ᠮᠥᠩᠬᠡ ᠲᠤᠩᠬᠤ 3-09 ᠵᠠᠢᠷᠮᠠᠭ ᠤᠨ ᠬᠠᠭᠠᠨᠲᠤ ᠤᠯᠤᠰМөнх Тунх-зайрмагийн хаант улс
ᠵᠠᠢᠷᠮᠠᠭ ᠤᠨ ᠬᠠᠭᠠᠨᠲᠤ ᠤᠯᠤᠰ
ᠪᠠᠰᠠᠷ᠄ ᠵᠠ᠂ ᠮᠠᠨ ᠊ᠤ ᠬᠢ ᠠ᠋᠂mask ( ᠠᠮᠠᠪᠴᠢ) ᠪᠠᠨ ᠮᠠᠰᠢ ᠵᠥᠪ ᠵᠡᠭᠦᠭᠡᠳ ᠭᠠᠷ ᠢ᠋ᠶ᠋ᠠᠨ ᠪᠠᠢᠩᠭᠤ ᠤᠬᠢᠶᠠᠭᠠᠳ ᠠᠳᠠᠭ ᠨᠢ ᠪᠡᠶ᠎ᠡ ᠶ᠋ᠢᠨ ᠳᠠᠰᠬᠠᠯ ᠢ᠋ᠶ᠋ᠠᠨ ᠪᠠᠢᠩᠭᠤ ᠬᠢᠵᠦ ᠪᠠᠢᠭᠠᠷᠠᠢ! ᠬᠠᠢᠷᠠᠲᠠᠢ ᠰᠢᠦ!
ᠮᠥᠩᠬᠡ᠄ ᠸᠠ ᠧᠦ᠂ᠲᠤᠩᠬᠤ ᠠ᠋᠂ ᠲᠤᠩᠬᠤ ᠠ᠋! ᠶᠠᠭᠤ ᠪᠣᠯᠤᠭᠠᠳ ᠪᠠᠢᠨ᠎ᠠ?
ᠲᠤᠩᠬᠤ᠄ ᠬᠥᠶᠢ! ᠮᠥᠩᠬᠡ ᠠ᠋᠂ ᠮᠥᠩᠬᠡ ᠠ᠋!ᠶᠠᠭᠤ ᠪᠣᠯᠤᠭᠠᠳ ᠪᠠᠢᠨ᠎ᠠ?
ᠪᠠᠰᠠᠷ᠄ ᠬᠥ! ᠲᠠ ᠬᠣᠶᠠᠷ ᠪᠠᠰᠠ ᠡᠨᠳᠡ ᠨᠢᠰᠴᠦ ᠶᠠᠪᠤᠭ᠎ᠠ ᠶᠤᠮ ᠤᠤ?
ᠮᠥᠩᠬᠡ᠄ ᠸᠠ᠁ ᠬᠥᠶᠢ᠂ ᠪᠠᠰᠠᠷᠤᠰᠺᠠ ᠂ ᠶᠠᠭᠤ ᠬᠢᠵᠦ ᠶᠠᠪᠤᠭ᠎ᠠ ᠶᠤᠮ ᠪᠣᠢ?
ᠪᠠᠰᠠᠷ᠄ ᠬᠥ᠁ ᠬᠠᠮᠲᠤ ᠨᠢᠰᠴᠦ ᠪᠣᠯᠬᠤ ᠦᠭᠡᠢ ᠪᠣᠯᠤᠭᠰᠠᠨ ᠬᠣᠷᠸ᠎ᠠ ᠊ᠦᠦ ᠳ᠋ᠠ! ᠳ᠋ᠠ
ᠮᠥᠩᠬᠡ᠄ ᠬᠠ ᠬᠠ᠁
ᠪᠠᠰᠠᠷ᠄ ᠬᠡ ᠬᠡ᠁ ᠢᠩᠭᠢᠬᠦ ᠳ᠋ᠦ᠍ ᠶᠠᠭ ᠣᠳᠣ ᠴᠠᠰᠤᠬᠠᠨ ᠣᠷᠣᠵᠤ ᠢᠷᠡᠵᠦ ᠶᠠᠭᠤᠮ᠎ᠠ ᠶᠠᠷᠢᠮᠠᠷ ᠶᠤᠮ᠃ ᠶᠠᠭ ᠴᠠᠰᠤᠬᠠᠨ ᠤ᠋ ᠡᠭᠡᠯᠵᠢ ᠪᠣᠯᠴᠢᠬᠠᠭᠰᠠᠨ ᠶᠤᠮ ᠰᠢᠭ᠋ ᠰᠠᠨᠠᠭᠳᠠᠭᠠᠳ ᠪᠠᠢᠬᠤ ᠶᠤᠮ᠃
ᠮᠥᠩᠬᠡ᠄ ᠬᠠᠷᠢᠨ ᠲᠡᠢᠮᠦ᠂ ᠴᠠᠰᠤᠬᠠᠨ ᠶᠠᠭᠠᠬᠢᠴᠢᠬᠠᠪᠠ? ᠬᠢ ᠬᠢ ᠁
ᠴᠠᠰᠤᠬᠠᠨ᠄ ᠬᠢ ᠬᠢ᠁ ᠮᠢᠨᠦ ᠨᠡᠷ᠎ᠡ ᠶ᠋ᠢ ᠳᠠᠭᠤᠳᠠᠭᠰᠠᠨ ᠊ᠦᠦ?ᠬᠢ ᠬᠢ᠁
ᠲᠤᠩᠬᠤ᠄ ᠬᠢ ᠬᠢ᠁ ᠢᠩᠭᠢᠬᠦ ᠳ᠋ᠦ᠍ ᠬᠡᠳᠦᠭᠦᠯᠡ ᠪᠡᠨ ᠵᠡᠭᠦᠳᠦᠯᠡᠭᠡᠳ ᠪᠠᠢᠭ᠎ᠠ ᠶᠤᠮ ᠪᠠᠢᠬ᠎ᠠ ᠳᠠ!
ᠴᠠᠰᠤᠬᠠᠨ᠄ ᠬᠠᠷᠢᠨ ᠲᠡᠢᠮᠦ᠂ ᠪᠢ ᠪᠠᠰᠠ ᠭᠠᠢᠬᠠᠭᠠᠳ ᠯᠠ ᠪᠠᠢᠨ᠎ᠠ᠃
ᠮᠥᠩᠬᠡ᠄ ᠪᠠᠢᠵᠠᠭᠠᠭᠠᠷᠠᠢ!ᠮᠠᠨ ᠤ᠋ ᠬᠢ ᠠ᠋!ᠲᠡᠷᠡ ᠶᠠᠭᠤ ᠭᠡᠨ᠎ᠡ ᠊ᠦᠦ?
ᠪᠠᠰᠠᠷ᠄ ᠠᠯᠢᠪ᠁
ᠲᠤᠩᠬᠤ᠄ ᠮᠥᠩᠬᠡ ᠲᠤᠩᠬᠤ ᠲᠤᠰᠬᠠᠢ ᠳ᠋ᠤᠭᠠᠷ ᠭᠡᠨ᠎ᠡ ᠊ᠦᠦ?
ᠪᠠᠰᠠᠷ᠄ ᠸᠠ᠁ ᠡᠨᠡ ᠠᠩᠭᠢ ᠲᠤᠰᠬᠠᠢ ᠳ᠋ᠤᠭᠠᠷ ᠶᠤᠮ ᠪᠢᠰᠢ ᠊ᠦᠦ? ᠠ!
ᠮᠥᠩᠬᠡ᠄ ᠥ! ᠶᠠᠩᠵᠤ ᠶ᠋ᠢᠨ᠁
ᠴᠠᠰᠤᠬᠠᠨ᠄ ᠶᠣᠰᠣᠲᠠᠢ ᠭᠣᠶᠣ᠁
ᠮᠥᠩᠬᠡ᠄ ᠶᠠ! ᠲᠤᠰᠬᠠᠢ ᠳ᠋ᠤᠭᠠᠷ ᠢ᠋ᠶ᠋ᠠᠷ ᠶᠠᠭᠤ ᠭᠠᠷᠬᠤ ᠪᠣᠯ?
ᠪᠠᠰᠠᠷ᠄ ᠶᠠᠭᠠᠬᠢᠳᠠᠭ ᠴᠤ᠌᠂ ᠰᠡᠷᠭᠦᠯᠡᠩ ᠬᠥᠭᠵᠢᠯᠲᠡᠢ ᠭᠡᠳ ᠯᠡ ᠡᠬᠢᠯᠡᠨ᠎ᠡ ᠳ᠋ᠠ!
ᠮᠠᠢ᠂ ᠮᠠᠢ᠁( ᠬᠣᠨᠢ ᠢᠮᠠᠭᠠᠨ ᠊ᠤ ᠮᠠᠢᠯᠠᠬᠤ ᠳᠠᠭᠤ)
ᠮᠥᠩᠬᠡ᠄ ᠲᠡᠭᠡᠭᠡᠳ ᠪᠢ ᠲᠡᠷᠡ ᠵᠦᠭ ᠤᠷᠤᠭᠤ ᠬᠠᠷᠠᠭᠠᠳ ᠯᠠ ᠪᠠᠢᠭᠰᠠᠨ
ᠲᠤᠩᠬᠤ᠄ ᠲᠡᠭᠡᠭᠡᠳ
ᠮᠥᠩᠬᠡ᠄ ᠡᠬᠢᠨ ᠊ᠦ ᠬᠠᠭᠠᠯᠭ᠎ᠠ ᠶ᠋ᠢ ᠣᠩᠭᠣᠢᠯᠭᠠᠯᠠ᠃ ᠪᠢ ᠪᠦᠷ᠂ ᠪᠢ ᠪᠦᠷ ᠨᠢᠳᠦᠨ ᠳ᠋ᠦ᠍ ᠪᠡᠨ ᠴᠦ᠍ ᠢᠲᠡᠭᠡᠭᠡ ᠦᠭᠡᠢ᠂ ᠶᠠᠭᠠᠬᠢᠭᠰᠠᠨ ᠶᠤᠮ ᠪᠣᠯ ᠳᠠ ᠭᠡᠳ ᠯᠡ ᠳᠡᠭᠡᠳᠦ ᠲᠠᠯ᠎ᠠ ᠶ᠋ᠢᠨ ᠬᠠᠭᠠᠯᠭ᠎ᠠ ᠶ᠋ᠢ ᠳᠠᠲᠠᠯ᠎ᠠ᠃
ᠲᠤᠩᠬᠤ᠄ ᠡᠨᠡ ᠊ᠦᠦ?
ᠮᠥᠩᠬᠡ᠄ ᠪᠢ᠂ ᠪᠢ ᠥᠭᠡᠷ᠎ᠡ ᠶᠠᠭᠠᠬᠢᠬᠤ ᠪᠠᠢᠭᠰᠠᠨ ᠶᠤᠮ ᠪᠣᠢ? ᠪᠢ ᠥᠪᠡᠷ ᠲᠦ᠍ ᠪᠡᠨ ᠢᠲᠡᠭᠡᠬᠦ ᠶ᠋ᠢ ᠯᠡ ᠬᠦᠰᠡᠭᠰᠡᠨ ᠪᠢ᠂ ᠪᠢ᠂ ᠪᠢ ᠪᠦᠷ ᠪᠠᠢᠭᠠᠰᠠᠢ ᠭᠡᠵᠦ ᠬᠡᠴᠢᠨᠡᠭᠡᠨ ᠪᠣᠳᠣᠭᠰᠠᠨ ᠭᠡᠵᠦ?
ᠲᠤᠩᠬᠤ᠄ ᠶᠠᠭᠠᠬᠢᠨ᠎ᠠ ᠲᠡᠭᠡᠭᠡᠳ ᠪᠠᠢᠭᠰᠠᠨ ᠶᠤᠮ ᠊ᠦᠦ?
ᠮᠥᠩᠬᠡ ᠄ ᠲᠡᠭᠡᠭᠰᠡᠨ ᠴᠢᠨᠢ ᠬᠥᠷᠥᠭᠡᠭᠴᠢ ᠳ᠋ᠦ᠍ ᠵᠠᠢᠷᠮᠠᠭ ᠪᠠᠢᠭ᠎ᠠ ᠦᠭᠡᠢ
ᠲᠤᠩᠬᠤ᠄ ᠠᠢ᠁
ᠮᠥᠩᠬᠡ᠄ ᠠᠷᠸ᠎ᠠ ᠠᠬ᠎ᠠ ᠰᠡᠭᠦᠯ ᠊ᠤᠨ ᠮᠢᠨᠢ ᠵᠠᠢᠷᠮᠠᠭ ᠢ᠋ ᠢᠳᠡᠴᠢᠬᠡᠭᠰᠡᠨ ᠪᠠᠢᠭᠰᠠᠨ᠂ ᠤᠭ ᠨᠢ ᠬᠣᠭᠣᠯᠠᠨ ᠊ᠤ ᠳᠠᠷᠠᠭ᠎ᠠ ᠢᠳᠡᠨ᠎ᠡ ᠳᠠ ᠭᠡᠳ ᠬᠠᠳᠠᠭᠠᠯᠠᠴᠢᠬᠠᠭᠰᠠᠨ ᠪᠠᠢᠭᠰᠠᠨ᠁ ᠠᠢ! ᠵᠠᠢᠷᠮᠠᠭ ᠮᠢᠨᠢ!
ᠲᠤᠩᠬᠤ᠄ ᠮᠥᠩᠬᠡ ᠠ᠋ ᠪᠢᠲᠡᠭᠡᠢ ᠴᠠᠭᠠᠱᠢ ᠨᠢ ᠶᠠᠷᠢ ᠠ᠋᠃ ᠵᠢᠷᠦᠬᠡ ᠮᠠᠨᠢ ᠡᠮᠲᠡᠷᠡᠵᠦ ᠪᠠᠢᠨ᠎ᠠ᠃
ᠮᠥᠩᠬᠡ᠄ ᠠᠢ! ᠵᠠᠢᠷᠮᠠᠭ ᠮᠢᠨᠢ᠂
ᠲᠤᠩᠬᠤ᠄ ᠠᠢ᠂ ᠮᠥᠩᠬᠡ ᠮᠢᠨᠢ! ᠡᠨᠡ ᠶᠡᠬᠡ ᠰᠡᠳᠬᠢᠯ ᠊ᠤᠨ ᠰᠢᠨᠠᠯᠤᠯ ᠢ᠋ ᠴᠢᠨᠢ ᠣᠢᠯᠠᠭᠠᠵᠤ ᠪᠠᠢᠨ᠎ᠠ᠃
ᠠᠷᠸ᠎ᠠ᠄ ᠬᠠ ᠬᠠ᠁ ᠬᠥᠶᠢ᠂ ᠠᠬ᠎ᠠ ᠨᠢ ᠭᠠᠭᠴᠠᠬᠠᠨ ᠵᠠᠢᠷᠮᠠᠭ ᠢ᠋ ᠯᠡ ᠢᠳᠡᠭᠰᠡᠨ ᠰᠢᠲᠠ᠃ ᠬᠠ ᠬᠠ᠁ ᠰᠦᠷᠲᠡᠢ ᠬᠡᠦᠬᠡᠳ ᠊ᠤᠳ ᠰᠢᠦ!
