ᠪᠦᠨᠧ ᠰᠦᠨᠧ ᠬᠣᠶᠠᠷ07-ᠰᠡᠭᠦᠯᠲᠦ ᠣᠳᠣ᠌Бүнээ Сүнээ хоёр-Сүүлт од
ᠰᠡᠭᠦᠯᠲᠦ ᠣᠳᠣ
※ ᠳᠠᠭᠤᠤ ᠄※
ᠬᠥᠯᠭᠡ ᠣᠩᠭᠣᠴᠠ ᠲᠠᠢ ᠨᠠᠢᠵᠠ ᠲᠠᠢ ᠪᠠᠨ
ᠬᠥᠭᠡᠷᠦᠬᠦᠨ ᠳᠡᠯᠡᠬᠡᠢ ᠲᠡᠢ ᠪᠡᠨ ᠲᠠᠨᠢᠯᠴᠠᠯ᠎ᠠ
ᠬᠦᠰᠡᠯ ᠨᠢᠭᠡᠲᠡᠢ ᠨᠠᠢᠵᠠ ᠲᠠᠢ ᠪᠠᠨ
ᠬᠣᠷᠸ᠎ᠠ ᠶᠢᠷᠲᠢᠨᠴᠦ ᠲᠡᠢ ᠪᠡᠨ ᠪᠢ ᠲᠠᠨᠢᠯᠴᠠᠯ᠎ᠠ
ᠣᠯᠠᠨ ᠥᠩᠭᠡ ᠪᠡᠷ ᠪᠢ ᠵᠢᠷᠤᠨ᠎ᠠ ᠳᠠ
ᠣᠷᠴᠢᠯᠠᠩ ᠳᠡᠯᠡᠬᠡᠢ ᠪᠡᠨ ᠪᠢ ᠬᠠᠢᠷᠠᠯᠠᠨ᠎ᠠ
ᠣᠨᠴᠠᠭᠠᠢ ᠰᠠᠢᠬᠠᠨ ᠨᠠᠢᠵᠠ ᠲᠠᠢ ᠪᠠᠨ
ᠣᠳᠣᠨ ᠭᠠᠷᠠᠭ ᠶᠢᠷᠲᠢᠨᠴᠦ ᠪᠡᠷ ᠪᠢᠳᠡ ᠠᠶᠠᠯᠠᠨ᠎ᠠ
ᠬᠠᠢ ! ᠨᠠᠢᠵᠠ ᠪᠣᠯᠤᠯᠴᠠᠵᠤ ᠬᠠᠮᠲᠤ ᠠᠶᠠᠯᠠᠶ᠎ᠠ
ᠬᠠᠢ ! ᠨᠠᠢᠵᠠ ᠨᠤᠭᠤᠳ ᠪᠣᠯᠵᠤ ᠬᠠᠮᠲᠤ ᠳᠠᠭᠤᠯᠠᠶ᠎ᠠ !
ᠠᠳᠠᠯ ᠶᠠᠪᠤᠳᠠᠯ ᠢ᠋ᠶ᠋ᠠᠷ ᠠᠶᠠᠯᠠᠶ᠎ᠠ
ᠠᠨᠳᠠ ᠨᠠᠢᠵᠠ ᠨᠤᠭᠤᠳ ᠠ᠋
ᠪᠦᠨᠧ ᠰᠦᠨᠧ ᠲᠣᠪᠢ ᠲᠠᠢ
ᠨᠠᠢᠵᠠ ᠨᠤᠭᠤᠳ ᠠ᠋
ᠪᠦᠨᠧ ᠰᠥᠨᠧ ᠬᠣᠶᠠᠷ
ᠰᠡᠭᠦᠯᠲᠦ ᠣᠳᠣ
ᠳᠣᠯᠣᠳᠤᠭᠠᠷ ᠠᠩᠭᠢ
ᠲᠣᠪᠢ᠄ ᠪᠢᠳᠡ ᠣᠢᠷᠠᠳᠴᠤ ᠪᠠᠢᠨ᠎ᠠ᠂ ᠲᠠ ᠬᠣᠶᠠᠷ ᠳᠠᠯᠠᠢ ᠸᠠᠩ ᠮᠠᠲ᠋ᠧᠮᠠᠲ᠋ᠢᠭᠴᠢᠳ(ᠲᠣᠭᠠᠨ ᠤ᠋ ᠤᠬᠠᠭᠠᠨᠲᠠᠳ) ᠨᠡᠭᠡᠭᠡᠭᠰᠡᠨ ᠭᠡᠳᠡᠭ ᠢ᠋ ᠮᠡᠳᠡᠬᠦ ᠤᠤ?
ᠪᠦᠨᠧ᠄ ᠲᠡᠢᠮᠦ ᠤᠤ?
