ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠢᠳᠡᠭᠡᠨ ᠬᠠᠷᠰᠢᠯᠳᠤᠬᠤ ᠲᠤᠬᠠᠢ Идээ ундааны жинхэнэ товч– Хүсэхүй ᠂Хөхлуу нар – <2-р боть>идээн харшилдах тухай
ᠢᠳᠡᠭᠡᠨ ᠬᠠᠷᠰᠢᠯᠳᠤᠬᠤ ᠲᠤᠬᠠᠢ
ᠮᠣᠷᠢᠨ ᠮᠢᠬ᠎ᠠ ᠶ᠋ᠢ ᠰᠠᠩ ᠣᠨ ᠬᠠᠭᠤᠴᠢᠨ ᠠᠮᠤ ᠯᠤᠭ᠎ᠠ ᠬᠠᠮᠲᠤ ᠢᠳᠡᠵᠦ ᠦᠯᠦ ᠪᠣᠯᠤᠮᠤᠢ᠃ ᠮᠣᠷᠢᠨ ᠮᠢᠬ᠎ᠠ ᠶ᠋ᠢ ᠨᠠᠳᠮᠠ ᠬᠢᠭᠡᠳ ᠭᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠭᠠᠬᠠᠢ ᠶ᠋ᠢᠨ ᠮᠢᠬ᠎ᠠ ᠶ᠋ᠢ ᠦᠬᠡᠷ ᠦ᠋ᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠬᠣᠨᠢ ᠶ᠋ᠢᠨ ᠡᠯᠢᠭᠡ ᠶ᠋ᠢ ᠴᠢᠨᠵᠢᠶᠣᠣ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠵᠢᠷᠦᠬᠡᠨ ᠲᠠᠮᠢᠷ ᠢ᠋ ᠬᠥᠨᠥᠭᠡᠮᠦᠢ᠃
ᠲᠠᠤᠯᠠᠢ ᠶ᠋ᠢᠨ ᠮᠢᠬ᠎ᠠ ᠶ᠋ᠢ ᠭᠠ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠭᠡᠳᠡᠰᠦ ᠶ᠋ᠢᠨ ᠨᠢᠶᠠᠨ ᠬᠢᠵᠢᠭ ᠲᠣᠷ ᠨᠡᠷᠪᠡᠭᠳᠡᠮᠦᠢ᠃
ᠬᠣᠨᠢ ᠶ᠋ᠢᠨ ᠡᠯᠢᠭᠡ ᠶ᠋ᠢ ᠭᠠᠬᠠᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠦᠬᠡᠷ ᠦ᠋ᠨ ᠮᠢᠬ᠎ᠠ ᠶ᠋ᠢ ᠲᠠᠤᠯᠠᠢ ᠶ᠋ᠢᠨ ᠪᠥᠭᠡᠷ᠎ᠡ ᠯᠦ᠍ᠭᠡ ᠬᠠᠮᠲᠤ ᠢᠳᠡᠵᠦ ᠦᠯᠦ ᠪᠣᠯᠤᠮᠤᠢ᠃
ᠬᠣᠨᠢ ᠶ᠋ᠢᠨ ᠭᠦᠵᠡᠭᠡ ᠶ᠋ᠢ ᠡᠷᠰᠡ ᠪᠤᠷᠴᠠᠭ ᠪᠠ ᠮᠧᠢ ᠭᠦᠢᠯᠡᠰᠦ ᠶ᠋ᠢᠨ ᠦᠷ᠎ᠡ ᠯᠦ᠍ᠭᠡ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠬᠥᠮᠦᠨ ᠢ᠋ ᠭᠡᠮᠲᠦᠭᠡᠮᠦᠢ᠃
