ᠰᠠᠨᠠᠭᠠᠨ ᠳᠤ ᠦᠭᠡᠢ ᠤᠴᠠᠷᠠᠭᠰᠠᠨ ᠳᠤᠷᠠᠯᠠᠯ- ᠡ᠊ ᠴᠢᠯᠠᠭᠤᠨᠴᠢᠮᠡᠭМУСТА Э. Чулуунчимэг - Санаандгүй учирсан дурлал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠨᠠᠭᠠᠨ ᠳᠤ ᠦᠭᠡᠢ ᠤᠴᠠᠷᠠᠭᠰᠠᠨ ᠳᠤᠷᠠᠯᠠᠯ- ᠡ᠊ ᠴᠢᠯᠠᠭᠤᠨᠴᠢᠮᠡᠭМУСТА Э. Чулуунчимэг - Санаандгүй учирсан дурлал

ᠰᠠᠨᠠᠭᠠᠨ ᠳᠤ ᠦᠭᠡᠢ ᠤᠴᠠᠷᠠᠭᠰᠠᠨ ᠳᠤᠷᠠᠯᠠᠯ- ᠡ᠊ ᠴᠢᠯᠠᠭᠤᠨᠴᠢᠮᠡᠭМУСТА Э. Чулуунчимэг - Санаандгүй учирсан дурлал

ᠠᠩᠭᠢᠯᠠᠯ:ᠳᠠᠭᠤᠤ ᠬᠥᠭᠵᠢᠮ
2023-10-25

708

ᠰᠠᠨᠠᠭᠠᠨ ᠳᠤ ᠦᠭᠡᠢ ᠤᠴᠠᠷᠠᠭᠰᠠᠨ ᠳᠤᠷᠠᠯᠠᠯ

   ᠦᠭᠡ ᠂ᠠᠶ᠎ᠠ᠄ ᠪᠠᠰᠠᠩᠬᠦᠦ
   ᠳᠠᠭᠤᠴᠢᠨ᠄ ᠠ᠋ ᠂ ᠴᠢᠯᠠᠭᠤᠨᠴᠢᠮᠡᠭ

ᠰᠠᠨᠠᠭᠠᠨ ᠳ᠋ᠤ᠌ ᠤᠴᠠᠷᠠᠭᠰᠠᠨ ᠴᠢᠨᠦ ᠳᠡᠷᠭᠡᠳᠡᠭᠦᠷ
ᠰᠠᠨᠠᠭ᠎ᠠ ᠦᠭᠡᠢ ᠶᠦᠮ ᠰᠢᠭ ᠵᠥᠷᠢᠭᠰᠡᠨ ᠮᠢᠨᠢ ᠬᠤᠳᠠᠯ ᠠ᠋
ᠰᠠᠯᠬᠤ ᠳ᠋ᠤ᠌ ᠪᠠᠨ ᠳᠠᠯᠠᠯᠬᠤ ᠰᠡᠳᠬᠢᠯ ᠢ᠋ᠶ᠋ᠡᠨ ᠨᠢᠭᠤᠵᠤ
ᠢᠨᠢᠶᠡᠳᠦ ᠪᠡᠷ ᠬᠠᠭᠤᠷᠴᠤ ᠦᠯᠡᠳᠡᠭᠰᠡᠨ ᠮᠢᠨᠢ ᠬᠤᠳᠠᠯ ᠠ᠋

