ᠪᠦᠨᠧ ᠰᠦᠨᠧ ᠬᠣᠶᠠᠷ09-ᠬᠠᠷ᠎ᠠ ᠨᠦᠬᠡ Бүнээ Сүнээ хоёр-Хар нүх
ᠬᠠᠷ᠎ᠠ ᠨᠦᠬᠡ
※ ᠳᠠᠭᠤᠤ ᠄※
ᠬᠥᠯᠭᠡ ᠣᠩᠭᠣᠴᠠ ᠲᠠᠢ ᠨᠠᠢᠵᠠ ᠲᠠᠢ ᠪᠠᠨ
ᠬᠥᠭᠡᠷᠦᠬᠦᠨ ᠳᠡᠯᠡᠬᠡᠢ ᠲᠡᠢ ᠪᠡᠨ ᠲᠠᠨᠢᠯᠴᠠᠯ᠎ᠠ
ᠬᠦᠰᠡᠯ ᠨᠢᠭᠡᠲᠡᠢ ᠨᠠᠢᠵᠠ ᠲᠠᠢ ᠪᠠᠨ
ᠬᠣᠷᠸ᠎ᠠ ᠶᠢᠷᠲᠢᠨᠴᠦ ᠲᠡᠢ ᠪᠡᠨ ᠪᠢ ᠲᠠᠨᠢᠯᠴᠠᠯ᠎ᠠ
ᠣᠯᠠᠨ ᠥᠩᠭᠡ ᠪᠡᠷ ᠪᠢ ᠵᠢᠷᠤᠨ᠎ᠠ ᠳᠠ
ᠣᠷᠴᠢᠯᠠᠩ ᠳᠡᠯᠡᠬᠡᠢ ᠪᠡᠨ ᠪᠢ ᠬᠠᠢᠷᠠᠯᠠᠨ᠎ᠠ
ᠣᠨᠴᠠᠭᠠᠢ ᠰᠠᠢᠬᠠᠨ ᠨᠠᠢᠵᠠ ᠲᠠᠢ ᠪᠠᠨ
ᠣᠳᠣᠨ ᠭᠠᠷᠠᠭ ᠶᠢᠷᠲᠢᠨᠴᠦ ᠪᠡᠷ ᠪᠢᠳᠡ ᠠᠶᠠᠯᠠᠨ᠎ᠠ
ᠬᠠᠢ ! ᠨᠠᠢᠵᠠ ᠪᠣᠯᠤᠯᠴᠠᠵᠤ ᠬᠠᠮᠲᠤ ᠠᠶᠠᠯᠠᠶ᠎ᠠ
ᠬᠠᠢ ! ᠨᠠᠢᠵᠠ ᠨᠤᠭᠤᠳ ᠪᠣᠯᠵᠤ ᠬᠠᠮᠲᠤ ᠳᠠᠭᠤᠯᠠᠶ᠎ᠠ !
ᠠᠳᠠᠯ ᠶᠠᠪᠤᠳᠠᠯ ᠢ᠋ᠶ᠋ᠠᠷ ᠠᠶᠠᠯᠠᠶ᠎ᠠ
ᠠᠨᠳᠠ ᠨᠠᠢᠵᠠ ᠨᠤᠭᠤᠳ ᠠ᠋
ᠪᠦᠨᠧ ᠰᠦᠨᠧ ᠲᠣᠪᠢ ᠲᠠᠢ
ᠨᠠᠢᠵᠠ ᠨᠤᠭᠤᠳ ᠠ᠋
ᠬᠠᠷ᠎ᠠ ᠨᠦᠬᠡ
ᠶᠢᠰᠦᠳᠦᠭᠡᠷ ᠠᠩᠭᠢ
ᠪᠦᠨ᠋ᠸ᠄ ᠪᠢᠳᠡ ᠠᠷᠠᠢ ᠬᠠᠢᠯᠴᠢᠬᠠᠬᠤ ᠦᠭᠡᠢ ᠪᠢᠵᠡ ᠳᠡ
ᠲᠣᠪᠢ᠄ ᠮᠢᠨᠦ ᠬᠥᠯᠭᠡ ᠨᠠᠢᠳᠠᠪᠤᠷᠢ ᠲᠠᠢ ᠰᠢᠦ
