ᠣᠷᠣᠢ ᠦᠭᠡᠢ ᠰᠦᠮ᠎ᠡ – ᠠᠷᠪᠠ ᠂ ᠨᠢᠭᠦᠯ ᠪᠤᠶᠠᠨ ᠤ ᠢᠯᠭᠠᠯ Оройгүй сүм – Арав ᠂ Нүгэл буяны ялгал - Oroigui sum 10 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠠᠷᠪᠠ ᠂ ᠨᠢᠭᠦᠯ ᠪᠤᠶᠠᠨ ᠤ ᠢᠯᠭᠠᠯ Оройгүй сүм – Арав ᠂ Нүгэл буяны ялгал - Oroigui sum 10

ᠣᠷᠣᠢ ᠦᠭᠡᠢ ᠰᠦᠮ᠎ᠡ – ᠠᠷᠪᠠ ᠂ ᠨᠢᠭᠦᠯ ᠪᠤᠶᠠᠨ ᠤ ᠢᠯᠭᠠᠯ Оройгүй сүм – Арав ᠂ Нүгэл буяны ялгал - Oroigui sum 10

ᠠᠩᠭᠢᠯᠠᠯ:ᠲᠤᠭᠤᠵᠢ ᠷᠣᠮᠠᠨ
2023-08-13

1100

ᠠᠷᠪᠠ ᠂ ᠨᠢᠭᠦᠯ ᠪᠤᠶᠠᠨ ᠤ ᠢᠯᠭᠠᠯ


                 ᠭᠣᠯᠢᠶ᠎ᠠ ᠦᠶᠡᠷ ᠢᠷᠡᠬᠦ ᠶ᠋ᠢ ᠪᠣᠯᠭᠣᠮᠵᠢᠯᠠᠵᠤ ᠡᠪᠡᠰᠦᠨ ᠳ᠋ᠦ᠍ ᠠᠪᠠᠷᠢᠨ᠎ᠠ
                 ᠲᠣᠭᠣᠷᠤᠤ ᠳᠡᠯᠡᠬᠡᠢ ᠴᠥᠮᠥᠷᠡᠬᠦ ᠶ᠋ᠢ ᠪᠣᠯᠭᠣᠮᠵᠢᠯᠠᠵᠤ ᠰᠡᠮᠬᠡᠨ ᠠᠯᠬᠤᠯᠠᠨ᠎ᠠ
                 ᠮᠡᠯᠡᠬᠡᠢ ᠲᠩᠷᠢ ᠤᠨᠠᠬᠤ ᠶ᠋ᠢ ᠪᠣᠯᠭᠣᠮᠵᠢᠯᠠᠵᠤ ᠳᠡᠭᠡᠭᠰᠢ ᠬᠠᠷᠠᠵᠤ ᠬᠡᠪᠲᠡᠨ᠎ᠡ

      ᠱᠠᠰᠠᠷ ᠮᠠᠯᠠᠭᠠᠢ ᠶ᠋ᠢ ᠪᠡᠨ ᠳᠤᠬᠤᠳᠠᠭᠤᠯᠵᠤ᠂ ᠵᠠᠩᠴᠢ ᠪᠠᠨ ᠡᠮᠦᠰᠴᠦ᠂ ᠣᠷᠬᠢᠮᠵᠢ ᠪᠠᠨ ᠬᠥᠳᠦᠷᠦᠭᠰᠡᠨ ᠯᠠᠮᠠ ᠨᠠᠷ ᠭᠣᠮᠠᠨ ᠳ᠋ᠠᠴᠠᠩ ᠤ᠋ᠨ ᠡᠭᠦᠳᠡᠨ ᠳ᠋ᠦ᠍ ᠶᠡᠷᠦ ᠶ᠋ᠢᠨ ᠯᠡ ᠵᠠᠩᠰᠢᠯ ᠢ᠋ᠶ᠋ᠠᠷ ᠢ᠋ᠶ᠋ᠠᠨ ᠵᠡᠷᠭᠡ ᠰᠢᠬᠠᠮ ᠴᠤᠭᠯᠠᠷᠠᠵᠤ ᠲᠦᠭᠵᠢᠶ᠎ᠡ ᠲᠡᠢ ᠬᠠᠭᠠᠯᠭ᠎ᠠ ᠶ᠋ᠢᠨ ᠡᠮᠦᠨ᠎ᠡ ᠳᠦᠷ ᠰᠠᠭᠠᠲᠠᠨ ᠵᠣᠭᠰᠣᠯ᠎ᠠ᠃
           ᠭᠠᠨᠵᠢᠨ ᠬᠠᠶ᠋ᠢᠪᠢ ᠵᠦᠩᠵᠡᠨ ᠽᠤᠩᠺᠠᠸ᠋᠎ᠠ 
           ᠯᠣᠪᠰᠠᠩ ᠳ᠋ᠠᠭᠪᠢ ᠱᠠᠪᠯᠠ ᠰᠣᠯᠪᠠᠨᠲ‍ᠢᠪ  ᠁
ᠭᠡᠵᠦ ᠣᠯᠠᠨ ᠯᠠᠮᠠ ᠠᠮᠠ ᠠᠮᠠᠨ ᠳ᠋ᠠᠭᠠᠨ ᠳᠦᠩᠭᠢᠨᠡᠲᠡᠯ᠎ᠡ ᠤᠩᠰᠢᠵᠤ ᠮᠡᠭᠵᠡᠮ ᠦ᠋ᠨ ᠰᠡᠭᠦᠯᠴᠢ ᠶ᠋ᠢᠨ ᠬᠣᠶᠠᠷ ᠮᠥᠷ ᠢ᠋ ᠴᠢᠩᠭᠠᠬᠠᠨ ᠢ᠋ᠶ᠋ᠠᠷ ᠬᠡᠯᠡᠵᠦ ᠳᠠᠭᠤᠰᠬᠠᠯ᠎ᠠ᠃  ᠭᠡᠰᠦᠯ ᠰᠠᠩᠵᠢ ᠲᠡᠷᠡ ᠦᠭᠡ ᠶ᠋ᠢ ᠪᠠᠷᠤᠭ ᠬᠡᠯᠡᠭᠰᠡᠨ ᠦᠭᠡᠢ᠃ ᠭᠡᠪᠡᠴᠦ ᠲᠡᠭᠦᠨ ᠢ᠋ ᠬᠡᠨ ᠴᠦ᠍ ᠠᠵᠢᠭᠯᠠᠵᠤ ᠮᠡᠳᠡᠭᠰᠡᠨ ᠦᠭᠡᠢ᠃
      ᠭᠡᠰᠬᠦᠢ ᠳᠤᠭᠠᠩ ᠤᠨ ᠬᠠᠭᠠᠯᠭ᠎ᠠ ᠶ᠋ᠢ ᠨᠡᠭᠡᠭᠡᠬᠦ ᠶ᠋ᠢ ᠵᠠᠪᠳᠤᠬᠤ ᠳ᠋ᠤ᠌ ᠣᠯᠠᠨ ᠯᠠᠮᠠ᠂ ᠬᠤᠸᠠᠷᠠᠭ᠂ ᠱᠠᠰᠠᠷ ᠮᠠᠯᠠᠭᠠᠢ ᠪᠡᠨ ᠠᠪᠴᠠᠭᠠᠵᠤ ᠰᠦᠮ᠎ᠡ ᠶ᠋ᠢᠨ ᠬᠠᠭᠠᠯᠭᠠᠨ ᠤ᠋ ᠵᠦᠭ ᠭᠤᠷᠪᠠᠨᠲᠠ ᠪᠥᠬᠥᠰᠬᠢᠨ ᠮᠥᠷᠭᠥᠪᠡ᠃ ᠰᠠᠩᠵᠢ ᠭᠡᠰᠦᠯ ᠮᠠᠯᠠᠭᠠᠢ ᠪᠡᠨ ᠠᠪᠬᠤ ᠪᠠᠨ ᠮᠠᠷᠲᠠᠵᠤ ᠮᠥᠷᠭᠥᠬᠦ ᠭᠡᠬᠦ ᠳ᠋ᠦ᠍ ᠨᠢᠭᠡ ᠵᠢᠩᠳᠠᠭᠠᠨ ᠤ ᠨᠢ ᠨᠥᠬᠥᠷ ᠱᠠᠰᠠᠷ ᠢ᠋ ᠨᠢ ᠠᠪᠴᠤ ᠥᠭᠪᠡ᠃  ᠭᠡᠰᠦᠯ ᠵᠤᠯᠠ ᠶ᠋ᠢᠨ ᠭᠣᠣᠯ ᠣᠷᠢᠶᠠᠯᠭᠠᠨ ᠲᠡᠭᠦᠰᠬᠡᠯ ᠪᠣᠯᠤᠭᠰᠠᠨ ᠪᠠᠭᠰᠢ ᠯᠠᠮ᠎ᠠ ᠶ᠋ᠢ ᠪᠡᠨ ᠮᠠᠷᠲᠠᠵᠤ ᠴᠢᠳᠠᠬᠤ ᠦᠭᠡᠢ ᠪᠠᠢᠵᠠᠢ᠃
      –  ᠪᠣᠲᠢᠰᠠᠲᠤ᠎ᠠ ᠶᠡᠬᠡ ᠨᠢᠭᠦᠯᠡᠰᠬᠦᠢᠴᠢ ᠡᠵᠡᠨ! ᠭᠡᠵᠦ ᠨᠡᠢᠲᠡ ᠯᠠᠮᠠ ᠨᠠᠮᠤᠭᠤᠬᠠᠨ ᠳᠠᠭᠤ ᠪᠠᠷ ᠵᠡᠷᠭᠡ ᠬᠡᠯᠡᠭᠡᠳ ᠳᠦᠷ ᠳᠡᠭᠡᠭᠰᠢ ᠪᠡᠨ ᠦᠯᠢᠶ᠋ᠨ ᠬᠠᠷᠠᠵᠠᠭᠠᠵᠤ ᠠᠮᠢᠰᠬᠤᠭ᠎ᠠ ᠠᠪᠤᠯ᠎ᠠ᠃ ᠲᠡᠭᠡᠭᠰᠡᠨ ᠢ᠋ᠶ᠋ᠡᠨ ᠪᠥᠬᠥᠰᠬᠢᠵᠦ᠂
      – ᠡᠭᠦᠳᠡ ᠪᠡᠨ ᠨᠡᠭᠡᠭᠡᠲᠦᠭᠡᠢ! ᠭᠡᠵᠦ ᠵᠡᠷᠭᠡ ᠭᠣᠶᠣᠵᠠᠭᠠᠪᠠ᠃ ᠡᠨᠡ ᠦᠭᠡ ᠶ᠋ᠢ ᠭᠤᠷᠪᠠᠨᠲᠠ ᠬᠡᠯᠡᠬᠦ ᠳᠦ ᠰᠦᠮ᠎ᠡ ᠶ᠋ᠢᠨ ᠡᠭᠦᠳᠡ ᠴᠠᠯᠠᠰᠬᠢᠨ ᠨᠡᠭᠡᠭᠡᠭᠳᠡᠳᠡᠭ  ᠵᠢᠮ᠎ᠠ ᠲᠠᠢ ᠪᠢᠯᠡ᠃《ᠪᠣᠲᠢᠰᠠᠲᠤ᠎ᠠ ᠶᠡᠬᠡ ᠨᠢᠭᠦᠯᠡᠰᠬᠦᠢᠴᠢ ᠡᠵᠡᠨ ᠦ᠌ ᠲᠥᠯᠥᠭᠡ ᠪᠠᠭᠰᠢ ᠮᠠᠨᠢ ᠣᠳᠤᠭᠰᠠᠨ ᠁ ᠪᠠᠰᠠ ᠪᠦᠬᠦ ᠯᠠᠮᠠ᠂ ᠬᠤᠸᠠᠷᠠᠭ ᠴᠥᠮ ᠪᠣᠲᠢᠰᠠᠲᠤ᠎ᠠ ᠶᠡᠬᠡ ᠡᠵᠡᠨ ᠦ᠌ ᠲᠥᠯᠥᠭᠡ᠂ ᠲᠡᠷᠡ ᠥᠪᠡᠷ ᠢ᠋ᠶ᠋ᠡᠨ ᠡᠬᠡ ᠪᠣᠯᠤᠭᠰᠠᠨ ᠵᠢᠷᠭᠤᠭᠠᠨ ᠵᠦᠢᠯ ᠦ᠋ᠨ ᠬᠠᠮᠤᠭ ᠠᠮᠢᠲᠠᠨ ᠤ᠋ ᠲᠤᠰᠠ ᠶ᠋ᠢᠨ ᠲᠥᠯᠥᠭᠡ ᠁》 ᠭᠡᠵᠦ ᠰᠠᠩᠵᠢ ᠭᠡᠰᠦᠯ ᠪᠢᠰᠢᠯᠭᠠᠨ ᠪᠣᠳᠣᠯ᠎ᠠ᠃ 
      ᠯᠠᠮᠠ ᠨᠠᠷ ᠰᠦᠮ᠎ᠡ ᠳ᠋ᠡᠭᠡᠨ ᠣᠷᠣᠵᠤ ᠶᠠᠭᠤᠨ ᠤ᠋ ᠲᠦᠷᠦᠭᠦᠨ ᠬᠦᠷᠳᠦᠨ ᠨᠦ᠍ᠭᠦᠳ ᠢ᠋ ᠡᠷᠭᠢᠭᠦᠯᠬᠦ ᠪᠡᠷ ᠡᠳᠦᠷ ᠦ᠋ᠨ ᠢ᠋ᠶ᠋ᠡᠨ ᠠᠵᠢᠯ ᠢ᠋ ᠡᠬᠢᠯᠡᠪᠡ᠃ ᠵᠢᠷᠭᠤᠭᠠᠨ ᠲᠠᠯ᠎ᠠ ᠲᠠᠢ᠂ ᠲᠠᠯ᠎ᠠ ᠪᠦᠷᠢ ᠶ᠋ᠢ ᠨᠢ ᠴᠠᠭᠠᠨ᠂ ᠨᠣᠭᠣᠭᠠᠨ᠂ ᠰᠢᠷ᠎ᠠ᠂ ᠬᠠᠷ᠎ᠠ᠂ ᠤᠯᠠᠭᠠᠨ᠂ ᠬᠥᠬᠡ ᠵᠢᠷᠭᠤᠭᠠᠨ ᠥᠭᠡᠷ᠎ᠡ ᠥᠩᠭᠡ ᠪᠡᠷ ᠪᠣᠳᠣᠭᠰᠠᠨ ᠬᠦᠷᠳᠦᠨ ᠨᠦᠭᠦᠳ ᠡᠩᠨᠡᠨ ᠢᠷᠠᠢᠵᠤ ᠪᠠᠢᠯ᠎ᠠ᠃ ᠭᠣᠣᠯ ᠳᠡᠭᠡᠷ᠎ᠡ ᠪᠡᠨ ᠡᠷᠭᠢᠯᠳᠦᠳᠡᠭ  ᠵᠢᠷᠭᠤᠭᠠᠨ ᠲᠠᠯᠠᠲᠤ ᠬᠦᠷᠳᠦ ᠢ᠋ ᠬᠤᠸᠠᠷᠠᠭ ᠤ᠋ᠳ ᠨᠠᠷᠠ ᠵᠥᠪ  ᠡᠷᠭᠢᠭᠦᠯᠵᠡᠭᠡᠵᠦ ᠬᠣᠢᠨ᠎ᠠ ᠬᠣᠢᠨ᠎ᠠ ᠠ᠋ᠴᠠ ᠪᠠᠨ ᠴᠤᠪᠤᠷᠠᠨ ᠶᠠᠪᠤᠵᠤ ᠰᠤᠷᠴᠠᠢ ᠁  ᠵᠢᠷᠭᠤᠭᠠᠨ ᠲᠠᠯ᠎ᠠ᠂ ᠵᠢᠷᠭᠤᠭᠠᠨ ᠥᠩᠭᠡ ᠨᠢ ᠮᠥᠨ ᠯᠡ ᠡᠬᠡ ᠪᠣᠯᠤᠭᠰᠠᠨ ᠵᠢᠷᠭᠤᠭᠠᠨ ᠵᠦᠢᠯ ᠦ᠋ᠨ ᠁ ᠬᠠᠮᠤᠭ ᠠᠮᠢᠲᠠᠨ ᠢ᠋ ᠲᠥᠯᠥᠭᠡᠯᠡᠭᠰᠡᠨ ᠠᠵᠢ᠃ ᠬᠦᠷᠳᠦᠨ ᠦ᠌ ᠳᠣᠲᠣᠷ᠎ᠠ ᠭᠣᠣᠯ ᠢ᠋ ᠨᠢ ᠵᠢᠷᠭᠤᠭᠠᠨ ᠁ ᠦᠰᠦᠭ ᠮᠠᠨᠢ ᠶ᠋ᠢ ᠬᠡᠳᠦᠨ ᠲᠦᠮᠡ ᠳᠠᠬᠢᠨ ᠪᠢᠴᠢᠭᠰᠡᠨ ᠴᠠᠭᠠᠰᠤ ᠪᠠᠷ ᠣᠷᠢᠶᠠᠭᠰᠠᠨ ᠪᠠᠢᠭ᠎ᠠ᠃  ᠬᠦᠷᠳᠦ ᠢ᠋ ᠡᠷᠭᠢᠭᠦᠯᠬᠦ ᠪᠦᠷᠢ ᠳ᠋ᠦ᠍ ᠲᠡᠷᠡ ᠬᠦ᠌ ᠮᠡᠭᠵᠡᠮ᠂ ᠵᠢᠷᠭᠤᠭᠠᠨ ᠦᠰᠦᠭ ᠮᠠᠨᠢ ᠶ᠋ᠢ ᠤᠩᠰᠢᠭᠰᠠᠨ ᠲᠠᠢ ᠠᠳᠠᠯᠢ ᠭᠡᠵᠦ ᠯᠠᠮᠠ ᠨᠠᠷ ᠪᠣᠳᠣᠳᠠᠭ ᠲᠤᠯᠠ ᠠᠯᠢ ᠪᠣᠯᠬᠤ ᠣᠯᠠᠨ ᠳᠠᠬᠢᠨ ᠡᠷᠭᠢᠭᠦᠯᠪᠡᠯ ᠮᠠᠨᠢ ᠶ᠋ᠢ ᠲᠡᠳᠦᠢ ᠴᠢᠨᠡᠭᠡᠨ ᠣᠯᠠᠨ ᠤᠳᠠᠭ᠎ᠠ ᠤᠩᠰᠢᠭᠰᠠᠨ ᠳᠤ ᠲᠣᠭᠠᠴᠠᠭᠳᠠᠨ᠎ᠠ᠃ 
