ᠪᠦᠨᠧ ᠰᠦᠨᠧ ᠬᠣᠶᠠᠷ08-ᠨᠠᠷᠠНар-Бүнээ Сүнээ хоёр
ᠪᠦᠨᠧ ᠰᠦᠨᠧ ᠬᠣᠶᠠᠷ08-ᠨᠠᠷᠠ
※ ᠳᠠᠭᠤᠤ ᠄※
ᠬᠥᠯᠭᠡ ᠣᠩᠭᠣᠴᠠ ᠲᠠᠢ ᠨᠠᠢᠵᠠ ᠲᠠᠢ ᠪᠠᠨ
ᠬᠥᠭᠡᠷᠦᠬᠦᠨ ᠳᠡᠯᠡᠬᠡᠢ ᠲᠡᠢ ᠪᠡᠨ ᠲᠠᠨᠢᠯᠴᠠᠯ᠎ᠠ
ᠬᠦᠰᠡᠯ ᠨᠢᠭᠡᠲᠡᠢ ᠨᠠᠢᠵᠠ ᠲᠠᠢ ᠪᠠᠨ
ᠬᠣᠷᠸ᠎ᠠ ᠶᠢᠷᠲᠢᠨᠴᠦ ᠲᠡᠢ ᠪᠡᠨ ᠪᠢ ᠲᠠᠨᠢᠯᠴᠠᠯ᠎ᠠ
ᠣᠯᠠᠨ ᠥᠩᠭᠡ ᠪᠡᠷ ᠪᠢ ᠵᠢᠷᠤᠨ᠎ᠠ ᠳᠠ
ᠣᠷᠴᠢᠯᠠᠩ ᠳᠡᠯᠡᠬᠡᠢ ᠪᠡᠨ ᠪᠢ ᠬᠠᠢᠷᠠᠯᠠᠨ᠎ᠠ
ᠣᠨᠴᠠᠭᠠᠢ ᠰᠠᠢᠬᠠᠨ ᠨᠠᠢᠵᠠ ᠲᠠᠢ ᠪᠠᠨ
ᠣᠳᠣᠨ ᠭᠠᠷᠠᠭ ᠶᠢᠷᠲᠢᠨᠴᠦ ᠪᠡᠷ ᠪᠢᠳᠡ ᠠᠶᠠᠯᠠᠨ᠎ᠠ
ᠬᠠᠢ! ᠨᠠᠢᠵᠠ ᠪᠣᠯᠤᠯᠴᠠᠵᠤ ᠬᠠᠮᠲᠤ ᠠᠶᠠᠯᠠᠶ᠎ᠠ
ᠬᠠᠢ! ᠨᠠᠢᠵᠠ ᠨᠤᠭᠤᠳ ᠪᠣᠯᠵᠤ ᠬᠠᠮᠲᠤ ᠳᠠᠭᠤᠯᠠᠶ᠎ᠠ!
ᠠᠳᠠᠯ ᠶᠠᠪᠤᠳᠠᠯ ᠢ᠋ᠶ᠋ᠠᠷ ᠠᠶᠠᠯᠠᠶ᠎ᠠ
ᠠᠨᠳᠠ ᠨᠠᠢᠵᠠ ᠨᠤᠭᠤᠳ ᠠ᠋
ᠪᠦᠨᠧ ᠰᠦᠨᠧ ᠲᠣᠪᠢ ᠲᠠᠢ
ᠨᠠᠢᠵᠠ ᠨᠤᠭᠤᠳ ᠠ᠋
ᠪᠦᠨᠧ ᠰᠦᠨᠧ ᠬᠣᠶᠠᠷ08
ᠨᠠᠷᠠ
ᠨᠠᠢ᠍ᠮᠠᠳᠤᠭᠠᠷ ᠠᠩᠭᠢ
ᠪᠥᠨᠧ᠄ ᠨᠠᠷᠠ ᠮᠠᠰᠢ ᠶᠡᠬᠡ ᠰᠣᠨᠢᠷᠬᠠᠯ ᠲᠠᠲᠠᠵᠤ ᠪᠠᠢᠨ᠎ᠠ᠂ ᠬᠤᠷᠳᠤᠬᠠᠨ ᠯᠠ ᠬᠠᠷᠠᠮᠠᠷ ᠶᠤᠮ ᠰᠢᠦ
ᠲᠣᠪᠢ᠄ ᠲᠡᠭᠡᠪᠡᠯ ᠣᠳᠣ ᠨᠠᠷᠠ ᠤᠷᠤᠭᠤ ᠶᠠᠪᠤᠵᠠᠭᠠᠶ᠎ᠠ
ᠰᠦᠨᠧ᠄ ᠲᠣᠪᠢ ᠨᠠᠷᠠᠨ ᠤ᠋ ᠲᠸᠮᠫᠸᠷᠠᠲ᠋ᠦ᠋ᠷ ᠶᠠᠭᠠᠬᠢᠵᠤ ᠥᠭᠡᠷᠡᠴᠢᠯᠡᠭᠳᠡᠳᠡᠭ ᠶᠦ᠍ᠮ ᠪᠣᠢ?