ᠪᠢᠳᠡ ᠠᠮᠵᠢᠯᠲᠠ ᠲᠠᠢ ᠭᠠᠷᠴᠤ ᠴᠢᠳᠠᠯ᠎ᠠ᠂ ᠣᠳᠣ ᠭᠠᠷᠠᠭ ᠶᠢᠷᠲᠢᠨᠴᠦ ᠶ᠋ᠢᠨ ᠰᠦᠨ ᠵᠠᠮ ᠳ᠋ᠤ᠌ ᠲᠠᠪᠠᠲᠠᠢ ᠮᠣᠷᠢᠯᠠ ᠨᠠᠢᠵᠠ ᠨᠤᠭᠤᠳ ᠠ᠋
ᠰᠦᠨ᠋ᠸ᠄ ᠲᠡᠷᠡ ᠤᠯᠠᠭᠠᠨ ᠶᠠᠭᠤᠮ᠎ᠠ ᠶᠠᠭᠤ ᠪᠣᠢ? ᠦᠨᠡᠬᠡᠷ ᠦᠵᠡᠰᠬᠦᠯᠡᠩ ᠲᠡᠢ ᠶᠦᠮ ᠠ᠋
ᠲᠣᠪᠢ᠄ ᠣᠳᠣᠳ ᠤ᠋ᠨ ᠬᠡᠷᠡᠯᠳᠦᠵᠦ ᠪᠠᠢᠭ᠎ᠠ ᠨᠢ ᠲᠡᠳᠡᠭᠡᠷ ᠦ᠋ᠨ ᠵᠠᠢ ᠪᠠᠰᠠ ᠬᠡᠮᠵᠢᠶᠡᠨ ᠡᠴᠡ ᠰᠢᠯᠲᠠᠭᠠᠯᠠᠭᠠᠳ ᠬᠠᠷᠢᠯᠴᠠᠨ ᠠᠳᠠᠯᠢ ᠦᠭᠡᠢ ᠪᠠᠢᠳᠠᠭ᠃ ᠥᠨᠳᠥᠷ ᠲᠸᠮᠫᠸᠷᠠᠲ᠋ᠦ᠋ᠷ ᠲᠡᠢ ᠪᠣᠯ ᠴᠡᠩᠬᠡᠷ ᠂ ᠪᠠᠭ᠎ᠠ ᠲᠸᠮᠫᠸᠷᠠᠲ᠋ᠦ᠋ᠷ ᠤᠷᠤᠭᠤ ᠰᠢᠯᠵᠢᠬᠦ ᠲᠣᠰᠤᠮ ᠥᠩᠭᠡ ᠨᠢ ᠤᠯᠠᠭᠠᠨ ᠪᠣᠯᠳᠠᠭ᠃
ᠪᠦᠨ᠋ᠸ᠄ ᠭᠦᠦᠭ᠂ ᠲᠠ ᠬᠣᠶᠠᠷ ᠲᠡᠭᠦᠨ ᠢ᠋ ᠬᠠᠷ᠎ᠠ ᠳᠠ᠂ ᠨᠢᠭᠡ ᠣᠳᠣ ᠤᠯᠠᠭᠠᠨ ᠢ᠋ᠶ᠋ᠠᠷ ᠬᠡᠷᠡᠯᠳᠦᠵᠦ ᠪᠠᠢᠭᠠᠳ ᠬᠠᠷ᠎ᠠ ᠪᠣᠯᠴᠢᠬᠠᠯ᠎ᠠ᠃
ᠲᠣᠪᠢ᠄ ᠲᠡᠷᠡ ᠪᠣᠯ ᠬᠤᠪᠢᠰᠤᠭᠴᠢ ᠣᠳᠣ
ᠪᠦᠨ᠋ᠸ᠄ ᠲᠡᠭᠦᠨ ᠢ᠋ ᠬᠠᠷ᠎ᠠ ᠳᠠ᠂ ᠮᠠᠨᠠᠨ ᠳᠡᠯᠪᠡᠷᠡᠵᠦ ᠪᠠᠢᠨ᠎ᠠ᠃
ᠰᠦᠨ᠋ᠸ᠄ ᠪᠦᠨ᠋ᠸ ᠠ᠋᠂ ᠪᠢᠲᠡᠭᠡᠢ ᠲᠣᠭᠯᠠᠭᠠᠳ ᠪᠠᠢᠯ ᠳᠠ