      ᠭᠡᠪᠡᠴᠦ ᠰᠦᠮ᠎ᠡ ᠳ᠋ᠦ᠍ ᠱᠠᠪᠢᠯᠠᠨ ᠰᠠᠭᠤᠭᠴᠢᠳ ᠤ᠋ᠨ ᠬᠤᠪᠢ ᠳ᠋ᠤ᠌ ᠨᠣᠮ ᠤ᠋ᠨ ᠦᠰᠦᠭ ᠢ᠋ ᠬᠦᠷᠳᠦ ᠪᠡᠷ ᠳᠠᠮᠵᠢᠭᠤᠯᠤᠨ ᠤᠩᠰᠢᠭᠰᠠᠨ ᠪᠣᠯᠬᠤ ᠪᠢᠰᠢ ᠬᠠᠷᠢᠨ ᠠᠮᠠ ᠪᠠᠷ ᠢ᠋ᠶ᠋ᠠᠨ ᠰᠢᠭᠤᠳ ᠤᠩᠰᠢᠬᠤ ᠶᠣᠰᠣᠲᠠᠢ ᠪᠢᠯᠡ᠃ ᠥᠭᠡᠷ᠎ᠡ ᠬᠢᠬᠦ ᠠᠵᠢᠯ ᠰᠦᠮ᠎ᠡ ᠳ᠋ᠦ᠍ ᠪᠠᠢᠬᠤ ᠦᠭᠡᠢ᠃ ᠥᠷᠯᠥᠭᠡ ᠡᠴᠡ ᠦᠳᠡᠰᠢ ᠶ᠋ᠢ ᠬᠦᠷᠲᠡᠯ᠎ᠡ ᠪᠤᠷᠬᠠᠨ ᠤ᠋ ᠨᠣᠮ ᠢ ᠳᠦᠩᠭᠢᠨᠡᠲᠡᠯ᠎ᠡ ᠤᠩᠰᠢᠵᠤ ᠥᠩᠭᠡᠷᠡᠭᠡᠨ᠎ᠡ᠃ ᠴᠠᠭ ᠡᠳᠦᠷ ᠢ᠋ᠶ᠋ᠡᠷ ᠬᠡᠮᠵᠢᠳᠡᠭ ᠪᠤᠷᠬᠠᠨ ᠱᠠᠰᠢᠨ ᠤ ᠵᠠᠩ ᠦᠢᠯᠡ ᠡᠴᠡ ᠪᠤᠰᠤᠳ ᠦᠶ᠎ᠡ ᠳ᠋ᠦ᠍ ᠵᠠᠪᠳᠤᠩ ᠳᠡᠭᠡᠷ᠎ᠡ ᠪᠡᠨ ᠵᠠᠪᠢᠯᠠᠨ ᠰᠠᠭᠤᠵᠤ᠂ ᠲᠡᠷᠲᠡᠭᠡ ᠡᠷᠲᠡ ᠴᠠᠭ ᠲᠤ ᠲᠣᠭᠲᠠᠭᠠᠭᠰᠠᠨ ᠵᠠᠢᠭ ᠶᠣᠰᠣᠭᠠᠷ ᠪᠤᠷᠬᠠᠨ ᠤ᠋ ᠨᠣᠮ ᠢ᠋ ᠡᠭᠡᠯᠵᠢ ᠳᠠᠷᠠᠭᠠᠯᠠᠨ ᠤᠩᠰᠢᠨ᠎ᠠ᠃  ᠲᠡᠢᠨ ᠬᠦ᠌ ᠤᠯᠠᠨ ᠡᠳᠦᠷ ᠵᠢᠯ ᠢ᠋ᠶ᠋ᠡᠷ ᠤᠩᠰᠢᠭᠰᠠᠭᠠᠷ ᠪᠠᠢᠭᠠᠳ ᠴᠡᠭᠡᠵᠢᠯᠡᠵᠦ᠂ ᠪᠦᠷ ᠰᠡᠭᠦᠯ ᠳ᠋ᠡᠭᠡᠨ ᠡᠪᠰᠢᠶᠡᠬᠦ ᠲᠡᠢ ᠠᠳᠠᠯᠢ ᠶᠡᠷᠦ ᠶ᠋ᠢᠨ ᠬᠡᠷᠡᠭ ᠪᠢᠰᠢ ᠪᠣᠯᠵᠤ ᠬᠤᠪᠢᠷᠠᠭᠠᠳ ᠨᠠᠰᠤᠨ ᠤ᠋ ᠲᠣᠭ᠎ᠠ ᠨᠡᠮᠡᠬᠦ ᠲᠣᠰᠤᠮ ᠤᠯᠠᠮ ᠳᠣᠭᠰᠢᠷᠠᠵᠤ᠂ ᠬᠣᠭᠣᠯᠠᠢ ᠨᠢ ᠴᠦ᠍ ᠪᠠᠰᠠ ᠡᠪᠳᠡᠷᠡᠳᠡᠭ ᠠᠵᠢ᠃ ᠪᠦᠬᠦ ᠯᠡ ᠨᠠᠰᠤ ᠪᠠᠷ ᠢ᠋ᠶ᠋ᠠᠨ ᠵᠠᠪᠳᠤᠩ ᠳᠡᠭᠡᠷᠡᠬᠢ ᠣᠯᠪᠣᠭ ᠢ᠋ᠶ᠋ᠠᠨ ᠡᠯᠡᠭᠡᠵᠦ ᠨᠢᠭᠡᠨ ᠲᠥᠷᠥᠯ ᠦ᠋ᠨ ᠤᠩᠰᠢᠯᠭ᠎ᠠ ᠦᠢᠯᠡᠳᠦᠭᠡᠳ ᠪᠡᠶ᠎ᠡ ᠨᠢ ᠬᠦᠨᠳᠦᠷᠡᠵᠦ᠂ ᠲᠣᠯᠣᠭᠠᠢ ᠨᠢ ᠬᠠᠯᠴᠠᠷᠠᠵᠤ᠂ ᠬᠣᠭᠣᠯᠠᠢ ᠨᠢ ᠫᠠᠷᠵᠢᠭᠢᠨᠠᠭᠰᠠᠨ ᠬᠥᠭᠰᠢᠨ ᠯᠠᠮᠠ ᠨᠠᠷ ᠤ᠋ᠨ ᠠᠷᠤ ᠪᠠᠷ ᠮᠥᠨ ᠯᠡ ᠲᠡᠢᠮᠦ ᠪᠣᠯᠬᠤ ᠢᠷᠡᠭᠡᠳᠦᠢ ᠤᠷᠤᠭᠤ ᠵᠦᠭᠯᠡᠭᠰᠡᠨ ᠵᠠᠯᠠᠭᠤ ᠪᠠᠨᠳᠢ᠂ ᠬᠤᠸᠠᠷᠠᠭ ᠤᠳ ᠰᠠᠭᠤᠨ᠎ᠠ᠃ ᠲᠡᠳᠡ ᠨᠠᠷ ᠣᠢ ᠤᠬᠠᠭᠠᠨ ᠨᠢ ᠰᠡᠷᠭᠦᠯᠡᠩ ᠦᠶ᠎ᠡ  ᠪᠤᠷᠬᠠᠨ ᠤ᠋ ᠨᠣᠮ ᠢ᠋ ᠰᠠᠢᠬᠠᠨ ᠴᠡᠭᠡᠵᠢᠯᠡᠬᠦ ᠪᠣᠯᠪᠠᠴᠤ ᠰᠡᠭᠦᠯ ᠳ᠋ᠡᠭᠡᠨ ᠣᠯᠢᠭ ᠪᠣᠯᠵᠤ᠂ ᠤᠳᠬ᠎ᠠ ᠶᠢ ᠨᠢ ᠴᠦ᠍ ᠲᠡᠳᠦᠢ ᠯᠡ ᠰᠣᠨᠢᠷᠬᠠᠨ ᠪᠢᠰᠢᠯᠭᠠᠯ ᠦᠭᠡᠢ ᠪᠡᠷ ᠨᠣᠮ ᠰᠤᠳᠤᠷ ᠤ᠋ᠨ ᠦᠭᠡ ᠶ᠋ᠢ ᠠᠮᠠᠨ ᠠ᠋ᠴᠠ ᠪᠠᠨ ᠠᠶᠠᠨᠳᠠᠭᠠᠨ ᠤᠷᠤᠰᠬᠠᠳᠠᠭ ᠪᠣᠯᠤᠨ᠎ᠠ᠃ ᠵᠥᠪᠬᠡᠨ 《ᠵᠠᠳᠠᠮᠪᠠ》 ᠰᠤᠳᠤᠷ ᠭᠡᠬᠦ ᠳ᠋ᠦ᠍ ᠯᠡ ᠨᠠᠢ᠍ᠮᠠᠨ ᠮᠢᠩᠭᠠᠨ ᠱᠠᠳ ᠰᠢᠯᠦᠭ ᠪᠣᠢ᠃ ᠲᠡᠷᠡ ᠶ᠋ᠢ ᠱᠠᠲᠤ ᠱᠠᠲᠤ ᠪᠠᠷ ᠨᠢ ᠴᠡᠭᠡᠵᠢᠨ ᠳ᠋ᠡᠭᠡᠨ ᠪᠠᠭᠲᠠᠭᠠᠨ᠎ᠠ᠃ ᠭᠡᠬᠦ ᠳ᠋ᠡᠭᠡᠨ ᠡᠬᠢᠨ ᠡᠴᠡ ᠨᠢ ᠠᠪᠤᠭᠠᠳ ᠳᠡᠰ ᠳᠠᠷᠠᠭᠠᠯᠠᠨ ᠤᠩᠰᠢᠪᠠᠯ ᠪᠦᠭᠦᠳᠡ ᠶ᠋ᠢ ᠬᠡᠯᠡᠵᠦ ᠴᠢᠳᠠᠨ᠎ᠠ᠃ ᠳᠤᠮᠳᠠ ᠠ᠋ᠴᠠ ᠨᠢ ᠡᠬᠢᠯᠡᠬᠦ ᠭᠡᠪᠡᠯ ᠲᠦᠭᠳᠡᠷᠡᠨ ᠪᠠᠵᠢᠭᠳᠠᠬᠤ ᠲᠣᠬᠢᠶᠠᠯᠳᠤᠯ ᠶᠡᠬᠡᠩᠬᠢ ᠯᠠᠮᠠ ᠳ᠋ᠤ᠌ ᠤᠴᠠᠷᠠᠨ᠎ᠠ᠃  ᠰᠠᠩᠵᠢ ᠣᠳᠣ ᠪᠠᠷ ᠣᠶᠤᠨ ᠰᠡᠷᠭᠦᠯᠡᠩ᠂ ᠶᠠᠭᠤᠮᠠᠨ ᠳ᠋ᠤ᠌ ᠰᠣᠨᠢᠭᠤᠴᠢ ᠶ᠋ᠢᠨ ᠡᠷᠬᠡ ᠪᠡᠷ ᠶᠠᠭᠤ ᠯᠠ ᠱᠠᠭᠠᠷᠳᠠᠭᠳᠠᠨ᠎ᠠ ᠪᠣᠢ ᠳᠡᠷᠡ  ᠶᠢ ᠴᠥᠮ ᠢ ᠴᠡᠭᠡᠵᠢᠯᠡᠵᠦ᠂ ᠪᠠᠰᠠ ᠤᠳᠬ᠎ᠠ ᠶ᠋ᠢ ᠨᠢ ᠣᠢᠯᠠᠭᠠᠬᠤ ᠶ᠋ᠢ ᠡᠭᠡᠷᠡᠨ᠎ᠡ᠃ ᠨᠣᠮ ᠤ᠋ᠨ ᠦᠭᠡ ᠡᠷᠲᠡᠨ ᠦ ᠭᠠᠷᠤᠯ ᠲᠠᠢ ᠲᠤᠯᠠ ᠵᠠᠷᠢᠮ ᠳ᠋ᠠᠭᠠᠨ ᠯᠠᠮ᠎ᠠ ᠪᠠᠭᠰᠢ ᠴᠤ᠌ ᠥᠪᠡᠷ ᠢ᠋ᠶ᠋ᠡᠨ ᠲᠠᠢᠯᠪᠤᠷᠢᠯᠠᠵᠤ ᠴᠢᠳᠠᠬᠤ ᠦᠭᠡᠢ ᠶᠠᠭᠤᠮ᠎ᠠ ᠳᠠᠭᠠᠷᠢᠯᠳᠤᠳᠠᠭ ᠢ᠋ ᠰᠠᠩᠵᠢ ᠣᠯᠠᠨ ᠤᠳᠠᠭ᠎ᠠ ᠠᠵᠢᠭᠯᠠᠪᠠ᠃《ᠪᠤᠷᠬᠠᠨ ᠤ᠋ ᠨᠣᠮ ᠭᠦᠨᠵᠡᠭᠡᠢ ᠲᠤᠯᠠ ᠢᠷᠤᠭᠠᠷ ᠲᠤ᠌ ᠨᠢ ᠬᠦᠷᠬᠦ ᠬᠥᠮᠦᠨ ᠦᠭᠡᠢ》 ᠭᠡᠵᠦ ᠪᠠᠭᠰᠢ ᠨᠢ ᠲᠡᠢᠮᠦ ᠦᠶ᠎ᠡ ᠳ᠋ᠦ᠍ ᠰᠤᠷᠭᠠᠨ᠎ᠠ᠃ ᠡᠷᠳᠡᠮ ᠳᠦ ᠣᠷᠣᠢ ᠦᠭᠡᠢ᠂ ᠳᠠᠯᠠᠢ ᠳ᠋ᠤ᠌ ᠢᠷᠣᠭᠠᠷ ᠦᠭᠡᠢ ᠭᠡᠳᠡᠭ ᠪᠢᠯᠡ᠃
      – ᠠᠷᠪᠠᠨ ᠬᠣᠶᠠᠷ ᠵᠢᠯ ᠦ᠋ᠨ ᠲᠣᠷᠰᠢ ᠣᠷᠣᠭᠰᠠᠨ ᠬᠤᠷ᠎ᠠ ᠪᠣᠷᠣᠭ᠎ᠠ ᠶ᠋ᠢ ᠲᠣᠭᠠᠯᠠᠵᠤ ᠪᠣᠯᠤᠨ᠎ᠠ᠃ ᠭᠡᠪᠡᠴᠦ ᠵᠢᠷᠭᠤᠭᠠᠨ ᠦᠰᠦᠭ ᠮᠠᠨᠢ ᠠ᠋ᠴᠠ ᠨᠢᠭᠡᠨ ᠦ᠌ ᠬᠢ ᠨᠢ ᠴᠦ᠍ ᠠᠴᠢ ᠲᠤᠰᠠ ᠶ᠋ᠢ ᠲᠣᠭᠠᠯᠠᠬᠤᠶ᠎ᠠ ᠪᠡᠷᠬᠡ! ᠭᠡᠵᠦ ᠯᠠᠮᠠ ᠨᠠᠷ ᠱᠠᠪᠢ ᠳᠠᠭᠠᠨ ᠵᠢᠭᠠᠨ ᠨᠣᠮᠯᠠᠳᠠᠭ ᠪᠣᠯᠠᠢ᠃ 
       ᠥᠷᠯᠥᠭᠡ ᠪᠣᠰᠤᠭᠠᠳ ᠤᠮᠳᠠ ᠬᠣᠭᠣᠯᠠ ᠶᠤᠮ ᠤᠤ᠂ ᠬᠥᠮᠦᠨ ᠲᠡᠢ ᠠᠭᠤᠯᠵᠠᠭᠠᠳ ᠠᠮᠤᠷ ᠢ᠋ ᠨᠢ ᠠᠰᠠᠭᠤᠬᠤ ᠶ᠋ᠢᠨ ᠨᠢᠭᠡᠨ ᠠᠳᠠᠯᠢ ᠪᠠᠲᠤ ᠵᠠᠩᠰᠢᠯ ᠪᠣᠯᠤᠭᠰᠠᠨ ᠮᠠᠨᠢ ᠪᠠᠨ ᠤᠩᠰᠢᠵᠤ᠂ ᠬᠦᠷᠳᠦ ᠪᠡᠨ ᠡᠷᠭᠢᠭᠦᠯᠦᠮᠡᠭᠴᠡ ᠯᠠᠮᠠ ᠨᠠᠷ ᠵᠢᠩᠳᠠᠭᠠᠨ ᠳ᠋ᠠᠭᠠᠨ᠂ ᠰᠢᠷᠡᠭᠡᠲᠦ ᠯᠠᠮᠠ ᠰᠢᠷᠡᠭᠡᠨ ᠳ᠋ᠡᠭᠡᠨ ᠵᠠᠯᠠᠷᠠᠨ ᠰᠠᠭᠤᠵᠠᠭᠠᠯ᠎ᠠ᠃ ᠲᠡᠳᠡᠨ ᠦ᠌ ᠡᠭᠡᠯᠵᠢᠲᠦ ᠰᠠᠭᠤᠭ᠎ᠠ ᠠᠯᠪᠠ ᠡᠬᠢᠯᠡᠪᠡ᠃ ᠰᠢᠷᠡᠭᠡᠲᠦ ᠯᠠᠮᠠ ᠲᠠᠬᠢᠯ ᠤ᠋ᠨ ᠡᠮᠦᠨ᠎ᠡ ᠪᠥᠬᠥᠯᠵᠡᠨ ᠮᠥᠷᠭᠥᠭᠡᠳ ᠬᠣᠶᠠᠷ ᠰᠣᠢᠪᠤᠩ ᠤ᠋ᠨ ᠳᠡᠮᠵᠢᠯᠭᠡ ᠲᠤᠰᠠᠯᠠᠯᠴᠠᠭ᠎ᠠ ᠪᠠᠷ ᠠᠷᠰᠯᠠᠨᠳ᠋ᠤ᠌ ᠰᠢᠷᠡᠭᠡᠨ ᠳ᠋ᠡᠭᠡᠨ ᠵᠠᠯᠠᠷᠠᠨ ᠰᠠᠭᠤᠭᠰᠠᠨ ᠤ ᠬᠤᠢᠨ᠎ᠠ ᠯᠠᠮᠠ ᠨᠠᠷ ᠰᠢᠷᠡᠭᠡᠲᠦ ᠶ᠋ᠢᠨ ᠡᠮᠦᠨ᠎ᠡ ᠣᠴᠢᠵᠤ ᠠᠯᠠᠭ᠎ᠠ ᠬᠠᠪᠰᠤᠷᠤᠨ ᠪᠥᠬᠥᠢᠨ ᠵᠣᠭᠰᠣᠯ᠎ᠠ᠃ ᠰᠢᠷᠡᠭᠡᠲᠦ ᠯᠠᠮᠠ ᠭᠤᠷᠪᠠᠨ ᠡᠷᠳᠡᠨᠢ ᠶ᠋ᠢᠨ ᠨᠣᠮ ᠪᠤᠶᠤ ᠭᠤᠰᠤᠮᠤᠲᠤᠭ ᠭᠡᠳᠡᠭ ᠪᠢᠴᠢᠬᠠᠨ ᠰᠤᠳᠤᠷ ᠢ᠋ᠶ᠋ᠠᠷ ᠯᠠᠮᠠ ᠪᠦᠷᠢ ᠶ᠋ᠢᠨ ᠲᠡᠷᠢᠭᠦᠨ ᠳ᠋ᠦ᠍ ᠬᠦᠷᠭᠡᠨ ᠠᠳᠢᠰ ᠥᠭ᠍ᠭᠦᠯ᠎ᠡ᠃ ᠠᠳᠢᠰ ᠠᠪᠤᠮᠠᠭᠴᠠ ᠲᠡᠳᠡ ᠡᠷᠭᠢᠵᠦ ᠵᠠᠪᠳᠤᠩ ᠳ᠋ᠠᠭᠠᠨ ᠰᠠᠭᠤᠵᠠᠭᠠᠪᠠ᠃ 
      ᠣᠩᠵᠠᠳ ᠡᠬᠢᠯᠡᠨ ᠫᠠᠷᠵᠢᠭᠢᠨᠠᠭᠰᠠᠨ ᠪᠦᠳᠦᠭᠦᠨ ᠬᠣᠭᠣᠯᠠᠢ ᠪᠠᠷ ᠨᠣᠮ ᠤ᠋ᠨ ᠲᠦᠯᠬᠢᠭᠦᠷ ᠤᠩᠰᠢᠵᠤ ᠡᠬᠢᠯᠡᠬᠦ ᠳ᠋ᠦ᠍ ᠪᠤᠰᠤᠳ ᠨᠢ ᠳᠠᠭᠤ ᠪᠠᠨ ᠠᠪᠤᠯᠴᠠᠨ ᠵᠠᠯᠭᠠᠵᠤ ᠦᠷᠭᠦᠯᠵᠢᠯᠡᠭᠦᠯᠦᠯ᠎ᠡ᠃ ᠥᠴᠥᠭᠡᠳᠦᠷ ᠭᠡᠰᠦᠯ ᠰᠠᠩᠵᠢ ᠪᠠᠭᠰᠢ ᠭᠡᠯᠦᠩ ᠲᠡᠢ ᠪᠡᠨ ᠨᠣᠮ ᠤ᠋ᠨ ᠲᠦᠯᠬᠢᠭᠦᠷ ᠬᠠᠮᠲᠤᠷᠠᠨ ᠤᠩᠰᠢᠭᠰᠠᠨ ᠢᠶᠠᠨ ᠳᠤᠷᠠᠰᠤᠨ ᠪᠣᠳᠣᠯ᠎ᠠ᠃ ᠰᠡᠳᠬᠢᠯ ᠨᠢ ᠵᠣᠪᠠᠭᠤᠷᠢᠯᠠᠪᠠ᠃ ᠭᠡᠪᠡᠴᠦ ᠪᠠᠭᠰᠢ ᠭᠡᠯᠦᠩ ᠨᠢ ᠥᠪᠡᠷ ᠦ᠋ᠨ ᠢᠶᠡᠨ ᠬᠣᠢᠨ᠎ᠠ ᠠ᠋ᠴᠠ ᠳᠠᠩᠰᠠᠯᠠᠵᠤ ᠪᠣᠯᠬᠤ ᠦᠭᠡᠢ ᠭᠡᠵᠦ ᠵᠠᠬᠢᠭᠰᠠᠨ ᠢ᠋ ᠰᠠᠨᠠᠯ᠎ᠠ᠃ ᠡᠷᠬᠡ ᠳᠣᠭᠰᠢᠨ ᠪᠤᠷᠬᠠᠳ ᠲᠤ᠌ ᠶᠣᠰᠣᠯᠠᠯ ᠦᠢᠯᠡᠳᠬᠦ ᠪᠡᠷ ᠵᠢᠩᠳᠠᠭᠠᠨ ᠤ ᠨᠥᠬᠥᠳ ᠬᠣᠶᠠᠷ ᠬᠡᠰᠡᠭ ᠪᠣᠯᠵᠤ ᠵᠠᠷᠢᠮ ᠨᠢ ᠳᠡᠭᠡᠳᠦ ᠭᠣᠩᠬᠣᠨ ᠳ᠋ᠤ᠌᠂ ᠵᠠᠷᠢᠮ ᠨᠢ ᠬᠠᠵᠠᠭᠤ ᠶ᠋ᠢᠨ ᠳᠥᠷᠪᠡᠨ ᠦᠨᠳᠦᠰᠦᠨ ᠦ᠌ ᠰᠦᠮ᠎ᠡ ᠳ᠋ᠦ᠍ ᠣᠷᠣᠵᠠᠭᠠᠯ᠎ᠠ᠃ ᠰᠠᠩᠵᠢ ᠬᠠᠷᠠᠩᠭ᠎ᠠ ᠶ᠋ᠢᠨ ᠬᠤᠷᠠᠯ ᠳ᠋ᠤ᠌ ᠬᠤᠷᠠᠬᠤ ᠲᠤᠯᠠ ᠰᠠᠭᠤᠭᠠᠳ ᠦᠯᠡᠳᠡᠪᠡ᠃
      – ᠥᠭᠯᠢᠭᠡ ᠶ᠋ᠢᠨ ᠡᠵᠡᠨ ᠭᠡᠯᠦᠩ ᠴᠤᠢᠮᠴᠤᠭ ᠁ ᠭᠡᠵᠦ ᠭᠡᠨᠡᠳᠲᠡ ᠳᠤᠭᠠᠩ ᠳᠣᠲᠣᠷ᠎ᠠ ᠵᠠᠷᠯᠠᠬᠤ ᠳ᠋ᠤ᠌ ᠰᠠᠩᠵᠢ ᠬᠡᠷᠳ᠋ᠬᠢᠨ ᠴᠣᠴᠢᠵᠤ᠂ ᠪᠡᠶ᠎ᠡ ᠨᠢ ᠴᠡᠴᠡᠷᠡᠪᠡ᠃
      – ᠥᠭᠯᠢᠭᠡ ᠶ᠋ᠢᠨ ᠡᠵᠡᠨ ᠭᠡᠯᠦᠩ ᠴᠤᠢᠮᠴᠤᠭ ᠮᠠᠩᠵᠠ ᠪᠠᠷᠢᠵᠤ᠂ ᠮᠥᠩᠭᠥ ᠡᠷᠭᠦᠵᠦ ᠥᠭ᠍ᠭᠦᠯ᠎ᠡ᠂ ᠣᠷᠣᠢ ᠶᠢᠨ ᠢᠷᠦᠭᠡᠯ ᠭᠤᠶᠤᠭᠰᠠᠨ ᠶᠤᠮ᠃ ᠲᠡᠷᠡ ᠶᠣᠰᠣᠭᠠᠷ ᠢᠷᠦᠭᠡᠯ ᠠᠪᠬᠠᠭᠤᠯᠤᠶ᠎ᠠ ᠭᠡᠵᠦ ᠭᠡᠰᠬᠦᠢ ᠯᠠᠮᠠ ᠨᠡᠢᠲᠡ ᠳᠦ ᠰᠣᠨᠣᠰᠤᠭᠳᠠᠬᠤ ᠪᠠᠷ ᠳᠠᠬᠢᠨ ᠵᠠᠷᠯᠠᠪᠠ ᠃《ᠬᠥᠭᠡᠷᠦᠬᠦᠢ ᠪᠠᠭᠰᠢ ᠮᠠᠨᠢ ᠢᠷᠦᠭᠡᠯ ᠵᠠᠬᠢᠶᠠᠯᠠᠵᠤ ᠳᠠ᠃ ᠥᠭᠡᠷ᠎ᠡ ᠬᠡᠨ ᠨᠢ ᠵᠠᠬᠢᠬᠤ ᠪᠢᠯᠡ》 ᠭᠡᠵᠦ ᠰᠠᠩᠵᠢ ᠭᠡᠰᠦᠯ ᠭᠠᠩᠰᠠᠷᠠᠨ ᠪᠣᠳᠣᠯ᠎ᠠ᠃ ᠵᠤᠯᠠ ᠶ᠋ᠢᠨ ᠭᠣᠣᠯ ᠪᠣᠯᠵᠤ ᠬᠣᠷᠸ᠎ᠠ ᠶ᠋ᠢ ᠣᠷᠬᠢᠭᠰᠠᠨ ᠪᠠᠭᠰᠢ ᠭᠡᠯᠦᠩ ᠨᠢ ᠶᠡᠬᠡᠩᠬᠢ ᠯᠠᠮᠠ ᠨᠠᠷ ᠤ᠋ᠨ ᠨᠢᠭᠡᠨ ᠠᠳᠠᠯᠢ ᠭᠠᠪ ᠭᠠᠭᠴᠠᠭᠠᠷ ᠠᠮᠢᠳᠤᠷᠠᠳᠠᠭ᠂ ᠰᠠᠳᠤᠨ ᠲᠥᠷᠥᠯ ᠭᠡᠬᠦ ᠶᠠᠭᠤᠮ᠎ᠠ ᠦᠭᠡᠢ ᠬᠥᠮᠦᠨ ᠪᠠᠢᠯ᠎ᠠ᠃《ᠵᠢᠯ ᠪᠦᠷᠢ ᠶᠢᠨ ᠡᠨᠡ ᠡᠳᠦᠷ ᠪᠠᠭᠰᠢᠲᠠᠨ ᠳ᠋ᠠᠭᠠᠨ ᠵᠣᠷᠢᠭᠤᠯᠵᠤ ᠢᠷᠦᠭᠡᠯ ᠦ᠋ᠨ ᠬᠤᠷᠠᠯ ᠵᠠᠬᠢᠶᠠᠯᠠᠵᠤ ᠪᠠᠢᠶ᠎ᠠ》 ᠭᠡᠵᠦ ᠰᠠᠩᠵᠢ ᠭᠡᠰᠦᠯ ᠳᠣᠲᠣᠷ᠎ᠠ ᠪᠠᠨ ᠪᠣᠳᠣᠭᠠᠳ ᠶᠡᠬᠡ ᠴᠢᠩᠭ᠎ᠠ ᠳᠠᠭᠤ ᠪᠠᠷ ᠮᠠᠨᠢ ᠲᠠᠲᠠᠵᠤ ᠡᠬᠢᠯᠡᠲᠡᠯ᠎ᠡ ᠬᠠᠵᠠᠭᠤ ᠶ᠋ᠢᠨ ᠯᠠᠮᠠ ᠶᠣᠪᠣᠷᠴᠤ ᠳᠠᠭᠤ ᠶ᠋ᠢ ᠨᠢ ᠨᠠᠮᠰᠠᠭᠠᠪᠠ᠃
      《ᠥᠨᠥᠳᠥᠷ ᠦ᠋ᠨ ᠪᠦᠬᠦ ᠬᠤᠷᠠᠯ ᠵᠠᠩ ᠦᠢᠯᠡ ᠶ᠋ᠢ ᠡᠷᠬᠢᠮ ᠪᠠᠭᠰᠢ ᠳ᠋ᠠᠭᠠᠨ ᠵᠣᠷᠢᠭᠤᠯᠤᠰᠤᠭᠠᠢ᠃ ᠪᠤᠷᠬᠠᠨ ᠤ᠋ ᠦᠢᠯᠡᠰ ᠦ᠋ᠨ ᠲᠥᠯᠥᠭᠡ ᠲᠡᠢᠮᠦ ᠪᠠᠭᠠᠲᠤᠷᠯᠢᠭ ᠢ᠋ᠶ᠋ᠠᠷ ᠠᠮᠢ ᠪᠡᠶ᠎ᠡ ᠪᠡᠨ ᠵᠣᠷᠢᠭᠤᠯᠤᠭᠰᠠᠨ ᠨᠢ ᠶᠠᠭᠤᠲᠠᠢ ᠪᠢᠰᠢᠷᠡᠯᠲᠡᠢ ᠪᠢᠯᠡ᠃ ᠨᠠᠳᠠ ᠠ᠋ᠴᠠ ᠯᠠ ᠯᠠᠪ ᠲᠡᠢᠮᠦ ᠶᠡᠬᠡ ᠵᠣᠷᠢᠭ ᠰᠢᠯᠤᠭᠤᠳᠤᠭᠰᠠᠨ ᠢᠲᠡᠭᠡᠯ ᠭᠠᠷᠬᠤ ᠦᠭᠡᠢ ᠪᠠᠢᠬ᠎ᠠ᠃ ᠪᠤᠷᠬᠠᠨ ᠤ᠋ ᠱᠠᠪᠢ ᠶᠢᠨ ᠳᠡᠭᠡᠳᠦ ᠶ᠋ᠢᠨ ᠳᠡᠭᠡᠳᠦ ᠦᠢᠯᠡ ᠯᠠᠪ ᠲᠡᠷᠡ ᠮᠥᠨ᠃ ᠪᠢ ᠬᠡᠷᠪᠡ ᠡᠷᠳᠡᠮ ᠨᠣᠮ ᠢ᠋ᠶ᠋ᠠᠨ ᠲᠤᠢᠯ ᠳ᠋ᠤ᠌ ᠨᠢ ᠬᠦᠷᠭᠡᠵᠦ ᠴᠢᠳᠠᠪᠠᠯ ᠪᠠᠭᠰᠢ ᠶ᠋ᠢᠨ ᠨᠠᠰᠤᠨ ᠳᠡᠭᠡᠷ᠎ᠡ ᠪᠠᠭᠰᠢ ᠶ᠋ᠢᠨ ᠵᠠᠮ ᠢ᠋ᠶ᠋ᠠᠷ ᠣᠷᠣᠬᠤ  ᠳ᠋ᠤ᠌ᠨᠢ ᠴᠦ᠍ ᠶᠠᠭᠤ ᠨᠢ ᠪᠣᠯᠬᠤ ᠦᠭᠡᠢ ᠪᠢᠯᠡ᠃ ᠪᠤᠷᠬᠠᠨ ᠤ᠋ ᠦᠨᠡᠨᠴᠢ ᠱᠠᠪᠢ ᠲᠡᠢᠮᠦ ᠪᠡᠷ ᠬᠣᠷᠸ᠎ᠠ ᠶ᠋ᠢ ᠣᠷᠬᠢᠳᠠᠭ ᠨᠢ ᠣᠯᠳᠠᠰᠢ ᠦᠭᠡᠢ ᠳᠡᠭᠡᠳᠦ ᠬᠤᠪᠢ ᠮᠥᠨ》 ᠭᠡᠵᠦ ᠵᠠᠯᠠᠭᠤ ᠭᠡᠰᠦᠯ ᠪᠣᠳᠣᠯ᠎ᠠ᠃ ᠨᠢᠭᠡ ᠲᠠᠯ᠎ᠠ ᠪᠠᠷ ᠬᠣᠷᠸ᠎ᠠ ᠶ᠋ᠢ ᠶᠡᠷᠦ ᠪᠤᠰᠤ ᠶ᠋ᠢᠨ ᠪᠠᠢᠳᠠᠯ ᠢ᠋ᠶ᠋ᠠᠷ ᠤᠭᠤᠷᠤᠨ ᠣᠷᠬᠢᠭᠰᠠᠨ ᠡᠷᠬᠢᠮ ᠪᠠᠭᠰᠢ ᠯᠠᠮ᠎ᠠ ᠶ᠋ᠢ ᠪᠡᠨ ᠥᠷᠥᠪᠳᠦᠨ ᠦᠭᠡᠢᠯᠡᠵᠦ᠂ ᠭᠠᠩᠰᠠᠷᠠᠨ ᠳᠡᠩᠰᠡᠯᠬᠦ ᠪᠣᠯᠪᠠᠴᠤ ᠨᠥᠬᠥᠭᠡ ᠲᠡᠯ᠎ᠡ ᠪᠡᠷ ᠲᠡᠭᠦᠨ ᠦ᠌ ᠡᠷᠡᠯᠬᠡᠭ ᠵᠣᠷᠢᠮᠠᠭ ᠶᠠᠪᠤᠳᠠᠯ᠂ ᠪᠤᠷᠬᠠᠨ ᠤ᠋ ᠡᠮᠦᠨ᠎ᠡ  ᠴᠢᠩ ᠦᠨᠡᠨᠴᠢ ᠰᠦᠵᠢᠭᠲᠡᠢ ᠶ᠋ᠢᠨ ᠦᠯᠢᠭᠡᠷ ᠨᠢ ᠲᠡᠭᠦᠨ ᠦ᠌ ᠱᠠᠪᠢ ᠵᠠᠯᠠᠭᠤ ᠭᠡᠰᠦᠯ ᠦ᠋ᠨ ᠵᠣᠷᠢᠭ  ᠰᠡᠳᠬᠢᠯ ᠢ ᠪᠠᠳᠠᠷᠠᠭᠤᠯᠵᠤ ᠪᠠᠢᠯ᠎ᠠ᠃《ᠣᠷᠴᠢᠯᠠᠩ ᠤ᠋ᠨ ᠳᠠᠯᠠᠢ ᠶ᠋ᠢ ᠪᠠᠭᠰᠢᠲᠠᠨ ᠪᠠᠭᠠᠲᠤᠷᠯᠢᠭ ᠢ᠋ᠶ᠋ᠠᠷ ᠲᠤᠭᠤᠯᠤᠨ ᠭᠠᠷᠴᠤ ᠨᠢᠷᠸᠠᠨ ᠳᠦᠷᠢ ᠶ᠋ᠢ ᠣᠯᠪᠠ᠃ ᠭᠡᠪᠡᠴᠦ ᠲᠡᠭᠦᠨ ᠳ᠋ᠦ᠍ ᠪᠠᠰᠠ ᠢᠷᠦᠭᠡᠯ᠂ ᠤᠩᠰᠢᠯᠭ᠎ᠠ ᠬᠡᠷᠡᠭᠲᠡᠢ ᠶᠤᠮ ᠪᠠᠢᠵᠠᠢ᠃ ᠨᠠᠳᠠ ᠳ᠋ᠤ᠌ ᠬᠡᠯᠡᠯ ᠦᠭᠡᠢ ᠥᠪᠡᠷ ᠢ᠋ᠶ᠋ᠡᠨ ᠤᠷᠢᠳᠴᠢᠯᠠᠨ ᠵᠠᠬᠢᠵᠠᠢ᠂ ᠶᠠᠩᠵᠤ ᠨᠢ᠃ ᠲᠡᠭᠦᠨ ᠢ᠋ ᠲᠡᠷᠡ ᠵᠢᠩᠳᠠᠭᠠᠨ ᠤ ᠨᠥᠬᠥᠷ ᠨᠢ ᠴᠦ᠍ ᠵᠠᠬᠢᠭᠰᠠᠨ ᠶᠤᠮ ᠪᠠᠢᠵᠤ ᠮᠡᠳᠡᠨ᠎ᠡ》 ᠭᠡᠵᠦ ᠭᠡᠰᠦᠯ ᠪᠣᠳᠣᠪᠠ᠃ ᠬᠥᠮᠦᠨ ᠦ᠌ ᠣᠷᠴᠢᠯᠠᠩ ᠭᠦᠨᠵᠡᠭᠡᠢ ᠠᠵᠢ᠃
