ᠢᠷᠥᠭᠡᠯᠴᠢ – ᠳ᠋ᠤᠭ ᠂ ᠳᠣᠷᠵᠢ Ерөөлч – Дог ᠂ Дорж ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠥᠭᠡᠯᠴᠢ – ᠳ᠋ᠤᠭ ᠂ ᠳᠣᠷᠵᠢ Ерөөлч – Дог ᠂ Дорж

ᠢᠷᠥᠭᠡᠯᠴᠢ – ᠳ᠋ᠤᠭ ᠂ ᠳᠣᠷᠵᠢ Ерөөлч – Дог ᠂ Дорж

ᠠᠩᠭᠢᠯᠠᠯ:ᠬᠣᠱᠣᠩ ᠱᠣᠭ
2024-10-19

323

ᠢᠷᠥᠭᠡᠯᠴᠢ

  
                         ᠳ᠋ᠤᠭ ᠂ ᠳᠣᠷᠵᠢ
                                 ( ᠬᠣᠱᠣᠩ ᠥᠭᠦᠯᠡᠯᠭᠡ )

       ᠪᠠᠷᠢᠯᠭᠠᠴᠢᠨ ᠪᠤᠶᠠᠨ ᠤ᠋ ᠡᠬᠡ ᠂ ᠨᠠᠶᠠᠨ ᠨᠠᠰᠤᠲᠠᠢ ᠡᠮᠡᠭᠡ ᠶ᠋ᠢᠨ ᠣᠢ ᠶ᠋ᠢ ᠲᠡᠮᠳᠡᠭᠯᠡᠬᠦ ᠪᠡᠷ ᠣᠯᠠᠨ ᠬᠥᠮᠦᠨ ᠴᠤᠭᠯᠠᠷᠠᠵᠤ᠂ ᠨᠠᠢᠷ ᠡᠬᠢᠯᠡᠬᠦ ᠳ᠋ᠦ᠍ ᠪᠡᠯᠡᠨ ᠪᠣᠯᠪᠠ᠃ ᠢᠮᠠᠭᠠᠨ ᠰᠠᠬᠠᠯ ᠲᠠᠢ ᠶᠠᠭᠵᠠᠭᠠᠷ ᠲᠤᠷᠠᠩᠬᠠᠢ ᠡᠪᠦᠭᠡᠨ ᠪᠣᠰᠴᠤ ᠨᠢᠳᠦ ᠪᠠᠨ ᠣᠨᠢᠢᠯᠭᠠᠵᠤ ᠨᠠᠢᠷ ᠤ᠋ᠨ ᠣᠯᠠᠨ ᠢ᠋ ᠡᠷᠡᠮᠪᠡ ᠳᠡᠰ ᠢ᠋ᠶ᠋ᠡᠷ ᠠᠵᠢᠭᠯᠠᠨ ᠰᠠᠬᠠᠯ ᠢ᠋ᠶ᠋ᠠᠨ ᠢᠮᠡᠷᠦᠨ 
      – ᠢᠩᠭᠢᠬᠦ ᠳ᠋ᠦ᠍ ᠲᠠ ᠮᠢᠨᠢ ᠢᠷᠦᠭᠡᠯ ᠲᠠᠯᠪᠢᠬᠤ ᠬᠥᠮᠦᠨ ᠪᠠᠢᠨ᠎ᠠ ᠤᠤ ᠂ ᠨᠠᠢᠷ ᠢ᠋ᠶ᠋ᠠᠨ ᠢᠷᠦᠭᠡᠯ ᠢ᠋ᠶ᠋ᠡᠷ ᠡᠬᠢᠯᠡᠶ᠎ᠡ ᠭᠡᠪᠡ᠃  ᠪᠢᠳᠠ ᠴᠥᠮ ᠢ᠋ᠶ᠋ᠡᠷ 《 ᠲᠡᠷᠡ ᠵᠥᠪ ᠠ᠋ ᠂ ᠲᠡᠷᠡ ᠵᠥᠪ 》 ᠭᠡᠵᠦ ᠳᠠᠭᠤ ᠳᠠᠭᠤ ᠪᠠᠨ ᠳᠠᠮᠵᠢᠨ ᠥᠭᠦᠯᠡᠵᠡᠭᠡᠭᠰᠡᠨ ᠪᠣᠯᠪᠠᠴᠤ ᠬᠡᠨ ᠮᠠᠨᠢ ᠴᠤ᠌ ᠢᠷᠦᠭᠡᠯ᠎ ᠬᠡᠯᠡᠵᠦ ᠴᠢᠳᠠᠬᠤ ᠦᠭᠡᠢ ᠤᠴᠢᠷ ᠮᠠᠯ ᠭᠠᠢᠬᠠᠵᠤ ᠬᠤᠯᠤᠭᠠᠨᠠᠨ ᠰᠠᠭᠤᠵᠤ ᠪᠠᠢᠪᠠ᠃ ᠡᠮᠡᠭᠡ ᠶ᠋ᠢᠨ ᠬᠦᠦ ᠪᠤᠶᠠᠨ ᠂ ᠢᠷᠦᠭᠡᠯᠴᠢ ᠶ᠋ᠢᠨ ᠲᠠᠯ᠎ᠠ ᠪᠠᠷ ᠰᠠᠨᠠᠭ᠎ᠠ ᠲᠠᠯᠪᠢᠭ᠎ᠠ ᠦᠭᠡᠢ ᠳ᠋ᠡᠭᠡᠨ ᠨᠡᠯᠢᠶᠡᠳ ᠭᠡᠮᠰᠢᠭᠰᠡᠨ ᠶᠠᠩᠵᠤᠲᠠᠢ ᠰᠣᠯᠣᠭᠠᠢ ᠭᠠᠷ ᠢ᠋ᠶ᠋ᠠᠷ ᠲᠣᠯᠣᠭᠠᠢ ᠪᠠᠨ ᠢᠯᠪᠢᠭᠡᠳ᠄
      – ᠪᠢ ᠨᠢᠭᠡ ᠢᠷᠦᠭᠡᠯᠴᠢ ᠶ᠋ᠢ ᠰᠠᠢᠨ ᠲᠠᠨᠢᠨ᠎ᠠ ᠂ ᠲᠡᠷᠡ ᠨᠥᠬᠥᠷ ᠬᠡᠨ ᠦ᠌ ᠴᠤ᠌ ᠤᠷᠢᠯᠭᠠᠨ ᠳ᠋ᠤ᠌ ᠶᠡᠷᠦ  ᠴᠠᠭᠠᠷᠠᠭᠯᠠᠵᠤ ᠳᠤᠷ᠎ᠠ ᠦᠭᠡᠢᠯᠡᠳᠡᠭ ᠦᠭᠡᠢ ᠶᠦᠮ ᠭᠡᠳ ᠭᠠᠷᠴᠤ ᠣᠳᠪᠠ᠃ 
       ᠮᠠᠨ ᠤ ᠡᠨᠡ ᠨᠤᠲᠤᠭ ᠲᠤ᠌ ᠢᠷᠦᠭᠡᠯᠴᠢ ᠬᠥᠮᠦᠨ ᠲᠤᠩ ᠬᠣᠪᠣᠷ ᠭᠡᠳᠡᠭ ᠢ᠋ ᠤᠩᠰᠢᠭᠴᠢ ᠲᠠ ᠮᠡᠳᠡᠬᠦ ᠦᠭᠡᠢ ᠴᠤ᠌ ᠪᠠᠢᠵᠤ ᠪᠣᠯᠬᠤ ᠶᠤᠮ ᠃ 
      – ᠡᠦᠲᠦ ᠴᠢᠨᠢ ᠢᠷᠦᠭᠡᠯ ᠬᠡᠯᠡᠳᠡᠭ ᠬᠥᠮᠦᠨ ᠡᠳᠦᠷ ᠦ᠋ᠨ ᠡᠦᠲᠦ ᠰᠢᠭ᠋ ᠪᠣᠯᠴᠢᠬᠠᠵᠠᠢ ᠭᠡᠵᠦ ᠨᠠᠰᠤᠲᠠᠢᠴᠤᠳ ᠤ᠋ᠨ ᠶᠠᠷᠢᠯᠴᠠᠳᠠᠭ ᠴᠤ᠌ ᠦᠨᠡᠨ ᠰᠢᠦ᠃  ᠮᠢᠨᠦ ᠯᠠ ᠮᠡᠳᠡᠬᠦ ᠡᠭᠦᠨ ᠡᠴᠡ ᠥᠭᠡᠷ᠎ᠡ ᠢᠷᠦᠭᠡᠯᠴᠢ ᠠᠯᠠᠭ᠎ᠠ ᠳ᠋ᠠ᠃ 
       ᠪᠤᠶᠠᠨ ᠢ ᠣᠴᠢᠬᠤ ᠳᠤ ᠢᠷᠦᠭᠡᠯᠴᠢ ᠭᠡᠷ ᠲᠡᠭᠡᠨ ᠪᠠᠢᠭᠰᠠᠨ ᠦᠭᠡᠢ᠂ ᠨᠢᠭᠡ ᠠᠢᠯ ᠤᠨ ᠤᠬᠢᠶᠠᠯᠭᠠᠨ ᠳᠤ ᠢᠷᠦᠭᠡᠯ ᠲᠠᠯᠪᠢᠬᠤ ᠪᠠᠷ ᠶᠠᠪᠤᠭᠰᠠᠨ ᠭᠡᠨ᠎ᠡ ᠃ ᠪᠢᠴᠢᠬᠠᠨ ᠥᠭᠦᠯᠡᠯᠭᠡ ᠶ᠋ᠢᠨ ᠮᠠᠨᠢ ᠪᠠᠭᠠᠲᠤᠷ ᠡᠢᠮᠦ ᠯᠡ ᠬᠦᠨᠳᠦᠲᠡᠢ ᠬᠥᠮᠦᠨ ᠳᠡ᠃ ᠵᠠᠷᠢᠮ ᠳ᠋ᠠᠭᠠᠨ ᠪᠦᠷ ᠡᠳᠦᠷ ᠰᠥᠨᠢ ᠦᠭᠡᠢ ᠨᠠᠢᠷ ᠬᠤᠷᠢᠮ ᠳ᠋ᠤ᠌ ᠡᠭᠡᠯᠵᠢᠯᠡᠨ ᠵᠠᠯᠠᠭᠳᠠᠭᠰᠠᠭᠠᠷ ᠬᠡᠳᠦ ᠬᠣᠨᠣᠭ ᠢ᠋ᠶ᠋ᠠᠷ ᠭᠡᠷ ᠲᠡᠭᠡᠨ ᠢᠷᠡᠬᠦ ᠦᠭᠡᠢ ᠪᠠᠢᠬᠤ ᠴᠤ᠌ ᠶᠠᠪᠤᠳᠠᠯ ᠪᠣᠢ᠃ ᠢᠩᠭᠢᠵᠦ ᠯᠡ ᠮᠠᠨ ᠤ᠋ ᠬᠢᠨ ᠢᠷᠦᠭᠡᠯᠴᠢ ᠶ᠋ᠢ ᠬᠦᠨᠳᠦᠯᠡᠯ᠎ᠡ᠃
       ᠪᠤᠶᠠᠨ ᠢ᠋ ᠨᠥᠭᠦᠭᠡ ᠠᠢᠯ ᠳ᠋ᠤ᠌ ᠣᠴᠢᠬᠤ ᠳ᠋ᠤ᠌ ᠮᠠᠨ ᠤ᠋ ᠢᠷᠦᠭᠡᠯᠴᠢ ᠨᠠᠩᠵᠢᠳ ᠵᠢᠭᠠᠬᠠᠨ ᠵᠣᠭᠣᠭᠯᠠᠴᠢᠬᠠᠭᠠᠳ ᠤᠯᠠᠭᠠᠨ ᠵᠡᠭᠡᠷᠳᠡ ᠪᠣᠯᠴᠢᠬᠠᠭᠰᠠᠨ᠂ ᠭᠡᠪᠡᠴᠦ ᠢᠷᠥᠭᠡᠬᠦ ᠠᠯᠪᠠ ᠪᠠᠨ ᠬᠠᠮᠢᠭ᠎ᠠ ᠴᠤ᠌ ᠭᠡᠰᠡᠨ ᠤᠴᠢᠷ ᠲᠠᠲᠠᠭᠠᠯᠵᠠᠵᠤ ᠲᠦᠳᠡᠭᠡᠯᠵᠡᠭᠰᠡᠨ ᠦᠭᠡᠢ᠃ 
       ᠪᠤᠶᠠᠨ ᠤ᠋ ᠳ᠋ᠤ᠌ ᠣᠷᠣᠵᠤ ᠢᠷᠡᠩᠭᠦᠲᠡ᠂ ᠨᠠᠢᠷ ᠤ᠋ᠨ ᠣᠯᠠᠨ ᠤ᠋ ᠡᠮᠦᠨ᠎ᠡ ᠮᠡᠬᠦᠯᠵᠡᠨ ᠶᠣᠰᠣᠯᠠᠵᠤ᠂ ᠭᠠᠳᠠᠭᠤᠷ ᠬᠤᠪᠴᠠᠰᠤ ᠪᠠᠨ ᠲᠠᠢᠯᠬᠤ ᠵᠠᠭᠤᠷ᠎ᠠ ᠪᠦᠯᠲᠡᠭᠡᠷ ᠨᠢᠳᠦ ᠪᠡᠨ ᠵᠢᠭᠠᠬᠠᠢᠯᠭᠠᠨ᠂ ᠵᠠᠭᠵᠠᠭᠠᠷ ᠲᠣᠯᠣᠭᠠᠢ ᠪᠠᠨ ᠳᠠᠯᠵᠢᠢᠯᠭᠠᠨ ᠡᠢᠰᠢ ᠲᠡᠢᠰᠢ ᠠᠵᠢᠪᠠᠯ᠂ ᠵᠡᠭᠦᠨ ᠣᠷᠣᠨ ᠳᠡᠭᠡᠷ᠎ᠡ ᠥᠯᠥᠭᠡᠢ ᠲᠡᠢ ᠨᠢᠷᠠᠢ ᠬᠡᠦᠬᠡᠳ ᠬᠠᠷᠠᠭᠳᠠᠨ᠎ᠠ᠃ ᠬᠣᠢᠮᠣᠷ ᠲᠤ᠌ ᠨᠢᠭᠡ ᠡᠮᠡᠭᠡ ᠰᠠᠭᠤᠵᠤ ᠦᠵᠡᠭᠳᠡᠨ᠎ᠡ᠃ ᠡᠨᠡ ᠮᠡᠲᠦ ᠪᠡᠷ ᠠᠢᠯ ᠢ᠋ ᠬᠠᠷᠠᠵᠤ ᠬᠡᠨ ᠢ᠋ ᠨᠡᠷᠡᠯᠡᠵᠤ ᠭᠦᠢᠴᠡᠬᠦ ᠪᠣᠢ ᠳᠠ ᠪᠠᠷᠤᠭ ᠰᠠᠭᠤᠵᠤ ᠠᠮᠵᠢᠭ᠎ᠠ ᠦᠭᠡᠢ ᠪᠠᠢᠲᠠᠯ᠎ᠠ ᠡᠮᠦᠨ᠎ᠡ ᠨᠢ ᠬᠤᠨᠳᠠᠭ᠎ᠠ ᠲᠠᠢ ᠰᠠᠷᠬᠤᠳ ᠮᠡᠯᠲᠡᠯᠵᠡᠪᠡ᠃ 