ᠲᠣᠪᠢ᠄ ᠨᠠᠷᠠ ᠪᠣᠯ ᠣᠭᠲᠠᠷᠭᠤᠢ ᠶ᠋ᠢᠨ ᠨᠢᠭᠡᠨ ᠪᠡᠶᠡᠲᠦ᠂ ᠥᠪᠡᠷ ᠡᠴᠡ ᠪᠡᠨ ᠭᠡᠷᠡᠯ ᠪᠣᠯᠤᠨ ᠳᠤᠯᠠᠭᠠᠨ ᠢᠯᠭᠠᠷᠠᠭᠤᠯᠳᠠᠭ᠃
ᠪᠦᠨᠧ᠄ ᠪᠢ ᠮᠡᠳᠡᠨ᠎ᠡ᠂ᠨᠠᠷᠠ ᠤᠷᠤᠭᠤ ᠣᠢᠷᠠᠳᠬᠤ ᠳ᠋ᠤ᠌ ᠬᠠᠯᠠᠭᠤᠨ ᠮᠡᠳᠡᠷᠡᠭᠳᠡᠵᠦ ᠬᠣᠯᠠᠳᠬᠤ ᠲᠣᠰᠤᠮ ᠬᠦᠢᠲᠡᠨ ᠪᠣᠯᠤᠨ᠎ᠠ ᠰᠢᠲᠠ
ᠰᠦᠨᠧ᠄ ᠣᠢᠯᠠᠭᠠᠮᠵᠢᠲᠠᠢ ᠰᠢᠳᠡ
ᠪᠦᠨᠧ᠄ ᠬᠥᠶᠢ᠂ ᠬᠥᠯᠭᠡ ᠶᠠᠭᠠᠬᠢᠭᠠᠳ ᠴᠡᠴᠡᠷᠬᠢᠯᠡᠭᠡᠳ ᠪᠠᠢᠨ᠎ᠠ ᠪᠣᠢ?
ᠲᠣᠪᠢ᠄ ᠠᠬᠢᠭᠠᠳ ᠳᠣᠯᠭᠢᠶᠠᠨ ᠮᠡᠳᠡᠷᠡᠭᠳᠡᠵᠦ ᠪᠠᠢᠨ᠎ᠠ᠂ ᠣᠳᠣᠬᠠᠨ ᠤᠴᠢᠷ ᠢ᠋ ᠨᠢ ᠣᠯᠤᠭᠠᠳ ᠲᠡᠭᠡᠶ᠎ᠡ
ᠰᠦᠨᠧ᠄ ᠨᠠᠷᠠᠨ ᠤ᠋ ᠰᠢᠰᠲ᠋ᠧᠮ ᠳ᠋ᠡᠬᠢ ᠨᠠᠢ᠍ᠮᠠᠨ ᠭᠠᠷᠠᠭ ᠨᠢ ᠨᠠᠷᠠ ᠶ᠋ᠢ ᠲᠣᠭᠣᠷᠢᠨ ᠡᠷᠭᠢᠳᠡᠭ᠂ ᠡᠳᠡᠭᠡᠷ ᠡᠴᠡ ᠳᠡᠯᠡᠬᠡᠢ ᠯᠡ ᠨᠠᠷᠠᠨ ᠠ᠋ᠴᠠ ᠣᠢᠷ᠎ᠠ ᠴᠤ᠌ ᠪᠢᠰᠢ ᠬᠣᠯᠠ ᠴᠤ᠌ ᠪᠢᠰᠢ ᠪᠠᠢᠷᠢᠯᠠᠯ ᠲᠠᠢ ᠤᠴᠢᠷ ᠠᠮᠢᠳᠤᠷᠠᠯ ᠪᠠᠢᠳᠠᠭ ᠶᠤᠮ ᠪᠠᠢᠨ᠎ᠠ ᠭᠡᠵᠦ ᠣᠢᠯᠠᠭᠠᠵᠤ ᠠᠪᠤᠯ᠎ᠠ᠃
ᠲᠣᠪᠢ᠄ ᠴᠢ ᠰᠠᠢᠨ ᠣᠢᠯᠠᠭᠠᠭᠰᠠᠨ ᠪᠠᠢᠨ᠎ᠠ ᠰᠢᠦ! ᠰᠦᠨᠧ
ᠪᠦᠨᠧ᠄ ᠨᠠᠷᠠ ᠶᠡᠷᠦ ᠨᠢ ᠢᠩᠭᠢᠭᠡᠳ ᠬᠢᠷᠢ ᠲᠣᠮᠣ ᠪᠣᠢ?
ᠲᠣᠪᠢ᠄ ᠣᠳᠣᠬᠠᠨ ᠬᠡᠮᠵᠢᠵᠡᠭᠡᠶᠡ
ᠨᠢᠭᠡ ᠠᠷᠪᠠᠨ ᠤ᠋ ᠳᠥᠷᠪᠡᠨ ᠰᠠᠶ᠎ᠠ ᠺᠢᠯᠣᠮᠧᠲ᠋ᠷ ᠭᠡᠵᠦ ᠵᠢᠭᠠᠵᠤ ᠪᠠᠢᠨ᠎ᠠ
ᠰᠦᠨᠧ᠄ ᠭᠠᠢᠬᠠᠯᠲᠠᠢ᠂ ᠡᠨᠡ ᠴᠢᠨᠢ ᠳᠡᠯᠡᠬᠡᠢ ᠶ᠋ᠢᠨ ᠳ᠋ᠢᠶᠠᠮᠧᠲ᠋ᠷ ᠲᠡᠢ ᠬᠠᠷᠢᠴᠠᠭᠤᠯᠪᠠᠯ ᠬᠠᠮᠢᠶ᠎ᠠ ᠦᠭᠡᠢ ᠲᠣᠮᠣ ᠶᠤᠮ ᠪᠠᠢᠨ᠎ᠠ ᠰᠢᠲᠠ
ᠪᠦᠨᠧ᠄ ᠲᠡᠭᠡᠪᠡᠯ ᠬᠢᠷᠢ ᠬᠦᠨᠳᠦ ᠪᠣᠯ?