ᠲᠣᠪᠢ᠄ ᠱᠢᠭᠤᠷᠭᠠᠲᠣ ᠭᠠᠷᠠᠭ ᠭᠡᠵᠦ ᠨᠡᠷᠡᠯᠡᠳᠡᠭ ᠶᠦᠮ
ᠪᠦᠨᠧ᠄ ᠭᠦᠦᠭ᠂ ᠲᠩᠷᠢ ᠰᠢᠭ ᠴᠡᠩᠬᠡᠷ ᠥᠩᠭᠡ ᠲᠡᠢ ᠶᠦᠮ ᠪᠠᠢᠨ᠎ᠠ
ᠰᠥᠨᠧ᠄ ᠠ᠋ ᠬᠡᠩ
ᠺᠣᠮᠫᠢᠦ᠋ᠲ᠋ᠧᠷ᠄ ᠳᠠᠯᠠᠢ ᠶ᠋ᠢᠨ ᠸᠠᠩ ᠨᠢ ᠨᠠᠷᠠᠨ ᠤ᠋ ᠠᠢᠮᠠᠭ ᠤ᠋ᠨ ᠨᠠᠢᠮᠠᠳᠠᠬᠢ ᠭᠠᠷᠠᠭ ᠶᠤᠮ᠂ ᠬᠡᠮᠵᠢᠶ᠎ᠡ ᠪᠡᠷ ᠢ᠋ᠶ᠋ᠡᠨ ᠳᠥᠷᠪᠡᠳᠡᠬᠢ᠂ ᠮᠠᠰ ᠢ᠋ᠶ᠋ᠠᠷ ᠢ᠋ᠶ᠋ᠠᠨ ᠭᠤᠷᠪᠠᠳᠠᠬᠢ ᠲᠣᠮᠣ ᠭᠠᠷᠠᠭ ᠲᠤ᠌ ᠲᠣᠭᠠᠴᠠᠭᠳᠠᠨ᠎ᠠ᠂ ᠳᠠᠯᠠᠢ ᠶ᠋ᠢᠨ ᠸᠠᠩ ᠨᠢ ᠬᠠᠵᠠᠭᠤᠳᠠᠬᠢ ᠨᠢᠭᠲᠠ ᠠᠷᠠᠢ ᠪᠠᠭᠠᠲᠠᠢ ᠲᠩᠷᠢ ᠶ᠋ᠢᠨ ᠸᠠᠩ ᠭᠠᠷᠠᠭ ᠠ᠋ᠴᠠ ᠢᠯᠡᠭᠦᠦ᠂ ᠳᠡᠯᠡᠬᠡᠢ ᠡᠴᠡ ᠠᠷᠪᠠᠨ ᠳᠣᠯᠣᠭ᠎ᠠ ᠳᠠᠬᠢᠨ ᠶᠡᠬᠡ ᠮᠠᠰ ᠲᠠᠢ᠂ ᠲᠤᠰ ᠭᠠᠷᠠᠭ ᠨᠢ ᠨᠠᠷᠠ ᠶ᠋ᠢ ᠣᠢᠷᠠᠯᠴᠠᠭ᠎ᠠ ᠪᠠᠷ ᠭᠤᠴᠢ ᠠᠷᠪᠠᠨ ᠤ᠋ ᠨᠢᠭᠡ ᠠᠰᠲ᠋ᠷᠤᠨᠤᠮᠢ ᠨᠢᠭᠡᠴᠢ(30.1au) ᠶᠢᠨ ᠵᠠᠢ ᠳ᠋ᠤ᠌ ᠲᠣᠭᠣᠷᠢᠨ᠎ᠠ᠂ ᠲᠩᠷᠢ ᠶ᠋ᠢᠨ ᠸᠠᠩ ᠭᠠᠷᠠᠭ ᠤ᠋ᠨ ᠣᠷᠪᠢᠲ ᠪᠠᠭ᠎ᠠ ᠵᠡᠷᠭᠡ ᠪᠠᠢᠭᠰᠠᠨ ᠢ᠋ ᠦᠨᠳᠦᠰᠦᠯᠡᠨ ᠳᠠᠯᠠᠢ ᠶ᠋ᠢᠨ ᠸᠠᠩ ᠭᠠᠷᠠᠭ ᠨᠢ ᠠᠵᠢᠭᠯᠠᠯᠲᠠ ᠪᠠᠷ ᠪᠤᠰᠤ ᠮᠠᠲ᠋ᠧᠮᠠᠲ᠋ᠢᠭ ᠲᠣᠭᠠᠴᠠᠭ᠎ᠠ ᠪᠠᠷ ᠣᠯᠳᠠᠭᠰᠠᠨ ᠠᠩᠬᠠᠨ ᠤ᠋ ᠭᠠᠷᠠᠭ ᠪᠣᠯᠵᠠᠢ᠂ ᠡᠨᠡ ᠦᠶ᠎ᠡ ᠳ᠋ᠦ᠍ ᠨᠢ ᠬᠠᠮᠤᠭ ᠤ᠋ᠨ ᠲᠣᠮᠣ ᠳᠠᠭᠠᠭᠤᠯᠢ ᠪᠣᠯᠬᠤ ᠲᠷᠢᠲ᠋ᠣᠨ ᠨᠡᠭᠡᠭᠡᠭᠳᠡᠭᠰᠡᠨ ᠪᠠᠢᠨ᠎ᠠ᠂ ᠳᠠᠯᠠᠢ ᠶ᠋ᠢᠨ ᠸᠠᠩ ᠳ᠋ᠤ᠌ ᠣᠴᠢᠭᠰᠠᠨ ᠭᠠᠭᠴᠠ ᠰᠠᠨᠰᠠᠷ ᠤ᠋ᠨ ᠬᠥᠯᠭᠡ ᠨᠢ ᠮᠢᠩᠭ᠎ᠠ ᠶᠢᠰᠦᠨ ᠵᠠᠭᠤ ᠨᠠᠶᠠᠨ ᠶᠢᠰᠦᠨ ᠣᠨ ᠤ᠋ ᠨᠠᠢ᠍ᠮᠠᠳᠤᠭᠠᠷ ᠰᠠᠷ᠎ᠠ ᠶ᠋ᠢᠨ ᠬᠣᠷᠢᠨ ᠲᠠᠪᠤᠨ ᠳ᠋ᠤ᠌ ᠣᠴᠢᠭᠰᠠᠨ ᠪᠣᠶᠠᠵᠸᠷ --2 ᠪᠠᠢᠵᠠᠢ᠃ ᠳᠠᠯᠠᠢ ᠶ᠋ᠢᠨ ᠸᠠᠩ ᠨᠢ ᠪᠦᠲᠦᠴᠡ ᠪᠡᠷ ᠢ᠋ᠶ᠋ᠡᠨ ᠲᠩᠷᠢ ᠶ᠋ᠢᠨ ᠸᠠᠩ ᠲᠠᠢ ᠲᠥᠰᠲᠡᠢ ᠪᠥᠭᠡᠳ ᠪᠤᠰᠤᠳ ᠬᠡᠢ ᠶ᠋ᠢᠨ ᠭᠠᠷᠠᠭ ᠪᠷᠠᠬᠠᠰᠪᠠᠳᠢ᠂ ᠰᠠᠨᠢᠴᠠᠷ ᠠ᠋ᠴᠠ ᠢᠯᠭᠠᠭ᠎ᠠ ᠲᠠᠢ᠂ᠠᠲ᠋ᠮᠤᠰᠹᠸᠷ ᠨᠢ ᠪᠷᠠᠬᠠᠰᠪᠠᠳᠢ᠂ ᠰᠠᠨᠢᠴᠠᠷ ᠲᠠᠢ ᠢᠵᠢᠯ᠂ ᠤᠰᠤᠲᠥᠷᠥᠭᠴᠢ᠂ ᠾᠧᠯᠢ᠂ ᠮᠥᠨ ᠮᠠᠰᠢ ᠪᠠᠭ᠎ᠠ ᠬᠡᠮᠵᠢᠶᠡᠨ ᠦ᠌ ᠨᠡᠭᠦᠷᠡᠰᠦᠲᠥ᠋ᠷᠥᠭᠴᠢ᠂ ᠠᠽᠣᠲ ᠠ᠋ᠴᠠ ᠡᠬᠢ ᠨᠢᠭᠡᠲᠡᠢ ᠲᠣᠭᠲᠠᠭᠴᠢ ᠤᠰᠤ᠂ ᠠᠮᠮᠣᠨᠢ᠂ ᠮᠸᠲ᠋ᠡᠨ ᠵᠡᠷᠭᠡ ᠮᠥᠰᠥ ᠨᠦ᠍ᠭᠦᠳ ᠶᠡᠬᠡ ᠲᠡᠢ ᠪᠡᠷ ᠢ᠋ᠶ᠋ᠡᠨ ᠣᠨᠴᠠᠯᠠᠬᠤ ᠶᠤᠮ᠃
ᠡᠳᠡᠭᠡᠷ ᠢᠯᠭᠠᠭ᠎ᠠ ᠶ᠋ᠢ ᠭᠠᠷᠭᠠᠬᠤ ᠶ᠋ᠢᠨ ᠲᠤᠯᠠᠳᠠ ᠣᠳᠣᠨ ᠣᠷᠣᠨ ᠰᠤᠳᠤᠯᠤᠭᠠᠴᠢᠳ ᠵᠠᠷᠢᠮ ᠳ᠋ᠤ᠌ ᠪᠠᠨ ᠳᠠᠯᠠᠢ ᠶ᠋ᠢᠨ ᠸᠠᠩ᠂ ᠲᠩᠷᠢ ᠶ᠋ᠢᠨ ᠸᠠᠩ ᠂ ᠮᠥᠰᠥᠨ ᠭᠠᠷᠠᠭ ᠤ᠋ᠳ ᠭᠡᠮᠡᠨ ᠠᠩᠭᠢᠯᠠᠳᠠᠭ᠂ ᠴᠥᠮ᠎ᠡ ᠨᠢ ᠮᠥᠰᠥ ᠴᠢᠯᠠᠭᠤᠯᠢᠭ ᠢ᠋ᠶ᠋ᠠᠷ ᠲᠣᠭᠲᠠᠳᠠᠭ᠂ ᠭᠠᠷᠠᠭ ᠤ᠋ᠨ ᠬᠥᠬᠡ ᠥᠩᠭᠡ ᠨᠢ ᠬᠠᠮᠤᠭ ᠤ᠋ᠨ ᠭᠠᠳᠠᠨᠠᠬᠢ ᠬᠡᠰᠡᠭ ᠲᠦ᠍ ᠨᠢ ᠪᠠᠢᠬᠤ ᠮᠠᠰᠢ ᠶᠡᠬᠡ ᠬᠡᠮᠵᠢᠶᠡᠨ ᠦ᠌ ᠮᠸᠲ᠋ᠡᠨ ᠡᠴᠡ ᠰᠢᠯᠲᠠᠭᠠᠯᠠᠨ᠎ᠠ᠂ᠳᠠᠯᠠᠢ ᠶ᠋ᠢᠨ ᠸᠠᠩ ᠨᠢ ᠮᠠᠰᠢ ᠪᠦᠳᠡᠭᠢ ᠡᠮᠲᠡᠷᠬᠡᠢ ᠴᠠᠭᠠᠷᠢᠭ ᠤ᠋ᠨ ᠰᠢᠰᠲ᠋ᠧᠮ ᠲᠡᠢ᠃
ᠲᠣᠪᠢ᠄ ᠳᠠᠯᠠᠢ ᠶ᠋ᠢᠨ ᠸᠠᠩ ᠤ᠋ᠨ ᠳ᠋ᠢᠶᠠᠮᠧᠲᠷ ᠳ᠋ᠢᠶᠠᠮᠧᠲ᠋ᠷ ᠨᠢ ᠳᠡᠯᠡᠬᠡᠢ ᠡᠴᠡ ᠳᠥᠷᠪᠡ ᠳᠠᠬᠢᠨ ᠲᠣᠮᠣ᠃ ᠨᠢᠭᠡ ᠡᠳᠦᠷ ᠦᠷᠭᠦᠯᠵᠢᠯᠡᠬᠦ ᠬᠤᠭᠤᠴᠠᠭ᠎ᠠ ᠨᠢ ᠠᠷᠪᠠᠨ ᠵᠢᠷᠭᠤᠭᠠᠨ ᠴᠠᠭ ᠳᠣᠯᠣᠭᠠᠨ ᠮᠢᠨᠦ᠋ᠲ᠂ ᠬᠠᠷᠢᠨ ᠨᠠᠷᠠ ᠶ᠋ᠢ ᠲᠣᠭᠣᠷᠢᠬᠤ ᠬᠤᠭᠤᠴᠠᠭ᠎ᠠ ᠨᠢ ᠵᠠᠭᠤ ᠵᠢᠷᠠᠨ ᠲᠠᠪᠤᠨ ᠵᠢᠯ ᠪᠠᠢᠳᠠᠭ᠃
ᠰᠥᠨᠧ᠄ ᠬᠦ᠁ᠬᠦ᠁ᠡᠨᠳᠡ ᠶᠠᠭᠠᠬᠢᠭᠠᠳ ᠡᠢᠮᠦ ᠬᠦᠢᠲᠡᠨ ᠪᠠᠢᠭ᠎ᠠ ᠶᠤᠮ ᠪᠣᠢ?
ᠪᠦᠨᠧ᠄ ᠠ᠋᠁ ᠲᠢ ᠲᠢ ᠲᠢ᠁ ᠨᠡᠭᠡᠷᠡᠨ ᠬᠦᠢᠲᠡᠨ ᠪᠠᠢᠨ᠎ᠠ ᠰᠢᠦ!
