1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 3-10 ᠡᠪᠲᠡᠢ ᠳᠥᠷᠪᠡᠨ ᠠᠮᠢᠲᠠᠨМөнх Тунх-Эвтэй дөрвөн амьтан

ᠮᠥᠩᠬᠡ ᠲᠤᠩᠬᠤ 3-10 ᠡᠪᠲᠡᠢ ᠳᠥᠷᠪᠡᠨ ᠠᠮᠢᠲᠠᠨМөнх Тунх-Эвтэй дөрвөн амьтан

2023-08-13

658

ᠡᠪᠲᠡᠢ ᠳᠥᠷᠪᠡᠨ ᠠᠮᠢᠲᠠᠨ

                  ᠡᠨᠡᠳᠬᠡᠭ ᠠᠷᠠᠳ ᠊ᠤᠨ ᠦᠯᠢᠭᠡᠷ 
ᠠᠷᠸ᠎ᠠ᠄ ᠥᠩ! ᠥ᠂ ᠶᠠᠭᠠᠬᠢᠭᠠᠳ ᠪᠠᠢᠨ᠎ᠠ!ᠰᠣᠨᠢᠨ ᠶᠤᠮ ᠳᠠ! 
ᠮᠥᠩᠬᠡ᠄ ᠡᠠᠢ ᠳᠠ!ᠨᠠᠷᠠ ᠡᠭᠡᠭᠡᠭᠰᠡᠨ ᠶᠠᠭᠠᠬᠢᠭᠰᠠᠨ ᠰᠠᠢᠬᠠᠨ ᠲᠤᠩᠭᠠᠯᠠᠭ ᠥᠷᠯᠥᠭᠡ ᠪᠣᠢ ? 
ᠲᠤᠩᠬᠤ᠄ ᠥᠷᠯᠥᠭᠡᠨ ᠊ᠤ ᠮᠡᠨᠳᠦ ᠮᠥᠩᠬᠡ ᠰᠡᠮ᠎ᠡ ᠠ᠋! 
ᠮᠥᠩᠬᠡ᠄ ᠥ᠂ ᠥᠷᠯᠥᠭᠡᠨ ᠊ᠤ ᠮᠡᠨᠳᠦ᠂ ᠲᠤᠩᠬᠤ ᠴᠢᠦᠸ᠎ᠠ! 
ᠲᠤᠩᠬᠤ᠄ ᠥ᠂ ᠥᠷᠯᠥᠭᠡᠨ ᠊ᠤ ᠮᠡᠨᠳᠦ᠂ ᠴᠠᠰᠤᠬᠠᠨᠰᠠ! 
ᠮᠥᠩᠬᠡ᠄ ᠥ᠂ ᠥᠷᠯᠥᠭᠡᠨ ᠊ᠤ ᠮᠡᠨᠳᠦ᠂ ᠪᠠᠰᠠᠷᠴᠠ! ᠥ᠂ ᠬᠠᠢᠷᠠᠲᠤ ᠠᠬ᠎ᠠ  ᠶ᠋ᠢ ᠪᠡᠨ ᠶᠠᠭ ᠮᠠᠷᠲᠠᠬᠤ ᠭᠡᠵᠦ ᠪᠠᠢᠨ᠎ᠠ ᠱᠢᠳᠡ᠃ᠥᠷᠯᠥᠭᠡᠨ ᠊ᠤ ᠮᠡᠨᠳᠦ᠂ ᠠᠷᠸ᠎ᠠ ᠠᠬ᠎ᠠ᠂ ᠰᠠᠮᠢᠳᠠ ᠮᠠᠮᠢᠳᠠ! 
ᠪᠦᠭᠦᠳᠡᠭᠡᠷ᠄ ᠬᠡ ᠬᠡ ᠬᠡ!
ᠠᠷᠸ᠎ᠠ᠄ ᠵᠠ᠂ ᠰᠠᠢᠬᠠᠨ ᠠᠮᠠᠷᠠᠵᠠᠭᠠᠭᠰᠠᠨ ᠤᠤ?
ᠮᠥᠩᠬᠡ᠄ ᠰᠠᠢᠬᠠᠨ᠂ ᠶᠠᠩᠵᠤ ᠶ᠋ᠢᠨ ᠰᠠᠢᠬᠠᠨ ᠠᠮᠠᠷᠠᠯ᠎ᠠ᠃
ᠲᠤᠩᠬᠤ᠄ ᠰᠠᠢᠬᠠᠨ ᠠᠮᠠᠷᠠᠯ᠎ᠠ᠂ ᠲᠠ ᠰᠠᠢᠬᠠᠨ ᠠᠮᠠᠷᠠᠭᠰᠠᠨ ᠤᠤ?
ᠠᠷᠸ᠎ᠠ᠄ ᠥ᠂ ᠰᠠᠢᠬᠠᠨ ᠰᠠᠢᠬᠠᠨ᠂ ᠶᠠᠭᠠᠬᠢᠭᠰᠠᠨ ᠰᠠᠢᠬᠠᠨ ᠡᠪ ᠲᠡᠢ ᠨᠠᠢᠷ ᠲᠠᠢ ᠥᠷᠯᠥᠭᠡ ᠪᠠᠢᠬᠤ ᠶᠤᠮ ᠳᠠ᠂ ᠠ᠂ ᠬᠡ ᠬᠡ ᠬᠡ᠂ ᠥᠷᠯᠥᠭᠡᠨ ᠊ᠤ ᠴᠠᠢ ᠪᠠᠨ ᠤᠤᠭᠤᠭᠰᠠᠨ ᠤᠤ?
ᠲᠤᠩᠬᠤ᠄ ᠤᠤᠭᠤᠭᠰᠠᠨ ᠠ᠋᠂ ᠥᠷᠥᠮ᠎ᠡ ᠲᠡᠢ ᠲᠠᠯᠬ᠎ᠠ ᠢᠳᠡᠭᠰᠡᠨ᠃
ᠮᠥᠩᠬᠡ᠄ ᠥ᠂ ᠥᠷᠥᠮ᠎ᠡ ᠲᠡᠢ ᠲᠠᠯᠬ᠎ᠠ ᠤᠤ?ᠠᠮᠲᠠ ᠭᠡᠵᠦ ᠶᠠᠩᠵᠤ ᠲᠠᠢ ᠪᠠᠢᠭᠰᠠᠨ ᠱᠢᠦ! ᠬᠡ᠁
ᠲᠤᠩᠬᠤ᠄ ᠬᠢ᠁
ᠮᠥᠩᠬᠡ᠄ ᠪᠢ ᠭᠡᠬᠦ ᠳ᠋ᠦ᠍ ᠪᠡᠨ ᠠᠷᠠᠢ ᠪᠠᠭ᠎ᠠ ᠢᠳᠡᠭᠰᠡᠨ᠂ ᠶᠡᠷᠦ ᠨᠢ ᠠᠶᠠᠯᠠᠯ  ᠳ᠋ᠤ᠌ ᠪᠠᠨ ᠥᠯᠥᠰᠴᠦ ᠮᠠᠭᠠᠳ ᠦᠭᠡᠢ ᠭᠡᠳ ᠵᠢᠭᠠᠬᠠᠨ ᠥᠷᠥᠮ᠎ᠡ ᠠᠭᠠᠷᠴᠠ ᠠᠪᠤᠭᠠᠳ ᠶᠠᠪᠤᠶ᠎ᠠ!
ᠠᠷᠸ᠎ᠠ᠄ᠵᠠ᠂ ᠡᠠᠬ᠎ᠠ ᠨᠢ ᠲᠥᠬᠥᠭᠡᠷᠦᠮᠵᠢ ᠪᠡᠨ ᠶᠠᠩᠵᠤᠯᠠᠭᠠᠳ ᠲᠡᠭᠡᠶ᠎ᠡ᠂᠂ᠰᠢᠰᠲ᠋ᠧᠮ  ᠳ᠋ᠦ᠍ ᠨᠢᠭᠡ ᠰᠣᠨᠢᠨ ᠵᠦᠢᠯ ᠊ᠤᠳ ᠬᠠᠷᠠᠭᠳᠠᠭᠠᠳ ᠪᠠᠢᠨ᠎ᠠ᠃
ᠮᠥᠩᠬᠡ᠄ ᠫᠥᠬᠥ᠂ ᠶᠠᠭᠤ ᠪᠣᠯᠤᠭᠰᠠᠨ ᠶᠤᠮ ᠪᠣᠯ ᠠ᠋ ᠂ ᠶᠠᠭᠠᠬᠢᠨ᠎ᠠ᠂ ᠦᠯᠢᠭᠡᠷ ᠢ᠋ᠶ᠋ᠡᠷ ᠠᠶᠠᠯᠠᠬᠤ ᠪᠠᠨ ᠪᠣᠯᠢᠵᠤ ᠪᠠᠢᠭ᠎ᠠ ᠶᠤᠮ ᠪᠢᠱᠢ ᠪᠢᠵᠡ ᠳᠡ᠂ᠶᠠᠭᠤ ᠪᠣᠯᠬᠤ ᠨᠢ ᠡᠨᠡ ᠪᠣᠢ?
ᠲᠤᠩᠬᠤ᠄ ᠥ!
ᠠᠷᠸ᠎ᠠ᠄ ᠬᠥᠶᠢ ᠬᠥᠶᠢ᠂ ᠬᠡ ᠬᠡ᠂ ᠲᠠᠢᠪᠤᠱᠢᠷᠠ᠂ ᠬᠡ ᠬᠡ᠂ ᠫᠤᠷᠮᠠᠨᠳᠠᠯᠠᠭᠠᠳ( ᠴᠡᠪᠡᠷᠯᠡᠭᠡᠳ) ᠪᠣᠯᠤᠭ᠎ᠠ ᠱᠢᠦ ᠳᠡ᠂ᠲᠦᠷ ᠬᠦᠯᠢᠶᠡ᠂ ᠮᠢᠨᠦ ᠳᠡᠭᠦᠦ ᠨᠠᠷ
ᠮᠥᠩᠬᠡ᠄ ᠠ!ᠮᠡᠳᠡᠵᠦ ᠯᠠ ᠪᠠᠢᠨ᠎ᠠ ᠱᠢᠳᠡ᠂ ᠠᠷᠸ᠎ᠠ ᠠᠬ᠎ᠠ ᠠ᠋᠂ ᠬᠡ ᠬᠡ
ᠲᠤᠩᠬᠤ᠄ ᠬᠡ ᠬᠡ ᠬᠢ ᠬᠢ!
ᠡᠪ ᠦᠭᠡᠢ ᠮᠥᠩᠬᠡ᠄ᠵᠠ᠂ ᠮᠠᠨ ᠤ᠋ ᠬᠢ ᠠ᠋᠂ ᠪᠡᠯᠡᠨ ᠦᠦ?
ᠡᠩ ᠦᠭᠡᠢ ᠲᠤᠩᠬᠤ᠄ ᠪᠢ ᠪᠡᠯᠡᠨ?
ᠰᠠᠬᠢᠯᠭ᠎ᠠ ᠦᠭᠡᠢ ᠪᠠᠰᠠᠷ᠄ ok yes (ᠲᠡᠢᠮᠦ ᠠ᠋)!
ᠰᠠᠨᠠᠭᠠᠲᠤ ᠴᠠᠰᠤᠬᠠᠨ᠄ ok (ᠵᠠ!)
ᠠᠷᠸ᠎ᠠ᠄ ᠵᠠ᠂ ᠲᠠ ᠨᠠᠷ ᠮᠠᠨᠢ ᠪᠡᠯᠡᠨ ᠦᠦ?
ᠮᠥᠩᠬᠡ᠂ ᠲᠤᠩᠬᠤ᠄᠂ᠪᠡᠯᠡᠨ!
ᠡᠨᠡᠳᠬᠡᠭ ᠠᠷᠠᠳ ᠊ᠤᠨ ᠦᠯᠢᠭᠡᠷ ᠡᠪᠲᠡᠢ ᠳᠥᠷᠪᠡᠨ ᠠᠮᠢᠲᠠᠨ
ᠡᠷᠲᠡ ᠤᠷᠢᠳᠤ ᠴᠠᠭ ᠲᠤ᠌ ᠨᠢᠭᠡᠨ ᠰᠠᠢᠬᠠᠨ ᠣᠢ ᠮᠣᠳᠣᠨ ᠳ᠋ᠤ᠌ ᠲᠠᠭᠲᠠᠭ᠎ᠠ ᠲᠠᠤᠯᠠᠢ ᠰᠠᠷᠮᠠᠭᠴᠢᠨ ᠵᠠᠭᠠᠨ ᠳᠥᠷᠪᠡ ᠣᠯᠠᠨ ᠵᠢᠯ ᠬᠠᠮᠲᠤ ᠠᠮᠢᠳᠤᠷᠠᠵᠤ ᠪᠠᠢᠵᠠᠢ᠃ ᠲᠡᠷᠡ ᠳᠥᠷᠪᠡ ᠡᠪᠲᠡᠢ ᠰᠠᠢᠬᠠᠨ ᠰᠠᠭᠤᠬᠤ ᠠ᠋ᠴᠠ ᠭᠠᠳᠠᠨ᠎ᠠ ᠨᠢ ᠠᠬ᠎ᠠ  ᠵᠢ ᠪᠡᠨ ᠬᠦᠨᠳᠦᠯᠡᠨ ᠡᠷᠭᠦᠵᠦ ᠲᠠᠭᠠᠯᠠᠯ  ᠵᠢᠠᠷ ᠨᠢ ᠶᠠᠪᠤᠶ᠎ᠠ ᠭᠡᠵᠦ ᠬᠡᠯᠡᠯᠴᠡᠭᠡᠳ᠂ᠬᠡᠨ ᠨᠢ ᠠᠬ᠎ᠠ ᠪᠣᠯᠬᠤ ᠵᠢ ᠪᠡᠶ᠎ᠡ ᠪᠠᠶᠠᠨ ᠠ᠋ᠴᠠ ᠪᠠᠨ ᠠᠰᠠᠭᠤᠵᠠᠢ ᠭᠡᠨ᠎ᠡ᠃
ᠲᠡᠨᠳᠡ ᠨᠢᠭᠡ ᠲᠣᠮᠣ ᠮᠣᠳᠣ ᠤᠷᠭᠤᠵᠤ ᠪᠠᠢᠵᠠᠢ᠃ ᠵᠠᠭᠠᠨ ᠲᠡᠷᠡ ᠮᠣᠳᠣ  ᠵᠢ ᠵᠢᠭᠠᠵᠤ᠂ ᠨᠠᠮ᠎ᠠ  ᠶ᠋ᠢ ᠲᠤᠭᠤᠯ ᠪᠠᠢᠬᠤ ᠳ᠋ᠤ᠌ ᠡᠨᠡ ᠮᠣᠳᠣ ᠨᠠᠮ᠎ᠠ ᠲᠠᠢ ᠰᠠᠴᠠᠭᠤᠬᠠᠨ ᠪᠠᠢᠭᠰᠠᠨ᠂ ᠪᠢ ᠱᠦᠷᠭᠦᠭᠡᠳᠡᠭ ᠪᠠᠢᠭᠰᠠᠨ ᠭᠡᠵᠡᠢ᠃ ᠪᠠᠴᠢ ᠬᠡᠯᠡᠪᠡ᠃ᠨᠠᠮ᠎ᠠ  ᠶ᠋ᠢ ᠵᠢᠭᠠᠬᠠᠨ ᠪᠠᠢᠬᠤ  ᠳ᠋ᠤ᠌ ᠡᠨᠡ ᠮᠣᠳᠣ ᠲᠣᠭᠯᠠᠬᠤ ᠳᠡᠭᠦᠯᠢᠬᠦ ᠮᠥᠴᠢᠷ ᠦᠭᠡᠢ ᠨᠠᠮ᠎ᠠ ᠲᠠᠢ ᠠᠳᠠᠯᠢᠬᠠᠨ ᠪᠠᠢᠭᠰᠠᠨ ᠲᠤᠯᠠ ᠰᠡᠭᠦᠳᠡᠷ ᠨᠢ ᠨᠠᠮ᠎ᠠ ᠶ᠋ᠢ ᠠᠷᠠᠢ ᠴᠢᠮᠠᠢ ᠬᠠᠯᠬᠠᠯᠠᠳᠠᠭ ᠪᠠᠢᠭᠰᠠᠨ ᠭᠡᠪᠡ᠃ ᠲᠠᠤᠯᠠᠢ ᠬᠡᠯᠡᠪᠡ᠃ᠨᠠᠮ᠎ᠠ  ᠶ᠋ᠢ ᠪᠠᠭ᠎ᠠ ᠪᠠᠢᠬᠤ ᠳ᠋ᠤ᠌ ᠮᠣᠳᠣ ᠳᠥᠩᠭᠡᠵᠢ ᠦᠨᠳᠦᠰᠦᠯᠡᠵᠦ ᠪᠠᠢᠭᠰᠠᠨ ᠲᠤᠯᠠ ᠦᠨᠳᠦᠰᠦᠨ ᠡᠴᠡ ᠨᠢ ᠮᠠᠯᠲᠠᠵᠤ ᠢᠳᠡᠳᠡᠭ ᠪᠠᠢᠭᠰᠠᠨ ᠭᠡᠵᠡᠢ᠃ᠭᠡᠲᠡᠯ᠎ᠡ ᠲᠠᠭᠲᠠᠭ᠎ᠠ ᠬᠡᠯᠡᠪᠡ᠃ ᠪᠢ ᠡᠨᠡ ᠮᠣᠳᠣᠨ ᠊ᠤ ᠦᠷ᠎ᠡ  ᠶ᠋ᠢ ᠵᠠᠭᠤᠵᠤ ᠢᠷᠡᠭᠡᠳ ᠡᠨᠳᠡ ᠤᠨᠠᠭᠠᠴᠢᠬᠠᠭᠰᠠᠨ ᠶᠤᠮ᠃ ᠲᠡᠭᠡᠭᠡᠳ ᠡᠨᠡ ᠮᠣᠳᠣ ᠤᠷᠭᠤᠭᠰᠠᠨ ᠪᠢᠯᠡ ᠭᠡᠪᠡ᠃ ᠡᠢᠮᠦ ᠪᠣᠯᠬᠣᠷ ᠠᠬᠠᠮᠠᠳ ᠨᠢ ᠲᠠᠭᠲᠠᠭ᠎ᠠ᠂᠂ᠳᠡᠭᠦᠦ ᠨᠢ ᠲᠠᠤᠯᠠᠢ᠂ ᠲᠠᠤᠯᠠᠢ  ᠵᠢᠨ ᠳᠡᠭᠦᠦ ᠨᠢ ᠰᠠᠷᠮᠠᠭᠴᠢᠨ᠂ᠣᠳᠬᠣᠨ ᠳᠡᠭᠦᠦ ᠨᠢ ᠵᠠᠭᠠᠨ ᠪᠣᠯᠵᠤ ᠲᠠᠭᠠᠷᠠᠵᠠᠢ᠃ᠳᠡᠭᠦᠦ ᠨᠢ ᠠᠬ᠎ᠠ  ᠵᠢ ᠪᠡᠨ ᠬᠦᠨᠳᠦᠯᠡᠬᠦ ᠪᠠᠷ ᠬᠡᠯᠡᠯᠴᠡᠭᠰᠡᠨ ᠲᠤᠯᠠ ᠵᠠᠭᠠᠨ ᠰᠠᠷᠮᠠᠭᠴᠢᠨ ᠢ᠋ ᠬᠦᠨᠳᠦᠯᠡᠵᠦ ᠨᠢᠷᠤᠭᠤᠨ ᠳᠡᠭᠡᠷ᠎ᠡ ᠪᠠᠨ ᠭᠠᠷᠭᠠᠪᠠ᠃ᠰᠠᠷᠮᠠᠭᠴᠢᠨ ᠲᠠᠤᠯᠠᠢ  ᠵᠢ ᠠᠬ᠎ᠠ ᠭᠡᠵᠦ ᠮᠥᠷᠦᠨ ᠳᠡᠭᠡᠷ᠎ᠡ ᠪᠠᠨ ᠰᠠᠭᠤᠯᠭᠠᠪᠠ᠃ ᠲᠠᠤᠯᠠᠢ ᠨᠢ ᠲᠠᠭᠲᠠᠭ᠎ᠠ  ᠵᠢ ᠠᠬ᠎ᠠ ᠭᠡᠵᠦ ᠳᠡᠭᠡᠷ᠎ᠡ ᠪᠠᠨ ᠭᠠᠷᠭᠠᠪᠠᠯ᠂ᠲᠡᠷᠡ ᠨᠢ ᠥᠨᠥᠬᠢ ᠲᠣᠮᠣ ᠮᠣᠳᠣᠨ ᠊ᠤ ᠦᠷ᠎ᠡ ᠵᠢᠮᠢᠰ ᠲᠦ᠍ ᠭᠦᠷᠦᠨ ᠠᠪᠴᠤ᠂ᠳᠡᠭᠦᠦ ᠨᠠᠷ ᠲᠦ᠍ ᠪᠠᠨ ᠲᠦᠭᠡᠭᠡᠨ ᠥᠭᠴᠦ ᠢᠪᠡᠭᠡᠳᠡᠭ ᠪᠣᠯᠵᠠᠢ᠃ ᠲᠡᠢᠨ ᠬᠦ᠌ ᠳᠥᠷᠪᠡᠨ ᠠᠮᠢᠲᠠᠨ ᠬᠦᠨᠳᠦᠯᠡᠬᠦ ᠪᠠ ᠲᠡᠳᠬᠦᠬᠦ ᠶᠣᠰᠣᠨ ᠲᠡᠭᠦᠰ ᠪᠣᠯᠵᠤ᠂ᠡᠪᠲᠡᠢ ᠨᠠᠢᠷᠲᠠᠢ ᠠᠮᠤᠷ ᠰᠠᠢᠬᠠᠨ ᠳ᠋ᠤ᠌ ᠪᠠᠨ ᠵᠢᠷᠭᠠᠵᠠᠢ᠃
ᠪᠠᠰᠠᠷ᠄ ᠶᠠ᠂ ᠶᠠᠭᠠᠬᠢᠭᠰᠠᠨ ᠰᠠᠢᠬᠠᠨ ᠦᠯᠢᠭᠡᠷ ᠪᠣᠢ?
ᠴᠠᠰᠤᠬᠠᠨ᠄ ᠬᠠᠷᠢᠨ ᠲᠡᠢᠮᠦ᠂ ᠪᠡᠶ᠎ᠡ ᠪᠠᠶᠠᠨ ᠢ᠋ᠶ᠋ᠠᠨ ᠬᠦᠨᠳᠦᠯᠡᠭᠡᠳ ᠠᠬ᠎ᠠ ᠳᠡᠭᠦᠦ ᠨᠠᠷ ᠭᠡᠳ ᠯᠡ ᠭᠣᠶᠣ ᠶᠤᠮ ᠠ᠋᠂ ᠲᠡᠢᠮᠦ
ᠲᠤᠩᠬᠤ᠄ ᠬᠠᠷᠢᠨ ᠲᠡᠢᠮᠦ᠂
ᠮᠥᠩᠬᠡ᠄ ᠠᠢ ᠳᠠ᠂
ᠴᠠᠰᠤᠬᠠᠨ᠄ ᠥᠩ᠂ ᠮᠠᠨ ᠊ᠤ ᠬᠢᠨ ᠠ᠋᠂
ᠮᠥᠩᠬᠡ᠄ ᠥᠩ!
ᠴᠠᠠᠰᠤᠬᠠᠨ᠄ ᠢᠩᠭᠢᠬᠦ ᠳ᠋ᠦ᠍ ᠦᠯᠢᠭᠡᠷ ᠢ᠋ ᠨᠢ ᠪᠦᠲᠦᠨ ᠢ᠋ᠶ᠋ᠡᠷ ᠢ᠋ᠶ᠋ᠡᠨ ᠤᠩᠰᠢᠭᠠᠳ ᠳᠠᠭᠤᠰᠴᠢᠬᠠᠭᠰᠠᠨ ᠶᠤᠮ ᠪᠢᠰᠢ ᠦᠦ?
ᠮᠥᠩᠬᠡ᠄ ᠨᠡᠭᠡᠷᠡᠨ ᠲᠡᠢᠮᠦ ᠪᠠᠢᠨ᠎ᠠ ᠰᠢᠲᠠ᠃
ᠪᠠᠰᠠᠷ᠄ ᠢ᠂ ᠬᠢ ᠬᠢ ᠬᠢ!
ᠲᠤᠩᠬᠤ᠄ ᠤᠭ ᠨᠢ ᠪᠢᠳᠡ ᠨᠠᠷ ᠴᠢᠨᠢ ᠦᠯᠢᠭᠡᠷ ᠦ᠋ᠨ ᠬᠢᠨᠢ ᠳᠤᠮᠳᠠ ᠠ᠋ᠴᠠ ᠨᠢ ᠣᠷᠣᠵᠤ ᠢᠷᠡᠳᠡᠭ ᠪᠢᠵᠡ ᠳᠡ!
ᠮᠥᠩᠬᠡ᠄ ᠬᠠᠷᠢᠨ᠂ ᠲᠡᠭᠡᠭᠰᠡᠨ ᠴᠢᠨᠢ《 ᠠᠮᠤᠷ ᠰᠠᠢᠬᠠᠨ ᠳ᠋ᠤ᠌ ᠪᠠᠨ ᠵᠢᠷᠭᠠᠵᠠᠢ》 ᠭᠡᠳ ᠲᠡᠭᠦᠰᠴᠢᠬᠡᠭᠰᠡᠨ ᠦᠦ ᠦᠭᠡᠢ ᠦᠦ?
ᠪᠠᠰᠠᠷ᠄ ᠦ! ᠡᠨᠡ ᠨᠥᠬᠥᠭᠡ ᠨᠢᠭᠡ ᠵᠢᠮᠢᠰ ᠲᠡᠢ ᠮᠣᠳᠣ ᠨᠢ ᠪᠠᠢᠨ᠎ᠠ ᠰᠢᠲᠠ᠃
ᠮᠥᠩᠬᠡ᠄ ᠬᠡᠳᠦᠭᠦᠯᠡ ᠪᠡᠨ ᠶᠠᠭᠠᠬᠢᠳᠠᠭ ᠴᠤ᠌ ᠪᠠᠢᠭᠰᠠᠨ᠂ ᠬᠡᠳᠦᠨ ᠲᠠᠢᠰᠢ ᠪᠠᠨ ᠶᠠᠪᠤᠵᠤ ᠪᠠᠢᠭᠠᠳ᠂ ᠵᠠᠭᠠᠨ ᠪᠠᠴᠢ ᠲᠠᠤᠯᠠᠢ ᠲᠠᠭᠲᠠᠭ᠎ᠠ ᠨᠠᠷ ᠢ᠋ ᠬᠠᠢᠬᠤ ᠤᠤ?
ᠴᠠᠰᠤᠬᠠᠨ᠄ ᠲᠡᠭᠡᠶ᠎ᠡ ᠲᠡᠭᠡᠶ᠎ᠡ! ᠡᠨᠡ ᠦᠯᠢᠭᠡᠷ ᠡᠢᠮᠦ ᠭᠣᠶᠣ᠂ ᠠᠮᠤᠷ ᠲᠠᠢᠪᠤᠩ ᠶᠤᠮ ᠴᠢᠨᠢ ᠨᠢᠭᠡ ᠨᠢᠭᠡ ᠪᠡᠷ ᠶᠠᠪᠤᠬᠤ ᠳ᠋ᠤ᠌ ᠠᠶᠤᠯ ᠦᠭᠡᠢ ᠪᠠᠢᠬ᠎ᠠ᠃
ᠲᠠᠭᠲᠠᠭ᠎ᠠ᠄ ᠨᠠᠳᠠ ᠠ᠋ᠴᠠ᠂ ᠨᠠᠳᠠ ᠠ᠋ᠴᠠ ᠬᠣᠯᠠ ᠪᠠᠢᠭᠠᠷᠠᠢ!
