ᠣᠷᠣᠢ ᠦᠭᠡᠢ ᠰᠦᠮ᠎ᠡ – ᠶᠢᠰᠦ ᠂ ᠵᠣᠯᠢᠶᠠᠰᠤᠨ ᠳᠤ ᠭᠠᠷᠤᠭᠰᠠᠨ ᠰᠦᠵᠢᠭᠲᠡᠨ Оройгүй сүм – Ес ᠂ Зольнйсэнд гарсан сүжигтэн - Oroigui sum 9
ᠶᠢᠰᠦ ᠂ ᠵᠣᠯᠢᠶᠠᠰᠤᠨ ᠳᠤ ᠭᠠᠷᠤᠭᠰᠠᠨ ᠰᠦᠵᠢᠭᠲᠡᠨ
ᠬᠤᠷᠢᠮ ᠳ᠋ᠤ᠌ ᠬᠤᠪᠴᠠᠰᠤ ᠦᠭᠡᠢ ᠬᠡᠦᠬᠡᠨ ᠦᠨ᠎ᠡ ᠦᠭᠡᠢ
ᠬᠤᠷᠠᠯ ᠳ᠋ᠤ᠌ ᠨᠣᠮ ᠦᠭᠡᠢ ᠪᠠᠨᠳᠢ ᠦᠨ᠎ᠡ ᠦᠭᠡᠢ
ᠬᠤᠳᠠᠯᠳᠤᠭᠠᠨ ᠳ᠋ᠤ᠌ ᠰᠢᠳᠦ ᠦᠭᠡᠢ ᠲᠡᠮᠡᠭᠡ ᠦᠨ᠎ᠡ ᠦᠭᠡᠢ
ᠳᠠᠯᠠᠢ ᠯᠠᠮᠠ ᠶ᠋ᠢᠨ ᠱᠠᠪᠲᠠᠩ ᠪᠠᠲᠤᠳᠬᠠᠬᠤ ᠶᠣᠰᠣᠯᠠᠯ ᡀᠠᠰᠠ ᠵᠣᠣ ᠳ᠋ᠤ᠌ ᠦᠷᠭᠦᠯᠵᠢᠯᠡᠭᠰᠡᠭᠡᠷ ᠰᠠᠷ᠎ᠠ ᠶᠢᠨ ᠢ᠋ᠶ᠋ᠠᠨ ᠨᠢᠭᠤᠷ ᠦᠵᠡᠵᠦ ᠣᠨ ᠤ᠋ ᠲᠡᠷᠢᠭᠦᠨ ᠰᠠᠷ᠎ᠠ ᠶ᠋ᠢᠨ ᠬᠣᠷᠢᠨ ᠶᠢᠰᠦᠨ ᠦ᠌ ᠡᠳᠦᠷ ᠲᠡᠢ ᠵᠣᠯᠭᠠᠯ᠎ᠠ᠃ ᠡᠨᠡ ᠡᠳᠦᠷ ᠳᠠᠯᠠᠢ ᠯᠠᠮᠠ ᠶ᠋ᠢᠨ ᠠᠮᠢᠨ ᠤ᠋ ᠵᠣᠯᠢᠶᠠᠰᠤᠨ ᠳ᠋ᠤ᠌ ᠥᠭᠡᠷ᠎ᠡ ᠨᠢᠭᠡᠨ ᠬᠥᠮᠦᠨ ᠢ ᠲᠥᠯᠦᠭᠡᠯᠡᠭᠦᠯᠦᠨ ᠵᠣᠯᠢᠭ ᠲᠤ᠌ ᠭᠠᠷᠭᠠᠳᠠᠭ ᠤᠯᠠᠮᠵᠢᠯᠠᠯ ᠲᠠᠢ ᠠᠵᠢ᠃
ᠲᠡᠷᠡ ᠥᠷᠯᠥᠭᠡ ᠭᠡᠰᠦᠯ ᠰᠠᠩᠵᠠᠢ ᠶᠢ ᠭᠡᠯᠦᠩ ᠪᠠᠭᠰᠢ ᠨᠢ ᠦᠷ ᠴᠦᠷ ᠢ᠋ᠶ᠋ᠡᠷ ᠡᠷᠲᠡᠯᠡᠨ ᠪᠤᠰᠬᠠᠵᠠᠢ᠃ ᠶᠠᠮᠠᠷ ᠨᠢᠭᠡᠨ ᠶᠠᠭᠤᠮᠠᠨ ᠳ᠋ᠤ᠌ ᠶᠠᠭᠠᠷᠠᠭᠰᠠᠨ ᠪᠣᠯᠤᠯᠲᠠᠢ᠃
– ᠵᠠ ᠥᠨᠥᠳᠥᠷ ᠰᠢᠨ᠎ᠡ ᠶ᠋ᠢᠨ ᠬᠣᠷᠢᠨ ᠶᠢᠰᠦᠨ᠃ ᠳᠠᠯᠠᠢ ᠯᠠᠮᠠ ᠶ᠋ᠢᠨ ᠨᠠᠰᠤ ᠶ᠋ᠢ ᠤᠷᠲᠤᠰᠬᠠᠬᠤ ᠶᠢᠨ ᠪᠡᠯᠭᠡᠳᠡᠯ ᠪᠣᠯᠭᠠᠵᠤ ᠰᠦᠵᠢᠭᠳᠡᠨ ᠣᠯᠠᠨ ᠤ᠋ ᠳᠣᠲᠣᠷ᠎ᠠ ᠠ᠋ᠴᠠ ᠬᠡᠨ ᠨᠢᠭᠡᠨ ᠢ᠋ ᠵᠣᠯᠢᠭ ᠲᠤ᠌ ᠭᠠᠷᠭᠠᠳᠠᠭ ᠪᠤᠶᠠᠨ ᠲᠠᠢ ᠡᠳᠦᠷ᠃ ᠭᠣᠣᠯ ᠲᠥᠯᠥᠪ ᠨᠢᠭᠦᠯ ᠲᠡᠢ ᠶᠠᠳᠠᠭᠤᠰ ᠠ᠋ᠴᠠ ᠵᠣᠯᠢᠭ ᠲᠤ᠌ ᠭᠠᠷᠭᠠᠳᠠᠭ ᠶᠤᠮ᠃ ᠶᠡᠬᠡ ᠪᠤᠶᠠᠨᠲᠤ ᠦᠢᠯᠡᠰ ᠰᠢᠦ! ᠭᠡᠵᠦ ᠶᠠᠷᠢᠪᠠ᠃ ᠡᠨᠡ ᠡᠳᠦᠷ ᠦ᠋ᠳ ᠲᠦ᠍ ᠭᠡᠯᠦᠩ ᠪᠠᠭᠰᠢ ᠨᠢ ᠨᠢᠭᠡ ᠯᠡ ᠭᠠᠢᠬᠠᠮᠠᠷ ᠪᠠᠢᠳᠠᠯ ᠲᠠᠢ ᠪᠣᠯᠤᠭᠰᠠᠨ ᠢ᠋ ᠰᠠᠩᠵᠢ ᠭᠡᠰᠦᠯ ᠬᠡᠳᠦᠢ ᠨᠢ ᠠᠵᠢᠵᠤ ᠮᠡᠳᠡᠭᠰᠡᠨ ᠪᠢᠯᠡ᠃ ᠪᠠᠭᠰᠢ ᠯᠠᠮᠠ ᠨᠢ ᠰᠢᠲᠦᠭᠡᠨ ᠦ᠌ ᠭᠠᠵᠠᠷ ᠤ᠋ᠳ ᠢ᠋ ᠴᠥᠮ ᠢ᠋ ᠲᠣᠭᠣᠷᠢᠨ ᠭᠦᠢᠴᠡᠭᠡᠵᠦ ᠡᠷᠭᠢᠯ ᠮᠥᠷᠭᠥᠯ ᠬᠢᠵᠦ ᠪᠠᠢᠳᠠᠭ ᠮᠥᠩᠭᠥ ᠪᠡᠨ ᠡᠷᠭᠦᠵᠦ ᠭᠦᠢᠴᠡᠵᠡᠢ᠃ ᠲᠡᠭᠡᠭᠡᠳ ᠥᠴᠥᠭᠡᠳᠦᠷ ᠣᠷᠣᠢ ᠭᠡᠰᠦᠯ ᠰᠠᠩᠵᠢ ᠳ᠋ᠤ᠌ ᠬᠡᠳᠦᠨ ᠯᠠᠩ ᠮᠥᠩᠭᠥ ᠥᠭᠴᠦ᠂
– ᠵᠠ ᠪᠠᠭᠰᠢ ᠳ᠋ᠤ᠌ ᠨᠢ ᠪᠠᠷᠤᠭ ᠮᠥᠩᠭᠥ ᠦᠯᠡᠳᠡᠭᠰᠡᠨ ᠦᠭᠡᠢ᠃ ᠪᠤᠶᠠᠨ ᠤ᠋ ᠦᠢᠯᠡᠰ ᠲᠦ᠍ ᠥᠭᠭᠦᠭᠰᠡᠭᠡᠷ ᠪᠠᠢᠭᠠᠳ ᠱᠠᠪᠢ ᠳᠠᠭᠠᠨ ᠶᠠᠭᠤᠮ᠎ᠠ ᠦᠭᠡᠢ ᠰᠢᠬᠠᠮ ᠦᠯᠡᠲᠡᠯ᠎ᠡ᠃ ᠭᠡᠬᠦ ᠳ᠋ᠡᠭᠡᠨ ᠱᠠᠪᠢ ᠮᠠᠨᠢ ᠬᠦᠰᠡᠭᠰᠡᠨ ᠳ᠋ᠠᠴᠠᠩ ᠳᠠᠭᠠᠨ ᠵᠣᠬᠢᠬᠤ ᠵᠢᠩᠳᠠᠭᠠᠨ ᠳ᠋ᠠᠭᠠᠨ ᠣᠷᠣᠵᠤ ᠱᠠᠪᠢᠯᠠᠨ ᠰᠠᠭᠤᠭᠰᠠᠨ ᠪᠣᠯᠬᠣᠷ ᠥᠭᠡᠷ᠎ᠡ ᠶᠠᠭᠤ ᠬᠦᠰᠡᠬᠦ ᠪᠣᠢ? ᠪᠠᠭᠰᠢ ᠶ᠋ᠢᠨ ᠢ᠋ᠶ᠋ᠡᠨ ᠠᠪᠴᠤ ᠥᠭᠭᠦᠭᠰᠡᠨ ᠬᠠᠰᠢᠶ᠎ᠠ ᠪᠠᠢᠰᠢᠩ ᠳ᠋ᠤ᠌ ᠡᠵᠡᠨ ᠪᠣᠯᠵᠤ ᠲᠤᠬᠠᠲᠠᠢ ᠰᠠᠭᠤᠭᠠᠳ ᠨᠣᠮ ᠤ᠋ᠨ ᠮᠥᠷ ᠬᠥᠭᠡᠭᠡᠵᠦ ᠡᠷᠳᠡᠮ ᠦ᠋ᠨ ᠲᠤᠢᠯ ᠳ᠋ᠤ᠌ ᠬᠦᠷᠦᠨ᠎ᠡ ᠪᠢᠵᠡ! ᠭᠡᠵᠡᠢ᠃
– ᠪᠠᠭᠰᠢ ᠪᠠᠨ᠂ ᠲᠠ ᠶᠠᠭᠠᠬᠢᠭᠠᠳ ᠡᠢᠮᠦ ᠦᠭᠡ ᠬᠡᠯᠡᠵᠦ ᠪᠠᠢᠭ᠎ᠠ ᠶᠤᠮ ᠪᠣᠢ? ᠨᠠᠮᠢ᠋ᠢ ᠣᠷᠬᠢᠭᠠᠳ ᠨᠤᠲᠤᠭ ᠲᠤ᠌ ᠪᠠᠨ ᠪᠤᠴᠠᠬᠤ ᠭᠡᠵᠦ ᠪᠠᠢᠭ᠎ᠠ ᠶᠤᠮ ᠤᠤ? ᠭᠡᠵᠦ ᠰᠠᠩᠵᠢ ᠶᠢ ᠭᠠᠢᠬᠠᠨ ᠠᠰᠠᠭᠤᠬᠤ ᠳ᠋ᠤ᠌ ᠭᠡᠯᠦᠩ ᠲᠦᠭᠳᠡᠷᠡᠭᠰᠡᠨ ᠢ᠋ᠶ᠋ᠡᠨ᠂
– ᠦᠭᠡᠢ ᠯᠠ ᠳᠠ ᠁ ᠨᠤᠲᠤᠭ ᠪᠤᠴᠠᠬᠤ ᠦᠭᠡᠢ ᠁ ᠭᠡᠬᠦ ᠳ᠋ᠡᠭᠡᠨ ᠱᠠᠪᠢ ᠴᠢᠮᠢ᠋ᠢ ᠪᠠᠨ ᠪᠤᠷᠬᠠᠨ ᠤ᠋ ᠬᠣᠲᠠᠨ ᠳ᠋ᠦ᠍ ᠣᠷᠭᠢᠨ᠎ᠠ ! ᠁ ᠭᠡᠵᠦ ᠬᠡᠯᠡᠭᠡᠳ ᠬᠣᠭᠣᠯᠠᠢ ᠨᠢ ᠦᠯᠦ ᠮᠡᠳᠡᠭ ᠴᠡᠴᠡᠷᠭᠡᠨᠡᠭᠰᠡᠨ ᠪᠣᠯᠪᠠᠴᠤ ᠪᠡᠶ᠎ᠡ ᠪᠡᠨ ᠪᠠᠷᠢᠯ᠎ᠠ᠃
– ᠪᠢ ᠲᠠᠨ ᠠ᠋ᠴᠠ ᠬᠣᠯᠠᠳᠠᠮᠠᠷ ᠦᠭᠡᠢ ᠪᠠᠢᠨ᠎ᠠ! ᠭᠡᠵᠦ ᠰᠠᠩᠵᠢ ᠭᠡᠰᠦᠯ ᠬᠡᠯᠡᠬᠦ ᠳ᠋ᠦ᠍ ᠭᠡᠯᠦᠩ᠂
