ᠪᠦᠨᠧ ᠰᠦᠨᠧ ᠬᠣᠶᠠᠷ03-ᠰᠠᠷᠠᠨ ᠤ᠋ ᠪᠠᠭᠠᠵᠠСарны бааз-Бүнээ Сүнээ хоёр ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠨᠧ ᠰᠦᠨᠧ ᠬᠣᠶᠠᠷ03-ᠰᠠᠷᠠᠨ ᠤ᠋ ᠪᠠᠭᠠᠵᠠСарны бааз-Бүнээ Сүнээ хоёр

ᠪᠦᠨᠧ ᠰᠦᠨᠧ ᠬᠣᠶᠠᠷ03-ᠰᠠᠷᠠᠨ ᠤ᠋ ᠪᠠᠭᠠᠵᠠСарны бааз-Бүнээ Сүнээ хоёр

2023-09-16

537

ᠰᠠᠷᠠᠨ ᠤ᠋ ᠪᠠᠭᠠᠵᠠ

ᠪᠦᠨᠧ ᠰᠦᠨᠧ ᠬᠣᠶᠠᠷ-ᠬᠡᠦᠬᠡᠯᠳᠡᠢ ᠶᠢᠨ ᠺᠢᠨᠣ᠋
ᠭᠤᠷᠪᠠᠳᠤᠭᠠᠷ ᠠᠩᠭᠢ  
ᠪᠦᠨ᠋ᠸ᠄ ᠰᠠᠢᠨ ᠪᠠᠢᠵᠠᠭᠠᠨ᠎ᠠ ᠤᠤ? ᠲᠠ ᠨᠠᠷ ᠲᠠᠢ ᠠᠭᠤᠯᠵᠠᠭᠰᠠᠨ ᠳ᠋ᠤ᠌ ᠪᠠᠨ ᠪᠠᠶᠠᠷᠲᠠᠢ ᠪᠠᠢᠨ᠎ᠠ 
ᠰᠢᠨᠵᠢᠯᠡᠬᠦ ᠤᠬᠠᠭᠠᠨᠲᠠᠨ᠄ ᠵᠠ ᠬᠡᠦᠬᠡᠳ ᠦ᠋ᠳ ᠠ᠋ !ᠮᠠᠨ ᠤ᠋ ᠪᠠᠭᠠᠵᠠ ᠳ᠋ᠤ᠌ ᠲᠠᠪᠠᠲᠠᠢ ᠮᠣᠷᠢᠯᠠ! 
ᠰᠦᠨ᠋ᠸ᠄ ᠰᠠᠢᠨ ᠪᠠᠢᠨ᠎ᠠ ᠤᠤ? 
ᠲᠣᠪᠢ᠄ ᠰᠠᠢᠨ ᠪᠠᠢᠨ᠎ᠠ ᠤᠤ? 
ᠰᠢᠨᠵᠢᠯᠡᠬᠦ ᠤᠬᠠᠭᠠᠨᠲᠠᠨ᠄ ᠪᠢᠳᠡ ᠰᠠᠷᠠᠨ ᠤ᠋ ᠭᠠᠳᠠᠷᠭᠤ ᠳᠡᠭᠡᠷ᠎ᠡ ᠰᠤᠳᠤᠯᠭᠠᠨ ᠬᠢᠵᠦ ᠪᠠᠢᠨ᠎ᠠ᠂ ᠪᠠᠰᠠ ᠬᠢᠮᠡᠯ ᠳᠠᠭᠠᠭᠤᠯᠢ᠎ ᠨᠤᠭᠤᠳ ᠤᠷᠤᠭᠤ ᠡᠨᠧᠷᠭᠢ ᠡᠷᠴᠢᠮ ᠬᠦᠴᠦ ᠳᠠᠮᠵᠢᠭᠤᠯᠬᠤ ᠲᠣᠨᠣᠭ ᠲᠥᠬᠥᠭᠡᠷᠦᠮᠵᠢ ᠶ᠋ᠢ ᠤᠳᠤᠷᠢᠳᠳᠠᠭ ᠶᠤᠮ᠃ 
ᠪᠦᠨ᠋ᠸ᠄ ᠠᠬ᠎ᠠ ᠠ᠋! ᠶᠠᠭᠠᠬᠢᠭᠠᠳ ᠬᠢᠮᠡᠯ ᠳᠠᠭᠠᠭᠤᠯᠢ ᠤᠷᠤᠭᠤ ᠡᠨᠧᠷᠭᠢ ᠳᠠᠮᠵᠢᠭᠤᠯᠳᠠᠭ ᠶᠤᠮ ᠪᠣᠢ? ᠲᠠ ᠪᠢᠳᠡ ᠭᠤᠷᠪᠠ ᠳ᠋ᠤ᠌ ᠶᠠᠷᠢᠭᠠᠳ ᠥᠭᠭᠦᠯ ᠳ᠋ᠠ ᠬᠢᠮᠡᠯ ᠳᠠᠭᠠᠭᠤᠯᠢ ᠭᠡᠵᠦ ᠶᠡᠷᠦ ᠨᠢ ᠶᠠᠭᠤ ᠪᠠᠢᠳᠠᠭ ᠶᠤᠮ ᠪᠣᠢ? 
