ᠪᠦᠨᠧ ᠰᠦᠨᠧ ᠬᠣᠶᠠᠷ06-ᠮᠦᠰᠦᠨ ᠭᠠᠷᠠᠭМөсөн гараг-Бүнээ Сүнээ хоёр
ᠪᠦᠨᠧ ᠰᠦᠨᠧ ᠬᠣᠶᠠᠷ06-ᠮᠦᠰᠦᠨ ᠭᠠᠷᠠᠭ
※ ᠳᠠᠭᠤᠤ ᠄※
ᠬᠥᠯᠭᠡ ᠣᠩᠭᠣᠴᠠ ᠲᠠᠢ ᠨᠠᠢᠵᠠ ᠲᠠᠢ ᠪᠠᠨ
ᠬᠥᠭᠡᠷᠦᠬᠦᠨ ᠳᠡᠯᠡᠬᠡᠢ ᠲᠡᠢ ᠪᠡᠨ ᠲᠠᠨᠢᠯᠴᠠᠯ᠎ᠠ
ᠬᠦᠰᠡᠯ ᠨᠢᠭᠡᠲᠡᠢ ᠨᠠᠢᠵᠠ ᠲᠠᠢ ᠪᠠᠨ
ᠬᠣᠷᠸ᠎ᠠ ᠶᠢᠷᠲᠢᠨᠴᠦ ᠲᠡᠢ ᠪᠡᠨ ᠪᠢ ᠲᠠᠨᠢᠯᠴᠠᠯ᠎ᠠ
ᠣᠯᠠᠨ ᠥᠩᠭᠡ ᠪᠡᠷ ᠪᠢ ᠵᠢᠷᠤᠨ᠎ᠠ ᠳᠠ
ᠣᠷᠴᠢᠯᠠᠩ ᠳᠡᠯᠡᠬᠡᠢ ᠪᠡᠨ ᠪᠢ ᠬᠠᠢᠷᠠᠯᠠᠨ᠎ᠠ
ᠣᠨᠴᠠᠭᠠᠢ ᠰᠠᠢᠬᠠᠨ ᠨᠠᠢᠵᠠ ᠲᠠᠢ ᠪᠠᠨ
ᠣᠳᠣᠨ ᠭᠠᠷᠠᠭ ᠶᠢᠷᠲᠢᠨᠴᠦ ᠪᠡᠷ ᠪᠢᠳᠡ ᠠᠶᠠᠯᠠᠨ᠎ᠠ
ᠬᠠᠢ! ᠨᠠᠢᠵᠠ ᠪᠣᠯᠤᠯᠴᠠᠵᠤ ᠬᠠᠮᠲᠤ ᠠᠶᠠᠯᠠᠶ᠎ᠠ
ᠬᠠᠢ! ᠨᠠᠢᠵᠠ ᠨᠤᠭᠤᠳ ᠪᠣᠯᠵᠤ ᠬᠠᠮᠲᠤ ᠳᠠᠭᠤᠯᠠᠶ᠎ᠠ!
ᠠᠳᠠᠯ ᠶᠠᠪᠤᠳᠠᠯ ᠢ᠋ᠶ᠋ᠠᠷ ᠠᠶᠠᠯᠠᠶ᠎ᠠ
ᠠᠨᠳᠠ ᠨᠠᠢᠵᠠ ᠨᠤᠭᠤᠳ ᠠ᠋
ᠪᠦᠨᠧ ᠰᠦᠨᠧ ᠲᠣᠪᠢ ᠲᠠᠢ
ᠨᠠᠢᠵᠠ ᠨᠤᠭᠤᠳ ᠠ᠋
ᠮᠥᠰᠥᠨ ᠭᠠᠷᠠᠭ
ᠵᠢᠷᠭᠤᠳᠤᠭᠠᠷ ᠠᠩᠭᠢ
ᠰᠦᠨᠧ᠄ ᠡᠨᠡ ᠭᠠᠷᠠᠭ ᠴᠢᠨᠢ ᠪᠦᠰᠡᠯᠡᠭᠦᠷ ᠲᠡᠢ ᠶᠦᠮ ᠪᠠᠢᠨ᠎ᠠ᠂
ᠪᠦᠨᠧ᠄ᠮᠣᠩᠭᠣᠯ ᠭᠡᠷ ᠯᠡ ᠪᠦᠰᠡᠯᠡᠭᠦᠷ ᠲᠡᠢ ᠪᠠᠢᠳᠠᠭ ᠪᠢᠰᠢ ᠪᠢᠯᠡ ᠤᠤ?
