ᠪᠦᠨᠧ ᠰᠦᠨᠧ ᠬᠣᠶᠠᠷ04-ᠪᠤᠳ᠋ ᠪᠠ ᠱᠤᠭᠠᠷ᠎ᠠБуд ба сугар-Бүнээ Сүнээ хоёр ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠨᠧ ᠰᠦᠨᠧ ᠬᠣᠶᠠᠷ04-ᠪᠤᠳ᠋ ᠪᠠ ᠱᠤᠭᠠᠷ᠎ᠠБуд ба сугар-Бүнээ Сүнээ хоёр

ᠪᠦᠨᠧ ᠰᠦᠨᠧ ᠬᠣᠶᠠᠷ04-ᠪᠤᠳ᠋ ᠪᠠ ᠱᠤᠭᠠᠷ᠎ᠠБуд ба сугар-Бүнээ Сүнээ хоёр

2023-09-29

586

ᠪᠦᠨᠧ ᠰᠦᠨᠧ ᠬᠣᠶᠠᠷ4-ᠪᠤᠳ᠋ ᠪᠠ ᠱᠤᠭᠠᠷ᠎ᠠ

ᠲᠣᠪᠢ᠄ ᠶᠡᠬᠡᠩᠬᠢ ᠬᠥᠮᠦᠰ ᠮᠢᠺᠦᠷᠢ( ᠪᠤᠳ᠋)ᠭᠠᠷᠠᠭ ᠢ᠋ ᠬᠠᠷᠠᠵᠤ ᠴᠢᠳᠠᠳᠠᠭ ᠦᠭᠡᠢ ᠬᠠᠷᠢᠨ ᠣᠳᠣᠨ ᠣᠷᠣᠨ ᠰᠣᠳᠤᠯᠤᠭᠠᠴᠢᠳ ᠪᠣᠯ ᠴᠢᠳᠠᠨ᠎ᠠ 
ᠪᠦᠨᠧ᠄ ᠦ᠁ ᠶᠠᠭᠠᠬᠢᠭᠠᠳ 
ᠰᠦᠨᠧ᠄ ᠬᠠᠷᠠᠩᠭᠤᠢ ᠤᠴᠢᠷ ᠡᠴᠡ ᠲᠡᠢᠮᠦ ᠤᠤ? ᠠ᠋ ᠬᠡᠩ 
ᠲᠣᠪᠢ᠄ ᠦᠭᠡᠢ᠂ᠮᠢᠺᠦᠷᠢ(Mercury )ᠪᠣᠯ ᠨᠠᠷᠠ ᠲᠠᠢ ᠮᠠᠰᠢ ᠣᠢᠷᠠᠬᠠᠨ ᠬᠡᠲᠦᠷᠬᠡᠢ ᠬᠤᠷᠴᠠ ᠭᠡᠷᠡᠯ ᠲᠡᠢ ᠪᠣᠯᠠᠠᠣᠷ ᠲᠡᠷᠡ᠂ ᠨᠠᠷᠠ ᠮᠢᠺᠦᠷᠢ ᠬᠣᠶᠠᠷ ᠬᠣᠭᠣᠷᠣᠨᠳᠣ ᠪᠠᠨ ᠲᠠᠪᠢᠨ ᠳᠣᠯᠣᠭ᠎ᠠ ᠠᠷᠪᠠᠨ ᠤ᠋ ᠶᠢᠰᠦᠨ ᠰᠠᠶ᠎ᠠ ᠺᠢᠯᠣᠮᠧᠲ᠋ᠷ ᠵᠠᠢᠲᠠᠢ᠂ ᠮᠢᠺᠦᠷᠢ ᠶ᠋ᠢᠨ ᠠᠭᠠᠷ ᠤ᠋ᠨ ᠭᠡᠮ ᠡᠳᠦᠷ ᠲᠦ᠍ ᠪᠡᠨ430ᠼᠧᠯᠰ᠂ ᠠᠭᠠᠷ ᠤ᠋ᠨ ᠭᠡᠮ ᠪᠠᠭᠤᠷᠠᠭᠠᠳ ᠰᠥᠨᠢ ᠳ᠋ᠦ᠍ ᠪᠡᠨ-170 ᠭᠡᠮ ᠬᠦᠷᠦᠨ᠎ᠡ᠃
ᠪᠦᠨᠧ᠄ ᠬᠥᠥᠭ
ᠰᠦᠨᠧ᠄ ᠬᠥᠥᠭ᠂ ᠴᠢ ᠦᠨᠡᠬᠡᠷ ᠤᠬᠠᠭᠠᠨ ᠲᠠᠢ ᠶᠤᠮ ᠠ᠋!