ᠮᠥᠩᠬᠡ᠄ ᠠᠷᠸ᠎ᠠ ᠠᠬ᠎ᠠ ᠮᠢᠨᠢ ᠨᠤᠷᠠᠭᠰᠠᠨ ᠪᠠᠯᠭᠠᠰᠤ ᠰᠢᠭ᠋ ᠰᠡᠳᠬᠢᠯ ᠊ᠤᠨ ᠮᠢᠨᠢ ᠰᠢᠷᠬ᠎ᠠ ᠶ᠋ᠢ ᠪᠤᠤ ᠬᠥᠨᠳᠡᠭᠡ!
ᠠᠷᠸ᠎ᠠ᠄ ᠬᠠ ᠬᠠ᠁ ᠶᠣᠣ ᠶᠣᠣ᠂ ᠠᠬ᠎ᠠ ᠨᠢ ᠤᠳᠠᠬᠤ ᠦᠭᠡᠢ ᠰᠤᠮᠤ ᠣᠷᠣᠨ᠎ᠠ᠃ ᠳᠠᠬᠢᠭᠠᠳ ᠵᠠᠢᠷᠮᠠᠭ ᠠᠪᠤᠭᠠᠳ ᠢᠷᠡᠶ᠎ᠡ᠂ ᠵᠠ!
ᠮᠥᠩᠬᠡ᠄ ᠥ ᠵᠠ ᠵᠠ! ᠪᠢ ᠲᠠᠨ ᠢ᠋ ᠥᠷᠥᠰᠢᠶᠡᠯᠡ! ᠬᠢ ᠬᠢ᠁
ᠲᠤᠩᠬᠤ᠄ ᠬᠢ ᠬᠢ᠁ ᠪᠢ ᠴᠦ᠍ ᠭᠡᠰᠡᠨ ᠥᠷᠥᠰᠢᠶᠡᠯᠡ!
ᠠᠷᠸ᠎ᠠ᠄ ᠬᠠ ᠬᠠ᠁ ᠰᠦᠷᠵᠢᠩ ᠬᠡᠦᠬᠡᠳ ᠊ᠤᠳ ᠰᠢᠦ!
ᠮᠥᠩᠬᠡ᠄ ᠬᠠ ᠬᠠ᠁
ᠲᠤᠩᠬᠤ᠄ ᠬᠢ ᠬᠢ᠁
ᠮᠥᠩᠬᠡ᠄ ᠠᠷᠸ᠎ᠠ ᠠᠬ᠎ᠠ ᠶ᠋ᠢ ᠡᠢᠮᠦ ᠬᠤᠷᠳᠤᠨ ᠰᠤᠮᠤ ᠣᠷᠣᠭᠠᠳ ᠢᠷᠡᠨ᠎ᠡ ᠭᠡᠵᠦ ᠶᠠᠭᠠᠬᠢᠵᠤ ᠮᠡᠳᠡᠬᠦᠪ ᠠ!ᠲᠡᠢᠮᠦ?ᠬᠡ ᠬᠡ᠁
ᠲᠤᠩᠬᠤ᠄ ᠬᠢ ᠬᠢ᠁ ᠭᠣᠶᠣ ᠵᠠᠢᠷᠮᠠᠭ ᠪᠠᠢᠨ᠎ᠠ ᠰᠢᠦ!
ᠠᠷᠸ᠎ᠠ᠄ ᠬᠡ ᠬᠡ᠁ ᠭᠢᠯᠠᠰ ᠣᠷᠣᠬᠤ ᠦᠭᠡᠢ ᠪᠣᠯ ᠲᠠ ᠬᠡᠳᠦ ᠴᠢᠨᠢ ᠪᠦᠷ ᠪᠥᠭᠡᠮ ᠶᠠᠭᠤᠮ᠎ᠠ ᠪᠣᠯᠤᠭᠠᠳ ᠪᠠᠢᠭᠰᠠᠨ ᠪᠢᠰᠢ ᠪᠢᠯᠡ ᠤᠤ?ᠠ᠂ ᠬᠠ ᠬᠠ᠁
ᠮᠥᠩᠬᠡ᠄ ᠠᠢ ᠲᠡᠭᠡᠭᠡᠳ ᠯᠡ ᠥᠪᠡᠷ ᠢ᠋ ᠪᠡᠨ ᠵᠢᠭᠠᠬᠠᠨ ᠲᠣᠳᠣᠳᠬᠠᠭᠰᠠᠨ ᠦᠭᠡ ᠬᠡᠯᠡᠬᠦ ᠦᠭᠡᠢ ᠪᠣᠯ ᠪᠣᠯᠬᠤ ᠦᠭᠡᠢ ᠪᠠᠢᠨ᠎ᠠ ᠰᠢᠦ ᠳ᠋ᠠ!ᠬᠡ ᠬᠡ᠁
ᠲᠤᠩᠬᠤ᠄ ᠬᠢ ᠬᠢ᠁
ᠠᠷᠸ᠎ᠠ᠄ ᠥ ᠵᠠ ᠵᠠ᠁
ᠵᠠ᠂ ᠲᠠ ᠬᠡᠳᠦ ᠮᠠᠨᠢ ᠪᠡᠯᠡᠨ ᠦᠦ?ᠦᠯᠢᠭᠡᠷ ᠊ᠤᠨ ᠶᠢᠷᠲᠢᠨᠴᠦ ᠪᠡᠨ ᠰᠣᠩᠭᠣᠴᠢᠬᠠᠯᠠ᠃
ᠮᠥᠩᠬᠡ᠄ ᠦ nice ( ᠭᠣᠶᠣ )᠁
ᠲᠤᠩᠬᠤ᠄ ᠪᠡᠯᠡᠨ᠁
ᠪᠦᠭᠦᠳᠡᠭᠡᠷ᠄ ᠠ᠁ ᠦ᠁
ᠪᠠᠰᠠᠷ᠄ ᠶᠣᠣ᠂ ᠶᠣᠣ᠁ ᠶᠠᠭᠤ ᠪᠣᠯᠪᠠ? ᠰᠠᠶᠢ
ᠮᠥᠩᠬᠡ᠄ ᠬᠠᠷᠢᠨ ᠲᠡᠢᠮᠦ ᠪᠦᠷ ᠥᠭᠡᠷ᠎ᠡ ᠫᠦᠷᠲ ᠤᠷᠤᠭᠤ ᠣᠷᠣᠴᠢᠬᠠᠭᠰᠠᠨ ᠤᠤ᠂ᠦᠭᠡᠢ ᠦᠦ?
ᠴᠠᠰᠤᠬᠠᠨ᠄ ᠫᠥᠬᠥ᠂ ᠶᠠᠮᠠᠷ ᠦᠯᠢᠭᠡᠷ ᠶᠦᠮ ᠪᠣᠯ ᠠ᠋?
ᠲᠤᠩᠬᠤ᠄ ᠶᠠᠭᠠᠬᠢᠨ᠎ᠠ?
ᠠᠷᠸ᠎ᠠ᠄ ᠬᠥᠶᠢ! ᠮᠠᠨ ᠊ᠤ ᠬᠢ ᠠ᠋!ᠵᠦᠭᠡᠷ ᠦᠦ?
ᠴᠠᠰᠤᠬᠠᠨ᠄ ᠪᠢᠳᠡ ᠵᠦᠭᠡᠷ ᠠ᠋᠂ ᠬᠠᠷᠢᠨ ᠰᠠᠶᠢ ᠶᠠᠭᠤ ᠪᠣᠯᠴᠢᠬᠠᠪᠠ? ᠠᠷᠸ᠎ᠠ ᠠᠬ᠎ᠠ ᠠ᠋?
ᠠᠷᠸ᠎ᠠ᠄ ᠺᠣᠮᠫᠢᠦ᠋ᠲ᠋ᠧᠷ ᠤᠷᠤᠭᠤ ᠵᠠᠢᠷᠮᠠᠭ ᠤᠷᠤᠰᠤᠭᠠᠳ ᠣᠷᠣᠴᠢᠬᠠᠭᠰᠠᠨ ᠪᠠᠢᠨ᠎ᠠ᠃
ᠴᠠᠰᠤᠬᠠᠨ᠄ ᠲᠡᠭᠡᠬᠦ ᠪᠡᠷ ᠬᠠᠮᠢᠭ᠎ᠠ ᠨᠢ ᠢᠷᠡᠭᠰᠡᠨ ᠪᠣᠯ? ᠶᠠᠮᠠᠷ ᠦᠯᠢᠭᠡᠷ ᠪᠣᠢ?
ᠠᠷᠸ᠎ᠠ᠄ ᠵᠠ᠂ ᠶᠠᠭ ᠦᠯᠢᠭᠡᠷ ᠪᠣᠯ ᠪᠢᠰᠢ᠂ ᠵᠠᠢᠷᠮᠠᠭ ᠊ᠤᠨ ᠬᠠᠭᠠᠨᠲᠤ ᠤᠯᠤᠰ ᠭᠡᠰᠡᠨ ᠭᠠᠵᠠᠷ ᠪᠠᠢᠬᠤ ᠶᠤᠮ᠃
ᠮᠥᠩᠬᠡ᠄ ᠵᠠᠢᠷᠮᠠᠭ⁉
ᠪᠠᠰᠠᠷ᠄ ᠵᠠᠢᠷᠮᠠᠭ⁉
ᠲᠤᠩᠬᠤ᠄ ᠵᠠᠢᠷᠮᠠᠭ⁉
ᠠᠷᠸ᠎ᠠ᠄ ᠠᠬ᠎ᠠ ᠨᠢ ᠲᠡᠭᠡᠭᠡᠳ ᠲᠠ ᠬᠡᠳᠦ ᠶ᠋ᠢ ᠪᠤᠴᠠᠭᠠᠬᠤ ᠤᠤ?
ᠮᠥᠩᠬᠡ᠄ ᠵᠠ᠂ ᠠᠷᠸ᠎ᠠ ᠠᠬ᠎ᠠ ᠠ᠋! ᠠᠳᠠᠯ ᠶᠠᠪᠤᠳᠠᠯ ᠊ᠤᠨ ᠶᠢᠷᠲᠢᠨᠴᠦ ᠰᠢᠦ ᠳ᠋ᠠ! ᠪᠢᠳᠡ ᠠᠶᠠᠯᠠᠬᠤ ᠨᠢ ᠵᠥᠪ ᠪᠣᠯᠪᠠ ᠭᠡᠵᠦ ᠪᠢ ᠪᠣᠳᠣᠵᠤ ᠪᠠᠢᠨ᠎ᠠ᠃
ᠲᠤᠩᠬᠤ᠄ ᠪᠢ ᠪᠠᠰᠠ ᠲᠡᠭᠡᠵᠦ ᠪᠣᠳᠣᠵᠤ ᠪᠠᠢᠨ᠎ᠠ᠃
ᠪᠠᠰᠠᠷ᠄ ᠺᠦᠷᠢ ᠺᠦᠷᠢ
ᠠᠷᠸ᠎ᠠ᠄ ᠵᠠ᠂ ᠲᠡᠭᠡᠭᠡᠳ ᠲᠠ ᠬᠡᠳᠦ ᠮᠠᠨᠢ ᠰᠠᠢᠬᠠᠨ ᠬᠥᠭᠵᠢᠯᠳᠦᠭᠡᠳ ᠢᠷᠡᠭᠡᠷᠡᠢ!ᠪᠠᠶᠠᠷᠲᠠᠢ!
ᠴᠠᠰᠤᠬᠠᠨ᠄ ᠵᠠ᠂ ᠲᠡᠭᠡᠪᠡᠯ ᠬᠡᠳᠦᠭᠦᠯᠡ ᠠᠶᠠᠯᠠᠬᠤ ᠤᠤ ᠳᠠ!
ᠮᠥᠩᠬᠡ᠄ ᠡᠨᠡ ᠬᠥᠮᠦᠰ ᠪᠦᠭᠦᠳᠡᠭᠡᠷ ᠢ᠋ᠶ᠋ᠡᠨ ᠪᠠᠶᠠᠷ ᠬᠥᠷ ᠲᠡᠢ ᠬᠠᠷᠠᠭᠳᠠᠭᠠᠳ ᠪᠠᠢᠬᠤ ᠶᠤᠮ᠃
ᠲᠤᠩᠬᠤ᠄ ᠬᠠᠷᠢᠨ ᠲᠡᠢᠮᠦ᠂ ᠪᠦᠷ ᠨᠢᠭᠡ ᠴᠠᠭᠠᠨ᠎ᠠ ᠠ᠋ᠴᠠ ᠪᠠᠨ ᠬᠡᠷᠡᠯᠳᠦᠭᠡᠳ ᠯᠡ᠁
ᠪᠠᠰᠠᠷ᠄ ᠲᠡᠷᠡ ᠴᠢᠷᠠᠢ ᠨᠤᠭᠤᠳ ᠢ᠋ ᠨᠢ ᠬᠠᠷᠠᠭᠠᠳ ᠪᠠᠢᠭᠠᠷᠠᠢ᠃ ᠨᠢᠭᠡ ᠯᠡ ᠳᠠᠭᠤᠯᠠᠬᠤ ᠭᠡᠳ ᠪᠠᠢᠭ᠎ᠠ ᠶᠤᠮ ᠰᠢᠭ᠋ ᠬᠠᠷᠠᠭᠳᠠᠭᠠᠳ ᠪᠠᠢᠬᠤ ᠶᠤᠮ᠃ ᠠᠮᠠ ᠨᠢ ᠥᠮᠥᠯᠵᠡᠵᠦ ᠢᠷᠡᠭᠡᠳ ᠯᠡ᠁
ᠵᠠ᠂ disk( ᠳᠠᠭᠤᠨ ᠲᠠᠪᠠᠭ) ᠪᠢᠰᠢ ᠪᠠᠢᠭ᠎ᠠ ᠪᠢᠰᠢ ᠳ᠋ᠠ? ᠠᠷᠠᠢ ᠳᠠᠭᠤᠯᠠᠭᠠᠳ ᠡᠬᠢᠯᠡᠬᠦ ᠦᠭᠡᠢ ᠪᠠᠢᠯ ᠦᠭᠡᠢ ᠳ᠋ᠠ!
ᠦ!
ᠠᠷᠠᠯᠵᠢᠶᠠᠴᠢᠨ᠄ ᠰᠠᠢᠨ ᠪᠠᠢᠨ᠎ᠠ ᠤᠤ?
ᠪᠠᠷᠠᠭ᠎ᠠ ᠠᠪᠤᠭᠴᠢ᠄ ᠰᠠᠢᠨ᠂ ᠰᠠᠢᠨ ᠪᠠᠢᠨ᠎ᠠ ᠤᠤ?