ᠬᠣᠨᠢ ᠶ᠋ᠢᠨ ᠮᠢᠬ᠎ᠠ ᠶ᠋ᠢ ᠵᠢᠭᠠᠰᠤᠨ ᠮᠢᠬ᠎ᠠ ᠬᠢᠭᠡᠳ ᠳᠡᠷᠡᠰᠦᠨ ᠲᠠᠷᠠᠭ ᠯᠤᠭ᠎ᠠ ᠬᠠᠮᠲᠤ ᠢᠳᠡᠵᠦ ᠦᠯᠦ ᠪᠣᠯᠤᠮᠤᠢ᠃
ᠭᠠᠬᠠᠢ ᠶ᠋ᠢᠨ ᠮᠢᠬ᠎ᠠ ᠶ᠋ᠢ ᠦᠰᠦ᠋ ᠯᠦ᠍ᠭᠡ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠭᠡᠳᠡᠰᠦ ᠶ᠋ᠢ ᠢᠯᠵᠢᠷᠡᠭᠦᠯᠦᠮᠦᠢ᠃
ᠭᠡᠭᠦᠦ ᠶ᠋ᠢᠨ ᠰᠦ ᠶ᠋ᠢ ᠵᠢᠭᠠᠰᠤᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠪᠡᠲᠡᠭᠢᠷᠡᠮᠦᠢ᠃
ᠪᠤᠭᠤ ᠶ᠋ᠢᠨ ᠮᠢᠬ᠎ᠠ ᠶ᠋ᠢ ᠸᠧᠢ ᠵᠢᠭᠠᠰᠤ(ᠬᠠᠮᠠᠭᠤᠲᠤ ᠵᠢᠭᠠᠰᠤ) ᠯᠤᠭ᠎ᠠ ᠬᠠᠮᠲᠤ ᠢᠳᠡᠵᠦ ᠦᠯᠦ ᠪᠣᠯᠤᠮᠤᠢ᠃
ᠱᠣᠣ ᠪᠤᠭᠤ ᠶ᠋ᠢᠨ ᠮᠢᠬ᠎ᠠ ᠶ᠋ᠢ ᠰᠠᠮ ᠬᠣᠷᠣᠬᠠᠢ ᠯᠤᠭ᠎ᠠ ᠬᠠᠮᠲᠤ ᠢᠳᠡᠵᠦ ᠦᠯᠦ ᠪᠣᠯᠤᠮᠤᠢ᠃ ᠱᠣᠣ ᠪᠤᠭᠤ ᠶ᠋ᠢᠨ ᠥᠭᠡᠬᠦ ᠶ᠋ᠢ ᠮᠧᠢ ᠭᠦᠢᠯᠡᠰᠦ ᠬᠢᠭᠡᠳ ᠤᠯᠠᠭᠠᠨ ᠭᠦᠢᠯᠡᠰᠦ ᠯᠦ᠍ᠭᠡ ᠬᠠᠮᠲᠤ ᠢᠳᠡᠵᠦ ᠦᠯᠦ ᠪᠣᠯᠤᠮᠤᠢ᠃
ᠦᠬᠡᠷ ᠦ᠋ᠨ ᠡᠯᠢᠭᠡ ᠴᠤᠯᠪᠤᠷᠲᠤ ᠵᠢᠭᠠᠰᠤ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠬᠡᠢ ᠶ᠋ᠢ ᠡᠭᠦᠰᠬᠡᠮᠦᠢ᠃
ᠦᠬᠡᠷ ᠦ᠋ᠨ ᠭᠡᠳᠡᠰᠦ ᠶ᠋ᠢ ᠨᠣᠬᠠᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠲᠠᠬᠢᠶᠠᠨ ᠮᠢᠬ᠎ᠠ ᠶ᠋ᠢ ᠵᠢᠭᠠᠰᠤᠨ ᠤ᠋ ᠱᠥᠯᠥ ᠯᠦ᠍ᠭᠡ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠪᠡᠲᠡᠭᠢᠷᠡᠮᠦᠢ᠃
ᠪᠦᠲᠦᠨ᠎ᠡ ᠶ᠋ᠢᠨ ᠮᠢᠬ᠎ᠠ ᠶ᠋ᠢ ᠭᠠᠬᠠᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠨᠢᠭᠤᠷ ᠬᠠᠷᠠᠯᠠᠮᠤᠢ᠃
ᠪᠦᠲᠦᠨ᠎ᠡ ᠶ᠋ᠢᠨ ᠮᠢᠬ᠎ᠠ ᠶ᠋ᠢ ᠬᠡᠭᠡᠷ᠎ᠡ ᠶ᠋ᠢᠨ ᠮᠥᠭᠥ ᠳᠡᠯᠳᠡᠦ ᠶ᠋ᠢᠨ ᠵᠦᠢᠯ ᠯᠦ᠍ᠭᠡ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠬᠣᠰᠬᠢᠨᠠᠭ ᠣᠨ ᠭᠦᠪᠳᠦᠷᠦᠦ ᠭᠠᠷᠤᠮᠤᠢ᠃