ᠲᠣᠪᠢ᠄ ᠪᠢ ᠴᠦ᠍ ᠮᠡᠳᠡᠬᠦ ᠦᠭᠡᠢ ᠶᠦ᠍ᠮ ᠪᠠᠢᠨ᠎ᠠ᠂ ᠣᠳᠣᠬᠠᠨ
ᠦᠨᠡᠬᠡᠷ ᠰᠣᠨᠢᠷᠬᠠᠯᠲᠠᠢ ᠵᠢᠭᠠᠯᠲᠠ ᠪᠠᠢᠨ᠎ᠠ ᠰᠢᠦ᠂ ᠶᠠᠮᠠᠷ ᠴᠤ᠌ ᠪᠠᠢᠭᠰᠠᠨ ᠳᠡᠯᠡᠬᠡᠢ ᠶ᠋ᠢᠨ ᠮᠠᠰ ᠠ᠋ᠴᠠ300000ᠳᠠᠬᠢᠨ ᠶᠡᠬᠡ ᠭᠡᠵᠦ ᠪᠠᠢᠨ᠎ᠠ
ᠪᠦᠨᠧ᠄ ᠢᠲᠡᠭᠡᠮᠡᠷ ᠦᠭᠡᠢ ᠶᠦ᠍ᠮ ᠠ᠋᠂ ᠦᠭᠡᠢ᠂ ᠨᠠᠷᠠ ᠶᠠᠭᠠᠬᠢᠭᠠᠳ ᠲᠠᠩᠳᠠ ᠰᠢᠲᠠᠵᠤ ᠪᠠᠢᠳᠠᠭ ᠶᠤᠮ ᠪᠣᠯ?
ᠲᠣᠪᠢ᠄ ᠤᠰᠤᠳᠦ᠋ᠷᠦᠭᠴᠢ ᠶ᠋ᠢᠨ ᠬᠡᠢ ᠪᠡᠷ ᠳᠦᠭᠦᠷᠦᠭᠰᠡᠨ ᠪᠣᠯᠬᠣᠷ ᠤᠰᠤᠳᠦ᠋ᠷᠦᠭᠴᠢ ᠨᠢ ᠪᠠᠢᠩᠭᠤ ᠲᠡᠰᠦᠷᠡᠳᠡᠭ ᠪᠥᠭᠡᠳ ᠪᠤᠰᠤᠳ ᠪᠣᠳᠠᠰ ᠡᠯᠸᠮᠸᠨ᠋ᠲ ᠤᠷᠤᠭᠤ ᠰᠢᠯᠵᠢᠳᠡᠭ ᠶᠦ᠍ᠮ᠂ ᠨᠠᠷᠠᠨ ᠤ᠋ ᠲᠠᠲᠠᠬᠤ ᠬᠦᠴᠦ ᠨᠢ ᠮᠠᠰᠢ ᠶᠡᠬᠡ᠂ ᠬᠡᠢ ᠭᠠᠷᠭᠠᠭᠠᠳ ᠪᠤᠴᠠᠭᠠᠵᠤ ᠲᠠᠲᠠᠳᠠᠭ ᠭᠡᠰᠡᠨ ᠦᠭᠡ ᠯᠡ ᠳᠡ ᠣᠢᠯᠠᠭᠠᠵᠤ ᠪᠠᠢᠨ᠎ᠠ ᠤᠤ ?ᠲᠠ ᠬᠣᠶᠠᠷ
ᠨᠠᠷᠠ ᠪᠣᠯ ᠥᠭᠡᠷᠡᠴᠢᠯᠡᠭᠳᠡᠰᠢ ᠦᠭᠡᠢ ᠶᠡᠬᠡ ᠤᠶᠠᠨ ᠬᠠᠳᠠᠨ ᠪᠡᠶᠡᠲᠦ ᠶᠦᠮ᠂ ᠤᠴᠢᠷ ᠨᠢ ᠪᠠᠢᠩᠭᠤ ᠨᠢᠭᠡ ᠭᠠᠵᠠᠷ ᠢ᠋ᠶ᠋ᠠᠨ ᠪᠠᠢᠳᠠᠭ ᠢᠵᠢᠯ ᠲᠣᠯᠪᠣ ᠲᠠᠢ᠂ ᠨᠠᠷᠠᠨ ᠤ᠋ ᠲᠤᠶᠠᠭ᠎ᠠ ᠨᠢ ᠣᠯᠠᠨ ᠭᠡᠷᠡᠯ ᠦ᠋ᠨ ᠲᠤᠶᠠᠭᠠᠨ ᠠ᠋ᠴᠠ ᠪᠦᠷᠢᠳᠳᠡᠭ᠂ ᠬᠠᠷᠢᠨ ᠵᠥᠪᠬᠡᠨ ᠨᠢᠳᠦ ᠪᠡᠷ ᠬᠠᠷᠠᠬᠤ ᠪᠣᠯᠣᠮᠵᠢᠲᠠᠢ ᠲᠤᠶᠠᠭ᠎ᠠ ᠶ᠋ᠢ ᠯᠡ ᠪᠢᠳᠡ ᠬᠠᠷᠠᠵᠤ ᠪᠠᠢᠭ᠎ᠠ ᠶᠤᠮ᠃
ᠪᠢᠳᠡ ᠨᠠᠷᠠᠨ ᠤ᠋ ᠭᠡᠷᠡᠯ ᠦᠭᠡᠢ ᠪᠡᠷ ᠶᠠᠮᠠᠷ ᠴᠤ᠌ ᠵᠦᠢᠯ ᠢ᠋ ᠬᠢᠵᠦ ᠴᠢᠳᠠᠬᠤ ᠦᠭᠡᠢ᠂ ᠵᠢᠱ᠌ᠢᠶᠡᠯᠡᠪᠡᠯ ᠡᠯᠧᠺᠲ᠋ᠷᠣᠨ ᠵᠤᠤᠬ᠎ᠠ᠂ ᠲᠧᠯᠧᠸᠢᠽᠣᠷ᠂ ᠭᠠᠷ ᠤᠲᠠᠰᠤ᠂ ᠺᠠᠢᠮᠠᠷ ᠭᠡᠳ ᠪᠦᠬᠦᠢ ᠯᠡ ᠵᠦᠢᠯ ᠨᠠᠷᠠᠨ ᠤ᠋ ᠡᠷᠴᠢᠮ ᠬᠦᠴᠦ ᠶ᠋ᠢᠨ ᠲᠤᠰᠠᠯᠠᠮᠵᠢ ᠲᠠᠢ ᠪᠠᠷ ᠠᠵᠢᠯᠯᠠᠳᠠᠭ
ᠪᠥᠨᠧ᠄ ᠡᠨᠡ ᠵᠢᠵᠢᠭᠬᠡᠨ ᠬᠠᠷ᠎ᠠ ᠬᠠᠷ᠎ᠠ ᠵᠦᠢᠯ ᠦ᠋ᠳ ᠨᠢ ᠶᠠᠭᠤ ᠪᠣᠢ?