ᠲᠣᠪᠢ᠄ ᠣᠳᠣᠳ ᠮᠠᠰᠢ ᠤᠷᠲᠤ ᠨᠠᠰᠤᠯᠠᠳᠠᠭ᠃ ᠭᠡᠬᠦ ᠳ᠋ᠡᠭᠡᠨ ᠲᠡᠳᠡ ᠨᠢᠭᠡ ᠯᠡ ᠡᠳᠦᠷ ᠮᠥᠬᠥᠬᠦ ᠪᠥᠭᠡᠳ ᠮᠥᠬᠥᠬᠦ ᠶ᠋ᠢᠨ ᠢ᠋ᠶ᠋ᠡᠨ ᠡᠮᠦᠨ᠎ᠡ ᠮᠠᠰᠢ ᠶᠡᠬᠡ ᠭᠡᠷᠡᠯᠲᠦᠳᠡᠭ᠃ ᠬᠠᠷᠢᠨ ᠬᠥᠮᠦᠰ ᠲᠡᠭᠦᠨ ᠢ᠋ ᠰᠢᠨ᠎ᠡ ᠣᠳᠣ ᠡᠭᠦᠰᠴᠦ ᠪᠠᠢᠨ᠎ᠠ ᠭᠡᠵᠦ ᠪᠣᠳᠣᠳᠠᠭ ᠶᠤᠮ ᠃
ᠪᠦᠨ᠋ᠸ᠄ ᠭᠦᠦᠭ ᠬᠥᠭᠵᠢᠯᠲᠡᠢ ᠶᠦᠮ ᠠ᠋
ᠲᠣᠪᠢ᠄ ᠣᠳᠣ ᠪᠦᠭᠦᠳᠡᠭᠡᠷ ᠢ᠋ᠶ᠋ᠡᠨ ᠰᠦᠨ ᠵᠠᠮ ᠢ᠋ ᠰᠤᠳᠤᠯᠬᠤ ᠪᠠᠷ ᠶᠠᠪᠤᠵᠠᠭᠠᠶ᠎ᠠ᠃ ᠰᠦᠨ ᠵᠠᠮ ᠢ᠋ ᠣᠳᠣᠳ ᠨᠢᠭᠡᠳᠦᠨ ᠬᠣᠷᠢᠭᠯᠠᠭᠳᠠᠨ ᠲᠣᠮᠣ ᠲᠣᠭᠣᠷᠢᠭ ᠡᠭᠦᠰᠬᠡᠳᠡᠭ ᠪᠥᠭᠡᠳ ᠳ᠋ᠢᠶᠠᠮᠧᠲ᠋ᠷ ᠨᠢ ᠵᠠᠭᠤᠨ ᠮᠢᠩᠭᠠᠨ ᠭᠡᠷᠡᠯ ᠦ᠋ᠨ ᠵᠢᠯ ᠶᠦᠮ᠃ ᠡᠬᠢᠨ ᠡᠴᠡ ᠨᠢ ᠭᠠᠷᠤᠭᠠᠳ ᠪᠤᠴᠠᠭᠠᠳ ᠲᠣᠭᠣᠷᠢᠨ
ᠢᠷᠡᠬᠦ ᠳ᠋ᠦ᠍ ᠪᠠᠭ᠎ᠠ ᠳ᠋ᠠᠭᠠᠨ ᠯᠠ ᠵᠠᠭᠤᠨ ᠳᠡᠷᠪᠤᠮ ᠵᠢᠯ ᠪᠣᠯᠤᠨ᠎ᠠ᠃ ᠰᠦᠨ ᠵᠠᠮ ᠳ᠋ᠤ᠌ ᠬᠡᠳᠦᠨ ᠮᠢᠩᠭᠠᠨ ᠣᠳᠣ ᠨᠠᠷᠠ ᠰᠢᠭ ᠬᠡᠷᠡᠯᠳᠦᠵᠦ ᠪᠠᠢᠳᠠᠭ ᠶᠤᠮ᠃