       ᠮᠠᠨ ᠤ᠋ ᠢᠷᠦᠭᠡᠯᠴᠢ ᠬᠠᠯᠢᠮᠠᠭ ᠪᠠᠢᠭᠰᠠᠨ ᠰᠠᠢᠬᠠᠨ ᠭᠢᠯᠠᠭᠠᠷ ᠮᠠᠩᠨᠠᠢ ᠪᠠᠨ ᠢᠯᠠᠭ᠎ᠠ ᠰᠢᠮᠠᠭᠤᠯ ᠬᠠᠯᠲᠤᠷᠢᠴᠢᠬᠠᠬᠤ ᠠ᠋ᠴᠠ ᠪᠣᠯᠭᠣᠮᠵᠢᠯᠠᠭᠰᠠᠨ ᠪᠠᠢᠳᠠᠯ ᠢᠶᠠᠷ ᠰᠠᠮ ᠵᠥᠭᠡᠯᠡᠨ ᠢᠯᠪᠢᠵᠦ ᠬᠤᠨᠳᠠᠭ᠎ᠠ ᠲᠠᠢ ᠶᠠᠭᠤᠮ᠎ᠠ ᠤᠷᠤᠭᠤ ᠪᠠᠨ ᠬᠦᠵᠦᠭᠦᠦ ᠭᠦᠷᠳᠡᠢᠯᠭᠡᠨ ᠪᠣᠰᠤᠭᠠᠳ ᠥᠯᠥᠭᠡᠢ ᠲᠡᠢ ᠮᠠᠮᠤᠤ ( ᠬᠡᠦᠬᠡᠳ ) ᠤᠷᠤᠭᠤ ᠵᠢᠭᠠᠵᠤ᠄
       ᠬᠦᠦ ᠪᠢᠵᠡ ᠭᠡᠵᠦ ᠰᠡᠳᠬᠢᠯ ᠬᠠᠩᠬᠤᠯᠤᠨ ᠮᠢᠰᠢᠶᠡᠵᠦ ᠲᠣᠯᠣᠭᠠᠢ ᠳᠣᠬᠢᠪᠠ ᠃ ᠲᠡᠭᠡᠭᠡᠳ ᠴᠣᠬᠣᠮ ᠬᠠᠮᠢᠭᠠᠬᠢ ᠶ᠋ᠢᠨ ᠬᠡᠨ ᠦ᠌ ᠬᠡᠦᠬᠡᠳ ᠪᠣᠯᠬᠤ ᠶ᠋ᠢ ᠠᠰᠠᠭᠤᠯ ᠦᠭᠡᠢ :
             ᠠᠯᠢᠶ᠎ᠠ ᠬᠥᠭᠡᠷᠦᠬᠦᠨ ᠡᠵᠢ ᠶ᠋ᠢᠨ ᠢ᠋ᠶ᠋ᠡᠨ 
             ᠠᠯᠢᠮ᠎ᠠ ᠪᠣᠯᠣᠭᠰᠠᠨ ᠳᠡᠭᠦᠦ
             ᠳᠠᠷᠤᠭ᠎ᠠ ᠪᠠᠭᠤᠷᠢᠲᠠᠢ ( ᠪᠠᠢᠳᠠᠯ ᠲᠠᠢ ) ᠠᠪᠤ ᠶ᠋ᠢᠨ ᠢ᠋ᠶ᠋ᠡᠨ 
             ᠳᠠᠩᠴᠤ ᠴᠤ ᠬᠠᠢᠷᠠᠲᠠᠢ ᠬᠦᠦ ᠭᠡᠵᠦ 
       ᠬᠡᠦᠬᠡᠳ ᠦ᠋ᠨ ᠡᠴᠢᠭᠡ ᠵᠢᠵᠢᠭᠬᠡᠨ ᠪᠡᠶ᠎ᠡ ᠲᠡᠢ ᠮᠤᠵᠢᠶᠠᠩ ᠵᠠᠯᠠᠭᠤ ᠠᠲᠠᠯ᠎ᠠ ᠳᠠᠷᠤᠭ᠎ᠠ ᠪᠠᠭᠤᠷᠢᠲᠠᠢ ᠨᠠᠮᠪᠠᠭᠠᠲᠠᠢ ᠭᠡᠮᠡᠨ ᠢᠯᠡᠳᠲᠡ ᠲᠠᠰᠢᠶᠠᠷᠠᠵᠤ ᠡᠬᠢᠯᠡᠭᠰᠡᠨ ᠢᠷᠦᠭᠡᠯ ᠳ᠋ᠡᠭᠡᠨ᠄
             ᠰᠤᠷᠮᠤᠢᠭᠰᠠᠨ ᠨᠢᠳᠦ ᠲᠠᠶ᠎
             ᠰᠤᠲᠤᠢᠭ᠍ᠰᠠᠨ ᠴᠢᠬᠢ ᠲᠠᠶ᠎ 
ᠭᠡᠬᠦ ᠮᠡᠲᠦ ᠦᠭᠡ ᠤᠷᠤᠰᠬᠠᠨ᠎ᠠ᠃
       ᠬᠡᠦᠬᠡᠳ ᠦ᠋ᠨ ᠨᠠᠢᠷ ᠭᠡᠵᠦ ᠡᠨᠳᠡᠭᠦᠷᠡᠵᠦ ᠭᠡᠮᠡᠨ ᠬᠥᠮᠦᠰ ᠦ᠋ᠨ ᠰᠢᠪᠡᠨᠡᠯᠳᠦᠬᠦ ᠶ᠋ᠢ ᠰᠣᠨᠣᠰᠪᠠ ᠪᠣᠯᠤᠯᠲᠠᠢ᠂ ᠢᠷᠦᠭᠡᠯ ᠢ᠋ᠶ᠋ᠡᠨ ᠪᠤᠰᠢᠭᠤᠬᠠᠨ ᠳᠠᠭᠤᠰᠬᠠᠵᠤ ᠰᠠᠷᠬᠤᠳ ᠢ᠋ᠶ᠋ᠠᠨ ᠬᠥᠨᠲᠥᠷᠪᠡ᠃
       ᠪᠢᠴᠢᠬᠠᠨ ᠡᠨᠳᠡᠭᠦᠷᠡᠯ ᠭᠠᠷᠭᠠᠭᠰᠠᠨ ᠳ᠋ᠠᠭᠠᠨ ᠪᠠᠬᠠᠨ ᠡᠪ ᠦᠭᠡᠢᠷᠡᠭᠡᠳ ᠬᠡᠷᠬᠢᠬᠦ ᠪᠡᠨ ᠮᠡᠳᠡᠬᠦ ᠦᠭᠡᠢ ᠬᠥᠯᠥᠰᠥ ᠪᠡᠨ ᠪᠤᠷᠵᠢᠢᠯᠭᠠᠨ ᠬᠠᠪᠴᠢᠭᠠᠨᠠᠨ ᠰᠠᠭᠤᠭᠰᠠᠨ ᠢᠷᠦᠭᠡᠯᠴᠢ ᠳ᠋ᠦ᠍ ᠪᠤᠶᠠᠨ ᠣᠢᠷᠠᠲᠤᠨ ᠣᠴᠢᠵᠤ ᠭᠠᠷᠴᠤ ᠠᠭᠤᠯᠵᠠᠬᠤ ᠳᠣᠬᠢᠶ᠎ᠠ ᠥᠭᠪᠡ᠃ ᠢᠷᠦᠭᠡᠯᠴᠢ ᠣᠷᠣᠵᠤ ᠢᠷᠡᠭᠡᠳ᠄
       ᠪᠢ ᠰᠠᠶᠢ ᠪᠡᠯᠡᠭ ᠳᠡᠮᠪᠡᠷᠡᠯ ᠪᠣᠳᠣᠵᠤ ᠬᠠᠮᠤᠭ ᠤ᠋ᠨ ᠣᠳᠬᠣᠨ ᠬᠦᠦ ᠶ᠋ᠢ ᠢᠷᠦᠭᠡᠭᠰᠡᠨ ᠶᠦᠮ᠃ ᠡᠦᠲᠦ ᠨᠠᠢᠷ ᠤ᠋ᠨ ᠭᠣᠣᠯ ᠬᠥᠮᠦᠨ ᠢ᠋ᠶ᠋ᠡᠨ ᠢᠷᠥᠭᠡᠶ᠎ᠡ ᠭᠡᠳ ᠥᠴᠦᠬᠡᠨ ᠪᠣᠳᠣᠯᠬᠢᠯᠠᠭᠰᠠᠨ ᠢ᠋ᠶ᠋ᠠᠨ᠄
      – ᠵᠢᠵᠢᠭ ᠶᠠᠭᠤᠮ᠎ᠠ ᠪᠠᠷ ᠤᠭᠤᠬᠤ ᠳ᠋ᠤ᠌᠂ ᠬᠣᠭᠣᠯᠠᠢ ᠁ ᠭᠡᠵᠦ ᠬᠡᠯᠡ ᠪᠡᠨ ᠡᠭᠡᠳᠡᠷᠡᠭᠦᠯᠦᠨ ᠥᠭᠦᠯᠡᠭᠡᠳ ᠠᠶᠠᠭ᠎ᠠ ᠲᠤᠰᠬᠤ ᠳ᠋ᠤ᠌ ᠰᠥᠩᠴᠢ ᠡᠷ᠎ᠡ ᠡᠷᠡᠭᠡᠯᠵᠡᠨ ᠭᠠᠢᠬᠠᠭᠰᠠᠨ ᠢᠶᠠᠨ ᠨᠢᠭᠡ ᠯᠣᠩᠬᠣᠨ ᠤ᠋   ᠪᠦᠭᠯᠡᠭᠡ ᠮᠤᠯᠲᠤᠯᠵᠤ ᠲᠠᠷᠢᠭᠠᠩᠭ᠎ᠠ ᠬᠢᠴᠡᠲᠠᠢ ᠮᠥᠩᠭᠦᠨ ᠠᠶᠠᠭᠠᠨ ᠳᠤ ᠬᠠᠲᠠᠭᠤ ᠬᠦᠷᠡᠩ ᠰᠢᠷᠡᠵᠡ  ᠴᠡᠯᠡᠯᠵᠡᠭᠦᠯᠪᠡ ᠃
       ᠢᠷᠦᠭᠡᠯᠴᠢ ᠮᠠᠨᠢ ᠬᠠᠭᠠᠰ ᠯᠢᠲ᠋ᠷ ᠶᠠᠯᠢᠮ ᠦᠭᠡᠢ ᠪᠠᠭ᠎ᠠ ᠪᠠᠭᠲᠠᠭᠠᠮᠵᠢᠲᠠᠢ ᠠᠶᠠᠭᠠᠨ ᠳ᠋ᠤ᠌ ᠴᠠᠯᠭᠢᠨ ᠪᠠᠢᠭ᠎ᠠ ᠠᠷᠢᠬᠢ ᠶ᠋ᠢ ᠳᠤᠮᠳᠠ ᠠ᠋ᠴᠠ ᠨᠢ ᠬᠡᠲᠦᠷᠡᠲᠡᠯ᠎ᠡ ᠠᠯᠭᠤᠷᠬᠠᠨ ᠤᠤᠭᠤᠭᠠᠳ ᠤᠷᠤᠭᠤᠯ ᠲᠠᠮᠰᠢᠶᠠᠯᠠᠨ ᠠᠶᠠᠭ᠎ᠠ ᠪᠠᠨ ᠲᠠᠯᠪᠢᠪᠠ᠃ ᠠᠶᠠᠭ᠎ᠠ ᠪᠠᠨ ᠳᠠᠬᠢᠨ ᠳᠦᠭᠦᠷᠭᠡᠵᠦ ᠪᠠᠢᠭ᠎ᠠ ᠶ᠋ᠢ ᠨᠢᠳᠦᠨ ᠦ᠌ ᠪᠤᠯᠤᠩ ᠢ᠋ᠶ᠋ᠠᠷ ᠰᠠᠮ ᠠᠵᠢᠵᠤ ᠪᠠᠢᠭᠰᠠᠨ ᠢᠶᠠᠨ ᠠᠮᠠᠰᠠᠷ ᠳᠡᠭᠡᠭᠦᠷ ᠬᠠᠯᠢᠬᠤ ᠳᠤ᠄ 