ᠲᠣᠪᠢ᠄ ᠬᠡᠳᠦ ᠤᠯᠠᠭᠠᠨ ᠲᠤᠶᠠᠭᠠᠨ ᠤ᠋ ᠷᠠᠳᠢᠣ᠋ ᠳᠣᠯᠭᠢᠶᠠᠨ ᠤ᠋ ᠲᠤᠰᠠᠯᠠᠮᠵᠢ ᠲᠠᠢ ᠪᠠᠷ ᠮᠢᠺᠦᠷᠢ ᠶ᠋ᠢ ᠰᠤᠳᠤᠯᠵᠠᠭᠠᠶ᠎ᠠ
ᠪᠦᠨᠧ᠄ ᠬᠥᠥᠭ᠂ ᠮᠢᠺᠦᠷᠢ ᠶ᠋ᠢᠨ ᠭᠠᠳᠠᠷᠭᠤ ᠨᠢ ᠡᠩᠬᠦᠯ ᠲᠣᠩᠠᠠᠣᠯ ᠶᠡᠬᠡᠲᠡᠢ ᠶᠦᠮ ᠠ᠋
ᠲᠣᠪᠢ᠄ ᠡᠨᠡ ᠪᠣᠯ ᠨᠢᠭᠡᠨ ᠲᠥᠷᠥᠯ ᠦ᠋ᠨ ᠮᠧᠲ᠋ᠠᠯ ᠭᠠᠳᠠᠷᠭᠤ ᠨᠢ ᠶᠡᠬᠡ ᠬᠠᠯᠠᠭᠤᠨ ᠪᠣᠯᠠᠠᠣᠷ ᠬᠠᠢᠯᠤᠭᠰᠠᠨ ᠲᠤᠭᠤᠯᠭ᠎ᠠ ᠰᠢᠭ᠋ ᠪᠣᠯᠤᠭᠰᠠᠨ ᠪᠠᠢᠨ᠎ᠠ
ᠰᠦᠨᠧ᠄ ᠬᠦ ᠹᠦ᠁ᠦᠨᠡᠬᠡᠷ ᠬᠠᠯᠠᠭᠤᠨ ᠪᠠᠢᠨ᠎ᠠ ᠰᠢᠦ! ᠶᠠᠮᠠᠷ ᠴᠤ᠌ ᠴᠢᠮᠡᠭᠡ ᠭᠠᠷᠬᠤ ᠦᠭᠡᠢ ᠪᠠᠢᠬᠤ ᠴᠢᠨᠢ ᠶᠠᠮᠠᠷ ᠨᠢᠭᠡᠨ ᠶᠠᠭᠤᠮ᠎ᠠ ᠪᠣᠯᠤᠭᠰᠠᠨ ᠶᠤᠮ ᠪᠣᠯᠪᠠ ᠤᠤ?
ᠪᠦᠨᠧ᠄ ᠲᠡᠷᠡ ᠶ᠋ᠢ ᠬᠠᠷᠠᠭᠠᠴᠢ ᠠ᠋! ᠪᠢᠳᠡ ᠨᠢᠭᠡ ᠲᠣᠮᠣ ᠶᠠᠭᠤᠮ᠎ᠠ ᠤᠷᠤᠭᠤ ᠣᠢᠷᠠᠳᠴᠤ ᠪᠠᠢᠨ᠎ᠠ
ᠰᠦᠨᠧ᠄ ᠠ!