ᠤᠭ ᠨᠢ ᠪᠢ ᠲᠠ ᠬᠣᠶᠠᠷ ᠲᠤ᠌ ᠱᠤᠯᠤᠮ ᠤ᠋ᠨ ᠲᠣᠯᠣᠭᠠᠢᠲᠤ ᠨᠢᠪᠤᠯᠠ ᠶ᠋ᠢᠨ ᠣᠷᠣᠢ ᠶ᠋ᠢᠨ ᠬᠡᠰᠡᠭ ᠲᠦ᠍ ᠣᠴᠢᠵᠤ ᠦᠵᠡᠭᠦᠯᠦᠶ᠎ᠡ ᠭᠡᠵᠦ ᠪᠣᠳᠣᠭᠰᠠᠨ ᠪᠣᠯᠪᠠᠴᠤ ᠡᠷᠴᠢᠮ ᠬᠦᠴᠦ ᠬᠦᠷᠬᠦ ᠦᠭᠡᠢ ᠪᠣᠯᠤᠯᠲᠠᠢ᠃ ᠪᠢᠳᠡ ᠬᠠᠠᠳ᠋ᠠᠷᠧᠮᠢᠳ᠋ᠢ ᠶ᠋ᠢᠨ ᠭᠠᠯᠠᠠᠠᠲ᠋ᠣᠭ᠋ ᠬᠦᠷᠦᠭᠡᠳ ᠯᠡ ᠡᠷᠭᠢᠬᠦ ᠡᠷᠴᠢᠮ ᠬᠦᠴᠦ ᠦᠯᠡᠳᠡᠭᠰᠡᠨ ᠪᠠᠢᠨ᠎ᠠ᠃
ᠪᠦᠨ᠋ᠸ᠄ ᠲᠡᠷᠡ ᠴᠢᠨᠢ ᠶᠠᠭᠤ ᠪᠣᠢ?
ᠲᠣᠪᠢ᠄ ᠬᠠᠠᠳ᠋ᠠᠷᠧᠮᠢᠳ᠋ᠢ ᠶ᠋ᠢᠨ ᠭᠠᠯᠠᠠᠠᠲ᠋ᠣᠭ᠋ ᠪᠣᠯ ᠶᠢᠷᠲᠢᠨᠴᠦ ᠶ᠋ᠢᠨ ᠨᠢᠭᠡᠨ ᠪᠡᠶᠡᠲᠦ ᠪᠥᠭᠡᠳ ᠬᠣᠶᠠᠷ ᠠᠷᠪᠠᠨ ᠤ᠋ ᠬᠣᠶᠠᠷ ᠰᠠᠶ᠎ᠠ ᠭᠡᠷᠡᠯ ᠦ᠋ᠨ ᠵᠠᠢ ᠲᠠᠢ᠂ ᠬᠠᠮᠤᠭ ᠤ᠋ᠨ ᠮᠤᠰᠢᠭᠠᠢ ᠭᠠᠯᠠᠠᠠᠲ᠋ᠣᠭ᠋᠂ ᠲᠡᠭᠦᠨ ᠳ᠋ᠦ᠍ ᠳᠥᠷᠪᠡᠨ ᠵᠠᠭᠤᠨ ᠲᠡᠷᠪᠤᠮ ᠭᠠᠷᠤᠢ ᠣᠳᠣ ᠪᠠᠭᠲᠠᠳᠠᠭ ᠶᠤᠮ᠃
ᠰᠦᠨ᠋ᠸ᠄ ᠪᠢ ᠯᠠᠪ ᠱᠤᠯᠤᠮᠠᠨ ᠲᠣᠯᠣᠭᠠᠢᠲᠤ ᠨᠢᠪᠤᠯᠠ ᠤᠷᠤᠭᠤ ᠣᠴᠢᠵᠤ ᠦᠵᠡᠮᠡᠷ ᠪᠠᠢᠨ᠎ᠠ᠃
ᠲᠣᠪᠢ᠄ ᠪᠢᠳᠡ ᠴᠢᠳᠠᠬᠤ ᠦᠭᠡᠢ᠂ ᠲᠡᠨᠳᠡ ᠬᠠᠷ᠎ᠠ ᠨᠦᠬᠡ ᠪᠠᠢᠵᠤ ᠮᠠᠭᠠᠳ ᠦᠭᠡᠢ
ᠰᠥᠨ᠋ᠸ᠄ ᠪᠢ ᠭᠤᠶᠤᠵᠤ ᠪᠠᠢᠨ᠎ᠠ ᠰᠢᠲᠠ
