ᠪᠦᠨᠧ ᠰᠦᠨᠧ ᠬᠣᠶᠠᠷ05-ᠣᠯᠢᠮᠫ ᠠᠭᠤᠯᠠ Олимп уул-Бүнээ Сүнээ хоёр
ᠪᠦᠨᠧ ᠰᠦᠨᠧ ᠬᠣᠶᠠᠷ05-ᠣᠯᠢᠮᠫ ᠠᠭᠤᠯᠠ
ᠣᠯᠢᠮᠹᠸᠰ ᠠᠭᠤᠯᠠ
ᠲᠠᠪᠤᠳᠤᠭᠠᠷ ᠠᠩᠭᠢ
ᠰᠦᠨ᠋ᠸ᠄ ᠡᠨᠡ ᠠᠩᠭᠠᠷᠠᠭ ᠭᠠᠷᠠᠭ ᠤᠤ?
ᠲᠣᠪᠢ᠄ ᠠ᠁
ᠪᠦᠨ᠋ᠸ᠄ ᠡᠨᠳᠡ ᠴᠦ᠍ ᠪᠠᠰᠠ ᠴᠢᠮ᠎ᠠ ᠰᠢᠭ ᠬᠠᠷᠢ ᠭᠠᠷᠠᠭ ᠤ᠋ᠨ ᠬᠢᠨ ᠠᠮᠢᠳᠤᠷᠠᠳᠠᠭ ᠤᠤ?
ᠲᠣᠪᠢ᠄ ᠣᠳᠣᠬᠠᠨ ᠳ᠋ᠤ᠌ ᠪᠠᠨ ᠠᠮᠢᠳᠤᠷᠠᠯ ᠪᠠᠢᠭ᠎ᠠ ᠡᠰᠡᠬᠦ ᠶ᠋ᠢ ᠲᠣᠭᠲᠠᠭᠠᠭ᠎ᠠ ᠦᠭᠡᠢ
ᠪᠦᠨ᠋ᠸ᠄ ᠡᠨᠡ ᠲᠥᠮᠥᠰᠥ ᠰᠢᠭ ᠪᠥᠭᠡᠷᠡᠩᠬᠡᠢ ᠶᠠᠭᠤᠮ᠎ᠠ ᠨᠤᠭᠤᠳ ᠴᠢᠨᠢ ᠶᠠᠭᠤ ᠪᠣᠢ?
ᠲᠣᠪᠢ᠄ ᠡᠭᠦᠨ ᠢ᠋ ᠠᠩᠭᠠᠷᠠᠭ ᠤ᠋ᠨ ᠰᠠᠷ᠎ᠠ ᠨᠤᠭᠤᠳ ᠭᠡᠵᠦ ᠨᠡᠷᠡᠯᠡᠳᠡᠭ ᠶᠦ᠍ᠮ᠃
ᠲᠣᠮᠣ ᠶ᠋ᠢ ᠨᠢ ᠫᠣᠪᠤᠰ ᠵᠢᠵᠢᠭ ᠢ᠋ ᠨᠢ ᠳ᠋ᠸᠪᠤᠰ ᠭᠡᠳᠡᠭ᠃
ᠺᠣᠮᠫᠢᠦ᠋ᠲ᠋ᠧᠷ᠄ ᠠᠩᠭᠠᠷᠠᠭ ᠨᠢ ᠨᠠᠷᠠᠨ ᠤ᠋ ᠠᠢᠮᠠᠭ ᠤ᠋ᠨ ᠳᠥᠷᠪᠡᠳᠡᠬᠢ ᠭᠠᠷᠠᠭ᠂ ᠬᠡᠮᠵᠢᠶ᠎ᠡ ᠪᠡᠷ ᠢ᠋ᠶ᠋ᠡᠨ ᠬᠣᠶᠠᠳᠠᠬᠢ ᠵᠢᠵᠢᠭᠬᠡᠨ ᠭᠠᠷᠠᠭ ᠶᠤᠮ᠃ ᠬᠣᠶᠠᠷ ᠳᠠᠭᠠᠭᠤᠯᠢ ᠲᠠᠢ ᠬᠥᠷᠥᠰᠥᠲᠦ ᠭᠠᠷᠠᠭ᠂ ᠤᠭ ᠭᠠᠷᠠᠭ ᠨᠢ ᠮᠠᠰᠢ ᠨᠢᠮᠭᠡᠨ ᠨᠡᠭᠦᠷᠡᠰᠦᠲᠥ᠋ᠷᠥᠭᠴᠢ ᠶ᠋ᠢᠨ ᠬᠡᠢ ᠡᠴᠡ ᠲᠣᠭᠲᠠᠭᠰᠠᠨ ᠠᠭᠠᠷ ᠮᠠᠨᠳᠠᠯ ᠲᠠᠢ᠂ ᠳᠡᠯᠡᠬᠡᠢ ᠡᠴᠡ ᠢᠯᠡᠭᠦᠦ ᠬᠦᠢᠲᠡᠨ ᠪᠠᠢᠳᠠᠭ ᠨᠢ ᠨᠠᠷᠠᠨ ᠠ᠋ᠴᠠ ᠠᠯᠤᠰᠯᠠᠭᠳᠠᠭᠰᠠᠨ ᠪᠠᠢᠳᠠᠭ ᠲᠠᠢ ᠬᠣᠯᠪᠣᠭ᠎ᠠ ᠲᠠᠢ᠂ ᠤᠭ ᠭᠠᠷᠠᠭ ᠤ᠋ᠳ ᠤ᠋ᠨ ᠲᠤᠢᠯ ᠤ᠋ᠳ ᠳᠡᠭᠡᠷ᠎ᠡ ᠨᠢ ᠮᠥᠰᠥ ᠪᠠᠢᠭ᠎ᠠ ᠶ᠋ᠢ ᠲᠣᠭᠲᠠᠭᠠᠭᠰᠠᠨ ᠪᠥᠭᠡᠳ ᠡᠷᠳᠡᠮᠲᠡᠳ ᠤᠭ ᠭᠠᠷᠠᠭ ᠳᠡᠭᠡᠷ᠎ᠡ ᠡᠷᠲᠡ ᠦᠶ᠎ᠡ ᠳ᠋ᠦ᠍ ᠶᠡᠬᠡ ᠬᠡᠮᠵᠢᠶᠡᠨ ᠦ᠌ ᠤᠰᠤ ᠪᠠᠢᠭᠰᠠᠨ ᠭᠡᠵᠦ ᠦᠵᠡᠳᠡᠭ᠃ ᠡᠨᠡ ᠭᠠᠷᠠᠭ ᠤ᠋ᠨ ᠭᠠᠳᠠᠷᠭᠤ ᠳᠡᠭᠡᠷ᠎ᠡ ᠵᠥᠪᠬᠡᠨ ᠳᠤᠯᠠᠭᠠᠨ ᠤ᠋ ᠤᠯᠠᠷᠢᠯ ᠳ᠋ᠤ᠌ ᠤᠷᠤᠰᠳᠠᠭ ᠤᠷᠤᠰᠬᠠᠯ ᠤᠰᠤ ᠪᠠᠢᠭ᠎ᠠ ᠶ᠋ᠢ ᠲᠣᠭᠲᠠᠭᠠᠭᠰᠠᠨ ᠶᠤᠮ᠃ ᠠᠩᠭᠠᠷᠠᠭ ᠭᠠᠷᠠᠭ ᠤ᠋ᠨ ᠷᠠᠳᠢᠤᠰ ᠨᠢ ᠳᠡᠯᠡᠬᠡᠢ ᠶ᠋ᠢᠨ ᠷᠠᠳᠢᠤᠰ ᠤ᠋ᠨ ᠬᠠᠭᠠᠰ ᠲᠠᠢ᠂ ᠵᠢᠩ ᠨᠢ1/10 ᠲᠡᠢ ᠲᠡᠩᠴᠡᠨ᠎ᠡ᠃ᠠᠩᠭᠠᠷᠠᠭ ᠭᠠᠷᠠᠭ ᠤ᠋ᠨ ᠤᠯᠠᠭᠠᠨ ᠥᠩᠭᠡ ᠨᠢ ᠲᠡᠭᠦᠨ ᠦ᠌ ᠭᠠᠳᠠᠷᠭᠤ ᠳᠡᠭᠡᠷ᠎ᠡ ᠥᠷᠭᠡᠨ ᠲᠠᠷᠬᠠᠵᠤ ᠪᠠᠢᠭ᠎ᠠ ᠪᠠᠢᠳᠠᠭ ᠲᠡᠮᠦᠷ ᠦ᠋ᠨ ᠢᠰᠦᠯ ᠪᠤᠶᠤ ᠺᠢᠮᠤᠲ ᠲᠠᠢ ᠬᠣᠯᠪᠣᠭ᠎ᠠ ᠲᠠᠢ᠂ᠮᠣᠩᠭᠣᠯᠴᠤᠳ ᠠᠩᠭᠠᠷᠠᠭ ᠭᠠᠷᠠᠭ ᠢ᠋ ᠤᠯᠠᠭᠠᠨ ᠨᠢᠳᠦᠨ ᠭᠠᠷᠠᠭ ᠭᠡᠵᠦ ᠨᠡᠷᠡᠯᠡᠬᠦ ᠨᠢ ᠪᠣᠢ᠃