– ᠬᠣᠯᠠᠳᠠᠨ᠎ᠠ ᠴᠤ᠌ ᠭᠡᠵᠦ ᠬᠣᠯᠠᠳᠠᠳᠠᠭ ᠦᠭᠡᠢ ᠶᠦᠮ᠃ ᠬᠣᠶᠠᠷ ᠵᠠᠮ ᠤ᠋ᠨ ᠡᠷᠬᠡ ᠪᠡᠷ ᠯᠠ ᠬᠣᠯᠠᠳᠠᠳᠠᠭ ᠶᠤᠮ᠃ ᠣᠳᠣ ᠴᠢ ᠬᠥᠮᠦᠨ ᠦ᠌ ᠵᠡᠷᠭᠡ ᠳ᠋ᠦ᠍ ᠬᠦᠷᠴᠡᠢ᠃ ᠪᠡᠶ᠎ᠡ ᠪᠡᠨ ᠳᠠᠭᠠᠭᠠᠨ ᠡᠷᠳᠡᠮ ᠦ᠋ᠨ ᠮᠥᠷ ᠬᠥᠭᠡᠭᠡᠨ᠎ᠡ ᠪᠢᠵᠡ᠃ ᠮᠠᠭᠤ ᠡᠵᠢ᠂ ᠠᠪᠤ ᠴᠢᠨᠢ ᠴᠢᠮᠢ᠋ᠢ ᠰᠠᠢᠨ ᠯᠠᠮᠠ ᠪᠣᠯᠪᠠᠯ ᠪᠦᠬᠦᠢ ᠯᠡ ᠰᠠᠨᠠᠭᠰᠠᠨ ᠰᠠᠨᠠᠭ᠎ᠠ ᠪᠠᠨ ᠪᠦᠲᠦᠭᠡᠯ᠎ᠡ ᠭᠡᠵᠦ ᠠᠮᠢᠳᠤ ᠶ᠋ᠢᠨ ᠵᠢᠷᠭᠠᠯ ᠡᠳ᠋ᠯᠡᠨ᠎ᠡ᠃ ᠪᠤᠷᠬᠠᠨ ᠤ᠋ ᠦᠨᠡᠨᠴᠢ ᠱᠠᠪᠢ ᠨᠠᠷ ᠤ᠋ᠨ ᠲᠣᠭ᠎ᠠ ᠶᠢ ᠨᠢᠭᠡ ᠪᠡᠷ ᠨᠡᠮᠡᠭᠳᠡᠭᠦᠯᠪᠡᠯ ᠶᠠᠳᠠᠭᠤ ᠡᠷ᠎ᠡ ᠡᠮ᠎ᠡ ᠬᠣᠶᠠᠷ ᠤ᠋ᠨ ᠦᠢᠯᠡᠰ ᠪᠦᠲᠦᠬᠦ ᠨᠢ ᠲᠡᠷᠡ ᠠ᠋᠃ ᠡᠢᠮᠦ ᠳ᠋ᠦ᠍ ᠴᠢ ᠰᠠᠶᠢᠨ ᠯᠠᠮᠠ ᠪᠣᠯᠬᠤ ᠶᠣᠰᠣᠲᠠᠢ᠃ ᠪᠤᠷᠬᠠᠨ ᠤ᠋ ᠣᠷᠣᠨ ᠳ᠋ᠤ᠌ ᠢᠷᠡᠭᠰᠡᠨ ᠪᠣᠯᠬᠣᠷ ᠪᠤᠷᠬᠠᠨ ᠤ᠋ ᠨᠣᠮ ᠰᠤᠷᠭᠠᠯ ᠦᠭᠡᠢ ᠶᠠᠭᠠᠬᠢᠬᠤ ᠪᠣᠢ ᠃ ᠬᠢᠴᠢᠶᠡᠵᠦ ᠦᠵᠡ! ᠴᠢ ᠰᠠᠢᠨ ᠯᠠᠮᠠ ᠪᠣᠯᠣᠨ᠎ᠠ᠃ ᠡᠬᠡ ᠡᠴᠡ ᠲᠥᠷᠥᠬᠦ ᠳ᠋ᠦ᠍ ᠴᠢᠨᠢ ᠨᠣᠮ ᠨᠡᠭᠡᠭᠡᠵᠦ ᠦᠵᠡᠬᠦ ᠳ᠋ᠦ᠍ ᠰᠠᠢᠨ ᠯᠠᠮᠠ ᠪᠣᠯᠬᠤ ᠲᠥᠭᠡᠷᠭᠡ ᠲᠣᠳᠣᠷᠠᠭᠰᠠᠨ᠃ ᠭᠡᠬᠦ ᠳ᠋ᠡᠭᠡᠨ ᠰᠠᠭᠠᠳ ᠪᠠᠷᠴᠠᠳ ᠪᠤᠢ᠃ ᠴᠢᠨᠠᠳᠤ ᠶᠢᠨ ᠵᠤᠳ᠋ ᠨᠢᠮᠪᠠ ᠵᠢᠩᠳᠠᠭ᠎ᠠ ᠶ᠋ᠢ ᠳᠦᠭᠦᠷᠭᠡᠬᠦ ᠦᠶ᠎ᠡ ᠳᠡᠬᠡᠨ ᠪᠤᠰᠤᠳ ᠤ᠋ᠨ ᠠᠲᠠᠭ᠎ᠠ ᠬᠣᠷᠣᠰᠤᠯ ᠳᠤ ᠬᠥᠨᠦᠭᠡᠭᠳᠡᠬᠦ ᠦᠭᠡᠢ ᠶ᠋ᠢ ᠪᠣᠳᠣᠵᠤ ᠪᠣᠯᠭᠣᠮᠵᠢ ᠲᠠᠢ ᠪᠠᠢᠬᠤ ᠬᠡᠷᠡᠭᠲᠡᠢ᠃ ᠵᠠ ᠥᠭᠡᠷ᠎ᠡ ᠪᠢ ᠶᠠᠭᠤ ᠵᠠᠬᠢᠬᠤ ᠪᠤᠢ? ᠢᠩᠭᠢᠭᠡᠳ ᠬᠣᠶᠠᠭᠤᠯᠠ ᠪᠠᠨ ᠶᠠᠪᠤᠵᠤ ᠯᠤᠭᠤᠨ ᠦᠵᠡᠶ᠎ᠡ! ᠭᠡᠵᠦ ᠬᠡᠯᠡᠵᠡᠢ᠃
ᠰᠠᠩᠵᠢ ᠭᠡᠰᠦᠯ ᠲᠡᠭᠦᠨ ᠦ᠌ ᠶᠠᠷᠢᠭ᠎ᠠ ᠶ᠋ᠢ ᠲᠣᠭᠲᠠᠭᠠᠨ ᠰᠣᠨᠣᠰᠤᠭᠠᠳ ᠮᠥᠨ ᠯᠡ ᠭᠠᠢᠬᠠᠨ ᠡᠷᠡᠭᠡᠯᠵᠡᠭᠰᠡᠭᠡᠷ ᠪᠠᠢᠯ᠎ᠠ᠃ 《ᠠᠲᠠᠭ᠎ᠠ ᠬᠣᠣᠷᠯᠠᠯ ᠭᠡᠵᠦ ᠶᠠᠭᠤ ᠶᠠᠷᠢᠪᠠ ᠠ?》 ᠭᠡᠵᠦ ᠰᠠᠩᠵᠢ ᠪᠣᠳᠣᠪᠠ᠃