ᠴᠠᠰᠤᠬᠠᠨ᠄ ᠤᠩ᠂ ᠲᠠ ᠵᠦᠭᠡᠷ ᠦᠦ?
ᠲᠠᠭᠲᠠᠭ᠎ᠠ᠄ ᠮᠤᠤᠷ ᠠ᠋!ᠴᠢ ᠶᠠᠭᠠᠬᠢᠬᠤ ᠭᠡᠵᠦ ᠡᠷᠭᠢᠵᠦ ᠢᠷᠡᠭᠡ ᠪᠣᠢ?
ᠴᠠᠰᠤᠬᠠᠨ᠄ 《ᠡᠷᠭᠢᠵᠦ ᠢᠷᠡᠨ᠎ᠡ》 ᠭᠡᠳᠡᠭ ᠨᠢ ᠶᠠᠭᠤ ᠭᠡᠰᠡᠨ ᠦᠭᠡ ᠪᠢᠯᠡ? ᠪᠢ ᠡᠮᠦᠨ᠎ᠡ ᠨᠢ ᠲᠠᠨ ᠲᠠᠢ ᠠᠭᠤᠯᠵᠠᠵᠤ ᠪᠠᠢᠭ᠎ᠠ ᠦᠭᠡᠢ ᠰᠢᠦ ᠳᠡ!
ᠲᠠᠭᠲᠠᠭ᠎ᠠ᠄ ᠲᠠ᠂ ᠲᠠ ᠳᠡᠭᠦᠦ ᠪᠢᠳᠡ ᠨᠠᠷ ᠤ᠋ᠨ ᠡᠪᠲᠡᠢ ᠰᠠᠢᠬᠠᠨ ᠪᠠᠢᠳᠠᠯ ᠢ᠋ ᠡᠪᠳᠡᠯᠡᠴᠢᠬᠡᠭᠡᠳ ᠶᠠᠭᠠᠬᠢᠬᠤ ᠭᠡᠵᠦ ᠡᠷᠭᠢᠵᠦ ᠢᠷᠡᠵᠦ ᠪᠠᠢᠭ᠎ᠠ ᠶᠤᠮ ᠪᠣᠢ?
ᠴᠠᠰᠤᠬᠠᠨ᠄ ᠪᠢ ᠲᠠᠨ ᠢ᠋ ᠶᠠᠭᠤ ᠶᠠᠷᠢᠭᠠᠳ ᠪᠠᠢᠬᠤ ᠶ᠋ᠢ ᠣᠢᠯᠠᠭᠠᠬᠤ ᠦᠭᠡᠢ ᠪᠠᠢᠨ᠎ᠠ᠃ ᠲᠠ ᠲᠠᠢᠪᠤᠰᠢᠷᠠᠭᠠᠳ ᠨᠠᠳᠠ ᠳ᠋ᠤ᠌ ᠶᠠᠭᠤ ᠪᠣᠯᠤᠭᠰᠠᠨ ᠲᠠᠯ᠎ᠠ ᠪᠠᠷ ᠶᠠᠷᠢᠭᠠᠴᠢ!
ᠲᠠᠭᠲᠠᠭ᠎ᠠ᠄ ᠥᠩ᠂ ᠢᠩᠭᠢᠭᠡᠳ ᠬᠠᠷᠠᠬᠤ ᠳ᠋ᠤ᠌ ᠠᠷᠠᠢ ᠥᠭᠡᠷ᠎ᠡ ᠴᠦ᠍ ᠶᠦ᠍ᠮ ᠦᠦ? ᠴᠢᠮ᠎ᠠ ᠶ᠋ᠢ ᠠᠷᠠᠢ《 ᠰᠠᠨᠠᠭᠠᠲᠤ ᠴᠠᠰᠤᠬᠠᠨ》 ᠭᠡᠳᠡᠭ ᠊ᠦᠦ?
ᠴᠠᠰᠤᠬᠠᠨ᠄ 《ᠰᠠᠨᠠᠭᠠᠲᠤ ᠴᠠᠰᠤᠬᠠᠨ 》ᠠ᠋? ᠨᠠᠮ᠎ᠠ ᠶ᠋ᠢ《 ᠴᠠᠰᠤᠬᠠᠨ》 ᠯᠠ ᠭᠡᠳᠡᠭ ᠳᠡ!
ᠲᠠᠭᠲᠠᠭ᠎ᠠ᠄ ᠰᠣᠨᠢᠨ ᠯᠠ ᠶᠤᠮ ᠳᠠ! ᠶᠠᠯᠢᠲᠦ ᠴᠦ᠍ ᠦᠭᠡᠢ《 ᠴᠠᠰᠤᠬᠠᠨ》 ᠭᠡᠳ ᠮᠤᠤᠷ ᠪᠠᠢᠭᠰᠠᠨ ᠶᠤᠮ ᠳᠠ᠃
ᠴᠠᠰᠤᠬᠠᠨ᠄ ᠲᠠ ᠨᠠᠳᠠ ᠳ᠋ᠤ᠌ ᠶᠠᠭ ᠶᠠᠭᠤ ᠪᠣᠯᠤᠭᠰᠠᠨ ᠢ᠋ ᠶᠠᠷᠢᠭᠠᠴᠢ!ᠭᠤᠶᠤᠵᠤ ᠪᠠᠢᠨ᠎ᠠ᠃
ᠲᠠᠭᠲᠠᠭ᠎ᠠ᠄ ᠡᠨᠡ ᠦᠢᠯᠡ ᠶᠠᠪᠤᠳᠠᠯ ᠲᠠ ᠪᠦᠬᠦᠨ ᠢ᠋ ᠶᠠᠭ ᠢᠷᠡᠬᠦ ᠶ᠋ᠢᠨ ᠡᠮᠦᠨ᠎ᠡ ᠪᠣᠯᠤᠭᠰᠠᠨ ᠶᠤᠮ᠃
ᠵᠠᠭᠠᠨ ᠪᠠᠴᠢ ᠲᠠᠤᠯᠠᠢ ᠪᠢᠳᠡ ᠳᠥᠷᠪᠡ ᠠᠬ᠎ᠠ ᠳᠡᠭᠦᠦ ᠪᠡᠨ ᠰᠢᠢᠳᠦᠭᠡᠳ ᠡᠪᠲᠡᠢ ᠨᠠᠢᠷᠲᠠᠢ᠂ ᠮᠣᠳᠣᠨ ᠊ᠤ ᠵᠢᠮᠢᠰ ᠡᠴᠡ ᠦᠷ᠎ᠡ ᠰᠢᠮ᠎ᠡ ᠶ᠋ᠢ ᠨᠢ ᠠᠪᠴᠤ ᠂ ᠢᠳᠡᠭᠡᠳ ᠠᠢ᠂ ᠵᠢᠷᠭᠠᠯ ᠲᠠᠢ ᠪᠠᠢᠯ᠎ᠠ᠃
ᠭᠡᠲᠡᠯ᠎ᠡ ᠬᠠᠮᠢᠭ᠎ᠠ ᠠ᠋ᠴᠠ ᠶᠤᠮ ᠭᠡᠨᠡᠳᠲᠡ ᠪᠢᠳᠡᠨ ᠊ᠦ ᠲᠠᠨᠢᠬᠤ ᠦᠭᠡᠢ ᠬᠡᠦᠬᠡᠳ ᠊ᠦᠳ ᠭᠠᠷᠴᠤ ᠢᠷᠡᠭᠰᠡᠨ᠃ ᠡᠪ ᠦᠭᠡᠢ ᠮᠥᠩᠬᠡ᠂ ᠡᠩ ᠦᠭᠡᠢ ᠲᠤᠩᠬᠤ᠂ ᠰᠠᠬᠢᠯᠭ᠎ᠠ ᠦᠭᠡᠢ ᠪᠠᠰᠠᠷ᠂ ᠰᠠᠨᠠᠭᠠᠲᠤ ᠴᠠᠰᠤᠬᠠᠨ ᠭᠡᠵᠦ ᠳᠥᠷᠪᠡ ᠭᠠᠷᠴᠤ ᠢᠷᠡᠭᠰᠡᠨ᠂ ᠲᠡᠳᠡᠨ ᠊ᠦ ᠦᠭᠡ ᠨᠢ ᠭᠡᠳᠡᠭᠡ ᠬᠤᠷᠴᠠ᠂ ᠬᠥᠮᠦᠨ ᠢ᠋ ᠦᠭᠡ ᠪᠡᠷ ᠶᠠᠭᠠᠬᠢᠵᠤ ᠭᠣᠮᠣᠳᠠᠭᠠᠵᠤ ᠴᠢᠳᠠᠳᠠᠭ ᠢ᠋ ᠢᠷᠠᠭᠤ ᠲᠣᠳᠣ ᠪᠠᠷ ᠬᠠᠷᠠᠭᠤᠯᠳᠠᠭ ᠬᠡᠦᠬᠡᠳ ᠊ᠦᠳ ᠪᠠᠢᠨ᠎ᠠ ᠯᠠ᠃
ᠡᠪ ᠦᠭᠡᠢ ᠮᠥᠩᠬᠡ᠄ ᠠ ᠬᠠ ᠬᠠ ᠬᠠ᠂ ᠳᠡᠭᠦᠦ ᠨᠠᠰᠤᠲᠠᠢ ᠳ᠋ᠤ᠌ ᠪᠠᠨ ᠬᠠᠮᠤᠭ ᠳᠣᠣᠷ᠎ᠠ ᠨᠢ ᠵᠣᠭᠰᠣᠬᠤ ᠪᠢᠰᠢ᠂ ᠬᠠᠮᠤᠭ ᠊ᠤᠨ ᠪᠦᠳᠦᠭᠦᠨ ᠲᠣᠮᠣ ᠪᠣᠯᠬᠣᠷ ᠢ᠋ᠶ᠋ᠠᠷ ᠢ᠋ᠶ᠋ᠠᠨ ᠳᠣᠣᠷ᠎ᠠ ᠨᠢ ᠵᠣᠭᠰᠣᠵᠤ ᠪᠠᠢᠭ᠎ᠠ ᠪᠢᠵᠡ ᠳᠡ᠂ ᠵᠠᠭᠠᠨ ᠮᠢᠨᠢ᠂
ᠡᠩ ᠦᠭᠡᠢ ᠴᠠᠰᠤᠬᠠᠨ᠄ ᠵᠢᠵᠢᠭᠬᠡᠨ ᠵᠢᠷᠦᠬᠡ ᠲᠡᠢ ᠲᠠᠤᠯᠠᠢ ᠮᠢᠨᠢ ᠳᠡ᠂ ᠵᠢᠷᠭᠢᠭᠰᠡᠨ ᠰᠢᠪᠠᠭᠤᠨ ᠊ᠤ ᠴᠢᠮᠡᠭᠡᠨ ᠡᠴᠡ ᠠᠶᠤᠭᠠᠳ ᠤᠨᠠᠬᠤ ᠪᠣᠢ ᠳᠠ ᠂
ᠬᠡ ᠬᠡ ᠬᠡ᠁
ᠰᠠᠬᠢᠯᠭ᠎ᠠ ᠦᠭᠡᠢ ᠪᠠᠰᠠᠷ᠄ ᠳᠡᠯᠳᠡᠭᠡᠬᠡᠢ ᠂ ᠳᠠᠯᠳᠤᠰᠬᠢ᠂᠂ ᠬᠥᠶᠢ ᠬᠥᠶᠢ ᠬᠥᠶᠢ᠂ ᠥᠪᠡᠷ ᠢ᠋ ᠴᠢᠨᠢ ᠶᠠᠷᠢᠭᠠᠳ ᠪᠠᠢᠨ᠎ᠠ᠂ ᠡᠢᠰᠢ ᠲᠠᠢᠰᠢ ᠪᠠᠨ ᠬᠠᠷᠠᠭᠠᠳ ᠪᠠᠢᠬᠤ ᠶᠠᠭᠤᠮ᠎ᠠ ᠪᠠᠢᠬᠤ ᠦᠭᠡᠢ᠂ ᠳᠡᠯᠳᠡᠩ ᠴᠢ ᠰᠢᠦ ᠳᠡ᠂ ᠬᠠ ᠬᠠ ᠬᠠ᠂᠁
ᠰᠠᠨᠠᠭ᠎ᠠ ᠲᠠᠢ ᠴᠠᠰᠤᠬᠠᠨ᠄ ᠬᠡᠩ ᠬᠡᠩ᠁ ᠨᠢᠰᠴᠦ ᠴᠢᠳᠠᠳᠠᠭ ᠮᠥᠷᠲᠡᠯ᠎ᠡ ᠪᠡᠨ ᠵᠠᠪᠠᠯ ᠠᠬ᠎ᠠ ᠭᠡᠵᠦ ᠮᠥᠷᠦᠨ ᠳᠡᠭᠡᠷ᠎ᠡ ᠨᠢ ᠳᠡᠭᠡᠷᠡᠯᠬᠡᠵᠦ ᠭᠠᠷᠴᠤ ᠪᠠᠢᠳᠠᠭ᠂ ᠲᠠᠭᠲᠠᠭ᠎ᠠ ᠴᠢ ᠴᠦ᠍ ᠰᠠᠨᠠᠭ᠎ᠠ ᠲᠠᠢ ᠶᠤᠮ ᠠ᠋᠂
ᠲᠠᠭᠲᠠᠭ᠎ᠠ᠄ ᠦᠭᠡᠢ ᠪᠢᠳᠡ ᠴᠢᠨᠢ ᠡᠪᠲᠡᠢ ᠳᠥᠷᠪᠡᠨ᠁
ᠡᠪ ᠦᠭᠡᠢ ᠮᠥᠩᠬᠡ᠄ ᠰᠠᠨᠠᠭ᠎ᠠ ᠲᠠᠢ᠂ ᠰᠠᠨᠠᠭ᠎ᠠ ᠲᠠᠢ᠁
ᠲᠠᠭᠲᠠᠭ᠎ᠠ᠄ ᠠ᠂ ᠳᠡᠭᠦᠦ ᠨᠠᠷ ᠮᠢᠨᠢ ᠭᠣᠮᠣᠳᠠᠭᠠᠳ᠂ ᠬᠡᠳᠦᠨ ᠲᠠᠢᠰᠢ ᠪᠠᠨ ᠶᠠᠪᠤᠭᠠᠳ ᠥᠭᠬᠦᠯ᠎ᠡ᠂ ᠪᠢ ᠬᠠᠮᠢᠭ᠎ᠠ ᠪᠠᠢᠭ᠎ᠠ ᠶ᠋ᠢ ᠨᠢ ᠣᠯᠳᠠᠭ ᠦᠭᠡᠢ᠃
ᠴᠠᠰᠤᠬᠠᠨ᠄ ᠶᠠᠮᠠᠷ ᠰᠣᠨᠢᠨ ᠶᠤᠮ ᠪᠣᠢ? ᠪᠢ ᠪᠦᠷ ᠶᠠᠭᠤ ᠴᠤ᠌ ᠣᠢᠯᠠᠭᠠᠳᠠᠭ ᠦᠭᠡᠢ᠂ ᠶᠠᠭᠠᠬᠢᠬᠤ ᠪᠠᠷ ᠢ᠋ᠶ᠋ᠠᠨ ᠪᠢᠳᠡ ᠨᠠᠷ ᠪᠠᠢᠳᠠᠭ ᠪᠢᠯᠡ᠃ᠲᠡᠭᠡᠯ᠎ᠡ ᠴᠦ᠍ ᠪᠢᠳᠡ ᠨᠠᠷ ᠡᠢᠮᠦ ᠵᠦᠢᠯ ᠬᠡᠯᠡᠬᠦ ᠦᠭᠡᠢ ᠳᠡ᠃ ᠶᠠᠭᠤ ᠴᠤ᠌ ᠭᠡᠰᠡᠨ ᠬᠣᠶᠠᠭᠤᠯᠠ ᠪᠠᠨ ᠮᠠᠨ ᠊ᠤ ᠬᠡᠳᠦ ᠶ᠋ᠢ ᠣᠯᠤᠭᠠᠳ᠂ ᠳᠠᠭᠦᠦ ᠨᠠᠷ ᠢ᠋ ᠴᠢᠨᠢ ᠬᠠᠢᠵᠤ ᠣᠯᠤᠶ᠎ᠠ᠃ ᠪᠠᠰᠠ ᠲᠠᠨ ᠊ᠤ ᠬᠡᠯᠡᠭᠰᠡᠨ ᠪᠢᠳᠡᠨ ᠲᠡᠢ ᠢᠵᠢᠯᠬᠡᠨ ᠳᠦᠷᠢ ᠶ᠋ᠢ ᠣᠯᠵᠤ ᠠᠪᠴᠠᠭᠠᠶ᠎ᠠ!