ᠠᠷᠠᠯᠵᠢᠶᠠᠴᠢᠨ᠄ ᠠᠯᠢᠪᠠ ᠬᠥᠮᠦᠰ ᠰᠠᠢᠨ᠂ ᠥᠨᠥᠳᠥᠷ ᠶᠠᠭᠠᠬᠢᠭᠰᠠᠨ ᠰᠠᠢᠬᠠᠨ ᠨᠠᠷᠠ ᠲᠠᠢ ᠡᠳᠦᠷ ᠪᠣᠢ?
ᠪᠠᠷᠠᠭ᠎ᠠ ᠠᠪᠤᠭᠴᠢ᠄ ᠬᠠᠷᠢᠨ ᠲᠡᠢᠮᠦ ᠠ᠋!ᠳᠠᠭᠤᠯᠠᠵᠤ ᠪᠠᠢᠮᠠᠷ ᠡᠳᠦᠷ ᠪᠠᠢᠨ᠎ᠠ᠃
ᠠᠷᠠᠯᠵᠢᠶᠠᠴᠢᠨ ᠳᠠᠭᠤᠯᠠᠵᠤ ᠪᠠᠢᠨ᠎ᠠ᠄
ᠥᠷᠯᠥᠭᠡ ᠰᠠᠷᠠᠭᠤᠯᠬᠠᠨ ᠡᠳᠦᠷ ᠨᠠᠮᠤᠭᠤᠬᠠᠨ ᠵᠠᠢᠷᠮᠠᠭ ᠰᠡᠷᠢᠭᠦᠬᠡᠨ ᠢᠳᠡᠬᠦ ᠳ᠋ᠦ᠍ ᠠᠮᠲᠠᠲᠠᠢᠬᠠᠨ
ᠰᠡᠳᠬᠢᠯ ᠲᠡᠨᠢᠭᠡᠷ ᠨᠠᠷᠠ ᠲᠠᠢ ᠰᠠᠢᠬᠠᠨ᠂ᠡᠳᠦᠷ ᠪᠣᠯᠭᠠᠨ ᠵᠠᠢᠷᠮᠠᠭ ᠢᠳᠡᠬᠦ ᠰᠠᠢᠬᠠᠨ᠂ ᠵᠤᠨ ᠳ᠋ᠤ᠌ ᠪᠠᠨ ᠵᠤᠭ᠎ᠠ ᠲᠠᠢ ᠪᠦᠭᠦᠳᠡ ᠴᠣᠭ ᠬᠠᠮᠲᠤ ᠳᠤ ᠪᠠᠨ ᠵᠠᠢᠷᠮᠠᠭ ᠵᠢᠷᠭᠠᠯᠲᠠᠢ᠂ ᠠᠮᠲᠠ ᠨᠢ ᠪᠦᠷ ᠶᠠᠩᠵᠤ ᠲᠠᠢ ᠭᠣᠣᠯ ᠤ᠋ᠨ ᠳᠡᠷᠭᠡᠳᠡ ᠬᠡᠦᠬᠡᠳ ᠦ᠋ᠨ ᠲᠠᠯᠠᠪᠠᠢ ᠴᠦ᠍ ᠡᠳᠦᠷ ᠪᠣᠯᠭᠠᠨ ᠵᠠᠢᠷᠮᠠᠭ ᠢᠳᠡᠬᠦ ᠰᠠᠢᠬᠠᠨ!
ᠠᠯᠢᠪ ᠠ᠋ ᠃ ᠪᠦᠭᠦᠳᠡᠭᠡᠷ ᠢᠶᠠᠨ ᠳᠠᠭᠤᠯᠠᠵᠠᠭᠠᠶ᠎ᠠ!
ᠪᠠᠷᠠᠭ᠎ᠠ ᠠᠪᠤᠭᠴᠢ᠄ ᠵᠠᠢᠷᠮᠠᠭ ᠤ᠋ᠨ ᠶᠠᠮᠠᠷ ᠰᠠᠢᠬᠠᠨ ᠢ᠋ ᠮᠠᠭᠲᠠᠨ ᠳᠠᠭᠤᠯᠠᠵᠠᠭᠠᠶ᠎ᠠ!
ᠱᠤᠤᠺᠤᠯᠠᠳ᠋ ᠲᠠᠢ᠂ ᠴᠥᠴᠥᠭᠡᠢ ᠲᠡᠢ᠂ ᠵᠢᠮᠢᠰ ᠲᠡᠢ ᠵᠠᠢᠷᠮᠠᠭ ᠶᠡᠬᠡ ᠭᠣᠶᠣᠬᠠᠨ᠂ ᠰᠠᠮᠤᠷ ᠲᠠᠢ᠂ ᠸᠠᠨᠢᠯᠠ ᠲᠠᠢ᠂ ᠰᠦ ᠲᠡᠢ ᠵᠠᠢᠷᠮᠠᠭ ᠶᠡᠬᠡ ᠰᠠᠢᠬᠠᠨ᠂ ᠵᠠᠢᠷᠮᠠᠭ ᠲᠤ᠌ ᠳᠤᠷᠠᠲᠠᠢ ᠬᠥᠮᠦᠨ ᠬᠡᠨ ᠬᠡᠨ ᠪᠠᠢᠨ᠎ᠠ?
ᠴᠢ᠂ ᠪᠢ᠂ ᠪᠢᠳᠡ᠂ ᠲᠡᠳᠡ ᠪᠦᠭᠦᠳᠡᠭᠡᠷ ᠢᠶᠠᠨ ᠪᠠᠢᠨ᠎ᠠ᠃
ᠪᠦᠭᠦᠳᠡᠭᠡᠷ᠄ ᠫᠥᠬᠥ ᠁
ᠮᠥᠩᠬᠡ᠄ ᠠᠯᠢᠪ ᠣᠷᠣᠵᠤ ᠦᠵᠡᠶ᠎ᠡ!
ᠲᠤᠩᠬᠤ᠄ ᠲᠡᠭᠡᠶ᠎ᠡ᠂ ᠲᠡᠭᠡᠶ᠎ᠡ!
ᠴᠠᠰᠤᠬᠠᠨ᠄ ᠶᠠᠮᠠᠷ ᠭᠠᠢᠬᠠᠮᠰᠢᠭᠲᠠᠢ ᠶᠤᠮ ᠪᠣᠢ? ᠡᠢᠮᠦ ᠭᠣᠶᠣ ᠬᠠᠭᠠᠨᠲᠤ ᠤᠯᠤᠰ ᠤ᠋ᠨ ᠬᠠᠭᠠᠨ ᠲᠠᠢ ᠨᠢ ᠠᠭᠤᠯᠵᠠᠵᠤ ᠦᠵᠡᠬᠦ ᠦᠦ? ᠪᠦᠭᠦᠳᠡᠭᠡᠷ ᠢᠶᠠᠨ?
ᠪᠠᠰᠠᠷ᠄ yes please( ᠲᠡᠢᠮᠦ᠂ ᠮᠣᠷᠢᠯᠠ!)
ᠮᠥᠩᠬᠡ᠄ ᠠᠮᠤᠷᠬᠠᠨ ᠰᠠᠢᠨ ᠪᠠᠢᠨ᠎ᠠ ᠤᠤ? ᠬᠠᠭᠠᠨᠲᠠᠨ ᠮᠢᠨᠢ!
ᠬᠠᠭᠠᠨᠲᠠᠨ᠄ ᠰᠠᠢᠨ ᠪᠠᠢᠵᠠᠭᠠᠨ᠎ᠠ ᠤᠤ? ᠮᠢᠨᠦ ᠬᠡᠦᠬᠡᠳ ᠦ᠋ᠳ! ᠠᠯᠢᠪ ᠨᠠᠭᠠᠰᠢ ᠪᠠᠨ ᠣᠷᠣᠵᠠᠭ᠎ᠠ᠂ ᠣᠷᠣᠵᠠᠭ᠎ᠠ!
ᠪᠠᠰᠠᠷ᠄ ᠣᠷᠣᠴᠢᠬᠠᠭᠰᠠᠨ ᠪᠠᠢᠭ᠎ᠠ ᠪᠢᠰᠢ ᠦᠦ?
ᠴᠠᠰᠤᠬᠠᠨ᠄ ᠪᠠᠰᠠᠷ ᠠ᠋!
ᠪᠠᠰᠠᠷ᠄ ᠦ᠂ ᠮᠢᠨᠦ ᠡᠨᠡ ᠢᠯᠡᠭᠦᠦ ᠦᠭᠡ ᠶ᠋ᠢ ᠦᠦ?sorry sorry( ᠠᠭᠤᠴᠢᠯᠠᠭᠠᠷᠠᠢ!)
ᠬᠠᠭᠠᠨᠲᠠᠨ᠄ ᠦᠭᠡᠢ᠂ ᠢᠩᠭᠢᠬᠦ ᠳ᠋ᠦ᠍ ᠡᠨᠡ ᠬᠡᠦᠬᠡᠳ ᠦ᠋ᠳ ᠲᠦ᠍᠂ ᠬᠠᠷᠠᠭᠤᠯ᠁
ᠶᠠᠭᠠᠬᠢᠭᠠᠳ ᠵᠠᠢᠷᠮᠠᠭ ᠥᠭᠭᠦᠭᠡ ᠦᠭᠡᠢ ᠪᠠᠢᠨ᠎ᠠ?
ᠪᠠᠰᠠᠷ᠄ what( ᠶᠠᠭᠤ?)
ᠲᠤᠩᠬᠤ᠄ ᠬᠠᠭᠠᠨᠲᠠᠨ ᠮᠢᠨᠢ ᠠ᠋!ᠲᠠᠨ ᠤ᠋ ᠬᠠᠭᠠᠨᠲᠤ ᠤᠯᠤᠰ ᠶᠡᠬᠡ ᠭᠣᠶᠣ ᠶᠤᠮ ᠠ᠋! ᠶᠠᠮᠠᠷ ᠰᠠᠢᠬᠠᠨ ᠨᠠᠢᠷᠰᠠᠭ ᠠᠵᠠ ᠵᠢᠷᠭᠠᠯ ᠲᠠᠢ ᠠᠷᠠᠳ ᠲᠦᠮᠡᠨ ᠪᠣᠢ?
ᠬᠠᠭᠠᠨᠲᠠᠨ᠄ ᠠᠢ! ᠲᠡᠢᠮᠦ ᠠ᠋!
ᠮᠥᠩᠬᠡ᠄ ᠦ᠂ ᠪᠢᠳᠡ ᠰᠠᠶᠢ ᠭᠠᠳᠠᠭ᠎ᠠ ᠪᠠᠬᠠᠨ ᠳᠠᠭᠤᠯᠠᠵᠤ ᠬᠤᠭᠤᠷᠳᠠᠵᠤ ᠪᠠᠢᠭᠠᠳ ᠯᠠ ᠣᠷᠣᠵᠤ ᠢᠷᠡᠯ᠎ᠡ! ᠬᠢ ᠬᠢ᠁
ᠬᠠᠭᠠᠨᠲᠠᠨ᠄ ᠦ ᠁᠂ ᠪᠣᠯᠵᠠᠢ ᠳᠠ!
ᠴᠠᠰᠤᠬᠠᠨ᠄ ᠠᠭᠤᠴᠢᠯᠠᠭᠠᠷᠠᠢ ᠬᠠᠭᠠᠨᠲᠠᠨ ᠮᠢᠨᠢ! ᠲᠠᠨ ᠠ᠋ᠴᠠ ᠨᠢᠭᠡ ᠵᠦᠢᠯ ᠠᠰᠠᠭᠤᠵᠤ ᠪᠣᠯᠬᠤ ᠪᠣᠯ ᠤᠤ?
ᠬᠠᠭᠠᠨᠲᠠᠨ᠄ ᠪᠣᠯᠤᠯ ᠦᠭᠡᠢ ᠶᠠᠭᠠᠬᠢᠬᠤ ᠪᠣᠢ?ᠠᠰᠠᠭᠤ᠂ ᠠᠰᠠᠭᠤ ᠮᠤᠤᠷ ᠮᠢᠨᠢ!
ᠴᠠᠰᠤᠬᠠᠨ᠄ ᠠᠷᠠᠳ ᠢᠷᠭᠡᠳ ᠲᠠᠨᠢ ᠡᠢᠮᠦ ᠪᠠᠶᠠᠷ ᠪᠠᠶᠠᠰᠤᠯ ᠲᠠᠢ ᠠᠵᠠ ᠵᠢᠷᠭᠠᠯ ᠢ᠋ᠶ᠋ᠠᠷ ᠳᠦᠭᠦᠷᠡᠩ ᠬᠠᠭᠠᠨᠲᠤ ᠤᠯᠤᠰ ᠴᠢᠨᠢ ᠪᠠᠶᠠᠨ ᠴᠠᠳᠬᠤᠯᠠᠩ ᠠᠮᠤᠷ ᠲᠠᠢᠪᠤᠩ ᠪᠠᠢᠬᠤ ᠳ᠋ᠤ᠌ ᠲᠠ ᠶᠠᠭᠤᠨ ᠳ᠋ᠤ᠌ ᠡᠢᠮᠦ ᠭᠤᠨᠢᠭᠲᠠᠢ ᠪᠠᠢᠬᠤ ᠶᠤᠮ?