ᠲᠣᠪᠢ᠄ ᠨᠠᠷᠠᠨ ᠤ᠋ ᠲᠣᠯᠪᠣ ᠭᠡᠳᠡᠭ ᠶᠦ᠍ᠮ
ᠰᠦᠨᠧ᠄ ᠨᠠᠷᠠᠨ ᠤ᠋ ᠲᠣᠯᠪᠣ ᠠ᠋?
ᠲᠣᠪᠢ᠄ ᠡᠳᠡᠭᠡᠷ ᠦ᠋ᠨ ᠬᠠᠷ᠎ᠠ ᠬᠠᠷᠠᠭᠳᠠᠳᠠᠭ ᠰᠢᠯᠲᠠᠭᠠᠨ ᠨᠢ ᠠᠭᠠᠷ ᠤ᠋ᠨ ᠭᠡᠮ (ᠳᠤᠯᠠᠭᠠᠨ ᠤ᠋ ᠬᠡᠮᠵᠢᠶ᠎ᠡ) ᠬᠦᠷᠢᠶᠡᠯᠡᠨ ᠪᠠᠢᠭ᠎ᠠ ᠣᠷᠴᠢᠨ ᠤ᠋ ᠪᠠᠨ ᠭᠡᠮ ᠡᠴᠡ ᠪᠠᠭ᠎ᠠ ᠪᠠᠢᠳᠠᠭ ᠲᠠᠢ ᠬᠣᠯᠪᠣᠭ᠎ᠠ ᠲᠠᠢ
ᠨᠠᠷᠠᠨ ᠤ᠋ ᠲᠣᠯᠪᠣ ᠨᠢ ᠠᠷᠪᠠᠨ ᠨᠢᠭᠡᠨ ᠵᠢᠯ ᠳᠣᠳᠣᠮ ᠥᠭᠡᠷᠡᠴᠢᠯᠡᠭᠳᠡᠵᠦ ᠪᠠᠢᠳᠠᠭ᠂ ᠰᠠᠪᠬ᠎ᠠ ᠬᠡᠯᠪᠡᠷᠢᠲᠡᠢ ᠬᠣᠶᠠᠷ ᠲᠠᠯ᠎ᠠ ᠪᠠᠷ ᠢ᠋ᠶ᠋ᠠᠨ ᠲᠠᠷᠬᠠᠭᠰᠠᠨ ᠪᠠᠢᠵᠤ ᠪᠠᠢᠭᠠᠳ ᠲᠥᠪ ᠡᠰᠡᠷᠭᠦ ᠪᠡᠨ ᠬᠠᠷᠠᠭᠳᠠᠬᠤ ᠵᠢᠱ᠌ᠢᠶ᠎ᠡ ᠨᠢ ᠨᠠᠷᠠᠨ ᠤ᠋ ᠢᠳᠡᠪᠬᠢᠵᠢᠯ ᠶᠡᠬᠡᠰᠬᠦ ᠲᠣᠰᠤᠮ ᠢᠯᠡᠭᠦᠦ ᠲᠥᠪ ᠤᠷᠤᠭᠤ ᠪᠠᠨ ᠣᠢᠷᠠᠳᠳᠠᠭ᠃
ᠰᠦᠨᠧ᠄ ᠨᠠᠷᠠᠨ ᠳᠡᠭᠡᠷ᠎ᠡ ᠳᠡᠯᠪᠡᠷᠡᠯᠲᠡ ᠪᠣᠯᠳᠠᠭ ᠭᠡᠰᠡᠨ ᠲᠡᠷᠡ ᠨᠢ ᠶᠠᠭ ᠶᠠᠭᠤᠨ ᠠ᠋ᠴᠠ ᠪᠣᠯᠳᠠᠭ ᠶᠤᠮ ᠪᠣᠯ?
ᠲᠣᠪᠢ᠄ ᠳᠡᠯᠪᠡᠷᠡᠯᠲᠡ ᠨᠠᠷᠠᠨ ᠤ᠋ ᠡᠷᠭᠢᠨ ᠲᠣᠭᠣᠷᠢᠨ ᠳ᠋ᠤ᠌ ᠪᠣᠯᠳᠠᠭ᠂ ᠡᠳᠡᠭᠡᠷ ᠢ᠋ ᠭᠠᠯ ᠤ᠋ᠨ ᠳᠥᠯᠥ ᠭᠡᠵᠦ ᠨᠡᠷᠡᠯᠡᠳᠡᠭ ᠶᠦᠮ᠃ ᠡᠨᠡ ᠳᠥᠯᠥ ᠶ᠋ᠢᠨ ᠭᠡᠷᠡᠯ ᠨᠢ ᠡᠨᠧᠷᠭᠢ ᠶ᠋ᠢ ᠢᠯᠭᠠᠷᠠᠭᠤᠯᠳᠠᠭ ᠂ ᠨᠠᠷᠠᠨ ᠤ᠋ ᠭᠠᠯ ᠤ᠋ᠨ ᠳᠥᠯᠥ ᠪᠡᠷ ᠥᠭᠡᠷ᠎ᠡ ᠳᠣᠯᠭᠢᠶᠠᠨ ᠢᠯᠭᠠᠷᠠᠭᠤᠯᠳᠠᠭ᠂ ᠲᠡᠭᠦᠨ ᠢ᠋ ᠠᠤᠫᠣᠷᠠ ᠭᠡᠵᠦ ᠨᠡᠷᠡᠯᠡᠳᠡᠭ᠂
ᠪᠦᠨᠧ᠄ ᠶᠣᠰᠣᠲᠠᠢ ᠯᠠ ᠰᠣᠨᠣᠰᠴᠤ ᠪᠠᠢᠭ᠎ᠠ ᠦᠭᠡᠢ ᠶᠦ᠍ᠮ ᠪᠠᠢᠨ᠎ᠠ᠂ ᠡᠨᠡ ᠴᠢᠨᠢ ᠲᠡᠭᠡᠭᠡᠳ ᠰᠣᠨᠢᠷᠬᠠᠯᠲᠠᠢ ᠤᠤ?
ᠲᠣᠪᠢ᠄ ᠡᠨᠡ ᠨᠢ ᠨᠠᠷᠠᠨ ᠤ᠋ ᠭᠠᠯ ᠤ᠋ᠨ ᠳᠥᠯᠥ ᠡᠴᠡ ᠢᠯᠭᠠᠷᠠᠵᠤ ᠪᠠᠢᠭ᠎ᠠ ᠵᠢᠵᠢᠭ ᠬᠡᠰᠡᠭ ᠦ᠋ᠳ ᠳᠡᠯᠡᠬᠡᠢ ᠶ᠋ᠢᠨ ᠠᠭᠠᠷ ᠮᠠᠨᠳᠠᠯ ᠤ᠋ᠨ ᠠᠲ᠋ᠣᠮ ᠮᠣᠯᠧᠺᠦ᠋ᠯ ᠲᠡᠢ ᠮᠥᠷᠭᠥᠯᠳᠦᠨ ᠱᠦᠷᠭᠦᠯᠳᠦᠭᠰᠡᠨ ᠡᠴᠡ ᠡᠭᠦᠰᠦᠭᠰᠡᠨ ᠰᠠᠢᠬᠠᠨ ᠭᠡᠷᠡᠯ ᠶᠦᠮ
ᠰᠦᠨᠧ᠄ ᠨᠠᠷᠠᠨ ᠤ᠋ ᠲᠢᠲᠢᠮ ᠲᠡᠢ ᠲᠥᠰᠲᠡᠢ ᠶᠦ᠍ᠮ ᠠ᠋
ᠲᠣᠪᠢ᠄ ᠨᠠᠷᠠᠨ ᠤ᠋ ᠲᠢᠲᠢᠮ ᠪᠣᠯ ᠭᠠᠳᠠᠨ᠎ᠠ ᠬᠡᠰᠡᠭ ᠦ᠋ᠨ ᠨᠠᠷᠢᠬᠠᠨ ᠬᠡᠢ ᠶ᠋ᠢᠨ ᠳᠠᠪᠬᠤᠷᠭ᠎ᠠ᠂ ᠲᠡᠭᠦᠨ ᠢ᠋ ᠨᠠᠷᠠ ᠭᠬᠢᠷᠲᠦᠬᠦ ᠦᠶ᠎ᠡ ᠳ᠋ᠦ᠍ ᠬᠠᠷᠠᠵᠤ ᠪᠣᠯᠤᠨ᠎ᠠ
ᠪᠦᠨᠧ᠄ ᠬᠡᠵᠢᠶ᠎ᠡ ᠨᠢᠭᠡᠨ ᠴᠠᠭ ᠲᠤ᠌ ᠨᠠᠷᠠ ᠮᠥᠬᠥᠬᠦ ᠪᠣᠯ ᠤᠤ? ᠬᠡᠷᠪᠡ ᠮᠥᠬᠥᠪᠡᠯ ᠳᠡᠯᠡᠬᠡᠢ ᠶᠠᠭᠠᠬᠢᠵᠤ ᠥᠭᠡᠷᠡᠴᠢᠯᠡᠭᠳᠡᠬᠦ ᠪᠣᠯ?
ᠰᠦᠨᠧ᠄ ᠪᠣᠳᠣᠬᠤ ᠠ᠋ᠴᠠ ᠴᠤ᠌ ᠠᠶᠤᠮᠠᠷ ᠰᠠᠨᠠᠭᠳᠠᠵᠤ ᠪᠠᠢᠨ᠎ᠠ ᠰᠢᠦ
ᠲᠣᠪᠢ᠄ ᠲᠠ ᠬᠣᠶᠠᠷ ᠲᠠᠢᠪᠤᠩ ᠪᠠᠢᠵᠤ ᠪᠣᠯᠤᠨ᠎ᠠ᠂ ᠣᠳᠣ ᠪᠠᠷ ᠨᠠᠷᠠᠨ ᠳ᠋ᠤ᠌ ᠶᠠᠮᠠᠷ ᠴᠤ᠌ ᠠᠰᠠᠭᠤᠳᠠᠯ ᠪᠠᠢᠬᠤ ᠦᠭᠡᠢ᠂ ᠨᠠᠷᠠ ᠪᠣᠯ ᠳᠥᠷᠪᠡ ᠠᠷᠪᠠᠨ ᠤ᠋ ᠵᠢᠷᠭᠤᠭᠠᠨ ᠲᠡᠷᠪᠤᠮ ᠵᠢᠯ ᠦ᠋ᠨ ᠡᠮᠦᠨᠡᠬᠢ ᠨᠠᠰᠤ ᠲᠠᠢ
ᠪᠦᠨᠠᠧ᠄ ᠭᠦᠦᠭ᠂ ᠦᠨᠡᠨ ᠤᠤ?