ᠲᠣᠪᠢ᠄ ᠭᠠᠳᠠᠷᠭᠤ ᠠᠭᠠᠷ ᠤ᠋ᠨ ᠭᠡᠮ ᠨᠢ ᠬᠠᠰᠤᠬᠤ ᠬᠣᠶᠠᠷ ᠵᠠᠭᠤ ᠠ᠋ᠴᠠ ᠳᠡᠭᠡᠭᠰᠢ ᠪᠠᠢᠨ᠎ᠠ᠂ ᠲᠡᠭᠡᠬᠦ ᠪᠡᠷ ᠲᠠ ᠬᠣᠶᠠᠷ ᠲᠠᠭᠠᠷᠠᠬᠤ ᠨᠢ ᠠᠷᠭ᠎ᠠ ᠦᠭᠡᠢ
ᠰᠦᠨᠧ᠄ ᠬᠥᠶᠢ! ᠲᠡᠭᠦᠨ ᠢ᠋ ᠬᠠᠷ᠎ᠠ ᠳᠠ᠂ ᠳᠠᠭᠠᠭᠤᠯᠢ ᠨᠤᠭᠤᠳ ᠨᠢ ᠨᠢᠭᠡ ᠶᠡᠬᠡ ᠰᠣᠨᠢᠨ ᠡᠷᠭᠢᠭᠡᠳ ᠪᠠᠢᠬᠤ ᠶᠤᠮ᠃
ᠲᠣᠪᠢ᠄ ᠡᠨᠡ ᠳᠠᠭᠠᠭᠤᠯᠢ ᠨᠤᠭᠤᠳ ᠨᠢ ᠡᠰᠡᠷᠭᠦ ᠵᠦᠭ ᠡᠷᠭᠢᠳᠡᠭ ᠣᠨᠴᠠᠯᠢᠭ ᠲᠠᠢ ᠭᠠᠷᠠᠭ ᠯᠠ ᠳᠠ
ᠪᠦᠨᠧ᠄ ᠥ᠁ ᠲᠡᠢᠮᠦ ᠤᠤ? ᠲᠡᠭᠡᠪᠡᠯ ᠪᠤᠰᠤᠳ ᠭᠠᠷᠠᠭ ᠲᠠᠢ ᠮᠥᠷᠭᠥᠯᠳᠦᠬᠦ ᠡᠴᠡ ᠪᠡᠨ ᠠᠶᠤᠳᠠᠭ ᠪᠠᠢᠬ᠎ᠠ
ᠲᠣᠪᠢ᠄ ᠣᠳᠣ ᠲᠠ ᠬᠣᠶᠠᠷ ᠢ᠋ ᠨᠠᠷᠠᠨ ᠤ᠋ ᠠᠢᠮᠠᠭ ᠲᠤ᠌ ᠪᠠᠭᠲᠠᠳᠠᠭ ᠦᠭᠡᠢ ᠨᠢᠭᠡᠨ ᠵᠢᠵᠢᠭ ᠭᠠᠷᠠᠭ ᠲᠠᠢ ᠲᠠᠨᠢᠯᠴᠠᠭᠤᠯᠤᠶ᠎ᠠ
ᠪᠦᠨᠧ᠄ ᠵᠠ
ᠰᠦᠨᠧ᠄ ᠲᠡᠷᠡ ᠴᠢᠨᠢ ᠫᠦᠯᠥᠲ᠋ᠥ (pludo) ᠮᠥᠨ ᠪᠢᠵᠡ ᠳᠡ
ᠪᠦᠨᠧ᠄ ᠠ᠁
ᠰᠦᠨᠧ᠄ ᠪᠢ ᠬᠢᠴᠢᠶᠡᠯ ᠳᠡᠭᠡᠷ᠎ᠡ ᠪᠡᠨ ᠡᠨᠡ ᠭᠠᠷᠠᠭ ᠤ᠋ᠨ ᠲᠤᠬᠠᠢ ᠦᠵᠡᠵᠦ ᠪᠠᠢᠭᠰᠠᠨ ᠠ᠋
ᠪᠦᠨᠧ᠄ ᠶᠠᠭᠠᠬᠢᠭᠠᠳ ᠨᠠᠷᠠᠨ ᠤ᠋ ᠠᠢᠮᠠᠭ ᠲᠤ᠌ ᠣᠷᠣᠳᠠᠭ ᠦᠭᠡᠢ ᠭᠡᠵᠢ?
ᠲᠣᠪᠢ᠄ ᠨᠠᠷᠠᠨ ᠤ᠋ ᠠᠢᠮᠠᠭ ᠲᠤ᠌ ᠬᠠᠮᠢᠶᠠᠷᠤᠭᠤᠯᠬᠤ ᠦᠭᠡᠢ ᠬᠡᠳᠦ ᠬᠡᠳᠦᠨ ᠦᠨᠳᠦᠰᠦᠯᠡᠯ ᠪᠠᠢᠳᠠᠭ ᠶᠤᠮ᠃
ᠨᠢᠭᠡ ᠳ᠋ᠦ᠍᠂ ᠭᠠᠷᠠᠭ ᠪᠣᠯ ᠨᠠᠷᠠ ᠶ᠋ᠢ ᠲᠣᠭᠣᠷᠢᠬᠤ ᠤᠴᠢᠷ ᠲᠠᠢ᠂ ᠶᠠᠭᠠᠬᠢᠭᠠᠳ ᠭᠡᠪᠡᠯ᠂ ᠨᠠᠷᠠᠨ ᠤ᠋ ᠰᠢᠰᠲ᠋ᠧᠮ ᠨᠢ ᠨᠢᠭᠡᠨ ᠲᠩᠷᠢ ᠡᠷᠬᠡᠰᠢᠶᠡᠨᠡ
ᠬᠣᠶᠠᠷ ᠲᠤ᠌᠂ ᠭᠠᠷᠠᠭ ᠨᠢ ᠵᠠᠪᠠᠯ ᠲᠠᠲᠠᠯᠴᠠᠬᠤ ᠬᠦᠴᠦ ᠲᠡᠢ ᠪᠠᠢᠬᠤ ᠶᠣᠰᠣᠲᠠᠢ