ᠯᠤᠭᠤᠨ ᠭᠡᠳᠡᠭ ᠪᠣᠯ ᠠᠪᠤᠷᠠᠭᠴᠢ ᠶᠡᠬᠡ ᠳᠠᠯᠠᠢ ᠯᠠᠮᠠ ᠶ᠋ᠢᠨ ᠠᠮᠢ ᠨᠠᠰᠤᠨ ᠤ᠋ ᠵᠣᠯᠢᠶᠠᠰᠤᠨ ᠳ᠋ᠤ᠌ ᠬᠡᠨ ᠨᠢᠭᠡᠨ ᠢ᠋ ᠭᠠᠷᠭᠠᠬᠤ ᠶᠣᠰᠣᠯᠠᠯ ᠪᠠᠢᠯ᠎ᠠ᠃ ᠪᠤᠳᠠᠯᠠᠩ ᠤ᠋ᠨ ᠣᠷᠳᠣᠨ ᠤ᠋ ᠡᠮᠦᠨ᠎ᠡ ᠲᠠᠯᠠᠪᠠᠢ ᠳᠡᠭᠡᠷ᠎ᠡ ᠯᠣᠭᠣᠨ ᠦᠵᠡᠬᠦ ᠪᠡᠷ ᠣᠯᠠᠨ ᠮᠢᠩᠭᠠᠨ ᠮᠥᠷᠭᠥᠯᠴᠢᠳ ᠯᠠᠮᠠ ᠨᠠᠷ ᠴᠤᠭᠯᠠᠷᠠᠭᠰᠠᠨ ᠪᠠᠢᠯ᠎ᠠ᠃ ᠯᠠᠮᠠ ᠨᠠᠷ ᠲᠠᠷᠨᠢ ᠶ᠋ᠢᠨ ᠶᠣᠰᠣᠨ ᠤ᠋ ᠬᠤᠪᠴᠠᠰᠤ ᠪᠠᠷ ᠥᠪᠴᠢ ᠪᠦᠷᠢᠨ ᠡᠮᠦᠰᠬᠡᠯ ᠲᠡᠢ ᠪᠠᠢᠯ᠎ᠠ᠃
ᠲᠠᠪᠴᠠᠩ ᠳᠡᠭᠡᠷ᠎ᠡ ᠯᠤᠭᠤᠨ ᠪᠤᠶᠤ ᠵᠣᠯᠢᠶᠠᠰᠤᠨ ᠳ᠋ᠤ᠌ ᠭᠠᠷᠬᠤ ᠬᠥᠮᠦᠨ ᠢ᠋ ᠠᠪᠴᠢᠷᠠᠪᠠ᠃ ᠴᠠᠭᠠᠨ ᠢᠮᠠᠭᠠᠨ ᠤ᠋ ᠠᠷᠠᠰᠤᠨ ᠳᠡᠪᠡᠯ ᠦ᠋ᠨ ᠦᠰᠦ ᠶ᠋ᠢ ᠭᠠᠳᠠᠭᠰᠢ ᠡᠷᠭᠢᠭᠦᠯᠦᠨ ᠡᠮᠦᠰᠦᠭᠰᠡᠨ ᠬᠥᠮᠦᠨ ᠪᠠᠢᠯ᠎ᠠ᠃ ᠲᠡᠭᠦᠨ ᠦ᠌ ᠨᠢᠭᠤᠷ ᠤᠨ ᠪᠠᠷᠠᠭᠤᠨ ᠲᠠᠯ᠎ᠠ ᠶ᠋ᠢ ᠴᠠᠭᠠᠨ᠂ ᠵᠡᠭᠦᠨ ᠲᠠᠯ᠎ᠠ ᠶ᠋ᠢ ᠬᠠᠷ᠎ᠠ ᠪᠣᠳᠣᠭ ᠢ᠋ᠶ᠋ᠠᠷ ᠪᠣᠳᠣᠵᠠᠢ᠃ᠲᠣᠯᠣᠭᠠᠢ ᠳ᠋ᠤ᠌ ᠨᠢ ᠵᠢᠵᠢᠭᠬᠡᠨ ᠳᠤᠭᠤᠯᠠᠭ᠎ᠠ ᠡᠮᠦᠰᠬᠡᠵᠡᠢ᠃ ᠭᠠᠷ ᠲᠤ᠌ ᠨᠢ ᠰᠠᠷᠯᠤᠭ ᠤ᠋ᠨ ᠬᠠᠷ᠎ᠠ ᠰᠡᠭᠦᠯ ᠪᠠᠷᠢᠭᠤᠯᠵᠠᠢ᠃ ᠱᠣᠳᠯᠠᠭᠠ ᠬᠢᠬᠦ ᠪᠡᠷ ᠨᠢᠭᠡᠨ ᠯᠠᠮᠠ ᠶ᠋ᠢ ᠪᠠᠰᠠ ᠲᠡᠷᠡ ᠬᠦ᠌ ᠵᠣᠯᠢᠭ ᠲᠤ᠌ ᠭᠠᠷᠭᠠᠬᠤ ᠬᠦᠮᠦᠨ ᠲᠡᠢ ᠬᠠᠮᠲᠤ ᠲᠠᠪᠴᠠᠩ ᠳ᠋ᠤ᠌ ᠵᠣᠭᠰᠣᠭᠠᠭᠠᠳ ᠴᠠᠭᠠᠨ ᠨᠦᠬᠡ ᠲᠡᠢ ᠳᠡᠰ ᠬᠠᠷ᠎ᠠ ᠱᠣ ᠶ᠋ᠢ ᠠᠪᠴᠢᠷᠠᠯ᠎ᠠ᠃ ᠯᠤᠭᠤᠨ ᠪᠣᠯᠬᠤ ᠬᠥᠮᠦᠨ ᠱᠣᠳᠤᠭᠴᠢ ᠯᠠᠮᠠ ᠬᠣᠶᠠᠷ ᠱᠣ ᠶ᠋ᠢ ᠡᠭᠡᠯᠵᠢᠯᠡᠨ ᠣᠷᠬᠢᠵᠤ ᠡᠬᠢᠯᠡᠪᠡ᠃ ᠭᠤᠷᠪᠠ ᠳᠠᠬᠢᠨ ᠱᠣ ᠣᠷᠬᠢᠬᠤ ᠳ᠋ᠤ᠌ ᠯᠤᠭᠤᠨ ᠪᠣᠯᠬᠤ ᠬᠦᠮᠦᠨ ᠤ ᠬᠢ ᠴᠥᠭᠡᠨ ᠨᠦᠬᠡ ᠲᠡᠢ᠂ ᠡᠰᠡᠷᠭᠦ ᠯᠠᠮᠠ ᠶ᠋ᠢᠨ ᠬᠢ ᠨᠢ ᠣᠯᠠᠨ ᠨᠦᠬᠡ ᠲᠡᠢ ᠪᠡᠷ ᠢ᠋ᠶ᠋ᠡᠨ ᠲᠠᠭᠠᠷᠠᠵᠤ ᠪᠠᠢᠯ᠎ᠠ᠃
ᠭᠤᠷᠪᠠᠨᠲᠠ ᠣᠷᠬᠢᠭᠰᠠᠨ ᠱᠣ ᠶᠢᠨ ᠨᠡᠢᠯᠡᠪᠦᠷᠢ ᠨᠦᠬᠡᠨ ᠦ᠌ ᠲᠣᠭ᠎ᠠ ᠪᠠᠷ ᠠᠷᠭ᠎ᠠ ᠦᠭᠡᠢ ᠯᠡ ᠯᠤᠭᠤᠨ ᠪᠣᠯᠬᠤ ᠬᠥᠮᠥᠨ ᠢᠯᠠᠭᠳᠠᠯ᠎ᠠ᠃ ᠲᠡᠭᠡᠬᠦ ᠳ᠋ᠦ᠍ ᠲᠡᠷᠡ ᠪᠡᠷ ᠠᠭᠤᠷᠯᠠᠬᠤ ᠳᠦᠷᠢ ᠦᠵᠡᠭᠦᠯᠵᠦ ᠤᠤᠯ ᠱᠣ ᠶᠢ ᠠᠭᠤᠷᠲᠠᠶᠠ ᠳᠡᠪᠰᠡᠪᠡ᠃ ᠡᠨᠡ ᠨᠢ ᠢᠯᠠᠭᠳᠠᠯ ᠢ᠋ᠶ᠋ᠠᠨ ᠬᠦᠯᠢᠶᠡᠭᠰᠡᠨ ᠦ᠌ ᠳᠣᠬᠢᠶ᠎ᠠ ᠶᠤᠮ᠃ ᠱᠣ ᠶ᠋ᠢ ᠠᠭᠤᠷᠯᠠᠨ ᠳᠡᠪᠰᠡᠴᠢᠬᠡᠭᠡᠳ ᠯᠤᠭᠤᠨ ᠪᠣᠯᠬᠤ ᠬᠥᠮᠦᠨ ᠪᠠᠷᠠᠭᠤᠨ ᠤᠷᠤᠭᠰᠢ ᠪᠠᠨ ᠵᠢᠭᠤᠲᠠᠨ ᠭᠦᠶᠦᠯ᠎ᠡ᠃ ᠲᠠᠷᠨᠢ ᠶᠢᠨ ᠨᠣᠮ ᠤᠷᠢᠵᠤ ᠪᠠᠢᠭᠰᠠᠨ ᠯᠠᠮᠠ ᠨᠠᠷ ᠳᠤᠨᠢᠯᠭᠠᠨ ᠬᠥᠭᠡᠭᠡᠬᠦ ᠶ᠋ᠢ ᠪᠡᠯᠭᠡᠳᠡᠭᠰᠡᠨ ᠪᠥᠵᠢᠭ ᠬᠢᠵᠦ ᠭᠠᠷ ᠬᠥᠯ ᠢ᠋ᠶ᠋ᠡᠷ ᠢ᠋ᠶ᠋ᠡᠨ ᠡᠯᠳᠡᠪ ᠳᠣᠬᠢᠶ᠎ᠠ ᠵᠠᠩᠭᠠᠭ᠎ᠠ ᠦᠵᠡᠭᠦᠯᠦᠨ ᠴᠣᠪᠬᠣᠴᠢᠵᠤ ᠡᠬᠢᠯᠡᠪᠡ᠃ ᠲᠡᠳᠡᠨ ᠦ ᠳᠦᠪᠴᠢᠭᠢᠨᠡᠵᠦ ᠡᠬᠢᠯᠡᠬᠦ ᠦᠶ᠎ᠡ ᠪᠡᠷ ᠲᠣᠬᠣᠢ ᠥᠨᠳᠥᠷ ᠰᠤᠷ᠂ ᠮᠥᠨ ᠲᠡᠢᠮᠦ ᠪᠡᠷ ᠬᠢᠭᠰᠡᠨ ᠳᠠᠯᠠᠢ ᠯᠠᠮᠠ ᠶ᠋ᠢᠨ ᠳᠦᠷᠰᠦ ᠬᠣᠶᠠᠷ ᠢ᠋ ᠲᠤᠰᠬᠠᠢ ᠲᠠᠪᠠᠭ ᠲᠤ ᠲᠠᠯᠪᠢᠭᠠᠳ ᠠᠪᠴᠤ ᠢᠷᠡᠵᠡᠢ᠃ ᠴᠠᠮᠨᠠᠨ ᠪᠦᠵᠢᠭᠯᠡᠵᠦ ᠳᠠᠭᠤᠰᠤᠭᠰᠠᠨ ᠯᠠᠮᠠ ᠨᠠᠷ ᠵᠢᠭᠤᠲᠠᠭᠠᠵᠤ ᠶᠠᠪᠤᠭ᠎ᠠ ᠵᠣᠯᠢᠶᠠᠰᠤᠨ ᠳ᠋ᠤ᠌ ᠭᠠᠷᠬᠤ ᠬᠥᠮᠦᠨ ᠦ ᠬᠣᠢᠨ᠎ᠠ ᠠ᠋ᠴᠠ ᠬᠥᠭᠡᠭᠡᠵᠦ ᠡᠬᠢᠯᠡᠪᠡ᠃ ᠦᠢ ᠮᠥᠷᠡᠨ ᠦ᠌ ᠬᠥᠪᠡᠭᠡ ᠬᠦᠷᠲᠡᠯ᠎ᠡ ᠲᠡᠳᠡ ᠬᠥᠭᠡᠭᠡᠴᠡᠯᠳᠦᠪᠡ᠃ ᠲᠡᠭᠡᠲᠡᠯ᠎ᠡ ᠵᠣᠯᠢᠶᠠᠰᠤᠨ ᠳ᠋ᠤ᠌ ᠭᠠᠷᠬᠤ ᠡᠷ᠎ᠡ ᠭᠠᠳᠠᠭᠤᠷ ᠬᠠᠴᠢᠨ ᠬᠤᠪᠴᠠᠰᠤ ᠪᠠᠨ ᠲᠠᠢᠯᠵᠤ ᠭᠣᠣᠯ ᠤ᠋ᠨ ᠡᠷᠭᠢ ᠳᠡᠭᠡᠷ᠎ᠡ ᠬᠠᠶᠠᠭᠠᠳ ᠵᠠᠪᠢᠨ ᠳ᠋ᠤ᠌ ᠰᠠᠭᠤᠵᠤ ᠭᠣᠣᠯ ᠤᠷᠤᠭᠤᠳᠠᠨ ᠲᠡᠮᠡᠦᠯᠪᠡ᠃
ᠢᠩᠭᠢᠵᠦ ᠪᠠᠰᠠ ᠨᠢᠭᠡᠨ ᠡᠩ ᠦ᠋ᠨ ᠯᠠᠮᠠ ᠶ᠋ᠢ ᠪᠣᠭᠳᠠ ᠡᠵᠡᠨ ᠳᠠᠯᠠᠢ ᠯᠠᠮᠠ ᠶ᠋ᠢᠨ ᠱᠠᠪᠲᠠᠩ ᠪᠠᠲᠤᠳᠬᠠᠬᠤ ᠵᠣᠯᠢᠶᠠᠰᠤᠨ ᠳ᠋ᠤ᠌ ᠭᠠᠷᠭᠠᠪᠠ᠃ ᠣᠷᠣ ᠶᠢᠨ ᠨᠢ ᠬᠥᠮᠦᠨ ᠢ᠋ ᠡᠷᠯᠢᠭ ᠲᠦ᠍ ᠶᠠᠪᠤᠭᠤᠯᠴᠢᠬᠠᠭᠰᠠᠨ ᠪᠣᠯᠬᠣᠷ ᠲᠡᠳᠡᠨ ᠦ᠌ ᠨᠠᠰᠤ ᠤᠷᠲᠤᠳᠴᠤ᠂ ᠥᠯᠮᠡᠢ ᠨᠢ ᠪᠠᠲᠤ ᠣᠷᠣᠰᠢᠵᠤ ᠬᠣᠢᠲᠤᠨ ᠵᠢᠯ ᠦᠨ ᠡᠳᠦᠢ ᠬᠦᠷᠲᠡᠯ᠎ᠡ ᠶᠠᠮᠠᠷ ᠴᠤ᠌ ᠠᠲᠤᠭᠠᠢ ᠭᠠᠢ ᠵᠣᠪᠠᠯᠠᠩ ᠲᠣᠬᠢᠶᠠᠯᠳᠤᠬᠤ ᠦᠭᠡᠢ ᠭᠡᠵᠦ ᠰᠦᠵᠢᠭᠲᠡᠨ ᠣᠯᠠᠨ ᠴᠥᠮ ᠢᠲᠡᠭᠡᠯ ᠳᠦᠭᠦᠷᠡᠩ ᠪᠣᠯᠤᠭᠠᠳ ᠪᠠᠶᠠᠷᠲᠠᠢ ᠪᠠᠷ ᠲᠠᠷᠠᠯᠠ᠃ ᠡᠳᠡᠭᠡᠷ ᠬᠦᠮᠦᠰ ᠥᠴᠥᠭᠡᠳᠦᠷ ᠰᠠᠷᠯᠤᠭ ᠤ᠋ᠨ ᠬᠠᠷ᠎ᠠ ᠰᠡᠭᠦᠯ ᠪᠠᠷᠢᠵᠤ 《ᠮᠠᠷᠭᠠᠰᠢ ᠵᠣᠯᠢᠭ ᠲᠤ᠌ ᠭᠠᠷᠬᠤ ᠲᠤᠯᠠ ᠥᠭᠬᠦ ᠶᠣᠰᠣᠲᠠᠢ ᠥᠭᠯᠢᠭᠡ ᠪᠡᠨ ᠥᠭ》 ᠭᠡᠵᠦ ᠨᠡᠬᠡᠨ ᠶᠠᠪᠤᠭᠰᠠᠨ ᠲᠡᠷᠡ ᠡᠷ᠎ᠡ ᠳ᠋ᠦ᠍ ᠲᠠᠯ᠎ᠠ ᠵᠣᠭᠣᠰᠤᠨ ᠤ᠋ ᠲᠠᠢᠲᠠᠢ ᠶᠠᠭᠤᠮ᠎ᠠ ᠴᠥᠮ ᠢ᠋ᠶ᠋ᠡᠷ ᠢ᠋ᠶ᠋ᠡᠨ ᠥᠭᠭᠦᠭᠰᠡᠨ ᠲᠤᠯᠠ ᠪᠠᠰᠠ ᠰᠡᠳᠬᠢᠯ ᠪᠠᠷᠳᠠᠮ ᠪᠠᠢᠯ᠎ᠠ᠃ ᠵᠣᠯᠢᠭ ᠲᠤ᠌ ᠭᠠᠷᠤᠭᠰᠠᠨ ᠡᠷ᠎ᠡ ᠤᠤᠭᠠᠯ ᠨᠤᠲᠤᠭ ᠲᠤ᠌ ᠪᠠᠨ ᠪᠠᠷ᠎ᠠ ᠨᠢ ᠬᠠᠷᠠᠭᠳᠠᠬᠤ ᠶᠣᠰᠣ ᠦᠭᠡᠢ ᠪᠠᠢᠯ᠎ᠠ᠃ ᠲᠡᠢᠮᠦ ᠪᠣᠯᠬᠣᠷ ᠬᠡᠳᠦᠢ ᠠᠮᠢ ᠨᠠᠰᠤ ᠨᠢ ᠪᠦᠲᠦᠨ ᠴᠦ᠍ ᠭᠡᠰᠡᠨ ᠬᠥᠮᠦᠨ ᠦ᠌ ᠳᠠᠩᠰᠠᠨ ᠠ᠋ᠴᠠ ᠬᠠᠰᠤᠭᠳᠠᠵᠤ ᠠᠯᠤᠰ ᠬᠣᠯᠠ ᠭᠠᠵᠠᠷ ᠴᠥᠯᠡᠭᠳᠡᠨ ᠵᠠᠢᠯᠠᠭᠤᠯᠤᠭᠳᠠᠭᠰᠠᠨ ᠲᠠᠢ ᠶᠠᠮᠠᠷ ᠴᠤ᠌ ᠢᠯᠭᠠᠭ᠎ᠠ ᠦᠭᠡᠢ ᠬᠤᠪᠢ ᠲᠠᠪᠢᠯᠠᠩ ᠲᠠᠢ ᠪᠣᠯᠵᠤ ᠪᠠᠢᠭ᠎ᠠ ᠨᠢ ᠲᠡᠷᠡ ᠠᠵᠢ᠃
ᠨᠢᠭᠡ ᠲᠠᠯ᠎ᠠ ᠠ᠋ᠴᠠ ᠬᠥᠮᠦᠨ ᠦ᠌ ᠲᠣᠭᠠᠨ ᠠ᠋ᠴᠠ ᠬᠠᠰᠤᠭᠳᠠᠵᠤ ᠵᠣᠯᠢᠭ ᠲᠤ᠌ ᠭᠠᠷᠴᠤ ᠪᠠᠢᠭ᠎ᠠ ᠲᠤᠩ ᠴᠤ᠌ ᠭᠤᠨᠢᠭ ᠲᠠᠢ ᠵᠦᠢᠯ ᠪᠣᠯᠪᠠᠴᠤ ᠨᠥᠭᠥᠭᠡ ᠲᠠᠯ᠎ᠠ ᠠ᠋ᠴᠠ ᠪᠤᠷᠬᠠᠨ ᠪᠠᠭᠰᠢ ᠶ᠋ᠢᠨ ᠪᠡᠶ᠎ᠡ ᠲᠥᠯᠥᠭᠡᠯᠡᠭᠴᠢ ᠳᠠᠯᠠᠢ ᠯᠠᠮᠠ ᠶ᠋ᠢᠨ ᠠᠮᠢ ᠨᠠᠰᠤᠨ ᠤ᠋ ᠵᠣᠯᠢᠶᠠᠰᠤᠨ ᠳ᠋ᠤ᠌ ᠪᠡᠶ᠎ᠡ ᠪᠡᠨ ᠥᠭᠬᠦ ᠨᠢ ᠪᠤᠶᠠᠨ ᠤ᠋ ᠳᠡᠭᠡᠳᠦ ᠪᠤᠶᠠᠨᠲᠤ ᠦᠢᠯᠡᠰ ᠭᠡᠵᠦ ᠵᠣᠯᠢᠶᠠᠨ ᠤ᠋ ᠬᠥᠮᠦᠨ ᠪᠦᠷᠢᠨ ᠢᠲᠡᠭᠡᠳᠡᠭ ᠲᠤᠯᠠ ᠡᠢᠮᠦ ᠬᠤᠪᠢ ᠲᠠᠪᠢᠯᠠᠩ ᠣᠯᠳᠠᠭᠰᠠᠨ ᠳ᠋ᠤ᠌ ᠪᠠᠶᠠᠷᠯᠠᠵᠤ ᠳᠤᠷᠠᠲᠠᠶ᠎ᠠ ᠵᠣᠯᠢᠭ ᠪᠣᠯᠳᠠᠭ ᠠᠵᠢ᠃ ᠳᠡᠭᠡᠷ᠎ᠡ ᠴᠠᠭ ᠲᠤ᠌ ᠪᠣᠯ ᠠᠮᠢᠳᠤ ᠴᠤ᠌ ᠦᠯᠡᠳᠡᠳᠡᠭ ᠦᠭᠡᠢ ᠪᠠᠢᠵᠠᠢ᠃ ᠣᠳᠣ ᠪᠣᠯ ᠠᠮᠢ ᠨᠠᠰᠤ ᠶ᠋ᠢ ᠦᠯᠡᠳᠡᠭᠡᠵᠦ᠂ ᠭᠠᠭᠴᠠᠬᠦ ᠨᠤᠲᠤᠭ ᠣᠷᠣᠨ ᠠ᠋ᠴᠠ ᠨᠢ ᠬᠥᠭᠡᠭᠡᠨ ᠵᠠᠢᠯᠠᠭᠤᠯᠳᠠᠭ ᠪᠣᠯᠵᠠᠢ᠃