ᠪᠦᠨ᠋ᠸ᠄ ᠪᠢ ᠪᠣᠯ ᠬᠠᠷᠢᠨ ᠨᠡᠷ᠎ᠡ ᠶ᠋ᠢ ᠨᠢ ᠰᠣᠨᠣᠰᠤᠭᠠᠳ ᠯᠠ ᠠᠶᠤᠵᠤ ᠪᠠᠢᠨ᠎ᠠ᠃ ᠲᠡᠨᠳᠡ ᠳᠦᠭᠦᠷᠡᠩ ᠱᠤᠯᠤᠮ ᠪᠠᠢᠭ᠎ᠠ ᠪᠠᠢᠬᠤ ᠳᠠ᠃
ᠲᠣᠪᠢ᠄ ᠪᠢᠳᠡᠨ ᠳ᠋ᠦ᠍ ᠠᠰᠠᠭᠤᠳᠠᠯ ᠭᠠᠷᠤᠯ᠎ᠠ᠂ ᠬᠥᠯᠭᠡ ᠬᠠᠷ᠎ᠠ ᠨᠦᠬᠡᠨ ᠳ᠋ᠦ᠍ ᠲᠠᠲᠠᠭᠳᠠᠵᠤ ᠪᠠᠢᠨ᠎ᠠ᠃
ᠰᠦᠨ᠋ᠸ᠄ ᠶᠠᠭᠠᠬᠢᠨ᠎ᠠ᠂ ᠪᠢᠳᠡ ᠣᠳᠣ ᠶᠠᠭᠠᠬᠢᠬᠤ ᠪᠣᠢ? ᠴᠢᠮ᠎ᠠ ᠳ᠋ᠤ᠌ ᠶᠠᠭᠠᠬᠢᠵᠤ ᠲᠤᠰᠠᠯᠠᠬᠤ ᠤᠤ?
ᠪᠦᠨ᠋ᠸ᠄ ᠪᠢᠳᠡ ᠦᠬᠦᠴᠢᠬᠡᠬᠦ ᠶᠦ᠍ᠮ ᠪᠢᠰᠢ ᠪᠢᠵᠡ ᠳᠡ᠂ ᠶᠠᠮᠠᠷ ᠴᠤ᠌ ᠠᠷᠭ᠎ᠠ ᠪᠠᠷ ᠬᠠᠮᠢᠶ᠎ᠠ ᠦᠭᠡᠢ ᠡᠨᠳᠡ ᠡᠴᠡ ᠬᠤᠷᠳᠤᠬᠠᠨ ᠶᠠᠪᠤᠶ᠎ᠠ
ᠰᠦᠨ᠋ᠸ᠄ ᠪᠢᠳᠡ ᠴᠢᠳᠠᠴᠢᠬᠠᠬᠤ ᠰᠢᠭ᠋ ᠪᠣᠯᠤᠯ᠎ᠠ᠂ ᠣᠳᠣ ᠬᠥᠯᠭᠡ ᠴᠡᠴᠡᠷᠬᠢᠯᠡᠬᠦ ᠦᠭᠡᠢ ᠰᠢᠭ ᠪᠠᠢᠨ᠎ᠠ᠃
ᠲᠣᠪᠢ᠄ ᠲᠠᠢᠪᠤᠰᠢᠷᠠᠬᠤ ᠪᠣᠯᠤᠭ᠎ᠠ ᠦᠭᠡᠢ ᠰᠢᠦ ᠪᠢᠳᠡ ᠬᠠᠷ᠎ᠠ ᠨᠦᠬᠡ ᠶ᠋ᠢ ᠥᠩᠭᠡᠷᠡᠭᠡ ᠦᠭᠡᠢ ᠪᠠᠢᠨ᠎ᠠ᠂ ᠵᠥᠪᠬᠡᠨ ᠡᠮᠦᠨ᠎ᠡ ᠨᠢ ᠪᠠᠢᠭᠰᠠᠨ ᠭᠠᠵᠠᠷ ᠢ᠋ᠶ᠋ᠠᠨ ᠯᠠ ᠨᠢᠰᠴᠦ ᠢᠷᠡᠵᠦ ᠴᠢᠳᠠᠯ᠎ᠠ᠃ ᠬᠥᠯᠭᠡ ᠶ᠋ᠢᠨ ᠡᠷᠴᠢᠮ ᠬᠦᠴᠦ ᠳᠠᠭᠤᠰᠴᠤ ᠪᠠᠢᠨ᠎ᠠ᠃
ᠰᠦᠨ᠋ᠸ᠄ ᠣᠳᠣ ᠲᠡᠭᠡᠭᠡᠳ ᠶᠠᠭᠠᠬᠢᠬᠤ ᠶᠤᠮ ᠪᠣᠢ?
