ᠪᠦᠨᠧ ᠰᠦᠨᠧ ᠬᠣᠶᠠᠷ02-ᠨᠠᠷᠠᠨ ᠤ᠋ ᠠᠢᠮᠠᠭБүнээ Сүнээ хоёр-Нарны аймаг-Шинэ найз
ᠨᠠᠷᠠᠨ ᠤ᠋ ᠠᠢᠮᠠᠭ
ᠨᠠᠷᠠᠨ ᠤ᠋ ᠠᠢᠮᠠᠭ
ᠬᠣᠶᠠᠳᠤᠭᠠᠷ ᠠᠩᠭᠢ
ᠪᠦᠨ᠋ᠸ ᠄ᠠ᠋᠂ ᠠ᠋ ᠁ ᠡᠨᠡ ᠶᠠᠭᠤ ᠪᠣᠯᠤᠭᠠᠳ ᠪᠠᠢᠨ᠎ᠠ?
ᠪᠦᠭᠦᠳᠡᠭᠡᠷ᠄ ᠥ! ᠥ! ᠥ!
ᠠ ᠁ᠠ᠁ᠠ ᠁
ᠲᠣᠪᠢ᠄ᠬᠥᠯᠭᠡ ᠬᠥᠭᠡᠷᠴᠦ ᠪᠠᠢᠨ᠎ᠠ᠃ᠡᠷᠴᠢᠮ ᠬᠦᠴᠦ ᠳᠠᠮᠵᠢᠭᠤᠯᠵᠤ ᠪᠠᠢᠭᠰᠠᠨ ᠡᠬᠢ ᠡᠭᠦᠰᠪᠦᠷᠢ ᠰᠠᠯᠤᠭᠰᠠᠨ ᠪᠣᠯᠤᠯᠲᠠᠢ᠂ ᠣᠳᠣᠬᠠᠨ
ᠰᠥᠨ᠋ᠸ᠄ ᠠ! ᠦᠭᠡᠢ ᠪᠠᠢᠯᠭᠦᠢ ᠳᠠ! ᠡᠪᠦᠭᠡ(ᠥᠪᠥᠸ) ᠦᠯᠡᠳᠡᠴᠢᠬᠡᠯᠡ ᠰᠢᠳᠡ
ᠲᠣᠪᠢ᠄ᠰᠠᠨᠠᠭ᠎ᠠ ᠵᠣᠪᠠᠯᠲᠠ ᠦᠭᠡᠢ ᠳᠡ ᠨᠠᠢᠵᠠ ᠨᠤᠭᠤᠳ ᠠ᠋!ᠪᠢ ᠲᠠ ᠬᠣᠶᠠᠷ ᠢ᠋ ᠵᠠᠪᠠᠯ ᠭᠡᠷ ᠲᠦ᠍ ᠴᠢᠨᠢ ᠬᠦᠷᠭᠡᠵᠦ ᠥᠭᠭᠦᠨ᠎ᠡ᠃
ᠪᠦᠨ᠋ᠸ᠄ ᠠ᠋ ᠁ ᠬᠥᠶᠢ᠂ ᠰᠦᠨ᠋ᠸ ᠴᠢ ᠴᠣᠩᠬᠣ ᠪᠠᠷ ᠬᠠᠷ᠎ᠠ ᠳᠠ! ᠣᠳᠣ ᠶᠡᠬᠡ ᠣᠢᠷᠠᠬᠠᠨ ᠬᠠᠷᠠᠭᠳᠠᠵᠤ ᠪᠠᠢᠨ᠎ᠠ᠃
