ᠬᠥᠳᠡᠭᠡ ᠶ᠋ᠢᠨ ᠬᠥᠮᠦᠨ- ᠦ᠌᠂ ᠤᠰᠤᠷХөдөөгийн хүн хүн-ө, уср ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠳᠡᠭᠡ ᠶ᠋ᠢᠨ ᠬᠥᠮᠦᠨ- ᠦ᠌᠂ ᠤᠰᠤᠷХөдөөгийн хүн хүн-ө, уср

ᠬᠥᠳᠡᠭᠡ ᠶ᠋ᠢᠨ ᠬᠥᠮᠦᠨ- ᠦ᠌᠂ ᠤᠰᠤᠷХөдөөгийн хүн хүн-ө, уср

2023-10-24

414

ᠬᠥᠳᠡᠭᠡ ᠶ᠋ᠢᠨ ᠬᠥᠮᠦᠨ

               ᠦ᠌᠂ ᠤᠰᠤᠷ 
ᠬᠥᠯ ᠨᠢ ᠮᠠᠢᠵᠢᠭᠢ ᠴᠤ᠌ ᠰᠠᠨᠠᠭ᠎ᠠ ᠨᠢ ᠰᠠᠨᠰᠠᠷ 
ᠬᠥᠳᠡᠯᠬᠦ ᠨᠢ ᠬᠦᠳᠡᠭᠢ ᠴᠦ᠍ ᠪᠣᠳᠣᠯ ᠨᠢ ᠪᠤᠷᠬᠠᠨ 
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ 
ᠬᠦᠯᠦᠭ ᠮᠣᠷᠢ ᠨᠢ ᠬᠥᠨᠳᠡᠢ ᠵᠠᠭᠠᠨ 

ᠭᠡᠷᠡᠯ ᠦ᠋ᠨ ᠨᠣᠭᠲᠣ ᠪᠠᠨ ᠴᠢᠷᠵᠦ ᠳᠠᠪᠬᠢᠭᠰᠠᠨ 
ᠰᠢᠷᠭ᠎ᠠ ᠶ᠋ᠢᠨ ᠰᠢᠷᠭ᠎ᠠ ᠨᠢ ᠨᠠᠷᠠ ᠶᠤᠮ 
ᠭᠡᠷ ᠦ᠋ᠨ ᠬᠠᠶᠠᠭ᠎ᠠ ᠨᠠᠯᠠᠵᠤ ᠳᠡᠯᠭᠡᠭᠰᠡᠨ 
ᠰᠠᠩᠬᠠᠶᠤᠤ ᠭᠥᠯᠢᠮ ᠨᠢ ᠨᠠᠪᠴᠢ ᠶᠤᠮ 
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ 

ᠡᠬᠢᠯᠡᠵᠦ ᠠᠭᠤᠯᠵᠠᠬᠤ ᠳ᠋ᠤ᠌ ᠰᠤᠢᠯᠠᠭᠠᠳ ᠴᠠᠭᠠᠰᠢ ᠪᠠᠨ ᠭᠦᠶᠦᠳᠡᠭ
ᠡᠶᠡᠰᠴᠦ ᠳᠠᠰᠬᠤ ᠳ᠋ᠤ᠌ ᠤᠬᠢᠯᠠᠭᠠᠳ ᠨᠠᠭᠠᠰᠢ ᠪᠠᠨ ᠢᠷᠡᠳᠡᠭ
ᠡᠪᠡᠳᠬᠦ ᠦᠶ᠎ᠡ ᠳ᠋ᠦ᠍ ᠡᠯᠢᠭᠡ ᠪᠡᠨ ᠡᠮᠲᠡᠯᠦᠭᠡᠳ ᠥᠭᠳᠡᠭ
ᠡᠭᠳᠡᠭᠦᠴᠡᠬᠦ ᠴᠠᠭ ᠲᠤ᠌ ᠡᠷᠯᠢᠭ ᠪᠣᠯᠵᠤ ᠪᠣᠰᠳᠠᠭ
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ

ᠭᠠᠵᠠᠷ ᠮᠠᠭᠠᠵᠢᠵᠤ ᠨᠣᠭᠣᠭᠠᠨ ᠤ᠋ ᠴᠥᠪᠥᠳᠡᠯ ᠰᠢᠮᠡᠳᠡᠭ ᠦᠭᠡᠢ
ᠭᠠᠯ ᠳ᠋ᠤ᠌ ᠬᠥᠭᠡᠷᠦᠭᠰᠡᠨ ᠴᠠᠭᠠᠨ ᠰᠦ ᠰᠢᠷᠭᠢᠳᠡᠭ ᠦᠭᠡᠢ
ᠭᠠᠳᠠᠨ᠎ᠠ ᠪᠠᠨ ᠡᠪᠦᠯ ᠳᠣᠲᠣᠷ᠎ᠠ ᠪᠠᠨ ᠵᠤᠨ
ᠭᠠᠷᠠᠭ ᠭᠠᠷᠠᠭ ᠤ᠋ᠨ ᠳᠣᠲᠣᠷᠠᠬᠢ ᠨᠠᠷᠠᠨ ᠭᠠᠷᠠᠭ
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ

ᠬᠠᠩᠭᠠᠢ ᠲᠠᠯ᠎ᠠ ᠪᠠᠷ ᠰᠦᠨᠳᠡᠷᠯᠡᠵᠦ ᠨᠡᠭᠦᠳᠡᠭ ᠠᠭᠤᠯᠠ
ᠬᠠᠲᠠᠲᠠᠢ ᠠᠭᠤᠯᠠ ᠪᠠᠷ ᠰᠦᠷᠯᠢᠭ ᠳᠡᠭᠦᠯᠢᠳᠡᠭ ᠬᠠᠷᠴᠠᠭᠠᠢ
ᠬᠠᠷᠴᠠᠭᠠᠢ ᠪᠦᠷᠭᠦᠳ ᠲᠡᠭᠡᠨ ᠰᠦᠯᠳᠡ ᠥᠨᠳᠥᠷ ᠲᠡᠭᠷᠢ
ᠬᠠᠨ ᠲᠩᠷᠢ ᠪᠡᠨ ᠲᠣᠭᠣᠨᠣ ᠪᠠᠷ ᠡᠷᠭᠦᠭᠰᠡᠨ ᠰᠢᠳᠢᠲᠡᠨ
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ

ᠳᠣᠭᠰᠢᠨ ᠮᠣᠷᠢᠨ ᠤ᠋ ᠴᠢᠳᠥᠷ ᠢ᠋ᠶ᠋ᠡᠷ ᠰᠠᠯᠬᠢ ᠭᠠᠨᠵᠤᠭᠠᠯᠠᠳᠠᠭ
ᠲᠣᠰᠣᠨ ᠴᠠᠭᠠᠨ ᠵᠥᠭᠡᠬᠡᠢ ᠪᠡᠷ ᠰᠠᠷᠠ ᠳᠡᠭᠦᠷᠳᠡᠭ
ᠲᠣᠭᠲᠠᠭᠰᠠᠨ ᠪᠦᠭᠦᠳᠡ ᠪᠡᠨ ᠲᠥᠷᠥ ᠡᠴᠡ ᠪᠠᠲᠤ ᠰᠠᠬᠢᠳᠠᠭ
ᠳᠣᠬᠢᠭᠰᠠᠨ ᠪᠦᠬᠦᠨ ᠢ᠋ᠶ᠋ᠡᠨ ᠬᠠᠤᠯᠢ ᠠ᠋ᠴᠠ ᠴᠢᠩᠭ᠎ᠠ ᠳᠠᠭᠠᠳᠠᠭ
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ

ᠮᠣᠨᠳᠢ ᠭᠡᠳᠡᠭ ᠢ᠋ᠶ᠋ᠡᠨ ᠮᠠᠭᠤᠬᠠᠢ ᠬᠠᠷᠢᠶᠠᠯ ᠢ᠋ᠶ᠋ᠠᠷ ᠦᠵᠡᠳᠡᠭ
ᠮᠤᠯᠭᠤ ᠭᠡᠳᠡᠭ ᠢ᠋ᠶ᠋ᠡᠨ ᠮᠤᠨᠳᠠᠭ ᠬᠠᠭᠤᠷᠠᠭᠰᠠᠨ ᠢ᠋ᠶ᠋ᠠᠷ ᠰᠠᠨᠠᠳᠠᠭ
ᠮᠣᠷᠢᠲᠠᠢ ᠣᠴᠢᠪᠠᠯ ᠬᠡᠦᠬᠡᠳ ᠨᠢ ᠠᠪᠤᠭᠠᠢ ᠳᠠᠭᠤᠳᠠᠳᠠᠭ
ᠮᠣᠳᠣ ᠴᠢᠷᠪᠡᠯ ᠨᠣᠬᠠᠢ ᠨᠢ ᠠᠷᠬᠢᠷᠠᠵᠤ ᠲᠣᠰᠳᠠᠭ
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ

ᠳᠣᠷᠣᠰᠬᠠᠨ ᠪᠠᠷᠵᠠᠭᠠᠷ ᠴᠢᠷᠠᠢ ᠨᠢ ᠲᠣᠰᠣᠨ ᠲᠣᠷᠭ᠎ᠠ
ᠳᠠᠭᠤᠤ ᠬᠠᠩᠭᠢᠨᠠᠭᠤᠯᠳᠠᠭ ᠬᠣᠭᠣᠯᠠᠢ ᠨᠢ ᠰᠦᠨ ᠴᠣᠷᠭᠣ
ᠲᠣᠭᠣᠷ ᠲᠣᠮᠪᠣᠭᠣᠷ ᠰᠠᠭᠤᠳᠠᠯ ᠨᠢ ᠡᠷᠳᠡᠨᠢ ᠠᠭᠤᠢ
ᠳᠤᠭᠲᠤᠷᠴᠤ ᠠᠪᠬᠤ ᠲᠤᠷᠪᠢ ᠨᠢ ᠬᠦᠴᠦᠲᠦ ᠠᠶᠤᠩᠭ᠎ᠠ
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ

ᠬᠣᠲᠠ ᠶ᠋ᠢᠨ ᠬᠥᠮᠦᠨ ᠦ᠌ ᠳᠡᠷᠭᠡᠳᠡ ᠵᠢᠰᠦ ᠨᠢ ᠪᠣᠷᠣᠪᠲᠤᠷᠬᠠᠨ
ᠬᠣᠷᠸ᠎ᠠ ᠪᠦᠬᠦᠯᠢ ᠪᠡᠷ ᠢ᠋ᠶ᠋ᠡᠨ ᠪᠠᠭᠲᠠᠳᠠᠭ ᠴᠡᠭᠡᠵᠢ ᠨᠢ ᠠᠭᠤᠵᠢᠮᠬᠠᠨ
ᠬᠣᠯᠠ ᠶ᠋ᠢ ᠲᠣᠳᠣᠬᠠᠨ ᠬᠠᠷᠠᠳᠠᠭ ᠨᠢᠳᠦ ᠨᠢ ᠭᠡᠭᠡᠬᠡᠨ
ᠬᠣᠶᠠᠷᠯᠠᠵᠤ ᠨᠠᠷᠢᠨ ᠪᠣᠳᠣᠳᠠᠭ ᠤᠬᠠᠭᠠᠨ ᠨᠢ ᠰᠠᠷᠠᠭᠤᠯᠬᠠᠨ
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ

ᠰᠦᠨ ᠳ᠋ᠦ᠍ ᠷᠠᠰᠢᠶᠠᠯᠠᠭᠰᠠᠨ ᠨᠡᠷ᠎ᠡ ᠨᠢ ᠪᠢᠯᠢᠭ ᠦ᠋ᠨ ᠬᠠᠶᠠᠭ
ᠰᠦᠷᠦᠭ ᠲᠦ᠍ ᠠᠳᠢᠰᠯᠠᠭᠰᠠᠨ ᠤᠷᠭ᠎ᠠ ᠨᠢ ᠬᠡᠰᠢᠭ ᠦ᠋ᠨ ᠬᠠᠳᠠᠭ
ᠰᠦᠬᠡᠨ ᠳ᠋ᠦ᠍ ᠬᠠᠭᠠᠷᠠᠳᠠᠭ ᠦᠭᠡᠢ ᠶᠠᠰᠤ ᠨᠢ ᠡᠷ᠎ᠡ ᠶ᠋ᠢᠨ ᠬᠤᠶᠠᠭ
ᠰᠦᠷ ᠲᠦ᠍ ᠨᠤᠭᠤᠷᠠᠳᠠᠭ ᠦᠭᠡᠢ ᠡᠪᠦᠳᠦᠭ ᠨᠢ ᠪᠢᠷ᠎ᠠ ᠶ᠋ᠢᠨ ᠲᠠᠶᠠᠭ
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ

ᠬᠥᠯ ᠨᠢ ᠮᠠᠢᠵᠢᠭᠢ ᠴᠤ᠌ ᠰᠠᠨᠠᠭ᠎ᠠ ᠨᠢ ᠰᠠᠨᠰᠠᠷ
ᠬᠥᠳᠡᠯᠬᠦ ᠨᠢ ᠬᠦᠳᠡᠭᠢ ᠴᠦ᠍ ᠪᠣᠳᠣᠯ ᠨᠢ ᠪᠤᠷᠬᠠᠨ
ᠬᠥᠳᠡᠭᠡ ᠶ᠋ᠢᠨ ᠬᠥᠮᠦᠨ ᠬᠥᠳᠡᠭᠡ ᠳ᠋ᠦ᠍ ᠪᠡᠨ ᠬᠠᠭᠠᠨ
ᠬᠦᠯᠦᠭ ᠮᠣᠷᠢ ᠨᠢ ᠬᠥᠨᠳᠡᠢ ᠳ᠋ᠦ᠍ ᠪᠡᠨ ᠵᠠᠭᠠᠨ

    ᠦᠰᠦᠭ ᠠᠮᠢᠯᠠᠭᠤᠯᠤᠭ᠍ᠴᠢ᠄ ᠰ ᠳᠣᠷᠣᠨ᠎ᠠ