ᠭᠤᠷᠭᠤᠤᠯ ᠢ᠋ ᠰᠠᠭᠠᠭ ᠣᠨ ᠭᠤᠯᠢᠷ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠬᠣᠷᠣᠬᠠᠢ ᠡᠪᠡᠳᠴᠢᠨ ᠳ᠋ᠦ᠍ᠷ ᠨᠡᠷᠪᠡᠭᠳᠡᠮᠦᠢ᠃
ᠭᠤᠷᠭᠤᠤᠯ ᠢ᠋ ᠬᠤᠰᠢᠭ᠎ᠠ ᠬᠢᠭᠡᠳ ᠮᠥᠭᠥ ᠯᠦ᠍ᠭᠡ ᠬᠠᠮᠲᠤ ᠢᠳᠡᠵᠦ ᠦᠯᠦ ᠪᠣᠯᠤᠮᠤᠢ᠃
ᠭᠤᠷᠭᠤᠤᠯ ᠣᠨ ᠥᠨᠳᠡᠭᠡ ᠶ᠋ᠢ ᠰᠣᠩᠭᠢᠨ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠬᠣᠷᠣᠬᠠᠢ ᠡᠪᠡᠳᠴᠢᠨ ᠳ᠋ᠦ᠍ᠷ ᠨᠡᠷᠪᠡᠭᠳᠡᠮᠦᠢ᠃
ᠪᠣᠯᠵᠣᠮᠣᠷ ᠣᠨ ᠮᠢᠬ᠎ᠠ ᠶ᠋ᠢ ᠤᠯᠠᠭᠠᠨ ᠭᠦᠢᠯᠡᠰᠦ ᠯᠦ᠍ᠭᠡ ᠬᠠᠮᠲᠤ ᠢᠳᠡᠵᠦ ᠦᠯᠦ ᠪᠣᠯᠤᠮᠤᠢ᠃
ᠲᠠᠬᠢᠶ᠎ᠠ ᠶ᠋ᠢᠨ ᠥᠨᠳᠡᠭᠡ ᠶ᠋ᠢ ᠯᠠᠭ ᠮᠡᠯᠡᠬᠡᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠲᠠᠬᠢᠶ᠎ᠠ ᠶ᠋ᠢᠨ ᠥᠨᠳᠡᠭᠡ ᠶ᠋ᠢ ᠲᠦᠭᠦᠬᠡᠢ ᠰᠣᠩᠭᠢᠨ᠎ᠠ ᠰᠠᠷᠢᠮᠰᠠᠭ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠬᠡᠢ ᠶ᠋ᠢ ᠬᠣᠣᠷᠯᠠᠮᠤᠢ᠃
ᠲᠠᠬᠢᠶᠠᠨ ᠮᠢᠬ᠎ᠠ ᠶ᠋ᠢ ᠲᠠᠤᠯᠠᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠲᠤᠭᠤᠯᠤᠭᠤᠯᠤᠮᠤᠢ᠃
ᠭᠤᠷᠭᠤᠤᠯ ᠢ᠋ ᠬᠡᠯᠲᠡᠭᠡ ᠵᠢᠭᠠᠰᠤ ᠯᠤᠭ᠎ᠠ ᠬᠠᠮᠲᠤ ᠢᠳᠡᠵᠦ ᠦᠯᠦ ᠪᠣᠯᠤᠮᠤᠢ᠃
ᠨᠤᠭᠤᠰᠤ ᠶ᠋ᠢᠨ ᠮᠢᠬ᠎ᠠ ᠶ᠋ᠢ ᠯᠠᠭ ᠮᠡᠯᠡᠬᠡᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠭᠤᠷᠭᠤᠤᠯ ᠢ᠋ ᠭᠠᠬᠠᠢ ᠶ᠋ᠢᠨ ᠡᠯᠢᠭᠡ ᠯᠦ᠍ᠭᠡ ᠬᠠᠮᠲᠤ ᠢᠳᠡᠵᠦ ᠦᠯᠦ ᠪᠣᠯᠤᠮᠤᠢ᠃