ᠺᠣᠮᠫᠢᠦ᠋ᠲ᠋ᠧᠷ᠄ ᠨᠠᠷᠠ ᠪᠣᠯᠤᠨ ᠪᠤᠰᠤᠳ ᠣᠳᠣ ᠡᠷᠬᠡᠰ ᠨᠢᠪᠤᠯᠠ ᠠ᠋ᠴᠠ ᠡᠭᠦᠰᠦᠭᠰᠡᠨ᠂ ᠡᠨᠡ ᠨᠢ ᠬᠡᠢ ᠶ᠋ᠢᠨ ᠡᠭᠦᠯᠡ ᠪᠠ ᠠᠭᠠᠷ ᠮᠠᠨᠳᠠᠯ᠂ ᠲᠣᠭᠣᠰᠣᠨᠴᠢᠷ ᠶᠤᠮ᠃
ᠦᠨᠡᠨ ᠳ᠋ᠦ᠍ ᠪᠡᠨ ᠨᠠᠷᠠ ᠨᠢ ᠪᠡᠶ᠎ᠡ ᠪᠠᠶᠠᠨ ᠳ᠋ᠤ᠌ ᠪᠠᠨ ᠣᠢᠷ᠎ᠠ ᠪᠠᠢᠭᠰᠠᠨ ᠢ᠋ᠶ᠋ᠠᠷ ᠲᠠᠲᠠᠯᠴᠠᠬᠤ ᠶ᠋ᠢᠨ ᠬᠦᠴᠦ ᠪᠡᠷ ᠲᠠᠲᠠᠭᠳᠠᠵᠤ ᠪᠥᠭᠡᠮᠨᠡᠷᠡᠨ ᠬᠠᠯᠠᠵᠤ ᠤᠯᠠᠮ ᠢ᠋ᠶ᠋ᠠᠷ ᠵᠤᠵᠠᠭᠠᠷᠠᠭᠰᠠᠭᠠᠷ ᠡᠭᠦᠰᠦᠭᠰᠡᠨ ᠭᠡᠵᠦ ᠣᠢᠯᠠᠭᠠᠵᠤ ᠪᠣᠯᠤᠨ᠎ᠠ᠃
ᠨᠠᠷᠠᠨ ᠤ᠋ ᠡᠷᠴᠢᠮ ᠬᠦᠴᠦ ᠨᠢ ᠪᠤᠰᠤᠳ ᠭᠠᠷᠠᠭ ᠢ᠋ ᠳᠠᠷᠤᠩᠭᠤᠢᠯᠠᠨ ᠲᠠᠲᠠᠬᠤ ᠬᠦᠴᠦᠨ ᠳ᠋ᠦ᠍ ᠪᠡᠨ ᠣᠷᠣᠭᠤᠯᠤᠭᠰᠠᠨ ᠢ᠋ᠶ᠋ᠠᠷ ᠨᠢᠭᠡ ᠲᠣᠭᠣᠷᠢᠭ ᠵᠠᠮ ᠡᠭᠦᠰᠬᠡᠵᠡᠢ᠃ ᠡᠨᠡ ᠨᠢ ᠳᠥᠷᠪᠡ ᠠᠷᠪᠠᠨ ᠤ᠋ ᠵᠢᠷᠭᠤᠭᠠᠨ ᠲᠡᠷᠪᠤᠮ ᠵᠢᠯ ᠣᠷᠴᠢᠮ ᠦᠷᠭᠦᠯᠵᠢᠯᠡᠵᠦ ᠪᠠᠢᠨ᠎ᠠ᠃
ᠪᠦᠨᠧ᠄ ᠲᠡᠭᠡᠬᠦ ᠪᠡᠷ ᠨᠠᠷᠠ ᠮᠥᠬᠥᠬᠦ ᠦᠭᠡᠢ ᠭᠡᠰᠡᠨ ᠦᠭᠡ ᠤᠤ?