– ᠥᠨᠳᠥᠷ ᠭᠡᠭᠡᠨᠲᠡᠨ ᠢ᠋ ᠡᠪᠡᠳᠴᠢᠯᠡᠬᠦ ᠳ᠋ᠦ᠍ ᠲᠠᠪᠢᠨ ᠡᠷᠦᠬᠡ ᠠᠢᠯ ᠢ᠋ ᠭᠠᠢ ᠳ᠋ᠤ᠌ ᠭᠠᠷᠭᠠᠭᠰᠠᠨ ᠶᠤᠮ ᠭᠡᠨ᠎ᠡ ᠯᠠᠢ᠃ ᠤᠨᠤᠨ ᠭᠣᠣᠯ ᠤ᠋ᠨ ᠡᠬᠢᠨ ᠡᠴᠡ ᠬᠠᠮᠢᠭᠠᠰᠢ ᠪᠠᠨ ᠴᠤ᠌ ᠭᠠᠷᠳᠠᠭ ᠦᠭᠡᠢ ᠰᠠᠭᠤᠵᠠᠭᠠᠵᠤ ᠪᠠᠢᠳᠠᠭ ᠶᠤᠮ ᠭᠡᠳᠡᠭ᠃ ᠭᠠᠭᠴᠠ ᠨᠢᠭᠡ ᠬᠥᠮᠦᠨ ᠢ᠋ ᠭᠠᠢ ᠳ᠋ᠤ᠌ ᠭᠠᠷᠭᠠᠭᠠᠳ ᠪᠠᠷᠴᠠᠳ ᠨᠢ ᠠᠷᠢᠯᠳᠠᠭ ᠦᠭᠡᠢ ᠲᠡᠢᠮᠦ ᠲᠣᠮᠣ ᠭᠠᠢ ᠲᠦᠢᠳᠬᠡᠷ ᠴᠦ᠍ ᠲᠣᠬᠢᠶᠠᠯᠳᠤᠳᠠᠭ ᠶᠤᠮᠰᠠᠨ᠃ ᠲᠠᠪᠢᠨ ᠡᠷᠦᠬᠡ ᠶ᠋ᠢ ᠵᠣᠯᠢᠭ ᠲᠤ᠌ ᠭᠠᠷᠭᠠᠭᠰᠠᠨ ᠤ᠋ ᠬᠦᠴᠦᠨ ᠳ᠋ᠤ᠌ ᠡᠠᠩᠬᠠᠳᠤᠭᠠᠷ ᠪᠣᠭᠳᠠᠲᠠᠨ ᠤᠷᠲᠤ ᠨᠠᠰᠤᠯᠠᠭᠰᠠᠨ ᠶᠤᠮ ᠭᠡᠵᠦ ᠶᠠᠷᠢᠳᠠᠭ ᠥᠭᠡ ᠳᠡᠢ ᠳ᠋ᠡ ᠭᠡᠮᠡᠨ ᠭᠡᠪ ᠭᠡᠨᠡᠳᠲᠡ ᠭᠡᠯᠦᠩ ᠴᠤᠢᠮᠴᠤᠭ ᠪᠠᠭᠰᠢ ᠶ᠋ᠢ ᠪᠡᠨ ᠶᠠᠷᠢᠬᠤ ᠳ᠋ᠤ᠌ ᠰᠠᠩᠵᠢ ᠭᠡᠰᠦᠯ ᠴᠣᠴᠢᠵᠤ᠂
– ᠲᠡᠢᠮᠦ ᠶᠡᠬᠡ ᠣᠯᠠᠨ ᠠᠢᠯ ᠢ᠋ ᠦᠦ? ᠮᠠᠨ ᠤ᠋ ᠳ᠋ᠤ᠌ ᠪᠠᠰᠠ ᠡᠨᠡ ᠵᠣᠯᠢᠭ ᠲᠤ᠌ ᠭᠠᠷᠭᠠᠬᠤ ᠶᠣᠰᠣ ᠪᠠᠢᠭ᠎ᠠ ᠶᠤᠮ ᠤᠤ? ᠭᠡᠵᠦ ᠠᠰᠠᠭᠤᠬᠤ ᠳ᠋ᠤ᠌ ᠭᠡᠯᠦᠩ ᠳᠤᠷ᠎ᠠ ᠦᠭᠡᠢᠴᠡᠵᠦ ᠂
– ᠳᠤᠭᠤᠢ! ᠠᠯᠳᠠᠰ ᠪᠣᠯᠤᠨ᠎ᠠ᠃ ᠪᠤᠷᠬᠠᠨ ᠤ᠋ ᠱᠠᠰᠢᠨ ᠳᠡᠯᠭᠡᠷᠡᠭᠰᠡᠨ ᠭᠠᠵᠠᠷ ᠬᠠᠮᠢᠭ᠎ᠠ ᠪᠣᠯᠪᠠᠴᠤ ᠵᠠᠢᠭ ᠶᠣᠰᠣ ᠮᠥᠨ ᠨᠢᠭᠡᠨ ᠠᠳᠠᠯᠢ ᠪᠠᠢᠳᠠᠭ ᠪᠣᠯᠤᠨ᠎ᠠ᠃ ᠬᠦᠮᠦᠨ ᠨᠢ ᠲᠣᠮᠣ ᠪᠠᠢᠬᠤ ᠲᠣᠰᠤᠮ ᠭᠠᠢ ᠳ᠋ᠤ᠌ ᠭᠠᠷᠭᠠᠬᠤ ᠶᠠᠭᠤᠮ᠎ᠠ ᠶᠡᠬᠡᠰᠴᠦ ᠲᠠᠭᠠᠷᠠᠨ᠎ᠠ ᠪᠢᠵᠡ ᠳᠡ ᠭᠡᠵᠦ ᠭᠡᠯᠦᠩ ᠵᠠᠮ ᠵᠠᠭᠤᠷ᠎ᠠ ᠶᠠᠷᠢᠯ᠎ᠠ᠃ ᠰᠠᠩᠵᠢ ᠭᠡᠰᠦᠯ᠄
– ᠲᠡᠷᠡ ᠵᠣᠯᠢᠭ ᠲᠤ᠌ ᠭᠠᠷᠤᠭᠰᠠᠨ ᠬᠥᠮᠦᠨ ᠵᠢᠭᠤᠲᠠᠭᠠᠳ ᠶᠠᠪᠤᠴᠢᠯᠠ᠃ ᠲᠡᠭᠡᠭᠡᠳ ᠴᠠᠰᠢ ᠪᠠᠨ ᠶᠠᠭᠠᠬᠢᠳᠠᠭ ᠶᠤᠮ ᠪᠣᠢ?ᠭᠡᠪᠡ᠃
– ᠲᠡᠷᠡ ᠤᠤ? ᠦᠢ ᠮᠥᠷᠡᠨ ᠢ᠋ ᠳᠠᠭᠠᠵᠤ ᠶᠠᠪᠤᠭᠰᠠᠭᠠᠷ ᠰᠠᠮᠠᠶᠢ ᠬᠡᠢᠳ ᠲᠦ᠍ ᠣᠴᠢᠭᠠᠳ ᠡᠷᠭᠦᠯ ᠪᠠᠷᠢᠴᠠ ᠥᠭᠴᠦ ᠥᠪᠡᠷ ᠦ᠋ᠨ ᠢ᠋ᠶ᠋ᠡᠨ ᠬᠤᠪᠢ ᠵᠠᠶᠠᠭ᠎ᠠ ᠶ᠋ᠢ ᠳᠠᠭᠠᠳᠬᠠᠭᠤᠯᠵᠤ ᠭᠦᠷᠢᠮ ᠬᠢᠯᠭᠡᠳᠡᠭ ᠶᠦᠮ᠃ ᠲᠡᠭᠡᠭᠡᠳ ᠡᠨᠡ ᠨᠤᠲᠤᠭ ᠠ᠋ᠴᠠ ᠬᠣᠯᠠᠳᠠᠵᠤ ᠳᠠᠬᠢᠨ ᠬᠡᠵᠢᠶ᠎ᠡ ᠴᠦ᠍ ᠡᠷᠭᠢᠵᠦ ᠢᠷᠡᠬᠦ ᠦᠭᠡᠢ ᠪᠡᠷ ᠬᠠᠮᠢᠭ᠎ᠠ ᠨᠢᠭᠡᠨ ᠭᠠᠵᠠᠷ ᠠᠮᠢᠳᠤᠷᠠᠨ᠎ᠠ ᠪᠢᠵᠡ ᠳᠡ ᠭᠡᠵᠦ ᠴᠤᠢᠮᠴᠤᠭ ᠭᠤᠨᠢᠭᠲᠠᠶ᠎ᠠ ᠥᠭᠦᠯᠡᠪᠡ᠃