      《 ᠁ ᠣᠷᠴᠢᠯᠠᠩ ᠤ᠋ᠨ ᠳᠠᠯᠠᠢ ᠳᠥᠷᠪᠡ ᠪᠢᠯᠡ᠃ ᠡᠬᠢᠨ ᠦ᠌ ᠳᠠᠯᠠᠢ ᠳ᠋ᠤ᠌ ᠬᠥᠮᠦᠨ ᠦ᠌ ᠥᠯᠥᠭᠡᠢ ᠠᠳᠠ ᠴᠢᠳᠬᠥᠷ᠂ ᠲᠠᠮᠤ ᠶ᠋ᠢᠨ ᠠᠶᠤᠯ ᠳ᠋ᠤ᠌ ᠤᠲᠤᠭᠤᠯᠤᠨ ᠬᠦᠪᠦᠵᠦ ᠶᠠᠪᠤᠳᠠᠭ ᠪᠢᠯᠡ᠃ ᠲᠡᠨᠳᠡ ᠬᠥᠮᠦᠨ ᠦ᠌ ᠨᠢᠭᠡᠨ ᠨᠠᠰᠤᠨ ᠤ᠋ ᠶᠠᠪᠤᠳᠠᠯ ᠡᠬᠢᠯᠡᠨ᠎ᠡ》 ᠭᠡᠵᠦ ᠪᠠᠭᠰᠢ ᠯᠠᠮᠠ ᠨᠢ ᠬᠡᠳᠦᠨ ᠵᠢᠯ ᠦ᠋ᠨ ᠡᠮᠦᠨ᠎ᠡ ᠭᠡᠰᠦᠯ ᠰᠠᠩᠵᠢ ᠳ᠋ᠤ᠌ ᠵᠢᠭᠠᠵᠤ ᠪᠠᠢᠭᠰᠠᠨ ᠢ᠋ ᠲᠡᠷᠡ ᠡᠷᠭᠢᠨ ᠰᠠᠨᠠᠵᠤ ᠭᠡᠯᠦᠩ ᠦ᠋ᠨ ᠲᠠᠢᠪᠤᠩ ᠳᠠᠭᠤ ᠶ᠋ᠢ ᠳᠠᠬᠢᠨ ᠰᠤᠨᠤᠰᠬᠤ ᠮᠡᠲᠦ ᠪᠣᠯᠪᠠ᠃
      《 ᠁ ᠬᠥᠮᠦᠨ ᠡᠬᠡ ᠡᠴᠡ ᠲᠥᠷᠥᠬᠦ ᠳ᠋ᠦ᠍ ᠬᠤᠪᠢ ᠵᠠᠶᠠᠭᠠᠨ ᠤ᠋ ᠲᠥᠭᠡᠷᠭᠡ ᠪᠡᠷ ᠡᠨᠡᠬᠦ ᠣᠷᠴᠢᠯᠠᠩ ᠤᠨ ᠳᠥᠷᠪᠡᠨ ᠳᠠᠯᠠᠢ ᠶ᠋ᠢ ᠲᠤᠭᠤᠯᠬᠤ ᠪᠣᠯᠤᠨ᠎ᠠ᠃ ᠡᠴᠦᠰ ᠦ᠋ᠨ ᠳᠠᠯᠠᠢ ᠳ᠋ᠤ᠌ ᠶᠠᠷᠭᠠᠴᠢᠨ ᠢᠶᠠᠷ ᠬᠦᠷᠢᠶᠡᠯᠡᠭᠦᠯᠦᠭᠰᠡᠨ ᠠᠪᠰᠠ ᠬᠦᠪᠦᠵᠦ ᠶᠠᠪᠤᠳᠠᠭ ᠪᠣᠢ᠃ ᠲᠡᠨᠳᠡ ᠬᠥᠮᠦᠨ ᠦ᠌ ᠨᠢᠭᠡᠨ ᠨᠠᠰᠤᠨ ᠤ᠋ ᠶᠠᠪᠤᠳᠠᠯ ᠲᠡᠭᠦᠰᠦᠮᠦᠢ 》 ᠭᠡᠵᠦ ᠪᠠᠭᠰᠢ ᠯᠠᠮᠠ ᠨᠢ ᠪᠦᠷ ᠳᠡᠷᠭᠡᠳᠡ ᠨᠢ ᠳᠠᠬᠢᠨ ᠬᠡᠯᠡᠵᠦ ᠪᠠᠢᠬᠤ ᠰᠢᠭ᠋ ᠰᠠᠨᠠᠭᠳᠠᠪᠠ᠃  ᠰᠠᠩᠵᠢ ᠭᠡᠰᠦᠯ ᠪᠠᠭᠰᠢ ᠠ᠋ᠴᠠ ᠪᠠᠨ ᠨᠥᠬᠥᠭᠡ ᠬᠣᠶᠠᠷ ᠳᠠᠯᠠᠢ ᠨᠢ ᠶᠠᠭᠤ ᠪᠢᠯᠡ ᠭᠡᠵᠦ ᠠᠰᠠᠭᠤᠵᠤ ᠪᠠᠢᠭᠰᠠᠨ ᠢ᠋ᠶ᠋ᠠᠨ ᠰᠠᠨᠠᠪᠠ᠃
      《ᠳᠤᠮᠳᠠᠬᠢ ᠬᠣᠶᠠᠷ ᠳᠠᠯᠠᠢ ᠪᠣᠯ ᠬᠡᠮᠵᠢᠶ᠎ᠡ ᠦᠭᠡᠢ ᠶᠡᠬᠡ ᠲᠠᠴᠢᠶᠠᠯ᠂ ᠡᠪᠡᠳᠴᠢᠨ ᠵᠣᠪᠠᠯᠠᠩ ᠣᠪᠣᠯᠵᠠᠨ ᠳᠣᠯᠭᠢᠶᠠᠯᠠᠭᠰᠠᠨ᠂ ᠠᠯᠪᠢᠨ ᠪᠤᠭ᠂ ᠯᠤᠤᠰ᠂ ᠣᠷᠢᠶᠠᠯᠠᠩ᠂ ᠰᠢᠮᠨᠤᠰ ᠤ᠋ᠨ ᠰᠦᠷᠦᠭ ᠦᠢ ᠵᠠᠢ ᠦᠭᠡᠢ ᠪᠤᠵᠢᠭᠢᠨᠠᠯᠳᠤᠭᠰᠠᠨ ᠣᠷᠴᠢᠯᠠᠩ ᠪᠢᠯᠡ᠃ ᠲᠡᠨᠳᠡ ᠬᠥᠮᠦᠨ ᠦ᠌ ᠪᠦᠬᠦ ᠵᠣᠪᠠᠯᠠᠩ ᠪᠠᠭᠰᠢᠷᠠᠨ ᠬᠤᠷᠠᠨ᠎ᠠ᠃ᠵᠢᠷᠭᠠᠯ ᠭᠡᠵᠦ ᠦᠭᠡᠢ᠃ ᠲᠡᠷᠡ ᠳᠠᠯᠠᠢ ᠠ᠋ᠴᠠ ᠭᠡᠲᠦᠯᠦᠶ᠎ᠡ ᠭᠡᠪᠡᠯ ᠪᠤᠷᠬᠠᠨ ᠤ᠋ ᠨᠣᠮ ᠳ᠋ᠤ᠌ ᠰᠦᠵᠢᠭᠯᠡᠨ ᠳᠠᠭᠠᠵᠤ ᠶᠠᠪᠤᠬᠤ ᠤᠴᠢᠷ ᠲᠠᠢ》 ᠭᠡᠵᠦ ᠪᠠᠭᠰᠢ ᠯᠠᠮᠠ ᠨᠢ ᠠᠢᠯᠠᠳᠤᠭᠰᠠᠨ ᠪᠢᠯᠡ᠃  ᠲᠡᠢᠨ ᠬᠦ ᠣᠷᠴᠢᠯᠠᠩ ᠤ᠋ᠨ ᠳᠥᠷᠪᠡᠨ ᠳᠠᠯᠠᠢ ᠶ᠋ᠢ ᠲᠤᠭᠤᠯᠬᠤ ᠳ᠋ᠤ᠌ ᠤᠴᠠᠷᠠᠬᠤ ᠵᠣᠪᠠᠯᠠᠩ ᠠ᠋ᠴᠠ ᠵᠠᠢᠯᠠᠶ᠎ᠠ ᠭᠡᠪᠡᠯ ᠨᠣᠮ ᠤ᠋ᠨ ᠮᠥᠷ ᠬᠥᠭᠡᠭᠡᠵᠦ᠂ ᠪᠠᠷᠠᠮᠢᠳ ᠱᠠᠭᠱᠠᠪᠠᠳ ᠢ᠋ ᠪᠦᠷᠢᠨ ᠰᠠᠬᠢᠬᠤ ᠶᠣᠰᠣᠲᠠᠢ ᠭᠡᠵᠦ ᠭᠡᠰᠦᠯ ᠣᠢᠯᠠᠭᠠᠵᠤ ᠠᠪᠤᠭᠰᠠᠨ ᠶᠤᠮ᠃ ᠡᠨᠡ ᠪᠦᠬᠦᠨ ᠢ᠋ ᠭᠡᠰᠦᠯ ᠰᠠᠩᠵᠢ ᠪᠣᠳᠣᠭᠰᠠᠭᠠᠷ ᠪᠠᠢᠪᠠᠴᠤ ᠨᠢᠭᠡᠨᠲᠡ ᠴᠡᠭᠡᠵᠢᠯᠡᠨ ᠬᠡᠪᠰᠢᠯ ᠪᠣᠯᠤᠭᠰᠠᠨ ᠠᠮᠠᠨ ᠤ᠋ ᠤᠩᠰᠢᠯᠭ᠎ᠠ ᠪᠠᠨ ᠠᠶᠠᠨᠳᠠᠭᠠᠨ ᠤᠩᠰᠢᠭᠰᠠᠭᠠᠷ ᠪᠤᠰᠤᠳ ᠯᠠᠮᠠ ᠨᠠᠷ ᠤ᠋ᠨ ᠳᠠᠭᠤᠯᠠᠯᠭ᠎ᠠ ᠠ᠋ᠴᠠ ᠭᠠᠵᠢᠬᠤ ᠦᠭᠡᠢ ᠪᠠᠢᠯ᠎ᠠ᠃
      ᠤᠳᠠᠯ ᠦᠭᠡᠢ ᠲᠦᠢ ᠡᠷᠭᠦᠬᠦ ᠪᠡᠷ ᠣᠩᠵᠠᠳ ᠯᠠᠮᠠ ᠬᠣᠶᠠᠷ ᠲᠠᠬᠢᠯᠴᠢ ᠶ᠋ᠢᠨ ᠢ᠋ᠶ᠋ᠡᠨ ᠬᠠᠮᠲᠤ ᠬᠦᠷᠡᠯ ᠲᠣᠯᠢ ᠶᠢ ᠬᠦᠷᠡᠯ ᠪᠤᠮᠪᠠ ᠶ᠋ᠢᠨ ᠬᠠᠮᠲᠤ ᠪᠠᠷ ᠪᠠᠷᠢᠨ  ᠳᠣᠭᠠᠩ ᠤᠨ ᠲᠥᠪ ᠲᠦ ᠭᠠᠷᠴᠤ ᠢᠷᠡᠯ᠎ᠡ᠃ ᠲᠣᠯᠢ ᠶᠢ ᠶᠡᠬᠡ ᠯᠡ ᠬᠦᠨᠳᠦᠳᠬᠡᠨ ᠬᠣᠶᠠᠷ ᠭᠠᠷ ᠳᠡᠭᠡᠷ᠎ᠡ ᠢᠷᠮᠡᠭ ᠡᠴᠡ ᠨᠢ ᠬᠤᠷᠤᠭᠤ ᠪᠠᠷ ᠳᠡᠮᠨᠡᠬᠦ ᠲᠡᠳᠦᠢ ᠡᠷᠭᠦᠵᠦ ᠶᠠᠪᠤᠬᠤ ᠶᠣᠰᠣᠲᠠᠢ ᠶ᠋ᠢ ᠲᠠᠬᠢᠯᠴᠢ ᠨᠠᠷ ᠬᠠᠲᠠᠭᠤ ᠰᠠᠬᠢᠵᠤ ᠪᠠᠢᠯ᠎ᠠ᠃  ᠰᠸᠯᠢᠶᠡᠨ ᠬᠡᠩᠭᠡᠷᠭᠡ ᠬᠣᠶᠠᠷ ᠳᠠᠷᠠᠭ᠎ᠠ ᠳᠠᠷᠠᠭ᠎ᠠ ᠪᠠᠷ ᠳᠤᠤᠭᠠᠷᠴᠤ ᠯᠠᠮ᠎ᠠ ᠨᠠᠷ ᠲᠤᠩᠵᠤᠵᠷᠳᠠᠨ ᠬᠦᠷᠴᠢᠭᠢᠨᠡᠨ ᠳᠤᠤᠭᠠᠷᠴᠠᠭᠠᠵᠤ᠂ ᠤᠩᠰᠢᠯᠭ᠎ᠠ ᠶ᠋ᠢᠨ ᠢ᠋ᠶ᠋ᠡᠨ ᠲᠦᠷᠡᠯᠭᠡ ᠶ᠋ᠢ ᠨᠡᠮᠡᠯ᠎ᠡ᠃ ᠲᠠᠬᠢᠯᠴᠢ ᠯᠠᠮᠠ ᠪᠤᠮᠪᠠ ᠲᠠᠢ ᠷᠠᠰᠢᠶᠠᠨ ᠠ᠋ᠴᠠ ᠬᠦᠷᠡᠯ ᠲᠣᠯᠢᠨ ᠳᠡᠭᠡᠷ᠎ᠡ ᠳᠤᠰᠤᠭᠠᠵᠤ ᠣᠩᠵᠠᠳ ᠯᠠᠮᠠ ᠥᠩᠭᠡ ᠥᠩᠭᠡ ᠶ᠋ᠢᠨ ᠬᠠᠳᠠᠭ ᠤᠨ ᠪᠠᠭᠴᠠ ᠪᠠᠷ ᠲᠣᠯᠢ ᠶᠢ ᠠᠷᠴᠢᠨ ᠵᠦᠯᠭᠦᠵᠦ ᠶᠣᠰᠣᠯᠠᠯ ᠲᠡᠭᠦᠰᠪᠡ᠃ ᠲᠣᠯᠢ ᠪᠣᠯ ᠲᠩᠷᠢ ᠶᠢᠨ  ᠪᠡᠯᠭᠡᠳᠡᠯ ᠲᠤᠯᠠ ᠡᠢᠨ ᠬᠦ᠌ ᠷᠠᠰᠢᠶᠠᠨ ᠳᠤᠰᠤᠭᠠᠨ ᠲᠩᠷᠢ ᠨᠠᠷ ᠢ᠋ ᠲᠠᠭᠠᠴᠠᠭᠤᠯᠤᠨ ᠪᠠᠶᠠᠷᠯᠠᠭᠤᠯᠵᠤ ᠪᠣᠢ ᠶᠣᠰᠣᠯᠠᠯ ᠭᠡᠳᠡᠭ ᠢ᠋ ᠭᠡᠰᠦᠯ ᠰᠠᠩᠵᠢ ᠠᠯᠢ ᠡᠷᠲᠡ ᠳ᠋ᠦ᠍ ᠪᠠᠭᠰᠢ ᠪᠠᠷ ᠢ᠋ᠶ᠋ᠠᠨ ᠵᠢᠭᠠᠯᠭᠠᠵᠤ ᠮᠡᠳᠡᠭᠰᠡᠨ ᠪᠢᠯᠡ᠃