ᠲᠣᠪᠢ᠄ ᠰᠠᠨᠢᠴᠠᠷ ᠭᠠᠷᠠᠭ ᠤ᠋ᠨ ᠪᠦᠰᠡᠯᠡᠭᠦᠷ ᠰᠠᠨᠰᠠᠷ ᠤ᠋ᠨ ᠲᠣᠭᠣᠰᠣᠨᠴᠢᠷ᠂ ᠲᠣᠭᠣᠰᠣ᠂ ᠰᠣᠯᠢᠷ ᠪᠠᠰᠠ ᠮᠥᠰᠥᠨ ᠡᠴᠡ ᠪᠦᠲᠦᠳᠡᠭ ᠶᠦᠮ
ᠰᠦᠨᠧ᠄ ᠪᠷᠠᠬᠠᠰᠪᠠᠳᠢ ᠰᠢᠭ᠋ ᠣᠯᠠᠨ ᠳᠠᠭᠠᠭᠤᠯᠢ ᠲᠠᠢ ᠤᠤ?
ᠲᠣᠪᠢ᠄ᠮᠢᠨᠦ ᠮᠡᠳᠡᠵᠦ ᠪᠠᠢᠭ᠎ᠠ ᠪᠠᠷ ᠠᠷᠪᠠᠨ ᠨᠠᠢ᠍ᠮᠠ
ᠪᠦᠨᠧ᠄ᠶᠡᠬᠡ ᠬᠦᠢᠲᠡᠨ ᠭᠡᠰᠡᠨ ᠰᠢᠦ᠂ ᠪᠢᠳᠡ ᠴᠦ᠍ ᠵᠠᠢᠷᠮᠠᠭ ᠪᠣᠯᠬᠤ ᠶᠤᠮ ᠪᠠᠢᠨ᠎ᠠ ᠯᠠ ᠳᠠ
ᠰᠦᠨᠧ᠄ ᠬᠢ ᠬᠢ᠁
ᠺᠣᠮᠫᠢᠦ᠋ᠲ᠋ᠧᠷ᠄ ᠰᠠᠨᠢᠴᠠᠷ ᠭᠠᠷᠠᠭ ᠨᠢ ᠪᠷᠠᠬᠠᠰᠪᠠᠳᠢ ᠶ᠋ᠢᠨ ᠳᠠᠷᠠᠭ᠎ᠠ ᠣᠷᠣᠬᠤ ᠨᠠᠷᠠᠨ ᠤ᠋ ᠠᠢᠮᠠᠭ ᠤ᠋ᠨ ᠬᠣᠶᠠᠳᠠᠬᠢ ᠲᠣᠮᠣ ᠭᠠᠷᠠᠭ ᠶᠤᠮ᠂ ᠨᠠᠷᠠᠨ ᠠ᠋ᠴᠠ ᠲᠣᠭᠠᠯᠠᠪᠠᠯ ᠵᠢᠷᠭᠤᠳᠠᠬᠢ ᠭᠠᠷᠠᠭ ᠨᠢ ᠰᠠᠨᠢᠴᠠᠷ᠂ ᠪᠷᠠᠬᠠᠰᠪᠠᠳᠢ᠂ ᠳᠠᠯᠠᠢ ᠶ᠋ᠢᠨ ᠸᠠᠩ᠂ ᠲᠩᠷᠢ ᠶ᠋ᠢᠨ ᠸᠠᠩ ᠭᠠᠷᠠᠭ ᠤ᠋ᠳ ᠢ᠋ ᠬᠡᠢ ᠶ᠋ᠢᠨ ᠭᠠᠷᠠᠭ ᠭᠡᠳᠡᠭ᠃
ᠰᠠᠨᠢᠴᠠᠷ ᠭᠠᠷᠠᠭ ᠨᠢ ᠤᠰᠤᠳᠦ᠋ᠷᠦᠭᠴᠢ ᠪᠠᠭ᠎ᠠ ᠬᠡᠮᠵᠢᠶᠡᠨ ᠦ᠌ ᠾᠧᠯᠢ ᠵᠡᠷᠭᠡ ᠡᠴᠡ ᠲᠣᠭᠲᠠᠨ᠎ᠠ᠃ ᠪᠦᠲᠦᠴᠡ ᠨᠢ ᠴᠢᠯᠠᠭᠤᠯᠢᠭ᠂ ᠮᠥᠰᠥᠨ ᠡᠴᠡ ᠲᠣᠭᠲᠠᠭᠠᠭᠳᠠᠭᠰᠠᠨ ᠮᠸᠲ᠋ᠸᠯ ᠤᠰᠤᠳᠦ᠋ᠷᠦᠭᠴᠢ ᠡᠴᠡ ᠲᠣᠭᠲᠠᠭᠠᠬᠤ ᠮᠠᠨᠢᠲ ᠪᠠ ᠬᠡᠢ ᠶ᠋ᠢᠨ ᠭᠠᠳᠠᠭᠠᠳᠤ ᠳᠠᠪᠬᠤᠷᠭ᠎ᠠ ᠶᠤᠮ᠂ ᠭᠠᠳᠠᠨᠠᠬᠢ ᠠᠲ᠋ᠮᠤᠰᠹᠸᠷ ᠨᠢ ᠶᠡᠷᠦᠩᠬᠡᠢ ᠳ᠋ᠦ᠍ ᠪᠡᠨ ᠥᠩᠭᠡᠯᠢᠭ ᠪᠢᠰᠢ ᠴᠦ᠍ ᠭᠡᠰᠡᠨ ᠬᠠᠶᠠ ᠤᠳᠠᠭᠠᠨ ᠣᠷᠣᠰᠢᠬᠤ ᠣᠨᠴᠠᠯᠢᠭ ᠤ᠋ᠳ ᠪᠣᠢ ᠪᠣᠯᠳᠠᠭ᠃ ᠰᠠᠨᠢᠴᠠᠷ ᠳᠡᠭᠡᠷ᠎ᠡ ᠰᠠᠯᠬᠢᠨ ᠤ᠋ ᠬᠤᠷᠳᠤ1800km/h(ᠴᠠᠭ) ᠲᠤ᠌ ᠬᠦᠷᠳᠡᠭ᠂ ᠡᠨᠡ ᠨᠢ ᠪᠷᠠᠬᠠᠰᠪᠠᠳᠢ ᠶ᠋ᠢᠨ ᠬᠢ ᠡᠴᠡ ᠬᠠᠷᠢᠴᠠᠩᠭᠤᠢ ᠶᠡᠬᠡ ᠶᠦᠮ᠂ ᠲᠠᠲᠠᠬᠤ ᠬᠦᠴᠦ ᠨᠢ ᠳᠡᠯᠡᠬᠡᠢ ᠪᠣᠯᠤᠨ ᠪᠷᠠᠬᠠᠰᠪᠠᠳᠢ ᠶ᠋ᠢᠨ ᠬᠦᠴᠦ ᠨᠦ᠍ᠭᠦᠳ ᠦ᠋ᠨ ᠳᠤᠮᠳᠠᠴᠢ ᠲᠠᠢ ᠢᠵᠢᠯ ᠶᠦᠮ᠂ ᠭᠠᠷᠠᠭ ᠢ᠋ ᠣᠳᠣ ᠪᠠᠷ 62ᠳᠠᠭᠠᠭᠤᠯᠢ ᠲᠣᠭᠣᠷᠢᠵᠤ ᠪᠣᠢ ᠶ᠋ᠢ ᠲᠣᠭᠲᠠᠭᠠᠭᠰᠠᠨ ᠪᠥᠭᠡᠳ ᠡᠭᠦᠨ ᠡᠴᠡ ᠭᠠᠳᠠᠨ᠎ᠠ ᠵᠠᠭᠤ ᠭᠠᠷᠤᠢ ᠳᠠᠭᠠᠭᠤᠯᠢᠨᠴᠢᠷ ᠤ᠋ᠳ ᠴᠠᠭᠠᠷᠢᠭ ᠳᠣᠲᠣᠷ᠎ᠠ ᠣᠷᠣᠰᠢᠨ᠎ᠠ᠂ ᠰᠠᠨᠢᠴᠠᠷ ᠤ᠋ᠨ ᠬᠠᠮᠤᠭ ᠤ᠋ᠨ ᠲᠣᠮᠣ ᠳᠠᠭᠠᠭᠤᠯᠢ ᠲᠢᠲ᠋ᠠᠨ ᠨᠢ ᠨᠠᠷᠠᠨ ᠤ᠋ ᠠᠢᠮᠠᠭ ᠤ᠋ᠨ ᠬᠣᠶᠠᠳᠠᠬᠢ ᠲᠣᠮᠣ ᠳᠠᠭᠠᠭᠤᠯᠢ ᠪᠷᠠᠬᠠᠰᠪᠠᠳᠢ ᠶ᠋ᠢᠨ ᠭᠠᠨᠢᠮᠡᠳᠢ ᠶ᠋ᠢᠨ ᠳᠠᠷᠠᠭ᠎ᠠ ᠣᠷᠣᠬᠤ ᠪᠥᠭᠡᠳ ᠪᠤᠳ᠋ ᠭᠠᠷᠠᠭ ᠠ᠋ᠴᠠ ᠴᠤ᠌ ᠲᠣᠮᠣ ᠬᠡᠮᠵᠢᠶ᠎ᠡ ᠲᠡᠢ᠃
ᠪᠦᠨᠧ᠄ᠲᠡᠷᠡ ᠠᠯᠢᠮ᠎ᠠ ᠰᠢᠭ᠋ ᠪᠥᠭᠡᠷᠡᠩᠬᠡᠢ ᠶᠠᠭᠤᠮ᠎ᠠ ᠶᠠᠭᠤ ᠪᠣᠢ?