ᠪᠦᠨ᠋ᠸ᠄ ᠬᠥᠥᠭ᠂ ᠲᠡᠭᠦᠨ ᠢ᠋ ᠬᠠᠷ᠎ᠠ ᠳᠠ! ᠲᠣᠮᠣ ᠠᠭᠤᠯᠠ ᠪᠠᠢᠨ᠎ᠠ
ᠰᠦᠨ᠋ᠸ᠄ ᠠ⁈
ᠲᠣᠪᠢ᠄ ᠡᠭᠦᠨ ᠢ᠋ ᠣᠯᠢᠮᠹᠸᠰ ᠭᠡᠳᠡᠭ᠃ ᠨᠠᠷᠠᠨ ᠤ᠋ ᠰᠢᠰᠲ᠋ᠧᠮ ᠦ᠋ᠨ ᠬᠠᠮᠤᠭ ᠤ᠋ᠨ ᠲᠣᠮᠣ ᠠᠭᠤᠯᠠ᠂ ᠥᠨᠳᠥᠷ ᠨᠢ500---600 ᠺᠢᠯᠣᠮᠧᠲ᠋ᠷ
ᠰᠦᠨ᠋ᠸ᠄ ᠬᠥᠥᠭ᠂ ᠲᠡᠭᠡᠪᠡᠯ ᠡᠨᠡ ᠴᠢᠨᠢ ᠡᠸᠸᠷᠸᠰᠲ ( everest Mount) ᠡᠴᠡ ᠬᠡᠳᠦ ᠳᠠᠬᠢᠨ ᠥᠨᠳᠥᠷ ᠶᠦᠮ ᠪᠠᠢᠨ᠎ᠠ ᠰᠢᠳᠡ
ᠪᠦᠨ᠋ᠸ᠄ ᠦ
ᠪᠦᠨ᠋ᠸ᠄ ᠵᠠ᠂ ᠬᠤᠷᠳᠤᠯᠠᠭᠠᠷᠠᠢ!
ᠲᠣᠪᠢ᠄ ᠥᠩ᠂ ᠶᠠᠭᠤ ᠪᠣᠯᠤᠭᠰᠠᠨ ᠶᠤᠮ ᠪᠣᠢ? ᠪᠦᠨ᠋ᠸ
ᠪᠦᠨ᠋ᠸ᠄ ᠪᠢ ᠵᠸᠪᠰ ᠪᠣᠯᠤᠨ ᠪᠤᠷᠬᠠᠳ ᠲᠠᠢ ᠠᠭᠤᠯᠵᠠᠬᠤ ᠪᠠᠷ ᠶᠠᠭᠠᠷᠠᠭᠠᠳ ᠪᠠᠢᠨ᠎ᠠ᠃
ᠰᠦᠨ᠋ᠸ᠄ ᠬᠢ ᠬᠢ ᠁ ᠲᠡᠷᠡ ᠴᠢᠨᠢ ᠦᠯᠢᠭᠡᠷ ᠳᠡᠭᠡᠷ᠎ᠡ ᠯᠡ ᠭᠠᠷᠳᠠᠭ ᠯᠠ ᠶᠤᠮ ᠰᠢᠳᠡ᠃ ᠡᠨᠳᠡ ᠶᠠᠮᠠᠷ ᠴᠤ᠌ ᠪᠤᠷᠬᠠᠨ ᠪᠠᠢᠬᠤ ᠦᠭᠡᠢ ᠬᠠᠷᠢᠨ ᠲᠡᠷᠡ ᠬᠠᠷᠠᠭᠳᠠᠵᠤ ᠪᠠᠢᠭ᠎ᠠ ᠭᠠᠷᠠᠭ ᠶᠠᠭᠤ ᠪᠣᠢ?