ᠰᠦᠨ᠋ᠸ᠄ ᠬᠠᠷᠢᠨ ᠲᠡᠢᠮᠦ 
ᠰᠢᠨᠵᠢᠯᠡᠬᠦ ᠤᠬᠠᠭᠠᠨᠲᠠᠨ᠄ ᠵᠠ ᠲᠡᠭᠡᠬᠦ ᠪᠡᠷ ᠪᠢᠳᠡ ᠬᠢᠮᠡᠯ ᠳᠠᠭᠠᠭᠤᠯᠢ ᠶ᠋ᠢ ᠴᠡᠷᠢᠭ ᠦ᠋ᠨ᠂ ᠠᠵᠢᠭᠯᠠᠯᠲᠠ ᠶ᠋ᠢᠨ᠂ ᠬᠣᠯᠪᠣᠭᠠᠨ ᠤ᠋᠂ ᠰᠤᠳᠤᠯᠭᠠᠴᠢ ᠶ᠋ᠢᠨ᠂ ᠴᠠᠭ ᠠᠭᠤᠷ ᠤ᠋ᠨ᠂ ᠰᠤᠳᠤᠯᠭᠠᠨ ᠤ᠋ ᠭᠡᠬᠦ ᠮᠡᠲᠦ ᠪᠡᠷ ᠣᠯᠠᠨ ᠶᠠᠩᠵᠤ ᠶ᠋ᠢᠨ ᠵᠣᠷᠢᠯᠭ᠎ᠠ ᠪᠠᠷ ᠠᠰᠢᠭᠯᠠᠳᠠᠭ᠂ ᠬᠢᠮᠡᠯ ᠳᠠᠭᠠᠭᠤᠯᠢ᠎ ᠨᠤᠭᠤᠳ ᠨᠢ ᠶᠡᠬᠡᠩᠬᠢ ᠳ᠋ᠦ᠍ ᠪᠡᠨ ᠬᠠᠭᠠᠰ ᠪᠡᠶ᠎ᠡ ᠪᠡᠨ ᠳᠠᠭᠠᠭᠠᠭᠰᠠᠨ ᠺᠣᠮᠫᠢᠦ᠋ᠲ᠋ᠧᠷ ᠦ᠋ᠨ ᠤᠳᠤᠷᠢᠳᠤᠯᠭ᠎ᠠ ᠲᠠᠢ ᠰᠢᠰᠲ᠋ᠧᠮ ᠢ᠋ᠶ᠋ᠡᠷ ᠠᠵᠢᠯᠯᠠᠳᠠᠭ ᠶᠤᠮ᠃ ᠠ ᠰᠠᠨᠰᠠᠷ ᠤ᠋ᠨ ᠬᠢᠮᠡᠯ ᠳᠠᠭᠠᠭᠤᠯᠢ ᠨᠤᠭᠤᠳ ᠨᠢ ᠡᠷᠴᠢᠮ ᠬᠦᠴᠦ ᠬᠦᠯᠢᠶᠡᠨ ᠠᠪᠤᠭᠠᠳ ᠥᠪᠡᠷᠰᠡᠳ ᠦ᠋ᠨ ᠲᠣᠮᠣ ᠲᠣᠨᠣᠭ ᠲᠥᠬᠥᠭᠡᠷᠦᠮᠵᠢ ᠶ᠋ᠢ ᠬᠥᠳᠡᠯᠭᠡᠬᠦ ᠳ᠋ᠦ᠍ ᠵᠠᠷᠤᠴᠠᠭᠤᠯᠳᠠᠭ ᠪᠠᠢᠬᠤ ᠦᠭᠡᠢ ᠦᠦ 
ᠣᠯᠠᠨ᠄ ᠡᠡᠭ᠁ ᠠ᠁ ᠠ᠁ 
ᠰᠢᠨᠵᠢᠯᠡᠬᠦ ᠤᠬᠠᠭᠠᠨᠲᠠᠨ᠄ ᠰᠠᠷᠠᠨ ᠤ᠋ ᠪᠠᠭᠠᠵᠠ ᠰᠣᠨᠣᠰᠴᠤ ᠪᠠᠢᠨ᠎ᠠ 
ᠲᠥᠪ ᠦ᠋ᠨ ᠬᠢᠨ᠄ ᠴᠠᠭᠠᠨ᠎ᠠ ᠴᠢᠨᠢ ᠶᠠᠭᠤ ᠪᠣᠯᠪᠠ? 
ᠰᠢᠨᠵᠢᠯᠡᠬᠦ ᠤᠬᠠᠭᠠᠨᠲᠠᠨ᠄ᠪᠠᠭᠠᠵᠠ᠎᠎᠎ᠶ᠋ᠢᠨ ᠡᠷᠴᠢᠮ ᠬᠦᠴᠦ ᠣᠭᠴᠣᠮ ᠤᠨᠠᠯ᠎ᠠ 
ᠲᠥᠪ ᠦ᠋ᠨ ᠬᠢᠨ᠄  ᠶᠠᠭᠤᠨ ᠡᠴᠡ ᠪᠣᠯᠪᠠ? 
ᠣᠯᠠᠨ᠄ ᠠ᠁ ᠠ᠁ ᠠ᠁ 
ᠲᠥᠪ ᠦ᠋ᠨ ᠬᠢᠨ᠄ ᠬᠠᠷᠢᠭᠤ ᠥᠭ᠂ ᠬᠠᠷᠢᠭᠤ ᠥᠭ᠂ᠬᠠᠷᠢᠭᠤ? ᠬᠠᠷᠢᠭᠤ? 
ᠰᠢᠨᠵᠢᠯᠡᠬᠦ ᠤᠬᠠᠭᠠᠨᠲᠠᠨ᠄ ᠶᠠᠮᠠᠷ ᠨᠢᠭᠡᠨ ᠰᠠᠭᠠᠲᠠᠯ ᠭᠠᠷᠤᠭᠰᠠᠨ ᠪᠣᠯᠤᠯᠲᠠᠢ᠂ ᠠᠯᠢ ᠡᠰᠡᠪᠡᠯ᠁ ᠥᠩ᠁ ᠶᠠᠭᠤᠨ ᠠ᠋ᠴᠠ ᠪᠣᠯᠤᠭᠰᠠᠨ ᠢ᠋ ᠲᠣᠭᠲᠠᠭᠠᠬᠤ ᠳ᠋ᠤ᠌ ᠡᠷᠭᠢᠭᠡᠳ ᠬᠠᠷᠢᠭᠤ ᠮᠡᠳᠡᠭᠳᠡᠶ᠎ᠡ ᠲᠥᠪ ᠠ᠋! 
ᠣᠯᠠᠨ᠄ ᠠ᠁ ᠠ᠁ ᠠ᠁
 ᠪᠦᠨ᠋ᠸ᠄ ᠠᠬ᠎ᠠ ᠠ᠋ !ᠰᠠᠶᠢ ᠶᠠᠭᠤ ᠪᠣᠯᠤᠭᠰᠠᠨ ᠪᠣᠢ? ᠴᠢᠳᠬᠥᠷ ᠦᠦ?  