ᠭᠤᠷᠪᠠ ᠳ᠋ᠤ᠌ ᠨᠢ᠂ ᠭᠠᠷᠠᠭ ᠨᠢ ᠪᠤᠰᠤᠳ ᠣᠢᠷᠠᠯᠴᠠᠭ᠎ᠠ ᠭᠠᠷᠠᠭ ᠤ᠋ᠳ ᠲᠤ᠌ ᠬᠠᠷᠠᠭᠳᠠᠬᠤ ᠲᠣᠭᠣᠷᠢᠭ ᠵᠠᠮ ᠳ᠋ᠤ᠌ ᠣᠷᠣᠬᠤ ᠶᠣᠰᠣᠲᠠᠢ᠂ ᠡᠨᠡ ᠠᠢᠮᠠᠭ ᠢ᠋ ᠠᠩᠬ᠎ᠠ ᠵᠠᠭᠤ ᠭᠤᠴᠢᠨ ᠳᠥᠷᠪᠡᠨ ᠮᠢᠩᠭ᠎ᠠ ᠭᠤᠷᠪᠠᠨ ᠵᠠᠭᠤ ᠳᠥᠴᠢ ᠭᠡᠳᠡᠭ ᠪᠠᠢᠭᠰᠠᠨ ᠶᠤᠮ᠂ ᠭᠡᠬᠦ ᠳ᠋ᠦ᠍ ᠪᠡᠨ ᠨᠡᠷ᠎ᠡ ᠶ᠋ᠢ ᠨᠢ ᠥᠭᠡᠷᠡᠴᠢᠯᠡᠭᠰᠡᠨ ᠬᠠᠷᠢᠨ ᠪᠤᠰᠤᠳ ᠲᠣᠭ᠎ᠠ ᠨᠢ ᠥᠪᠡᠷᠰᠡᠳ ᠢ᠋ᠶ᠋ᠡᠨ ᠴᠠᠷᠤᠨ(Charon) ᠭᠡᠳᠡᠭ ᠳᠠᠭᠠᠭᠤᠯᠢ ᠭᠠᠷᠠᠭ ᠲᠠᠢ
ᠪᠦᠨᠧ᠄ ᠡᠨᠡ ᠬᠣᠶᠠᠷ ᠭᠠᠷᠠᠭ ᠤ᠋ᠨ ᠬᠣᠭᠣᠷᠣᠨᠳᠣᠬᠢ ᠵᠠᠢ ᠨᠢ ᠬᠣᠯᠠ ᠤᠤ?
ᠲᠣᠪᠢ᠄ ᠠᠷᠪᠠᠨ ᠶᠢᠰᠦᠨ ᠮᠢᠩᠭ᠎ᠠ ᠵᠢᠷᠭᠤᠭᠠᠨ ᠵᠠᠭᠤ ᠳᠥᠴᠢᠨ ᠺᠢᠯᠣᠮᠧᠲ᠋ᠷ᠂ ᠲᠡᠷᠡ ᠨᠢ ᠰᠠᠷ᠎ᠠ ᠳᠡᠯᠡᠬᠡᠢ ᠬᠣᠶᠠᠷ ᠤ᠋ᠨ ᠬᠣᠭᠣᠷᠣᠨᠳᠣᠬᠢ ᠵᠠᠢ ᠶ᠋ᠢ ᠬᠣᠷᠢ ᠬᠤᠪᠢᠶᠠᠭᠰᠠᠨ ᠤ᠋ ᠨᠢᠭᠡ ᠲᠡᠢ ᠲᠡᠩᠴᠡᠭᠦᠦ ᠭᠡᠰᠡᠨ ᠦᠭᠡ
ᠰᠥᠨᠧ᠄ ᠭᠠᠭᠴᠠᠬᠠᠨ ᠳᠠᠭᠠᠭᠤᠯᠢ ᠲᠠᠢ ᠭᠡᠬᠦ ᠪᠡᠷ ᠭᠤᠨᠢᠭᠲᠠᠢ ᠰᠠᠨᠠᠭᠳᠠᠵᠤ ᠪᠠᠢᠨ᠎ᠠ ᠰᠢᠦ
ᠪᠦᠨᠧ᠄ ᠡᠨᠡ ᠭᠠᠷᠠᠭ ᠲᠡᠭᠡᠪᠡᠯ ᠬᠢᠷᠢ ᠲᠣᠮᠣ ᠪᠣᠢ?
ᠲᠣᠪᠢ᠄ᠳ᠋ᠢᠶᠠᠮᠧᠲ᠋ᠷ ᠨᠢ ᠳᠡᠯᠡᠬᠡᠢ ᠶ᠋ᠢᠨ ᠲᠠᠪᠤᠨ ᠤ᠋ ᠨᠢᠭᠡ ᠲᠠᠢ ᠯᠠ ᠲᠡᠩᠴᠡᠭᠦᠦ᠂ ᠨᠠᠷᠠᠨ ᠤ᠋ ᠢᠳᠡᠪᠬᠢᠵᠢᠯ ᠶᠡᠬᠡᠰᠴᠦ ᠪᠠᠢᠨ᠎ᠠ᠂ ᠬᠤᠷᠳᠤᠨ ᠬᠣᠯᠠᠳᠴᠠᠭᠠᠶᠠ!
ᠰᠦᠨᠧ᠄ ᠲᠡᠷᠡ ᠶᠠᠭᠤ ᠪᠣᠢ
ᠪᠦᠨᠧ᠄ ᠠᠯᠢ? ᠦ᠁ ᠰᠦᠨᠡᠰᠦ ᠶᠦᠮ ᠪᠢᠰᠢ ᠤᠤ?
ᠲᠣᠪᠢ᠄ ᠡᠨᠡ ᠰᠦᠨᠡᠰᠦ ᠪᠢᠰᠢ ᠠ᠋᠂ ᠰᠡᠭᠦᠯᠲᠦ ᠣᠳᠣ ᠨᠤᠭᠤᠳ ᠪᠠᠢᠨ᠎ᠠ
ᠰᠦᠨᠧ᠄ ᠠ᠁
ᠪᠦᠨᠧ᠄ ᠰᠡᠭᠦᠯᠲᠦ ᠣᠳᠣ ᠭᠡᠵᠦ ᠶᠠᠭᠤ ᠶᠤᠮ?