ᠬᠠᠭᠠᠨᠲᠠᠨ᠄ ᠮᠤᠤᠷ ᠮᠢᠨᠢ᠂ ᠴᠢ ᠨᠠᠮ᠎ᠠ ᠶ᠋ᠢ ᠨᠡᠪᠲᠡ ᠬᠠᠷᠠᠵᠠᠢ᠃ ᠪᠢ ᠶᠠᠭᠠᠬᠢᠭᠠᠳ ᠭᠤᠨᠢᠭᠯᠠᠵᠤ ᠪᠠᠢᠭ᠎ᠠ ᠲᠠᠯ᠎ᠠ ᠪᠠᠷ ᠢ᠋ᠶ᠋ᠠᠨ ᠲᠠ ᠨᠠᠷ ᠲᠤ᠌ ᠪᠠᠨ ᠶᠠᠷᠢᠵᠤ ᠦᠭᠬᠦᠶ᠎ᠡ᠃
ᠡᠷᠲᠡ ᠳᠡᠭᠡᠷ᠎ᠡ ᠦᠶ᠎ᠡ ᠳ᠋ᠦ᠍ ᠮᠠᠨ ᠤ᠋ ᠬᠠᠭᠠᠨᠲᠤ ᠤᠯᠤᠰ ᠲᠤ᠌ ᠠᠮᠲᠠᠲᠤ ᠵᠠᠢᠷᠮᠠᠭ ᠭᠡᠳᠡᠭ ᠵᠦᠢᠯ ᠢ᠋ ᠮᠡᠳᠡᠬᠦ ᠦᠭᠡᠢ ᠬᠠᠷᠠᠩᠭᠤᠢ ᠪᠦᠷᠦᠩᠬᠦᠢ ᠴᠠᠭ ᠦᠶ᠎ᠡ ᠪᠠᠢᠯ᠎ᠠ᠃
ᠲᠡᠷᠡ ᠦᠶ᠎ᠡ ᠳ᠋ᠦ᠍ ᠮᠢᠨᠦ ᠬᠠᠭᠠᠨ ᠡᠴᠢᠭᠡ ᠤᠷᠲᠤ ᠠᠭᠤᠯᠠ ᠶ᠋ᠢᠨ ᠪᠠᠯ ᠢ᠋ᠶ᠋ᠠᠷ ᠶᠠᠪᠤᠵᠤ᠂ ᠤᠷᠤᠰᠬᠠᠯ ᠭᠣᠣᠯ ᠤ᠋ᠨ ᠭᠦᠨ ᠢ᠋ ᠭᠠᠲᠤᠯᠵᠤ᠂ᠤᠷᠭᠤᠭ᠎ᠠ ᠴᠢᠯᠠᠭᠤᠨ ᠳᠤᠮᠳᠠᠭᠤᠷ ᠶᠠᠪᠤᠵᠤ᠂ ᠤᠷᠲᠤ ᠲᠠᠯ᠎ᠠ ᠶ᠋ᠢᠨ ᠬᠣᠯᠠ ᠶ᠋ᠢ ᠲᠤᠭᠤᠯᠵᠤ᠂ ᠠᠯᠤᠰ ᠬᠣᠯᠠ ᠠᠶᠤᠯᠲᠤ ᠭᠠᠵᠠᠷ ᠠ᠋ᠴᠠ ᠵᠠᠢᠷᠮᠠᠭ ᠊ᠤᠨ ᠰᠢᠳᠢᠲᠦ ᠵᠣᠷ ᠢ᠋ ᠪᠢᠳᠡᠨ ᠳ᠋ᠦ᠍ ᠠᠩᠬ᠎ᠠ ᠠᠪᠴᠢᠷᠠᠵᠤ ᠪᠠᠢᠭᠰᠠᠨ ᠭᠡᠳᠡᠭ᠃ ᠲᠡᠷᠡ ᠵᠣᠷ ᠢ᠋ ᠬᠡᠷᠡᠭᠯᠡᠨ ᠲᠦᠮᠡᠨ ᠲᠥᠷᠥᠯ ᠦ᠋ᠨ ᠵᠠᠢᠷᠮᠠᠭ ᠬᠢᠵᠦ ᠠᠷᠠᠳ ᠢᠷᠭᠡᠳ ᠲᠦ᠍ ᠪᠡᠨ ᠲᠠᠷᠬᠠᠭᠠᠭᠰᠠᠨ ᠢ᠋ᠶ᠋ᠠᠷ ᠠᠮᠲᠠᠲᠠᠨ ᠪᠦᠬᠦᠨ ᠳ᠋ᠦ᠍ ᠤᠮᠪᠠᠵᠤ ᠠᠵᠠ ᠵᠢᠷᠭᠠᠯ ᠢ᠋ ᠴᠣᠭᠴᠠᠯᠠᠭᠰᠠᠨ ᠬᠠᠭᠠᠨᠲᠤ ᠤᠯᠤᠰ ᠣᠷᠣᠰᠢᠨ ᠲᠣᠭᠲᠠᠨᠢᠭᠰᠠᠨ ᠶᠤᠮ᠃
ᠠᠢ! ᠭᠡᠲᠡᠯ᠎ᠡ ᠣᠳᠣ ᠨᠠᠳᠠ ᠳ᠋ᠤ᠌ ᠥᠪᠯᠡᠭᠳᠡᠨ ᠢᠷᠡᠭᠰᠡᠨ ᠵᠠᠢᠷᠮᠠᠭ ᠤ᠋ᠨ ᠰᠢᠳᠢᠲᠦ ᠵᠣᠷ ᠠ᠋ᠴᠠ ᠥᠴᠦᠬᠡᠨ ᠵᠢᠭᠠᠬᠠᠨ ᠦᠯᠡᠳᠡᠭᠰᠡᠨ ᠪᠠᠢᠭ᠎ᠠ ᠪᠢᠯᠡ᠃
ᠣᠨᠢᠰᠣᠲᠤ ᠬᠠᠳᠠ ᠶ᠋ᠢ ᠣᠯᠬᠤ ᠭᠠᠵᠠᠷ ᠤ᠋ᠨ ᠵᠢᠷᠤᠭ ᠢ᠋ ᠡᠴᠢᠭᠡ ᠬᠠᠭᠠᠨ ᠮᠠᠨᠢ ᠨᠠᠳᠠ ᠳ᠋ᠤ᠌ ᠦᠯᠡᠳᠡᠭᠡᠭᠰᠡᠨ ᠴᠦ᠍ ᠢᠷᠡᠬᠦ ᠵᠠᠮ ᠳ᠋ᠤ᠌ ᠨᠢ ᠡᠯᠡᠭᠳᠡᠭᠡᠳ ᠶᠠᠪᠤᠬᠤ ᠵᠠᠮ ᠳ᠋ᠤ᠌ ᠨᠢ ᠪᠤᠯᠤᠩ ᠲᠣᠬᠣᠢ ᠨᠢ ᠤᠷᠠᠭᠳᠠᠨ ᠲᠠᠢᠯᠵᠤ ᠤᠩᠰᠢᠬᠤ ᠠᠷᠭ᠎ᠠ ᠦᠭᠡᠢ ᠪᠣᠯᠤᠭᠰᠠᠨ᠃
ᠪᠢᠳᠡ ᠭᠠᠵᠠᠷ ᠊ᠤᠨ ᠵᠢᠷᠤᠭ ᠢ᠋ ᠣᠩᠱᠢᠨ ᠲᠠᠢᠯᠬᠤ ᠭᠡᠵᠦ ᠡᠴᠢᠨᠡᠭᠡᠨ ᠣᠷᠣᠯᠳᠣᠭᠰᠠᠨ ᠴᠤ᠌ ᠴᠢᠳᠠᠭᠰᠠᠨ ᠨᠢ ᠦᠭᠡᠢ ᠪᠢᠯᠡ᠃ ᠣᠯᠠᠨ ᠣᠯᠠᠨ ᠵᠣᠷᠢᠭᠲᠤ ᠪᠠᠭᠠᠲᠤᠷ ᠊ᠤᠳ ᠮᠢᠨᠢ ᠶᠠᠪᠤᠵᠤ ᠬᠠᠢᠵᠤ ᠦᠵᠡᠭᠰᠡᠨ ᠴᠦ᠍ ᠬᠡᠨ ᠨᠢ ᠴᠦ᠍ ᠣᠯᠵᠤ ᠢᠷᠡᠵᠦ ᠴᠢᠳᠠᠭ᠎ᠠ ᠦᠭᠡᠢ ᠪᠢᠯᠡ᠃
ᠮᠥᠩᠬᠡ᠄ ᠥᠩ! ᠲᠤᠩ ᠳᠠᠭ᠎ᠠ ᠦᠭᠡᠢ ᠵᠦᠢᠯ ᠪᠣᠯᠬᠤ ᠨᠢ ᠠ᠋᠃
ᠲᠤᠩᠬᠤ᠄ ᠡᠢᠮᠦ ᠨᠠᠢᠷᠰᠠᠭ ᠡᠢᠮᠦ ᠰᠠᠢᠬᠠᠨ ᠪᠠᠶᠠᠷ ᠪᠠᠶᠠᠰᠤᠯ ᠲᠠᠢ ᠠᠷᠠᠳ ᠲᠦᠮᠡᠨ ᠳ᠋ᠦ᠍ ᠲᠤᠰᠠᠯᠠᠬᠤ ᠶᠤᠮᠰᠠᠨ ᠳ᠋ᠠ
ᠮᠥᠩᠬᠡ᠄ ᠶᠠᠭᠠᠬᠢᠶ᠎ᠠ ᠳᠠ!
ᠪᠠᠰᠠᠷ᠄ ᠥᠩ! ᠠᠬᠢᠭᠠᠳ ᠵᠠᠢᠷᠮᠠᠭ ᠪᠠᠢᠨ᠎ᠠ ᠤᠤ?
ᠮᠥᠩᠬᠡ᠄ ᠦ᠂ ᠴᠠᠰᠤᠬᠠᠨ ᠠ᠋᠂ ᠴᠢᠨᠦ ᠷᠣᠪᠠᠲ ᠬᠤᠪᠴᠠᠰᠤ ᠴᠢᠨᠢ ᠨᠡᠭᠡᠷᠡᠨ ᠶᠠᠭᠤᠮᠠᠨ ᠤ᠋ ᠲᠣᠭᠠᠴᠠᠭᠠᠯᠠᠯ ᠢ᠋ ᠮᠠᠰᠢ ᠰᠠᠢᠨ ᠭᠠᠷᠭᠠᠳᠠᠭ ᠪᠢᠵᠡ ᠳᠠ᠃
ᠴᠠᠰᠤᠬᠠᠨ᠄ ᠥ᠂ ᠶᠠᠭ ᠲᠡᠢᠮᠦ᠃ ᠬᠠᠭᠠᠨᠲᠠᠨ ᠮᠢᠨᠢ! ᠮᠢᠨᠦ ᠡᠨᠡ ᠬᠤᠪᠴᠠᠰᠤ ᠲᠣᠭᠠᠴᠠᠭᠠᠯᠠᠯ ᠬᠢᠳᠡᠭ ᠰᠢᠳᠢᠲᠡᠢ ᠬᠤᠪᠴᠠᠰᠤ ᠪᠠᠢᠭ᠎ᠠ ᠶᠤᠮ᠃ᠬᠡᠷᠪᠡ ᠪᠣᠯᠬᠤ ᠪᠣᠯ ᠪᠢᠳᠡᠨ ᠳ᠋ᠦ᠍ ᠭᠠᠵᠠᠷ ᠊ᠤᠨ ᠵᠢᠷᠤᠭ ᠢ᠋ᠶ᠋ᠠᠨ ᠬᠠᠷᠠᠭᠤᠯᠵᠤ ᠪᠣᠯᠬᠤ ᠪᠣᠯ ᠤᠤ?
ᠬᠠᠭᠠᠨᠲᠠᠨ᠄ ᠪᠣᠯᠤᠯ ᠦᠭᠡᠢ ᠶᠠᠭᠠᠬᠢᠬᠤ ᠪᠣᠢ?
ᠴᠠᠰᠤᠬᠠᠨ᠄ ᠪᠢ ᠤᠩᠰᠢᠵᠤ ᠴᠢᠳᠠᠯ᠎ᠠ᠃
ᠮᠥᠩᠬᠡ᠄ ᠸᠠ᠁
ᠲᠤᠩᠬᠤ᠄ ᠮᠤᠨᠳᠠᠭ ᠰᠢᠦ!
ᠪᠠᠰᠠᠷ᠄ ᠪᠢ ᠪᠠᠰᠠ ᠪᠠᠷᠤᠭ ᠤᠩᠰᠢᠭᠰᠠᠨ ᠪᠠᠢᠬ᠎ᠠ᠃ ᠬᠡ ᠬᠡ᠁
ᠬᠠᠭᠠᠨᠲᠠᠨ᠄ ᠦᠭᠡᠢ᠂ ᠦᠨᠡᠨ ᠦᠦ! ᠮᠤᠤᠷ ᠮᠢᠨᠢ!
ᠴᠠᠰᠤᠬᠠᠨ᠄ ᠦᠨᠡᠨ᠂ ᠬᠠᠭᠠᠨᠲᠠᠨ ᠮᠢᠨᠢ!ᠪᠢ ᠬᠠᠮᠢᠭᠠᠭᠤᠷ ᠶᠠᠭᠠᠬᠢᠵᠤ ᠬᠦᠷᠬᠦ ᠵᠠᠮ ᠢ᠋ ᠮᠡᠳᠡᠵᠦ ᠠᠪᠤᠯ᠎ᠠ᠃
ᠬᠠᠭᠠᠨᠲᠠᠨ᠄ ᠬᠠ᠂ ᠬᠠ! ᠠᠰᠢᠭᠦᠢ ᠳ᠋ᠠ! ᠵᠠ ᠬᠥᠮᠦᠨ ᠶᠠᠪᠤᠭᠤᠯᠤᠶ᠎ᠠ! ᠬᠤᠷᠳᠤᠨ ᠣᠯᠵᠤ ᠢᠷᠡᠶ᠎ᠡ᠃
ᠮᠥᠩᠬᠡ᠄ ᠬᠠᠭᠠᠨᠲᠠᠨ ᠮᠢᠨᠢ!ᠬᠡᠷᠪᠡ ᠲᠠ ᠪᠣᠯᠭᠣᠭᠠᠪᠠᠯ ᠪᠢᠳᠡ ᠲᠠᠨ ᠳ᠋ᠤ᠌ ᠲᠤᠰᠠᠯᠠᠬᠤ ᠶ᠋ᠢ ᠬᠦᠰᠡᠵᠦ ᠪᠠᠢᠨ᠎ᠠ᠃
ᠲᠤᠩᠬᠤ᠄ ᠲᠡᠢᠮᠦ᠂ ᠪᠢᠳᠡ ᠳᠥᠷᠪᠡ ᠲᠠᠨ ᠳ᠋ᠤ᠌ ᠣᠯᠵᠤ ᠦᠭᠬᠦᠶ᠎ᠡ᠃
ᠬᠠᠭᠠᠨᠲᠠᠨ᠄ ᠦᠭᠡᠢ᠂ ᠭᠡᠬᠦ ᠳ᠋ᠦ᠍ ᠪᠡᠨ ᠲᠤᠩ ᠠᠶᠤᠯᠲᠠᠢ ᠠᠶᠠᠯᠠᠯ ᠰᠢᠦ ᠳᠠ᠂ ᠬᠡᠦᠬᠡᠳ ᠊ᠤᠳ ᠮᠢᠨᠢ!