ᠰᠦᠨ᠋ᠸ᠄ ᠠ! ᠭᠦᠦᠭ ᠁ ᠶᠠᠮᠠᠷ ᠭᠣᠶᠣ ᠶᠤᠮ ᠪᠣᠢ!ᠠ᠁ ᠪᠢᠳᠡ ᠨᠢᠰᠴᠦ ᠪᠠᠢᠭ᠎ᠠ ᠶᠤᠮ ᠪᠢᠰᠢ ᠦᠦ?ᠬᠢ ᠬᠢ ᠁ ᠡᠨᠡ ᠴᠢᠨᠢ ᠡᠷᠬᠡᠰ ᠲᠩᠷᠢ ᠶ᠋ᠢᠨ ᠵᠠᠭᠠᠭ ᠪᠠᠢᠨ᠎ᠠ ᠰᠢᠲᠠ
ᠠ᠁
ᠪᠦᠨ᠋ᠸ᠄ ᠪᠢ ᠬᠡᠵᠢᠶ᠎ᠡ ᠴᠦ᠍ ᠲᠡᠭᠷᠢ ᠡᠷᠬᠡᠰ ᠢ᠋ᠶ᠋ᠡᠷ ᠨᠢᠰᠦᠨ᠎ᠡ ᠭᠡᠵᠦ ᠲᠥᠰᠦᠭᠡᠯᠡᠵᠦ ᠪᠠᠢᠭᠰᠠᠨ ᠦᠭᠡᠢ
ᠲᠣᠪᠢ᠄ᠮᠣᠩᠭᠣᠯ ᠨᠠᠢᠵᠠ ᠨᠤᠭᠤᠳ ᠮᠢᠨᠢ! ᠲᠠ ᠬᠣᠶᠠᠷ ᠨᠠᠳᠠ ᠳ᠋ᠤ᠌ ᠲᠤᠰᠠᠯᠠᠭᠰᠠᠨ ᠪᠣᠯᠬᠣᠷ ᠪᠢ ᠲᠠ ᠬᠣᠶᠠᠷ ᠢ᠋ ᠭᠠᠷᠠᠭ ᠶᠢᠷᠲᠢᠨᠴᠦ ᠪᠡᠷ ᠠᠶᠠᠯᠠᠭᠤᠯᠤᠶ᠎ᠠ᠃
ᠪᠦᠭᠦᠳᠡᠭᠡᠷ᠄ ᠬᠡ ᠬᠡ ᠁ᠬᠢ ᠬᠢ ᠁ᠭᠣᠶᠣ ᠳᠠ
ᠪᠦᠨ᠋ᠸ᠄ ᠬᠦ᠌ ᠬᠥᠶᠢ᠂ ᠡᠨᠡ ᠶ᠋ᠢ ᠬᠠᠷ᠎ᠠ ᠳᠠ᠂ ᠡᠨᠡ ᠶᠠᠭ ᠶᠠᠭᠤ ᠪᠣᠢ?
ᠪᠦᠭᠦᠳᠡᠭᠡᠷ ᠄ ᠠ᠁ ᠠ᠁ ᠠ?
ᠰᠦᠨ᠋ᠸ᠄ ᠬᠥᠥᠭ ᠁ ᠡᠨᠡ ᠴᠢᠨᠢ ᠰᠠᠷ᠎ᠠ ᠪᠠᠢᠨ᠎ᠠ ᠰᠢᠲᠠ
ᠬᠢ ᠬᠢ ᠁ ᠶᠠᠮᠠᠷ ᠭᠣᠶᠣ ᠪᠣᠢ?
ᠪᠦᠨ᠋ᠸ᠄ ᠡᠨᠡ ᠬᠠᠷ᠎ᠠ ᠬᠠᠷ᠎ᠠ ᠲᠣᠯᠪᠣ ᠨᠤᠭᠤᠳ ᠨᠢ ᠶᠠᠭᠤ ᠪᠣᠢ?
ᠲᠣᠪᠢ᠄ᠰᠠᠷ᠎ᠠ ᠴᠦᠯᠡᠴᠢᠬᠡᠭᠰᠡᠨ ᠶᠦᠮ ᠠ᠋᠂
ᠪᠦᠨ᠋ᠸ᠄ ᠴᠦᠯᠡᠴᠢᠬᠡᠪᠡ ᠦᠦ? ᠲᠡᠷᠡ ᠴᠢᠨᠢ ᠶᠠᠭᠤ ᠭᠡᠰᠡᠨ ᠦᠭᠡ ᠶᠦᠮ?
ᠲᠣᠪᠢ᠄ ᠡᠳᠦᠷ ᠰᠥᠨᠢ ᠶ᠋ᠢᠨ ᠠᠭᠠᠷ ᠤ᠋ᠨ ᠲᠠᠮᠢᠷᠠᠳᠤᠭᠤᠷ ᠤ᠋ᠨ ᠬᠡᠳᠦ ᠬᠠᠯᠠᠭᠤᠨ ᠬᠡᠳᠦ ᠬᠦᠷᠦᠯᠲᠡ ᠶ᠋ᠢᠨ ᠬᠡᠯᠪᠡᠯᠵᠡᠯ ᠡᠴᠡ ᠡᠭᠦᠰᠦᠭᠰᠡᠨ ᠶᠦᠮ᠃ ᠡᠭᠦᠨ ᠦ᠌ ᠦᠷ᠎ᠡ ᠳ᠋ᠦᠩ ᠳ᠋ᠦ᠍ ᠴᠢᠯᠠᠭᠤ ᠨᠤᠭᠤᠳ ᠬᠠᠭᠠᠷᠠᠵᠤ ᠵᠢᠵᠢᠭ ᠵᠢᠵᠢᠭ ᠬᠡᠰᠡᠭ ᠪᠣᠯᠤᠭᠰᠠᠨ ᠡᠨᠡ ᠴᠠᠭ ᠠᠭᠠᠷ ᠤ᠋ᠨ ᠦᠵᠡᠭᠳᠡᠯ ᠨᠢ ᠰᠡᠭᠦᠯ ᠳ᠋ᠦ᠍ ᠪᠡᠨ ᠰᠠᠷᠠᠨ ᠤ᠋ ᠭᠠᠳᠠᠷᠭᠤ ᠳ᠋ᠤ᠌ ᠡᠯᠡᠰᠦᠨ ᠴᠦᠯ ᠪᠣᠢ ᠪᠣᠯᠭᠠᠭᠰᠠᠨ ᠶᠤᠮ᠃
ᠰᠦᠨ᠋ᠸ᠄ ᠳᠡᠯᠡᠬᠡᠢ ᠡᠴᠡ ᠶᠠᠭᠠᠬᠢᠭᠠᠳ ᠰᠠᠷᠠᠨ ᠤ᠋ ᠬᠡᠯᠪᠡᠷᠢ ᠥᠭᠡᠷ᠎ᠡ ᠪᠡᠷ ᠬᠠᠷᠠᠭᠳᠠᠳᠠᠭ ᠶᠤᠮ?
ᠲᠣᠪᠢ᠄ ᠡᠨᠡ ᠲᠤᠬᠠᠢ ᠶᠠᠷᠢᠪᠠᠯ ᠶᠡᠬᠡ ᠤᠷᠲᠤ ᠲᠡᠦᠬᠡ ᠪᠣᠯᠤᠨ᠎ᠠ᠃ ᠭᠡᠬᠦ ᠳ᠋ᠦ᠍ ᠪᠡᠨ ᠡᠬᠢᠯᠡᠭᠡᠳ ᠪᠢ ᠲᠠ ᠬᠣᠶᠠᠷ ᠲᠤ᠌ ᠰᠠᠷ᠎ᠠ ᠶᠠᠭᠠᠬᠢᠵᠤ ᠪᠣᠢ ᠪᠣᠯᠤᠭᠰᠠᠨ ᠲᠤᠬᠠᠢ ᠬᠡᠯᠡᠵᠦ ᠥᠭᠬᠦᠶ᠎ᠡ ᠯᠡ ᠳᠡ
ᠰᠦᠨ᠋ᠸ᠄ ᠲᠡᠭᠡᠴᠢ᠁
ᠪᠦᠨᠧ᠄ ᠠ᠋ ᠬᠡᠩ
ᠲᠣᠪᠢ᠄ ᠰᠠᠷᠠᠨ ᠤ᠋ ᠡᠭᠦᠰᠦᠯ ᠦ᠋ᠨ ᠲᠤᠬᠠᠢ ᠮᠠᠰᠢ ᠣᠯᠠᠨ ᠲᠠᠭᠠᠮᠠᠭ ᠪᠠᠢᠳᠠᠭ᠃ ᠬᠠᠮᠤᠭ ᠤ᠋ᠨ ᠲᠦᠭᠡᠮᠡᠯ ᠲᠠᠭᠠᠮᠠᠭ ᠨᠢ ᠳᠡᠯᠡᠬᠡᠢ ᠲᠡᠢ ᠨᠢᠭᠡᠨ ᠦᠯᠦ ᠮᠡᠳᠡᠭᠳᠡᠬᠦ ᠨᠢᠭᠡᠨ ᠭᠠᠷᠠᠭ ᠮᠥᠷᠭᠥᠯᠳᠦᠭᠰᠡᠨ ᠪᠥᠭᠡᠳ ᠤᠭ ᠮᠥᠷᠭᠥᠯᠳᠦᠭᠡᠨ ᠡᠴᠡ ᠳᠡᠯᠡᠬᠡᠢ ᠶ᠋ᠢᠨ ᠨᠡᠯᠢᠶᠡᠳ ᠲᠣᠮᠣ ᠬᠡᠰᠡᠭ ᠲᠠᠰᠤᠷᠠᠵᠤ ᠣᠭᠲᠠᠷᠭᠤᠢ ᠳ᠋ᠤ᠌ ᠰᠠᠴᠤᠭᠳᠠᠭᠰᠠᠨ ᠪᠠᠢᠨ᠎ᠠ᠃ ᠤᠭ ᠲᠠᠰᠤᠷᠠᠭᠰᠠᠨ ᠬᠡᠰᠡᠭ ᠦ᠋ᠨ ᠵᠠᠷᠢᠮ ᠨᠢ ᠳᠡᠯᠡᠬᠡᠢ ᠳᠡᠭᠡᠷ᠎ᠡ ᠪᠤᠴᠠᠵᠤ ᠤᠨᠠᠭᠰᠠᠨ ᠪᠣᠯ ᠨᠥᠭᠥᠭᠡ ᠬᠡᠰᠡᠭ ᠨᠢ ᠲᠠᠰᠤᠷᠠᠯ ᠦᠭᠡᠢ ᠳᠡᠷᠡᠨ ᠶᠠᠪᠤᠵᠠᠢ᠃ ᠲᠣᠭᠣᠷᠢᠭ ᠵᠠᠮ ᠳ᠋ᠤ᠌ ᠦᠯᠡᠳᠡᠭᠰᠡᠨ ᠬᠡᠰᠡᠭ ᠨᠦ᠍ᠭᠦᠳ ᠨᠢ ᠨᠢᠭᠡᠳᠴᠦ ᠰᠠᠷ᠎ᠠ ᠪᠣᠢ ᠪᠣᠯᠤᠭᠰᠠᠨ ᠭᠡᠵᠦ ᠦᠵᠡᠳᠡᠭ ᠶᠦ᠍ᠮ᠃
ᠰᠠᠷᠠᠨ ᠤ᠋ ᠳ᠋ᠢᠶᠠᠮᠧᠲ᠋ᠷ ᠨᠢ 3474 ᠺᠢᠯᠣᠮᠧᠲ᠋ᠷ ᠪᠥᠭᠡᠳ ᠡᠨᠡ ᠨᠢ ᠳᠡᠯᠡᠬᠡᠢ ᠶ᠋ᠢᠨ ᠳ᠋ᠢᠶᠠᠮᠧᠲ᠋ᠷ ᠦ᠋ᠨ1/4 ᠲᠡᠢ ᠲᠡᠩᠴᠡᠭᠦᠦ ᠵᠢᠩ ᠦ᠋ᠨ ᠬᠤᠪᠢ ᠳ᠋ᠤ᠌ ᠳᠡᠯᠡᠬᠡᠢ ᠶ᠋ᠢᠨ ᠮᠠᠰ ᠤ᠋ᠨ1/8 ᠲᠡᠢ ᠲᠡᠩᠴᠡᠭᠦᠦ ᠰᠠᠷ᠎ᠠ ᠨᠢ ᠳᠡᠯᠡᠬᠡᠢ ᠶ᠋ᠢ ᠨᠢᠭᠡ ᠪᠦᠲᠦᠨ ᠲᠣᠭᠣᠷᠢᠬᠤ ᠬᠤᠭᠤᠴᠠᠭ᠎ᠠ ᠨᠢ27 ᠠᠷᠪᠠᠨ ᠤ᠋3 ᠡᠳᠦᠷ ᠲᠡᠢ ᠲᠡᠩᠴᠡᠨ᠎ᠡ᠃ ᠪᠠᠰᠠ ᠥᠪᠡᠷ ᠦ᠋ᠨ ᠲᠡᠩᠭᠡᠯᠢᠭ ᠢ᠋ᠶ᠋ᠡᠨ ᠡᠷᠭᠢᠬᠦ ᠬᠤᠭᠤᠴᠠᠭ᠎ᠠ ᠨᠢ ᠴᠦ᠍ ᠬᠣᠷᠢᠨ ᠳᠣᠯᠣᠭ᠎ᠠ ᠠᠷᠪᠠᠨ ᠤ᠋ ᠭᠤᠷᠪᠠᠨ ᠡᠳᠦᠷ ᠪᠠᠢᠳᠠᠭ ᠪᠣᠯᠬᠣᠷ ᠵᠥᠪᠬᠡᠨ ᠨᠢᠭᠡ ᠲᠠᠯ᠎ᠠ ᠯᠠ ᠬᠠᠷᠠᠭᠳᠠᠳᠠᠭ ᠭᠡᠰᠡᠨ ᠦᠭᠡ ᠬᠠᠷᠢᠨ ᠳᠡᠯᠡᠬᠡᠢ ᠡᠴᠡ ᠰᠠᠷᠠᠨ ᠤ᠋ ᠬᠡᠯᠪᠡᠷᠢ ᠥᠭᠡᠷ᠎ᠡ ᠪᠡᠷ ᠬᠠᠷᠠᠭᠳᠠᠳᠠᠭ ᠤᠴᠢᠷ ᠨᠢ ᠰᠠᠷᠠᠨ ᠤ᠋ ᠡᠷᠭᠢᠯᠳᠦᠬᠦ ᠶᠠᠪᠤᠴᠠ ᠳ᠋ᠤ᠌ ᠨᠠᠷᠠᠨ ᠤ᠋ ᠭᠡᠷᠡᠯ ᠦ᠋ᠨ ᠲᠤᠰᠬᠠᠯ ᠠ᠋ᠴᠠ ᠬᠠᠮᠢᠶᠠᠷᠴᠤ ᠪᠠᠢᠭ᠎ᠠ ᠪᠣᠯᠤᠭᠠᠳ ᠯᠠ ᠲᠡᠭᠡᠳᠡᠭ ᠶᠦᠮ ᠰᠢᠦ ᠳᠡ᠃
ᠪᠥᠨ᠋ᠸ᠄ ᠪᠢ ᠰᠠᠷᠠᠨ ᠤ᠋ ᠲᠤᠬᠠᠢ ᠪᠠᠰᠠ ᠮᠡᠳᠡᠨ᠎ᠡ ᠰᠢᠦ!