ᠲᠣᠪᠢ᠄ ᠡᠨᠡ ᠪᠣᠯ ᠱᠤᠭᠠᠷ᠎ᠠ ᠭᠠᠷᠠᠭ᠂ ᠥᠷᠯᠥᠭᠡᠨ ᠦ᠌ ᠣᠳᠣ ᠴᠤ᠌ ᠭᠡᠵᠦ ᠨᠡᠷᠡᠯᠡᠵᠦ ᠪᠣᠯᠤᠨ᠎ᠠ
ᠪᠦᠨᠧ᠄ ᠭᠦᠦᠭ᠁
ᠰᠦᠨᠧ᠄ ᠬᠥᠥᠭ᠁ ᠭᠠᠢᠬᠠᠯᠲᠠᠢ᠂ ᠬᠠ ᠰᠣᠨᠢᠨ ᠶᠤᠮ ᠠ᠋᠂ ᠱᠤᠭᠠᠷ᠎ᠠ ᠭᠠᠷᠠᠭ ᠤᠷᠤᠭᠤ ᠣᠢᠷᠠᠳᠬᠤ ᠲᠣᠰᠤᠮ ᠮᠢᠨᠦ ᠠᠮᠢᠰᠬᠤᠯ ᠳᠠᠪᠴᠢᠳᠠᠭᠠᠳ ᠪᠠᠢᠬᠤ ᠶᠤᠮ᠃
ᠪᠦᠨᠧ᠄ ᠠ?
ᠰᠦᠨᠧ᠄ᠠ᠁
ᠲᠣᠪᠢ᠄ ᠱᠤᠭᠠᠷ᠎ᠠ ᠭᠠᠷᠠᠭ ᠭᠠᠳᠠᠭᠤᠷ ᠢ᠋ᠶ᠋ᠠᠨ ᠡᠭᠦᠯᠡ ᠪᠡᠷ ᠬᠤᠴᠢᠭᠳᠠᠭᠰᠠᠨ ᠪᠠᠢᠨ᠎ᠠ᠃ ᠲᠡᠢᠮᠦ ᠡᠴᠡ ᠬᠡᠳᠦ ᠶᠠᠭᠠᠨ ᠲᠤᠶᠠᠭᠠᠨ ᠤ᠋ ᠲᠥᠬᠥᠭᠡᠷᠦᠮᠵᠢ ᠶ᠋ᠢ ᠠᠰᠠᠭᠠᠶ᠎ᠠ
ᠪᠦᠨᠧ᠄ ᠲᠡᠭᠡᠬᠦ ᠪᠡᠷ ᠱᠤᠭᠠᠷ᠎ᠠ ᠭᠠᠷᠠᠭ ᠳᠡᠭᠡᠷ᠎ᠡ ᠠᠭᠠᠷ ᠪᠠᠢᠬᠤ ᠦᠭᠡᠢ ᠭᠡᠰᠡᠨ ᠦᠭᠡ ᠶᠦᠮ ᠤᠤ?
ᠲᠣᠪᠢ᠄ ᠮᠠᠰᠢ ᠪᠠᠭ᠎ᠠ ᠠᠭᠠᠷ ᠮᠠᠨᠳᠠᠯ ᠲᠠᠢ᠂ ᠡᠨᠡ ᠨᠢ ᠬᠥᠯᠡᠮᠵᠢ ᠶ᠋ᠢᠨ ᠬᠡᠢ ᠶ᠋ᠢ ᠨᠡᠮᠡᠭᠳᠡᠭᠦᠯᠳᠡᠭ᠃ ᠬᠠᠷᠢᠨ ᠭᠠᠳᠠᠷᠭᠤ ᠶ᠋ᠢᠨ ᠭᠡᠮ ᠨᠢ ᠣᠢᠷᠠᠯᠴᠠᠭ᠎ᠠ ᠪᠠᠷ 470 ᠼᠧᠯᠰ
ᠰᠦᠨᠧ᠄ ᠲᠡᠭᠡᠬᠦ ᠪᠡᠷ ᠠᠮᠢᠳᠤᠷᠠᠯ ᠪᠠᠢᠬᠤ ᠦᠭᠡᠢ ᠭᠡᠰᠡᠨ ᠦᠭᠡ ᠪᠠᠢᠬᠤ ᠨᠢ ᠠ᠋!