      ᠲᠩᠷᠢ ᠪᠤᠶᠤ ᠣᠮ ᠪᠣᠯ ᠮᠠᠨᠢ ᠶ᠋ᠢᠨ ᠵᠢᠷᠭᠤᠭᠠᠨ ᠦᠰᠦᠭ  ᠤᠨ ᠲᠡᠷᠢᠭᠦᠨ ᠳ᠋ᠦ᠍ ᠣᠷᠣᠵᠤ ᠡᠬᠡ ᠪᠣᠯᠣᠭᠰᠠᠨ ᠵᠢᠷᠭᠤᠭᠠᠨ ᠵᠦᠢᠯ ᠦ᠋ᠨ ᠠᠮᠢᠲᠠᠨ ᠭᠡᠭᠴᠢ ᠶ᠋ᠢᠨ ᠳᠡᠭᠡᠳᠦ ᠨᠢ ᠭᠡᠭᠳᠡᠳᠡᠭ ᠠᠵᠢ᠃ ᠰᠠᠪᠠ ᠰᠢᠮ᠎ᠡ ᠶᠢᠨ ᠶᠢᠷᠲᠢᠨᠴᠦ ᠶ᠋ᠢᠨ ᠬᠠᠮᠤᠭ ᠤ᠋ᠨ ᠳᠡᠭᠡᠳᠦ ᠠᠮᠢᠲᠠᠨ ᠭᠡᠭᠳᠡᠭᠰᠡᠨ ᠲᠩᠷᠢ ᠨᠠᠷ ᠠᠩᠬᠠᠨ ᠳ᠋ᠠᠭᠠᠨ ᠪᠡᠶ᠎ᠡ ᠡᠴᠡ ᠭᠡᠷᠡᠯ ᠰᠠᠴᠤᠷᠠᠭᠤᠯᠤᠭᠴᠢ ᠠᠷᠢᠭᠤᠨ ᠳᠡᠭᠡᠳᠦᠰ ᠦ᠋ᠳ ᠪᠠᠢᠭᠰᠠᠨ ᠢ᠋ᠶ᠋ᠠᠨ ᠷᠠᠰᠢᠶᠠᠨ᠂ ᠠᠮᠤ ᠪᠤᠳᠠᠭ᠎ᠠ ᠲᠡᠷᠢᠭᠦᠲᠡᠨ ᠭᠠᠵᠠᠷ ᠤ᠋ᠨ ᠢᠳᠡᠭᠡᠨ ᠳ᠋ᠦ᠍ ᠰᠢᠨᠤᠵᠤ ᠨᠢᠭᠦᠯ ᠬᠢᠯᠢᠨᠴᠡ ᠳ᠋ᠦ᠍ ᠣᠷᠣᠵᠤ ᠪᠡᠶ᠎ᠡ ᠶ᠋ᠢᠨ ᠭᠡᠷᠡᠯ ᠨᠢ ᠦᠭᠡᠢ ᠪᠣᠯᠵᠤ᠂ ᠭᠤᠷᠪᠠᠨ ᠮᠠᠭᠤ ᠵᠠᠶᠠᠭᠠᠨ ᠤ᠋ ᠶᠢᠷᠲᠢᠨᠴᠦ ᠳ᠋ᠤ᠌ ᠤᠨᠠᠬᠤ ᠳ᠋ᠤ᠌ ᠬᠦᠷᠦᠭᠰᠡᠨ ᠳ᠋ᠦ᠍ ᠪᠤᠷᠬᠠᠨ ᠪᠠᠭᠰᠢ ᠠᠷᠢᠶᠠᠪᠠᠯᠤ ᠪᠤᠷᠬᠠᠨ ᠢ᠋ ᠢᠯᠡᠭᠡᠭᠰᠡᠨ ᠳ᠋ᠦ᠍ ᠲᠡᠷᠡ ᠪᠡᠷ ᠲᠩᠷᠢ ᠨᠠᠷ ᠤ᠋ᠨ ᠶᠠᠪᠤᠳᠠᠯ ᠳ᠋ᠤ᠌ ᠭᠤᠨᠢᠨ ᠭᠠᠰᠢᠭᠤᠳᠠᠵᠤ ᠲᠣᠯᠣᠭᠠᠢ ᠨᠢ ᠠᠷᠪᠠᠨ ᠬᠡᠰᠡᠭ ᠪᠣᠯᠤᠨ ᠬᠤᠪᠢᠶᠠᠭᠳᠠᠵᠤ ᠲᠩᠷᠢ ᠨᠠᠷ ᠤᠨ ᠶᠠᠪᠤᠳᠠᠯ ᠢ᠋  ᠥᠭᠡᠷᠡᠴᠢᠯᠡᠬᠦ ᠰᠠᠨᠠᠭ᠎ᠠ ᠰᠢᠯᠦᠭᠤᠳᠴᠤ ᠳᠡᠭᠡᠷ᠎ᠡ ᠦᠭᠡᠢ ᠳᠡᠭᠡᠳᠦ ᠪᠤᠷᠬᠠᠨ ᠠᠪᠢᠳ ᠤᠨ ᠲᠤᠰᠠᠯᠠᠮᠵᠢ ᠪᠠᠷ ᠬᠤᠷᠮᠤᠰᠲᠠ᠂ ᠪᠢᠮᠠᠯᠠᠵᠡᠳᠡᠷ᠂ ᠱᠠᠭᠢᠮᠦᠨᠢ᠂ ᠱᠠᠭᠵᠠ ᠶᠢᠨ  ᠠᠷᠰᠯᠠᠨ᠂ ᠣᠭᠲᠠᠷᠭᠤᠢ ᠶ᠋ᠢᠨ ᠰᠠᠩ᠂  ᠨᠣᠮᠣᠨ ᠬᠠᠭᠠᠨ ᠵᠡᠷᠭᠡ ᠵᠢᠷᠭᠤᠭᠠᠨ ᠶᠡᠬᠡ ᠬᠦᠴᠦᠲᠡᠨ ᠢ᠋ ᠲᠥᠷᠥᠭᠦᠯᠵᠦ ᠲᠩᠷᠢ ᠨᠠᠷ ᠤ᠋ᠨ ᠣᠷᠣᠨ ᠢ᠋ ᠬᠤᠷᠮᠤᠰᠲᠠ᠂ ᠠᠰᠤᠷᠢ ᠨᠠᠷ ᠢ᠋ ᠪᠢᠮᠠᠯᠠᠵᠡᠳᠡᠷ ᠵᠠᠬᠢᠷᠴᠤ᠂ ᠱᠠᠭᠵᠠ ᠶᠢᠨ ᠠᠷᠰᠯᠠᠨ  ᠬᠡᠯᠡ ᠦᠭᠡᠢ ᠠᠳᠤᠭᠤᠰᠤ ᠨᠤᠭᠤᠳ ᠢ᠋᠂ ᠣᠭᠲᠠᠷᠭᠤᠢ ᠶ᠋ᠢᠨ ᠰᠠᠩ ᠪᠢᠷᠢᠳ ᠦ᠋ᠨ ᠣᠷᠣᠨ ᠢ᠋᠂  ᠨᠣᠮᠣᠨ ᠬᠠᠭᠠᠨ ᠲᠠᠮᠤ ᠶ᠋ᠢᠨ ᠣᠷᠣᠨ ᠢ᠋ ᠲᠤᠰ ᠲᠤᠰ ᠵᠠᠬᠢᠷᠤᠨ ᠰᠠᠭᠤᠬᠤ ᠪᠣᠯᠤᠭᠰᠠᠨ ᠭᠡᠵᠦ ᠰᠠᠩᠵᠢ ᠭᠡᠰᠦᠯ ᠳ᠋ᠦ᠍ ᠪᠠᠭᠰᠢ ᠯᠠᠮᠠ ᠨᠢ ᠵᠢᠭᠠᠵᠠᠢ᠃  ᠱᠠᠭᠢᠮᠦᠨᠢ ᠪᠤᠷᠬᠠᠨ ᠥᠪᠡᠷ ᠢ᠋ᠶ᠋ᠡᠨ ᠬᠥᠮᠦᠨ ᠦ᠌ ᠣᠷᠴᠢᠯᠠᠩ ᠢ᠋ ᠵᠠᠬᠢᠷᠤᠨ ᠰᠠᠭᠤᠬᠤ ᠪᠣᠯᠤᠭᠰᠠᠨ ᠠᠵᠢ᠃
      ᠴᠣᠬᠣᠮ ᠲᠩᠷᠢ ᠨᠠᠷ ᠭᠡᠵᠦ ᠶᠠᠭᠤ ᠪᠣᠯᠬᠤ᠂ ᠶᠠᠮᠠᠷ ᠳᠦᠷᠰᠦ ᠬᠡᠯᠪᠡᠷᠢ ᠲᠡᠢ᠂ ᠶᠠᠮᠠᠷ ᠬᠡᠯᠡ ᠪᠡᠷ ᠶᠠᠷᠢᠳᠠᠭ ᠪᠣᠯᠬᠤ ᠶ᠋ᠢ ᠬᠡᠨ ᠴᠦ᠍ ᠮᠡᠳᠡᠳᠡᠭ ᠦᠭᠡᠢ ᠪᠠᠢᠯ᠎ᠠ᠃ ᠨᠢᠭᠡ ᠤᠳᠠᠭ᠎ᠠ ᠰᠠᠩᠵᠢ ᠭᠡᠰᠦᠯ ᠪᠠᠭᠰᠢ ᠯᠠᠮᠠ ᠠ᠋ᠴᠠ ᠪᠠᠨ ᠠᠰᠠᠭᠤᠭᠰᠠᠨ ᠳ᠋ᠤ᠌ 《ᠡᠷᠳᠡᠮ ᠨᠣᠮ ᠳ᠋ᠤ᠌ ᠳᠡᠪᠲᠦᠭᠰᠡᠨ ᠦᠶ᠎ᠡ ᠳ᠋ᠡᠭᠡᠨ ᠤᠴᠢᠷ ᠢ᠋ ᠣᠯᠤᠨ᠎ᠠ》 ᠭᠡᠵᠦ ᠬᠠᠷᠢᠭᠤᠯᠵᠠᠢ᠃ 
      ᠲᠩᠷᠢ ᠨᠠᠷ ᠠ᠋ᠴᠠ ᠳᠣᠣᠷᠠᠬᠠᠨ᠎ᠠ ᠰᠦᠮᠪᠦᠷ ᠠᠭᠤᠯᠠ ᠶ᠋ᠢ ᠡᠵᠡᠩᠨᠡᠭᠴᠢ ᠠᠰᠤᠷᠢ ᠪᠤᠶᠤ ᠠᠰᠠᠷ ᠭᠡᠳᠡᠭ ᠳᠡᠭᠡᠳᠦ ᠠᠮᠢᠲᠠᠨ ᠪᠠᠢᠳᠠᠭ ᠭᠡᠵᠦ ᠪᠠᠰᠠ ᠯᠠ ᠯᠠᠮᠠ ᠪᠠᠭᠰᠢ ᠨᠠᠷ ᠰᠤᠷᠭᠠᠭᠰᠠᠭᠠᠷ ᠰᠠᠩᠵᠢ ᠭᠡᠰᠦᠯ ᠡᠭᠦᠨ ᠳᠦ ᠪᠠᠲᠤ ᠢᠲᠡᠭᠡᠭᠰᠡᠨ ᠪᠢᠯᠡ᠃ ᠠᠰᠤᠷᠢ ᠨᠠᠷ ᠭᠡᠵᠦ ᠮᠥᠨ ᠯᠡ ᠶᠠᠭᠤᠨ ᠤᠴᠢᠷᠲᠠᠢ᠂ ᠶᠠᠮᠠᠷ ᠳᠦᠷᠰᠦ ᠶᠢᠨ ᠠᠮᠢᠲᠠᠨ ᠪᠣᠯᠬᠤ ᠶ᠋ᠢ ᠭᠡᠰᠦᠯ ᠲᠡᠳᠦᠢ ᠯᠡ ᠦᠯᠦ ᠢᠯᠭᠠᠨ᠎ᠠ᠃ ᠣᠰᠣᠯᠳᠠᠬᠤ ᠦᠭᠡᠢ ᠯᠡ ᠲᠩᠷᠢ ᠠᠰᠤᠷᠢ ᠬᠣᠶᠠᠷ ᠬᠥᠮᠦᠨ ᠦ᠌ ᠮᠠᠢᠭᠲᠠᠢ ᠭᠡᠵᠦ ᠣᠢᠯᠠᠭᠠᠵᠠᠢ᠃
      《ᠰᠦᠮᠪᠦᠷ ᠠᠭᠤᠯᠠ ᠶ᠋ᠢᠨ ᠣᠷᠭᠢᠯ ᠳ᠋ᠤ᠌ ᠰᠠᠳᠠᠷᠸᠠᠰᠠᠨ ᠪᠠᠯᠭᠠᠰᠤᠨ ᠳ᠋ᠤ᠌ ᠲᠩᠷᠢ ᠨᠠᠷ ᠤ᠋ᠨ ᠡᠵᠡᠨ ᠬᠤᠷᠮᠤᠰᠲᠠ ᠭᠤᠴᠢᠨ ᠭᠤᠷᠪᠠᠨ ᠲᠡᠭ᠍ᠷᠢ ᠪᠡᠷ ᠬᠦᠷᠢᠶᠡᠯᠡᠭᠳᠡᠨ ᠰᠠᠭᠤᠨ᠎ᠠ᠃ ᠲᠡᠭᠦᠨ ᠡᠴᠡ  ᠳᠣᠣᠷᠠᠬᠠᠨ ᠠᠰᠤᠷᠢ ᠨᠠᠷ ᠠᠵᠤ ᠲᠥᠷᠥᠬᠦ ᠪᠥᠭᠡᠳ ᠲᠡᠳᠡᠨ ᠦ᠌ ᠡᠵᠡᠨ ᠪᠢᠮᠠᠯᠠᠵᠡᠳᠡᠷ ᠠᠭᠤᠯᠠ ᠶᠢᠨ ᠳᠣᠣᠷᠠᠬᠢ ᠠᠭᠤᠢ ᠳ᠋ᠤ᠌ ᠰᠠᠭᠤᠨᠠᠮ᠃ ᠲᠩᠷᠢ᠂ ᠠᠰᠤᠷᠢ ᠬᠣᠶᠠᠷ ᠡᠷᠡᠰᠦᠯᠳᠦᠳᠡᠭ᠃ ᠠᠰᠤᠷᠢ ᠨᠠᠷ ᠬᠤᠷᠮᠤᠰᠲᠠ ᠠ᠋ᠴᠠ ᠷᠠᠰᠢᠶᠠᠨ ᠬᠤᠯᠠᠭᠠᠢᠯᠠᠬᠤ ᠭᠡᠵᠦ ᠣᠷᠣᠯᠳᠤᠳ᠋ᠠᠭ》 ᠭᠡᠵᠦ ᠰᠠᠩᠵᠢ ᠭᠡᠰᠦᠯ ᠳ᠋ᠦ᠍ ᠪᠠᠭᠰᠢ ᠨᠢ ᠵᠢᠭᠠᠵᠠᠢ᠃ ᠦᠯᠢᠭᠡᠷ ᠮᠡᠲᠦ ᠲᠡᠷᠡ ᠶᠠᠷᠢᠭ᠎ᠠ ᠶ᠋ᠢ ᠰᠠᠩᠵᠢ ᠲᠣᠭᠲᠠᠭᠠᠵᠠᠢ᠃ ᠲᠩᠷᠢ᠂ ᠠᠰᠤᠷᠢ ᠨᠠᠷ ᠤ᠋ᠨ ᠳᠠᠷᠠᠭ᠎ᠠ ᠬᠥᠮᠦᠨ ᠦ᠌ ᠣᠷᠴᠢᠯᠠᠩ᠂ ᠳᠠᠷᠠᠭ᠎ᠠ ᠨᠢ ᠠᠳᠤᠭᠤᠰᠤᠨ ᠤ᠋ ᠶᠢᠷᠲᠢᠨᠴᠦ᠂ ᠲᠡᠭᠡᠭᠡᠳ ᠪᠢᠷᠢᠳ ᠦ᠋ᠨ ᠬᠣᠷᠸ᠎ᠠ ᠮᠥᠨ ᠲᠠᠮᠤ ᠶ᠋ᠢᠨ ᠠᠮᠢᠲᠠᠨ ᠡᠢᠮᠦ ᠵᠢᠷᠭᠤᠭᠠᠨ ᠵᠦᠢᠯ ᠠᠮᠢᠲᠠᠳ ᠲᠤᠰ ᠲᠤᠰ ᠤ᠋ᠨ ᠣᠷᠣᠨ ᠢ᠋ ᠡᠵᠡᠩᠨᠡᠨ ᠰᠠᠭᠤᠳᠠᠭ ᠭᠡᠵᠦ ᠰᠠᠩᠵᠢ ᠭᠡᠰᠦᠯ ᠪᠠᠲᠤ ᠢᠲᠡᠭᠡᠵᠡᠢ᠃ ᠭᠡᠪᠡᠴᠦ ᠡᠳᠡᠭᠡᠷ ᠡᠴᠡ ᠬᠠᠮᠤᠭ ᠤ᠋ᠨ ᠲᠣᠳᠣᠷᠬᠠᠢ ᠣᠢᠯᠠᠭᠠᠵᠤ ᠠᠪᠤᠭᠰᠠᠨ ᠨᠢ ᠲᠠᠮᠤ᠂ ᠪᠢᠷᠢᠳ ᠦ᠋ᠨ ᠣᠷᠣᠨ ᠤ ᠲᠤᠬᠠᠢ ᠦᠯᠢᠭᠡᠷ ᠰᠢᠭ ᠵᠦᠢᠯ ᠶᠦᠮ᠃ ᠲᠡᠷᠡ ᠣᠷᠣᠨ ᠤ᠋ ᠲᠠᠯ᠎ᠠ ᠪᠠᠷ ᠠᠶᠤᠮᠠᠷ ᠶᠠᠭᠤᠮ᠎ᠠ ᠶ᠋ᠢ ᠯᠠᠮ᠎ᠠ ᠪᠠᠭᠰᠢ ᠨᠢ ᠮᠠᠷᠲᠠᠭᠳᠠᠰᠢ ᠦᠭᠡᠢ ᠲᠣᠳᠣ ᠶᠠᠷᠢᠵᠤ ᠥᠭᠴᠡᠢ᠃
      ᠪᠢᠷᠢᠳ ᠦ᠋ᠨ ᠣᠷᠣᠨ ᠳ᠋ᠤ᠌ ᠠᠭᠤᠯᠠ ᠲᠤᠯᠤᠭᠠᠳ ᠰᠢᠭ᠋ ᠲᠣᠮᠣ ᠭᠡᠳᠡᠰᠦ ᠲᠡᠢ ᠮᠥᠷᠲᠡᠯ᠎ᠡ ᠵᠡᠭᠦᠨ ᠦ᠌ ᠰᠦᠪᠡᠭᠴᠢ ᠰᠢᠭ ᠨᠠᠷᠢᠬᠠᠨ ᠬᠣᠭᠣᠯᠠᠢ ᠲᠠᠢ ᠲᠡᠭᠡᠬᠦ ᠠᠲᠠᠯ᠎ᠠ ᠪᠠᠨ ᠦᠷᠭᠦᠯᠵᠢ ᠢᠳᠡᠬᠦ ᠶ᠋ᠢ ᠮᠥᠷᠥᠭᠡᠳᠴᠦ ᠪᠠᠢᠳᠠᠭ᠃ ᠲᠡᠭᠡᠭᠡᠳ ᠢᠳᠡᠬᠦ ᠶᠠᠭᠤᠮ᠎ᠠ ᠬᠣᠭᠣᠯᠠᠢ ᠪᠠᠷ ᠨᠢ ᠪᠠᠭᠲᠠᠵᠤ ᠣᠷᠣᠳᠠᠭ ᠦᠭᠡᠢ᠂ ᠣᠷᠣᠪᠠᠴᠤ ᠲᠡᠷᠡ ᠨᠢ ᠭᠠᠯ᠂ ᠳᠠᠪᠠᠷᠬᠠᠢ ᠪᠣᠯᠤᠨ ᠰᠢᠳᠡᠵᠦ ᠠᠮᠠ ᠪᠠᠷ ᠪᠤᠴᠠᠵᠤ ᠭᠠᠷᠳᠠᠭ ᠲᠡᠢᠮᠦ ᠵᠣᠪᠠᠭᠰᠠᠨ ᠠᠮᠢᠲᠠᠰ ᠣᠷᠣᠰᠢᠨ᠎ᠠ》ᠭᠡᠵᠦ ᠪᠠᠭᠰᠢ ᠯᠠᠮᠠ ᠶᠠᠷᠢᠵᠠᠢ᠃