ᠪᠠᠰᠠᠷ᠄ ᠵᠠ᠂ ᠠᠶᠤᠯ ᠭᠡᠳᠡᠭ ᠮᠢᠨᠦ᠂ ᠵᠠ ᠵᠠ᠁ ᠡᠨᠡ ᠥᠭᠦᠯᠡᠪᠦᠷᠢ ᠶ᠋ᠢ ᠲᠠᠩᠳᠠ ᠯᠠ ᠬᠡᠯᠡᠬᠦ ᠶᠦᠮ᠃ ᠪᠢ ᠠᠶᠤᠮᠠᠷ
ᠴᠠᠰᠤᠬᠠᠨ᠄ ᠪᠢᠳᠡ ᠳᠥᠷᠪᠡ ᠪᠣᠯ ᠠᠳᠠᠯ ᠶᠠᠪᠤᠳᠠᠯ ᠊ᠤᠨ ᠬᠠᠢᠭᠤᠯᠴᠢᠳ ᠶᠤᠮ᠃ ᠲᠠᠨ ᠳ᠋ᠤ᠌ ᠪᠢᠳᠡ ᠳᠤᠷᠠᠲᠠᠶ᠎ᠠ ᠲᠤᠰᠠᠯᠠᠬᠤ ᠳ᠋ᠤ᠌ ᠪᠡᠯᠡᠨ ᠃
ᠬᠠᠭᠠᠨᠲᠠᠨ᠄ ᠬᠡᠷᠪᠡ ᠲᠠ ᠨᠠᠷ ᠊ᠤᠨ ᠮᠢᠨᠢ ᠬᠦᠰᠡᠯ ᠡᠢᠮᠦ ᠪᠣᠯ ᠲᠡᠭᠡ ᠳᠠ ᠬᠡᠦᠬᠡᠳ ᠊ᠤᠳ ᠮᠢᠨᠢ! ᠬᠠᠷᠢᠨ ᠪᠣᠯᠭᠣᠮᠵᠢᠲᠠᠢ ᠰᠡᠷᠡᠮᠵᠢᠲᠡᠢ
ᠶᠠᠪᠤᠳᠠᠭ ᠶᠤᠮ ᠰᠢᠦ᠃
ᠢᠩᠭᠢᠭᠡᠳ ᠮᠠᠨ ᠊ᠤ ᠳᠥᠷᠪᠡ ᠮᠠᠨᠢ ᠤᠷᠲᠤ ᠵᠢᠨ ᠠᠶᠠᠯᠠᠯ ᠳ᠋ᠤ᠌ ᠭᠠᠷᠪᠠ᠃ ᠠᠭᠤᠯᠠ ᠵᠢᠨ ᠪᠠᠯ ᠵᠢᠠᠷ ᠬᠤᠷᠳᠤᠬᠠᠨ ᠥᠩᠭᠡᠷᠡᠪᠡ᠃ ᠤᠷᠤᠰᠬᠠᠯ ᠭᠣᠣᠯ ᠵᠢᠠᠷ ᠰᠢᠷᠦᠭᠦᠬᠡᠨ ᠳᠠᠭᠠᠷᠢᠪᠠ᠃ ᠤᠷᠭᠤᠭ᠎ᠠ ᠴᠢᠯᠠᠭᠤᠨ ᠳᠡᠭᠡᠭᠦᠷ ᠳᠠᠪᠠᠪᠠ᠃ ᠤᠷᠲᠤ ᠲᠠᠯ᠎ᠠ ᠵᠢᠨ ᠬᠣᠯᠠ ᠵᠢ ᠬᠠᠮᠲᠤ ᠳ᠋ᠤ᠌ ᠪᠠᠨ ᠳᠤᠭᠤᠯᠪᠠ᠃
ᠪᠠᠰᠠᠷ᠄ ᠠᠭᠤᠯᠠᠰ ᠊ᠤᠨ ᠪᠠᠯ ᠵᠢᠠᠷ ᠬᠤᠷᠳᠤᠨ ᠥᠩᠭᠡᠷᠡᠪᠡ
ᠴᠠᠰᠤᠬᠠᠨ᠄ ᠤᠷᠤᠰᠬᠠᠯ ᠭᠣᠣᠯ ᠵᠢᠠᠷ ᠰᠢᠷᠦᠭᠦᠬᠡᠨ ᠳᠠᠭᠠᠷᠢᠪᠠ
ᠮᠥᠩᠬᠡ᠄ ᠤᠷᠭᠤᠭ᠎ᠠ ᠴᠢᠯᠠᠭᠤᠨ ᠳᠡᠭᠡᠭᠦᠷ ᠳᠠᠪᠠᠪᠠ
ᠲᠤᠩᠬᠤ᠄ ᠤᠷᠲᠤ ᠲᠠᠯ᠎ᠠ ᠵᠢᠨ ᠬᠣᠯᠠ ᠵᠢ ᠬᠠᠮᠲᠤ ᠳᠤᠭᠤᠯᠪᠠ
ᠡᠢᠨ ᠠᠶᠠᠯᠠᠭᠰᠠᠭᠠᠷ ᠨᠢᠭᠡ ᠮᠡᠳᠡᠬᠦ ᠳ᠋ᠤ᠌ ᠣᠨᠢᠰᠣᠲᠠᠢ ᠬᠠᠨᠠᠨ ᠳ᠋ᠤ᠌ ᠬᠦᠷᠴᠦ ᠢᠷᠡᠪᠡ᠃ ᠠᠳᠠᠯ ᠶᠠᠪᠤᠳᠠᠯ ᠡᠭᠦᠨ ᠢ᠋ᠶ᠋ᠡᠷ ᠦᠷᠭᠦᠯᠵᠢᠯᠡᠪᠡ᠁
ᠮᠥᠩᠬᠡ᠄ ᠬᠡᠳᠦᠭᠦᠯᠡ ᠪᠡᠨ ᠮᠠᠰᠢ ᠪᠣᠯᠭᠣᠮᠵᠢᠲᠠᠢ ᠶᠠᠪᠤᠬᠤ ᠦᠭᠡᠢ ᠪᠣᠯ ᠬᠠᠳᠠᠨ ᠊ᠤ ᠬᠢᠨᠢ ᠨᠡᠷ᠎ᠡ ᠨᠢ ᠬᠦᠷᠲᠡᠯ᠎ᠡ ᠣᠨᠢᠰᠣᠲᠤ ᠬᠠᠳᠠ ᠰᠢᠦ ᠳ᠋ᠠ!
ᠴᠠᠰᠤᠬᠠᠨ᠄ ᠶᠠᠭ ᠵᠥᠪ᠂ ᠪᠦᠭᠦᠳᠡ ᠬᠠᠷᠠᠭ᠎ᠠ ᠬᠢᠨᠠᠯᠲᠠ ᠪᠠᠨ ᠳᠡᠭᠡᠳᠦ ᠴᠡᠭ ᠲᠦ᠍ ᠨᠢ ᠲᠠᠯᠪᠢᠵᠤ ᠶᠠᠪᠤᠵᠠᠭᠠᠶ᠎ᠠ᠃
ᠪᠠᠰᠠᠷ᠄ ᠪᠢ ᠡᠷ᠎ᠡ ᠨᠣᠬᠠᠢ ᠪᠠᠢᠲᠠᠯ᠎ᠠ ᠪᠠᠨ ᠨᠢᠳᠦ ᠪᠠᠨ ᠴᠠᠪᠴᠢᠪᠠᠯ ᠦ᠁ ᠶᠠᠷᠢᠵᠤ ᠪᠠᠢᠲᠠᠯ᠎ᠠ ᠨᠢᠳᠦ ᠪᠠᠨ ᠴᠠᠪᠴᠢᠳᠠᠭ ᠪᠠᠢᠨ᠎ᠠ ᠰᠢᠳᠡ ᠬᠡ ᠬᠡ᠁
ᠲᠤᠩᠬᠤ᠄ ᠤᠳᠠᠭᠠᠨ ᠠᠯᠬᠤᠵᠠᠭᠠᠶᠠ᠃
ᠮᠥᠩᠬᠡ᠄ ᠵᠠ᠂ ᠲᠡᠷᠡ᠂ ᠡᠬᠢᠨ ᠊ᠦ ᠣᠨᠢᠰᠣ ᠨᠢ ᠡᠬᠢᠯᠡᠯ᠎ᠡ ᠰᠢᠦ!
ᠪᠠᠰᠠᠷ᠄ ᠵᠠ! ᠣᠨᠢᠰᠣ ᠮᠣᠨᠢᠰᠤᠨ ᠊ᠤ ᠶᠠᠮᠠᠷ ᠬᠡᠷᠡᠭ ᠪᠠᠢᠨ᠎ᠠ?ᠰᠢᠭᠤᠳ ᠨᠢᠰᠴᠢᠬᠡᠶᠡ᠃
ᠲᠤᠩᠬᠤ᠄ ᠶᠠᠭᠠᠬᠢᠨ᠎ᠠ?
ᠪᠠᠰᠠᠷ᠄ ᠬᠥ ᠶᠣᠣ ᠶᠣᠣ᠁ ᠵᠠ ᠵᠠᠮ ᠪᠣᠯ ᠪᠢᠲᠡᠭᠦᠦ ᠪᠠᠢᠨ᠎ᠠ ᠰᠢᠦ ᠮᠠᠨ ᠊ᠤ ᠬᠢ ᠠ᠋
ᠲᠤᠩᠬᠤ᠄ ᠬᠥᠶᠢ᠂ ᠪᠠᠰᠠᠷ ᠮᠢᠨᠢ ᠪᠣᠯᠭᠣᠮᠵᠢᠲᠠᠢ ᠪᠠᠢ᠃
ᠴᠠᠰᠤᠬᠠᠨ᠄ ᠵᠠ ᠪᠠᠢᠵᠠᠭᠠᠭᠠᠷᠠᠢ! ᠡᠨᠡ ᠶᠠᠭᠤ ᠪᠠᠢᠵᠤ ᠪᠣᠯᠬᠤᠪ? ᠪᠢ ᠰᠢᠨᠵᠢᠭᠡᠳ ᠦᠵᠡᠭᠡᠳ ᠲᠡᠭᠡᠶ᠎ᠡ᠃ᠰᠣᠨᠢᠨ ᠶᠤᠮ ᠳ᠋ᠠ᠂ ᠨᠠᠮ᠎ᠠ ᠵᠢ ᠱᠢᠨᠵᠢᠯᠡᠭᠡ ᠬᠢᠬᠦ ᠪᠡᠷ ᠦᠢᠯᠡᠴᠢᠯᠡᠭᠡ ᠳᠠᠪᠬᠤᠴᠠᠵᠤ ᠬᠠᠷᠠᠭᠳᠠᠭᠠᠳ ᠶᠡᠷᠦᠳᠡ ᠡᠴᠡ ᠪᠡᠨ ᠠᠵᠢᠯᠯᠠᠬᠤ ᠦᠭᠡᠢ ᠶᠦᠮ᠃
ᠮᠥᠩᠬᠡ᠄ ᠦ ᠬᠥᠭᠡᠷᠦᠬᠦᠢ᠂ ᠲᠡᠭᠡᠪᠡᠯ ᠬᠡᠳᠦᠭᠦᠯᠡ ᠪᠡᠨ ᠰᠡᠢᠲ ᠺᠣᠳ᠋ ᠦᠭᠡᠢ ᠲᠣᠭᠯᠠᠬᠤ ᠶᠤᠮ ᠪᠢᠱᠢ ᠰᠢᠦ!
ᠲᠤᠩᠬᠤ᠄ ᠵᠠ ᠲᠡᠭᠡᠪᠡᠯ ᠥᠪᠡᠷᠲᠡᠭᠡᠨ ᠤᠴᠢᠷ ᠢ ᠨᠢ ᠣᠯᠵᠠᠭᠠᠶ᠎ᠠ᠃ ᠡᠨᠡ ᠨᠢ ᠶᠠᠭᠤ ᠪᠠᠢᠵᠤ ᠪᠣᠯᠬᠤ ᠤᠤ?
ᠮᠥᠩᠬᠡ᠄ ᠴᠠᠭᠠᠨ ᠪᠠᠭᠠᠪᠠᠭᠠᠢ᠂ ᠠᠷᠰᠯᠠᠨ᠂ ᠠᠨᠠᠰᠢ᠂ ᠣᠴᠣᠢᠨ ᠰᠢᠪᠠᠭᠤ ᠡᠨᠡ ᠪᠠᠭᠠᠪᠠᠭᠠᠢ ᠤᠤ?
ᠴᠠᠰᠤᠬᠠᠨ᠄ ᠡᠨᠡ ᠪᠠᠭᠠᠪᠠᠭᠠᠢ ᠂ ᠳᠤᠮᠳᠠ ᠪᠠᠨ ᠮᠠᠵᠠᠭᠠᠯᠠᠢ ᠶᠤᠮ ᠰᠢᠭ᠋ ᠪᠠᠢᠨ᠎ᠠ᠃
ᠮᠥᠩᠬᠡ᠄ ᠥ᠂ ᠲᠡᠢᠮᠦ ᠪᠠᠢᠨ᠎ᠠ! ᠡᠨᠡ ᠪᠥᠬᠥᠩ ᠪᠠᠢᠨ᠎ᠠ᠂ ᠡᠨᠡ ᠢᠷᠪᠢᠰ᠂ ᠳᠠᠯᠠᠢ ᠵᠢᠨ ᠬᠠᠪᠠ ᠠ! ᠲᠡᠭᠡᠭᠡᠳ ᠡᠨᠳᠡ ᠮᠣᠷᠢ ᠶᠤᠮ ᠰᠢᠭ᠋ ᠪᠠᠢᠨ᠎ᠠ᠃
ᠲᠤᠩᠬᠤ᠄ ᠥᠩ᠂ ᠶᠠᠮᠠᠷ ᠪᠠᠢᠷᠢᠯᠠᠯ ᠲᠠᠢ ᠪᠠᠷ ᠪᠠᠢᠷᠢᠯᠠᠬᠤ ᠶᠤᠮ ᠪᠣᠯ? ᠵᠠ ᠪᠠᠢᠵᠠ᠂ ᠦᠰᠦᠭ ᠊ᠦᠨ ᠳᠠᠷᠠᠭᠠᠯᠠᠯ ᠵᠢᠠᠷ ᠨᠢ ᠪᠠᠢᠷᠢᠯᠠᠭᠤᠯᠬᠤ ᠶᠤᠮ ᠪᠣᠯ ᠤᠤ?
ᠥ᠂ ᠲᠡᠷᠡ ᠴᠢᠨᠢ ᠠᠷᠰᠯᠠᠨ ᠠᠨᠠᠰᠢ ᠭᠡᠳ ᠳᠠᠪᠬᠤᠴᠠᠭᠠᠳ ᠪᠠᠢᠨ᠎ᠠ᠂᠂ᠲᠡᠢᠮᠦ?
ᠴᠠᠰᠤᠬᠠᠨ᠄ ᠦ ᠲᠡᠭᠡᠪᠡᠯ ᠮᠢᠬᠠᠴᠢᠨ᠂ ᠡᠪᠡᠰᠦᠨ ᠲᠡᠵᠢᠭᠡᠯᠲᠡᠨ ᠢ᠋ᠶ᠋ᠡᠷ ᠨᠢ ᠢᠯᠭᠠᠬᠤ ᠶᠤᠮ ᠪᠣᠯᠪᠠ ᠤᠤ?
ᠪᠠᠰᠠᠷ᠄ ᠦ᠁ ᠪᠠᠷᠤᠭ ᠲᠡᠢᠮᠦ ᠶᠦᠮ ᠰᠢᠦ!
ᠲᠤᠩᠬᠤ᠄ ᠢᠩᠭᠢᠭᠡᠳ ᠭᠤᠷᠪᠠᠨ ᠠᠷᠢᠶᠠᠲᠠᠨ ᠭᠤᠷᠪᠠᠨ ᠡᠪᠡᠰᠦᠨ ᠲᠡᠵᠢᠭᠡᠯᠲᠡᠨ᠁ ᠲᠡᠭᠡᠬᠦ ᠪᠡᠷ ᠡᠨᠡ ᠭᠤᠷᠪᠠ ᠨᠢ ᠶᠠᠭᠤ ᠪᠠᠢᠬᠤ ᠶᠤᠮ ᠪᠣᠯ?