ᠲᠣᠪᠢ᠄ ᠬᠥᠯᠡᠮᠵᠢ ᠶ᠋ᠢᠨ ᠬᠡᠢ ᠶ᠋ᠢᠨ ᠨᠥᠯᠦᠭᠡᠨ ᠡᠴᠡ ᠭᠠᠳᠠᠨ᠎ᠠ ᠣᠯᠠᠨ ᠭᠠᠯᠲᠤ ᠠᠭᠤᠯᠠ ᠶ᠋ᠢᠨ ᠳᠡᠯᠪᠡᠷᠡᠯᠲᠡ ᠶ᠋ᠢᠨ ᠯᠠᠪ ᠤᠷᠤᠰᠤᠨ ᠬᠦᠴᠢᠯ ᠦ᠋ᠨ ᠡᠭᠦᠯᠡ ᠲᠡᠢ ᠪᠣᠯᠠᠠᠣᠷ ᠠᠮᠢᠳᠤᠷᠠᠯ ᠪᠠᠢᠬᠤ ᠪᠣᠯᠤᠮᠵᠢ ᠦᠭᠡᠢ ᠯᠡ ᠳᠡ
ᠪᠦᠨᠧ᠄ ᠣᠤ᠁
ᠰᠦᠨᠧ᠄ᠱᠤᠭᠠᠷ᠎ᠠ ᠭᠠᠷᠠᠭ ᠳᠡᠯᠡᠬᠡᠢ ᠲᠡᠢ ᠣᠢᠷᠠᠬᠠᠨ ᠤᠴᠢᠷ ᠡᠴᠡ ᠬᠠᠮᠤᠭ ᠤ᠋ᠨ ᠲᠣᠳᠣ ᠬᠠᠷᠠᠭᠳᠠᠳᠠᠭ ᠶᠤᠮ ᠪᠠᠢᠨ᠎ᠠ᠃
ᠬᠥᠯᠭᠡ ᠶ᠋ᠢᠨ ᠮᠡᠳᠡᠭᠡᠯᠡᠯ ᠦ᠋ᠨ ᠰᠠᠩ ᠡᠴᠡ ᠢᠯᠡᠭᠦᠦ ᠶᠡᠬᠡ ᠮᠡᠳᠡᠭᠡᠯᠡᠯ ᠢ᠋ ᠬᠠᠷᠠᠶ᠎ᠠ
ᠲᠣᠪᠢ᠄ᠲᠡᠭᠡᠶ᠎ᠡ
ᠺᠣᠮᠫᠢᠦ᠋ᠲ᠋ᠧᠷ᠄ ᠱᠤᠭᠠᠷ᠎ᠠ ᠭᠠᠷᠠᠭ ᠨᠢ ᠨᠠᠷᠠᠨ ᠤ᠋ ᠠᠢᠮᠠᠭ ᠤ᠋ᠨ ᠬᠣᠶᠠᠳᠠᠬᠢ ᠬᠥᠷᠥᠰᠥᠲᠦ ᠪᠤᠶᠤ ᠬᠠᠲᠠᠭᠤ ᠴᠢᠯᠠᠭᠤᠷᠬᠠᠭ ᠭᠠᠳᠠᠷᠭᠤ ᠲᠠᠢ ᠭᠠᠷᠠᠭ ᠶᠤᠮ᠃ ᠨᠡᠭᠦᠷᠡᠰᠦᠬᠦᠴᠢᠯ ᠦ᠋ᠨ ᠬᠡᠢ᠂ ᠬᠦᠬᠦᠷ ᠬᠦᠴᠢᠯ ᠡᠴᠡ ᠲᠣᠭᠲᠠᠭᠰᠠᠨ ᠠᠭᠠᠷ ᠮᠠᠨᠳᠠᠯ ᠲᠠᠢ᠂ ᠬᠦᠬᠦᠷ ᠦ᠋ᠨ ᠬᠦᠴᠢᠯ ᠨᠢ ᠳᠡᠯᠡᠬᠡᠢ ᠳᠡᠭᠡᠷ᠎ᠡ ᠰᠢᠩᠭᠡᠨ ᠲᠥᠯᠥᠪ ᠲᠦ᠍ ᠪᠠᠢᠳᠠᠭ ᠪᠣᠯᠪᠠᠴᠤ ᠱᠤᠭᠠᠷ᠎ᠠ ᠭᠠᠷᠠᠭ ᠮᠠᠰᠢ ᠬᠠᠯᠠᠭᠤᠨ ᠤᠴᠢᠷ ᠬᠡᠢ ᠶ᠋ᠢᠨ ᠲᠥᠯᠥᠪᠲᠦ ᠣᠷᠣᠰᠢᠨ᠎ᠠ᠃ ᠤᠭ ᠬᠦᠬᠦᠷᠯᠢᠭ ᠡᠭᠦᠯᠡ ᠴᠠᠭ ᠲᠤ᠌ 360 ᠺᠢᠯᠣᠮᠧᠲ᠋ᠷ ᠨᠡᠭᠦᠳᠡᠭ ᠪᠠᠢᠪᠠ ᠃ ᠬᠥᠯᠡᠮᠵᠢ ᠶ᠋ᠢᠨ ᠬᠡᠢ ᠨᠢ ᠶᠡᠬᠡᠩᠬᠢ ᠱᠤᠭᠠᠷ᠎ᠠ ᠭᠠᠷᠠᠭ ᠨᠢ ᠨᠠᠷᠠᠨ ᠤ᠋ ᠠᠢᠮᠠᠭ ᠤ᠋ᠨ ᠬᠠᠮᠤᠭ ᠤ᠋ᠨ ᠬᠠᠯᠠᠭᠤᠨ ᠭᠠᠷᠠᠭ ᠪᠣᠯᠭᠠᠨ᠎ᠠ᠃ ᠱᠤᠭᠠᠷ᠎ᠠ ᠭᠠᠷᠠᠭ ᠨᠢ ᠨᠠᠷᠠ ᠶ᠋ᠢ ᠳᠡᠯᠡᠬᠡᠢ ᠶ᠋ᠢᠨ225ᠡᠳᠦᠷ ᠲᠦ᠍ ᠪᠦᠲᠦᠨ ᠲᠣᠭᠣᠷᠢᠬᠤ ᠪᠠ ᠲᠡᠩᠭᠡᠯᠢᠭ ᠢ᠋ᠶ᠋ᠡᠨ 243 ᠬᠣᠨᠣᠭ ᠲᠤ᠌ ᠨᠢᠭᠡ ᠡᠷᠭᠢᠨ᠎ᠡ᠃ ᠳᠡᠯᠡᠬᠡᠢ ᠱᠤᠭᠠᠷ᠎ᠠ ᠭᠠᠷᠠᠭ ᠤ᠋ᠨ ᠬᠣᠭᠣᠷᠣᠨᠳᠣᠬᠢ ᠵᠠᠢ ᠨᠢ 40 ᠰᠠᠶ᠎ᠠ ᠺᠢᠯᠣᠮᠧᠲ᠋ᠷ ᠪᠥᠭᠡᠳ ᠱᠤᠭᠠᠷ᠎ᠠ ᠭᠠᠷᠠᠭ ᠤ᠋ᠨ ᠲᠠᠲᠠᠬᠤ ᠬᠦᠴᠦᠨ ᠨᠢ ᠳᠡᠯᠡᠬᠡᠢ ᠶ᠋ᠢᠨ ᠬᠢ ᠲᠡᠢ ᠣᠢᠷᠠᠯᠴᠠᠭ᠎ᠠ ᠪᠠᠢᠨ᠎ᠠ᠃
ᠲᠣᠪᠢ᠄ ᠱᠤᠭᠠᠷ᠎ᠠ ᠭᠠᠷᠠᠭ ᠨᠢ ᠥᠷᠯᠥᠭᠡ ᠡᠷᠲᠡ ᠠᠯᠢ ᠡᠰᠡᠪᠡᠯ ᠨᠠᠷᠠ ᠵᠢᠷᠭᠠᠭᠰᠠᠨ ᠤ᠋ ᠳᠠᠷᠠᠭ᠎ᠠ ᠲᠩᠷᠢ ᠳ᠋ᠦ᠍ ᠬᠡᠳᠦᠬᠡᠨ ᠴᠠᠭ ᠤ᠋ᠨ ᠲᠤᠷᠰᠢ ᠯᠠ ᠬᠠᠷᠠᠭᠳᠠᠨ᠎ᠠ᠃
ᠪᠦᠨᠧ ᠄ ᠮᠠᠨ ᠤ᠋ ᠡᠪᠦᠭᠡ ᠦᠳᠡᠰᠢ ᠶ᠋ᠢᠨ ᠭᠢᠯᠪᠠᠭ᠎ᠠ ᠨᠢ ᠦᠷ ᠦ᠋ᠨ ᠴᠣᠯᠮᠣᠨ ᠭᠡᠵᠦ ᠶᠠᠷᠢᠳᠠᠭ ᠰᠢᠲᠠ
ᠲᠣᠪᠢ᠄ ᠱᠤᠭᠠᠷ᠎ᠠ ᠭᠠᠷᠠᠭ ᠨᠠᠷᠠ ᠶ᠋ᠢ ᠲᠣᠭᠣᠷᠢᠬᠤ ᠳ᠋ᠤ᠌ ᠪᠠᠨ ᠳᠡᠯᠡᠬᠡᠢ ᠶ᠋ᠢᠨ ᠡᠰᠡᠷᠭᠦ ᠡᠷᠭᠢᠳᠡᠭ
ᠰᠦᠨᠧ᠄ ᠠ᠋ ᠬᠡᠩ᠁
ᠪᠦᠨᠧ ᠄ ᠦᠨᠡᠨ ᠭᠡᠵᠢ ᠤᠤ?
ᠰᠦᠨᠧ᠄ ᠦᠨᠡᠨ ᠪᠠᠢᠯᠭᠦᠢ ᠶᠠᠭᠠᠬᠢᠠᠠᠣᠪ ᠳᠠ᠂ ᠴᠢᠮ᠎ᠠ ᠳ᠋ᠤ᠌ ᠬᠢᠴᠢᠶᠡᠯ ᠳᠡᠭᠡᠷ᠎ᠡ ᠴᠢᠨᠢ ᠵᠢᠭᠠᠳᠠᠭ ᠦᠭᠡᠢ ᠶᠦᠮ ᠤᠤ? ᠱᠤᠭᠠᠷ᠎ᠠ ᠭᠠᠷᠠᠭ ᠵᠡᠭᠦᠨ ᠡᠴᠡ ᠪᠠᠷᠠᠭᠤᠨ ᠲᠠᠢᠰᠢ ᠪᠠᠨ ᠡᠷᠭᠢᠳᠡᠭ ᠪᠤᠰᠤᠳ ᠭᠠᠷᠠᠭ ᠲᠠᠢ ᠠᠳᠠᠯᠢ ᠦᠭᠡᠢ
ᠲᠣᠪᠢ᠄ ᠰᠦᠨᠧ ᠶ᠋ᠢᠨ ᠬᠡᠯᠡᠳᠡᠭ ᠦᠨᠡᠨ ᠠ᠋!
ᠪᠦᠨᠧ ᠄ ᠦ᠁
ᠲᠣᠪᠢ᠄ ᠱᠤᠭᠠᠷ᠎ᠠ ᠭᠠᠷᠠᠭ ᠳᠡᠭᠡᠷ᠎ᠡ ᠨᠠᠷᠠ ᠪᠠᠷᠠᠭᠤᠨ ᠠ᠋ᠴᠠ ᠮᠠᠨᠳᠤᠨ ᠵᠡᠭᠦᠨ ᠳ᠋ᠦ᠍ ᠵᠢᠷᠭᠠᠳᠠᠭ᠃ ᠱᠤᠭᠠᠷ᠎ᠠ ᠭᠠᠷᠠᠭ ᠢ᠋ ᠳᠡᠯᠡᠬᠡᠢ ᠶ᠋ᠢᠨ ᠡᠭᠴᠡ ᠭᠠᠷᠠᠭ ᠴᠤ᠌ ᠭᠡᠵᠦ ᠨᠡᠷᠡᠯᠡᠳᠡᠭ᠃ ᠲᠠᠲᠠᠯᠴᠠᠯ ᠤ᠋ᠨ ᠬᠦᠴᠦ ᠨᠢ ᠲᠡᠭ ᠵᠠᠭᠤᠨ ᠤ᠋ ᠨᠠᠶᠠᠨ ᠨᠠᠢ᠍ᠮᠠ ᠲᠠᠢ ᠲᠡᠩᠴᠡᠭᠦᠦ ᠪᠣᠯᠪᠠᠴᠤ ᠲᠡᠨᠳᠡ ᠠᠮᠢᠳᠤᠷᠠᠯ ᠪᠠᠢᠬᠤ ᠦᠭᠡᠢ᠃ ᠠᠭᠠᠷ ᠮᠠᠨᠳᠠᠯ ᠨᠢ ᠨᠢᠮᠭᠡᠨ ᠪᠣᠯᠠᠠᠣᠷ ᠵᠢᠷᠤᠭ ᠢ᠋ ᠨᠢ ᠠᠪᠬᠤ ᠳ᠋ᠤ᠌ ᠴᠤ᠌ ᠬᠡᠴᠡᠭᠦᠦ ᠂ ᠭᠡᠬᠦ ᠳ᠋ᠦ᠍ ᠪᠡᠨ ᠷᠠᠳᠢᠣ᠋ ᠳᠣᠯᠭᠢᠶᠠᠨ ᠤ᠋ ᠲᠤᠰᠠᠯᠠᠮᠵᠢ ᠲᠠᠢ ᠪᠠᠷ ᠷᠣᠪᠧᠷᠲ ᠶᠠᠪᠤᠭᠤᠯᠵᠤ ᠵᠢᠷᠤᠭ ᠢ᠋ ᠨᠢ ᠠᠪᠴᠤ ᠴᠢᠳᠠᠭᠰᠠᠨ ᠪᠠᠢᠳᠠᠭ ᠶᠤᠮ᠃
ᠪᠦᠨᠧ ᠄ ᠥ ᠲᠡᠢᠮᠦ ᠤᠤ?