     《ᠲᠡᠢᠮᠦ ᠠᠮᠢᠲᠠᠨ ᠪᠠᠢᠳᠠᠭ ᠯᠠ ᠶᠤᠮ ᠪᠠᠢᠬ᠎ᠠ》 ᠭᠡᠵᠦ ᠰᠠᠩᠵᠢ ᠭᠡᠰᠦᠯ ᠶᠡᠬᠡ ᠭᠠᠢᠬᠠᠭᠰᠠᠨ ᠶᠤᠮᠰᠠᠨ᠃ ᠭᠡᠪᠡᠴᠦ ᠰᠦᠮ᠎ᠡ ᠪᠣᠯᠭᠠᠨ ᠳ᠋ᠤ᠌ ᠪᠢᠷᠢᠳ ᠦ᠋ᠨ ᠣᠷᠣᠨ ᠤ᠋ ᠵᠢᠷᠤᠭ ᠳᠡᠭᠡᠷ᠎ᠡ ᠪᠠᠷᠠᠭᠤᠨ ᠭᠠᠷ ᠲᠤ ᠬᠠᠯᠪᠠᠭ᠎ᠠ᠂ ᠵᠡᠭᠦᠨ ᠳ᠋ᠡᠭᠡᠨ ᠬᠣᠭᠣᠯᠠ ᠲᠠᠢ ᠪᠠᠳᠢᠷ ᠠᠶᠠᠭ᠎ᠠ ᠪᠠᠷᠢᠭᠰᠠᠨ᠂ ᠴᠦᠨᠲᠦᠭᠦᠷ ᠭᠡᠳᠡᠰᠦ᠂ ᠲᠣᠮᠣ ᠨᠢᠳᠦ᠂ ᠭᠠᠯ ᠮᠡᠲᠦ ᠳᠦᠷᠡᠯᠵᠡᠭᠰᠡᠨ ᠤᠯᠠᠭᠠᠨ ᠦᠰᠦ ᠲᠡᠢ᠂ ᠬᠠᠷ᠎ᠠ ᠬᠥᠬᠡ ᠪᠡᠶ᠎ᠡ ᠲᠡᠢ᠂ ᠶᠠᠰᠤ ᠠᠷᠠᠰᠤ ᠪᠣᠯᠤᠭᠰᠠᠨ ᠬᠦᠮᠦᠨ ᠮᠠᠢᠭᠲᠠᠢ ᠠᠮᠢᠲᠠᠳ ᠢ᠋ ᠳᠦᠷᠰᠦᠯᠡᠭᠰᠡᠨ ᠪᠠᠢᠳᠠᠭ ᠢ᠋ ᠦᠵᠡᠵᠦ ᠪᠢᠷᠢᠳ ᠭᠡᠵᠦ ᠲᠡᠷᠡ ᠬᠡᠮᠡᠨ ᠤᠬᠠᠭᠠᠷᠠᠵᠠᠢ᠃ 
      ᠲᠡᠷᠡᠴᠢᠯᠡᠨ ᠲᠠᠮᠤ ᠶ᠋ᠢᠨ ᠣᠷᠣᠨ ᠤ᠋ ᠲᠤᠬᠠᠢ ᠪᠠᠭᠰᠢ ᠯᠠᠮᠠ ᠨᠢ ᠪᠠᠰᠠ ᠯᠠ ᠭᠠᠢᠬᠠᠮᠠᠷ ᠬᠠᠴᠢᠨ ᠶᠠᠭᠤᠮ᠎ᠠ ᠶᠠᠷᠢᠵᠤ ᠥᠭᠴᠡᠢ᠃ ᠲᠠᠮᠤ ᠶ᠋ᠢᠨ ᠣᠷᠣᠨ ᠳ᠋ᠤ᠌ ᠴᠢᠳᠬᠥᠷ᠂ ᠵᠡᠳᠬᠡᠷ᠂ ᠰᠢᠯᠮᠤᠰ᠂ ᠠᠯᠪᠢᠨ᠂ ᠪᠤᠭ᠂ ᠣᠷᠣᠯᠠᠩ᠂ ᠣᠩᠭᠣᠳ ᠮᠡᠲᠦ ᠶ᠋ᠢᠨ ᠬᠣᠣᠷᠯᠠᠩᠲᠤ ᠠᠮᠢᠳᠠᠨ ᠠᠵᠤ ᠲᠥᠷᠥᠬᠦ ᠪᠥᠭᠡᠳ ᠲᠡᠨᠳᠡ ᠪᠠᠰᠠ ᠬᠦᠮᠦᠨ ᠦ᠌ ᠣᠷᠴᠢᠯᠠᠩ ᠠ᠋ᠴᠠ ᠨᠢᠭᠦᠯ ᠦ᠋ᠨ ᠦᠷ᠎ᠡ ᠨᠢ ᠭᠦᠢᠴᠡᠵᠦ ᠲᠠᠮᠤ ᠳ᠋ᠤ᠌ ᠤᠨᠠᠭᠰᠠᠨ ᠬᠥᠮᠦᠰ ᠢ ᠵᠣᠪᠠᠭᠠᠨ ᠲᠠᠷᠴᠢᠯᠠᠭᠠᠳᠠᠭ ᠭᠠᠵᠠᠷ ᠭᠡᠵᠦ ᠰᠠᠩᠵᠢ ᠭᠡᠰᠦᠯ ᠳ᠋ᠦ᠍ ᠣᠢᠯᠠᠭᠠᠭᠤᠯᠵᠤ ᠪᠢᠯᠡ᠃
      《ᠲᠠᠮᠤ ᠶ᠋ᠢᠨ ᠠᠷᠪᠠᠨ ᠨᠠᠢ᠍ᠮᠠᠨ ᠰᠠᠪᠠᠨ  ᠳ᠋ᠦ᠍ ᠨᠢᠭᠦᠯ ᠶᠡᠬᠡᠲᠦ ᠬᠥᠮᠦᠰ ᠵᠣᠪᠠᠨ ᠲᠠᠷᠴᠢᠯᠠᠵᠤ ᠪᠠᠢᠳᠠᠭ᠃ ᠬᠤᠴᠠ ᠶ᠋ᠢᠨ ᠬᠣᠩᠰᠢᠶᠠᠷ ᠮᠡᠲᠦ ᠬᠣᠶᠠᠷ ᠬᠠᠷ᠎ᠠ ᠠᠭᠤᠯᠠ ᠣᠢᠷᠠᠳᠴᠤ ᠬᠣᠯᠠᠳᠤᠨ ᠳᠤᠮᠳᠠ ᠪᠠᠨ ᠨᠢᠭᠦᠯᠲᠡᠨ ᠨᠦ᠍ᠭᠦᠳ ᠢ᠋ ᠨᠢᠴᠠᠯᠵᠤ ᠪᠠᠢᠳᠠᠭ᠃ ᠪᠠᠰᠠ ᠲᠡᠮᠦᠷ ᠲᠦᠰᠢᠨ ᠳᠡᠭᠡᠷ᠎ᠡ ᠨᠢᠴᠠᠯᠤᠭᠳᠠᠵᠤ᠂  ᠬᠠᠨ ᠭᠠᠷᠤᠳᠢ ᠳ᠋ᠤ᠌ ᠮᠢᠬ᠎ᠠ ᠶᠠᠰᠤ ᠪᠠᠨ ᠳᠤᠩᠰᠢᠭᠤᠯᠵᠤ᠂ ᠬᠢᠷᠥᠭᠡ ᠪᠡᠷ ᠨᠢᠭᠦᠯᠲᠡᠨ ᠦ᠌ ᠪᠡᠶ᠎ᠡ ᠶᠢ ᠬᠢᠷᠦᠭᠡᠳᠡᠵᠦ᠂ ᠪᠤᠴᠠᠯᠤᠭᠰᠠᠨ ᠬᠠᠯᠠᠭᠤᠨ ᠤᠰᠤᠨ ᠳ᠋ᠤ᠌ ᠴᠢᠨᠠᠵᠤ᠂ ᠭᠠᠳᠠᠰᠤ ᠪᠠᠷ ᠳᠥᠷᠪᠡᠨ ᠵᠦᠭ ᠲᠦ᠍ ᠪᠡᠶ᠎ᠡ ᠶᠢ ᠨᠢ ᠲᠡᠯᠡᠭᠡᠳ ᠲᠥᠭᠡᠨᠡᠨ ᠰᠢᠲᠠᠭᠠᠵᠤ᠂ ᠲᠡᠮᠦᠷ ᠥᠷᠭᠡᠰᠦᠨ ᠳᠡᠭᠡᠷ᠎ᠡ ᠨᠢᠴᠦᠭᠦᠨ ᠪᠡᠶ᠎ᠡ ᠪᠡᠷ ᠨᠢ ᠲᠠᠯᠪᠢᠭᠠᠳ ᠭᠥᠪᠰᠢᠳᠡᠭ᠂ ᠬᠥᠯᠳᠡᠭᠡᠵᠦ ᠭᠡᠰᠬᠡᠬᠦ᠂ ᠬᠡᠯᠡᠨ ᠳᠡᠭᠡᠷ᠎ᠡ ᠲᠠᠷᠢᠶ᠎ᠠ ᠲᠠᠷᠢᠵᠤ ᠵᠣᠪᠠᠭᠠᠳᠠᠭ ᠡᠰᠡᠪᠡᠯ ᠳᠣᠲᠣᠷ᠎ᠠ ᠪᠠᠯᠠᠢᠷᠠᠮ᠎ᠠ ᠮᠠᠭᠤᠬᠠᠢ ᠳᠠᠭᠤ ᠪᠠᠷ ᠠᠶᠤᠯᠭᠠᠨ ᠲᠠᠷᠴᠢᠯᠭᠠᠭᠠᠳᠠᠭ ᠲᠡᠢᠮᠦ ᠣᠷᠣᠨ ᠪᠣᠯᠠᠢ᠃ ᠡᠨᠡ ᠨᠠᠰᠤᠨ ᠳ᠋ᠤ᠌ ᠶᠡᠬᠡ ᠨᠢᠭᠦᠯ ᠬᠢᠪᠡᠯ ᠠᠷᠪᠠᠨ ᠨᠠᠢ᠍ᠮᠠᠨ ᠲᠠᠮᠤ ᠶ᠋ᠢᠨ ᠠᠯᠢ ᠨᠢᠭᠡᠨ ᠳᠦ ᠣᠷᠣᠨ᠎ᠠ》 ᠭᠡᠵᠦ ᠭᠡᠯᠦᠩ ᠴᠤᠢᠮᠴᠤᠭ ᠱᠠᠪᠢ ᠳᠠᠭᠠᠨ ᠪᠠᠢᠨ ᠪᠠᠢᠨ ᠰᠤᠷᠭᠠᠳᠠᠭ  ᠪᠠᠢᠵᠠᠢ᠃ 
      ᠴᠣᠬᠣᠮ ᠲᠡᠷᠡ ᠨᠢᠭᠦᠯ ᠭᠡᠳᠡᠭ ᠨᠢ ᠶᠠᠭᠤ ᠪᠣᠯᠬᠤ ᠶ᠋ᠢ ᠴᠦ᠍ ᠪᠠᠭᠰᠢ ᠨᠢ ᠡᠳᠦᠷ ᠰᠥᠨᠢ ᠦᠭᠡᠢ ᠳᠠᠪᠲᠠᠨ ᠳᠠᠪᠲᠠᠨ ᠬᠡᠯᠡᠵᠦ ᠴᠡᠭᠡᠵᠢᠯᠡᠭᠦᠯᠵᠡᠢ᠃
     《ᠲᠠᠪᠤᠨ ᠵᠠᠪᠰᠠᠷ ᠦᠭᠡᠢ ᠨᠢᠭᠦᠯ᠂ ᠲᠠᠪᠤᠨ ᠰᠢᠳᠠᠷ ᠨᠢᠭᠦᠯ᠂ ᠠᠷᠪᠠᠨ ᠬᠠᠷ᠎ᠠ ᠨᠢᠭᠦᠯ ᠪᠣᠢ᠃ ᠪᠤᠷᠬᠠᠨ ᠨᠤᠭᠤᠳ ᠢ᠋ ᠭᠦᠳᠬᠡᠬᠦ᠂ ᠲᠡᠢᠨ ᠢ᠋ ᠳᠠᠷᠤᠭᠰᠠᠨ ᠢ᠋ ᠠᠯᠠᠬᠤ᠂ ᠢᠷᠡᠭᠰᠡᠨ ᠦ᠌ ᠪᠡᠶ᠎ᠡ ᠡᠴᠡ ᠴᠢᠰᠤ ᠭᠠᠷᠭᠠᠬᠤ᠂ ᠪᠤᠷᠬᠠᠨ ᠬᠤᠸᠠᠷᠠᠭ ᠤ᠋ᠳ ᠤ᠋ᠨ ᠨᠥᠬᠥᠷ ᠰᠠᠯᠭᠠᠬᠤ᠂ ᠰᠦᠮ᠎ᠡ ᠰᠤᠪᠤᠷᠭ᠎ᠠ ᠡᠪᠳᠡᠬᠦ᠂ ᠰᠦᠵᠢᠭᠲᠦ᠍ ᠡᠳ᠋ ᠪᠤᠯᠢᠶᠠᠬᠤ᠂ ᠳᠦᠯᠪᠡ ᠬᠢᠭᠡᠳ ᠸᠠᠨᠠᠢ ᠶ᠋ᠢᠨ ᠵᠠᠰᠠᠭ ᠡᠪᠳᠡᠬᠦ᠂ ᠳᠢᠶᠠᠨᠴᠢ ᠶ᠋ᠢᠨ ᠢᠳᠡᠭᠡ ᠶ᠋ᠢ ᠢᠳᠡᠬᠦ᠂ ᠠᠮᠢᠲᠠᠨ ᠤ᠋ ᠠᠮᠢ ᠲᠠᠰᠤᠯᠬᠤ᠂ ᠡᠰᠡ ᠥᠭᠭᠦᠭᠰᠡᠨ ᠢ᠋ ᠠᠪᠬᠤ ᠭᠡᠬᠦᠴᠢᠯᠡᠨ ᠴᠥᠮ ᠶᠡᠬᠡ ᠬᠠᠷ᠎ᠠ ᠨᠢᠭᠦᠯ ᠪᠣᠯᠤᠨ᠎ᠠ᠃ ᠲᠡᠢᠮᠦ ᠶᠠᠪᠤᠳᠠᠯ ᠢ᠋ ᠲᠡᠪᠴᠢᠬᠦ ᠶᠣᠰᠣᠲᠠᠢ᠃
      ᠬᠤᠳᠠᠯ ᠦᠭᠡ᠂ ᠬᠣᠪ ᠦᠭᠡ᠂ ᠣᠯᠬᠢᠶ᠎ᠠ ᠦᠭᠡ᠂ ᠰᠢᠷᠦᠭᠦᠨ ᠦᠭᠡ ᠡᠳᠡ ᠪᠠᠰᠠ ᠬᠡᠯᠡᠨ ᠦ᠌ ᠨᠢᠭᠦᠯ᠃ ᠬᠣᠣᠷᠲᠤ ᠰᠡᠳᠬᠢᠯ᠂ ᠬᠣᠮᠣᠬᠠᠯᠵᠠᠬᠤ ᠰᠡᠳᠬᠢᠯ᠂ ᠪᠤᠷᠤᠭᠤ ᠦᠵᠡᠯ ᠡᠨᠡ ᠪᠠᠰᠠ ᠰᠡᠳᠬᠢᠯ ᠦ᠋ᠨ ᠭᠡᠮ ᠮᠥᠨ᠃ ᠡᠨᠡᠴᠢᠯᠡᠨ ᠦᠢᠯᠡᠳᠪᠡᠰᠦ ᠨᠢᠭᠦᠯ ᠠᠯᠳᠠᠰ ᠪᠣᠯᠤᠨ᠎ᠠ》 ᠭᠡᠵᠦ ᠪᠠᠭᠰᠢ ᠨᠢ ᠰᠠᠩᠵᠢ ᠭᠡᠰᠦᠯ ᠳ᠋ᠦ᠍ ᠴᠠᠭ ᠦᠷᠭᠦᠯᠵᠢ ᠰᠤᠷᠭᠠᠨ ᠵᠢᠭᠠᠳᠠᠭ ᠪᠠᠢᠯ᠎ᠠ᠃ ᠲᠡᠷᠡ ᠪᠦᠷᠦᠢ ᠳ᠋ᠦ᠍ ᠲᠣᠬᠢᠷᠠᠭᠰᠠᠨ ᠵᠠᠯᠬᠠᠭᠠᠯᠲᠠ ᠲᠠᠮᠤ ᠶ᠋ᠢᠨ ᠣᠷᠣᠨ ᠳ᠋ᠤ᠌ ᠪᠤᠢ ᠭᠡᠨ᠎ᠡ᠃ ᠬᠡᠯᠡᠨ ᠦ᠌ ᠨᠢᠭᠦᠯ ᠬᠢᠭᠰᠡᠨ ᠬᠥᠮᠦᠨ ᠲᠠᠮᠤ ᠶ᠋ᠢᠨ ᠣᠷᠣᠨ ᠳ᠋ᠤ᠌ ᠣᠴᠢᠬᠤ ᠳ᠋ᠤ᠌ ᠬᠡᠯᠡ ᠨᠢ ᠰᠤᠨᠤᠨ ᠲᠣᠮᠣᠷᠴᠤ ᠠᠰᠤᠷᠤ ᠲᠣᠮᠣ ᠪᠣᠯᠤᠨ᠎ᠠ᠃ ᠲᠡᠭᠡᠭᠡᠳ ᠲᠡᠷᠡ ᠰᠤᠨᠵᠤ ᠲᠠᠯ᠎ᠠ ᠬᠥᠨᠳᠡᠢ ᠮᠡᠲᠦ ᠪᠣᠯᠴᠢᠬᠠᠭᠰᠠᠨ ᠤᠷᠲᠤ ᠥᠷᠭᠡᠨ ᠬᠡᠯᠡᠨ ᠳᠡᠭᠡᠷ᠎ᠡ ᠨᠢ ᠲᠠᠮᠦ ᠶᠢᠨ ᠬᠢᠨ ᠠᠨᠵᠢᠰᠤ ᠪᠠᠷ ᠬᠠᠭᠠᠯᠵᠤ ᠲᠠᠷᠢᠶ᠎ᠠ ᠲᠠᠷᠢᠨ᠎ᠠ᠃ ᠲᠡᠢᠨ ᠬᠦ᠌ ᠡᠪᠡᠳᠬᠦ ᠨᠢ ᠲᠡᠰᠬᠦᠶ᠎ᠡ ᠪᠡᠷᠬᠡ ᠪᠣᠯᠵᠤ ᠵᠣᠪᠠᠯᠠᠩ ᠡᠳ᠋ᠯᠡᠨ᠎ᠡ᠃ ᠡᠢᠮᠦ ᠳ᠋ᠦ᠍ ᠣᠯᠠᠨ ᠲᠥᠷᠥᠯ ᠦ᠋ᠨ ᠨᠢᠭᠦᠯ ᠢ᠋ ᠲᠡᠪᠴᠢᠵᠦ ᠪᠠᠢ》 ᠭᠡᠵᠦ ᠪᠠᠭᠰᠢ ᠯᠠᠮ᠎ᠠ ᠴᠠᠭ ᠦᠷᠭᠦᠯᠵᠢ ᠰᠤᠷᠭᠠᠨ᠎ᠠ᠃  ᠭᠡᠰᠦᠯ ᠰᠠᠩᠵᠢ ᠲᠡᠭᠦᠨ ᠢ᠋ ᠬᠡᠵᠢᠶ᠎ᠡ᠂ ᠬᠠᠮᠢᠭ᠎ᠠ ᠴᠤ᠌ ᠮᠠᠷᠲᠠᠬᠤ ᠪᠠᠷ ᠦᠭᠡᠢ ᠴᠡᠭᠡᠵᠢᠯᠡᠵᠦ ᠠᠪᠴᠠᠢ᠃ ᠠᠶᠤᠮᠰᠢᠭᠲᠤ ᠲᠡᠷᠡ ᠲᠠᠮᠤ ᠨᠤᠭᠤᠳ ᠲᠤ᠌ ᠣᠷᠣᠴᠢᠬᠠᠬᠤ ᠦᠭᠡᠢ ᠶᠤᠮᠰᠠᠨ ᠭᠡᠵᠦ ᠦᠷᠭᠦᠯᠵᠢ ᠬᠢᠴᠢᠶᠡᠨ᠎ᠡ᠃ ᠪᠤᠰᠤᠳ ᠢ᠋ ᠴᠦ᠍ ᠮᠥᠨ ᠲᠡᠭᠡᠵᠦ ᠰᠤᠷᠭᠠᠬᠤ ᠶᠣᠰᠣᠲᠠᠢ᠃
      ᠨᠢᠭᠦᠯᠲᠡᠨ ᠢ᠋ ᠶᠠᠭᠠᠬᠢᠵᠤ ᠮᠡᠳᠡᠳᠡᠭ ᠪᠣᠢ? ᠭᠡᠵᠦ ᠨᠢᠭᠡᠨ ᠤᠳᠠᠭ᠎ᠠ ᠰᠠᠩᠵᠢ ᠪᠠᠭᠰᠢ ᠯᠠᠮᠠ ᠠ᠋ᠴᠠ ᠪᠠᠨ ᠠᠰᠠᠭᠤᠵᠤ ᠪᠢᠯᠡ᠃ ᠪᠠᠭᠰᠢ ᠨᠢ ᠢᠨᠢᠶᠡᠮᠰᠦᠭᠯᠡᠵᠦ᠄
     – ᠲᠠᠮᠤ ᠶ᠋ᠢᠨ ᠣᠷᠣᠨ ᠤ᠋ ᠡᠵᠡᠨ ᠡᠷᠯᠢᠭ ᠨᠣᠮᠣᠨ ᠬᠠᠨ ᠴᠣᠢᠵᠢᠯ ᠭᠡᠭᠴᠢ ᠪᠣᠯ ᠨᠢᠭᠡᠨ ᠭᠠᠷ ᠲᠤ ᠲᠣᠯᠢ᠂ ᠨᠥᠬᠥᠭᠡ ᠭᠠᠷ ᠲᠤ᠌ ᠴᠡᠩᠨᠡᠭᠦᠷ ᠪᠠᠷᠢᠭᠠᠳ ᠬᠠᠭᠠᠨ ᠰᠢᠷᠡᠭᠡᠨ ᠳ᠋ᠡᠭᠡᠨ ᠵᠠᠯᠠᠷᠠᠵᠤ ᠪᠠᠢᠳᠠᠭ ᠶᠤᠮ᠃ ᠭᠡᠭᠡᠨ ᠲᠣᠯᠢᠨ ᠳ᠋ᠤ᠌ ᠨᠢ ᠲᠠᠮᠤ ᠳ᠋ᠤ᠌ ᠣᠴᠢᠵᠤ ᠪᠠᠢᠭ᠎ᠠ ᠬᠥᠮᠦᠨ ᠦ᠌ ᠪᠦᠬᠦᠢᠯᠡ ᠶᠠᠪᠤᠳᠠᠯ ᠬᠡᠷᠡᠭ ᠲᠣᠳᠣᠷᠠᠨ ᠬᠠᠷᠠᠭᠳᠠᠳᠠᠭ᠃ ᠲᠡᠭᠦᠨ ᠦ᠌ ᠨᠢ ᠬᠦᠨᠳᠦ᠂ ᠬᠥᠩᠭᠡᠨ ᠢ᠋ ᠴᠡᠩᠨᠡᠭᠦᠷ ᠢ᠋ᠶ᠋ᠡᠷ ᠳᠠᠩᠰᠠᠯᠠᠨ ᠲᠣᠭᠲᠠᠭᠠᠭᠠᠳ ᠨᠢᠭᠡ ᠪᠣᠯ ᠬᠠᠯᠠᠭᠤᠨ᠂ ᠨᠢᠭᠡ ᠪᠣᠯ ᠬᠦᠢᠲᠡᠨ ᠲᠠᠮᠤ ᠳ᠋ᠤ᠌ ᠲᠡᠭᠦᠨ ᠢ᠋ ᠰᠢᠭᠤᠳ ᠰᠢᠳᠡᠨ᠎ᠡ᠃ ᠶᠢᠰᠦ ᠶᠢᠰᠦ  ᠪᠡᠷ ᠲᠠᠮᠤ ᠬᠤᠪᠢᠶᠠᠭᠳᠠᠨ᠎ᠠ᠃ ᠶᠢᠰᠦᠨ ᠬᠠᠯᠠᠭᠤᠨ᠂ ᠶᠢᠰᠦᠨ ᠬᠦᠢᠲᠡᠨ ᠲᠠᠮᠤ ᠪᠣᠢ᠃ ᠲᠡᠳᠡᠭᠡᠷ ᠥᠪᠡᠷ ᠬᠣᠭᠣᠷᠣᠨᠳᠣ ᠪᠠᠨ ᠢᠯᠭᠠᠭ᠎ᠠ ᠲᠠᠢ᠃ ᠬᠠᠷ᠎ᠠ ᠱᠤᠭᠤᠮᠲᠤ ᠲᠠᠮᠤ ᠳ᠋ᠤ᠌ ᠣᠷᠣᠭᠰᠠᠨ ᠬᠥᠮᠦᠨ ᠦ᠌ ᠪᠡᠶ᠎ᠡ ᠳ᠋ᠦ᠍᠂ ᠵᠢᠱ᠌ᠢᠶ᠎ᠡ ᠨᠢ ᠬᠠᠷ᠎ᠠ ᠵᠢᠷᠤᠭᠠᠰᠤ ᠲᠠᠲᠠᠭᠳᠠᠨ᠎ᠠ᠃ ᠲᠡᠷᠡ ᠵᠢᠷᠤᠭᠠᠰᠤ ᠶ᠋ᠢ ᠳᠠᠭᠠᠭᠤᠯᠤᠨ ᠴᠢᠳᠬᠥᠷ ᠦ᠋ᠳ ᠨᠢᠭᠦᠯᠲᠡᠨ ᠦ᠌ ᠪᠡᠶ᠎ᠡ ᠤᠷᠤᠭᠤ ᠬᠠᠳᠠᠭᠠᠰᠤ ᠰᠢᠭᠠᠵᠤ ᠵᠣᠪᠠᠭᠠᠨ᠎ᠠ᠃ ᠡᠰᠡᠪᠡᠯ ᠲᠡᠷᠡ ᠵᠢᠷᠤᠭᠠᠰᠤ ᠶ᠋ᠢ ᠳᠠᠭᠠᠭᠤᠯᠤᠨ ᠬᠡᠷᠴᠢᠨ᠎ᠡ᠃ ᠬᠡᠷᠴᠢᠵᠦ ᠳᠠᠭᠤᠰᠤᠮᠠᠭᠴᠠ ᠨᠢᠭᠦᠯᠲᠡᠨ ᠦ᠌ ᠪᠡᠶ᠎ᠡ ᠳᠠᠬᠢᠭᠠᠳ ᠯᠠ ᠬᠡᠪ ᠲᠡᠭᠡᠨ ᠣᠷᠣᠨ᠎ᠠ᠃ ᠳᠠᠬᠢᠭᠠᠳ ᠬᠠᠳᠠᠭᠳᠠᠬᠤ᠂ ᠬᠡᠷᠴᠢᠭᠳᠡᠬᠦ ᠵᠣᠪᠠᠯᠠᠩ ᠢ᠋ ᠪᠡᠨ ᠡᠳ᠋ᠯᠡᠨ᠎ᠡ᠃ ᠶᠡᠷᠦ ᠨᠢ ᠲᠠᠮᠤ ᠶ᠋ᠢᠨ ᠬᠥᠮᠦᠨ ᠦᠬᠦᠬᠦ᠂ ᠰᠡᠬᠡᠬᠦ  ᠶᠢᠨ ᠬᠣᠭᠣᠷᠣᠨᠳᠣ ᠪᠠᠢᠵᠤ ᠲᠠᠷᠴᠢᠯᠠᠨ ᠵᠣᠪᠠᠬᠤ ᠯᠠ ᠭᠠᠭᠴᠠᠬᠠᠨ ᠦᠢᠯᠡ ᠶ᠋ᠢ ᠡᠳ᠋ᠯᠡᠳᠡᠭ ᠶᠦᠮ᠃ ᠬᠦᠢᠲᠡᠨ ᠳᠡᠮᠦ ᠳ᠋ᠦ᠍ ᠵᠢᠱ᠌ᠢᠶ᠎ᠡ ᠨᠢ 《ᠲᠠᠲᠠᠢ᠂ ᠲᠠᠲᠠᠢ》 ᠭᠡᠳᠡᠭ ᠲᠠᠮᠤ ᠪᠣᠢ᠃ ᠲᠡᠨᠳᠡ ᠴᠠᠭ ᠦᠷᠭᠦᠯᠵᠢ 《ᠲᠠᠲᠠᠢ᠂ ᠲᠠᠲᠠᠢ ᠭᠡᠮᠡᠨ ᠣᠷᠢᠯᠠᠵᠤ ᠰᠢᠳᠦ ᠨᠢ ᠬᠠᠪᠵᠢᠭᠢᠨᠠᠨ ᠪᠡᠶ᠎ᠡ ᠨᠢ ᠬᠥᠯᠳᠡᠵᠦ ᠳᠠᠬᠢᠨ ᠪᠠᠰᠠ ᠭᠡᠰᠴᠦ ᠪᠠᠢᠳᠠᠭ᠃ ᠨᠢᠭᠦᠯ ᠦ᠋ᠨ ᠢ᠋ᠶ᠋ᠡᠨ ᠬᠡᠮᠵᠢᠶ᠎ᠡ ᠪᠠᠷ ᠯᠠ ᠲᠠᠮᠤ ᠶ᠋ᠢᠨ ᠣᠷᠣᠨ ᠨᠢ ᠣᠨᠣᠭᠳᠠᠳᠠᠭ ᠶᠤᠮ ᠭᠡᠵᠦ ᠪᠠᠭᠰᠢ ᠨᠢ ᠵᠢᠭᠠᠵᠤ ᠪᠢᠯᠡ᠃ ᠪᠦᠷ ᠪᠠᠨᠳᠢ ᠪᠠᠢᠬᠤ ᠳ᠋ᠠᠭᠠᠨ ᠰᠠᠩᠵᠢ᠄
      – ᠪᠠᠭᠰᠢ  ᠡ᠂ ᠲᠡᠷᠡ ᠠᠶᠤᠮᠰᠢᠭᠲᠠᠢ ᠲᠠᠮᠤ ᠶ᠋ᠢᠨ ᠣᠷᠣᠨ ᠴᠢᠨᠢ ᠬᠠᠮᠢᠭ᠎ᠠ ᠪᠠᠢᠳᠠᠭ ᠪᠣᠢ? ᠦᠵᠡᠵᠦ ᠪᠣᠯᠬᠤ ᠤᠤ? ᠭᠡᠰᠡᠨ ᠳ᠋ᠦ᠍ ᠪᠠᠭᠰᠢ ᠨᠢ ᠲᠡᠭᠦᠨ ᠢ᠋ ᠥᠷᠥ ᠡᠪᠡᠳᠴᠦ᠄
      – ᠲᠠᠮᠤ ᠶ᠋ᠢᠨ ᠣᠷᠣᠨ ᠢ᠋ ᠠᠮᠢᠳᠤ ᠬᠥᠮᠦᠨ ᠦᠵᠡᠬᠦ ᠶᠣᠰᠣ ᠦᠭᠡᠢ᠂ ᠦᠬᠦᠵᠦ ᠲᠥᠷᠥᠯ ᠠᠷᠠᠯᠵᠢᠬᠤ ᠳ᠋ᠠᠭᠠᠨ ᠯᠠ ᠲᠡᠨᠳᠡ ᠣᠴᠢᠳᠠᠭ ᠶᠤᠮ᠃ ᠶᠡᠷᠦ ᠨᠢ ᠲᠠᠮᠤ ᠶ᠋ᠢᠨ ᠣᠷᠣᠨ ᠢ᠋ ᠦᠵᠡᠬᠦ ᠰᠡᠨ ᠭᠡᠵᠦ ᠪᠣᠳᠣᠳᠠᠭ ᠬᠥᠮᠦᠨ ᠬᠣᠷᠸ᠎ᠠ ᠳᠤ ᠲᠥᠷᠥᠭᠡ ᠦᠭᠡᠢ᠃ ᠴᠥᠮ ᠯᠡ ᠳ᠋ᠧᠪᠠᠵᠠᠨ᠂ ᠰᠣᡁᠠᠪᠠᠳ᠋ ᠤ᠋ᠨ ᠣᠷᠣᠨ ᠢ᠋ ᠬᠦᠰᠡᠳᠡᠭ ᠶᠦᠮ᠃ ᠲᠠᠮᠤ ᠶᠢᠨ ᠣᠷᠣᠨ ᠢ᠋ ᠦᠵᠡᠶ᠎ᠡ ᠭᠡᠬᠦ ᠳ᠋ᠦ᠍ ᠨᠢᠭᠦᠯ ᠬᠢᠭᠡ ᠦᠭᠡᠢ ᠬᠥᠮᠦᠨ ᠪᠣᠯ ᠶᠠᠭᠠᠬᠢᠭᠠᠳ ᠴᠤ᠌ ᠲᠡᠨᠳᠡ ᠣᠴᠢᠬᠤ ᠦᠭᠡᠢ᠃ ᠡᠷᠯᠢᠭ ᠨᠣᠮᠣᠨ ᠬᠠᠭᠠᠨ ᠲᠡᠭᠦᠨ ᠢ᠋ ᠠᠪᠬᠤ ᠴᠤ᠌ ᠦᠭᠡᠢ ᠭᠡᠵᠦ ᠰᠤᠷᠭᠠᠭᠰᠠᠨ ᠪᠢᠯᠡ᠃ ᠲᠡᠭᠦᠨ ᠡᠴᠡ ᠬᠣᠢᠰᠢ ᠭᠡᠰᠦᠯ ᠰᠠᠩᠵᠢ ᠲᠠᠮᠤ ᠶ᠋ᠢᠨ ᠣᠷᠣᠨ ᠢ᠋ ᠦᠵᠡᠬᠦ ᠲᠤᠬᠠᠢ ᠪᠠᠭᠰᠢ ᠠ᠋ᠴᠠ ᠪᠠᠨ ᠳᠠᠬᠢᠨ ᠠᠰᠠᠭᠤᠭ᠎ᠠ ᠦᠭᠡᠢ᠃ ᠬᠠᠷᠢᠨ ᠪᠠᠭᠰᠢ ᠨᠢ ᠪᠤᠶᠠᠨᠵᠠᠯᠪᠠᠷᠢᠬᠤ ᠬᠡᠢᠳ ᠦ᠋ᠨ ᠪᠠᠭ᠎ᠠ ᠳᠤᠭᠠᠩ ᠳ᠋ᠤ᠌ ᠪᠠᠢᠳᠠᠭ ᠲᠠᠮᠤ ᠶ᠋ᠢᠨ ᠣᠷᠣᠨ ᠤ᠋ ᠵᠢᠷᠤᠭ ᠢ᠋ ᠦᠵᠡᠭᠦᠯᠦᠨ ᠤᠳᠠᠲᠠᠯ᠎ᠠ ᠶᠠᠷᠢᠵᠤ ᠥᠭᠴᠦ ᠪᠢᠯᠡ᠃