ᠮᠥᠷᠭᠥ ᠵᠢᠭᠠᠰᠤ ᠶ᠋ᠢ ᠨᠣᠬᠠᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠭᠤᠷᠭᠤᠤᠯ ᠢ᠋ ᠴᠤᠯᠪᠤᠷᠲᠤ ᠵᠢᠭᠠᠰᠤ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠰᠣᠯᠢᠶᠠᠷᠠᠵᠤ ᠪᠠᠯᠠᠢᠷᠠᠬᠤ ᠡᠪᠡᠳᠴᠢᠨ ᠢ᠋ ᠡᠭᠦᠰᠬᠡᠮᠦᠢ᠃
ᠬᠡᠯᠲᠡᠭᠡ ᠵᠢᠭᠠᠰᠤ ᠶ᠋ᠢ ᠰᠢᠬᠢᠷ ᠪᠤᠷᠠᠮ ᠯᠤᠭ᠎ᠠ ᠬᠠᠮᠲᠤ ᠢᠳᠡᠵᠦ ᠦᠯᠦ ᠪᠣᠯᠤᠮᠤᠢ᠃
ᠬᠡᠯᠲᠡᠭᠡ ᠵᠢᠭᠠᠰᠤ ᠶ᠋ᠢ ᠭᠠᠬᠠᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠰᠢᠷᠭᠠᠯ ᠵᠢᠭᠠᠰᠤ ᠶ᠋ᠢ ᠰᠠᠭᠠᠭ ᠣᠨ ᠭᠤᠯᠢᠷ ᠯᠤᠭ᠎ᠠ ᠬᠠᠮᠲᠤ ᠢᠳᠡᠵᠦ ᠦᠯᠦ ᠪᠣᠯᠤᠮᠤᠢ᠃
ᠰᠠᠮ ᠬᠣᠷᠣᠬᠠᠢ ᠶ᠋ᠢ ᠭᠠᠬᠠᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ ᠢᠳᠡᠪᠡᠰᠦ ᠳᠤᠰᠤᠯ ᠢ᠋ ᠬᠣᠣᠷᠯᠠᠮᠤᠢ᠃
ᠰᠠᠮ ᠬᠣᠷᠣᠬᠠᠢ ᠶ᠋ᠢ ᠰᠢᠬᠢᠷ ᠯᠦ᠍ᠭᠡ ᠬᠠᠮᠲᠤ ᠢᠳᠡᠵᠦ ᠦᠯᠦ ᠪᠣᠯᠤᠮᠤᠢ᠃
ᠰᠠᠮ ᠬᠣᠷᠣᠬᠠᠢ ᠲᠠᠬᠢᠶ᠎ᠠ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠰᠢᠷ᠎ᠠ ᠪᠤᠷᠴᠠᠭ ᠣᠨ ᠦᠷᠡᠳᠡᠰᠦ ᠶ᠋ᠢ ᠭᠠᠬᠠᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠰᠢᠯᠦᠬᠡᠢ ᠠᠮᠤ ᠶ᠋ᠢ ᠤᠯᠠᠭᠠᠨ ᠬᠠᠯᠤᠮᠠ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠡᠪᠡᠳᠴᠢᠨ ᠢ᠋ ᠬᠥᠳᠡᠯᠭᠡᠮᠦᠢ᠃
ᠡᠷᠰᠡ ᠪᠤᠷᠴᠠᠭ ᠢ᠋ ᠮᠥᠷᠭᠥ ᠵᠢᠭᠠᠰᠤ ᠯᠤᠭ᠎ᠠ ᠬᠠᠮᠲᠤ ᠢᠳᠡᠵᠦ ᠦᠯᠦ ᠪᠣᠯᠤᠮᠤᠢ᠃ ᠶᠠᠩᠵᠧᠦ ᠭᠦᠢᠯᠡᠰᠦ ᠶ᠋ᠢ ᠲᠦᠭᠦᠬᠡᠢ ᠰᠣᠩᠭᠢᠨ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠮᠣᠳᠣᠨ ᠱᠠᠪᠲᠠᠯ᠎ᠠ ᠬᠢᠭᠡᠳ ᠠᠯᠢᠮ᠎ᠠ ᠶ᠋ᠢ ᠳ᠋ᠢᠭᠰᠧᠷᠢᠨ ᠯᠤᠭ᠎ᠠ ᠬᠠᠮᠲᠤ ᠢᠳᠡᠵᠦ ᠦᠯᠦ ᠪᠣᠯᠤᠮᠤᠢ᠃