ᠮᠥᠩᠬᠡ᠄ ᠥ᠂ ᠡᠨᠡ ᠦᠯᠢᠭᠡᠷ ᠊ᠦᠨ ᠳᠦᠷᠢ ᠨᠦ᠍ᠭᠦᠳ ᠨᠢ ᠬᠠᠮᠢᠭᠠᠰᠢ ᠪᠠᠨ ᠠᠯᠠᠭ᠎ᠠ ᠪᠣᠯᠴᠢᠬᠠᠳᠠᠭ ᠶᠤᠮ ᠪᠣᠢ? ᠶᠠᠮᠠᠷ ᠴᠤ᠌ ᠤᠳᠠᠭᠠᠨ ᠠᠯᠬᠤᠴᠢᠬᠠᠪᠠ ᠳᠠ᠂ ᠥ᠂ ᠪᠠᠰᠠᠷ ᠮᠠᠨᠢ ᠢᠷᠡᠵᠦ ᠪᠠᠢᠨ᠎ᠠ᠃
ᠰᠠᠬᠢᠯᠭ᠎ᠠ ᠦᠭᠡᠢ ᠪᠠᠰᠠᠷ᠄ ᠠᠢ ᠰᠠᠢᠨ ᠊ᠦᠦ?
ᠮᠥᠩᠬᠡ᠄ ᠪᠠᠰᠠᠷ ᠠ᠋᠂ ᠠ᠁ ᠠ ᠢᠩᠭᠢᠬᠦ ᠳ᠋ᠦ᠍ ᠬᠤᠪᠴᠠᠰᠤ ᠴᠢᠨᠢ ᠶᠠᠭᠠᠬᠢᠭᠠᠳ ᠬᠠᠷ᠎ᠠ ᠪᠣᠯᠴᠢᠬᠠᠭ᠎ᠠ ᠪᠣᠢ?
ᠰᠠᠬᠢᠯᠭ᠎ᠠ ᠦᠭᠡᠢ ᠪᠠᠰᠠᠷ᠄ ᠥ᠂ ᠮᠢᠨᠦ ᠡᠨᠡ ᠬᠤᠪᠴᠠᠰᠤ ᠊ᠦᠦ? ᠰᠢᠪᠠᠷ  ᠲᠤ᠌ ᠰᠠᠭᠤᠪᠠ ᠰᠢᠳᠡ ᠨᠠᠢᠵᠠ ᠨᠢ᠂ ᠰᠢᠪᠡᠷ ᠲᠦ᠍ ᠰᠠᠭᠤᠵᠤ ᠪᠠᠢᠭᠠᠳ ᠯᠠ ᠣᠷᠣᠯ᠎ᠠ ᠳᠠ ᠂ ᠥᠩ᠂ ᠬᠡᠩ ᠬᠡᠩ ᠬᠡᠩ᠃ ᠪᠣᠳᠣᠭ ᠰᠢᠭ᠋ ᠰᠢᠪᠠᠷ ᠲᠤ᠌ ᠰᠠᠭᠤᠯ᠎ᠠ ᠰᠢᠳᠡ᠂ ᠪᠠᠷᠤᠭ ᠯᠠ ᠮᠠᠲ ᠰᠢᠪᠠᠷ ᠶᠤᠮ ᠊ᠦᠦ? ᠥᠩ᠂ ᠬᠡ ᠬᠡ ᠬᠡ᠃
ᠮᠥᠩᠬᠡ᠄ ᠬᠢ ᠬᠢ ᠬᠢ᠂ ᠵᠠ ᠨᠥᠭᠥᠭᠡ ᠦᠯᠢᠭᠡᠷ ᠊ᠦᠨ ᠠᠮᠢᠲᠠᠳ ᠠ᠋ᠴᠠ ᠣᠯᠵᠤ ᠴᠢᠳᠠᠭᠰᠠᠨ ᠤᠤ?
ᠰᠠᠬᠢᠯᠭ᠎ᠠ ᠦᠭᠡᠢ ᠪᠠᠰᠠᠷ᠄ ᠬᠠᠢ ᠬᠠᠢ᠁ ᠣᠯᠤᠭᠰᠠᠨ ᠰᠢᠦ᠂ ᠠᠯᠢᠪ ᠶᠠᠪᠤᠶ᠎ᠠ᠂
ᠮᠥᠩᠬᠡ᠄ ᠥ᠂ ᠵᠠ ᠲᠡᠭᠡᠶ᠎ᠡ ᠲᠡᠭᠡᠶ᠎ᠡ!
ᠲᠤᠩᠬᠤ᠄ ᠠ! ᠶᠣᠣ ᠶᠣᠣ ᠴᠣᠴᠢᠯ᠎ᠠ ᠰᠢᠲᠠ ᠠ᠋᠂
ᠰᠠᠨᠠᠭ᠎ᠠ ᠲᠠᠢ ᠴᠠᠰᠤᠬᠠᠨ᠄ ᠥ᠂ ᠬᠡᠩ᠁ ᠴᠢᠮ᠎ᠠ ᠶ᠋ᠢ ᠪᠢ ᠠᠶᠤᠯᠭᠠᠴᠢᠬᠠᠪᠠ ᠊ᠦᠦ ᠳᠡ᠃
ᠲᠤᠩᠬᠤ᠄ ᠬᠠᠷᠢᠨ ᠲᠡᠭᠡᠯ᠎ᠡ ᠰᠢᠦ᠂ ᠬᠡ ᠬᠡ ᠬᠡ᠃ ᠢᠩᠭᠢᠬᠦ ᠳ᠋ᠦ᠍ ᠴᠠᠰᠤᠬᠠᠨ ᠠ᠋᠂ ᠬᠤᠪᠴᠠᠰᠤ ᠴᠢᠨᠢ ᠶᠠᠭᠠᠬᠢᠭᠠᠳ ᠥᠭᠡᠷ᠎ᠡ ᠥᠩᠭᠡ ᠲᠡᠢ ᠪᠣᠯᠴᠢᠬᠠᠭᠰᠠᠨ ᠶᠤᠮ ᠪᠣᠢ?
ᠰᠠᠨᠠᠭ᠎ᠠ ᠦᠭᠡᠢ ᠴᠠᠰᠤᠬᠠᠨ᠄ ᠬᠠᠷᠢᠨ ᠲᠡᠢᠮᠦ ᠠ᠋᠂ ᠪᠢ ᠷᠤᠪᠢᠲ ᠬᠤᠪᠴᠠᠰᠤᠨ ᠊ᠤ ᠪᠠᠨ ᠲᠣᠬᠢᠷᠠᠭ᠎ᠠ ᠶ᠋ᠢ ᠥᠭᠡᠷ᠎ᠡ ᠥᠩᠭᠡ ᠲᠣᠬᠢᠷᠠᠭᠤᠯᠤᠭᠰᠠᠨ ᠴᠢᠨᠢ ᠡᠢᠮᠦ ᠬᠠᠷ᠎ᠠ ᠥᠩᠭᠡ ᠲᠡᠢ ᠪᠣᠯᠴᠢᠬᠠᠯ᠎ᠠ᠃
ᠲᠤᠩᠬᠤ᠄ ᠫᠥᠬᠥ᠂ ᠰᠣᠨᠢᠨ ᠶᠤᠮ ᠠ᠋᠂
ᠰᠠᠨᠠᠭ᠎ᠠ ᠲᠠᠢ ᠴᠠᠰᠤᠬᠠᠨ: ᠬᠠᠷᠢᠨ ᠳᠠ᠂ ᠵᠠ᠂ ᠪᠢ ᠦᠯᠢᠭᠡᠷ ᠊ᠦᠨ ᠠᠮᠢᠲᠠᠳ ᠬᠠᠮᠢᠭ᠎ᠠ ᠪᠠᠢᠭ᠎ᠠ ᠶ᠋ᠢ ᠣᠯᠤᠭᠰᠠᠨ᠂ ᠬᠠᠮᠲᠤ ᠶᠠᠪᠤᠬᠤ ᠊ᠦᠦ?
ᠲᠤᠩᠬᠤ᠄ ᠥ᠂ ᠲᠡᠭᠡᠶ᠎ᠡ ᠲᠡᠭᠡᠶ᠎ᠡ!