ᠰᠦᠨᠧ᠄ᠥᠩ
ᠲᠣᠪᠢ᠄ᠡᠨᠡ ᠪᠣᠯ ᠰᠠᠨᠢᠴᠠᠷ ᠤ᠋ᠨ ᠬᠠᠮᠤᠭ ᠤ᠋ᠨ ᠲᠣᠮᠣ ᠳᠠᠭᠠᠭᠤᠯᠢ ᠲᠢᠲ᠋ᠠᠨ ᠰᠢᠦ ᠳᠡ
ᠪᠦᠨᠧ᠄ ᠣᠣ ᠁
ᠰᠦᠨᠧ᠄ ᠰᠠᠨᠢᠴᠠᠷ ᠭᠠᠷᠠᠭ ᠤᠰᠤᠨ ᠳ᠋ᠤ᠌ ᠬᠥᠪᠳᠡᠭ ᠭᠡᠵᠦ ᠦᠨᠡᠨ ᠤᠤ?
ᠪᠦᠨᠧ᠄ ᠠ᠁
ᠲᠣᠪᠢ᠄ᠰᠠᠨᠢᠴᠠᠷ ᠭᠠᠷᠠᠭ ᠭᠠᠭᠴᠠᠭᠠᠷ ᠢ᠋ᠶ᠋ᠠᠨ ᠤᠰᠤᠨ ᠳ᠋ᠤ᠌ ᠬᠥᠪᠬᠦ ᠴᠢᠳᠠᠪᠤᠷᠢ ᠲᠠᠢ
ᠪᠦᠨᠧ᠄ᠲᠡᠢᠮᠦ ᠤᠤ?
ᠲᠣᠪᠢ᠄ ᠶᠠᠭᠠᠬᠢᠭᠠᠳ ᠭᠡᠪᠡᠯ᠂ ᠮᠠᠰᠢ ᠪᠠᠭ᠎ᠠ ᠬᠦᠨᠳᠦᠴᠡ ᠲᠡᠢ ᠮᠠᠰᠢ ᠲᠣᠮᠣ ᠭᠠᠷᠠᠭ ᠪᠣᠯᠪᠠᠴᠤ ᠬᠥᠩᠭᠡᠨ ᠬᠡᠢ ᠡᠴᠡ ᠲᠣᠭᠲᠠᠭᠰᠠᠨ ᠤᠰᠤᠳᠦ᠋ᠷᠦᠭᠴᠢ ᠾᠧᠯᠢ ᠡᠴᠡ ᠪᠦᠲᠦᠳᠡᠭ
ᠪᠦᠨᠧ᠄ ᠶᠠᠭᠠᠬᠢᠵᠤ ᠤᠰᠤᠨ ᠳ᠋ᠤ᠌ ᠬᠥᠪᠦᠭᠦᠯᠵᠦ ᠦᠵᠡᠭᠰᠡᠨ ᠶᠦᠮ ᠪᠣᠯ ᠠ᠋
ᠰᠦᠨᠧ᠄ ᠬᠢ᠁ ᠬᠢ᠁᠂ ᠲᠡᠨᠡᠭ ᠠ᠋᠂ ᠡᠨᠡ ᠴᠢᠨᠢ ᠡᠷᠳᠡᠮᠲᠡᠳ ᠦ᠋ᠨ ᠭᠠᠷᠭᠠᠭᠰᠠᠨ ᠲᠣᠭᠠᠴᠠᠯᠠᠯ ᠰᠢᠳᠡ
ᠪᠦᠨᠧ᠄ᠠ᠁
ᠲᠣᠪᠢ᠄ ᠨᠠᠢᠵᠠ ᠨᠤᠭᠤᠳ ᠠ᠋᠂ ᠮᠠᠷᠭᠤᠯᠳᠤᠬᠤ ᠬᠡᠷᠡᠭ ᠦᠭᠡᠢ᠂ ᠣᠳᠣ ᠲᠩᠷᠢ ᠶ᠋ᠢᠨ ᠸᠠᠩ ᠤᠷᠤᠭᠤ ᠶᠠᠪᠤᠵᠠᠭᠠᠶ᠎ᠠ!