ᠥᠩ᠁
ᠰᠥᠨ᠋ᠸ᠄ ᠴᠢ ᠶᠠᠭᠤ ᠮᠡᠳᠡᠵᠦ ᠪᠠᠢᠭ᠎ᠠ?
ᠪᠥᠨ᠋ᠸ᠄ ᠡᠨᠡ ᠲᠤᠬᠠᠢ ᠪᠢ ᠦᠯᠢᠭᠡᠷ ᠦ᠋ᠨ ᠨᠣᠮ ᠠ᠋ᠴᠠ ᠤᠩᠰᠢᠭᠰᠠᠨ ᠶᠤᠮ ᠪᠠᠢᠨ᠎ᠠ᠃ ᠣᠭᠲᠠᠷᠭᠤᠢ ᠶ᠋ᠢᠨ ᠨᠣᠬᠠᠢ ᠭᠠᠷᠴᠤ ᠢᠷᠡᠬᠦ ᠳ᠋ᠦ᠍ ᠰᠠᠷ᠎ᠠ ᠲᠡᠭᠦᠨ ᠦ᠌ ᠰᠡᠭᠦᠳᠡᠷ ᠲᠦ᠍ ᠰᠠᠷ᠎ᠠ ᠭᠡᠨᠡᠳᠲᠡ ᠬᠠᠷᠠᠭᠳᠠᠬᠤ ᠦᠭᠡᠢ ᠪᠣᠯᠳᠠᠭ ᠭᠡᠰᠡᠨ ᠠ᠋!
ᠰᠥᠨ᠋ᠸ᠄ ᠬᠢ ᠬᠢ᠁
ᠲᠣᠪᠢ᠄ ᠬᠢ ᠬᠢ᠁
ᠰᠦᠨᠧ᠄ ᠲᠠ ᠬᠣᠶᠠᠷ ᠨᠠᠮ᠎ᠠ ᠶ᠋ᠢ ᠱᠣᠭᠯᠠᠭᠠᠳ ᠪᠠᠢᠭ᠎ᠠ ᠶᠤᠮ ᠤᠤ?
ᠲᠣᠪᠢ᠄ ᠲᠡᠭᠡᠪᠡᠯ ᠲᠡᠷᠡ ᠨᠣᠬᠠᠢ ᠴᠢᠨᠢ ᠦᠨᠡᠬᠡᠷ ᠲᠣᠮᠣ ᠪᠠᠢᠬᠤ ᠶᠣᠰᠣᠲᠠᠢ ᠶᠤᠮ ᠪᠠᠢᠨ᠎ᠠ ᠯᠠ ᠳᠠ᠃
ᠬᠡ ᠬᠡ᠁
ᠰᠥᠨ᠋ᠸ᠄ ᠬᠢ ᠬᠢ᠁
ᠲᠣᠪᠢ᠄ ᠦᠭᠡᠢ ᠳᠡ᠂ ᠨᠠᠭᠠᠳᠤᠬᠢ ᠴᠢᠨᠢ ᠰᠠᠷᠠᠨ ᠤ᠋ ᠭᠬᠢᠷᠲᠦᠯᠲᠡ ᠭᠡᠳᠡᠭ ᠪᠠᠢᠬᠤ ᠦᠭᠡᠢ ᠦᠦ?
ᠪᠦᠨᠧ᠄ ᠥ᠁
ᠲᠣᠪᠢ᠄ ᠪᠢ ᠲᠠ ᠬᠣᠶᠠᠷ ᠲᠤ᠌ ᠨᠠᠷᠠ ᠰᠠᠷ᠎ᠠ ᠶ᠋ᠢᠨ ᠭᠬᠢᠷᠲᠦᠯᠲᠡ ᠶ᠋ᠢᠨ ᠲᠤᠬᠠᠢ ᠶᠠᠷᠢᠵᠤ ᠦᠭᠬᠦᠶ᠎ᠡ ᠯᠡ ᠳᠡ!
ᠰᠥᠨ᠋ᠸ᠄ ᠠ᠋! ᠬᠦᠩ᠁
ᠲᠣᠪᠢ᠄ ᠭᠬᠢᠷᠲᠦᠯᠲᠡ ᠨᠢ ᠨᠠᠷᠠ ᠰᠠᠷ᠎ᠠ ᠳᠡᠯᠡᠬᠡᠢ ᠶ᠋ᠢᠨ ᠪᠠᠢᠷᠢᠰᠢᠯ ᠠ᠋ᠴᠠ ᠪᠣᠯᠵᠤ ᠦᠵᠡᠭᠳᠡᠳᠡᠭ ᠪᠠᠢᠭᠠᠯᠢ ᠶ᠋ᠢᠨ ᠦᠵᠡᠭᠳᠡᠯ᠂ ᠨᠠᠷᠠᠨ ᠤ᠋ ᠭᠬᠢᠷᠲᠦᠯᠲᠡ ᠭᠡᠳᠡᠭ ᠨᠢ ᠨᠠᠷᠠ ᠳᠡᠯᠡᠬᠡᠢ ᠬᠣᠶᠠᠷ ᠤ᠋ᠨ ᠬᠣᠭᠣᠷᠣᠨᠳᠣ ᠰᠠᠷ᠎ᠠ ᠣᠷᠣᠵᠤ ᠳᠡᠯᠡᠬᠡᠢ ᠡᠴᠡ ᠬᠠᠷᠠᠬᠤ ᠳ᠋ᠤ᠌ ᠨᠠᠷᠠ ᠰᠠᠷᠠᠨ ᠳ᠋ᠤ᠌ ᠬᠠᠯᠬᠠᠯᠠᠭᠳᠠᠵᠤ ᠬᠠᠷᠠᠭᠳᠠᠬᠤ ᠦᠭᠡᠢ ᠪᠣᠯᠬᠤ ᠦᠵᠡᠭᠳᠡᠯ ᠢ᠋ ᠬᠡᠯᠡᠳᠡᠭ᠃ ᠬᠠᠷᠢᠨ ᠰᠠᠷ᠎ᠠ ᠨᠠᠷᠠ ᠬᠣᠶᠠᠷ ᠤ᠋ᠨ ᠬᠣᠭᠣᠷᠣᠨᠳᠣ ᠳᠡᠯᠡᠬᠡᠢ ᠣᠷᠣᠵᠤ ᠳᠡᠯᠡᠬᠡᠢ ᠶ᠋ᠢᠨ ᠰᠡᠭᠦᠳᠡᠷ ᠰᠠᠷᠠᠨ ᠳᠡᠭᠡᠷ᠎ᠡ ᠲᠤᠰᠬᠤ ᠦᠵᠡᠭᠳᠡᠯ ᠢ᠋ ᠰᠠᠷᠠᠨ ᠤ᠋ ᠭᠬᠢᠷᠲᠦᠯᠲᠡ ᠭᠡᠳᠡᠭ ᠶᠦ᠍ᠮ᠃
ᠪᠥᠨ᠋ᠸ᠄ ᠬᠥᠥᠭ᠁ ᠲᠣᠪᠢ ᠴᠢ ᠦᠨᠡᠬᠡᠷ ᠤᠬᠠᠭᠠᠨ ᠲᠠᠢ ᠶᠤᠮ ᠠ᠋!
ᠰᠥᠨ᠋ᠸ᠄ ᠰᠠᠷᠠᠨ ᠳᠡᠭᠡᠷ᠎ᠡ ᠬᠠᠮᠤᠭ ᠤ᠋ᠨ ᠠᠩᠬ᠎ᠠ ᠨᠸᠢᠢᠯ ᠠᠷᠮᠰᠲ᠋ᠷᠣᠩ ( Neil Armstrong)ᠭᠡᠳᠡᠭ ᠠᠮᠧᠷᠢᠺᠠ ᠰᠠᠨᠰᠠᠷ ᠤ᠋ᠨ ᠨᠢᠰᠦᠭᠴᠢ ᠪᠠᠭᠤᠭᠰᠠᠨ ᠭᠡᠵᠦ ᠤᠩᠰᠢᠵᠤ ᠪᠠᠢᠭᠰᠠᠨ ᠪᠠᠢᠨ᠎ᠠ᠃
ᠪᠥᠨ᠋ᠸ᠄ ᠲᠡᠢᠮᠦ ᠤᠤ?