ᠺᠣᠮᠫᠢᠦ᠋ᠲ᠋ᠧᠷ᠄ ᠰᠡᠭᠦᠯᠲᠦ ᠣᠳᠣ ᠨᠢ ᠣᠭᠲᠠᠷᠭᠤᠢ ᠶ᠋ᠢᠨ ᠦᠵᠡᠭᠳᠡᠯ ᠦ᠋ᠳ ᠦ᠋ᠨ ᠨᠢᠭᠡ ᠪᠥᠭᠡᠳ ᠰᠥᠨᠢ ᠲᠩᠷᠢ ᠳ᠋ᠦ᠍ ᠭᠡᠷᠡᠯ ᠦ᠋ᠨ ᠴᠠᠭ ᠪᠣᠢ ᠪᠣᠯᠵᠤ ᠲᠣᠳᠣᠷᠬᠠᠢ ᠵᠠᠢ ᠶ᠋ᠢ ᠲᠤᠭᠤᠯᠤᠭᠰᠠᠨ ᠤ᠋ ᠪᠠᠨ ᠳᠠᠷᠠᠭ᠎ᠠ ᠬᠠᠷᠠᠭᠳᠠᠬᠤ ᠪᠠᠨ ᠪᠣᠯᠢᠬᠤ ᠦᠵᠡᠭᠳᠡᠯ ᠶᠦᠮ᠂ ᠦᠨᠡᠨ ᠰᠢᠯᠲᠠᠭᠠᠨ ᠨᠢ ᠮᠢᠲ᠋ᠢᠤᠷᠤᠸᠸᠲ (meteoroid) ᠭᠡᠳᠡᠭ ᠨᠠᠷᠠ ᠶ᠋ᠢ ᠲᠣᠭᠣᠷᠢᠨ ᠡᠷᠭᠢᠯᠳᠦᠬᠦ ᠵᠢᠵᠢᠭ ᠪᠡᠶᠡᠲᠦ ᠨᠦ᠍ᠭᠦᠳ ᠳᠡᠯᠡᠬᠡᠢ ᠶ᠋ᠢᠨ ᠪᠤᠶᠤ ᠪᠤᠰᠤᠳ ᠭᠠᠷᠠᠭ ᠡᠷᠬᠡᠰ ᠦ᠋ᠨ ᠠᠭᠠᠷ ᠮᠠᠨᠳᠠᠯ ᠳ᠋ᠤ᠌ ᠣᠷᠣᠵᠤ ᠴᠢᠳᠠᠭᠰᠠᠨ ᠠ᠋ᠴᠠ ᠪᠣᠯᠵᠤ ᠭᠡᠷᠡᠯ ᠡᠭᠦᠰᠳᠡᠭ ᠢ᠋ᠶ᠋ᠡᠷ ᠲᠠᠢᠯᠪᠤᠷᠢᠯᠠᠭᠳᠠᠨᠠ᠃
ᠰᠦᠨᠧ᠄ ᠪᠢ ᠾᠧᠯᠢ ᠶ᠋ᠢᠨ ᠰᠡᠭᠦᠯᠲᠦ ᠣᠳᠣ ᠯᠠ ᠭᠡᠵᠦ ᠰᠣᠨᠣᠰᠤᠭᠰᠠᠨ ᠶᠤᠮ ᠪᠠᠢᠨ᠎ᠠ
ᠲᠣᠪᠢ᠄ ᠾᠧᠯᠢ ᠶ᠋ᠢᠨ ᠰᠡᠭᠦᠯᠲᠦ ᠣᠳᠣ ᠨᠢ ᠬᠠᠮᠤᠭ ᠤ᠋ᠨ ᠠᠩᠬ᠎ᠠ ᠰᠤᠳᠤᠯᠤᠭᠳᠠᠭᠰᠠᠨ ᠰᠡᠭᠦᠯᠲᠦ ᠣᠳᠣ᠂ ᠾᠧᠯᠢ ᠶ᠋ᠢᠨ ᠰᠡᠭᠦᠯᠲᠦ ᠣᠳᠣ ᠨᠢ ᠳᠠᠯᠠᠨ ᠵᠢᠷᠭᠤᠭᠠᠨ ᠵᠢᠯ ᠳ᠋ᠦ᠍ ᠭᠠᠭᠴᠠ ᠬᠠᠷᠠᠭᠳᠠᠳᠠᠭ ᠪᠥᠭᠡᠳ ᠡᠨᠡ ᠦᠶ᠎ᠡ ᠳ᠋ᠦ᠍ ᠨᠢ 30ᠮᠢᠨᠦ᠋ᠲ ᠯᠡ ᠰᠤᠳᠤᠯᠬᠤ ᠪᠣᠯᠤᠮᠵᠢ ᠲᠠᠢ ᠃
ᠪᠦᠨᠧ᠄ ᠬᠥᠥᠭ᠁ ᠲᠡᠷᠡ ᠶᠠᠭᠤ ᠪᠣᠢ?
ᠲᠣᠪᠢ᠄ ᠠ᠁ ᠡᠨᠡ ᠤᠤ?