      《ᠭᠤᠷᠪᠠᠨ ᠮᠢᠩᠭ᠎ᠠ᠂ ᠶᠡᠬᠡ ᠮᠢᠩᠭᠠᠨ ᠶᠢᠷᠲᠢᠨᠴᠦ ᠶ᠋ᠢᠨ ᠴᠠᠭᠠᠨ᠎ᠠ ᠣᠳᠤᠨ᠎ᠠ ᠭᠡᠵᠦ ᠪᠠᠭᠰᠢ ᠮᠠᠨᠢ ᠶᠠᠷᠢᠵᠤ ᠪᠠᠢᠭᠰᠠᠨ᠃ ᠲᠡᠷᠡ ᠴᠢᠨᠢ ᠪᠠᠭᠰᠢ ᠶ᠋ᠢᠨ ᠵᠢᠭᠠᠭᠰᠠᠨ ᠢ᠋ᠶ᠋ᠠᠷ ᠰᠣᡁᠠᠪᠠᠳ᠋ ᠤ᠋ᠨ ᠪᠤᠶᠤ ᠳ᠋ᠧᠪᠠᠵᠠᠨ ᠤ ᠣᠷᠣᠨ ᠪᠠᠢᠬᠤ ᠤᠴᠢᠷᠲᠠᠢ᠃ ᠬᠥᠭᠡᠷᠦᠬᠦᠢ ᠪᠠᠭᠰᠢ ᠮᠠᠨᠢ ᠳ᠋ᠧᠪᠠᠵᠠᠨ ᠳ᠋ᠤ᠌ ᠣᠴᠢᠬᠤ ᠶᠢ ᠮᠥᠷᠥᠭᠡᠳᠴᠦ ᠪᠠᠢᠵᠠᠢ᠃ ᠲᠡᠷᠡ ᠨᠢ ᠶᠣᠰᠣᠭᠠᠷ ᠪᠣᠯᠬᠤ ᠪᠣᠯᠲᠤᠭᠠᠢ ᠭᠡᠵᠦ ᠰᠠᠩᠵᠢ ᠭᠡᠰᠦᠯ ᠷᠠᠰᠢᠶᠠᠨ ᠰᠦᠷᠴᠢᠮᠳᠡᠵᠦ ᠪᠠᠢᠬᠤ ᠵᠠᠭᠤᠷ᠎ᠠ ᠪᠠᠨ ᠪᠣᠳᠣᠯ᠎ᠠ᠃ ᠷᠠᠰᠢᠶᠠᠨ ᠰᠦᠷᠴᠢᠮᠲᠡᠭᠦ  ᠪᠤᠶᠤ ᠲᠠᠷᠨᠢᠳᠠᠬᠤ ᠭᠡᠭᠴᠢ ᠨᠢ ᠰᠦᠮ᠎ᠡ ᠳ᠋ᠦ᠍ ᠮᠥᠷᠭᠥᠯ ᠦ᠋ᠨ ᠤᠩᠰᠢᠯᠭ᠎ᠠ ᠳᠠᠭᠤᠰᠬᠤ ᠳ᠋ᠤ᠌ ᠬᠣᠶᠠᠷ ᠯᠠᠮᠠ ᠭᠦᠴᠡ ᠲᠡᠢ ᠴᠡᠭᠡᠷ ᠤᠰᠤ ᠠᠪᠴᠤ ᠢᠷᠡᠵᠦ ᠪᠦᠬᠦ ᠯᠠᠮᠠ  ᠨᠠᠷᠠ ᠶᠢ ᠲᠣᠭᠣᠷᠢᠭᠤᠯᠤᠨ ᠶᠠᠪᠤᠭᠤᠯᠵᠤ ᠲᠠᠷᠢᠨᠠᠳᠠᠭᠤᠯᠬᠤ ᠵᠠᠩ ᠦᠢᠯᠡ ᠶᠦᠮ᠃ ᠦᠯᠦ ᠮᠡᠳᠡᠭ ᠴᠡᠭᠡᠷ ᠥᠩᠭᠡ ᠲᠡᠢ ᠪᠣᠯᠲᠠᠯ᠎ᠠ ᠨᠢ ᠰᠦ᠋ ᠲᠡᠢ ᠬᠣᠯᠢᠭᠰᠠᠨ ᠤᠰᠤ ᠶ᠋ᠢ ᠭᠦᠴᠡᠨ ᠳ᠋ᠦ᠍ ᠬᠢᠵᠦ ᠮᠥᠨ ᠠᠷᠴᠠ ᠬᠥᠬᠥᠯ ᠤᠩᠭᠤᠳᠬᠠᠭᠰᠠᠨ ᠰᠠᠩ ᠤᠨ ᠬᠠᠮᠲᠤ ᠯᠠᠮᠠ ᠪᠦᠷᠢ ᠶ᠋ᠢᠨ ᠡᠮᠦᠨ᠎ᠡ ᠬᠣᠶᠠᠷ ᠯᠠᠮᠠ ᠠᠪᠠᠴᠢᠬᠤ ᠳ᠋ᠤ᠌ ᠯᠠᠮᠠ ᠨᠢ ᠲᠡᠳᠡᠭᠡᠷ ᠤᠷᠤᠭᠤ ᠦᠯᠢᠶᠡᠵᠦ ᠲᠠᠷᠨᠢᠳᠠᠨ᠎ᠠ᠃ ᠲᠡᠭᠡᠵᠦ ᠡᠯᠳᠡᠪ ᠮᠠᠭᠤ ᠶᠠᠭᠤᠮᠠᠨ ᠠ᠋ᠴᠠ ᠠᠷᠢᠭᠤᠳᠬᠠᠯ ᠦᠢᠯᠡᠳᠴᠦ ᠪᠠᠢᠭ᠎ᠠ ᠶ᠋ᠢᠨ ᠵᠠᠩ ᠦᠢᠯᠡ ᠬᠢᠨ᠎ᠡ᠃
      《ᠪᠠᠭᠰᠢ ᠶ᠋ᠢᠨ ᠵᠠᠮ ᠳ᠋ᠤ᠌ ᠰᠠᠭᠠᠳ ᠲᠣᠳᠬᠠᠷ ᠪᠦᠦ ᠲᠣᠬᠢᠶᠠᠯᠳᠤᠭ》 ᠭᠡᠵᠦ ᠲᠣᠯᠣᠭᠠᠢ ᠳ᠋ᠠᠭᠠᠨ ᠪᠢᠰᠢᠯᠭᠠᠭᠠᠳ ᠰᠠᠩᠵᠢ ᠭᠡᠰᠦᠯ ᠷᠠᠰᠢᠶᠠᠨ ᠲᠠᠷᠨᠢᠳᠠᠪᠠ᠃
      ᠵᠢᠷᠭᠤᠭᠠᠨ ᠵᠦᠢᠯ ᠠᠮᠢᠲᠠᠨ ᠤ᠋ ᠲᠤᠰᠠ ᠶ᠋ᠢᠨ ᠲᠤᠯᠠᠳᠠ ᠪᠤᠷᠬᠠᠨ ᠤ᠋ ᠱᠠᠪᠢ ᠨᠠᠷ ᠵᠠᠪ ᠵᠠᠢ ᠦᠭᠡᠢ ᠬᠤᠷᠠᠯ ᠬᠤᠷᠠᠵᠤ᠂ ᠤᠩᠰᠢᠯᠭ᠎ᠠ ᠦᠢᠯᠡᠳᠴᠦ ᠪᠠᠢᠳᠠᠭ ᠪᠣᠯᠪᠠᠴᠤ ᠪᠢᠷᠢᠳ᠂ ᠲᠠᠮᠤ ᠶ᠋ᠢᠨ ᠣᠷᠣᠨ ᠢ᠋ ᠶᠠᠭᠤᠨ ᠳ᠋ᠤ᠌ ᠭᠡᠵᠦ ᠮᠠᠨᠢ ᠶ᠋ᠢᠨ ᠵᠢᠷᠭᠤᠭᠠᠨ ᠦᠰᠦᠭ ᠲᠦ᠍ ᠣᠷᠣᠭᠤᠯᠤᠨ ᠶᠠᠭᠤᠮ᠎ᠠ ᠪᠦᠬᠦᠨ ᠦ᠌ ᠡᠬᠢᠨ ᠳ᠋ᠦ᠍ 《ᠣᠮ ᠮᠠ᠋ ᠪᠠᠨ ᠨᠢ ᠪᠠᠳ ᠮᠸ ᠬᠤᠮ》 ᠭᠡᠵᠦ ᠤᠩᠰᠢᠭᠰᠠᠭᠠᠷ ᠪᠠᠢᠳᠠᠭ ᠢ᠋ ᠬᠡᠪ ᠭᠡᠨᠡᠳᠲᠡ ᠰᠠᠩᠵᠢ ᠭᠡᠰᠦᠯ ᠭᠠᠢᠬᠠᠨ ᠡᠷᠭᠢᠴᠡᠭᠦᠯᠪᠡ᠃ ᠤᠳᠬ᠎ᠠ ᠶ᠋ᠢ ᠤᠷᠢᠲᠤ ᠨᠢ ᠪᠣᠳᠣᠳᠠᠭ ᠦᠭᠡᠢ ᠪᠠᠢᠵᠠᠢ᠃《ᠲᠩᠷᠢ᠂ ᠠᠰᠤᠷᠢ ᠂ ᠬᠥᠮᠦᠨ᠂ ᠠᠳᠤᠭᠤᠰᠤᠨ ᠤ᠋ ᠲᠥᠯᠥᠭᠡ ᠴᠦ᠍ ᠮᠥᠷᠭᠥᠨ ᠵᠠᠯᠪᠠᠷᠢᠵᠤ ᠪᠣᠯᠬᠤ ᠶᠤᠮ᠃ ᠭᠡᠲᠡᠯ᠎ᠡ ᠪᠢᠷᠢᠳ᠂ ᠲᠠᠮᠤ ᠶ᠋ᠢᠨ ᠣᠷᠣᠨ ᠤ᠋ ᠬᠢᠨ ᠦ᠌ ᠲᠥᠯᠥᠭᠡ ᠶᠠᠭᠠᠬᠢᠭᠠᠳ ᠰᠦᠵᠢᠭᠯᠡᠳᠡᠭ ᠪᠢᠯᠡ? ᠲᠡᠢᠮᠦ ᠣᠷᠣᠨ ᠪᠠᠢᠳᠠᠭ ᠪᠣᠯ᠂ ᠲᠡᠨᠳᠡ ᠣᠴᠢᠬᠤ ᠶ᠋ᠢ ᠬᠦᠰᠡᠳᠡᠭ ᠦᠭᠡᠢ ᠪᠣᠯ ᠶᠠᠭᠠᠬᠢᠭᠠᠳ ᠲᠡᠭᠦᠨ ᠦ᠌ ᠲᠤᠬᠠᠢ ᠳ᠋ᠤ᠌ ᠤᠩᠰᠢᠯᠭ᠎ᠠ ᠬᠢᠳᠡᠭ ᠪᠢᠯᠡ》 ᠭᠡᠵᠦ ᠭᠡᠨᠡᠳᠲᠡ ᠪᠣᠳᠣᠪᠠ᠃ ᠡᠢᠮᠦ ᠪᠣᠳᠣᠯ ᠰᠠᠩᠵᠢ ᠶ᠋ᠢᠨ ᠲᠣᠯᠣᠭᠠᠢ ᠳ᠋ᠤ᠌ ᠬᠡᠵᠢᠶ᠎ᠡ ᠴᠦ᠍ ᠣᠷᠣᠵᠤ ᠪᠠᠢᠭ᠎ᠠ ᠦᠭᠡᠢ᠃ ᠤᠴᠢᠷ ᠨᠢ ᠮᠠᠨᠢ ᠶ᠋ᠢᠨ ᠵᠢᠷᠭᠤᠭᠠᠨ ᠦᠰᠦᠭ ᠦ᠋ᠨ ᠭᠦᠨ ᠤᠳᠬ᠎ᠠ ᠶᠢ ᠣᠢᠯᠠᠭᠠᠳᠠᠭ ᠦᠭᠡᠢ ᠬᠡᠢ ᠴᠡᠭᠡᠵᠢᠯᠡᠭᠰᠡᠨ ᠪᠠᠢᠳᠠᠭ ᠪᠠᠢᠯ᠎ᠠ᠃ ᠣᠳᠣ ᠪᠣᠯᠬᠣᠷ ᠲᠠᠪᠤᠲᠠᠢ ᠠ᠋ᠴᠠ ᠪᠠᠨ ᠤᠪᠠᠰᠤ᠂ ᠳᠣᠯᠣᠭ᠎ᠠ ᠲᠠᠢ ᠠ᠋ᠴᠠ ᠪᠠᠨ ᠪᠠᠨᠳᠢ᠂ ᠠᠷᠪᠠᠨ ᠲᠠᠪᠤ ᠲᠠᠢ ᠠ᠋ᠴᠠ ᠪᠠᠨ ᠭᠡᠰᠦᠯ ᠥᠨᠥ ᠬᠣᠷᠢᠭᠠᠳ ᠨᠠᠰᠤᠨ ᠤ᠋ ᠣᠢ ᠳ᠋ᠤ᠌ ᠵᠣᠯᠭᠠᠬᠤ ᠵᠠᠪᠰᠠᠷ ᠱᠠᠰᠢᠨ ᠤ᠋ ᠤᠬᠠᠭᠠᠨ ᠠ᠋ᠴᠠ ᠥᠭᠡᠷ᠎ᠡ ᠶᠠᠭᠤ ᠴᠦ᠍ ᠰᠣᠨᠢᠷᠬᠠᠯ ᠦᠭᠡᠢ ᠪᠡᠷ ᠵᠠᠪᠰᠠᠷ ᠦᠭᠡᠢ ᠦᠵᠡᠨ ᠰᠤᠳᠤᠯᠵᠤ ᠶᠠᠪᠤᠳᠠᠭ ᠤ᠋ᠨ ᠦᠷ᠎ᠡ ᠪᠡᠷ ᠭᠡᠨᠡᠳᠲᠡ ᠡᠷᠡᠭᠡᠯᠵᠡᠭᠡ ᠲᠥᠷᠦᠳᠡᠭ ᠶᠦᠮ ᠪᠣᠯᠪᠠ ᠤᠤ ᠭᠡᠮᠡᠷ᠃ ᠲᠡᠭᠡᠭᠡᠳ᠄
      – ᠨᠢᠭᠦᠯ ᠠᠯᠳᠠᠰ ᠪᠣᠯᠤᠨ᠎ᠠ᠃  ᠪᠣᠣ ᠡᠢᠮᠦ ᠶᠠᠭᠤᠮ᠎ᠠ ᠪᠣᠳᠣ! ᠭᠡᠵᠦ  ᠭᠡᠰᠦᠯ ᠰᠠᠩᠵᠢ ᠥᠪᠡᠷᠲᠡᠭᠡᠨ ᠲᠤᠰᠢᠶᠠᠯ᠎ᠠ᠃ ᠨᠢᠭᠦᠯ᠂ ᠪᠤᠶᠠᠨ ᠤ ᠢᠯᠭᠠᠯ ᠶᠠᠭᠤᠨ ᠪᠣᠯᠬᠤ ᠶ᠋ᠢ ᠲᠡᠭᠦᠨ ᠳ᠋ᠦ᠍ ᠡᠷᠭᠢᠴᠡᠭᠦᠯᠦᠨ ᠪᠣᠳᠣᠬᠤ ᠦᠶ᠎ᠡ ᠣᠯᠠᠨ ᠲᠣᠬᠢᠶᠠᠯᠳᠤᠭᠰᠠᠨ ᠪᠢᠯᠡ᠃ ᠪᠣᠳᠣᠬᠤ ᠪᠦᠷᠢ ᠳ᠋ᠡᠭᠡᠨ ᠪᠤᠷᠬᠠᠨ ᠱᠠᠰᠢᠨ ᠤ ᠨᠢᠭᠡᠨᠲᠡ ᠲᠣᠭᠲᠠᠭᠰᠠᠨ ᠶᠣᠰᠣᠨ ᠠ᠋ᠴᠠ ᠭᠠᠵᠢᠬᠤ ᠬᠠᠨᠳᠤᠯᠭ᠎ᠠ ᠭᠠᠷᠬᠤ ᠳ᠋ᠤ᠌ ᠭᠦᠷᠪᠡᠯ ᠥᠪᠡᠷ ᠢ᠋ ᠪᠡᠨ ᠵᠣᠭᠰᠣᠭᠠᠨ ᠬᠠᠵᠠᠭᠠᠷᠯᠠᠵᠤ 《ᠨᠢᠭᠦᠯ᠂ ᠠᠯᠳᠠᠰ ᠪᠣᠯᠤᠨ᠎ᠠ!》 ᠭᠡᠵᠦ ᠰᠡᠷᠡᠮᠵᠢᠯᠡᠳᠡᠭ ᠪᠠᠢᠯ᠎ᠠ᠃
      ᠮᠠᠨᠢ ᠶ᠋ᠢᠨ ᠦᠰᠦᠭ ᠢ᠋ ᠬᠡᠳᠦᠨ ᠰᠠᠶ᠎ᠠ᠂ ᠵᠢᠸ᠎ᠠ ᠳᠠᠬᠢᠨ ᠤᠩᠰᠢᠭᠰᠠᠨ ᠠ᠋ᠴᠠ ᠣᠷᠴᠢᠯᠠᠩ ᠬᠣᠷᠸ᠎ᠠ ᠶ᠋ᠢᠨ ᠬᠤᠪᠢ ᠵᠠᠶᠠᠭ᠎ᠠ ᠰᠠᠢᠵᠢᠷᠠᠳᠠᠭ ᠶᠤᠮ ᠪᠣᠯ ᠨᠢᠭᠡᠨᠲᠡ ᠲᠡᠢᠮᠦ ᠴᠠᠭ ᠢᠷᠡᠬᠦ ᠪᠣᠯᠤᠭᠰᠠᠨ ᠪᠢᠰᠢ ᠶᠤᠮ ᠤᠤ ? ᠡᠢᠮᠦ ᠠᠰᠠᠭᠤᠯᠲᠠ ᠬᠣᠵᠢᠮ ᠫᠠᠪᠠᠩᠬᠢᠶ᠎ᠠ ᠲᠣᠭᠣᠷᠢᠵᠤ ᠶᠠᠪᠤᠬᠤ ᠦᠶ᠎ᠡ ᠳ᠋ᠦ᠍ ᠭᠤᠨᠢᠭᠰᠠᠨ ᠰᠡᠳᠬᠢᠯ ᠳ᠋ᠦ᠍ ᠨᠢ ᠣᠷᠣᠵᠤ ᠯᠠ ᠪᠠᠢᠯ᠎ᠠ᠃ ᠲᠡᠷᠡ ᠪᠦᠬᠦᠨ ᠢ᠋ ᠬᠠᠷᠠᠭᠠᠯᠵᠠᠬᠤ ᠦᠭᠡᠢ ᠪᠡᠷ ᠮᠠᠨᠢ ᠶᠢᠨ ᠦᠰᠦᠭ ᠢ᠋ ᠪᠦᠬᠦ ᠨᠠᠰᠤ ᠪᠠᠷ ᠢ᠋ᠶ᠋ᠠᠨ ᠤᠩᠰᠢᠬᠤ ᠬᠤᠪᠢ ᠲᠠᠪᠢᠯᠠᠩ ᠳ᠋ᠤ᠌ ᠲᠡᠷᠡ ᠡᠷᠭᠢᠯᠲᠡ ᠦᠭᠡᠢ ᠵᠢᠪᠴᠡᠢ᠃