ᠪᠠᠰᠠᠷ᠄ ᠶᠠᠭᠠᠬᠢᠭ᠎ᠠ ᠪᠣᠢ? ᠵᠢᠭᠠᠰᠤ ᠨᠤᠭᠤᠳ ᠢ᠋ ᠱᠢᠭᠤᠳ ᠸᠠ ᠸᠠ᠁ ᠭᠡᠳ ᠢᠳᠡᠭᠡᠯᠡᠭᠡᠳ ᠯᠡ ᠪᠠᠢᠬᠤ ᠪᠢᠵᠡ ᠳᠠ! ᠠ᠂ ᠬᠡ ᠬᠡ
ᠮᠥᠩᠬᠡ᠄ ᠬᠠᠷᠢᠨ ᠲᠡᠢᠮᠦ ᠰᠢᠳᠡ᠂ ᠵᠠ᠂ ᠵᠠᠮ ᠭᠠᠷᠴᠤ ᠢᠷᠡᠵᠦ ᠤᠤ?
ᠪᠠᠰᠠᠷ᠄ ᠸᠠ᠁ ᠡᠨᠡ ᠤᠭ ᠠ᠋ᠴᠠ ᠪᠠᠨ ᠡᠪᠳᠡᠷᠡᠭᠰᠡᠨ ᠶᠠᠭᠤᠮ᠎ᠠ ᠪᠢᠰᠢ ᠦᠦ?
ᠲᠤᠩᠬᠤ᠄ ᠥᠩ᠁
ᠪᠠᠰᠠᠷ᠄ ᠸᠠ᠁ ᠪᠣᠯᠢ ᠪᠣᠯᠢ ᠪᠣᠯᠢ ᠦᠭᠡᠢᠰᠪᠡᠯ᠁ ᠪᠣᠯᠬᠤᠢᠴᠠ ᠪᠠᠷ ᠨᠢᠰᠴᠦ ᠪᠣᠯᠬᠤ ᠦᠭᠡᠢ᠃ ᠲᠡᠭᠡᠭᠰᠡᠨ ᠢ᠋ᠶ᠋ᠡᠷ ᠴᠠᠰᠤᠬᠠᠨ Root ᠤᠨ ᠰᠢᠯ ᠢ᠋ᠶ᠋ᠡᠨ ᠠᠰᠢᠭᠯᠠᠵᠤ ᠪᠣᠯᠬᠤ ᠦᠭᠡᠢ ᠲᠡᠭᠡᠭᠰᠡᠨ ᠮᠥᠷᠲᠡᠯ᠎ᠡ ᠪᠡᠨ ᠡᠨᠡ ᠨᠢ ᠥᠪᠡᠷ ᠢᠶᠠᠨ ᠠᠵᠢᠯᠯᠠᠬᠤ ᠦᠭᠡᠢ ᠵᠣᠵᠢᠭ ᠰᠢᠭ᠋ ᠠ᠋᠂ ᠤᠤ᠂ ᠤᠤ᠁
ᠲᠤᠩᠬᠤ᠄ ᠠ! ᠣᠯᠤᠯ᠎ᠠ᠃
ᠮᠥᠩᠬᠡ᠄ ᠬᠡ ᠬᠡ᠂ ᠲᠡᠢᠮᠦ ᠊ᠦᠦ᠃
ᠲᠤᠩᠬᠤ᠄ ᠮᠠᠨ ᠊ᠤ ᠬᠢ ᠠ᠋᠂ᠡᠭᠦᠨ ᠢ᠋ ᠬᠠᠷ᠎ᠠ ᠳᠠ᠂ ᠠᠷᠰᠯᠠᠨ ᠠᠨᠠᠰᠢ ᠲᠡᠭᠡᠭᠡᠳ ᠡᠨᠡ ᠪᠣᠯ ᠠᠹᠷᠢᠺᠠ ᠵᠢᠨ ᠴᠣᠬᠣᠷ ᠢᠷᠪᠢᠰ ᠪᠠᠢᠨ᠎ᠠ᠃ ᠡᠨᠡ ᠭᠤᠷᠪᠠᠨ ᠠᠮᠢᠲᠠᠨ ᠠᠹᠷᠢᠺᠠ ᠵᠢᠨ ᠳᠤᠯᠠᠭᠠᠨ ᠭᠠᠵᠠᠷ ᠊ᠤᠨ ᠠᠮᠢᠲᠠᠳ ᠭᠡᠰᠡᠨ ᠦᠭᠡ᠂ ᠴᠠᠭᠠᠨ ᠪᠠᠭᠠᠪᠠᠭᠠᠢ ᠬᠣᠢᠲᠤ ᠲᠤᠢᠯ ᠳ᠋ᠤ᠌ ᠠᠮᠢᠳᠤᠷᠠᠳᠠᠭ᠂ ᠣᠴᠣᠢᠨ ᠰᠢᠪᠠᠭᠤ ᠡᠮᠦᠨᠡᠲᠦ ᠲᠤᠢᠯ ᠳ᠋ᠤ᠌ ᠠᠮᠢᠳᠤᠷᠠᠳᠠᠭ ᠴᠤ᠌ ᠭᠡᠰᠡᠨ ᠳᠠᠯᠠᠢ ᠵᠢᠨ ᠬᠠᠪᠠ᠂ ᠴᠠᠭᠠᠨ ᠪᠠᠭᠠᠪᠠᠭᠠᠢ᠂ ᠣᠴᠣᠢᠨ ᠰᠢᠪᠠᠭᠤ ᠭᠤᠷᠪᠠ ᠪᠣᠯ ᠬᠦᠢᠲᠡᠨ ᠭᠠᠵᠠᠷ ᠠᠮᠢᠳᠤᠷᠠᠳᠠᠭ ᠠᠮᠢᠲᠠᠳ᠃
ᠠ᠂ ᠲᠡᠭᠡᠭᠡᠳ ᠮᠠᠵᠠᠭᠠᠯᠠᠢ ᠪᠥᠬᠥᠩ ᠲᠡᠭᠡᠭᠡᠳ ᠡᠨᠡ ᠮᠣᠷᠢ ᠭᠡᠳ ᠪᠠᠢᠭ᠎ᠠ ᠮᠠᠨᠢ ᠳᠠᠬᠢ ᠶᠤᠮ ᠪᠠᠢᠨ᠎ᠠ᠂ ᠲᠡᠭᠡᠬᠦ ᠪᠡᠷ ᠡᠨᠡ ᠭᠤᠷᠪᠠ ᠮᠠᠨᠢ ᠮᠣᠩᠭᠣᠯ ᠳ᠋ᠤ᠌ ᠠᠮᠢᠳᠤᠷᠠᠳᠠᠭ᠂ ᠮᠣᠩᠭᠣᠯ ᠊ᠤᠨ ᠭᠣᠪᠢ ᠨᠤᠲᠤᠭ ᠲᠤ᠌ ᠠᠮᠢᠳᠤᠷᠠᠳᠠᠭ ᠠᠮᠢᠲᠠᠳ ᠪᠠᠢᠨ᠎ᠠ ᠰᠢᠦ ᠳ᠋ᠠ᠃
ᠪᠦᠭᠦᠳᠡᠭᠡᠷ᠄ ᠦ᠁᠁
ᠮᠥᠩᠬᠡ᠄ ᠸᠠ! ᠮᠠᠨ ᠊ᠤ ᠲᠤᠩᠬᠤ ᠶᠣᠰᠣᠲᠠᠢ ᠮᠤᠨᠳᠠᠭ ᠰᠢᠲᠠ᠃
ᠴᠠᠰᠤᠬᠠᠨ᠄ ᠠᠮᠢᠲᠠᠳ ᠊ᠤᠨ ᠲᠠᠯ᠎ᠠ ᠪᠠᠷ ᠮᠠᠰᠢ ᠰᠠᠢᠨ ᠮᠡᠳᠡᠵᠦ ᠪᠠᠢᠨ᠎ᠠ ᠰᠢᠦ!
ᠪᠠᠰᠠᠷ᠄ ᠪᠠᠬᠠᠷᠬᠠᠮᠠᠷ!
ᠡᠨᠡ ᠪᠣᠯ ᠠᠳᠠᠯ ᠶᠠᠪᠤᠳᠠᠯ ᠳ᠋ᠤ᠌ ᠲᠣᠪᠴᠢᠯᠠᠵᠤ ᠳᠠᠭᠤᠯᠠᠳᠠᠭ ᠳᠠᠭᠤᠤ᠂ ᠺᠢᠨᠣ᠋ ᠪᠣᠯᠭᠠᠨ ᠳ᠋ᠤ᠌ ᠡᠶ᠋ᠢᠮᠦ ᠬᠡᠰᠡᠭ ᠪᠠᠢᠳᠠᠭ ᠳᠠ᠃ ᠣᠳᠣ ᠡᠪᠡᠰᠦᠨ ᠊ᠦ ᠴᠠᠭᠠᠨ᠎ᠠ ᠡᠴᠡ ᠴᠣᠬᠤᠢᠨ ᠰᠠᠷᠢᠰᠤᠨ ᠪᠠᠭᠪᠠᠬᠠᠢ ᠲᠡᠨᠳᠡᠡᠴᠡ ᠨᠢᠰᠦᠨ᠎ᠡ᠂ ᠬᠠᠮᠤᠭ ᠊ᠤᠨ ᠭᠣᠣᠯ ᠦᠢᠯᠡ ᠶᠠᠪᠤᠳᠠᠯ ᠳ᠋ᠦ᠍ ᠪᠠᠨ ᠬᠦᠷᠬᠦ ᠵᠢᠨ ᠡᠮᠦᠨ᠎ᠡ ᠢᠩᠭᠢᠭᠡᠳ ᠳᠦᠷᠰᠦᠯᠡᠵᠡᠭᠡᠶᠡ᠃
ᠡᠨᠡ ᠪᠣᠯ ᠠᠳᠠᠯ ᠶᠠᠪᠤᠳᠠᠯ ᠳ᠋ᠤ᠌ ᠲᠣᠪᠴᠢᠯᠠᠵᠤ ᠳᠠᠭᠤᠯᠠᠳᠠᠭ ᠳᠠᠭᠤᠤ
ᠬᠡᠦᠬᠡᠯᠳᠡᠢ ᠪᠣᠯᠭᠠᠨ ᠳ᠋ᠤ᠌ ᠡᠢᠮᠦ ᠬᠡᠰᠡᠭ ᠪᠠᠢᠳᠠᠭ ᠳᠠ᠃
ᠣᠳᠣ ᠨᠤᠮᠤ ᠰᠤᠮᠤ ᠬᠠᠷᠪᠤᠨ ᠪᠤᠯᠲᠠᠨᠠ᠂ ᠮᠠᠲᠠᠷ ᠭᠡᠨᠡᠳᠲᠡ ᠭᠠᠷᠴᠤ ᠢᠷᠡᠵᠦ ᠪᠢᠳᠡ ᠰᠣᠴᠢᠨ᠎ᠠ
ᠬᠠᠮᠤᠭ ᠊ᠤᠨ ᠭᠣᠣᠯ ᠦᠢᠯᠡ ᠶᠠᠪᠤᠳᠠᠯ ᠳ᠋ᠤ᠌ ᠪᠠᠨ ᠬᠦᠷᠬᠦ ᠵᠢᠨ ᠡᠮᠦᠨ᠎ᠡ ᠢᠩᠭᠢᠵᠦ ᠳᠦᠷᠰᠦᠯᠡᠵᠡᠭᠡᠶᠡ! ᠬᠠᠢ!
ᠪᠠᠰᠠᠷ᠄ ᠵᠠ᠂ ᠣᠨᠢᠰᠣᠭ᠎ᠠ ᠲᠠᠭᠠᠪᠤᠷᠢ ᠲᠠᠭᠠᠷᠠᠳᠠᠭ ᠶᠠᠭᠤᠮ᠎ᠠ ᠪᠠᠢᠵᠠᠢ᠃ ᠡᠩ
ᠮᠥᠩᠬᠡ᠄ ᠵᠠ ᠲᠡᠭᠡᠪᠡᠯ ᠣᠨᠢᠰᠣᠭᠠᠨᠤᠭᠤᠳ ᠊ᠢ ᠲᠠᠭᠠᠬᠤ ᠶᠤᠮ ᠪᠠᠢᠨ᠎ᠠ ᠳᠠ᠃
ᠲᠤᠩᠬᠤ᠄ ᠪᠠᠰᠠ ᠲᠡᠷᠡ ᠬᠠᠳᠠ ᠨᠤᠭᠤᠳ ᠳᠡᠭᠡᠷ᠎ᠡ ᠳᠦᠷᠰᠦ ᠨᠦ᠍ᠭᠦᠳ ᠪᠠᠢᠨ᠎ᠠ᠃
ᠴᠠᠰᠤᠬᠠᠨ᠄ ᠠᠮᠢᠲᠠᠳ ᠊ᠤᠨ ᠳᠦᠷᠰᠦᠨᠦ᠍ᠭᠦᠳ ᠡ
ᠮᠥᠩᠬᠡ᠄ ᠦ᠂ ᠵᠥᠪ ᠵᠥᠪ᠃ ᠲᠡᠭᠡᠪᠡᠯ ᠡᠨᠡ ᠲᠠᠪᠤᠨ ᠣᠨᠢᠰᠣᠭ᠎ᠠ ᠵᠢ ᠲᠡᠷᠡ ᠳᠦᠷᠰᠦᠨ ᠳ᠋ᠤ᠌ ᠲᠠᠭᠠᠷᠠᠭᠤᠯᠵᠤ ᠲᠠᠯᠪᠢᠬᠤ ᠶᠤᠮ ᠪᠠᠶ᠋ᠢᠨ᠎ᠠ ᠲᠡᠶ᠋ᠢᠮᠦ ᠦᠦ?
ᠴᠠᠰᠤᠬᠠᠨ᠄ ᠲᠡᠢᠮᠦ ᠶᠤᠮ ᠰᠢᠭ᠋ ᠪᠠᠢᠨ᠎ᠠ ᠰᠢᠦ!
ᠵᠠ ᠲᠡᠭᠡᠪᠡᠯ ᠪᠦᠭᠦᠳᠡᠭᠡᠷ ᠵᠢᠠᠨ ᠣᠨᠢᠰᠣᠭ᠎ᠠ ᠨᠤᠭᠤᠳ ᠵᠢᠠᠨ ᠲᠠᠭᠠᠵᠠᠭᠠᠶᠠ᠃
ᠮᠥᠩᠬᠡ᠄ ᠲᠡᠭᠡᠶ᠎ᠡ᠂ᠲᠡᠭᠡᠶ᠎ᠡ!
ᠲᠤᠩᠬᠤ᠄ ᠲᠡᠰᠭᠢᠮ᠎ᠡ ᠡᠪᠦᠯ ᠨᠢᠴᠦᠭᠦᠨ ᠮᠥᠷᠲᠡᠯ᠎ᠡ ᠂ᠳᠡᠯᠭᠡᠷ ᠵᠤᠨ ᠳᠡᠪᠡᠯ ᠵᠢᠠᠨ ᠨᠥᠮᠥᠷᠦᠨ᠎ᠡ᠃
ᠥᠩ᠁ ᠥᠩ᠁ ᠣ᠂ ᠣᠯᠤᠯ᠎ᠠ᠂ ᠮᠣᠳᠣ ᠶᠦ᠍ᠮ ᠪᠢᠱᠢ ᠦᠦ !