ᠲᠣᠪᠢ᠄ ᠲᠠᠢᠪᠤᠰᠢᠷᠠ ᠨᠠᠢᠵᠠ ᠮᠢᠨᠢ᠂ ᠪᠢ ᠵᠠᠪᠠᠯ ᠶᠠᠮᠠᠷ ᠨᠢᠭᠡᠨ ᠠᠷᠭ᠎ᠠ ᠪᠠᠷ ᠲᠠ ᠬᠣᠶᠠᠷ ᠢ᠋ ᠭᠡᠷ ᠲᠦ᠍ ᠴᠢᠨᠢ ᠬᠦᠷᠭᠡᠵᠦ ᠥᠭᠬᠦᠨ᠎ᠡ᠃
ᠪᠦᠨ᠋ᠸ᠄ ᠡᠨᠡ ᠴᠢᠨᠢ ᠶᠠᠭᠤ ᠪᠣᠢ? ᠮᠢᠨᠦ ᠬᠥᠯ ᠭᠠᠵᠠᠷ ᠬᠦᠷᠬᠦ ᠦᠭᠡᠢ ᠪᠠᠢᠨ᠎ᠠ
ᠲᠣᠪᠢ᠄ ᠪᠢᠳᠡ ᠵᠢᠩ ᠦᠭᠡᠢᠳᠡᠵᠦ ᠪᠠᠢᠨ᠎ᠠ᠃ ᠶᠠᠭᠤᠮᠠᠨ ᠠ᠋ᠴᠠ ᠰᠠᠢᠨ ᠪᠠᠷᠢᠭᠠᠷᠠᠢ!
ᠰᠦᠨ᠋ᠸ᠄ ᠡᠨᠳᠡ ᠶᠠᠮᠠᠷ ᠨᠢᠭᠡᠨ ᠷᠠᠳᠢᠣ᠋ ᠳᠣᠯᠭᠢᠶᠠᠨ ᠮᠡᠳᠡᠷᠡᠭᠳᠡᠭᠡᠳ ᠪᠠᠢᠬᠤ ᠶᠤᠮ ᠠ᠋
ᠲᠣᠪᠢ᠄ ᠮᠢᠨᠦ ᠬᠦᠵᠦᠭᠦᠨ ᠳ᠋ᠦ᠍ ᠪᠠᠢᠭ᠎ᠠ ᠵᠡᠭᠦᠯᠲᠡ ᠡᠴᠡ ᠮᠡᠳᠡᠷᠡᠭᠳᠡᠵᠦ ᠪᠠᠢᠭ᠎ᠠ ᠶᠤᠮ ᠠ᠋᠂ ᠨᠠᠮ᠎ᠠ ᠶ᠋ᠢ ᠠᠭᠤᠴᠢᠯᠠᠭᠠᠷᠠᠢ! ᠪᠢ ᠲᠠ ᠬᠣᠶᠠᠷ ᠲᠤ᠌ ᠬᠥᠯᠭᠡ ᠡᠪᠳᠡᠷᠡᠭᠰᠡᠨ ᠭᠡᠵᠦ ᠬᠤᠳᠠᠯ ᠬᠡᠯᠡᠭᠰᠡᠨ ᠶᠦ᠍ᠮ ᠠ᠋᠂ ᠪᠢ ᠬᠥᠮᠦᠨ ᠦ᠌ ᠭᠸᠨ ᠢ᠋ ᠰᠤᠳᠤᠯᠤᠨ ᠢᠯᠡᠷᠡᠭᠦᠯᠵᠦ ᠬᠡᠵᠢᠶ᠎ᠡ ᠨᠢᠭᠡᠨ ᠡᠳᠦᠷ ᠳᠡᠯᠡᠬᠡᠢ ᠶ᠋ᠢ ᠡᠵᠡᠯᠡᠬᠦ ᠵᠣᠷᠢᠯᠭ᠎ᠠ ᠲᠠᠢ ᠪᠠᠢᠭᠰᠠᠨ ᠶᠤᠮ᠂ ᠭᠡᠬᠦ ᠳ᠋ᠦ᠍ ᠪᠡᠨ ᠲᠠ ᠬᠣᠶᠠᠷ ᠮᠢᠨᠦ ᠰᠠᠢᠨ ᠨᠠᠢᠵᠠ ᠪᠣᠯᠤᠭᠰᠠᠨ ᠪᠣᠯᠬᠣᠷ ᠣᠳᠣ ᠠ᠋ᠴᠠ ᠡᠨᠡ ᠪᠣᠳᠣᠯ ᠢ᠋ᠶ᠋ᠠᠨ ᠬᠠᠶᠠᠬᠤ ᠪᠠᠷ ᠰᠢᠢᠳᠦᠯ᠎ᠡ᠃ ᠪᠢ ᠥᠪᠡᠷ ᠢ᠋ᠶ᠋ᠡᠨ ᠬᠥᠯᠭᠡ ᠪᠡᠨ ᠬᠠᠷ᠎ᠠ ᠨᠦᠬᠡ ᠤᠷᠤᠭᠤ ᠣᠷᠣᠭᠤᠯᠤᠭᠠᠳ ᠭᠠᠷᠭᠠᠭᠰᠠᠨ ᠠᠪᠤ ᠳ᠋ᠤ᠌ ᠪᠠᠨ ᠡᠨᠡ ᠨᠦᠬᠡ ᠶ᠋ᠢ ᠪᠠᠢᠬᠤ ᠦᠭᠡᠢ ᠪᠣᠯᠭᠠᠵᠤ ᠥᠭᠭᠦᠭᠡᠴᠢ ᠭᠡᠵᠦ ᠵᠠᠪᠠᠯ ᠬᠡᠯᠡᠨ᠎ᠡ᠃ ᠣᠳᠣ ᠬᠠᠷ᠎ᠠ ᠨᠦᠬᠡ ᠤᠷᠤᠭᠤ ᠣᠷᠣᠵᠠᠭᠠᠶ᠎ᠠ᠂ ᠡᠨᠡ ᠪᠣᠯ ᠲᠠ ᠬᠣᠶᠠᠷ ᠤ᠋ᠨ ᠭᠡᠷ ᠲᠦ᠍ ᠪᠡᠨ ᠬᠠᠷᠢᠬᠤ ᠵᠠᠮ ᠪᠠᠢᠬᠤ ᠪᠣᠯᠤᠨ᠎ᠠ ᠰᠢᠦ!
ᠪᠦᠨ᠋ᠸ ᠰᠦᠨ᠋ᠸ᠄ ᠠ᠁ ᠠ᠁
ᠫᠷᠦ᠋ᠳ᠋ᠶᠦᠰᠰᠸᠷ ᠄ ᠫ· ᠪᠠᠲᠤᠳᠦ᠋ᠷᠦ
ᠨᠠᠢᠷᠠᠭᠤᠯᠤᠭᠴᠢ᠄ ᠨ· ᠠᠮᠤᠷᠪᠠᠶᠠᠷ
ᠷᠧᠳᠠᠺᠲᠣᠷ᠄ ᠴ· ᠭᠠᠩᠳᠤᠶᠠᠭᠠ
ᠶᠡᠷᠦᠩᠬᠡᠢ ᠠᠨᠢᠮᠠᠲ᠋ᠣᠷ᠄ ᠨ᠊· ᠠᠮᠤᠷᠪᠠᠶᠠᠷ
ᠠᠨᠢᠮᠠᠲ᠋ᠣᠷ᠄ ᠪ᠊᠂ ᠡᠩᠬᠡᠪᠣᠯᠣᠷ
ᠬᠥᠭᠵᠢᠮ ᠦ᠋ᠨ ᠵᠣᠬᠢᠶᠠᠯᠴᠢ᠄ ᠴ᠊· ᠣᠳᠬᠣᠨᠪᠠᠶᠠᠷ (ᠰᠣᠶᠣᠯ ᠤ᠋ᠨ ᠲᠡᠷᠢᠭᠦᠨ ᠦ᠌ ᠠᠵᠢᠯᠲᠠᠨ)
ᠳᠦᠷᠢ ᠶ᠋ᠢᠨ ᠵᠢᠷᠤᠭᠠᠴᠢ᠄ ᠨ᠊· ᠠᠮᠤᠷᠪᠠᠶᠠᠷ
ᠹᠤᠨ ᠵᠢᠷᠤᠭᠠᠴᠢ᠄ ᠪ᠊᠂ ᠡᠩᠬᠡᠪᠣᠯᠣᠷ