ᠪᠦᠨᠧ᠄ ᠠ ᠂ᠬᠠ᠁
ᠲᠣᠪᠢ᠄ ᠡᠨᠡ ᠪᠣᠯ ᠰᠣᠯᠢᠷ ᠤ᠋ᠳ᠂ᠡᠰᠡᠪᠡᠯ ᠣᠳᠣ ᠬᠠᠷᠪᠤᠵᠤ ᠪᠠᠢᠨ᠎ᠠ
ᠺᠣᠮᠫᠢᠦ᠋ᠲ᠋ᠧᠷ᠄ ᠭᠠᠷᠠᠭ ᠬᠣᠭᠣᠷᠣᠨᠳᠣ ᠶ᠋ᠢᠨ ᠣᠷᠣᠨ ᠵᠠᠢ ᠳ᠋ᠤ᠌ ᠶᠠᠩᠵᠤ ᠪᠦᠷᠢ ᠶ᠋ᠢᠨ ᠨᠠᠰᠤ ᠪᠦᠬᠦᠢ ᠡᠯᠳᠡᠪ ᠲᠥᠷᠥᠯ ᠦ᠋ᠨ ᠲᠣᠭᠣᠰᠣ ᠰᠢᠷᠣᠢ᠂ ᠲᠣᠮᠣ ᠵᠢᠵᠢᠭ ᠬᠠᠲᠠᠭᠤ ᠪᠡᠶᠡᠲᠦ ᠨᠦ᠍ᠭᠦᠳ ᠣᠷᠣᠰᠢᠳᠠᠭ᠂ ᠡᠨᠡ ᠪᠣᠯ ᠰᠣᠯᠢᠷ ᠶᠤᠮ᠃ ᠰᠣᠯᠢᠷ ᠢ᠋ ᠳᠣᠲᠣᠷ᠎ᠠ ᠨᠢ ᠭᠤᠷᠪᠠ ᠠᠩᠭᠢᠯᠠᠨ᠎ᠠ᠂ ᠡᠭᠦᠨ ᠳ᠋ᠦ᠍᠂ ᠰᠣᠯᠢᠷ ᠤ᠋ᠨ ᠪᠡᠶᠡᠲᠦ ᠨᠦ᠍ᠭᠦᠳ᠂ ᠰᠠᠨᠰᠠᠷ ᠤ᠋ᠨ ᠣᠷᠣᠨ ᠵᠠᠢ ᠳ᠋ᠤ᠌ ᠪᠠᠢᠭ᠎ᠠ ᠲᠣᠭᠣᠰᠣᠨ ᠤ᠋ ᠬᠤᠷᠠᠮᠳᠤᠯ ᠪᠤᠶᠤ ᠴᠢᠯᠠᠭᠤᠯᠢᠭ ᠤ᠋ᠨ ᠬᠡᠯᠲᠡᠷᠬᠡᠢ
ᠳᠣᠯᠢᠷ - ᠬᠡᠢ ᠮᠠᠨᠳᠠᠯ ᠳ᠋ᠤ᠌ ᠣᠷᠣᠵᠤ ᠢᠷᠡᠨ ᠰᠢᠳᠡᠵᠦ ᠪᠠᠢᠭ᠎ᠠ ᠪᠡᠶᠡᠲᠦ ᠶ᠋ᠢᠨ ᠬᠠᠷᠠᠭᠳᠠᠬᠤ ᠬᠡᠰᠡᠭ ᠶᠦᠮ᠃ ᠣᠳᠣ ᠬᠠᠷᠪᠤᠬᠤ ᠨᠢ ᠴᠣᠬᠣᠮ ᠳ᠋ᠠᠭᠠᠨ ᠳᠣᠯᠢᠷ ᠰᠢᠳᠡᠵᠦ ᠪᠠᠢᠭ᠎ᠠ ᠶ᠋ᠢᠨ ᠢᠯᠡᠷᠡᠯ ᠶᠦᠮ᠃
ᠰᠣᠯᠢᠷ - ᠰᠢᠳᠡᠵᠦ ᠳᠠᠭᠤᠰᠤᠯ ᠦᠭᠡᠢ ᠪᠡᠷ ᠳᠡᠯᠡᠬᠡᠢ ᠶ᠋ᠢᠨ ᠭᠠᠳᠠᠷᠭᠤ ᠳᠡᠭᠡᠷ᠎ᠡ ᠤᠨᠠᠵᠤ ᠢᠷᠡᠬᠦ ᠳᠣᠯᠢᠷ ᠤ᠋ᠨ ᠪᠡᠶᠡᠲᠦ ᠶ᠋ᠢ ᠰᠣᠯᠢᠷ ᠭᠡᠳᠡᠭ᠂ ᠰᠣᠯᠢᠷ ᠢ᠋ ᠤᠨᠠᠭᠰᠠᠨ ᠭᠠᠵᠠᠷ ᠤ᠋ᠨ ᠬᠢᠨᠢ ᠨᠡᠷ᠎ᠡ ᠪᠡᠷ ᠭᠣᠣᠯᠳᠠᠭᠤ ᠨᠡᠷᠡᠯᠡᠨ᠎ᠡ᠂ ᠡᠢᠮᠦ ᠵᠠᠮ ᠢ᠋ᠶ᠋ᠠᠷ ᠳᠡᠯᠡᠬᠡᠢ ᠳᠡᠭᠡᠷ᠎ᠡ ᠤᠨᠠᠵᠤ ᠢᠷᠡᠳᠡᠭ ᠬᠣᠶᠠᠷ ᠵᠠᠭᠤᠨ ᠲᠤᠨ ᠣᠷᠴᠢᠮ ᠪᠡᠶᠡᠲᠦ ᠶ᠋ᠢᠨ ᠶᠡᠬᠡᠩᠬᠢ ᠨᠢ ᠲᠣᠭᠣᠰᠣᠨ ᠤ᠋ ᠵᠢᠵᠢᠭ ᠰᠢᠷᠬᠡᠭ ᠲᠡᠳᠦᠢ ᠴᠦ᠍ ᠬᠣᠷᠢ ᠣᠷᠴᠢᠮ ᠨᠢ ᠰᠣᠯᠢᠷ ᠪᠠᠢᠳᠠᠭ᠃ ᠨᠠᠢᠷᠠᠯᠭ᠎ᠠ ᠠ᠋ᠴᠠ ᠨᠢ ᠬᠠᠮᠢᠶᠠᠷᠴᠤ ᠰᠣᠯᠢᠷ ᠢ᠋ ᠭᠤᠷᠪᠠᠨ ᠲᠥᠷᠥᠯ ᠳ᠋ᠦ᠍ ᠬᠤᠪᠢᠶᠠᠳᠠᠭ᠃
ᠨᠢᠭᠡᠳᠦᠭᠡᠷ ᠲᠦ᠍᠂ ᠲᠡᠮᠦᠷ ᠰᠣᠯᠢᠷ - ᠲᠠᠪᠤ ᠠ᠋ᠴᠠ ᠠᠷᠪᠠᠨ ᠬᠤᠪᠢ ᠨᠢ ᠨᠢᠺᠧᠯ ᠠᠭᠤᠯᠤᠭᠰᠠᠨ ᠲᠡᠮᠦᠷᠯᠢᠭ