ᠲᠣᠪᠢ᠄ ᠦ᠋ ᠁ ᠲᠡᠷᠡ ᠪᠣᠯ ᠨᠠᠷᠠᠨ ᠤ᠋ ᠠᠢᠮᠠᠭ ᠤ᠋ᠨ ᠬᠠᠮᠤᠭ ᠤ᠋ᠨ ᠲᠣᠮᠣ ᠪᠷᠠᠬᠠᠰᠪᠠᠳᠢ ᠭᠠᠷᠠᠭ
ᠰᠦᠨ᠋ᠸ᠄ ᠠ᠁
ᠲᠣᠪᠢ᠄ ᠳ᠋ᠢᠶᠠᠮᠧᠲ᠋ᠷ ᠨᠢ ᠳᠡᠯᠡᠬᠡᠢ ᠶ᠋ᠢᠨ ᠬᠢ ᠡᠴᠡ11ᠳᠠᠬᠢᠨ
ᠪᠦᠨ᠋ᠸ᠄ ᠬᠥᠥᠭ ᠁ ᠲᠡᠭᠦᠨ ᠢ᠋ ᠬᠠᠷᠠᠭᠠᠴᠢ! ᠰᠢᠭᠤᠷᠭ᠎ᠠ ᠢᠷᠡᠵᠦ ᠪᠠᠢᠨ᠎ᠠ
ᠰᠦᠨ᠋ᠸ᠄ ᠠ᠁
ᠲᠣᠪᠢ ᠥᠩ ᠁
ᠰᠦᠨ᠋ᠸ᠄ᠦ᠂ ᠲᠡᠢᠮᠦ ᠪᠠᠢᠨ᠎ᠠ ᠰᠢᠲᠠ
ᠲᠣᠪᠢ᠄ ᠪᠢᠲᠡᠭᠡᠢ ᠰᠠᠨᠳᠤᠷ ᠠ᠋! ᠡᠨᠡ ᠪᠣᠯ ᠵᠦᠭᠡᠷ ᠯᠡ ᠲᠣᠮᠣ ᠤᠯᠠᠭᠠᠨ ᠲᠣᠯᠪᠣ
ᠰᠦᠨ᠋ᠸ᠄ ᠠ᠁
ᠲᠣᠪᠢ᠄ᠡᠨᠡ ᠨᠢ ᠪᠷᠠᠬᠠᠰᠪᠠᠳᠢ ᠭᠠᠷᠠᠭ ᠤ᠋ᠨ ᠠᠭᠠᠷ ᠮᠠᠨᠳᠠᠯ ᠤ᠋ᠨ ᠲᠣᠮᠣ ᠰᠢᠭᠤᠷᠭ᠎ᠠ ᠶᠤᠮ᠂ ᠪᠷᠠᠬᠠᠰᠪᠠᠳᠢ ᠭᠠᠷᠠᠭ ᠤ᠋ᠨ ᠨᠢᠭᠡ ᠡᠷᠭᠢᠯᠳᠦᠬᠦ ᠬᠤᠭᠤᠴᠠᠭ᠎ᠠ ᠨᠢ ᠠᠷᠪᠠᠨ ᠴᠠᠭ ᠪᠠᠢᠳᠠᠭ᠂ ᠠᠭᠠᠷ ᠮᠠᠨᠳᠠᠯ ᠨᠢ ᠪᠦᠰᠡᠯᠡᠭᠦᠷ ᠦ᠋ᠨ ᠲᠣᠭᠣᠰᠣᠨᠴᠢᠷ ᠠ᠋ᠴᠠ ᠬᠠᠮᠢᠶᠠᠷᠳᠠᠭ ᠶᠤᠮ᠃
ᠰᠦᠨ᠋ᠸ᠄ ᠨᠠᠷᠠ ᠶ᠋ᠢ ᠲᠣᠭᠣᠷᠢᠨ ᠡᠷᠭᠢᠯᠳᠦᠬᠦ ᠨᠢ ᠬᠤᠷᠳᠤᠨ ᠭᠡᠰᠡᠨ ᠦᠭᠡ ᠤᠤ?