ᠳᠠᠭᠤᠤ ᠶ᠋ᠢᠨ ᠨᠠᠢᠷᠠᠭᠤᠯᠤᠭᠴᠢ᠄ ᠴ· ᠲᠤᠩᠭᠠᠯᠠᠮᠠ
ᠳᠠᠭᠤᠤ ᠣᠷᠣᠭᠤᠯᠤᠭᠰᠠᠨ ᠵᠦᠴᠦᠭᠡᠴᠢᠳ᠄
ᠣ · ᠮᠥᠩᠭᠦᠨᠴᠡᠴᠡᠭ (ᠰᠣᠶᠣᠯ ᠤ᠋ᠨ ᠲᠡᠷᠢᠭᠦᠨ ᠦ᠌ ᠠᠵᠢᠯᠲᠠᠨ)
ᠢ᠊· ᠫᠦᠷᠪᠦᠰᠠᠢᠬᠠᠨ
ᠡᠨᠳᠡ ᠬᠦᠷᠦᠭᠡᠳ᠂ ᠪᠦᠨ᠋ᠸ ᠰᠦᠨ᠋ᠸ ᠬᠣᠶᠠᠷ ᠊ᠤᠨ ᠶᠢᠰᠦᠨ ᠠᠩᠭᠢ ᠶ᠋ᠢᠨ ᠦᠰᠦᠭ ᠢ᠋ ᠬᠠᠲᠠᠵᠤ ᠲᠡᠭᠦᠰᠬᠡᠪᠡ᠃ ᠵᠦᠴᠦᠭᠡ ᠶ᠋ᠢᠨ ᠦᠭᠡ ᠶ᠋ᠢ ᠨᠢ ᠰᠣᠨᠣᠰᠴᠤ ᠪᠠᠢᠭᠠᠳ ᠬᠠᠭᠤᠯᠤᠨ ᠪᠢᠴᠢᠵᠦ ᠠᠪᠤᠭᠰᠠᠨ ᠲᠤᠯᠠ᠂ ᠰᠣᠨᠣᠰᠬᠠᠯ ᠊ᠤᠨ ᠲᠠᠯ᠎ᠠ ᠳ᠋ᠤ᠌ ᠡᠢᠮᠦ ᠲᠡᠢᠮᠦ ᠵᠦᠷᠢᠶᠡᠨ ᠭᠠᠷᠤᠭᠰᠠᠨ ᠪᠠᠢᠬᠤ ᠨᠢ ᠯᠠᠪᠲᠠᠢ᠂ ᠦᠵᠡᠬᠦ ᠮᠡᠷᠭᠡᠳ ᠮᠢᠨᠢ ᠠᠭᠤᠴᠢᠯᠠᠯ ᠳ᠋ᠤ᠌ ᠪᠠᠨ ᠪᠠᠭᠲᠠᠭᠠᠬᠤ ᠪᠣᠯᠪᠠᠤ! ᠬᠠᠮᠲᠤᠷᠠᠨ ᠠᠵᠢᠯᠯᠠᠭᠰᠠᠨ ᠪᠦᠬᠦ ᠨᠥᠬᠥᠳ ᠊ᠦᠨ ᠢ᠋ᠶ᠋ᠡᠨ ᠡᠮᠦᠨ᠎ᠡ ᠡᠴᠡ ᠬᠦᠰᠡᠨ ᠨᠠᠢᠳᠠᠵᠤ ᠪᠠᠢᠨ᠎ᠠ!
ᠦᠰᠦᠭ ᠠᠮᠢᠯᠠᠭᠤᠯᠤᠭᠰᠠᠨ ᠨᠢ᠄ᠪᠦᠷᠢᠨᠴᠡᠴᠡᠭ
ᠦᠰᠦᠭ ᠬᠠᠲᠠᠭᠰᠠᠨ ᠨᠢ᠄ ᠪᠦᠷᠢᠨᠴᠡᠴᠡᠭ
ᠬᠢᠨᠠᠭᠴᠢ᠄ ᠱᠤᠳᠤᠷᠭᠤ᠂ ᠰᠡᠳᠬᠢᠬᠦᠢ᠂ ᠮᠥᠴᠢᠷ᠂ ᠢᠷᠡᠭᠡᠳᠦᠢ᠂ ᠡᠷᠳᠡᠨᠢᠪᠢᠯᠢᠭ