ᠰᠥᠨ᠋ᠸ᠄ ᠲᠡᠷᠡ ᠶ᠋ᠢ ᠬᠠᠷ᠎ᠠ ᠳᠠ! ᠭᠠᠯᠲᠤ ᠠᠭᠤᠯᠠ ᠶ᠋ᠢᠨ ᠲᠣᠭᠣᠭ᠎ᠠ ᠪᠠᠢᠨ᠎ᠠ᠃
ᠪᠦᠨᠧ᠄ ᠠᠯᠢ
ᠲᠣᠪᠢ᠄ ᠲᠡᠢᠮᠦ ᠠ᠋! ᠡᠨᠡ ᠶ᠋ᠢ ᠺᠣᠫᠢᠨᠢᠺᠣᠯᠢᠰ ᠤ᠋ᠨ ᠲᠣᠭᠣᠭ᠎ᠠ ᠭᠡᠳᠡᠭ ᠶᠦᠮ᠂ ᠣᠳᠣ ᠠ᠋ᠴᠠ ᠨᠠᠢ᠍ᠮᠠᠨ ᠵᠠᠭᠤᠨ ᠰᠠᠶ᠎ᠠ ᠵᠢᠯ ᠦ᠋ᠨ ᠡᠮᠦᠨ᠎ᠡ ᠰᠠᠷᠠᠨ ᠤ᠋ ᠭᠠᠳᠠᠷᠭᠤ ᠳᠡᠭᠡᠷ᠎ᠡ ᠰᠣᠯᠢᠷ ᠤᠨᠠᠭᠰᠠᠨ ᠠ᠋ᠴᠠ ᠪᠣᠯᠵᠤ ᠡᠭᠦᠰᠦᠭᠰᠡᠨ ᠭᠡᠳᠡᠭ ᠶᠦ᠍ᠮ ᠳᠡ
ᠪᠦᠨᠧ᠄ ᠢᠩᠭᠢᠭᠡᠳ ᠴᠢ ᠶᠡᠷᠦ ᠨᠢ ᠦᠨᠡᠨ ᠶᠠᠷᠢᠵᠤ ᠪᠠᠢᠨ᠎ᠠ ᠤᠤ? ᠪᠢ ᠯᠠᠪ ᠴᠢᠮ᠎ᠠ ᠠ᠋ᠴᠠ ᠯᠠ ᠡᠨᠡ ᠪᠦᠬᠦᠨ ᠢ᠋ ᠰᠣᠨᠣᠰᠴᠤ ᠪᠠᠢᠨ᠎ᠠ᠂ ᠴᠢ ᠢᠩᠭᠢᠬᠦ ᠳ᠋ᠦ᠍ ᠬᠠᠮᠢᠭ᠎ᠠ ᠠ᠋ᠴᠠ ᠪᠠᠨ ᠡᠢᠮᠦ ᠶᠡᠬᠡ ᠶᠠᠭᠤᠮ᠎ᠠ ᠶ᠋ᠢ ᠮᠡᠳᠡᠵᠦ ᠠᠪᠤᠭᠰᠠᠨ ᠶᠤᠮ ᠪᠣᠢ?
ᠲᠣᠪᠢ᠄ ᠪᠢ ᠰᠤᠷᠭᠠᠭᠤᠯᠢ ᠳ᠋ᠤ᠌ ᠰᠤᠷᠴᠤ ᠪᠠᠢᠬᠤ ᠳ᠋ᠠᠭᠠᠨ ᠮᠡᠳᠡᠵᠦ ᠠᠪᠤᠭᠰᠠᠨ ᠶᠤᠮ ᠠ᠋!
ᠰᠥᠨ᠋ᠸ᠄ ᠰᠤᠷᠭᠠᠭᠤᠯᠢ ᠠ᠋! ᠲᠠᠨ ᠤ᠋ ᠭᠠᠷᠠᠭ ᠳᠡᠭᠡᠷ᠎ᠡ ᠪᠠᠰᠠ ᠰᠤᠷᠭᠠᠭᠤᠯᠢ ᠬᠦᠷᠲᠡᠯ᠎ᠡ ᠪᠠᠢᠳᠠᠭ ᠬᠡᠷᠡᠭ ᠦᠦ? ᠴᠢ ᠬᠡᠳᠦᠳᠦᠭᠡᠷ ᠠᠩᠭᠢ ᠳ᠋ᠤ᠌ ᠰᠤᠷᠳᠠᠭ?
ᠲᠣᠪᠢ᠄ ᠮᠠᠨ ᠤ᠋ ᠰᠤᠷᠭᠠᠭᠤᠯᠢ ᠳ᠋ᠤ᠌ ᠠᠩᠭᠢ ᠭᠡᠵᠦ ᠪᠠᠢᠬᠤ ᠦᠭᠡᠢ
ᠰᠥᠨ᠋ᠸ᠄ ᠠ!
ᠲᠣᠪᠢ᠄ ᠪᠢᠳᠡ ᠨᠠᠷ ᠠᠢᠺᠦ ᠶ᠋ᠢᠨ ᠲᠦᠪᠰᠢᠨ ᠢ᠋ᠶ᠋ᠡᠷ ᠢ᠋ᠶ᠋ᠡᠨ ᠠᠩᠭᠢᠯᠠᠭᠳᠠᠳᠠᠭ ᠳᠠ᠃
ᠰᠥᠨ᠋ᠸ᠄ ᠬᠦᠩ!᠁
ᠲᠣᠪᠢ᠄ ᠮᠢᠨᠦ ᠠᠢᠺᠦ1800 ᠪᠢ ᠰᠣᠨᠣᠰᠤᠭᠰᠠᠨ ᠪᠦᠬᠦ ᠵᠦᠢᠯ ᠢ᠋ᠶ᠋ᠡᠨ ᠮᠠᠷᠲᠠᠳᠠᠭ ᠦᠭᠡᠢ᠃
ᠰᠥᠨ᠋ᠸ ᠂ᠪᠥᠨ᠋ᠸ᠄ ᠬᠥᠥᠭ᠁
ᠪᠥᠨ᠋ᠸ᠄ 1800?
ᠰᠥᠨ᠋ᠸ᠄ ᠠ⁉
ᠪᠥᠨ᠋ᠸ᠄ ᠭᠠᠢᠬᠠᠯᠲᠠᠢ ᠶᠤᠮ ᠠ᠋! ᠮᠢᠨᠦᠬᠢ ᠡᠴᠡ18 ᠳᠠᠬᠢᠨ ᠥᠨᠳᠥᠷ ᠪᠠᠢᠨ᠎ᠠ ᠶᠤᠮ ᠰᠢᠳᠡ!
ᠰᠥᠨ᠋ᠸ᠄ ᠦᠭᠡᠢ᠂ ᠠᠢ᠁ ᠲᠣᠪᠢ ᠡᠨᠡ ᠶᠠᠭᠤ ᠪᠣᠯᠤᠭᠠᠳ ᠪᠠᠢᠨ᠎ᠠ?
ᠲᠣᠪᠢ᠄ ᠪᠢᠳᠡ ᠬᠡᠲᠦᠷᠬᠡᠢ ᠬᠣᠯᠠ ᠶᠠᠪᠤᠴᠢᠬᠠᠵᠠᠢ᠂ ᠬᠥᠯᠭᠡ ᠶ᠋ᠢᠨ ᠴᠠᠬᠢᠯᠭᠠᠨ ᠡᠷᠴᠢᠮ ᠬᠦᠴᠦ ᠪᠠᠭᠠᠰᠴᠤ ᠪᠠᠢᠭ᠎ᠠ ᠪᠣᠯᠤᠯᠲᠠᠢ
ᠪᠥᠨ᠋ᠸ᠂ ᠰᠥᠨ᠋ᠸ᠄ ᠠ ᠠ᠁ ᠠ ᠡᠩ᠁
ᠲᠣᠪᠢ᠄ ᠡᠨᠳᠡ ᠰᠠᠷᠠᠨ ᠤ᠋ ᠪᠠᠭᠠᠵᠠ ᠳ᠋ᠤ᠌ ᠪᠠᠭᠤᠶ᠎ᠠ
ᠰᠥᠨ᠋ᠸ ᠄ ᠠ⁉
ᠪᠦᠨ᠋ᠸ᠄ ᠬᠥᠥᠭ᠁
ᠦᠰᠦᠭ ᠠᠮᠢᠯᠠᠭᠤᠯᠤᠨ ᠬᠠᠳᠠᠭ᠍ᠰᠠᠨ ᠨᠢ᠄ ᠪᠦᠷᠢᠨᠴᠡᠴᠡᠭ
ᠬᠢᠨᠠᠭᠴᠢ᠄ ᠱᠤᠳᠤᠷᠭᠤ᠂ ᠾᠦᠩ ᠸᠧᠢ᠂ ᠳ ᠂ ᠪᠥᠬᠡᠴᠢᠯᠠᠭᠤ
ᠲᠠᠢᠯᠪᠤᠷᠢ᠄
ᠪᠠᠭᠠᠵᠠ ᠣᠷᠣᠰ ᠭᠠᠷᠤᠯ ᠲᠠᠢ ᠦᠭᠡ᠂ ᠰᠠᠭᠤᠷᠢᠨ ᠭᠠᠵᠠᠷ ᠭᠡᠬᠦ ᠤᠳᠬ᠎ᠠ ᠲᠠᠢ