ᠲᠣᠪᠢ᠄ ᠦᠭᠡᠢ᠂ ᠠᠷᠪᠠᠨ ᠨᠢᠭᠡ ᠵᠠᠭᠤᠨ ᠤ᠋ ᠨᠠᠶᠠᠨ ᠵᠢᠷᠭᠤᠭ᠎ᠠ ᠵᠢᠯ ᠳ᠋ᠦ᠍ ᠨᠢᠭᠡ ᠤᠳᠠᠭ᠎ᠠ ᠨᠠᠷᠠ ᠶ᠋ᠢ ᠲᠣᠭᠣᠷᠢᠨ ᠡᠷᠭᠢᠳᠡᠭ ᠶᠦᠮ᠃
ᠪᠦᠨ᠋ᠸ᠄ ᠲᠡᠷᠡ ᠣᠯᠠᠨ ᠪᠠᠢᠭ᠎ᠠ ᠶᠠᠭᠤᠮ᠎ᠠ ᠴᠢᠨᠢ ᠶᠠᠭᠤ ᠪᠣᠢ? ᠬᠡᠳᠦ ᠪᠠᠢᠭ᠎ᠠ ᠶᠤᠮ ᠪᠣᠢ? ᠪᠢ ᠯᠠᠪ ᠲᠣᠭᠠᠯᠠᠵᠤ ᠠᠮᠵᠢᠬᠤ ᠦᠭᠡᠢ ᠨᠢ ᠠ᠋!
ᠲᠣᠪᠢ᠄ ᠪᠷᠠᠬᠠᠰᠪᠠᠳᠢ ᠶ᠋ᠢᠨ ᠳᠠᠭᠠᠭᠤᠯᠢ ᠨᠤᠭᠤᠳ ᠪᠠᠢᠨ᠎ᠠ ᠂ ᠵᠢᠷᠠ ᠠ᠋ᠴᠠ ᠢᠯᠡᠭᠦᠦ ᠪᠠᠢᠭ᠎ᠠ ᠪᠠᠢᠬᠤ ᠰᠢᠦ!
ᠰᠦᠨ᠋ᠸ᠄ ᠲᠡᠢᠮᠦ ᠶᠡᠬᠡ ᠭᠡᠵᠢ ᢊ ᠤᠤ ᠳᠠ
ᠺᠣᠮᠫᠢᠦ᠋ᠲ᠋ᠧᠷ᠄ ᠪᠷᠠᠬᠠᠰᠪᠠᠳᠢ ᠨᠢ ᠨᠠᠷᠠᠨ ᠤ᠋ ᠠᠢᠮᠠᠭ ᠳᠠᠬᠢ ᠲᠠᠪᠤᠳᠠᠬᠢ ᠭᠠᠷᠠᠭ ᠶᠤᠮ᠂ ᠲᠡᠭᠦᠨ ᠢ᠋ ᠠᠪᠤᠷᠭᠤ ᠲᠣᠮᠣ ᠬᠡᠢ ᠶ᠋ᠢᠨ ᠭᠠᠷᠠᠭ ᠭᠡᠵᠦ ᠨᠡᠷᠡᠯᠡᠳᠡᠭ᠃
ᠤᠴᠢᠷ ᠨᠢ᠄ ᠤᠭ ᠭᠠᠷᠠᠭ ᠬᠡᠢ ᠡᠴᠡ ᠲᠣᠭᠲᠠᠳᠠᠭ ᠪᠥᠭᠡᠳ ᠨᠠᠷᠠᠨ ᠤ᠋ ᠠᠢᠮᠠᠭ ᠤ᠋ᠨ ᠬᠠᠮᠤᠭ ᠤ᠋ᠨ ᠲᠣᠮᠣ ᠭᠠᠷᠠᠭ ᠶᠤᠮ᠃