ᠬᠣᠶᠠᠳᠤᠭᠠᠷ ᠲᠤ᠌᠂ ᠴᠢᠯᠠᠭᠤᠨ ᠰᠣᠯᠢᠷ - ᠰᠧᠯᠧᠺᠼ ᠦ᠋ᠨ ᠲᠥᠷᠥᠯ ᠦ᠋ᠨ ᠡᠷᠦᠳᠡᠰᠦ ᠴᠢᠯᠠᠭᠤᠯᠢᠭ ᠶᠡᠬᠡᠲᠡᠢ
ᠭᠤᠷᠪᠠᠳᠤᠭᠠᠷ ᠲᠤ᠌᠂ ᠬᠣᠯᠢᠮᠠᠭ ᠰᠣᠯᠢᠷ - ᠴᠢᠯᠠᠭᠤᠨ ᠰᠣᠯᠢᠷ ᠶᠡᠬᠡ ᠪᠠᠢᠬᠤ ᠮᠠᠭᠠᠳᠯᠠᠯ ᠲᠠᠢ ᠪᠣᠯᠪᠠᠴᠤ ᠣᠯᠳᠠᠭᠰᠠᠨ ᠰᠣᠯᠢᠷ ᠤ᠋ᠳ ᠶᠡᠬᠡᠩᠬᠢ ᠳ᠋ᠦ᠍ ᠪᠡᠨ ᠲᠡᠮᠦᠷ ᠰᠣᠯᠢᠷ ᠪᠠᠢᠳᠠᠭ᠂ ᠡᠳᠡᠭᠡᠷ ᠪᠡᠶᠡᠲᠦ ᠨᠦ᠍ᠭᠦᠳ ᠨᠢ ᠳᠡᠯᠡᠬᠡᠢ ᠶ᠋ᠢᠨ ᠬᠡᠢ ᠶ᠋ᠢᠨ ᠮᠠᠨᠳᠠᠯ ᠳ᠋ᠤ᠌ ᠴᠠᠭ ᠲᠤ᠌ ᠵᠢᠷᠠᠨ ᠮᠢᠩᠭᠠᠨ ᠺᠢᠯᠣᠮᠧᠲ᠋ᠷ ᠪᠠ ᠲᠡᠭᠦᠨ ᠡᠴᠡ ᠴᠦ᠍ ᠶᠡᠬᠡ ᠬᠤᠷᠳᠤᠴᠠ ᠲᠠᠢ ᠪᠠᠷ ᠣᠷᠣᠵᠤ ᠢᠷᠡᠨ ᠠᠭᠠᠷ ᠤ᠋ᠨ ᠥᠷᠥᠯᠲᠡ ᠶ᠋ᠢᠨ ᠤᠯᠠᠮ ᠠ᠋ᠴᠠ ᠬᠠᠢᠯᠵᠤ ᠰᠢᠲᠠᠨ᠎ᠠ᠃
ᠫᠷᠦ᠋ᠳ᠋ᠶᠦᠰᠰᠸᠷ ᠄ ᠫ· ᠪᠠᠲᠤᠳᠦ᠋ᠷᠦ
ᠨᠠᠢᠷᠠᠭᠤᠯᠤᠭᠴᠢ᠄ ᠨ· ᠠᠮᠤᠷᠪᠠᠶᠠᠷ
ᠷᠧᠳᠠᠺᠲᠣᠷ᠄ ᠴ· ᠭᠠᠩᠳᠤᠶᠠᠭᠠ
ᠶᠡᠷᠦᠩᠬᠡᠢ ᠠᠨᠢᠮᠠᠲ᠋ᠣᠷ᠄ ᠨ᠊· ᠠᠮᠤᠷᠪᠠᠶᠠᠷ
ᠠᠨᠢᠮᠠᠲ᠋ᠣᠷ᠄ ᠪ᠊᠂ ᠡᠩᠬᠡᠪᠣᠯᠣᠷ
ᠬᠥᠭᠵᠢᠮ ᠦ᠋ᠨ ᠵᠣᠬᠢᠶᠠᠯᠴᠢ᠄ ᠴ᠊· ᠣᠳᠬᠣᠨᠪᠠᠶᠠᠷ (ᠰᠣᠶᠣᠯ ᠤ᠋ᠨ ᠲᠡᠷᠢᠭᠦᠨ ᠦ᠌ ᠠᠵᠢᠯᠲᠠᠨ)
ᠳᠦᠷᠢ ᠶ᠋ᠢᠨ ᠵᠢᠷᠤᠭᠠᠴᠢ᠄ ᠨ᠊· ᠠᠮᠤᠷᠪᠠᠶᠠᠷ
ᠹᠤᠨ ᠵᠢᠷᠤᠭᠠᠴᠢ᠄ ᠶ᠋ᠢᠨ· ᠡᠩᠬᠡᠪᠣᠯᠣᠷ
ᠳᠠᠭᠤᠤ ᠶ᠋ᠢᠨ ᠨᠠᠢᠷᠠᠭᠤᠯᠤᠭᠴᠢ᠄ ᠴ· ᠲᠤᠩᠭᠠᠯᠠᠮᠠ
ᠳᠠᠭᠤᠤ ᠣᠷᠣᠭᠤᠯᠤᠭᠰᠠᠨ ᠵᠦᠴᠦᠭᠡᠴᠢᠳ᠄
ᠣ · ᠮᠥᠩᠭᠦᠨᠴᠡᠴᠡᠭ (ᠰᠣᠶᠣᠯ ᠤ᠋ᠨ ᠲᠡᠷᠢᠭᠦᠨ ᠦ᠌ ᠠᠵᠢᠯᠲᠠᠨ)
ᠢ · ᠫᠦᠷᠪᠦᠰᠠᠢᠬᠠᠨ
ᠦᠰᠦᠭ ᠠᠮᠢᠯᠠᠭᠤᠯᠤᠭᠰᠠᠨ ᠨᠢ᠄ ᠠᠯᠲᠠᠨᠬᠤᠶᠠᠭ
ᠦᠰᠦᠭ ᠬᠠᠲᠠᠭᠰᠠᠨ ᠨᠢ᠄ ᠪᠦᠷᠢᠨᠴᠡᠴᠡᠭ
ᠬᠢᠨᠠᠭᠴᠢ᠄ ᠱᠤᠳᠤᠷᠭᠤ ᠂ ᠰᠡᠳᠬᠢᠬᠦᠢ ᠂ ᠮᠥᠴᠢᠷ᠂ ᠢᠷᠡᠭᠡᠳᠦᠢ᠂ ᠾᠦᠩ ᠸᠧᠢ᠂ ᠡᠷᠳᠡᠨᠢᠪᠢᠯᠢᠭ