ᠳᠡᠪᠡᠯ ᠭᠡᠳᠡᠭ ᠨᠢ ᠨᠠᠪᠴᠢ ᠨᠢ ᠶᠦ᠍ᠮ ᠪᠠᠢᠨ᠎ᠠ᠃ ᠡᠪᠦᠯ ᠪᠣᠯᠬᠤ ᠪᠠᠷ ᠪᠦᠬᠦ ᠨᠠᠪᠴᠢ ᠨᠢ ᠤᠨᠠᠭᠠᠳ ᠨᠢᠴᠦᠭᠦᠷᠡᠵᠦ᠍ ᠪᠠᠢᠭ᠎ᠠ ᠵᠢ ᠬᠡᠯᠡᠵᠦ ᠪᠠᠶ᠋ᠢᠭ᠎ᠠ ᠶᠤᠮ ᠪᠠᠢᠨ᠎ᠠ᠃
ᠮᠥᠩᠬᠡ᠄ oh yes( ᠥ ᠲᠡᠢᠮᠦ) ᠡᠭᠦᠨ ᠊ᠢ ᠡᠬᠢᠨ ᠳ᠋ᠤ᠌ ᠨᠢ ᠲᠠᠯᠪᠢᠴᠢᠬᠠᠶᠠ᠃
ᠴᠠᠰᠤᠬᠠᠨ᠄ ᠬᠠᠶᠠᠭᠰᠠᠨ ᠵᠢᠠᠨ ᠡᠷᠢᠭᠰᠡᠨ ᠰᠢᠭ᠌ ᠡᠷᠭᠢᠯᠳᠦᠨ᠎ᠡ ᠂ᠬᠠᠨᠢᠶᠠᠳᠤ ᠬᠦᠷᠦᠭᠰᠡᠨ ᠰᠢᠭ᠌ ᠰᠤᠤᠭᠢᠳᠤᠨᠠᠨᠠ᠃ ᠬᠡᠩ᠁ ᠬᠡᠩ᠁ ᠪᠠᠢᠩᠭᠤ ᠳᠣᠣᠷ᠎ᠠ ᠪᠠᠨ ᠡᠷᠭᠢᠯᠳᠦᠵᠦ ᠪᠠᠢᠨ᠎ᠠ ᠭᠡᠬᠦ ᠪᠡᠷ ᠪᠠᠰᠠᠷ ᠶᠤᠮ ᠪᠢᠱᠢ! ᠪᠠᠰᠠᠷ ᠴᠢᠨᠢ ᠤᠨᠲᠠᠬᠤ ᠪᠣᠯᠬᠤᠯᠠᠷ ᠨᠢ ᠳᠣᠣᠷ᠎ᠠ ᠪᠠᠨ ᠡᠷᠭᠢᠯᠳᠦᠭᠡᠳ ᠬᠠᠮᠠᠷ ᠨᠢ ᠺᠣᠤ ᠺᠣᠤ ᠭᠡᠳ ᠳᠤᠤᠭᠠᠷᠤᠭᠠᠳ ᠪᠠᠢᠳᠠᠭ ᠪᠢᠵᠡ ᠳᠡ᠂
ᠬᠡ ᠬᠡ᠁ ᠵᠠ ᠵᠠ ᠲᠣᠭᠯᠠᠭᠰᠠᠨ ᠶᠤᠮ ᠳᠠ᠂ ᠦ ᠶᠠᠭ ᠭᠠᠬᠠᠢ ᠶᠤᠮ ᠪᠠᠢᠨ᠎ᠠ᠂ ᠳᠥᠷᠪᠡᠳᠦᠭᠡᠷ ᠲᠦ᠍ ᠲᠠᠯᠪᠢᠴᠢᠬ᠎ᠠ᠃
ᠮᠥᠩᠬᠡ᠄ ᠨᠠᠮ ᠨᠠᠮ ᠭᠦᠶᠦᠳᠡᠯ ᠲᠡᠢ ᠂ ᠨᠠᠪᠴᠢᠨ ᠰᠢᠷ᠎ᠠ ᠳᠡᠪᠡᠯ ᠲᠡᠢ ᠭᠡᠬᠦ ᠪᠡᠷ ᠂ ᠬᠡᠩ᠁ᠨᠠᠮᠤᠰ ᠨᠠᠮᠤᠰ ᠭᠡᠳ ᠭᠦᠶᠦᠳᠡᠭ ᠠᠮᠢᠲᠠᠨ ᠴᠢᠨᠢ ᠶᠠᠭᠤ ᠪᠠᠢᠳᠠᠭ ᠪᠢᠯᠡ? ᠬᠥᠦᠭ᠂ ᠲᠡᠷᠡ ᠦᠨᠡᠭᠡᠨ ᠤ ᠳᠦᠷᠰᠦ ᠦᠦ?
ᠠ᠂ ᠲᠡᠢᠮᠦ ᠪᠠᠢᠨ᠎ᠠ᠃ ᠨᠠᠪᠴᠢᠨ ᠰᠢᠷ᠎ᠠ ᠳᠡᠪᠡᠯ ᠲᠡᠢ ᠭᠡᠬᠦ ᠪᠡᠷ ᠰᠢᠷ᠎ᠠ ᠦᠨᠡᠭᠡ ᠶᠤᠮ ᠪᠠᠢᠨ᠎ᠠ᠃ ᠬᠣᠶᠠᠷ ᠲᠦ᠍ ᠨᠢ ᠲᠠᠯᠪᠢᠴᠢᠬᠠᠶᠠ᠃
ᠲᠤᠩᠬᠤ᠄ ᠲᠡᠷᠡ ᠪᠤᠯᠤᠩ ᠊ᠤᠨ ᠬᠢᠨᠢ ᠬᠠᠳᠠᠨ ᠊ᠤ ᠳᠦᠷᠰᠦ ᠨᠢ ᠪᠦᠳᠡᠬᠢᠷᠡᠭᠡᠳ ᠶᠡᠷᠦ ᠠ᠋ᠴᠠ ᠪᠡᠨ ᠬᠠᠷᠠᠭᠳᠠᠬᠤ ᠦᠭᠡᠢ ᠶᠤᠮ᠃ ᠦ᠁ᠪᠥᠭᠡᠷᠡᠩᠬᠡᠢ᠂ ᠦ᠁ᠠᠷᠠᠢ ᠴᠤ᠌ ᠪᠥᠭᠡᠷᠡᠩᠬᠡᠢ ᠪᠢᠰᠢ ᠶᠦ᠍ᠮ ᠪᠠᠢᠨ᠎ᠠ᠃ ᠵᠤᠤᠪᠠᠩ ᠶᠤᠮ ᠤᠤ
ᠶᠠᠰᠤᠨ ᠳᠣᠲᠣᠷ᠎ᠠ ᠮᠥᠩᠭᠥ᠂ ᠮᠥᠩᠭᠥᠨ ᠳᠣᠲᠣᠷ᠎ᠠ ᠠᠯᠲᠠ ᠭᠡᠬᠦ ᠪᠡᠷ ᠶᠠᠭᠤ ᠪᠠᠢᠵᠤ ᠪᠣᠯᠬᠤ ᠪᠣᠯ?
ᠮᠥᠩᠬᠡ᠄ ᠬᠠᠷᠢᠨ ᠲᠡᠢᠮᠦ᠂ ᠶᠠᠭᠤ ᠶᠤᠮ ᠪᠣᠯ?
ᠴᠠᠰᠤᠬᠠᠨ᠄ ᠶᠠᠰᠤᠨ ᠳᠣᠲᠣᠷ᠎ᠠ ᠮᠥᠩᠭᠥ᠂ ᠶᠠᠰᠤ ᠪᠥᠭᠡᠷᠡᠩᠬᠡᠢ ᠵᠤᠤᠪᠠᠩ᠃ ᠲᠡᠷᠡ ᠵᠢᠷᠤᠭ ᠨᠢ ᠪᠤᠷᠤᠭᠤ ᠶᠠᠭᠤᠮ᠎ᠠ ᠪᠢᠰᠢ ᠦᠦ? ᠶᠠᠰᠤᠨ ᠳᠣᠲᠣᠷ᠎ᠠ ᠮᠥᠩᠭᠥ ᠭᠡᠬᠦ ᠪᠡᠷ ᠶᠠᠰᠤᠨ ᠳᠣᠲᠣᠷ᠎ᠠ ᠥᠨᠳᠡᠭᠡᠨ ᠊ᠤ ᠴᠠᠭᠠᠨ᠂ ᠲᠡᠭᠡᠭᠡᠳ ᠮᠥᠩᠭᠥᠨ ᠳᠣᠲᠣᠷ᠎ᠠ ᠠᠯᠲᠠ ᠭᠡᠬᠦ ᠪᠡᠷ ᠥᠨᠳᠡᠭᠡᠨ ᠊ᠤ ᠰᠢᠷ᠎ᠠ ᠨᠢ ᠶᠤᠮ ᠪᠢᠰᠢ ᠦᠦ!
ᠮᠥᠩᠬᠡ᠄ ᠦ᠂ ᠶᠠᠭ ᠥᠨᠳᠡᠭᠡ ᠶᠤᠮ ᠪᠠᠢᠨ᠎ᠠ ᠰᠢᠳᠡ᠂ ᠲᠡᠭᠡᠪᠡᠯ ᠡᠭᠦᠨ ᠊ᠢ ᠭᠤᠷᠪᠠ ᠲᠦ᠍ ᠨᠢ ᠪᠠᠢᠷᠢᠯᠠᠭᠤᠯᠴᠢᠬᠠᠶᠠ᠃
ᠰᠡᠭᠦᠯ ᠊ᠤᠨ ᠬᠢᠨᠢ ᠬᠠᠷᠢᠨ ᠶᠠᠭᠤ ᠪᠠᠢᠭᠰᠠᠨ ᠶᠤᠮ ᠪᠣᠯ? ᠲᠡᠢᠮᠦ᠂ ᠲᠠᠭᠠᠭᠰᠠᠨ ᠪᠣᠯ ᠤᠭ ᠨᠢ ᠭᠣᠶᠣ ᠪᠠᠢᠬᠤ ᠦᠭᠡᠢ ᠦᠦ?
ᠳᠠᠩᠴᠤ᠂ ᠡᠬᠢᠨ ᠊ᠤ ᠬᠢᠨᠢ ᠭᠠᠭᠴᠠ ᠦᠭᠡ ᠪᠠᠢᠬᠤ ᠶᠤᠮ ?
ᠪᠠᠰᠠᠷ᠄ ᠡᠬᠢᠨ ᠊ᠤ ᠬᠢᠨᠢ ᠭᠠᠭᠴᠠ ᠦᠭᠡ ᠨᠢ ᠶᠠᠭᠤ ᠭᠡᠵᠦ᠍ ᠪᠠᠢᠨ᠎ᠠ?
ᠮᠥᠩᠬᠡ᠄ ᠡᠨᠡ ᠬᠠᠷᠢᠨ ᠬᠤᠩ ᠭᠡᠳ ᠥᠭᠡᠷ᠎ᠡ ᠶᠠᠭᠤᠮ᠎ᠠ ᠪᠠᠢᠬᠤ ᠦᠭᠡᠢ ᠶᠤᠮ
ᠪᠠᠰᠠᠷ᠄ ᠬᠤᠩ ᠬᠤᠩ ᠳᠠᠭᠤ ᠲᠠᠢ ᠂ ᠬᠤᠨᠳᠤᠯᠠᠢ ᠳᠡᠭᠡᠷ᠎ᠡ ᠪᠡᠨ ᠲᠡᠭᠡᠭᠡ ᠲᠡᠢ᠃ ᠣᠳᠤ ᠪᠢ ᠱᠢᠦ ᠳ᠋ᠠ᠃ ᠨᠠᠭᠠᠳᠤᠬᠢ ᠴᠢᠨᠢ ᠨᠣᠬᠠᠢ ᠶᠤᠮ ᠳ᠋ᠠ! ᠨᠣᠬᠠᠢ ᠵᠢᠨ ᠲᠠᠪᠢᠯᠠᠩ ᠶᠤᠮ ᠳᠡ᠁ ᠬᠡ ᠬᠡ
ᠲᠤᠩᠬᠤ᠄ ᠬᠢ ᠬᠢ᠁
ᠮᠥᠩᠬᠡ᠄ ᠠ ᠬᠠ ᠬᠠ᠁ ᠲᠡᠢᠮᠦ ᠶᠤᠮ ᠪᠠᠢᠨ᠎ᠠ᠃
ᠪᠦᠭᠦᠳᠡᠭᠡᠷ᠄ ᠸᠠ ᠡᠸᠦ᠁
ᠵᠥᠪᠬᠡᠨ ᠴᠡᠪᠡᠷ ᠠᠷᠢᠭᠤᠨ ᠰᠡᠳᠬᠢᠯ ᠲᠡᠢ ᠬᠥᠮᠦᠨ ᠯᠡ ᠵᠠᠢᠷᠮᠠᠭ ᠤᠨ ᠰᠢᠳᠢᠲᠦ ᠵᠣᠷ ᠊ᠢ ᠠᠪᠬᠤ ᠡᠷᠬᠡᠲᠡᠢ᠂ ᠬᠡᠷᠪᠡ ᠴᠡᠪᠡᠷ ᠠᠷᠢᠭᠤᠨ ᠰᠡᠳᠬᠢᠯ ᠦᠭᠡᠢ ᠶᠤᠮ ᠪᠣᠯ ᠤᠨᠢᠰᠤᠲᠤ ᠠᠭᠤᠢ ᠨᠤᠷᠠᠨ᠎ᠠ᠃
ᠮᠥᠩᠬᠡ᠄ ᠬᠢ ᠬᠢ᠁ ᠪᠡᠯᠡᠨ ᠤᠤ?
ᠲᠤᠩᠬᠤ᠄ ᠪᠡᠯᠡᠨ
ᠪᠠᠰᠠᠷ᠄ ᠪᠡᠯᠡᠨ
ᠴᠠᠰᠤᠬᠠᠨ᠄ ᠪᠡᠯᠡᠨ
ᠬᠠᠭᠠᠨᠲᠠᠨ᠄ ᠪᠤᠶᠠᠨᠲᠠᠢ ᠰᠠᠢᠬᠠᠨ ᠬᠡᠦᠬᠡᠳ ᠊ᠤᠳ ᠮᠢᠨᠢ ᠵᠠᠢᠷᠮᠠᠭ ᠊ᠤᠨ ᠶᠡᠬᠡ ᠬᠠᠭᠠᠨᠲᠤ ᠤᠯᠤᠰ ᠊ᠢ ᠮᠢᠨᠢ ᠠᠪᠤᠷᠠᠯ᠎ᠠ ᠰᠢᠦ ᠳᠡ᠃ ᠲᠠ ᠨᠠᠷ ᠲᠦ᠍ ᠪᠡᠨ ᠭᠦᠨ᠎ᠡ ᠲᠠᠯᠠᠷᠬᠠᠯ ᠢᠯᠡᠷᠬᠡᠢᠯᠡᠶ᠎ᠡ!