ᠭᠠᠷᠠᠭ ᠬᠣᠭᠣᠷᠣᠨᠳᠣ ᠶ᠋ᠢᠨ ᠵᠠᠢ ᠶᠡᠬᠡᠲᠡᠢ ᠪᠣᠯᠬᠣᠷ ᠬᠤᠷᠳᠤᠨ ᠶᠠᠪᠤᠬᠤ ᠦᠭᠡᠢ ᠪᠣᠯ ᠪᠣᠯᠬᠤ ᠦᠭᠡᠢ
ᠪᠦᠨᠧ᠄ᠠ᠁ ᠲᠡᠨᠳᠡ ᠴᠢᠨᠢ ᠡᠢᠮᠦ ᠬᠦᠢᠲᠡᠨ ᠪᠢᠰᠢ ᠪᠢᠵᠡ ᠳᠡ᠂
ᠲᠣᠪᠢ᠄ ᠮᠠᠭᠠᠳ ᠦᠭᠡᠢ ᠰᠢᠦ
ᠪᠦᠨᠧ᠂ ᠰᠦᠨᠧ᠄ᠠ᠁ ᠠ᠁
ᠰᠦᠨᠧ᠄ ᠬᠠᠷ᠎ᠠ ᠳᠠ᠂ ᠲᠩᠷᠢ ᠶ᠋ᠢᠨ ᠸᠠᠩ ᠪᠠᠰᠠ ᠯᠠ ᠪᠦᠰᠡᠯᠡᠭᠦᠷ ᠲᠡᠢ ᠶᠦ᠍ᠮ ᠪᠠᠢᠨ᠎ᠠ᠂ ᠭᠡᠬᠦ ᠳ᠋ᠦ᠍ ᠪᠡᠨ ᠬᠡᠪᠲᠡᠴᠢᠬᠡᠭᠰᠡᠨ ᠶᠦ᠍ᠮ ᠰᠢᠭ ᠬᠠᠵᠠᠭᠤ ᠲᠠᠢᠰᠢ ᠪᠠᠨ ᠪᠣᠰᠤᠭ᠎ᠠ ᠬᠠᠷᠠᠭᠳᠠᠵᠤ ᠪᠠᠢᠨ᠎ᠠ
ᠪᠦᠨᠧ᠄ᠲᠡᠢᠮᠦ ᠪᠠᠢᠨ᠎ᠠ
ᠺᠣᠮᠫᠢᠦ᠋ᠲ᠋ᠧᠷ᠄ᠲᠩᠷᠢ ᠶ᠋ᠢᠨ ᠸᠠᠩ ᠨᠢ ᠨᠠᠷᠠᠨ ᠤ᠋ ᠠᠢᠮᠠᠭ ᠤ᠋ᠨ ᠭᠤᠷᠪᠠᠳᠠᠬᠢ ᠲᠣᠮᠣ ᠳᠥᠷᠪᠡᠳᠡᠬᠢ ᠬᠦᠨᠳᠦ᠂ ᠨᠠᠷᠠᠨ ᠠ᠋ᠴᠠ ᠲᠣᠭᠠᠯᠠᠪᠠᠯ ᠳᠣᠯᠣᠳᠠᠬᠢ ᠭᠠᠷᠠᠭ ᠶᠤᠮ᠂ ᠳᠡᠯᠡᠬᠡᠢ ᠡᠴᠡ ᠬᠣᠶᠠᠷ ᠠᠷᠪᠠᠨ ᠤ᠋ ᠶᠢᠰᠦᠨ ᠰᠠᠶ᠎ᠠ ᠺᠢᠯᠣᠮᠧᠲ᠋ᠷ ᠦ᠋ᠨ ᠵᠠᠢ ᠲᠠᠢ ᠣᠷᠣᠰᠢᠨ᠎ᠠ᠃
