ᠭᠣᠶᠣ-ᠠᠭᠤᠯᠠ ᠤᠰᠤUul Us _ Уул Ус & Various Artist - Goyo _ Гоёо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠣᠶᠣ-ᠠᠭᠤᠯᠠ ᠤᠰᠤUul Us _ Уул Ус & Various Artist - Goyo _ Гоёо

ᠭᠣᠶᠣ-ᠠᠭᠤᠯᠠ ᠤᠰᠤUul Us _ Уул Ус & Various Artist - Goyo _ Гоёо

ᠠᠩᠭᠢᠯᠠᠯ:ᠳᠠᠭᠤᠤ ᠬᠥᠭᠵᠢᠮ
2023-10-23

487

ᠭᠣᠶᠣ

   ᠦᠭᠡ᠂ ᠠᠶ᠎ᠠ᠄ ᠸ᠂ ᠡᠷᠳᠡᠨᠢᠪᠠᠲᠤ 
   ᠳᠠᠭᠤᠯᠠᠭᠰᠠᠨ ᠨᠢ᠄《ᠠᠭᠤᠯᠠ ᠤᠰᠤ》 ᠬᠠᠮᠲᠤᠯᠢᠭ 

ᠬᠠᠷᠠᠭᠤᠯ ᠠᠯᠲᠠᠢ ᠶ᠋ᠢᠨ ᠬᠠᠳᠠᠨ ᠴᠣᠬᠢᠶ᠎ᠠ 
ᠬᠠᠩᠭᠠᠢ ᠳᠡᠯᠡᠬᠡᠢ ᠳ᠋ᠦ᠍ ᠪᠡᠨ ᠲᠣᠯᠢᠨ ᠭᠣᠶᠣ ᠠ᠋ 
ᠬᠠᠢᠷᠠᠲᠠᠢ ᠡᠵᠢ ᠠᠪᠤ ᠯᠠ ᠬᠣᠶᠠᠷ ᠳᠤ ᠪᠠᠨ 
ᠬᠣᠩᠭᠣᠷ ᠦᠷᠡᠰ ᠨᠢ ᠨᠠᠨᠳᠢᠨ ᠭᠣᠶᠣ 
ᠬᠠᠢ ᠭᠣᠶᠣ ᠬᠠᠢ ᠭᠣᠶᠣ 

ᠡᠭᠡᠷᠡᠮ᠎ᠡ ᠲᠠᠯ᠎ᠠ ᠶ᠋ᠢᠨ ᠮᠢᠨᠢ ᠡᠮᠵᠡᠭᠬᠡᠨ ᠴᠡᠴᠡᠭᠡᠰ ᠨᠢ 
ᠡᠬᠡ ᠳᠡᠯᠡᠬᠡᠢ ᠳ᠋ᠦ᠍ ᠪᠡᠨ ᠥᠩᠭᠡ ᠶ᠋ᠢᠨ ᠭᠣᠶᠣ ᠠ᠋ 
ᠡᠯᠡᠰᠦᠨ ᠭᠣᠪᠢ ᠶ᠋ᠢᠨ ᠮᠢᠨᠢ ᠮᠠᠩᠬᠠᠨ ᠠᠭᠤᠯᠠᠰ ᠨᠢ 
ᠡᠩ ᠦᠭᠡᠢ ᠭᠣᠪᠢ ᠳ᠋ᠤ᠌ ᠪᠠᠨ ᠡᠷᠳᠡᠨᠢ ᠭᠣᠶᠣ ᠠ᠋ 
ᠬᠠᠢ ᠭᠣᠶᠣ ᠬᠠᠢ ᠭᠣᠶᠣ

ᠮᠣᠯᠣᠷ ᠡᠷᠳᠡᠨᠢ ᠮᠣᠷᠢᠨ ᠬᠤᠭᠤᠷ ᠮᠢᠨᠢ
ᠮᠣᠩᠭᠣᠯ ᠣᠯᠠᠨ ᠳ᠋ᠤ᠌ ᠪᠠᠨ ᠮᠥᠩᠬᠡ ᠶ᠋ᠢᠨ ᠭᠣᠶᠣ ᠠ᠋
ᠤᠷᠲᠤ ᠶ᠋ᠢᠨ ᠰᠠᠢᠬᠠᠨ ᠳᠠᠭᠤᠤ ᠬᠤᠭᠤᠷ ᠮᠢᠨᠢ
ᠠᠭᠤᠯᠠᠨ ᠨᠤᠲᠤᠭ ᠲᠤ ᠪᠠᠨ ᠤᠶᠠᠩᠭ᠎ᠠ ᠶ᠋ᠢᠨ ᠭᠣᠶᠣ ᠠ᠋
ᠬᠠᠢ ᠭᠣᠶᠣ ᠬᠠᠢ ᠭᠣᠶᠣ

ᠠᠮᠤᠭᠤᠯᠠᠩ ᠴᠡᠩᠬᠡᠷ ᠨᠠᠭᠤᠷ ᠤ᠋ᠨ ᠮᠢᠨᠢ
ᠠᠩᠭᠢᠷ ᠭᠠᠯᠠᠭᠤ ᠨᠢ ᠠᠷᠭ᠎ᠠ ᠦᠭᠡᠢ ᠭᠣᠶᠣ ᠠ᠋
ᠠᠷᠠᠳ ᠣᠯᠠᠨ ᠤ᠋ ᠮᠢᠨᠢ ᠰᠢᠲᠦᠭᠡᠨ ᠪᠣᠯᠤᠭᠰᠠᠨ
ᠠᠯᠲᠠᠨ ᠰᠣᠶᠣᠩᠪᠣ ᠮᠢᠨᠢ ᠮᠣᠩᠭᠣᠯ ᠤ᠋ᠨ ᠭᠣᠶᠣ ᠠ᠋
ᠬᠠᠢ ᠭᠣᠶᠣ ᠬᠠᠢ ᠭᠣᠶᠣ

   ᠺᠢᠷᠢᠯ ᠦᠰᠦᠭ ᠢ᠋ ᠬᠥᠷᠪᠡᠭᠦᠯᠵᠦ ᠠᠮᠢᠯᠠᠭᠤᠯᠤᠭᠰᠠᠨ ᠨᠢ᠄ ᠣᠶᠤᠨᠴᠡᠴᠡᠭ
   ᠦᠰᠦᠭ ᠬᠠᠲᠠᠭᠰᠠᠨ ᠨᠢ᠄ ᠳᠡᠯᠭᠡᠷᠴᠡᠴᠡᠭ
   ᠬᠢᠨᠠᠭᠴᠢ ᠪᠠᠭᠰᠢ᠄ ᠪᠠᠶᠠᠷᠴᠡᠴᠡᠭ᠂ ᠣᠳᠬᠤᠨᠴᠡᠴᠡᠭ᠂ ᠨᠠᠷᠠᠨᠮᠠᠨᠳᠠ