ᠴᠠᠰᠤᠬᠠᠨ᠄ ᠵᠠ᠂ ᠶᠠᠮᠠᠷ ᠲᠠᠢ ᠴᠤ᠌ ᠬᠣᠶᠠᠭᠤᠯᠠ ᠪᠠᠨ ᠨᠥᠬᠥᠭᠡ ᠬᠡᠳᠦ ᠶ᠋ᠢ ᠪᠡᠨ ᠣᠯᠤᠶ᠎ᠠ᠂ᠬᠠᠮᠢᠭ᠎ᠠ ᠶᠠᠪᠤᠭ᠎ᠠ ᠪᠣᠯ᠃
ᠲᠠᠭᠲᠠᠭ᠎ᠠ᠄ ᠲᠡᠢᠮᠦ ᠰᠢᠦ᠂ ᠤᠤᠬᠠᠢ ᠂ᠬᠤᠷᠳᠤᠨ ᠬᠠᠢᠵᠤ ᠣᠯᠤᠶ᠎ᠠ᠂ ᠶᠠᠮᠠᠷ ᠴᠤ᠌ ᠠᠶᠤᠯ ᠲᠤᠯᠭᠠᠷᠠᠵᠤ ᠮᠡᠳᠡᠨ᠎ᠡ᠂
ᠪᠠᠰᠠᠷ᠄ ᠬᠡ ᠬᠡ ᠬᠡ᠂ ᠪᠢ ᠶᠠᠭᠤ ᠭᠡᠵᠦ ᠲᠡᠭᠡᠵᠦ ᠬᠡᠯᠡᠬᠦ ᠪᠣᠢ ᠳᠠ᠂ ᠬᠡ ᠬᠡ ᠬᠡ
ᠰᠠᠷᠮᠠᠭᠴᠢᠨ᠄ ᠬᠡᠩ ᠬᠡᠩ᠂ᠪᠢ ᠠᠶᠤᠮᠠᠷ ᠭᠣᠮᠣᠳᠠᠭᠰᠠᠨ ᠠ᠋᠂ ᠬᠡᠩ ᠬᠡᠩ᠂ ᠳᠡᠯᠳᠡᠩ ᠴᠦ᠍ ᠭᠡᠵᠦ ᠪᠠᠢᠬᠤ ᠰᠢᠭ᠋ ᠂ ᠥ ᠥ ᠥ᠁
ᠪᠠᠰᠠᠷ᠄ ᠠᠶᠠᠭᠦᠢ ᠰᠠᠢᠨ ᠣᠢᠯᠠᠭᠠᠵᠤ ᠪᠠᠢᠨ᠎ᠠ᠂ ᠬᠡᠩ ᠬᠡᠩ ᠬᠡᠩ᠃
ᠵᠠᠭᠠᠨ᠄ ᠪᠦᠳᠦᠭᠦᠨ ᠭᠡᠳ ᠪᠠᠢᠬᠤ ᠳ᠋ᠤ᠌ ᠪᠠᠨ ᠶᠠᠭᠠᠬᠢᠬᠤᠪ ᠳᠠ᠂ ᠪᠠᠮᠪᠤᠷᠰᠢ ᠭᠡᠳ ᠡᠰᠡᠬᠦᠯ᠎ᠡ᠂ ᠬᠥᠪᠰᠥᠭᠡᠷ ᠡᠨᠡ ᠲᠡᠷᠡ ᠭᠡᠵᠦ ᠳᠠᠭᠤᠳᠠᠵᠤ ᠪᠣᠯᠤᠨ᠎ᠠ ᠰᠢᠲᠠ᠂ ᠡᠩ᠁
ᠲᠠᠤᠯᠠᠢ᠄ ᠠᠩ᠂᠁ ᠨᠢᠭᠡ ᠠᠶᠤᠭᠰᠠᠨ ᠶᠠᠭᠤᠮ᠎ᠠ ᠂ ᠦᠭᠡ ᠴᠦ᠍ ᠪᠠᠢᠬᠤ ᠦᠭᠡᠢ ᠳᠡ᠂ ᠤᠭ ᠨᠢ
ᠪᠠᠰᠠᠷ᠄ ᠪᠢᠳᠡ ᠨᠠᠷ ᠵᠢᠷᠦᠬᠡᠨ ᠊ᠦ ᠨᠠᠢᠵᠠ ᠨᠤᠭᠤᠳ ᠮᠥᠨ ᠲᠡᠢᠮᠦ ᠤᠤ?ᠠ
ᠲᠠᠤᠯᠠᠢ᠂ ᠵᠠᠭᠠᠨ᠂ ᠰᠠᠷᠮᠠᠭᠴᠢᠨ᠄( ᠪᠦᠭᠦᠳᠡᠭᠡᠷ) ᠵᠢᠷᠦᠬᠡᠨ ᠊ᠦ ᠨᠠᠢᠵᠠ ᠨᠤᠭᠤᠳ᠂ ᠵᠢᠷᠦᠬᠡᠨ ᠊ᠦ ᠨᠠᠢᠵᠠ ᠨᠤᠭᠤᠳ᠃ ᠠ᠋ ᠠ᠋ ᠠ᠋᠁
ᠴᠠᠰᠤᠬᠠᠨ᠄ ᠵᠠ᠂ ᠮᠠᠨ ᠊ᠤ ᠬᠡᠳᠦ ᠮᠠᠨᠢ ᠬᠠᠮᠢᠭ᠎ᠠ ᠨᠢ ᠶᠠᠪᠤᠭ᠎ᠠ ᠪᠣᠯ ᠳᠠ᠂ ᠬᠡᠩ! ᠡᠨᠡ ᠵᠠᠮ ᠢ᠋ᠶ᠋ᠠᠷ ᠶᠠᠪᠤᠭᠰᠠᠨ ᠶᠤᠮ ᠰᠢᠭ᠋ ᠪᠠᠢᠨ᠎ᠠ᠂ ᠲᠠᠨ ᠊ᠤ ᠡᠨᠳᠡ ᠠᠶᠤᠯ ᠲᠠᠢ ᠠᠮᠢᠲᠠᠨ ᠪᠠᠢᠳᠠᠭ ᠊ᠦᠦ?
ᠲᠠᠭᠲᠠᠭ᠎ᠠ᠄ ᠪᠠᠢᠬᠤ ᠦᠭᠡᠢ ᠳᠡ ᠂ ᠬᠠᠷᠢᠨ ᠡᠨᠡ ᠬᠣᠢᠲᠤ ᠠᠭᠤᠯᠠᠨ ᠳ᠋ᠤ᠌ ᠪᠢᠳᠡᠨ ᠊ᠦ ᠶᠡᠷᠦᠳᠡ  ᠡᠴᠡ ᠪᠡᠨ ᠣᠴᠢᠳᠠᠭ ᠦᠭᠡᠢ ᠲᠣᠮᠣ ᠠᠭᠤᠢ ᠪᠠᠢᠳᠠᠭ ᠶᠤᠮ᠂ ᠳᠠᠢᠰᠢ ᠪᠠᠨ ᠶᠡᠷᠦ ᠳ᠋ᠦ᠍ ᠪᠡᠨ ᠶᠠᠪᠤᠵᠤ ᠦᠵᠡᠭᠡ ᠦᠭᠡᠢ᠃
ᠴᠠᠰᠤᠬᠠᠨ᠄ ᠲᠡᠭᠡᠪᠡᠯ ᠲᠡᠢᠰᠢ ᠪᠡᠨ ᠣᠴᠢᠵᠤ ᠦᠵᠡᠶ᠎ᠡ᠃
ᠲᠤᠩᠬᠤ᠄ ᠬᠥᠶᠢ ᠮᠥᠩᠬᠡ᠂ ᠵᠦᠭᠡᠷ ᠊ᠦᠦ? ᠶᠠᠭᠠᠬᠢᠭᠠᠳ ᠬᠦᠯᠢᠭᠳᠡᠴᠢᠬᠡᠪᠡ?
ᠮᠥᠩᠬᠡ᠄ ᠬᠥᠶᠢ᠂ ᠲᠤᠩᠬᠤ ᠠ᠋᠂ ᠡᠨᠳᠡ ᠴᠢ ᠶᠠᠭᠤ ᠬᠢᠵᠦ ᠶᠠᠪᠤᠭ᠎ᠠ ᠶᠤᠮ ᠪᠣᠢ? ᠪᠣᠯᠭᠣᠮᠵᠢᠲᠠᠢ ᠪᠠᠢᠭᠠᠷᠠᠢ᠃ ᠡᠳᠡ ᠨᠠᠷ ᠪᠢᠳᠡ ᠨᠠᠷ ᠢ᠋ ᠳᠡᠭᠡᠷᠡᠮᠳᠡᠴᠢᠬᠡᠭᠰᠡᠨ ᠶᠦᠮ ᠰᠢᠭ ᠪᠠᠢᠨ᠎ᠠ᠃
ᠲᠤᠩᠬᠤ᠄ ᠠ!
ᠡᠪ ᠦᠭᠡᠢ ᠮᠥᠩᠬᠡ᠄ ᠵᠠ᠂ ᠢᠩᠭᠢᠵᠦ ᠨᠢᠭᠡ ᠶᠠᠭᠤᠮ᠎ᠠ ᠢᠷᠡᠪᠡ ᠊ᠦᠦ?
ᠡᠩ ᠦᠭᠡᠢ ᠲᠤᠩᠬᠤ᠄ ᠰᠠᠢᠨ ᠊ᠦᠦ? ᠲᠤᠩᠬᠤ ᠠ᠋᠂
ᠲᠤᠩᠬᠤ᠄ ᠶᠠᠭᠤ ᠪᠣᠢ?
ᠪᠠᠰᠠᠷ᠄ᠶᠣᠣ᠂ ᠬᠢ ᠬᠢ ᠪᠦᠷ ᠶᠠᠭᠤ ᠪᠣᠯᠬᠤ ᠭᠡᠳ ᠪᠠᠢᠨ᠎ᠠ ᠂ ᠠ! ᠂ ᠶᠣᠬᠣ᠂ ᠬᠥ᠋ ᠬᠥ᠋᠂ ᠵᠠ ᠮᠠᠨ ᠊ᠤ ᠬᠢ ᠠ᠋᠂ ᠵᠢᠭᠠᠬᠠ ᠲᠠᠢᠪᠤᠰᠢᠷᠠᠶ᠎ᠠ᠂ᠥ᠂ ᠵᠠ᠂ᠲᠠᠢᠪᠤᠰᠢᠷᠠᠭᠰᠠᠨ ᠪᠣᠯ ᠣᠳᠣ ᠦᠷᠭᠦᠯᠵᠢᠯᠡᠭᠦᠯᠦᠭᠡᠳ ᠦᠵᠡᠶ᠎ᠡ᠃
ᠮᠥᠩᠬᠡ᠄ ᠶᠠᠭᠤ ᠪᠣᠯᠤᠭᠠᠳ ᠪᠠᠢᠭ᠎ᠠ ᠶᠤᠮ ᠪᠣᠢ? ᠲᠠ ᠨᠠᠷ ᠢᠩᠭᠢᠬᠦ ᠳ᠋ᠦ᠍ ᠬᠡᠨ ᠶᠦᠮ ᠪᠣᠢ?
ᠲᠤᠩᠬᠤ᠄ ᠶᠠᠭᠠᠬᠢᠭᠠᠳ ᠪᠢᠳᠡ ᠨᠠᠷ ᠲᠠᠢ ᠡᠢᠮᠦ ᠢᠵᠢᠯᠬᠡᠨ ᠪᠠᠢᠭ᠎ᠠ ᠶᠤᠮ ᠪᠣᠢ?
ᠡᠪ ᠦᠭᠡᠢ ᠮᠥᠩᠬᠡ᠄ ᠬᠡᠩ ᠬᠡᠩ᠂ ᠡᠢᠮᠦ ᠲᠠᠯ᠎ᠠ ᠪᠠᠷ ᠲᠠᠢᠯᠪᠤᠷᠢᠯᠠᠬᠤ ᠭᠡᠪᠡᠯ᠂ ᠡᠳᠦᠷ ᠪᠠᠷᠠᠨ᠎ᠠ ᠪᠢᠵᠡ ᠳᠡ᠂ ᠵᠠ᠂ ᠶᠠᠭᠠᠬᠢᠬᠤᠪ᠂ ᠲᠠ ᠨᠠᠷ ᠲᠤ᠌ ᠥᠩᠭᠡᠪᠴᠢᠬᠡᠨ ᠲᠠᠢᠯᠪᠤᠷᠢᠯᠠᠭᠠᠳ ᠥᠭᠬᠦᠶ᠎ᠡ᠂ ᠰᠠᠨᠠᠭᠠᠲᠤ ᠴᠠᠰᠤᠬᠠᠨ ᠠ᠋᠂ ᠲᠠᠢᠯᠪᠤᠷᠢᠯᠠᠭᠠᠳ ᠥᠭᠭᠦᠭᠡᠷᠡᠢ!
ᠰᠠᠨᠠᠭ᠎ᠠ ᠴᠠᠰᠤᠬᠠᠨ᠄ ᠵᠠ᠂ ᠪᠢᠳᠡ ᠪᠣᠯ ᠦᠯᠢᠭᠡᠷ ᠳᠣᠲᠣᠷᠠᠬᠢ ᠬᠢᠮᠡᠯ ᠣᠶᠤᠨ ᠤᠬᠠᠭᠠᠨ ᠭᠡᠰᠡᠨ ᠦᠭᠡ᠂ ᠬᠢᠮᠡᠯ ᠣᠶᠤᠨ ᠤᠬᠠᠭᠠᠨ ᠭᠡᠳᠡᠭ ᠨᠢ ᠥᠪᠡᠷ ᠢ᠋ᠶ᠋ᠡᠨ ᠬᠥᠭᠵᠢᠬᠦ ᠪᠣᠯᠤᠮᠵᠢ ᠲᠠᠢ ᠺᠣᠮᠫᠢᠦ᠋ᠲ᠋ᠧᠷ ᠊ᠤᠨ ᠫᠷᠣᠭ᠌ᠷᠠᠮ ᠶᠤᠮ᠂ ᠠᠷᠸ᠎ᠡ ᠠᠬ᠎ᠠ ᠪᠠᠭ᠎ᠠ ᠪᠠᠢᠬᠤ ᠳ᠋ᠤ᠌ ᠪᠠᠨ ᠪᠢᠳᠡᠨ ᠢ᠋ ᠬᠥᠭᠵᠢᠭᠦᠯᠦᠭᠰᠡᠨ ᠶᠦᠮ᠂ ᠳᠡᠭᠡᠳᠦ ᠦᠯᠢᠭᠡᠷ ᠢ᠋ ᠬᠠᠮᠲᠤ ᠣᠯᠬᠤ ᠶ᠋ᠢᠨ ᠲᠤᠯᠠᠳᠠ ᠰᠢᠦ ᠳᠡ᠃
ᠮᠥᠩᠬᠡ᠄ ᠳᠡᠭᠡᠳᠦ ᠦᠯᠢᠭᠡᠷ ᠠ᠋?