ᠲᠡᠭᠦᠨ ᠦ᠌ ᠮᠠᠰ ᠨᠢ ᠮᠠᠰᠢ ᠶᠡᠬᠡ᠂ ᠨᠠᠷᠠᠨ ᠤ᠋ ᠠᠢᠮᠠᠭ ᠤ᠋ᠨ ᠪᠤᠰᠤᠳ ᠳᠣᠯᠣᠭᠠᠨ ᠭᠠᠷᠠᠭ ᠤ᠋ᠨ ᠮᠠᠰ ᠤ᠋ᠨ ᠨᠡᠢᠯᠡᠪᠦᠷᠢ ᠡᠴᠡ ᠴᠦ᠍ ᠶᠡᠬᠡ ᠪᠠᠢᠳᠠᠭ᠃
ᠪᠷᠠᠬᠠᠰᠪᠠᠳᠢ ᠶ᠋ᠢᠨ ᠲᠠᠲᠠᠬᠤ ᠬᠦᠴᠦ ᠳᠡᠯᠡᠬᠡᠢ ᠶ᠋ᠢᠨ ᠬᠢ ᠡᠴᠡ ᠬᠡᠳᠦ ᠳᠠᠬᠢᠨ ᠶᠡᠬᠡ ᠰᠥᠨᠢ ᠨᠢ ᠼᠧᠯᠰ ᠦ᠋ᠨ ᠮᠢᠩᠭ᠎ᠠ ᠬᠣᠶᠠᠷ ᠵᠠᠭᠤ ᠲᠠᠪᠢᠨ ᠭᠡᠮ ᠥᠷᠯᠥᠭᠡ ᠨᠢ ᠼᠧᠯᠰ ᠦ᠋ᠨ ᠮᠢᠩᠭ᠎ᠠ ᠳᠣᠯᠣᠭᠠᠨ ᠵᠠᠭᠤᠨ ᠭᠡᠮ ᠬᠠᠯᠠᠭᠤᠨ ᠪᠠᠢᠳᠠᠭ᠃
ᠰᠠᠴᠤᠷᠠᠭ ᠲᠤᠶᠠᠭ᠎ᠠ ᠶᠡᠬᠡ ᠲᠡᠢ ᠪᠠᠢᠳᠠᠭ ᠤᠴᠢᠷ ᠠ᠋ᠴᠠ ᠵᠠᠭᠤ ᠲᠠᠪᠢᠨ ᠮᠢᠩᠭᠠᠨ ᠺᠢᠯᠣᠮᠧᠲ᠋ᠷ ᠦ᠋ᠨ ᠵᠠᠢ ᠳ᠋ᠤ᠌ ᠴᠤ᠌ ᠭᠡᠰᠡᠨ ᠠᠮᠢ ᠨᠠᠰᠤᠨ ᠳ᠋ᠤ᠌ ᠠᠶᠤᠯ ᠲᠠᠢ ᠬᠡᠮᠵᠢᠶᠡᠨ ᠡᠴᠡ ᠲᠠᠪᠤᠨ ᠵᠠᠭᠤᠨ ᠳᠠᠬᠢᠨ ᠶᠡᠬᠡ ᠰᠠᠴᠤᠷᠠᠭ ᠲᠤᠶᠠᠭ᠎ᠠ ᠲᠠᠢ ᠭᠡᠵᠦ ᠦᠵᠡᠳᠡᠭ᠃
ᠠᠲ᠋ᠮᠤᠰᠹᠸᠷ ᠨᠢ ᠾᠧᠯᠢ ᠭᠡᠳᠡᠭ ᠪᠣᠯᠪᠠᠴᠤ ᠶᠡᠬᠡᠩᠬᠢ ᠬᠤᠪᠢ ᠶ᠋ᠢ ᠨᠢ ᠤᠰᠤᠳᠦ᠋ᠷᠦᠭᠴᠢ ᠡᠵᠡᠯᠡᠨ᠎ᠡ᠃ ᠬᠣᠶᠠᠷ ᠮᠢᠩᠭ᠎ᠠ ᠶᠢᠰᠦᠨ ᠣᠨ ᠭᠡᠬᠦ ᠳ᠋ᠦ᠍ ᠲᠡᠭᠦᠨ ᠦ᠌ ᠵᠢᠷᠠᠨ ᠭᠤᠷᠪᠠᠨ ᠳᠠᠭᠠᠭᠤᠯᠢ ᠶ᠋ᠢ ᠨᠡᠭᠡᠭᠡᠭᠰᠡᠨ ᠶᠦᠮ᠂ ᠡᠭᠦᠨ ᠡᠴᠡ ᠠᠷᠪᠠᠨ ᠵᠢᠷᠭᠤᠭᠠᠨ ᠲᠣᠮᠣ ᠳᠠᠭᠠᠭᠤᠯᠢ ᠲᠠᠢ᠃ ᠢᠦ(lo)᠂ ᠧᠦ᠋ᠷᠣᠫᠠ(Europa)᠂ᠭᠠᠨᠢᠮᠸᠳ᠋(Ganymedw)᠂ ᠺᠠᠯᠢᠰᠲ᠋ᠥ(Callisto) ᠭᠡᠰᠡᠨ ᠬᠠᠮᠤᠭ ᠤ᠋ᠨ ᠲᠣᠮᠣ ᠳᠥᠷᠪᠡᠨ ᠳᠠᠭᠠᠭᠤᠯᠢ ᠶ᠋ᠢ ᠨᠢ ᠬᠯᠢᠯᠢᠶ ᠭᠠᠯᠢᠤ᠋ (Calileo Calilei)ᠮᠢᠩᠭ᠎ᠠ ᠵᠢᠷᠭᠤᠭᠠᠨ ᠵᠠᠭᠤ ᠠᠷᠪᠠᠨ ᠣᠨ ᠳ᠋ᠤ᠌ ᠨᠡᠭᠡᠭᠡᠵᠡᠢ᠃
ᠰᠦᠨ᠋ᠸ᠄ ᠬᠥᠶᠢ!
ᠲᠣᠪᠢ᠄ ᠠ?
ᠰᠦᠨ᠋ᠸ᠄ ᠲᠡᠷᠡ ᠤᠲᠤᠭ᠎ᠠ ᠶᠠᠭᠤ ᠪᠣᠢ? ᠠᠭᠤᠯᠠ ᠳᠡᠯᠪᠡᠷᠡᠭᠡᠳ ᠪᠠᠢᠭ᠎ᠠ ᠶᠤᠮ ᠪᠢᠰᠢ ᠤᠤ?
ᠪᠦᠨ᠋ᠸ᠄ ᠠ?
ᠲᠣᠪᠢ᠄ ᠡᠭᠦᠨ ᠢᠦ ᠭᠡᠳᠡᠭ ᠶᠦᠮ᠃
ᠪᠷᠠᠬᠠᠰᠪᠠᠳᠢ ᠭᠠᠷᠠᠭ ᠤ᠋ᠨ ᠬᠠᠮᠤᠭ ᠤ᠋ᠨ ᠣᠢᠷ᠎ᠠ ᠪᠠᠢᠳᠠᠭ ᠳᠠᠭᠠᠭᠤᠯᠢ ᠨᠢ ᠣᠢᠷᠠᠯᠴᠠᠭ᠎ᠠ ᠪᠠᠨ ᠭᠤᠷᠪᠠᠨ ᠵᠠᠭᠤᠨ ᠺᠢᠯᠣᠮᠧᠲ᠋ᠷ ᠦ᠋ᠨ ᠤᠷᠲᠤ ᠤᠲᠤᠭ᠎ᠠ ᠭᠠᠷᠭᠠᠵᠤ ᠪᠠᠢᠭ᠎ᠠ ᠨᠢ ᠡᠨᠡ
ᠪᠦᠨ᠋ᠸ᠄ ᠲᠣᠪᠢ ᠣᠳᠣ ᠰᠠᠨᠢᠴᠠᠷ ᠭᠠᠷᠠᠭ ᠲᠠᠢ ᠲᠠᠨᠢᠯᠴᠠᠵᠤ ᠪᠣᠯᠬᠤ ᠤᠤ?