ᠲᠤᠩᠬᠤ᠄ ᠪᠠᠶᠠᠷᠯᠠᠯ᠎ᠠ!
ᠮᠥᠩᠬᠡ᠄ ᠬᠢ ᠬᠢ ᠁ ᠵᠦᠭᠡᠷ ᠳᠡ!
ᠬᠠᠭᠠᠨᠲᠠᠨ᠄ ᠵᠠ ᠠᠯᠢᠪ᠂ ᠬᠡᠦᠬᠡᠳ ᠊ᠤᠳ ᠲᠠ ᠨᠠᠷ ᠊ᠤᠨ ᠵᠢᠠᠨ ᠨᠢᠭᠡ ᠬᠦᠰᠡᠯ ᠊ᠢ ᠪᠡᠶᠡᠯᠡᠭᠦᠯᠦᠶ᠎ᠡ᠃ ᠬᠠᠭᠠᠨ ᠠᠬ᠎ᠠ ᠳ᠋ᠤ᠌ ᠪᠠᠨ ᠥᠴᠢᠯ ᠵᠢᠠᠨ ᠥᠴᠢ᠃
ᠮᠥᠩᠬᠡ᠄ ᠲᠠ ᠪᠢᠳᠡᠨ ᠳ᠋ᠤ᠌
ᠲᠤᠩᠬᠤ᠄ ᠬᠠᠮᠤᠭ ᠊ᠤᠨ ᠭᠣᠶᠣ
ᠴᠠᠰᠤᠬᠠᠨ᠄ ᠬᠠᠮᠤᠭ ᠊ᠤᠨ ᠠᠮᠲᠠᠲᠠᠢ
ᠪᠠᠰᠠᠷ᠄ ᠵᠠᠢᠷᠮᠠᠭ ᠊ᠢ ᠬᠢᠵᠦ ᠥᠭᠭᠦᠭᠡᠴᠢ᠃
ᠬᠠᠭᠠᠨᠲᠠᠨ᠄ ᠠ᠁ ᠠ ᠬᠠ ᠬᠠ᠁ ᠪᠣᠯᠤᠯ ᠦᠭᠡᠢ ᠶᠠᠭᠠᠬᠢᠬᠤᠪ᠂ ᠬᠠᠭᠠᠨᠲᠤ ᠤᠯᠤᠰ ᠊ᠢ ᠮᠢᠨᠢ ᠠᠪᠤᠷᠠᠭᠰᠠᠨ ᠲᠠ ᠳᠥᠷᠪᠡ ᠳ᠋ᠤ᠌ ᠪᠡᠨ ᠬᠠᠮᠤᠭ ᠊ᠤᠨ ᠰᠠᠢᠬᠠᠨ ᠵᠠᠢᠷᠮᠠᠭ ᠊ᠢ ᠪᠢ ᠥᠪᠡᠷ ᠵᠢᠠᠨ ᠬᠢᠵᠦ ᠥᠭᠭᠦᠶ᠎ᠡ᠃
ᠪᠦᠭᠦᠳᠡᠭᠡᠷ᠄ ᠸᠠ ᠡᠸᠦ ᠁
ᠪᠠᠰᠠᠷ᠄ ᠮᠥᠩᠬᠡ ᠲᠤᠩᠬᠤ ᠵᠠᠢᠷᠮᠠᠭ ᠪᠦᠲᠦᠭᠰᠡᠨ ᠲᠡᠦᠬᠡ ᠡᠨᠡ ᠪᠥᠯᠥᠭᠡ᠃ ᠬᠡ ᠬᠡ᠂᠁ ᠬᠠᠢᠷᠠᠲᠠᠢ ᠰᠢᠦ!
ᠮᠥᠩᠬᠡ ᠲᠤᠩᠬᠤ ᠵᠢ ᠦᠵᠡᠭᠴᠢ ᠨᠠᠢᠵᠠ᠎ᠨᠤᠭᠤᠳ ᠲᠠ ᠨᠠᠷ ᠮᠢᠨᠢ ᠰᠠᠢᠨ ᠤᠤ?
ᠨᠠᠮ᠎ᠠ ᠵᠢ ᠠᠮᠤᠷᠪᠠᠶᠠᠰᠬᠤᠯᠠᠩ ᠣᠪᠣᠭ ᠲᠠᠢ ᠪᠠᠢᠭᠠᠯᠢ ᠭᠡᠳᠡᠭ᠃ ᠪᠢ ᠠᠷᠪᠠᠨ ᠬᠣᠶᠠᠷ ᠨᠠᠰᠤᠲᠠᠢ᠂ ᠥᠨᠥᠳᠥᠷ ᠲᠠ ᠨᠠᠷ ᠲᠠᠢ ᠪᠠᠨ Gravity falls ᠬᠡᠦᠬᠡᠯᠳᠡᠢ ᠺᠢᠨᠣ᠋ ᠵᠢᠨ ᠭᠣᠣᠯ ᠪᠠᠭᠠᠲᠤᠷ Mabel pines ᠊ᠤᠨ ᠲᠦᠷᠢ ᠪᠡᠷ ᠠᠭᠤᠯᠵᠠᠵᠤ ᠪᠠᠢᠭ᠎ᠠ ᠳ᠋ᠤ᠌ ᠪᠠᠨ ᠮᠠᠰᠢ ᠶᠡᠬᠡ ᠪᠠᠶᠠᠷᠲᠠᠢ ᠪᠠᠢᠨ᠎ᠠ᠃
ᠡᠢᠮᠦ ᠭᠣᠶᠣ ᠬᠡᠦᠬᠡᠯᠳᠡᠢ ᠬᠢᠵᠦ ᠥᠭᠳᠡᠭ ᠠᠬ᠎ᠠ ᠡᠭᠡᠴᠢ ᠨᠠᠷ ᠲᠦ᠍ ᠪᠠᠨ ᠦᠨᠡᠬᠡᠷ ᠶᠡᠬᠡ ᠪᠠᠶᠠᠷᠯᠠᠯ᠎ᠠ᠃ ᠬᠡᠦᠬᠡᠳ ᠊ᠤᠳ ᠡ ᠲᠠ ᠪᠦᠬᠦᠨ ᠮᠥᠩᠬᠡ ᠲᠤᠩᠬᠤ ᠵᠢᠨ ᠠᠬ᠎ᠠ ᠡᠭᠡᠴᠢ ᠨᠠᠷ ᠵᠢᠠᠨ ᠳᠡᠮᠵᠢᠭᠡᠳ ᠮᠥᠩᠬᠡ ᠲᠤᠩᠬᠤ ᠵᠢᠨ ᠨᠡᠷ᠎ᠡ ᠵᠢᠨ ᠪᠦᠲᠦᠭᠡᠭᠳᠡᠭᠦᠨ ᠠ᠋ᠴᠠ ᠪᠠᠢᠩᠭᠤ ᠬᠤᠳᠠᠯᠳᠤᠨ ᠠᠪᠤᠯᠲᠠ ᠬᠢᠭᠡᠷᠡᠢ᠃ ᠪᠠᠰᠠ ᠦᠷᠭᠦᠯᠵᠢ ᠬᠢᠴᠢᠶᠡᠩᠭᠦᠢ ᠬᠡᠦᠬᠡᠳ ᠪᠠᠢᠭᠠᠷᠠᠢ᠃
ᠰᠠᠢᠨ ᠤᠤ? ᠬᠡᠦᠬᠡᠳ ᠊ᠤᠳ ᠡ᠂ ᠨᠠᠮ᠎ᠠ ᠵᠢ ᠮᠥᠩᠬᠡᠪᠠᠲᠤ ᠭᠡᠳᠡᠭ᠃ ᠪᠢ ᠠᠷᠪᠠᠨ ᠨᠠᠰᠤᠲᠠᠢ᠂ ᠪᠢ ᠥᠪᠥᠷ ᠬᠠᠩᠭᠠᠢ ᠠᠢᠮᠠᠭ ᠲᠦ᠍ ᠠᠮᠢᠳᠤᠷᠠᠳᠠᠭ ᠃ ᠮᠢᠨᠦ ᠳᠤᠷᠠᠲᠠᠢ ᠪᠠᠭᠠᠲᠤᠷ ᠪᠣᠯ SPIDERMAN᠃
ᠪᠠᠢᠩᠭᠤ ᠳᠠᠰᠭᠠᠯ ᠰᠤᠷᠢᠯᠴᠢᠨ ᠬᠢᠵᠦ᠂ ᠡᠷᠡᠭᠦᠯ ᠮᠡᠨᠳᠦ ᠪᠡᠨ ᠠᠩᠬᠠᠷᠴᠤ ᠮᠤᠨᠳᠠᠭ ᠬᠡᠦᠬᠡᠳ ᠪᠠᠢᠭᠠᠷᠠᠢ᠃
ᠡᠨᠡ ᠡᠳᠦᠷ ᠊ᠤᠨ ᠮᠡᠨᠳᠦ ᠵᠢ ᠬᠦᠷᠭᠡᠶ᠎ᠡ ᠨᠠᠢᠵᠠ᠎ᠨᠤᠭᠤᠳ ᠡ! ᠡᠢᠮᠦ ᠭᠣᠶᠣ ᠬᠡᠦᠬᠡᠯᠳᠡᠢ ᠺᠢᠨᠣ᠋ ᠲᠣᠭᠯᠠᠬᠤ ᠪᠣᠯᠤᠭᠰᠠᠨ ᠳ᠋ᠤ᠌ ᠪᠠᠨ ᠪᠠᠶᠠᠷᠲᠠᠢ ᠪᠠᠶ᠋ᠢᠨ᠎ᠠ᠃ ᠨᠠᠮ᠎ᠠ ᠵᠢ ᠪᠤᠶᠠᠨ᠊ᠡᠷᠳᠡᠨᠢ ᠭᠡᠳᠡᠭ᠃ ᠮᠢᠨᠦ ᠳᠤᠷᠠᠲᠠᠢ ᠪᠠᠭᠠᠲᠤᠷ ᠪᠣᠯ FLASH ᠃
ᠮᠥᠩᠬᠡ ᠲᠤᠩᠬᠤ ᠺᠢᠨᠣ᠋ ᠵᠢᠨ ᠳᠠᠩᠳᠠ ᠦᠨᠡᠨᠴᠢ ᠦᠵᠡᠭᠴᠢ ᠨᠢ ᠪᠠᠢᠨ᠎ᠠ᠃ ᠲᠠ ᠬᠡᠳᠦ ᠮᠠᠨᠢ ᠪᠠᠢᠩᠭᠤ ᠬᠠᠮᠲᠤ ᠳ᠋ᠤ᠌ ᠪᠠᠨ ᠪᠠᠢᠵᠤ᠂ ᠠᠩᠬᠢ ᠪᠣᠯᠭᠠᠨ ᠊ᠢ ᠪᠠᠨ ᠠᠯᠤᠰᠯᠠᠬᠤ ᠦᠭᠡᠢ ᠪᠡᠷ ᠦᠵᠡᠭᠡᠷᠡᠢ᠃
ᠰᠠᠢᠨ ᠪᠠᠢᠨ᠎ᠠ ᠤᠤ? ᠨᠠᠢᠵᠠ ᠨᠠᠷ ᠮᠢᠨᠢ ᠂ ᠨᠠᠮ᠎ᠠ ᠵᠢ ᠰᠦᠪᠡᠭᠡᠳᠠᠢ ᠭᠡᠳᠡᠭ᠃ ᠮᠢᠨᠦ ᠬᠠᠮᠤᠭ ᠊ᠤᠨ ᠳᠤᠷᠠᠲᠠᠢ ᠪᠠᠭᠠᠲᠤᠷ ᠪᠣᠯ Thanos: O-s Snap ᠃
ᠮᠥᠩᠬᠡ ᠲᠤᠩᠬᠤ ᠵᠠᠢᠷᠮᠠᠭ ᠊ᠤᠨ ᠰᠠᠬᠠᠷ ᠠᠭᠤᠯᠤᠮᠵᠢ ᠪᠠᠭ᠂ ᠬᠡᠦᠬᠡᠳ ᠪᠢᠳᠡᠨ ᠳ᠋ᠤ᠌ ᠵᠣᠷᠢᠭᠤᠯᠤᠭᠰᠠᠨ ᠬᠠᠮᠤᠭ ᠊ᠤᠨ ᠭᠣᠶᠣ ᠪᠦᠲᠦᠭᠡᠭᠳᠡᠬᠦᠨ ᠰᠢᠦ !
ᠰᠠᠢᠨ ᠤᠤ? ᠨᠠᠮ᠎ᠠ ᠵᠢ ᠠᠷᠢᠭᠤᠨ᠊ᠡᠷᠳᠡᠨᠢ ᠭᠡᠳᠡᠭ᠃ ᠪᠢ ᠠᠷᠪᠠᠨ ᠨᠠᠢ᠍ᠮᠠᠳᠤᠭᠠᠷ ᠰᠤᠷᠭᠠᠭᠤᠯᠢ ᠳ᠋ᠤ᠌ ᠰᠤᠷᠤᠯᠴᠠᠳᠠᠭ᠃ ᠮᠢᠨᠦ ᠳᠤᠷᠠᠲᠠᠢ ᠪᠠᠭᠠᠲᠤᠷ ᠪᠣᠯELSA᠃
ᠪᠠᠭᠰᠢ ᠵᠢᠨ ᠵᠢᠠᠨ ᠦᠭᠡᠨ ᠳ᠋ᠤ᠌ ᠣᠷᠣᠵᠤ ᠬᠢᠴᠢᠶᠡᠯ ᠵᠢᠠᠨ ᠪᠠᠢᠩᠭᠤ ᠬᠢᠵᠦ ᠮᠤᠨᠳᠠᠭ ᠬᠡᠦᠬᠡᠳ ᠪᠠᠢᠭᠠᠷᠠᠢ!
ᠦᠰᠦᠭ ᠠᠮᠢᠯᠠᠭᠤᠯᠤᠭᠴᠢ᠄ ᠪᠦᠷᠢᠨᠴᠡᠴᠡᠭ᠃
ᠦᠰᠦᠭ ᠬᠠᠳᠠᠭᠴᠢ᠄ ᠾᠦᠩ ᠸᠸᠢ
ᠬᠢᠨᠠᠯᠲᠠ ᠬᠢᠭᠰᠡᠨ ᠨᠢ᠄ᠾᠦᠩ ᠸᠸᠢ᠂ ᠱᠤᠳᠤᠷᠭᠤ᠂ ᠪᠦᠬᠡᠴᠢᠯᠠᠭᠤ᠂ ᠰᠡᠴᠡᠩᠭᠤᠸᠡ( ᠰᠡᠳᠭᠢᠭᠦᠢ)
ᠲᠠᠢᠯᠪᠤᠷᠢ᠄
ᠫᠤᠷᠲ—— ᠭᠠᠷᠴᠤ ᠣᠷᠤᠬᠤ ᠰᠠᠯᠠᠭ᠎ᠠ ᠵᠠᠮ ᠡᠭᠦᠳᠡ