       – ᠬᠡᠷᠡᠭ ᠦᠭᠡᠢ᠂ ᠬᠡᠷᠡᠭ ᠦᠭᠡᠢ ᠭᠡᠰᠡᠨ ᠢᠶᠡᠨ ᠰᠢᠭᠦᠷᠡᠨ ᠠᠪᠴᠤ ᠱᠠᠯᠠᠮᠠᠭᠠᠢᠯᠠᠨ ᠪᠣᠰᠣᠭᠠᠳ᠄
             ᠨᠠᠶᠠᠨ ᠨᠠᠰᠤᠨ ᠤ᠋ ᠪᠠᠨ ᠣᠢ ᠶ᠋ᠢ ᠬᠢᠬᠦ ᠪᠠᠷ᠎
             ᠨᠠᠮᠪᠠᠭ᠎ᠠ ᠲᠠᠢ ᠰᠠᠢᠬᠠᠨ ᠪᠠᠢᠳᠠᠯ ᠢ᠋ᠶ᠋ᠠᠷ 
             ᠨᠠᠭᠠᠰᠢ ᠪᠠᠨ ᠬᠠᠷᠠᠭᠠᠳ ᠰᠠᠭᠤᠵᠤ ᠪᠠᠢᠭ᠎ᠠ 
             ᠨᠠᠰᠤᠨ ᠪᠤᠭᠤᠷᠤᠯ ᠡᠮᠡᠭᠡ ᠳᠠᠷᠤᠭ᠎ᠠ ᠶ᠋ᠢᠨ 
             ᠢᠳᠡᠷ ᠵᠠᠯᠠᠭᠤ ᠦᠶ᠎ᠡ ᠶ᠋ᠢᠨ ᠲᠤᠬᠠᠢ 
             ᠡᠬᠢᠯᠡᠭᠡᠳ ᠪᠢ ᠢᠷᠦᠭᠡᠶ᠎ᠡ ᠭᠡᠪᠡ᠃
       ᠡᠮᠡᠭᠡ ᠶᠢ ᠵᠠᠯᠠᠭᠤ ᠳ᠋ᠠᠭᠠᠨ ᠭᠣᠪᠢ ᠨᠤᠲᠤᠭ ᠤᠨ ᠪᠠᠷᠬᠢᠯ ᠪᠣᠷᠣ ᠬᠡᠦᠬᠡᠨ ᠪᠠᠢᠭᠰᠠᠨ ᠢ ᠢᠷᠦᠭᠡᠯᠴᠢ ᠬᠠᠮᠢᠭ᠎ᠠ ᠠᠴᠠ ᠮᠡᠳᠡᠬᠦᠪ᠃
             ᠵᠢᠷᠪᠢᠢᠭᠰᠡᠨ ᠬᠥᠮᠥᠰᠬᠡ ᠲᠡᠢ 
             ᠵᠢᠮᠢᠰᠦᠨ ᠤᠯᠠᠭᠠᠨ ᠬᠠᠴᠠᠷ ᠲᠠᠶ᠎ᠠ 
             ᠭᠠᠩᠭᠠᠷ ᠱᠠᠭᠠᠵᠠᠩ ᠰᠢᠭ᠋ ᠴᠠᠭᠠᠨ 
             ᠭᠠᠩᠭᠠᠩ ᠥᠬᠢᠨ ᠁ ( ᠭᠡᠳ ) 
ᠡᠭᠦᠳᠡᠨ ᠲᠤᠰ ᠭᠠᠵᠠᠷ ᠰᠠᠭᠤᠭ᠎ᠠ ᠴᠢᠷᠠᠢᠯᠢᠭ ᠴᠠᠭᠠᠨ ᠪᠦᠰᠡᠭᠦᠢ ᠤᠷᠤᠭᠤ ᠨᠢᠳᠦ ᠢᠷᠮᠡᠬᠦ ᠳ᠋ᠦ᠍ ᠨᠠᠢᠷ ᠤ᠋ᠨ ᠬᠢᠨ ᠲᠡᠪᠡᠳᠡᠵᠦ :