ᠰᠢᠨᠵᠢᠯᠡᠬᠦ ᠤᠬᠠᠭᠠᠨᠲᠠᠨ᠄ ᠠ᠁ 
ᠪᠦᠨ᠋ᠸ᠄ ᠲᠠ ᠶᠡᠷᠦ ᠨᠢ ᠰᠠᠷᠠᠨ ᠳᠡᠭᠡᠷ᠎ᠡ ᠴᠢᠳᠬᠥᠷ ᠬᠠᠷᠠᠭᠰᠠᠨ ᠤᠤ? 
ᠰᠢᠨᠵᠢᠯᠡᠬᠦ ᠤᠬᠠᠭᠠᠨᠲᠠᠨ᠄ ᠬᠡ ᠬᠡ ᠬᠡ ᠁ ᠨᠠᠭᠠᠳᠤ ᠶᠠᠷᠢᠶ᠎ᠠ ᠴᠢᠨᠢ ᠪᠣᠯ ᠶᠡᠷᠦ ᠳ᠋ᠦ᠍ ᠪᠡᠨ ᠨᠠᠷᠭᠢᠶ᠎ᠠ ᠰᠢᠦ ᠳᠡ ᠬᠦᠦ ᠮᠢᠨᠢ᠂ ᠰᠠᠷᠠᠨ ᠳᠡᠭᠡᠷ᠎ᠡ ᠶᠠᠮᠠᠷ ᠴᠤ᠌ ᠠᠮᠢᠳᠤᠷᠠᠯ ᠪᠠᠢᠬᠤ ᠦᠭᠡᠢ᠂ ᠭᠡᠬᠦ  ᠳ᠋ᠤ᠌ ᠪᠠᠨ ᠰᠠᠷᠠ ᠨᠢ ᠰᠠᠨᠰᠠᠷ ᠰᠤᠳᠤᠯᠤᠯ  ᠤ᠋ᠨ ᠬᠤᠪᠢ ᠳ᠋ᠤ᠌ ᠮᠠᠰᠢ ᠴᠢᠬᠤᠯᠠ ᠡᠭᠦᠷᠭᠡ ᠲᠡᠢ ᠣᠪᠸᠭ᠍ᠸᠲ ᠶᠤᠮ ᠰᠢᠦ ︕
ᠪᠦᠨ᠋ᠸ᠄ ᠠ? 
ᠲᠣᠪᠢ᠄ ᠵᠠ ᠵᠠ᠂ ᠪᠢᠳᠡ ᠶᠠᠪᠤᠬᠤ ᠪᠣᠯᠤᠯ᠎ᠠ᠂ ᠣᠯᠠᠨ ᠮᠡᠳᠡᠭᠡᠯᠡᠯ ᠦᠭᠭᠦᠭᠰᠡᠨ ᠳ᠋ᠦ᠍ ᠪᠠᠶᠠᠷᠯᠠᠯ᠎ᠠ︕ 
ᠰᠦᠨ᠋ᠸ᠄ ᠠ ᠬᠢ ᠬᠢ ᠁ 
ᠰᠢᠨᠵᠢᠯᠡᠬᠦ ᠤᠬᠠᠭᠠᠨᠲᠠᠨ᠄ ᠠ ᠠ ᠵᠠ ᠪᠠᠶᠠᠷᠲᠠᠢ᠂ ᠰᠠᠢᠨ ᠶᠠᠪᠤᠭᠠᠷᠠᠢ! ᠬᠡᠦᠬᠡᠳ ᠦ᠋ᠳ ᠠ᠋! 
ᠰᠦᠨ᠋ᠸ᠄ ᠠ᠋ ᠾᠧᠩ 
ᠲᠣᠪᠢ᠄ ᠡᠨᠳᠡ ᠬᠢᠮᠡᠯ ᠳᠠᠭᠠᠭᠤᠯᠢ ᠪᠠᠢᠨ᠎ᠠ 
ᠪᠦᠨ᠋ᠸ᠄ ᠠ⁈ 
ᠲᠣᠪᠢ᠄ᠲᠠ ᠬᠣᠶᠠᠷ ᠬᠠᠷᠠᠵᠤ ᠪᠠᠢᠨ᠎ᠠ ᠤᠤ?  