ᠤᠯᠠᠭᠠᠨ ᠭᠦᠢᠯᠡᠰᠦ ᠶ᠋ᠢ ᠲᠠᠬᠢᠶ᠎ᠠ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠴᠢᠪᠠᠭ᠎ᠠ ᠶ᠋ᠢ ᠪᠠᠯ ᠯᠤᠭ᠎ᠠ ᠬᠠᠮᠲᠤ ᠢᠳᠡᠵᠦ ᠦᠯᠦ ᠪᠣᠯᠤᠮᠤᠢ᠃
ᠤᠯᠠᠭᠠᠨ ᠭᠦᠢᠯᠡᠰᠦ ᠬᠢᠭᠡᠳ ᠲᠡᠮᠦᠷ ᠵᠠᠩᠭᠤᠤ ᠶ᠋ᠢ ᠪᠠᠯ ᠯᠤᠭ᠎ᠠ ᠬᠠᠮᠲᠤ ᠢᠳᠡᠵᠦ ᠦᠯᠦ ᠪᠣᠯᠤᠮᠤᠢ᠃
ᠤᠯᠠᠭᠠᠨ ᠬᠠᠯᠤᠮᠠ ᠨᠣᠭᠣᠭ᠎ᠠ ᠶ᠋ᠢ ᠰᠢᠬᠢᠷ ᠯᠦ᠍ᠭᠡ ᠬᠠᠮᠲᠤ ᠢᠳᠡᠵᠦ ᠦᠯᠦ ᠪᠣᠯᠤᠮᠤᠢ᠃
ᠲᠦᠭᠦᠬᠡᠢ ᠰᠣᠩᠭᠢᠨ᠎ᠠ ᠶ᠋ᠢ ᠪᠠᠯ ᠯᠤᠭ᠎ᠠ ᠬᠠᠮᠲᠤ ᠢᠳᠡᠵᠦ ᠦᠯᠦ ᠪᠣᠯᠤᠮᠤᠢ᠃
ᠰᠥᠳᠥ ᠨᠣᠭᠣᠭ᠎ᠠ ᠶ᠋ᠢ ᠳᠡᠷᠡᠰᠦᠨ ᠲᠠᠷᠠᠭ ᠯᠤᠭ᠎ᠠ ᠬᠠᠮᠲᠤ ᠢᠳᠡᠵᠦ ᠦᠯᠦ ᠪᠣᠯᠤᠮᠤᠢ᠃
ᠬᠤᠯᠤᠰᠤᠨ ᠮᠣᠳᠣᠨ ᠤ᠋ ᠰᠦᠶ᠎ᠡ ᠶ᠋ᠢ ᠰᠢᠬᠢᠷ ᠯᠦ᠍ᠭᠡ ᠬᠠᠮᠲᠤ ᠢᠳᠡᠵᠦ ᠦᠯᠦ ᠪᠣᠯᠤᠮᠤᠢ᠃
ᠰᠢᠯᠮᠢ ᠶ᠋ᠢ ᠵᠢᠭᠠᠰᠤᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠠᠷᠪᠠᠢ ᠨᠣᠭᠣᠭ᠎ᠠ (ᠰᠠᠷᠪᠠᠯᠵᠢ) ᠶ᠋ᠢ ᠯᠠᠭ ᠮᠡᠯᠡᠬᠡᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃
ᠭᠣᠭᠣᠳ ᠢ᠋ ᠠᠷᠢᠬᠢ ᠯᠤᠭ᠎ᠠ ᠬᠠᠮᠲᠤ ᠢᠳᠡᠵᠦ ᠦᠯᠦ ᠪᠣᠯᠤᠮᠤᠢ᠃
ᠭᠠᠰᠢᠭᠤᠨ ᠢᠳᠡᠷ᠎ᠡ ᠶ᠋ᠢ ᠪᠠᠯ ᠯᠤᠭ᠎ᠠ ᠬᠠᠮᠲᠤ ᠢᠳᠡᠵᠦ ᠦᠯᠦ ᠪᠣᠯᠤᠮᠤᠢ᠃
ᠲᠣᠭᠳᠠᠤᠰᠤ ᠶ᠋ᠢ ᠦᠬᠡᠷ ᠦ᠋ᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠪᠡᠰᠦ ᠪᠡᠲᠡᠭᠢ ᠡᠪᠡᠳᠴᠢᠨ ᠣᠯᠤᠮᠤᠢ᠃
ᠬᠠᠢᠮᠤ ᠶ᠋ᠢᠨ ᠲᠠᠯᠬ᠎ᠠ ᠶ᠋ᠢ ᠲᠠᠤᠯᠠᠢ ᠶ᠋ᠢᠨ ᠮᠢᠬ᠎ᠠ ᠯᠤᠭ᠎ᠠ ᠬᠠᠮᠲᠤ ᠢᠳᠡᠵᠦ ᠦᠯᠦ ᠪᠣᠯᠤᠮᠤᠢ᠃ ᠢᠳᠡᠭᠡᠲᠦ ᠶᠠᠷ᠎ᠠ ᠰᠢᠷᠬ᠎ᠠ ᠭᠠᠷᠤᠮᠤᠢ᠃
ᠦᠰᠦᠭ ᠠᠮᠢᠯᠠᠭᠤᠯᠤᠭᠰᠠᠨ ᠨᠢ ᠄ ᠭᠠᠸᠠ