ᠲᠣᠪᠢ᠄ ᠥᠩ᠁
ᠰᠦᠨᠧ᠄ ᠭᠦᠦᠭ᠁ ᠦᠵᠡᠰᠬᠦᠯᠡᠩ ᠲᠡᠢ ᠶᠦᠮ ᠠ᠋᠂ ᠬᠢ ᠬᠢ᠁
ᠲᠣᠪᠢ᠄ ᠡᠨᠡ ᠪᠣᠯ ᠳᠡᠯᠡᠬᠡᠢ᠂ ᠳᠡᠯᠡᠬᠡᠢ ᠶ᠋ᠢ ᠨᠠᠷᠠᠨ ᠤ᠋ ᠠᠢᠮᠠᠭ ᠭᠠᠷᠠᠭ ᠤ᠋ᠳ ᠠ᠋ᠴᠠ ᠣᠨᠴᠠᠭᠠᠢᠯᠠᠨ ᠠᠯᠮᠠᠰ ᠡᠷᠳᠡᠨᠢ ᠭᠡᠵᠦ ᠨᠡᠷᠡᠯᠡᠳᠡᠭ ᠶᠤᠮ᠃
ᠰᠦᠨᠧ᠄ ᠠ ᠤᠤ᠁
ᠪᠦᠨᠧ ᠄ ᠠ ᠤᠤ᠁ ᠪᠢᠳᠡᠨ ᠦ᠌ ᠠᠮᠢᠳᠤᠷᠠᠳᠠᠭ ᠳᠡᠯᠡᠬᠡᠢ ᠡᠨᠡ ᠮᠥᠨ ᠭᠡᠵᠢ ᠤᠤ ᠳᠠ᠁ ᠬᠦ᠁
ᠲᠣᠪᠢ᠄ ᠠᠮᠢᠳᠤᠷᠠᠯ ᠪᠠᠢᠭ᠎ᠠ ᠪᠣᠯᠠᠠᠣᠷ ᠪᠤᠰᠤᠳ ᠭᠠᠷᠠᠭ ᠤᠳ ᠡᠴᠡ ᠦᠵᠡᠰᠬᠦᠯᠡᠩ ᠲᠡᠢ ᠬᠠᠷᠠᠭᠳᠠᠵᠤ ᠪᠠᠢᠬᠤ ᠶᠤᠮ ᠠ᠋
ᠪᠦᠨᠧ ᠄ ᠠ᠋ ᠬᠡᠩ ᠁
ᠲᠣᠪᠢ᠄ ᠭᠡᠲᠡᠯ᠎ᠡ ᠮᠢᠨᠦ ᠬᠠᠭᠠᠨᠲᠤ ᠤᠯᠤᠰ ᠢᠯᠡᠭᠦᠦ ᠦᠵᠡᠰᠬᠦᠯᠡᠩ ᠲᠡᠢ ᠰᠢᠦ! ᠠ᠁
ᠨᠣᠭᠣᠭᠠᠨ ᠪᠣᠷᠣ ᠭᠠᠵᠠᠷ ᠨᠤᠲᠤᠭ
ᠴᠡᠩᠬᠡᠷ ᠳᠠᠯᠠᠢ ᠴᠠᠭᠠᠨ ᠡᠭᠦᠯᠡ

ᠫᠷᠣᠳᠢᠶᠦ᠋ᠰᠰᠧᠷ᠄ ᠫ᠂ ᠪᠠᠲᠦᠲ᠋ᠦᠢ᠍ᠷᠦ
ᠨᠠᠢᠷᠠᠭᠤᠯᠤᠭᠴᠢ᠄ ᠨ᠂ ᠠᠮᠤᠷᠪᠠᠶᠠᠷ
ᠷᠧᠳᠠᠺᠲᠣᠷ᠄ ᠴ᠂ ᠭᠠᠩᠲ᠋ᠤᠶᠠᠭ᠎ᠠ
ᠶᠡᠷᠦᠩᠬᠡᠢ ᠠᠨᠢᠮᠠᠲ᠋ᠣᠷ᠄ ᠨ᠂ ᠠᠮᠤᠷᠪᠠᠶᠠᠷ