ᠲᠣᠪᠢ᠄ ᠬᠡᠳᠦᠨ ᠲᠡᠷᠪᠤᠮ ᠵᠢᠯ ᠦ᠋ᠨ ᠨᠠᠰᠤ ᠲᠠᠢ ᠭᠡᠵᠦ ᠣᠢᠯᠠᠭᠠᠵᠤ ᠪᠣᠯᠤᠨ᠎ᠠ᠂ ᠨᠠᠷᠠᠨ ᠤ᠋ ᠲᠥᠪ ᠲᠦ᠍ ᠪᠠᠢᠬᠤ ᠤᠰᠤᠳᠦ᠋ᠷᠦᠭᠴᠢ ᠨᠢ ᠾᠧᠯᠢ ᠤᠷᠤᠭᠤ ᠰᠢᠯᠵᠢᠬᠦ ᠳ᠋ᠦ᠍ ᠨᠠᠷᠠ ᠤᠯᠠᠭᠠᠨ ᠪᠣᠯᠤᠨ᠎ᠠ᠂ ᠬᠡᠮᠵᠢᠶ᠎ᠡ ᠨᠢ ᠲᠣᠮᠣᠷᠠᠭᠰᠠᠭᠠᠷ ᠯᠠ ᠳᠠᠷᠠᠭ᠎ᠠ ᠨᠢ ᠵᠢᠵᠢᠭᠷᠡᠬᠦ ᠪᠡᠷ ᠨᠠᠷᠠᠨ ᠤ᠋ ᠨᠠᠰᠤᠯᠠᠯᠲᠠ ᠬᠥᠭᠰᠢᠷᠡᠵᠦ ᠪᠠᠢᠨ᠎ᠠ ᠭᠡᠰᠡᠨ ᠦᠭᠡ᠂ ᠪᠢ ᠵᠢᠭᠠᠬᠠᠨ ᠭᠤᠨᠢᠭᠲᠠᠢ ᠪᠠᠢᠨ᠎ᠠ᠂ ᠶᠠᠭᠤ ᠬᠢᠬᠦ ᠪᠡᠨ ᠴᠦ᠍ ᠮᠡᠳᠡᠬᠦ ᠦᠭᠡᠢ ᠪᠠᠢᠨ᠎ᠠ᠃
ᠪᠦᠨᠧ᠄ ᠶᠠᠭᠤ ᠪᠣᠯᠤᠭ᠎ᠠ ᠪᠣᠢ ᠨᠠᠢᠵᠠ ᠮᠢᠨᠢ᠂ ᠪᠢᠳᠡᠨ ᠳ᠋ᠦ᠍ ᠬᠠᠷᠢᠨ ᠴᠤ᠌ ᠬᠥᠭᠵᠢᠯᠲᠡᠢ ᠪᠠᠢᠨ᠎ᠠ ᠰᠢᠲᠠ
ᠲᠣᠪᠢ᠄ ᠪᠢ ᠨᠠᠷᠠᠨ ᠤ᠋ ᠡᠷᠴᠢᠮ ᠬᠦᠴᠦ ᠪᠡᠷ ᠰᠠᠨᠰᠠᠷ ᠤ᠋ᠨ ᠬᠥᠯᠭᠡ ᠪᠡᠨ ᠴᠡᠨᠡᠭᠯᠡᠬᠦ ᠭᠡᠰᠡᠨ ᠪᠣᠯᠪᠠᠴᠤ ᠡᠢᠮᠦ ᠪᠣᠯᠤᠮᠵᠢ ᠥᠭᠬᠦ ᠦᠭᠡᠢ ᠪᠠᠢᠨ᠎ᠠ
ᠰᠦᠨᠧ᠄ ᠭᠡᠬᠦ ᠳ᠋ᠦ᠍ ᠪᠡᠨ ᠪᠢᠳᠡ ᠣᠳᠣ ᠪᠠᠷ ᠠᠶᠤᠯ ᠦᠭᠡᠢ ᠯᠡ ᠪᠠᠢᠨ᠎ᠠ ᠰᠢᠳᠡ
ᠲᠣᠪᠢ᠄ ᠲᠡᠢᠮᠦ ᠠ᠋᠂ᠪᠢ ᠵᠠᠪᠠᠯ ᠲᠠ ᠬᠣᠶᠠᠷ ᠢ᠋ ᠭᠡᠷ ᠲᠦ᠍ ᠴᠢᠨᠢ ᠬᠦᠷᠭᠡᠵᠦ ᠥᠭᠭᠦᠨ᠎ᠡ᠂ ᠣᠳᠣ ᠭᠤᠷᠪᠠᠭᠤᠯᠠ ᠪᠠᠨ ᠥᠭᠡᠷ᠎ᠡ ᠣᠳᠣᠳ ᠢ᠋ ᠣᠯᠵᠠᠭᠠᠶ᠎ᠠ!
ᠨᠠᠷᠠᠨ ᠤ᠋ ᠰᠢᠰᠲ᠋ᠧᠮ ᠨᠢ ᠡᠨᠡ ᠭᠠᠷᠠᠭ ᠶᠢᠷᠲᠢᠨᠴᠦ ᠳ᠋ᠦ᠍ ᠨᠢᠭᠡ ᠵᠢᠵᠢᠭᠬᠡᠨ ᠰᠢᠷ᠎ᠠ ᠦᠷ᠎ᠡ ᠶ᠋ᠢᠨ ᠬᠡᠮᠵᠢᠶ᠎ᠡ ᠲᠡᠢ ᠶᠦᠮ᠂ ᠭᠠᠷᠠᠭ ᠶᠢᠷᠲᠢᠨᠴᠦ ᠶ᠋ᠢᠨ ᠰᠦᠨ ᠵᠠᠮ ᠳ᠋ᠤ᠌ ᠮᠠᠨ ᠤ᠋ ᠭᠠᠷᠠᠭ ᠰᠢᠭ᠋ ᠬᠣᠶᠠᠷ ᠵᠠᠭᠤ ᠭᠠᠷᠤᠢ ᠲᠡᠷᠪᠤᠮ ᠣᠳᠣᠳ ᠪᠠᠢᠳᠠᠭ
ᠪᠦᠨᠧ᠄ ᠬᠣᠶᠠᠷ ᠵᠠᠭᠤᠨ ᠲᠡᠷᠪᠤᠮ ᠭᠡᠰᠡᠨ ᠤᠤ?
ᠲᠣᠪᠢ᠄ ᠲᠡᠢᠮᠦ ᠠ᠋᠂
ᠰᠦᠨᠧ᠄ ᠰᠠᠶᠢ ᠶ᠋ᠢᠨ ᠬᠢ ᠶᠠᠭᠤ ᠪᠠᠢᠭᠰᠠᠨ ᠪᠣᠢ?
ᠲᠣᠪᠢ᠄ ᠨᠠᠷᠠᠨ ᠤ᠋ ᠢᠳᠡᠪᠬᠢᠵᠢᠯᠲᠡ ᠶᠠᠪᠤᠭᠳᠠᠵᠤ ᠪᠠᠢᠨ᠎ᠠ᠂ ᠪᠢᠳᠡ ᠡᠨᠳᠡ ᠡᠴᠡ ᠬᠤᠷᠳᠤᠨ ᠬᠣᠯᠠᠳᠬᠤ ᠬᠡᠷᠡᠭᠲᠡᠢ ᠪᠣᠯᠤᠯ᠎ᠠ
ᠪᠦᠨᠧ᠄ ᠪᠢᠳᠡ ᠲᠡᠭᠡᠭᠡᠳ ᠬᠠᠮᠢᠭᠠᠰᠢ ᠪᠠᠨ ᠶᠠᠪᠤᠬᠤ ᠶᠤᠮ ᠪᠣᠢ?