ᠪᠦᠨ᠋ᠸ᠄ ᠬᠠᠮᠢᠭ᠎ᠠ ᠨᠢ?  
ᠰᠦᠨ᠋ᠸ᠄ ᠠᠯᠢ?
ᠪᠦᠨ᠋ᠸ᠄ ᠠ! ᠲᠡᠨᠳᠡ ᠪᠦᠷ ᠣᠯᠠᠨ ᠪᠠᠢᠨ᠎ᠠ 
ᠰᠦᠨ᠋ᠸ᠄ ᠾᠧᠩ? 
ᠲᠣᠪᠢ᠄  ᠡᠩ᠁ 
ᠰᠦᠨ᠋ᠸ᠄ ᠡᠳᠡ ᠨᠠᠷ ᠬᠣᠭᠣᠷᠣᠨᠳᠣ ᠪᠠᠨ ᠮᠥᠷᠭᠥᠯᠳᠦᠳᠡᠭ ᠦᠭᠡᠢ ᠶᠦᠮ ᠦᠦ? 
ᠪᠦᠨ᠋ᠸ᠄ ᠬᠠᠷᠢᠨ ᠲᠡᠢᠮᠦ 
ᠲᠣᠪᠢ᠄ ᠬᠠᠢ ᠬᠠᠢ ᠶᠠᠭᠠᠬᠢᠯ᠎ᠠ ᠭᠡᠵᠦ ᠳᠠ! 
ᠪᠦᠨ᠋ᠸ᠄ ᠠᠯᠢ ᠨᠢ ᠴᠡᠷᠢᠭ ᠦ᠋ᠨ ᠬᠢᠮᠡᠯ ᠳᠠᠭᠠᠭᠤᠯᠢ ᠶᠤᠮ ᠪᠣᠯ? ᠰᠣᠨᠢᠷᠬᠠᠯᠲᠠᠢ ᠶᠤᠮ ᠠ᠋! ᠬᠤᠷᠳᠤᠬᠠᠨ ᠰᠢᠭ᠋ ᠲᠣᠮᠣ ᠪᠣᠯᠤᠭᠠᠳ ᠡᠷᠳᠡᠮᠲᠡᠨ ᠯᠡ ᠪᠣᠯᠤᠨ᠎ᠠ ᠳᠠ︕
ᠪᠦᠨ᠋ᠸ᠄ ᠢᠩᠭᠢᠬᠦ ᠳ᠋ᠦ᠍ ᠪᠢᠳᠡᠨ ᠦ᠌ ᠳᠠᠷᠠᠭ᠎ᠠ ᠶ᠋ᠢᠨ ᠣᠴᠢᠬᠤ ᠭᠠᠵᠠᠷ ᠶᠠᠭᠤ ᠪᠣᠢ? 
ᠲᠣᠪᠢ᠄ ᠨᠢᠭᠡᠨ ᠭᠠᠢᠬᠠᠯᠲᠠᠢ ᠭᠠᠷᠠᠭ ᠢ᠋ᠶ᠋ᠠᠷ ᠵᠣᠴᠢᠯᠠᠶ᠎ᠠ!  ᠡᠭᠦᠨ ᠡᠴᠡ ᠡᠮᠦᠨ᠎ᠡ ᠪᠦᠭᠦᠳᠡᠭᠡᠷ ᠢ᠋ᠶ᠋ᠡᠨ ᠨᠠᠷᠠᠨ ᠤ᠋ ᠠᠢᠮᠠᠭ ᠦ᠋ᠨ ᠲᠤᠬᠠᠢ ᠶᠡᠷᠦᠩᠬᠡᠢ ᠮᠡᠳᠡᠭᠡᠯᠡᠯ ᠢ᠋ ᠮᠢᠨᠦ ᠬᠥᠯᠭᠡ ᠶ᠋ᠢᠨ ᠮᠡᠳᠡᠭᠡᠯᠡᠯ ᠦ᠋ᠨ ᠰᠠᠩ ᠠ᠋ᠴᠠ ᠬᠠᠷᠠᠵᠠᠭᠠᠶ᠎ᠠ! 