        ᠵᠠ ᠮᠥᠨ ᠰᠠᠢᠬᠠᠨ ᠢᠷᠦᠭᠡᠵᠦ ᠪᠠᠢᠨ᠎ᠠ ᠠ ᠂ ᠢᠷᠦᠭᠡᠯ ᠪᠠᠲᠤ ᠣᠷᠣᠰᠢᠭ ᠭᠡᠪᠡ᠃ ᠬᠡᠳᠦᠢᠪᠡᠷ ᠡᠨᠡ ᠦᠭᠡ ᠶ᠋ᠢ ᠢᠷᠦᠭᠡᠯ ᠦ᠋ᠨ ᠲᠡᠭᠦᠰᠬᠡᠯ ᠳ᠋ᠦ᠍ ᠬᠡᠯᠡᠬᠦ ᠶᠣᠰᠣᠲᠠᠢ ᠪᠣᠯᠪᠠᠴᠤ ᠮᠡᠩᠳᠡᠭᠰᠡᠨ ᠬᠥᠮᠦᠰ ᠡᠢᠨ ᠬᠦ᠌ ᠭᠣᠷᠢᠮ ᠠᠯᠳᠠᠵᠠᠢ᠃ 
       ᠢᠷᠦᠭᠡᠯ ᠪᠠᠲᠤ ᠣᠷᠣᠰᠢᠭ ᠭᠡᠰᠡᠨ ᠦᠭᠡ ᠶ᠋ᠢ ᠰᠣᠨᠣᠰᠤᠮᠠᠭᠴᠠ ᠢᠷᠦᠭᠡᠯᠴᠢ ᠮᠠᠨᠢ ᠠᠶᠠᠭ᠎ᠠ ᠲᠠᠢ ᠪᠠᠨ ᠠᠶᠠᠲᠠᠢᠬᠠᠨ ᠰᠢᠮᠡᠵᠦ ᠪᠠᠢᠲᠠᠯ᠎ᠠ  ᠷᠠᠳᠢᠣ᠋  ᠪᠠᠷ ᠮᠣᠷᠢᠨ ᠤ᠋ ᠲᠤᠬᠠᠢ ᠨᠡᠪᠲᠡᠷᠡᠭᠦᠯᠭᠡ ᠶᠠᠪᠤᠪᠠ᠃ ᠭᠡᠲᠡᠯ᠎ᠡ ᠮᠠᠨ ᠤ᠋ ᠢᠷᠦᠭᠡᠯᠴᠢ᠄
             ᠬᠥᠯ ᠳ᠋ᠡᠭᠡᠨ ᠵᠢᠷᠣᠭ᠎ᠠ ᠲᠠᠶ᠎ᠠ 
             ᠬᠦᠵᠦᠭᠦᠨ ᠳ᠋ᠡᠭᠡᠨ ᠮᠣᠯᠴᠣᠭ ᠲᠠᠢ ᠁( ᠭᠡᠬᠦ ᠳ᠋ᠦ᠍ ) 
ᠬᠥᠮᠦᠰ ᠨᠢᠷᠬᠢᠲᠡᠯ᠎ᠡ ᠢᠨᠢᠶᠡᠯᠳᠦᠪᠡ᠃ ᠢᠷᠦᠭᠡᠯᠴᠢ ᠠᠯᠳᠠᠭ᠎ᠠ ᠪᠠᠨ ᠳᠣᠣᠷ᠎ᠠ ᠨᠢ  ᠠᠪᠬᠠᠯᠵᠢᠲᠠᠢᠶ᠎ᠠ ᠵᠠᠯᠠᠷᠠᠭᠤᠯᠤᠨ᠄
             ᠰᠠᠢᠨ ᠮᠣᠷᠢ ᠤᠨᠤᠳᠠᠭ
             ᠰᠠᠢᠬᠠᠨ ᠪᠦᠰᠡᠭᠦᠢ ᠪᠠᠢᠭᠰᠠᠨ ᠁  ᠭᠡᠳ
ᠭᠡᠨᠡᠳᠲᠡ ᠬᠡᠯᠡ ᠨᠢ ᠡᠭᠡᠷᠡᠵᠦ ᠲᠦᠭᠳᠡᠷᠡᠨ ᠵᠣᠭᠰᠣᠭᠰᠠᠨ ᠢᠶᠠᠨ ᠠᠷᠤ ᠲᠡᠢᠰᠢ ᠯᠠᠭ ᠬᠢᠨ ᠰᠠᠭᠤᠵᠤ ᠨᠢᠳᠦ ᠪᠡᠨ ᠬᠥᠯᠥᠷᠡᠭᠦᠯᠦᠨ ᠰᠢᠷᠳᠡᠵᠦ 《ᠵᠢᠭᠠᠬᠠᠨ ᠰᠢᠷᠭ᠎ᠠ》 ᠶᠢ ᠠᠶᠠᠯᠤᠮᠠᠷ ᠠᠶᠠᠳᠠᠭᠰᠠᠨ ᠢᠶᠠᠨ ᠬᠠᠵᠠᠭᠤ ᠳ᠋ᠠᠭᠠᠨ ᠰᠠᠭᠤᠭ᠎ᠠ ᠬᠥᠮᠥᠨ ᠢ ᠨᠠᠯᠠᠨ ᠲᠣᠬᠣᠢᠯᠳᠤᠵᠤ᠄
             ᠬᠥᠮᠥᠨ ᠦ ᠮᠢᠬᠠᠨ ᠬᠦᠨᠡᠰᠦᠲᠡᠨ ᠨᠦᠭᠦᠳ 