ᠰᠠᠨᠠᠭ᠎ᠠ ᠴᠠᠰᠤᠬᠠᠨ᠄ ᠲᠠ ᠨᠠᠷ ᠴᠢᠨᠢ ᠳᠡᠭᠡᠳᠦ ᠦᠯᠢᠭᠡᠷ ᠢ᠋ ᠬᠠᠢᠨ᠎ᠠ ᠭᠡᠵᠦ ᠮᠡᠳᠡᠳᠡᠭ ᠦᠭᠡᠢ ᠬᠡᠷᠡᠭ ᠊ᠦᠦ? ᠬᠠ ᠬᠠ ᠁ ᠸᠠ ᠧᠦ᠃
ᠵᠠ᠂ ᠲᠡᠭᠡᠭᠡᠳ ᠪᠢᠳᠡ ᠣᠯᠠᠨ ᠵᠢᠯ ᠊ᠦᠨ ᠲᠤᠷᠰᠢᠲᠠ ᠬᠤᠪᠢᠰᠤᠨ ᠥᠭᠡᠷᠡᠴᠢᠯᠡᠭᠳᠡᠭᠰᠡᠭᠡᠷ᠂ ᠦᠯᠢᠭᠡᠷ ᠊ᠦᠨ ᠶᠢᠷᠲᠢᠨᠴᠦ ᠊ᠦᠳ ᠢ᠋ᠶ᠋ᠡᠷ ᠬᠦᠰᠡᠭᠰᠡᠨ ᠦᠶ᠎ᠡ ᠳ᠋ᠦ᠍ ᠪᠡᠨ ᠠᠶᠠᠯᠠᠵᠤ ᠴᠢᠳᠠᠳᠠᠭvirus ᠸᠢᠷᠦᠢᠰ(ᠡᠪᠡᠳᠴᠢᠨ ᠤ ᠨᠢᠶᠠᠨ) ᠪᠣᠯᠵᠤ ᠴᠢᠳᠠᠭᠰᠠᠨ ᠶᠤᠮ ᠰᠢᠦ ᠳᠡ᠂ ᠬᠠᠷᠢᠨ ᠲᠠ ᠨᠠᠷ ᠢ᠋ ᠬᠠᠷᠠᠵᠤ ᠪᠠᠢᠭᠠᠴᠢᠯᠠᠨ ᠲᠠ ᠨᠠᠷ ᠊ᠤᠨ ᠠᠶᠠᠯᠠᠭᠰᠠᠨ ᠲᠡᠦᠬᠡ ᠪᠣᠯᠭᠠᠨ ᠠ᠋ᠴᠠ ᠪᠢᠳᠡ ᠮᠡᠳᠡᠭᠡᠯᠡᠯ ᠴᠤᠭᠯᠠᠭᠤᠯᠤᠭᠰᠠᠭᠠᠷ᠂ ᠶᠠᠭ ᠢᠵᠢᠯᠬᠡᠨ ᠬᠠᠷᠠᠭᠳᠠᠳᠠᠭ ᠢᠯᠡᠭᠦᠦ ᠬᠦᠴᠦᠷᠬᠡᠭ ᠮᠥᠩᠬᠡ᠂ ᠲᠤᠩᠬᠤ᠂ ᠪᠠᠰᠠᠷ᠂ ᠴᠠᠰᠤᠬᠠᠨ ᠪᠣᠯᠵᠤ ᠴᠢᠳᠠᠭᠰᠠᠨ᠂
ᠮᠥᠩᠬᠡ᠄ ᠥᠩ᠂ ᠳᠡᠭᠡᠳᠦ ᠦᠯᠢᠭᠡᠷ᠂ ᠬᠢᠮᠡᠯ ᠣᠶᠤᠨ ᠤᠬᠠᠭᠠᠨ᠂ ᠢᠩᠭᠢᠬᠦ ᠳ᠋ᠦ᠍ ᠶᠠᠭᠤ ᠪᠣᠯᠤᠭᠠᠳ ᠪᠠᠢᠨ᠎ᠠ?
ᠲᠤᠩᠬᠤ᠄ ᠬᠠᠷᠢᠨ ᠲᠡᠢᠮᠦ᠂ ᠪᠢᠳᠡ ᠦᠯᠢᠭᠡᠷ ᠡᠴᠡ ᠦᠯᠢᠭᠡᠷ ᠲᠦ᠍ ᠠᠶᠠᠯᠠᠵᠤ ᠂ ᠦᠯᠢᠭᠡᠷ ᠊ᠦᠨ ᠪᠠᠭᠠᠲᠤᠷ ᠊ᠤᠳ ᠲᠤ᠌ ᠲᠤᠰᠠᠯᠠᠳᠠᠭ᠂ ᠲᠠ ᠨᠠᠷ ᠶᠠᠭᠠᠬᠢᠭᠠᠳ ᠢᠩᠭᠢᠵᠦ ᠮᠠᠭᠤᠬᠠᠢ ᠠᠭᠠᠰᠢᠯᠠᠵᠤ ᠪᠠᠢᠭ᠎ᠠ ᠶᠤᠮ ᠪᠣᠢ?
ᠡᠪ ᠦᠭᠡᠢ ᠲᠤᠩᠬᠤ᠄ ᠲᠠ ᠨᠠᠷ ᠮᠡᠳᠡᠭᠡ ᠦᠭᠡᠢ ᠪᠠᠢᠭ᠎ᠠ ᠮᠥᠷᠳᠡᠯ᠎ᠡ ᠪᠡᠨ ᠳᠡᠭᠡᠳᠦ ᠦᠯᠢᠭᠡᠷ ᠢ᠋ ᠬᠠᠢᠵᠤ ᠪᠠᠢᠭ᠎ᠠ᠃
ᠮᠥᠩᠬᠡ᠄ ᠳᠠᠬᠢᠭᠠᠳ ᠯᠠ ᠳᠡᠭᠡᠳᠦ ᠦᠯᠢᠭᠡᠷ᠂ ᠳᠡᠭᠡᠳᠦ ᠦᠯᠢᠭᠡᠷ ᠳᠡᠭᠡᠳᠦ ᠦᠯᠢᠭᠡᠷ ᠭᠡᠵᠦ ᠪᠠᠢᠭᠠᠳ ᠶᠠᠭᠤ ᠪᠠᠨ ᠶᠠᠷᠢᠭᠠᠳ ᠪᠠᠢᠭ᠎ᠠ ᠶᠤᠮ ᠪᠣᠢ?
ᠡᠪ ᠦᠭᠡᠢ ᠮᠥᠩᠬᠡ᠄ ᠳᠡᠭᠡᠳᠦ ᠦᠯᠢᠭᠡᠷ ᠢ᠋ ᠵᠥᠪᠬᠡᠨ ᠪᠢᠳᠡ ᠣᠯᠬᠤ ᠶᠣᠰᠣᠲᠠᠢ᠃
ᠰᠠᠬᠢᠯᠭ᠎ᠠ ᠦᠭᠡᠢ ᠪᠠᠰᠠᠷ᠄ ᠥ᠂ ᠶᠠᠭ᠂ ᠡᠨᠡ ᠦᠶ᠎ᠡ ᠳ᠋ᠦ᠍ ᠶᠠᠭᠤ ᠭᠡᠳᠡᠭ ᠪᠢᠯᠡ᠂ ᠥ ᠲᠡᠢᠮᠦ᠂ Oh, nice ( ᠰᠠᠢᠬᠠᠨ ᠪᠠᠢᠨ᠎ᠠ)
ᠪᠠᠰᠠᠷ᠄ Professor Snape ᠵᠢᠨ ᠨᠡᠷ᠎ᠡ ᠶ᠋ᠢ ᠬᠦᠨᠳᠦᠳᠬᠡᠯ ᠲᠡᠢ ᠪᠡᠷ ᠬᠡᠯᠡᠨ᠎ᠡ ᠊ᠦᠦ?
ᠰᠠᠬᠢᠯᠭ᠎ᠠ ᠦᠭᠡᠢ ᠪᠠᠰᠠᠷ᠄ ᠥ?
ᠮᠥᠩᠬᠡ᠄ ᠥ᠂ ᠮᠠᠨ ᠊ᠤ ᠬᠢ ᠠ᠋!
ᠲᠤᠩᠬᠤ᠄ ᠪᠠᠰᠠᠷ᠂ ᠴᠠᠰᠤᠬᠠᠨ ᠬᠣᠶᠠᠷ ᠮᠢᠨᠢ᠂
ᠪᠠᠰᠠᠷ᠄ ᠬᠡᠩ ᠬᠡᠩ! ᠵᠠ᠂ ᠲᠠ ᠨᠠᠷ ᠮᠠᠨᠢ ᠨᠠᠢᠵᠠ ᠨᠤᠭᠤᠳ ᠢ᠋ ᠶᠠᠪᠤᠭᠤᠯᠤᠭᠠᠷᠠᠢ᠂ ᠠ! ᠨᠠᠭᠠᠨ᠎ᠠ ᠨᠢᠰᠴᠦ ᠪᠠᠢᠭ᠎ᠠ ᠶ᠋ᠢ ᠬᠠᠷᠠᠵᠤ ᠪᠠᠢᠭ᠎ᠠ ᠪᠢᠵᠡ᠂ ᠠᠩ᠃
ᠰᠠᠬᠢᠯᠭ᠎ᠠ ᠦᠭᠡᠢ ᠪᠠᠰᠠᠷ᠄ ᠠ᠂ ᠢᠩᠭᠢᠵᠦ ᠊ᠦᠦ?
ᠪᠠᠰᠠᠷ᠄ ᠥ᠂ ᠠ᠂ ᠵᠠ ᠵᠠ ᠪᠢ ᠷᠤᠫᠢᠲ ᠬᠤᠪᠴᠠᠰᠤ ᠲᠠᠢ ᠰᠢᠦ᠃ ᠶᠠᠮᠠᠷ ᠴᠤ᠌ ᠵᠡᠪᠰᠡᠭ ᠭᠠᠷᠭᠠᠵᠤ ᠮᠡᠳᠡᠨ᠎ᠡ ᠰᠢᠦ᠃ ᠠ!
ᠰᠠᠬᠢᠯᠭ᠎ᠠ ᠦᠭᠡᠢ ᠪᠠᠰᠠᠷ᠄ ᠠ᠂ ᠢᠩᠭᠢᠵᠦ ᠊ᠦᠦ?
ᠪᠠᠰᠠᠷ᠄ ᠥ ᠂ ᠵᠠ ᠵᠠ ᠬᠠ ᠬᠠ ᠬᠠ᠃
ᠰᠠᠬᠢᠯᠭ᠎ᠠ ᠦᠭᠡᠢ ᠪᠠᠰᠠᠷ᠄ ᠬᠥᠥᠭ᠂ ᠴᠥᠬᠥ!
ᠴᠠᠰᠤᠬᠠᠨ᠄ ᠥᠩ?
ᠰᠠᠨᠠᠭ᠎ᠠ ᠴᠠᠰᠤᠬᠠᠨ᠄ ᠲᠡᠭᠡᠵᠦ ᠪᠠᠢᠨ᠎ᠠ ᠊ᠦᠦ? ᠴᠢ᠃
ᠴᠠᠰᠤᠬᠠᠨ : ᠬᠠᠩ᠂ ᠬᠡᠩ᠂ ᠶᠣᠣ ᠶᠣᠣ ᠶᠣᠣ᠂
ᠰᠠᠷᠮᠠᠭᠴᠢᠨ᠄ ᠥ ᠸᠠ᠂ ᠥ ᠸᠠ᠂
ᠵᠠᠭᠠᠨ᠄ ᠠᠯᠢᠪ᠂ ᠮᠠᠨ ᠊ᠤ ᠬᠢ ᠠ᠋᠂ ᠲᠤᠰᠠᠯᠠᠵᠠᠭᠠᠶ᠎ᠠ!
ᠲᠠᠭᠲᠠᠭ᠎ᠠ᠄ ᠠᠯᠢᠪ᠂ ᠬᠡᠳᠦᠭᠦᠯᠡ ᠪᠡᠨ ᠲᠤᠰᠠᠯᠠᠵᠠᠭᠠᠶ᠎ᠠ!
ᠡᠪ ᠦᠭᠡᠢ ᠮᠥᠩᠬᠡ᠄ ᠬᠠ ᠬᠠ᠂ ᠲᠤᠰᠠᠯᠠᠬᠤ ᠭᠡᠵᠦ ᠪᠠᠢᠨ᠎ᠠ ᠊ᠦᠦ? ᠠᠯᠢᠪ᠂ ᠡᠩ ᠦᠭᠡᠢ ᠲᠤᠩᠬᠤ ᠠ᠋!
ᠪᠠᠰᠠᠷ᠄ ᠬᠥ᠋ ᠬᠥ᠋ ᠂ ᠨᠠᠭᠠᠳᠤᠬᠢ ᠴᠢᠨᠢ ᠨᠠᠷᠠᠨ ᠲᠣᠭᠣᠭ᠎ᠠ ᠰᠤᠭᠤᠯᠴᠢᠬᠠᠭᠰᠠᠨ ᠪᠠᠢᠨ᠎ᠠ ᠰᠢᠦ᠂
ᠪᠠᠰᠠᠷ᠄ ᠬᠡᠩ᠂ ᠬᠡ ᠬᠡ
ᠴᠠᠰᠤᠬᠠᠨ᠄ ᠬᠠᠩ᠂ ᠬᠠ
ᠲᠤᠩᠬᠤ᠄ ᠠ! ᠪᠤᠯᠢᠭᠠᠴᠢ ᠠ᠋! ᠪᠠᠮᠪᠠᠷ ᠠ᠋! ᠲᠤᠰᠠᠯᠠᠭᠠᠷᠠᠢ!
ᠪᠠᠮᠪᠠᠷ᠄ ᠵᠠ᠂ ᠮᠠᠨ ᠊ᠤ ᠬᠢ ᠠ᠋᠂ ᠬᠡᠷᠡᠭ ᠦᠭᠡᠢ ᠪᠢᠵᠡ ᠳᠡ᠂
ᠲᠤᠩᠬᠤ᠄ ᠠᠩ?
ᠡᠩ ᠦᠭᠡᠢ ᠲᠤᠩᠬᠤ᠄ ᠬᠠ ᠬᠠ ᠬᠠ᠂ ᠶᠠᠭᠠᠬᠢᠭᠰᠠᠨ ᠬᠥᠭᠡᠷᠦᠬᠦᠨ ᠵᠢᠵᠢᠭᠬᠡᠨ ᠠᠮᠢᠲᠠᠨ ᠪᠣᠢ?
ᠡᠪ ᠦᠭᠡᠢ ᠮᠥᠩᠬᠡ᠄ ᠬᠡ ᠬᠡ ᠬᠠ ᠬᠠ! ᠦᠭᠡᠢ ᠭᠡᠪᠡᠯ ᠶᠠᠭᠠᠬᠢᠨ᠎ᠠ ᠭᠡᠵᠦ?
ᠪᠠᠮᠪᠠᠷ᠄ ᠦᠭᠡᠢ ᠭᠡᠪᠡᠯ ᠪᠢ᠁ᠠᠢ ᠪᠢ ᠪᠠᠮᠪᠠᠷ ᠪᠣᠯᠤᠭ᠎ᠠ ᠦᠭᠡᠢ ᠪᠠᠢᠭᠰᠠᠨ ᠶᠤᠮ ᠊ᠦᠦ?