ᠲᠩᠷᠢ ᠶ᠋ᠢᠨ ᠸᠠᠩ ᠨᠢ ᠳᠤᠷᠠᠨ ᠠᠪᠢᠶ᠎ᠠ ᠪᠠᠷ ᠣᠯᠳᠠᠭᠰᠠᠨ ᠠᠩᠬᠠᠨ ᠤ᠋ ᠭᠠᠷᠠᠭ ᠶᠤᠮ᠃ ᠲᠩᠷᠢ ᠶ᠋ᠢᠨ ᠸᠠᠩ ᠨᠢ ᠪᠦᠲᠦᠴᠡ ᠪᠡᠷ ᠢ᠋ᠶ᠋ᠡᠷ ᠳᠠᠯᠠᠢ ᠶ᠋ᠢᠨ ᠸᠠᠩ ᠲᠠᠢ ᠲᠥᠰᠲᠡᠢ ᠪᠥᠭᠡᠳ ᠪᠤᠰᠤᠳ ᠬᠡᠢ ᠶ᠋ᠢᠨ ᠭᠠᠷᠠᠭ ᠪᠷᠠᠬᠠᠰᠪᠠᠳᠢ᠂ᠰᠠᠨᠢᠴᠠᠷ ᠠ᠋ᠴᠠ ᠢᠯᠭᠠᠭ᠎ᠠ ᠲᠠᠢ ᠲᠤᠯᠠ ᠣᠳᠣᠨ ᠣᠷᠣᠨ ᠰᠤᠳᠤᠯᠤᠭᠠᠴᠢᠳ ᠵᠠᠷᠢᠮ ᠳ᠋ᠠᠭᠠᠨ ᠮᠥᠰᠥᠨ ᠭᠠᠷᠠᠭ ᠤ᠋ᠳ ᠭᠡᠮᠡᠨ ᠠᠩᠭᠢᠯᠠᠳᠠᠭ᠃ ᠠᠲ᠋ᠮᠤᠰᠹᠸᠷ ᠨᠢ ᠪᠷᠠᠬᠠᠰᠪᠠᠳᠢ᠂ ᠰᠠᠨᠢᠴᠠᠷ ᠲᠠᠢ ᠢᠵᠢᠯ᠂ ᠤᠰᠤᠳᠦ᠋ᠷᠦᠭᠴᠢ ᠾᠧᠯᠢ ᠡᠴᠡ ᠶᠡᠬᠡᠩᠬᠢ ᠳ᠋ᠦ᠍ ᠪᠡᠨ ᠲᠣᠭᠲᠠᠭᠠᠭᠴᠢ ᠪᠠᠭ᠎ᠠ ᠪᠣᠴᠠᠯᠠᠬᠤ ᠲᠸᠮᠫᠸᠷᠠᠲ᠋ᠦ᠋ᠷ(temperature) ᠲᠠᠢ ᠪᠣᠳᠠᠰ ᠪᠣᠯᠬᠤ ᠤᠰᠤ᠂ ᠠᠮᠮᠣᠨᠢ᠂ ᠮᠸᠲ᠋ᠠᠨ ᠮᠠᠰᠢ ᠪᠠᠭ᠎ᠠ ᠬᠡᠮᠵᠢᠶᠡᠨ ᠦ᠌ ᠨᠡᠭᠦᠷᠡᠰᠦ ᠤᠰᠤᠳᠦ᠋ᠷᠦᠭᠴᠢᠲᠦ ᠶᠡᠬᠡᠲᠡᠢ ᠪᠡᠷ ᠢ᠋ᠶ᠋ᠡᠨ ᠣᠨᠴᠠᠯᠠᠬᠤ ᠶᠤᠮ᠃
ᠨᠠᠷᠠᠨ ᠤ᠋ ᠠᠢᠮᠠᠭ ᠳᠠᠬᠢ ᠬᠠᠮᠤᠭ ᠤ᠋ᠨ ᠬᠦᠢᠲᠡᠨ ᠠᠲ᠋ᠮᠤᠰᠹᠸᠷ ᠲᠠᠢ᠂ ᠬᠠᠮᠤᠭ ᠤ᠋ᠨ ᠪᠠᠭ᠎ᠠ ᠲᠸᠮᠫᠸᠷᠠᠲ᠋ᠦ᠋ᠷ ᠨᠢ ᠬᠠᠰᠤᠬᠤ ᠬᠣᠶᠠᠷ ᠵᠠᠭᠤ ᠬᠣᠷᠢᠨ ᠳᠥᠷᠪᠡᠨ ᠭᠷᠠᠳᠦ᠋ᠰ᠂ ᠮᠠᠰᠢ ᠨᠠᠷᠢᠨ ᠳᠠᠪᠬᠤᠷᠭ᠎ᠠ ᠨᠤᠭᠤᠳ ᠲᠠᠢ ᠡᠭᠦᠯᠡᠨ ᠪᠦᠲᠦᠴᠡ ᠲᠡᠢ ᠪᠥᠭᠡᠳ ᠬᠠᠮᠤᠭ ᠤ᠋ᠨ ᠳᠣᠣᠷ᠎ᠠ ᠨᠢ ᠤᠰᠤ᠂ ᠬᠠᠮᠤᠭ ᠤ᠋ᠨ ᠳᠡᠭᠡᠳᠦ ᠳᠠᠪᠬᠤᠷᠭ᠎ᠠ ᠮᠸᠲ᠋ᠠᠨ ᠡᠵᠡᠯᠡᠳᠡᠭ ᠭᠡᠮᠡᠨ ᠦᠵᠡᠵᠦ ᠪᠠᠢᠨ᠎ᠠ᠂ ᠲᠩᠷᠢ ᠶ᠋ᠢᠨ ᠸᠠᠩ ᠤ᠋ᠨ ᠴᠥᠮ᠎ᠡ ᠬᠡᠰᠡᠭ ᠢ᠋ ᠮᠥᠰᠥ᠂ ᠴᠢᠯᠠᠭᠤᠯᠢᠭ ᠠ᠋ᠴᠠ ᠲᠣᠭᠲᠠᠳᠠᠭ ᠭᠡᠵᠦ ᠦᠵᠡᠳᠡᠭ᠃
ᠪᠦᠨᠧ᠄ ᠬᠥᠥᠭ᠂ ᠭᠣᠶᠣ ᠶᠤᠮ ᠠ᠋᠂ ᠠᠪᠠᠷᠠᠲ ᠪᠠᠢᠭᠰᠠᠨ ᠪᠣᠯ ᠵᠢᠷᠤᠭ ᠢ᠋ ᠨᠢ ᠠᠪᠬᠤ ᠶᠤᠮ ᠰᠠᠨ
ᠰᠦᠨᠧ᠄ ᠡᠨᠳᠡ ᠵᠢᠯ ᠦ᠋ᠨ ᠳᠥᠷᠪᠡᠨ ᠤᠯᠠᠷᠢᠯ ᠡᠭᠡᠯᠵᠢᠯᠡᠳᠡᠭ ᠤᠤ?
ᠲᠣᠪᠢ᠄ ᠲᠩᠷᠢ ᠶ᠋ᠢᠨ ᠸᠠᠩ ᠤ᠋ᠨ ᠤᠯᠠᠷᠢᠯ ᠨᠢ 98 ᠵᠢᠯ ᠢ᠋ᠶ᠋ᠡᠷ ᠬᠡᠮᠵᠢᠭᠳᠡᠳᠡᠭ᠂42 ᠵᠢᠯ ᠨᠢ ᠵᠤᠨ᠂42 ᠵᠢᠯ ᠨᠢ ᠡᠪᠦᠯ
ᠪᠦᠨᠧ᠄ ᠠ! ᠳᠥᠴᠢᠨ ᠬᠣᠶᠠᠷ ᠵᠢᠯ ᠠ᠋
ᠲᠣᠪᠢ᠄ᠠᠭᠠᠷ ᠤ᠋ᠨ ᠭᠡᠮ ᠳ᠋ᠦ᠍ ᠨᠢ ᠡᠪᠦᠯ ᠢᠯᠡᠭᠦᠦ ᠨᠣᠶᠠᠷᠬᠠᠳᠠᠭ ᠪᠣᠯᠬᠣᠷ ᠬᠠᠰᠤᠬᠤ ᠬᠣᠶᠠᠷ ᠵᠠᠭᠤ ᠠᠷᠪᠠᠨ ᠲᠠᠪᠤᠨ ᠭᠡᠮ ᠬᠦᠷᠲᠡᠯ᠎ᠡ ᠬᠦᠢᠲᠡᠷᠡᠳᠡᠭ ᠶᠦᠮ ᠪᠢᠯᠡ
ᠰᠦᠨᠧ᠄ ᠣᠳᠣ ᠳᠠᠯᠠᠢ ᠶ᠋ᠢᠨ ᠸᠠᠩ ᠭᠠᠷᠠᠭ ᠤᠷᠤᠭᠤ ᠶᠠᠪᠤᠬᠤ ᠤᠤ?