ᠰᠠᠨᠠᠭᠠᠨ ᠳ᠋ᠤ᠌ ᠦᠭᠡᠢ ᠤᠴᠠᠷᠠᠭᠠᠳ ᠳᠤᠷᠠᠯᠠᠴᠢᠬᠤ ᠶᠤᠮ ᠭᠡᠵᠦ
ᠰᠠᠨᠠᠭᠰᠠᠨ ᠦᠭᠡᠢ᠂ ᠪᠣᠳᠣᠭᠰᠠᠨ ᠦᠭᠡᠢ᠂ ᠵᠡᠭᠦᠳᠦᠯᠡᠭᠰᠡᠨ ᠦᠭᠡᠢ
ᠰᠠᠯᠬᠢᠨ ᠳ᠋ᠤ᠌ ᠬᠡᠢᠰᠦᠭᠡᠳ ᠢᠷᠡᠴᠢᠬᠡᠨ᠎ᠡ ᠭᠡᠵᠦ
ᠰᠠᠷᠠ ᠰᠢᠭ᠋ ᠮᠥᠩᠬᠡᠷᠡᠭᠡᠳ ᠭᠡᠢᠴᠢᠬᠡᠨ᠎ᠡ ᠭᠡᠵᠦ
ᠳᠠᠭᠤᠨ ᠳ᠋ᠤ᠌ ᠴᠢ ᠬᠠᠷᠢᠨ ᠠᠶᠠᠯᠭᠤ ᠨᠢ ᠪᠠᠢᠳᠠᠭ ᠠ᠋
ᠳᠠᠯᠠᠢ ᠳ᠋ᠤ᠌ ᠴᠢ ᠭᠠᠭᠴᠠᠬᠠᠨ ᠰᠤᠪᠤᠳ ᠨᠢ ᠪᠣᠯᠳᠠᠭ ᠠ᠋
ᠬᠥᠭᠵᠢᠮ ᠳ᠋ᠦ᠍ ᠴᠢ ᠬᠠᠷᠢᠨ ᠡᠬᠡᠰᠢᠭ ᠨᠢ ᠪᠠᠢᠳᠠᠭ ᠠ᠋
ᠬᠠᠪᠤᠷ ᠲᠤ᠌ ᠴᠢ ᠡᠷᠬᠡᠯᠡᠵᠦ ᠢᠷᠭᠤᠢ ᠨᠢ ᠪᠣᠯᠳᠠᠭ ᠠ᠋
ᠰᠠᠨᠠᠭᠰᠠᠨ ᠦᠭᠡᠢ᠂ ᠪᠣᠳᠣᠭᠰᠠᠨ ᠦᠭᠡᠢ᠂ ᠵᠡᠭᠦᠳᠦᠯᠡᠭᠰᠡᠨ ᠦᠭᠡᠢ
ᠰᠠᠨᠠᠭᠠᠨ ᠳ᠋ᠤ᠌ ᠦᠭᠡᠢ ᠤᠴᠠᠷᠠᠭᠰᠠᠨ ᠳᠤᠷᠠᠯᠠᠯ ᠮᠢᠨᠢ ᠳᠡ

ᠭᠡᠨᠡᠬᠡᠨ ᠠᠭᠤᠯᠵᠠᠭᠠᠳ ᠬᠠᠢᠷᠠᠯᠠᠴᠢᠬᠤ ᠶᠤᠮ ᠭᠡᠵᠦ
ᠭᠡᠮᠰᠢᠭᠰᠡᠨ ᠦᠭᠡᠢ ᠬᠠᠷᠠᠮᠰᠠᠭᠰᠠᠨ ᠦᠭᠡᠢ ᠤᠶᠠᠷᠠᠴᠢᠬᠠᠯ᠎ᠠ
ᠪᠣᠷᠣᠭ᠎ᠠ ᠰᠢᠭ᠋ ᠰᠢᠪᠡᠷᠡᠭᠡᠳ ᠵᠣᠭᠰᠣᠭᠰᠠᠨ ᠦᠭᠡᠢ
ᠴᠠᠰᠤ ᠰᠢᠭ᠋ ᠪᠤᠲᠠᠷᠠᠭᠠᠳ ᠤᠨᠠᠯ᠎ᠠ ᠬᠦ
ᠳᠠᠭᠤᠨ ᠳ᠋ᠤ᠌ ᠴᠢ ᠬᠠᠷᠢᠨ ᠠᠶᠠᠯᠭᠤ ᠨᠢ ᠪᠠᠢᠳᠠᠭ ᠠ᠋
ᠳᠠᠯᠠᠢ ᠳ᠋ᠤ᠌ ᠴᠢ ᠭᠠᠭᠴᠠᠬᠠᠨ ᠰᠤᠪᠤᠳ ᠨᠢ ᠪᠣᠯᠳᠠᠭ ᠠ᠋
ᠬᠥᠭᠵᠢᠮ ᠳ᠋ᠦ᠍ ᠴᠢ ᠬᠠᠷᠢᠨ ᠡᠬᠡᠰᠢᠭ ᠨᠢ ᠪᠠᠢᠳᠠᠭ ᠠ᠋
ᠬᠠᠪᠤᠷ ᠲᠤ᠌ ᠴᠢ ᠡᠷᠬᠡᠯᠡᠵᠦ ᠢᠷᠭᠤᠢ ᠨᠢ ᠪᠣᠯᠳᠠᠭ ᠠ᠋
ᠰᠠᠨᠠᠭᠰᠠᠨ ᠦᠭᠡᠢ ᠂ ᠪᠣᠳᠣᠭᠰᠠᠨ ᠦᠭᠡᠢ᠂ ᠵᠡᠭᠦᠳᠦᠯᠡᠭᠰᠡᠨ ᠦᠭᠡᠢ
ᠰᠠᠨᠠᠭᠠᠨ ᠳ᠋ᠤ᠌ ᠦᠭᠡᠢ ᠤᠴᠠᠷᠠᠭᠰᠠᠨ ᠳᠤᠷᠠᠯᠠᠯ ᠮᠢᠨᠢ ᠳᠡ

ᠵᠠᠭᠤᠷᠠᠬᠠᠨ ᠳᠣᠲᠣᠨᠣᠰᠤᠭᠠᠳ ᠳᠠᠰᠴᠢᠬᠠᠬᠤ ᠶᠤᠮ ᠭᠡᠵᠦ
ᠵᠣᠷᠢᠭᠯᠠᠭᠰᠠᠨ ᠦᠭᠡᠢ ᠵᠢᠷᠦᠬᠡᠯᠡᠭᠰᠡᠨ ᠦᠭᠡᠢ ᠭᠠᠢᠬᠠᠰᠢᠷᠠᠯ᠎ᠠ
ᠵᠤᠨ ᠰᠢᠭ᠋ ᠴᠡᠴᠡᠭᠯᠡᠭᠡᠳ ᠳᠡᠯᠭᠡᠷᠡᠴᠢᠬᠡᠬᠦ ᠶᠦᠮ ᠭᠡᠵᠦ
ᠵᠢᠷᠤᠭ ᠰᠢᠭ᠋ ᠭᠤᠶᠤᠭᠠᠳ ᠦᠯᠡᠳᠡᠴᠢᠬᠡᠬᠦ ᠶᠦᠮ ᠭᠡᠵᠦ
ᠳᠠᠭᠤᠨ ᠳ᠋ᠤ᠌ ᠴᠢ ᠬᠠᠷᠢᠨ ᠠᠶᠠᠯᠭᠤ ᠨᠢ ᠪᠠᠢᠳᠠᠭ ᠠ᠋
ᠳᠠᠯᠠᠢ ᠳ᠋ᠤ᠌ ᠴᠢ ᠭᠠᠭᠴᠠᠬᠠᠨ ᠰᠤᠪᠤᠳ ᠨᠢ ᠪᠣᠯᠳᠠᠭ ᠠ᠋
ᠬᠥᠭᠵᠢᠮ ᠳ᠋ᠦ᠍ ᠴᠢ ᠬᠠᠷᠢᠨ ᠡᠭᠡᠰᠢᠭ ᠨᠢ ᠪᠠᠢᠳᠠᠭ ᠠ᠋
ᠬᠠᠪᠤᠷ ᠲᠤ᠌ ᠴᠢ ᠡᠷᠬᠡᠯᠡᠵᠦ ᠢᠷᠭᠤᠢ ᠨᠢ ᠪᠣᠯᠳᠠᠭ ᠠ᠋
ᠰᠠᠨᠠᠭᠰᠠᠨ ᠦᠭᠡᠢ᠂ ᠪᠣᠳᠣᠭᠰᠠᠨ ᠦᠭᠡᠢ᠂ ᠵᠡᠭᠦᠳᠦᠯᠡᠭᠰᠡᠨ ᠦᠭᠡᠢ
ᠰᠠᠨᠠᠭᠠᠨ ᠳ᠋ᠤ᠌ ᠦᠭᠡᠢ ᠤᠴᠠᠷᠠᠭᠰᠠᠨ ᠳᠤᠷᠠᠯᠠᠯ ᠮᠢᠨᠢ ᠳᠡ
ᠰᠠᠨᠠᠭᠰᠠᠨ ᠦᠭᠡᠢ᠂ ᠪᠣᠳᠣᠭᠰᠠᠨ ᠦᠭᠡᠢ᠂ ᠵᠡᠭᠦᠳᠦᠯᠡᠭᠰᠡᠨ ᠦᠭᠡᠢ
ᠰᠠᠨᠠᠭᠠᠨ ᠳ᠋ᠤ᠌ ᠦᠭᠡᠢ ᠤᠴᠠᠷᠠᠭᠰᠠᠨ ᠳᠤᠷᠠᠯᠠᠯ ᠮᠢᠨᠢ ᠳᠡ

   ᠦᠰᠦᠭ ᠠᠮᠢᠯᠠᠭᠤᠯᠤᠭᠰᠠᠨ ᠨᠢ ᠄ ᠭᠠᠸᠠ
   ᠦᠰᠦᠭ ᠬᠠᠲᠠᠭᠰᠠᠨ ᠨᠢ᠄ ᠭᠠᠸᠠ
   ᠬᠢᠨᠠᠭᠴᠢ ᠪᠠᠭᠰᠢ᠄ ᠢᠷᠡᠭᠡᠳᠦᠢ