ᠠᠨᠢᠮᠠᠲ᠋ᠣᠷ᠄ ᠪ᠊᠂ ᠡᠩᠬᠡᠪᠣᠯᠣᠷ
ᠬᠥᠭᠵᠢᠮ ᠦ᠋ᠨ ᠵᠣᠬᠢᠶᠠᠯᠴᠢ᠄ ᠴ᠊᠂ ᠣᠳᠬᠣᠨᠪᠠᠶᠠᠷ (ᠰᠣᠶᠣᠯ ᠤ᠋ᠨ ᠲᠡᠷᠢᠭᠦᠨ ᠦ᠌ ᠠᠵᠢᠯᠲᠠᠨ)
ᠳᠦᠷᠢ ᠶ᠋ᠢᠨ ᠵᠢᠷᠤᠭᠠᠴᠢ᠄ ᠨ᠂ ᠠᠮᠤᠷᠪᠠᠶᠠᠷ
ᠹᠤᠨ ᠵᠢᠷᠤᠭᠠᠴᠢ᠄ ᠪ᠊᠂ ᠡᠩᠬᠡᠪᠣᠯᠣᠷ
ᠳᠠᠭᠤᠤ ᠶ᠋ᠢᠨ ᠨᠠᠢᠷᠠᠭᠤᠯᠤᠭᠴᠢ᠄ ᠴ᠂ ᠲᠤᠩᠭᠠᠯᠠᠮ᠎ᠠ
ᠳᠠᠭᠤᠤ ᠣᠷᠣᠭᠤᠯᠤᠭᠰᠠᠨ ᠵᠦᠴᠦᠭᠡᠴᠢᠳ᠄
ᠣ᠂ ᠮᠥᠩᠭᠦᠨᠴᠡᠴᠡᠭ (ᠰᠣᠶᠣᠯ ᠤ᠋ᠨ ᠲᠡᠷᠢᠭᠦᠨ ᠦ᠌ ᠠᠵᠢᠯᠲᠠᠨ)
ᠨ᠂ ᠫᠦᠷᠪᠦᠰᠠᠢᠬᠠᠨ
   ᠦᠰᠦᠭ ᠠᠮᠢᠯᠠᠭᠤᠯᠤᠭᠰᠠᠨ ᠨᠢ᠄ ᠠᠯᠲᠠᠨᠬᠤᠶᠠᠭ
   ᠦᠰᠦᠭ ᠬᠠᠲᠠᠭᠰᠠᠨ ᠨᠢ᠄ ᠪᠦᠷᠢᠨᠴᠡᠴᠡᠭ
   ᠬᠢᠨᠠᠭᠴᠢ᠄ ᠣᠳᠣᠨ᠂ ᠾᠦᠩ ᠸᠧᠢ᠂ ᠢᠷᠡᠭᠡᠳᠦᠢ᠂ ᠪᠠᠶᠠᠷᠴᠡᠴᠡᠭ᠂ᠡᠷᠳᠡᠨᠢᠪᠢᠯᠢᠭ᠂ ᠱᠤᠳᠤᠷᠭᠤ
ᠵᠡᠭᠦᠯᠲᠡ᠄
ᠮᠢᠺᠦᠷᠢ ᠄ᠤᠰᠤ ᠭᠠᠷᠠᠭ(ᠮᠣᠩᠭᠣᠯ)᠂ ᠪᠤᠳ᠋(ᠰᠠᠨᠰᠺᠷᠢᠲ)᠂Mercury (ᠠᠩᠭ᠌ᠯᠢ)ᠭᠡᠵᠦ ᠲᠤᠰ ᠲᠤᠰ ᠪᠢᠴᠢᠵᠦ ᠪᠣᠢ᠂ ᠹᠢᠯᠢᠮ  ᠳ᠋ᠦ᠍ ᠤᠩᠰᠢᠵᠤ ᠪᠠᠢᠭ᠎ᠠ ᠪᠠᠷ ᠨᠢ ᠮᠢᠺᠦᠷᠢ ᠭᠡᠵᠦ ᠬᠠᠳᠠᠪᠠ᠃