             ᠬᠦᠷᠡᠯ ᠴᠢᠯᠠᠭᠤᠨ ᠵᠢᠷᠦᠬᠡᠲᠡᠨ ᠨᠦᠭᠦᠳ᠁( ᠭᠡᠵᠦ) 
ᠰᠢᠳᠦ ᠪᠡᠨ ᠬᠠᠪᠢᠷᠤᠨ ᠥᠭᠦᠯᠡᠬᠦ ᠳ᠋ᠦ᠍ ᠣᠢ ᠪᠠᠨ ᠲᠡᠮᠳᠡᠭᠯᠡᠵᠦ ᠪᠠᠢᠭ᠎ᠠ ᠡᠮᠡᠭᠡ ᠲᠥᠷᠬᠦ ᠲᠡᠢ ᠬᠥᠭᠰᠢᠳ ᠨᠠᠮᠠᠨᠴᠢᠯᠠᠨ ᠵᠠᠯᠪᠠᠷᠢᠵᠤ ᠄
       – ᠡ  ᠪᠤᠶᠠᠨ ᠢᠶᠠᠨ ᠳᠡᠯᠭᠡᠷ ᠭᠡᠵᠦ᠂ ᠪᠠᠰᠠ ᠪᠥᠭᠡ ᠪᠠᠢᠬᠤ ᠨᠢ ᠡ ᠭᠡᠳ ᠪᠠᠯᠠᠮᠠᠭᠳᠠᠪᠠ᠃ ᠵᠠᠯᠠᠭᠤᠴᠤᠳ ᠢᠷᠦᠭᠡᠯᠴᠢ ᠶᠢᠨ ᠲᠠᠮᠪᠠᠷᠠᠯ ᠢ ᠵᠣᠭᠰᠣᠭᠠᠬᠤ ᠶᠢ ᠬᠢᠴᠢᠶᠡᠵᠦ᠄
       – ᠵᠠ ᠰᠠᠢᠬᠠᠨ ᠢᠷᠦᠭᠡᠵᠦ ᠪᠠᠢᠨ᠎ᠠ᠂ ᠡᠦᠲᠦ ᠨᠢᠭᠡ ᠰᠠᠯᠬᠢᠨ ᠳ᠋ᠤ᠌ ᠭᠠᠷᠤᠭᠠᠳ ᠢᠷᠡᠶ᠎ᠡ ᠭᠡᠳ ᠮᠥᠷᠦᠨ ᠳᠡᠭᠡᠷ᠎ᠡ ᠡᠴᠡ ᠨᠢ ᠲᠠᠲᠠᠬᠤ ᠳ᠋ᠤ᠌ ᠠᠶᠠᠭ᠎ᠠ ᠲᠠᠢ ᠪᠠᠨ ᠪᠤᠰᠢᠭᠤᠬᠠᠨ ᠵᠠᠯᠭᠢᠯᠠᠭᠠᠳ ᠤᠴᠠᠭᠠᠷᠯᠠᠨ ᠤᠬᠤᠰᠬᠢᠵᠦ ᠬᠠᠵᠠᠭᠤᠳᠠᠬᠢ ᠨᠥᠬᠥᠷ ᠢ᠋ᠶ᠋ᠡᠨ ᠢᠰᠬᠦᠯᠪᠡ᠃ ᠲᠡᠷᠡ ᠨᠢ ᠨᠡᠯᠢᠶᠡᠳ ᠬᠠᠯᠠᠮᠴᠠᠭ ᠪᠠᠢᠭᠰᠠᠨ ᠠᠭᠠᠳ ᠪᠠᠰᠠ ᠴᠤ᠌ ᠶᠠᠭ ᠦᠭᠡᠢ ᠣᠮᠣᠭᠲᠠᠢᠬᠠᠨ ᠡᠷ᠎ᠡ ᠲᠤᠯᠠ ᠢᠷᠦᠭᠡᠯᠴᠢ ᠶ᠋ᠢ ᠰᠢᠭᠦᠷᠡᠨ ᠠᠪᠴᠤ ᠭᠤᠯᠳᠤᠷᠠᠨ ᠳᠠᠷᠤᠪᠠ᠃
       ᠮᠠᠨ ᠤ ᠢᠷᠦᠭᠡᠯᠴᠢ ᠬᠠᠶᠠ ᠨᠢᠭᠡ ᠡᠢᠮᠦᠷᠬᠦᠦ ᠪᠠᠢᠳᠠᠯ ᠭᠠᠷᠭᠠᠳᠠᠭ ᠡᠪ ᠦᠭᠡᠢᠪᠲᠦᠷ ᠵᠠᠩ ᠲᠠᠢ ᠠᠴᠠ ᠪᠢᠰᠢ ᠶᠡᠷᠦᠩᠬᠡᠢ ᠳᠡᠬᠡᠨ ᠢᠷᠦᠭᠡᠯᠴᠢ ᠶᠢᠨ ᠨᠢᠭᠡ ᠭᠡᠳᠡᠭ ᠨᠢ ᠬᠠᠷᠠᠭᠳᠠᠵᠤ ᠪᠠᠢᠭ᠎ᠠ ᠪᠢᠵᠡ᠃


《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