ᠰᠦᠨ᠋ᠸ᠄ ᠲᠡᠭᠡᠶ᠎ᠡ ᠯᠡ ᠳᠡ
ᠲᠣᠪᠢ᠄ ᠲᠡᠭᠡᠶ᠎ᠡ ᠨᠠᠢᠵᠠ ᠨᠤᠭᠤᠳ ᠠ᠋!
ᠫᠷᠣᠳᠢᠶᠦ᠋ᠰᠰᠧᠷ᠄ ᠫ᠂ ᠪᠠᠲᠦᠲ᠋ᠦᠢ᠍ᠷᠦ
ᠨᠠᠢᠷᠠᠭᠤᠯᠤᠭᠴᠢ᠄ ᠨ᠂ ᠠᠮᠤᠷᠪᠠᠶᠠᠷ
ᠷᠧᠳᠠᠺᠲᠣᠷ᠄ ᠴ᠂ ᠭᠠᠩᠳᠤᠶᠠᠭᠠ
ᠶᠡᠷᠦᠩᠬᠡᠢ ᠠᠨᠢᠮᠠᠲ᠋ᠣᠷ᠄ ᠨ᠂ ᠠᠮᠤᠷᠪᠠᠶᠠᠷ
ᠠᠨᠢᠮᠠᠲ᠋ᠣᠷ᠄ ᠪ᠊᠂ ᠡᠩᠬᠡᠪᠣᠯᠣᠷ
ᠬᠥᠭᠵᠢᠮ ᠦ᠋ᠨ ᠵᠣᠬᠢᠶᠠᠯᠴᠢ᠄ ᠴ᠊᠂ ᠣᠳᠬᠣᠨᠪᠠᠶᠠᠷ (ᠰᠣᠶᠣᠯ ᠤ᠋ᠨ ᠲᠡᠷᠢᠭᠦᠨ ᠦ᠌ ᠠᠵᠢᠯᠲᠠᠨ)
ᠳᠦᠷᠢ ᠶ᠋ᠢᠨ ᠵᠢᠷᠤᠭᠠᠴᠢ᠄ ᠨ᠂ᠠᠮᠤᠷᠪᠠᠶᠠᠷ
ᠹᠤᠨ ᠵᠢᠷᠤᠭᠠᠴᠢ᠄ ᠪ᠊᠂ ᠡᠩᠬᠡᠪᠣᠯᠣᠷ
ᠳᠠᠭᠤᠤ ᠶ᠋ᠢᠨ ᠨᠠᠢᠷᠠᠭᠤᠯᠤᠭᠴᠢ᠄ ᠴ᠂ ᠲᠤᠩᠭᠠᠯᠠᠮᠠ
ᠳᠠᠭᠤᠤ ᠣᠷᠣᠭᠤᠯᠤᠭᠰᠠᠨ ᠵᠦᠴᠦᠭᠡᠴᠢᠳ᠄
ᠣ᠂ ᠮᠥᠩᠭᠦᠨᠴᠡᠴᠡᠭ (ᠰᠣᠶᠣᠯ ᠤ᠋ᠨ ᠲᠡᠷᠢᠭᠦᠨ ᠦ᠌ ᠠᠵᠢᠯᠲᠠᠨ)
ᠢ ᠂ ᠫᠦᠷᠪᠦᠰᠠᠢᠬᠠᠨ
ᠦᠰᠦᠭ ᠠᠮᠢᠯᠠᠭᠤᠯᠤᠭᠰᠠᠨ ᠨᠢ᠄ ᠡᠷᠳᠡᠨᠢᠪᠢᠯᠢᠭ
ᠦᠰᠦᠭ ᠬᠠᠲᠠᠭᠰᠠᠨ ᠨᠢ᠄ ᠪᠦᠷᠢᠨᠴᠡᠴᠡᠭ
ᠬᠢᠨᠠᠭᠴᠢ᠄ ᠱᠤᠳᠤᠷᠭᠤ᠂ ᠾᠦᠩ ᠸᠧᠢ᠂ ᠰᠡᠳᠬᠢᠬᠦᠢ᠂ ᠮᠥᠴᠢᠷ᠂ᠳ᠂ ᠪᠥᠬᠡᠴᠢᠯᠠᠭᠤ ᠂ ᠢᠷᠡᠭᠡᠳᠦᠢ᠂ ᠣᠮᠣᠭᠣᠯᠠᠩ
