠎ᠠ

ᠪᠦᠷᠭᠦᠳ ᠴᠤᠴᠠᠳᠠᠭ ᠠᠯᠲᠠᠢ ᠶ᠋ᠢᠨ ᠢ᠋ᠶ᠋ᠡᠨ ᠰᠠᠯᠬᠢ ᠶ᠋ᠢ ᠵᠠᠯᠭᠢᠨ ᠠᠭᠤᠵᠢᠷᠠᠬᠤ ᠪᠠᠷ
ᠪᠤᠭᠤ ᠣᠷᠣᠮᠳᠠᠳᠠᠭ ᠬᠠᠩᠭᠠᠢ ᠶ᠋ᠢᠨ ᠢ᠋ᠶ᠋ᠡᠨ ᠰᠠᠢᠬᠠᠨ ᠳ᠋ᠤ᠌ ᠨᠢᠳᠦ ᠪᠡᠨ ᠤᠰᠤᠯᠠᠬᠤ ᠪᠠᠷ
ᠦᠶ᠎ᠡ ᠴᠤᠭᠯᠠᠭᠰᠠᠨ ᠪᠠᠭᠤᠷᠢᠨ ᠳ᠋ᠤ᠌ ᠪᠠᠨ ᠬᠡᠦᠬᠡᠳ ᠰᠢᠭ ᠮᠥᠯᠬᠥᠵᠦ ᠡᠷᠬᠡᠯᠡᠬᠦ ᠪᠡᠷ
ᠬᠥᠮᠦᠨ ᠪᠣᠯᠭᠠᠭᠰᠠᠨ ᠠᠪᠤ ᠶ᠋ᠢᠨ ᠢ᠋ᠶ᠋ᠡᠨ ᠠᠷᠢᠭᠤᠨ ᠪᠤᠩᠬᠤᠨ ᠳ᠋ᠤ᠌ ᠣᠢᠷᠠᠲᠤᠬᠤ ᠪᠠᠷ
ᠪᠢ ᠬᠥᠳᠡᠭᠡ ᠨᠤᠲᠤᠭ ᠲᠤ᠌ ᠠᠮᠢᠳᠤᠷᠠᠬᠤ ᠪᠠᠷ ᠶᠠᠪᠤᠯ᠎ᠠ ᠃

   ᠦᠰᠦᠭ ᠠᠮᠢᠯᠠᠭᠤᠯᠤᠭᠴᠢ᠄ ᠬᠠᠷᠠᠭᠳᠠᠨ ᠷ· ᠴᠢᠷᠮᠠᠢᠯᠲᠤ
   ᠦᠰᠦᠭ ᠬᠠᠳᠠᠭᠴᠢ᠄ ᠬᠠᠷᠠᠭᠳᠠᠨ ᠷ· ᠴᠢᠷᠮᠠᠢᠯᠲᠤ
   ᠬᠢᠨᠠᠭᠴᠢ᠄ ᠣᠳᠬᠠᠨᠰᠣ᠎ᠠ᠂ ᠴᠣᠯᠮᠣᠨ