ᠰᠦᠨᠧ᠄ ᠶᠠᠭᠠᠬᠢᠨ᠎ᠠ? ᠪᠢ ᠠᠶᠤᠭᠠᠳ ᠪᠠᠢᠨ᠎ᠠ
ᠲᠣᠪᠢ᠄ ᠰᠠᠨᠠᠭ᠎ᠠ ᠵᠣᠪᠠᠯᠲᠠ ᠦᠭᠡᠢ᠂ ᠪᠢᠳᠡ ᠨᠠᠷᠠᠨ ᠤ᠋ ᠰᠢᠰᠲ᠋ᠧᠮ ᠡᠴᠡ ᠭᠠᠷᠴᠤ ᠪᠠᠢᠨ᠎ᠠ᠂ ᠡᠨᠡ ᠪᠣᠯ ᠨᠠᠷᠠᠨ ᠤ᠋ ᠭᠠᠳᠠᠷᠭᠤ ᠶ᠋ᠢ ᠪᠦᠷᠬᠦᠭᠰᠡᠨ ᠬᠡᠢ ᠶ᠋ᠢᠨ ᠳᠠᠪᠬᠤᠷᠭ᠎ᠠ ᠵᠠᠭᠤᠨ ᠮᠢᠩᠭᠠᠨ ᠭᠡᠮ ᠬᠠᠯᠠᠭᠤᠨ ᠪᠠᠢᠳᠠᠭ᠃
ᠫᠷᠦ᠋ᠳ᠋ᠶᠦᠰᠰᠸᠷ ᠄ ᠫ· ᠪᠠᠲᠤᠳᠦ᠋ᠷᠦ
ᠨᠠᠢᠷᠠᠭᠤᠯᠤᠭᠴᠢ᠄ ᠨ· ᠠᠮᠤᠷᠪᠠᠶᠠᠷ
ᠷᠧᠳᠠᠺᠲᠣᠷ᠄ ᠴ· ᠭᠠᠩᠳᠤᠶᠠᠭᠠ
ᠶᠡᠷᠦᠩᠬᠡᠢ ᠠᠨᠢᠮᠠᠲ᠋ᠣᠷ᠄ ᠨ᠊· ᠠᠮᠤᠷᠪᠠᠶᠠᠷ
ᠠᠨᠢᠮᠠᠲ᠋ᠣᠷ᠄ ᠪ᠊᠂ ᠡᠩᠬᠡᠪᠣᠯᠣᠷ
ᠬᠥᠭᠵᠢᠮ ᠦ᠋ᠨ ᠵᠣᠬᠢᠶᠠᠯᠴᠢ᠄ ᠴ᠊· ᠣᠳᠬᠣᠨᠪᠠᠶᠠᠷ (ᠰᠣᠶᠣᠯ ᠤ᠋ᠨ ᠲᠡᠷᠢᠭᠦᠨ ᠦ᠌ ᠠᠵᠢᠯᠲᠠᠨ)
ᠳᠦᠷᠢ ᠶ᠋ᠢᠨ ᠵᠢᠷᠤᠭᠠᠴᠢ᠄ ᠨ᠊· ᠠᠮᠤᠷᠪᠠᠶᠠᠷ
ᠹᠤᠨ ᠵᠢᠷᠤᠭᠠᠴᠢ᠄ ᠪ᠊᠂ ᠡᠩᠬᠡᠪᠣᠯᠣᠷ
ᠳᠠᠭᠤᠤ ᠶ᠋ᠢᠨ ᠨᠠᠢᠷᠠᠭᠤᠯᠤᠭᠴᠢ᠄ ᠴ· ᠲᠤᠩᠭᠠᠯᠠᠮᠠ
ᠳᠠᠭᠤᠤ ᠣᠷᠣᠭᠤᠯᠤᠭᠰᠠᠨ ᠵᠦᠴᠦᠭᠡᠴᠢᠳ᠄
ᠣ · ᠮᠥᠩᠭᠦᠨᠴᠡᠴᠡᠭ (ᠰᠣᠶᠣᠯ ᠤ᠋ᠨ ᠲᠡᠷᠢᠭᠦᠨ ᠦ᠌ ᠠᠵᠢᠯᠲᠠᠨ)
ᠢ · ᠫᠦᠷᠪᠦᠰᠠᠢᠬᠠᠨ
ᠦᠰᠦᠭ ᠠᠮᠢᠯᠠᠭᠤᠯᠤᠭᠰᠠᠨ ᠨᠢ᠄ ᠠᠯᠲᠠᠨᠬᠤᠶᠠᠭ
ᠦᠰᠦᠭ ᠬᠠᠲᠠᠭᠰᠠᠨ ᠨᠢ᠄ ᠪᠦᠷᠢᠨᠴᠡᠴᠡᠭ
ᠬᠢᠨᠠᠭᠴᠢ᠄ ᠱᠤᠳᠤᠷᠭᠤ ᠂ ᠰᠡᠳᠬᠢᠬᠦᠢ ᠂ ᠮᠥᠴᠢᠷ᠂ ᠢᠷᠡᠭᠡᠳᠦᠢ᠂ ᠾᠦᠩ ᠸᠧᠢ᠂ ᠡᠷᠳᠡᠨᠢᠪᠢᠯᠢᠭ