ᠪᠠᠮᠪᠠᠷ᠄ ᠮᠠᠨ ᠊ᠤ ᠬᠢ ᠠ᠋᠂ ᠠᠭᠠᠷᠴᠠ ᠪᠠᠢᠨ᠎ᠠ ᠤᠤ?ᠠᠭᠠᠷᠴᠠ ᠠᠭᠠᠷᠴᠠ
ᠲᠤᠩᠬᠤ᠄ ᠶᠠᠭᠠᠬᠢᠨ᠎ᠠ ᠨᠠᠳᠠ ᠳ᠋ᠤ᠌ ᠪᠠᠢᠬᠤ ᠦᠭᠡᠢ᠂
ᠪᠠᠮᠪᠠᠷ᠄ ᠬᠡ ᠬᠡ ᠬᠡ᠁ ᠸᠠ ᠨᠠ ᠨᠠ ᠨᠠ᠂ ᠪᠠᠢᠬᠤ ᠦᠭᠡᠢ ᠭᠡᠵᠦ ᠶᠠᠷᠢᠬᠤ ᠳ᠋ᠤ᠌ ᠪᠠᠨ ᠬᠦᠷᠲᠡᠯ᠎ᠡ ᠬᠥᠭᠡᠷᠦᠬᠦᠨ ᠬᠠᠷᠠᠭᠳᠠᠳᠠᠭ ᠰᠢᠦ᠂ ᠮᠠᠨ ᠊ᠤ ᠲᠤᠩᠬᠤ᠂ ᠬᠡ ᠬᠡ᠃ ᠵᠠ ᠵᠠ᠂ ᠮᠥᠩᠬᠡ᠂ ᠠᠭᠠᠷᠴᠠ ᠪᠠᠢᠨ᠎ᠠ ᠊ᠦᠦ? ᠠᠭᠠᠷᠴᠠ ᠠᠭᠠᠷᠴᠠ᠂
ᠮᠥᠩᠬᠡ( ᠡᠷᠭᠢᠴᠡᠭᠦᠯᠬᠦ ᠪᠠᠢᠨ᠎ᠠ)᠄ ᠪᠢ ᠭᠡᠬᠦ ᠳ᠋ᠦ᠍ ᠪᠡᠨ ᠠᠷᠠᠢ ᠪᠠᠭ᠎ᠠ ᠢᠳᠡᠭᠰᠡᠨ ᠠ᠋᠂ ᠶᠡᠷᠦ ᠨᠢ ᠠᠶᠠᠯᠠᠯ ᠳ᠋ᠤ᠌ ᠪᠠᠨ ᠥᠯᠥᠰᠴᠦ ᠮᠠᠭᠠᠳ ᠦᠭᠡᠢ ᠭᠡᠳ ᠵᠢᠭᠠᠬᠠᠨ ᠥᠷᠥᠮ᠎ᠡ ᠠᠭᠠᠷᠴᠠ ᠠᠪᠤᠭᠠᠳ ᠶᠠᠪᠤᠶ᠎ᠠ᠃
ᠮᠥᠩᠬᠡ᠄ ᠨᠠᠳᠠ ᠳ᠋ᠤ᠌ ᠪᠠᠢᠭ᠎ᠠ ᠪᠠᠢᠨ᠎ᠠ ᠰᠢᠲᠠ ᠡᠩᠭᠡᠷ ᠲᠦ᠍ ᠪᠠᠢᠭ᠎ᠠ᠂ ᠠᠪᠤᠭᠠᠷᠠᠢ!
ᠪᠠᠮᠪᠠᠷ᠄ ᠥᠩ᠂ ᠵᠠ᠂ ᠪᠣᠯᠴᠢᠬᠠᠭᠰᠠᠨ ᠪᠠᠢᠨ᠎ᠠ᠂ ᠮᠠᠨ ᠊ᠤ ᠬᠢ ᠠ᠋᠂ ᠬᠡᠷᠡᠭ ᠦᠭᠡᠢ ᠪᠢᠵᠡ ᠳᠡ! ᠥᠩ!
ᠰᠠᠨᠠᠭ᠎ᠠ ᠴᠠᠰᠤᠬᠠᠨ᠄ ᠮᠠᠨ ᠊ᠤ ᠬᠢ ᠠ᠋᠂ ᠪᠢᠳᠡ ᠡᠢᠮᠦ ᠬᠦᠴᠦᠷᠬᠡᠭ ᠨᠢᠭᠡᠨ ᠲᠡᠢ ᠲᠤᠯᠤᠯᠳᠤᠬᠤ ᠳ᠋ᠤ᠌ ᠠᠷᠠᠢ ᠪᠡᠯᠡᠨ ᠪᠢᠰᠢ ᠪᠠᠢᠬ᠎ᠠ᠂ ᠪᠢ ᠮᠡᠳᠡᠭᠡᠯᠡᠯ ᠢ᠋ ᠨᠢ ᠪᠢᠴᠢᠭᠡᠳ ᠠᠪᠴᠢᠬᠠᠯ᠎ᠠ᠃
ᠡᠩ ᠦᠭᠡᠢ ᠲᠤᠩᠬᠤ᠄ ᠲᠡᠢᠮᠦ ᠰᠢᠦ᠂ᠳ᠋ᠦᠩ ᠊ᠤᠨ ᠮᠡᠳᠡᠭᠡᠯᠡᠯ ᠢ᠋ ᠠᠪᠤᠭᠰᠠᠨ ᠶᠤᠮ ᠴᠢᠨᠢ ᠪᠢᠳᠡ ᠪᠠᠮᠪᠠᠷ ᠢ᠋ ᠪᠦᠲᠦᠭᠡᠬᠦ ᠪᠣᠯᠤᠮᠵᠢ ᠲᠠᠢ ᠪᠣᠯᠤᠭᠰᠠᠨ ᠭᠡᠰᠡᠨ ᠦᠭᠡ᠂
ᠡᠪ ᠦᠭᠡᠢ ᠮᠥᠩᠬᠡ᠄ ᠥᠩ! ᠵᠠ᠂ ᠣᠢᠯᠠᠭᠠᠯ᠎ᠠ᠂ ᠪᠢᠳᠡ ᠡᠷᠭᠢᠵᠦ ᠢᠷᠡᠨ᠎ᠡ᠂
ᠪᠠᠰᠠᠷ᠄ ᠨᠠᠭᠠᠳᠤᠬᠢ ᠴᠢᠨᠢ ( Terminator ) ᠠᠴᠠ ᠬᠠᠭᠤᠯᠴᠢᠬᠠᠭᠰᠠᠨ ᠪᠠᠢᠨ᠎ᠠ ᠰᠢᠦ᠃
ᠵᠠᠭᠠᠨ᠄ ᠵᠠ᠂ ᠬᠠᠮᠢᠭ᠎ᠠ ᠪᠠᠢᠨ᠎ᠠ᠂ ᠨᠥᠬᠥᠭᠡ ᠬᠡᠳᠦ ᠴᠢᠨᠢ᠂ ᠠ᠂ ᠬᠠᠮᠢᠭ᠎ᠠ ᠪᠠᠢᠨ᠎ᠠ᠂ ᠬᠠᠮᠢᠭ᠎ᠠ ᠪᠠᠢᠨ᠎ᠠ?
ᠰᠠᠷᠮᠠᠭᠴᠢᠨ᠄ ᠠᠯᠢᠪ ᠠᠯᠢᠪ᠂ ᠸᠠ ᠂ ᠪᠡᠶ᠎ᠡ ᠰᠠᠢᠬᠠᠨ ᠬᠠᠯᠠᠴᠢᠬᠠᠯ᠎ᠠ᠂ ᠣᠳᠣ ᠬᠠᠮᠢᠭ᠎ᠠ ᠪᠠᠢᠨ᠎ᠠ᠂ ᠨᠥᠬᠥᠭᠡ ᠬᠡᠳᠦ᠂
ᠲᠠᠭᠲᠠᠭ᠎ᠠ᠄ ᠬᠥᠶᠢ᠂ ᠲᠠ᠂ ᠲᠠ ᠬᠡᠳᠦ ᠵᠦᠭᠡᠷ ᠦᠦ?
ᠲᠤᠩᠬᠤ᠄ ᠪᠠᠮᠪᠠᠷ ᠲᠤ᠌ ᠪᠠᠨ ᠵᠥᠩᠳᠡᠭᠡᠨ ᠶᠡᠬᠡ ᠪᠠᠶᠠᠷᠯᠠᠯ᠎ᠠ᠂᠂ ᠪᠢᠳᠡᠨ ᠢ᠋ ᠠᠪᠤᠷᠠᠯ᠎ᠠ᠂
ᠪᠠᠮᠪᠠᠷ᠄ ᠬᠡ ᠬᠡ ᠬᠡ᠂ ᠬᠠᠮᠤᠭ ᠊ᠤᠨ ᠬᠡᠷᠡᠭᠲᠡᠢ ᠦᠶ᠎ᠡ ᠳ᠋ᠦ᠍ ᠨᠢ ᠪᠠᠢᠩᠭᠤ ᠬᠠᠮᠲᠤ ᠪᠠᠢᠨ᠎ᠠ ᠰᠢᠦ ᠳᠡ᠃
ᠮᠥᠩᠬᠡ᠄ ᠪᠠᠶᠠᠷᠯᠠᠯ᠎ᠠ᠂ ᠶᠣᠣ ᠶᠣᠣ᠂ ᠶᠠᠭᠤ ᠪᠣᠯᠤᠭᠠᠳ ᠥᠩᠭᠡᠷᠡᠪᠡ? ᠲᠡᠢᠮᠦ᠂
ᠲᠤᠩᠬᠤ᠄ ᠬᠠᠷᠢᠨ ᠲᠡᠢᠮᠦ᠂
ᠴᠠᠰᠤᠬᠠᠨ᠄ ᠠᠷᠸ᠎ᠡ ᠠᠬ᠎ᠠ ᠠ᠋ᠴᠠ ᠠᠰᠠᠭᠤᠬᠤ ᠵᠦᠢᠯ ᠂ᠦᠭᠡᠢ ᠮᠥᠨ ᠶᠡᠬᠡ ᠪᠣᠯᠤᠯ᠎ᠠ ᠳᠠ᠃
ᠪᠠᠰᠠᠷ᠄ ᠥᠩ᠂ ᠪᠢᠳᠡ ᠨᠠᠷ ᠲᠤ᠌ ᠪᠠᠢᠩᠭᠤ ᠶ᠋ᠢᠨ ᠳᠠᠢᠰᠤᠨ ᠊ᠤ ᠳᠦᠷᠢ ᠭᠠᠷᠴᠤ ᠢᠷᠡᠭᠡᠳ ᠪᠠᠢᠭ᠎ᠠ ᠶᠤᠮ ᠪᠢᠰᠢ ᠦᠦ? ᠥ!
ᠲᠤᠩᠬᠤ᠄ ᠳᠠᠢᠰᠤᠨ ᠭᠡᠬᠦ ᠡᠴᠡ ᠪᠡᠨ ᠢᠯᠡᠭᠦᠦ ᠲᠡᠳᠡᠨ ᠊ᠦ ᠶᠠᠭᠠᠬᠢᠭᠠᠳ ᠡᠢᠮᠦ ᠠᠭᠤᠷᠲᠠᠢ ᠪᠠᠢᠭ᠎ᠠ ᠶ᠋ᠢ ᠣᠯᠵᠤ ᠮᠡᠳᠡᠭᠡᠳ ᠲᠤᠰᠠᠯᠠᠬᠤ ᠬᠡᠷᠡᠭᠲᠡᠢ᠃
ᠴᠠᠰᠤᠬᠠᠨ᠄ ᠲᠡᠢᠮᠦ ᠰᠢᠦ᠃
ᠮᠥᠩᠬᠡ᠄ ᠶᠠᠭ ᠦᠨᠡᠨ᠂ ᠲᠡᠭᠡᠭᠡᠳ ᠳᠡᠭᠡᠷ᠎ᠡ ᠡᠴᠡ ᠨᠢ ᠳᠡᠭᠡᠳᠦ ᠦᠯᠢᠭᠡᠷ ᠭᠡᠳ ᠯᠡ᠂ ᠥᠩ᠂ ᠪᠦᠭᠦᠳᠡᠭᠡᠷ ᠢ᠋ᠶ᠋ᠡᠨ ᠠᠷᠸ᠎ᠡ ᠠᠬ᠎ᠠ ᠳᠡᠭᠡᠷ᠎ᠡ ᠡᠣᠴᠢᠵᠤ ᠪᠠᠢᠭᠠᠳ ᠠᠰᠠᠭᠤᠵᠠᠭᠠᠶ᠎ᠠ!
ᠴᠠᠰᠤᠬᠠᠨ᠄ ᠵᠠ᠂ ᠲᠠ ᠨᠠᠷ ᠮᠢᠨᠢ ᠡᠪᠲᠡᠢ ᠮᠤᠨᠳᠠᠭ ᠠᠬ᠎ᠠ ᠳᠡᠭᠦᠦ ᠨᠠᠷ ᠰᠢᠦ᠂ ᠦᠷᠭᠦᠯᠵᠢ ᠡᠨᠡ ᠬᠡᠪ ᠢ᠋ᠶ᠋ᠡᠷ ᠢ᠋ᠶ᠋ᠡᠨ ᠪᠠᠢᠭᠠᠷᠠᠢ! ᠪᠠᠶᠠᠷᠲᠠᠢ!
ᠲᠠᠭᠲᠠᠭ᠎ᠠ᠄ ᠪᠠᠶᠠᠷᠯᠠᠯ᠎ᠠ ᠲᠠ ᠨᠠᠷ ᠲᠤ᠌ ᠪᠠᠨ᠂ ᠪᠠᠶᠠᠷᠲᠠᠢ ᠨᠠᠢᠵᠠ ᠮᠢᠨᠢ᠃
ᠰᠠᠷᠮᠠᠭᠴᠢᠨ᠄ ᠪᠠᠶᠠᠷᠲᠠᠢ!
ᠵᠠᠭᠠᠨ᠄ ᠪᠠᠶᠠᠷᠲᠠᠢ!