ᠺᠣᠮᠫᠢᠦ᠋ᠲ᠋ᠧᠷ᠄ ᠭᠠᠷᠠᠭ ᠪᠣᠯ ᠭᠠᠢᠬᠠᠮᠰᠢᠭᠲᠠᠢ ᠣᠳᠣ ᠶᠤᠮ᠂ ᠨᠠᠷᠠᠨ ᠤ᠋ ᠠᠢᠮᠠᠭ ᠨᠢ ᠨᠠᠷᠠᠨ ᠤ᠋ ᠲᠠᠲᠠᠬᠤ ᠨᠥᠯᠦᠭᠡᠨ ᠳ᠋ᠦ᠍ ᠡᠷᠭᠢᠬᠦ ᠨᠠᠢ᠍ᠮᠠᠨ ᠭᠠᠷᠠᠭ ᠲᠠᠪᠤᠨ ᠲᠣᠭᠲᠠᠭᠠᠭᠳᠠᠭᠰᠠᠨ ᠣᠨᠳᠣᠣ ᠭᠠᠷᠠᠭ ᠲᠠᠢ᠃ ᠡᠭᠦᠨ ᠳ᠋ᠦ᠍ ᠳᠡᠯᠡᠬᠡᠢ ᠶ᠋ᠢᠨ ᠸᠠᠩ ᠂ ᠼᠢᠷᠸᠷ᠎ᠠ᠂ ᠨᠣᠺᠢᠮᠠᠺᠢ᠂ ᠢᠷᠢᠳᠠ᠂ ᠬᠠᠤᠮᠠᠢ ᠲᠡᠳᠡᠭᠡᠷ ᠦ᠋ᠨ ᠳᠠᠭᠠᠭᠤᠯᠢ ᠨᠤᠭᠤᠳ ᠪᠣᠯᠤᠨ ᠮᠠᠰᠢ ᠣᠯᠠᠨ ᠲᠣᠭᠠᠨ ᠤ᠋ ᠵᠢᠵᠢᠭ ᠪᠡᠶᠡᠲᠦ ᠨᠦ᠍ᠭᠦᠳ ᠢ᠋ ᠪᠠᠭᠲᠠᠭᠠᠭᠰᠠᠨ ᠰᠢᠰᠲ᠋ᠧᠮ ᠶᠦᠮ᠃ ᠨᠠᠷᠠᠨ ᠳ᠋ᠤ᠌ ᠬᠠᠮᠤᠭ ᠤ᠋ᠨ ᠣᠢᠷᠠᠬᠠᠨ ᠪᠤᠶᠤ ᠳᠣᠲᠣᠭᠠᠳᠤ ᠭᠠᠷᠠᠭ ᠲᠤ᠌ ᠪᠤᠳ᠋᠂ ᠱᠤᠭᠠᠷ᠎ᠠ᠂ ᠳᠡᠯᠡᠬᠡᠢ᠂ ᠠᠩᠭᠠᠷᠠᠭ ᠭᠠᠷᠠᠭ ᠪᠠᠭᠲᠠᠨ᠎ᠠ᠂  ᠬᠠᠷᠢᠨ ᠭᠠᠳᠠᠭᠠᠳᠤ ᠭᠠᠷᠠᠭ ᠲᠤ᠌ ᠪᠠᠷᠬᠠᠰᠪᠠᠳᠢ᠂ ᠰᠠᠨᠢᠴᠢᠷ᠂ ᠲᠩᠷᠢ ᠶ᠋ᠢᠨ ᠸᠠᠩ ᠂ ᠳᠡᠯᠡᠬᠡᠢ ᠶ᠋ᠢᠨ ᠸᠠᠩ ᠭᠠᠷᠠᠭ ᠪᠠᠭᠲᠠᠳᠠᠭ ᠶᠤᠮ᠃  ᠳᠣᠲᠣᠭᠠᠳᠤ ᠭᠠᠷᠠᠭ ᠤ᠋ᠳ ᠨᠢ ᠳᠡᠯᠡᠬᠡᠢ ᠲᠡᠢ ᠲᠥᠰᠲᠡᠢ ᠪᠥᠭᠡᠳ ᠭᠠᠳᠠᠷᠭᠤ ᠨᠢ ᠴᠢᠯᠠᠭᠤᠯᠢᠭ ᠬᠠᠳᠠᠷᠬᠠᠭ ᠪᠦᠷᠬᠦᠭᠦᠯ ᠲᠡᠢ ᠪᠠᠢᠳᠠᠭ᠃ ᠬᠠᠷᠢᠨ ᠭᠠᠳᠠᠭᠠᠳᠤ ᠭᠠᠷᠠᠭ ᠤ᠋ᠳ ᠨᠢ ᠬᠡᠢ ᠶ᠋ᠢᠨ ᠪᠦᠲᠦᠴᠡ ᠲᠡᠢ᠂ᠨᠢᠭᠲᠠ ᠪᠠᠭ᠎ᠠ ᠲᠠᠢ ᠳᠣᠲᠣᠭᠠᠳᠤ ᠭᠠᠷᠠᠭ ᠤᠳ᠎ᠡᠴᠡ ᠬᠠᠷᠢᠴᠠᠩᠭᠤᠢ ᠲᠣᠮᠣ ᠬᠡᠮᠵᠢᠶ᠎ᠡ ᠲᠡᠢ ᠪᠠᠢᠳᠠᠭ᠃ 
ᠬᠥᠮᠦᠨ ᠲᠥᠷᠥᠯᠬᠢᠲᠡᠨ ᠡᠭᠦᠰᠦᠭᠰᠡᠨ ᠴᠠᠭ ᠡᠴᠡ ᠪᠡᠨ ᠡᠬᠢᠯᠡᠨ ᠳᠡᠯᠡᠬᠡᠢ ᠶᠢᠷᠲᠢᠨᠴᠦ ᠶ᠋ᠢ ᠢᠨᠳᠢᠶᠠᠨᠴᠤᠳ ᠢ᠋ᠶ᠋ᠠᠷ ᠭᠠᠷᠠᠭ ᠡᠷᠬᠡᠰ ᠢ᠋ ᠢᠭᠢᠢᠪᠴᠤᠳ ᠢ᠋ᠶ᠋ᠡᠷ ᠲᠦᠰᠦᠭᠡᠯᠡᠳᠡᠭ ᠪᠠᠢᠯ᠎ᠠ ᠃ ᠴᠠᠭ ᠬᠤᠭᠤᠴᠠᠭ᠎ᠠ ᠥᠩᠭᠡᠷᠡᠬᠦ ᠲᠣᠰᠤᠮ ᠥᠪᠡᠷᠰᠡᠳ ᠦ᠋ᠨ ᠲᠥᠰᠦᠭᠡᠯᠡᠯ ᠢ᠋ ᠪᠠᠲᠤᠯᠠᠬᠤ ᠶ᠋ᠢ ᠤᠷᠤᠯᠳᠤᠵᠤ ᠡᠬᠢᠯᠡᠭᠰᠡᠨ ᠶᠦ᠍ᠮ᠃ ᠶᠠᠭᠠᠬᠢᠭᠠᠳ ᠰᠠᠷᠠᠨ ᠤ᠋ ᠬᠡᠯᠪᠡᠷᠢ ᠳᠦᠷᠰᠦ ᠥᠭᠡᠷᠡᠴᠢᠯᠡᠭᠳᠡᠳᠡᠭ ᠶᠦᠮ ᠪᠣᠯ᠂ ᠨᠠᠷᠠ ᠭᠡᠵᠦ ᠶᠠᠭᠤ ᠪᠠᠢᠨ᠎ᠠ? ᠳᠡᠯᠡᠬᠡᠢ ᠶ᠋ᠢᠨ ᠲᠡᠭᠦᠰᠬᠡᠯ ᠬᠠᠮᠢᠭ᠎ᠠ ᠨᠢ ᠪᠠᠢᠳᠠᠭ ᠪᠣᠢ ᠭᠡᠬᠦ ᠵᠡᠷᠭᠡ ᠠᠰᠠᠭᠤᠯᠲᠠ ᠨᠤᠭᠤᠳ ᠤ᠋ᠨ ᠬᠠᠷᠢᠭᠤᠯᠲᠠ ᠶ᠋ᠢ ᠣᠯᠬᠤ ᠶ᠋ᠢᠨ ᠲᠤᠯᠠᠳᠠ ᠬᠥᠮᠦᠨ ᠲᠥᠷᠥᠯᠬᠢᠲᠡᠨ ᠲᠡᠯᠡᠰᠺᠣᠫ(telescope) ᠪᠦᠲᠦᠭᠡᠭᠰᠡᠨ ᠪᠠᠢᠳᠠᠭ᠃ ᠭᠡᠰᠡᠨ ᠴᠦ᠍ ᠭᠠᠭᠴᠠ ᠲᠡᠯᠡᠰᠺᠣᠫ ᠤ᠋ᠨ ᠬᠦᠴᠦ ᠪᠡᠷ ᠥᠭᠡᠷ᠎ᠡ ᠣᠯᠠᠨ ᠰᠢᠨ᠎ᠡ ᠣᠳᠣᠳ ᠢ᠋ ᠨᠡᠭᠡᠭᠡᠨ ᠢᠯᠡᠷᠡᠭᠦᠯᠬᠦ ᠳ᠋ᠦ᠍ ᠬᠠᠩᠭᠠᠯᠲᠠ ᠦᠭᠡᠢ ᠪᠠᠢᠯ᠎ᠠ᠂ᠲᠡᠢᠮᠦ ᠡᠴᠡ ᠪᠡᠨ ᠥᠭᠡᠷ᠎ᠡ ᠭᠠᠷᠠᠭ ᠤ᠋ᠳ ᠤᠷᠤᠭᠤ ᠷᠠᠳᠢᠣ᠋ ᠮᠸᠰᠰᠸᠵᠢ ᠶᠠᠪᠤᠭᠤᠯᠬᠤ ᠵᠡᠷᠭᠡ ᠪᠡᠷ ᠳᠡᠯᠡᠬᠡᠢ ᠶ᠋ᠢᠨ ᠪᠥᠮᠪᠥᠷᠴᠡᠭ ᠡᠴᠡ ᠥᠭᠡᠷ᠎ᠡ ᠣᠷᠬᠢᠨᠢᠽᠤᠮ ᠪᠠᠢᠭ᠎ᠠ ᠡᠰᠡᠬᠦ ᠶ᠋ᠢ ᠣᠯᠵᠤ ᠲᠣᠭᠲᠠᠭᠠᠬᠤ ᠶ᠋ᠢᠨ ᠲᠤᠯᠠᠳᠠ ᠣᠷᠣᠯᠳᠣᠭᠰᠠᠭᠠᠷ ᠯᠠ ᠪᠠᠢᠨ᠎ᠠ᠃                                             
ᠡᠷᠳᠡᠮᠲᠡᠳ ᠰᠢᠨ᠎ᠡ ᠰᠢᠨ᠎ᠡ ᠠᠰᠠᠭᠤᠯᠲᠠ ᠨᠤᠭᠤᠳ ᠭᠠᠷᠭᠠᠵᠤ ᠢᠷᠡᠭᠰᠡᠭᠡᠷ ᠯᠡ᠁

   ᠦᠰᠦᠭ ᠠᠮᠢᠯᠠᠭᠤᠯᠤᠭᠰᠠᠨ ᠨᠢ᠄ ᠡᠷᠳᠡᠨᠢᠪᠢᠯᠢᠭ
   ᠦᠰᠦᠭ  ᠬᠠᠳᠠᠭᠰᠠᠨ ᠨᠢ᠄      ᠪᠦᠷᠢᠨᠴᠡᠴᠡᠭ
   ᠬᠢᠨᠠᠭ᠍ᠴᠢ᠄ ᠱᠤᠳᠤᠷᠭᠤ