ᠲᠣᠪᠢ᠄ ᠲᠡᠭᠡᠶ᠎ᠡ
ᠫᠷᠦ᠋ᠳ᠋ᠶᠦᠰᠰᠸᠷ ᠄ ᠫ· ᠪᠠᠲᠤᠳᠦ᠋ᠷᠦ
ᠨᠠᠢᠷᠠᠭᠤᠯᠤᠭᠴᠢ᠄ ᠨ· ᠠᠮᠤᠷᠪᠠᠶᠠᠷ
ᠷᠧᠳᠠᠺᠲᠣᠷ᠄ ᠴ· ᠭᠠᠩᠳᠤᠶᠠᠭᠠ
ᠶᠡᠷᠦᠩᠬᠡᠢ ᠠᠨᠢᠮᠠᠲ᠋ᠣᠷ᠄ ᠨ᠊᠊· ᠠᠮᠤᠷᠪᠠᠶᠠᠷ
ᠠᠨᠢᠮᠠᠲ᠋ᠣᠷ᠄ ᠪ᠊᠂ ᠡᠩᠬᠡᠪᠣᠯᠣᠷ
ᠬᠥᠭᠵᠢᠮ ᠦ᠋ᠨ ᠵᠣᠬᠢᠶᠠᠯᠴᠢ᠄ ᠴ᠊᠊· ᠣᠳᠬᠣᠨᠪᠠᠶᠠᠷ (ᠰᠣᠶᠣᠯ ᠤ᠋ᠨ ᠲᠡᠷᠢᠭᠦᠨ ᠦ᠌ ᠠᠵᠢᠯᠲᠠᠨ)
ᠳᠦᠷᠢ ᠶ᠋ᠢᠨ ᠵᠢᠷᠤᠭᠠᠴᠢ᠄ ᠨ᠊· ᠠᠮᠤᠷᠪᠠᠶᠠᠷ
ᠹᠤᠨ ᠵᠢᠷᠤᠭᠠᠴᠢ᠄ ᠶ᠋ᠢᠨ· ᠡᠩᠬᠡᠪᠣᠯᠣᠷ
ᠳᠠᠭᠤᠤ ᠶ᠋ᠢᠨ ᠨᠠᠢᠷᠠᠭᠤᠯᠤᠭᠴᠢ᠄ ᠴ· ᠲᠤᠩᠭᠠᠯᠠᠮᠠ
ᠳᠠᠭᠤᠤ ᠣᠷᠣᠭᠤᠯᠤᠭᠰᠠᠨ ᠵᠦᠴᠦᠭᠡᠴᠢᠳ᠄
ᠣ · ᠮᠥᠩᠭᠦᠨᠴᠡᠴᠡᠭ (ᠰᠣᠶᠣᠯ ᠤ᠋ᠨ ᠲᠡᠷᠢᠭᠦᠨ ᠦ᠌ ᠠᠵᠢᠯᠲᠠᠨ)
ᠢ · ᠫᠦᠷᠪᠦᠰᠠᠢᠬᠠᠨ
ᠦᠰᠦᠭ ᠠᠮᠢᠯᠠᠭᠤᠯᠤᠭᠰᠠᠨ ᠨᠢ᠄ ᠠᠯᠲᠠᠨᠬᠤᠶᠠᠭ
ᠦᠰᠦᠭ ᠬᠠᠲᠠᠭᠰᠠᠨ ᠨᠢ᠄ ᠪᠦᠷᠢᠨᠴᠡᠴᠡᠭ
ᠬᠢᠨᠠᠭᠴᠢ᠄ ᠱᠤᠳᠤᠷᠭᠤ ᠂ ᠰᠡᠳᠬᠢᠬᠦᠢ ᠂ᠾᠦᠩ ᠸᠧᠢ᠂ ᠳ · ᠪᠥᠬᠡᠴᠢᠯᠠᠭᠤ ᠂ ᠮᠥᠴᠢᠷ᠂ ᠢᠷᠡᠭᠡᠳᠦᠢ᠂ ᠨᠤᠮᠤᠴᠢᠨ· ᠪᠢᠯᠢᠭ᠂ ᠡᠷᠳᠡᠨᠢᠪᠢᠯᠢᠭ᠂ ᠣᠮᠣᠭᠣᠯᠠᠩ