ᠪᠠᠰᠠᠷ᠄ ᠬᠥᠶᠢ ᠬᠥᠶᠢ ᠬᠥᠶᠢ᠂ ᠮᠠᠨ ᠊ᠤ ᠬᠢ ᠠ᠋᠂ ᠨᠡᠭᠡᠷᠡᠨ ᠮᠢᠨᠦ ᠬᠤᠪᠴᠠᠰᠤᠨ ᠠ᠋ᠴᠠ ᠯᠠᠵᠢᠷ ᠊ᠤᠨ ᠵᠡᠪᠰᠡᠭ ᠭᠠᠷᠴᠤ ᠢᠷᠡᠬᠦ ᠶᠤᠮᠰᠢᠭ᠋ ᠪᠠᠢᠯ᠎ᠠ ᠰᠢᠲᠠ᠂ ᠥᠩ᠂ ᠭᠣᠶᠣ ᠭᠣᠶᠣ ᠭᠣᠶᠣ᠂ ᠬᠡ ᠬᠡ ᠬᠡ
ᠮᠥᠩᠬᠡ ᠲᠤᠩᠬᠤ᠂ ᠪᠠᠮᠪᠠᠷ ᠴᠠᠰᠤᠬᠠᠨ᠄( ᠵᠡᠷᠭᠡᠪᠡᠷ)᠄ ᠬᠡ ᠬᠡ ᠬᠡ!
ᠠᠷᠸ᠎ᠡ᠄ ᠢᠩᠭᠢᠭᠡᠳ ᠮᠠᠨ ᠊ᠤ ᠳᠥᠷᠪᠡ ᠠᠩᠬ᠎ᠠ ᠳᠡᠭᠡᠳᠦ ᠦᠯᠢᠭᠡᠷ ᠊ᠦᠨ ᠲᠠᠯ᠎ᠠ ᠪᠠᠷ ᠰᠣᠨᠣᠰᠤᠭᠰᠠᠨ ᠶᠤᠮ᠂ ᠬᠢᠮᠡᠯ ᠣᠶᠤᠨ ᠤᠬᠠᠭᠠᠨ ᠠ᠋ᠴᠠ ᠤᠷᠭᠤᠨ ᠭᠠᠷᠤᠭᠰᠠᠨ ᠫᠷᠣᠭ᠌ᠷᠠᠮ ᠦᠯᠢᠭᠡᠷ ᠳᠣᠲᠣᠷ᠎ᠠ ᠬᠡᠰᠦᠭᠦᠴᠢᠯᠡᠭᠰᠡᠭᠡᠷ ᠡᠢᠮᠦ ᠬᠦᠴᠦᠷᠬᠡᠭ ᠸᠢᠷᠦ᠋ᠰ  ᠪᠣᠯᠤᠭᠰᠠᠨ ᠢ᠋ ᠪᠢ ᠴᠦ᠍ ᠭᠡᠰᠡᠨ ᠥᠪᠡᠷ ᠢ᠋ᠶ᠋ᠡᠨ ᠮᠡᠳᠡᠭᠡ ᠦᠭᠡᠢ ᠪᠠᠢᠭᠰᠠᠨ ᠶᠤᠮ᠃ ᠡᠨᠡ ᠪᠦᠬᠦ ᠭᠠᠢᠬᠠᠯᠲᠠᠢ ᠠᠳᠠᠯ ᠶᠠᠪᠤᠳᠠᠯ ᠴᠠᠭᠠᠱᠢ ᠪᠠᠨ ᠬᠡᠷᠬᠢᠨ ᠦᠷᠭᠦᠯᠵᠢᠯᠡᠬᠦ ᠶ᠋ᠢ ᠳᠥᠷᠪᠡᠳᠦᠭᠡᠷ ᠤᠯᠠᠷᠢᠯ ᠠ᠋ᠴᠠ ᠬᠦᠯᠢᠶᠡᠨ ᠠᠪᠴᠤ ᠦᠵᠡᠭᠡᠷᠡᠢ! ᠮᠤᠨᠳᠠᠭ ᠬᠡᠦᠬᠡᠳ ᠊ᠦᠳ ᠰᠢᠦ᠂ ᠲᠠ ᠨᠠᠷ ᠮᠢᠨᠢ᠂ ᠮᠥᠩᠬᠡ ᠲᠤᠩᠬᠤ ᠲᠠᠢ ᠡᠷᠭᠢᠨ ᠠᠭᠤᠯᠵᠠᠲᠠᠯ᠎ᠠ ᠪᠠᠨ ᠲᠦᠷ  ᠪᠠᠶᠠᠷᠲᠠᠢ᠂ ᠬᠠᠢᠷᠠᠲᠠᠢ ᠰᠢᠦ!
ᠪᠠᠮᠪᠠᠷ᠄ ᠪᠢᠳᠡ ᠨᠠᠷ ᠭᠤᠴᠢᠨ ᠠᠩᠭᠢ ᠠᠷᠪᠠᠨ clip(ᠬᠡᠰᠡᠭ) ᠂ ᠬᠣᠶᠠᠷspecia (ᠲᠤᠰᠬᠠᠢ ᠪᠤᠯᠤᠩ) ᠭᠠᠷᠭᠠᠭᠰᠠᠨ ᠪᠠᠢᠨ᠎ᠠ ᠰᠢᠲᠠ᠂ ᠶᠣᠰᠣᠲᠠᠢ ᠭᠣᠶᠣ ᠪᠠᠢᠨ᠎ᠠ᠂ ᠤᠳᠠᠬᠤ ᠦᠭᠡᠢ ᠪᠦᠭᠦᠳᠡᠭᠡᠷ ᠢ᠋ᠶ᠋ᠡᠨ ᠳᠠᠬᠢᠭᠠᠳ ᠠᠭᠤᠯᠵᠠᠶ᠎ᠠ᠂ ᠪᠠᠮᠪᠠᠷ ᠮᠢᠨᠦ ᠪᠡᠶ᠎ᠡ ᠨᠠᠢᠷᠠᠭᠤᠯᠤᠭᠴᠢ ᠠ᠋ᠴᠠ ᠪᠠᠨ ᠭᠣᠶᠣᠴᠢᠬᠠᠭᠰᠠᠨ ᠪᠠᠢᠭ᠎ᠠ᠂ ᠣᠳᠣ ᠳᠠᠷᠠᠭ᠎ᠠ ᠶ᠋ᠢᠨ seasonᠱᠢᠢᠽᠸᠨ (ᠤᠯᠠᠷᠢᠯ)  ᠳ᠋ᠦ᠍ ᠠᠷᠠᠢ ᠶᠡᠬᠡ ᠭᠠᠷᠬᠤ ᠶᠤᠮ ᠰᠢᠭ᠋ ᠪᠠᠢᠯ᠎ᠠ ᠰᠢᠦ᠂ ᠨᠠᠢᠵᠠ ᠨᠤᠭᠤᠳ ᠠ᠋᠂ ᠬᠡ ᠬᠡ᠂ ᠪᠠᠶᠠᠷᠲᠠᠢ!
ᠪᠠᠰᠠᠷ᠄ ᠵᠠ ᠮᠠᠨ ᠤ᠋ ᠬᠢ ᠠ᠋᠂ ᠮᠠᠰᠺᠠ ᠪᠠᠨ ᠮᠠᠰᠢ ᠵᠥᠪ ᠵᠡᠭᠦᠭᠡᠳ᠂ ᠭᠠᠷ ᠢ᠋ᠶ᠋ᠠᠨ ᠪᠠᠢᠩᠭᠤ ᠤᠬᠢᠶᠠᠭᠠᠳ᠂ ᠠᠳᠠᠭ ᠨᠢ ᠪᠡᠶ᠎ᠡ ᠶ᠋ᠢᠨ ᠳᠠᠰᠬᠠᠯ ᠵᠢᠠᠨ ᠪᠠᠢᠩᠭᠤ ᠬᠢᠵᠦ ᠪᠠᠢᠭᠠᠷᠠᠢ! ᠬᠠᠢᠷᠠᠲᠠᠢ ᠰᠢᠦ!

ᠲᠠᠢᠯᠪᠤᠷᠢ᠄
Oh Smape ᠊᠊᠊᠊᠊᠊᠊᠊᠊  ᠬᠠᠯᠢᠫᠦᠲ ᠭᠡᠳᠡᠭ ᠵᠦᠴᠦᠭᠡ  ᠳ᠋ᠡᠬᠢ ᠬᠥᠮᠦᠨ ᠊ᠤ ᠨᠡᠷ᠎ᠡ
Oh, nice ᠊᠊᠊᠊᠊᠊᠊᠊᠊ ᠰᠠᠢᠬᠠᠨ ᠪᠠᠢᠨ᠎ᠠ ᠭᠡᠰᠡᠨ ᠤᠳᠬ᠎ᠠ ᠲᠠᠢ ᠠᠩᠭ᠌ᠯᠢ ᠦᠭᠡ
ᠸᠢᠷᠦᠢᠰ ᠊᠊᠊᠊᠊᠊᠊ ᠬᠠᠯᠳᠠᠪᠤᠷᠢᠲᠤ ᠡᠪᠡᠳᠴᠢᠨ ᠢ᠋ ᠡᠭᠦᠰᠬᠡᠭᠴᠢ ᠬᠣᠣᠷ᠂ ᠬᠠᠯᠳᠠᠪᠤᠷᠢᠲᠤ ᠨᠢᠶᠠᠨ ᠭᠡᠰᠡᠨ ᠬᠠᠷᠢ ᠭᠠᠷᠤᠯ ᠲᠠᠢ ᠦᠭᠡ᠃
ᠫᠷᠣᠭ᠌ᠷᠠᠮ ᠊᠊᠊᠊᠊᠊᠊᠊ ᠬᠥᠲᠥᠯᠪᠦᠷᠢ ᠪᠤᠶᠤ ᠨᠡᠪᠲᠡᠷᠡᠭᠦᠯᠭᠡ
Terminator ᠊᠊᠊᠊᠊᠊᠊᠊᠊ ᠧᠦ᠋ᠷᠣᠫᠠ ᠶ᠋ᠢᠨ ᠬᠡᠦᠬᠡᠯᠳᠡᠢ ᠵᠦᠴᠦᠭᠡ  ᠳ᠋ᠦ᠍ ᠭᠠᠷᠳᠠᠭ ᠪᠤᠰᠤᠳ ᠊ᠤᠨ ᠳᠦᠷᠢ ᠪᠠᠢᠳᠠᠯ ᠢ᠋ᠶ᠋ᠠᠷ ᠬᠤᠪᠢᠯᠴᠢᠬᠠᠳᠠᠭ ᠡᠰᠡᠷᠭᠦ ᠲᠠᠯ᠎ᠠ ᠶ᠋ᠢᠨ ᠭᠣᠣᠯ ᠪᠠᠭᠠᠲᠤᠷ  ᠊ᠤᠨ ᠨᠡᠷ᠎ᠡ᠃
ᠡᠨᠳᠡ ᠬᠦᠷᠦᠭᠡᠳ᠂ ᠭᠤᠷᠪᠠᠳᠤᠭᠠᠷ ᠤᠯᠠᠷᠢᠯ ᠊ᠤᠨ ᠠᠷᠪᠠᠨ ᠠᠩᠭᠢ ᠶ᠋ᠢᠨ ᠦᠰᠦᠭ ᠢ᠋ ᠬᠠᠲᠠᠵᠤ ᠲᠡᠭᠦᠰᠬᠡᠪᠡ᠃ ᠵᠦᠴᠦᠭᠡ ᠶ᠋ᠢᠨ ᠦᠭᠡ ᠶ᠋ᠢ ᠨᠢ ᠰᠣᠨᠣᠰᠴᠤ ᠪᠠᠢᠭᠠᠳ ᠬᠠᠭᠤᠯᠤᠨ ᠪᠢᠴᠢᠵᠦ ᠠᠪᠤᠭᠰᠠᠨ ᠲᠤᠯᠠ᠂ ᠰᠣᠨᠣᠰᠬᠠᠯ ᠊ᠤᠨ ᠲᠠᠯ᠎ᠠ ᠳ᠋ᠤ᠌ ᠡᠢᠮᠦ ᠲᠡᠢᠮᠦ ᠵᠦᠷᠢᠶᠡᠨ ᠭᠠᠷᠤᠭᠰᠠᠨ ᠪᠠᠢᠬᠤ ᠨᠢ ᠯᠠᠪᠲᠠᠢ᠂ ᠦᠵᠡᠬᠦ ᠮᠡᠷᠭᠡᠳ ᠮᠢᠨᠢ ᠠᠭᠤᠴᠢᠯᠠᠯ ᠳ᠋ᠤ᠌ ᠪᠠᠨ ᠪᠠᠭᠲᠠᠭᠠᠬᠤ ᠪᠣᠯᠪᠠᠤ! ᠬᠠᠮᠲᠤᠷᠠᠨ ᠠᠵᠢᠯᠯᠠᠭᠰᠠᠨ ᠪᠦᠬᠦ ᠨᠥᠬᠥᠳ ᠊ᠦᠨ ᠢ᠋ᠶ᠋ᠡᠨ ᠡᠮᠦᠨ᠎ᠡ ᠡᠴᠡ ᠬᠦᠰᠡᠨ ᠨᠠᠢᠳᠠᠵᠤ ᠪᠠᠢᠨ᠎ᠠ!
   ᠦᠰᠦᠭ ᠠᠮᠢᠯᠠᠭᠤᠯᠤᠭᠴᠢ᠄ ᠬᠤᠸᠠᠷ᠂ ᠾᠦᠩ ᠸᠧᠢ
   ᠦᠰᠦᠭ ᠬᠠᠲᠠᠭᠴᠢ᠄ ᠾᠦᠩ ᠸᠧᠢ
   ᠬᠢᠨᠠᠯᠲᠠ᠄ ᠮᠥᠴᠢᠷ᠂ ᠬᠤᠸᠠᠷ᠂ ᠰᠡᠴᠡᠩᠭᠤᠸ᠎ᠡ᠃