ᠲᠡᠷᠡ ᠬᠣᠶᠠᠷ ᠤ᠋ᠨ ᠬᠠᠵᠠᠭᠤ ᠪᠠᠷ ᠬᠤᠯᠤᠰᠤᠨ ᠬᠥ᠋ ᠬᠤᠶᠠᠭ ᠳᠤᠭᠤᠯᠠᠭ᠎ᠠ ᠡᠮᠦᠰᠴᠦ᠂ ᠨᠤᠮᠤ ᠰᠤᠮᠤ᠂ ᠪᠠᠮᠪᠠᠢ ᠰᠡᠯᠡᠮ᠎ᠡ ᠠᠭᠰᠠᠨ ᠵᠡᠭᠦᠭᠰᠡᠨ ᠲᠣᠷᠭᠠᠨ ᠴᠡᠷᠢᠭ ᠦ᠋ᠳ ᠫᠢᠷ ᠫᠦᠷ ᠬᠢᠲᠡᠯ᠎ᠡ ᠠᠯᠬᠤᠯᠠᠨ ᠥᠩᠭᠡᠷᠡᠯ᠎ᠡ᠃ ᠠᠷᠤ ᠠ᠋ᠴᠠ ᠨᠢ ᠪᠠᠰᠠ ᠬᠡᠰᠡᠭ ᠮᠣᠷᠢᠨ ᠴᠡᠷᠢᠭ ᠶᠠᠪᠤᠪᠠ᠃ ᡀᠠᠰᠠ ᠮᠣᠩᠯᠠᠮ ᠬᠤᠷᠠᠬᠤ ᠬᠥᠳᠡᠭᠡ ᠲᠣᠰᠬᠣᠨ ᠠ᠋ᠴᠠ ᠲᠡᠳᠡᠨ ᠢ᠋ ᠴᠤᠭᠯᠠᠷᠠᠭᠤᠯᠤᠨ ᠢᠷᠡᠭᠦᠯᠵᠦ ᠲᠦᠭᠵᠢᠪᠡ ᠰᠢᠲᠠᠭᠠᠬᠤ᠂ ᠰᠤᠷ ᠵᠠᠯᠠᠬᠤ ᠵᠡᠷᠭᠡ ᠵᠠᠩ ᠦᠢᠯᠡ ᠳ᠋ᠦ᠍ ᠣᠷᠣᠯᠴᠠᠭᠤᠯᠳᠠᠭ ᠶᠤᠮ ᠪᠠᠢᠵᠠᠢ᠃ ᠮᠢᠩᠭᠠᠨ ᠴᠡᠷᠢᠭ ᠦ᠋ᠨ ᠳᠠᠷᠤᠭ᠎ᠠ ᠨᠢ ᠳ᠋ᠠᠪᠤᠨᠢ ᠂ ᠵᠠᠭᠤᠨ ᠴᠡᠷᠢᠭ ᠶᠦᠮ ᠦᠦ ᠮᠣᠵᠢ ᠶ᠋ᠢᠨ ᠴᠡᠷᠢᠭ ᠢ᠋ ᠳ᠋ᠸᠪᠠ ᠵᠠᠬᠢᠷᠳᠠᠭ ᠪᠠᠢᠨ᠎ᠠ᠃ ᠮᠣᠩᠯᠠᠮ ᠪᠤᠶᠤ ᠢᠷᠦᠭᠡᠯ ᠦ᠋ᠨ ᠶᠡᠬᠡ ᠬᠤᠷᠠᠯ ᠤ᠋ᠨ ᠦᠶ᠎ᠡ ᠪᠡᠷ ᠳ᠋ᠠᠪᠤᠨᠢ ᠳ᠋ᠤ᠌ ᠵᠠᠬᠢᠷᠤᠭᠤᠯᠬᠤ ᠲᠡᠶᠢᠮᠦ ᠣᠯᠠᠨ ᠴᠡᠷᠢᠭ ᠴᠤᠭᠯᠠᠷᠠᠵᠤ ᠢᠷᠡᠳᠡᠭ ᠦᠭᠡᠢ ᠪᠣᠯᠤᠯᠲᠠᠢ᠃
ᠰᠢᠨ᠎ᠡ ᠶ᠋ᠢᠨ ᠰᠠᠷ᠎ᠠ ᠶ᠋ᠢᠨ ᠪᠤᠵᠢᠭᠢᠨᠠᠭᠠᠨ ᠲᠠᠢ ᠵᠠᠩ ᠦᠢᠯᠡ ᠳᠠᠭᠤᠰᠬᠤ ᠲᠠᠰᠢ ᠪᠠᠨ ᠬᠠᠨᠳᠤᠵᠤ᠂ ᠥᠨᠥᠳᠥᠷ ᠳᠠᠯᠠᠢ ᠯᠠᠮᠠ ᠶ᠋ᠢᠨ ᠢ᠋ᠶ᠋ᠡᠨ ᠠᠮᠢ ᠨᠠᠰᠤᠨ ᠤ᠋ ᠡᠮᠦᠨ᠎ᠡ ᠡᠴᠡ ᠰᠦᠵᠢᠭᠲᠡᠨ ᠨᠦ᠍ᠭᠦᠳ ᠨᠢ ᠵᠣᠯᠢᠭ ᠲᠤ ᠭᠠᠷᠴᠤ᠂ ᠶᠡᠬᠡ ᠶᠣᠰᠣᠯᠠᠯ ᠬᠢᠵᠦ ᠲᠡᠭᠦᠰᠦᠯ᠎ᠡ᠃ ᠬᠥᠮᠦᠨ ᠦ᠌ ᠡᠮᠦᠨ᠎ᠡ ᠡᠴᠡ ᠬᠥᠮᠦᠨ ᠢ᠋ ᠭᠠᠷᠭᠠᠭᠤᠨ ᠳ᠋ᠤ᠌ ᠭᠠᠷᠭᠠᠳᠠᠭ ᠲᠡᠷᠡ ᠬᠠᠴᠢᠨ ᠶᠣᠰᠣᠯᠠᠯ ᠭᠠᠭᠴᠠᠬᠦ ᠡᠨᠡ ᠭᠠᠵᠠᠷ᠂ ᠬᠡᠲᠦᠷᠬᠡᠢ ᠰᠦᠵᠢᠭ ᠦ᠋ᠨ ᠦᠷ᠎ᠡ ᠪᠡᠷ ᠳᠡᠯᠭᠡᠷᠡᠵᠡᠢ᠃
ᠭᠡᠷ ᠦ᠋ᠨ ᠵᠦᠭ ᠪᠤᠴᠠᠵᠤ ᠶᠠᠪᠤᠬᠤ ᠳ᠋ᠠᠭᠠᠨ ᠭᠡᠯᠦᠩ ᠴᠤᠢᠮᠴᠤᠭ ᠱᠠᠪᠢ ᠳᠠᠭᠠᠨ ᠶᠡᠬᠡ ᠯᠡ ᠡᠯᠢᠭᠡᠰᠡᠭ ᠢ᠋ᠶ᠋ᠡᠷ᠄
– ᠪᠠᠭᠰᠢ ᠨᠢ ᠴᠦ᠍ ᠭᠡᠰᠡᠨ ᠥᠨᠥᠳᠥᠷ ᠭᠠᠷᠤᠯᠭᠠᠨ ᠳ᠋ᠤ᠌ ᠭᠠᠷᠤᠨ᠎ᠠ! ᠭᠡᠵᠦ ᠬᠡᠯᠡᠪᠡ᠃ ᠡᠭᠦᠨ ᠳ᠋ᠦ᠍ ᠰᠠᠩᠵᠢ ᠭᠡᠰᠦᠯ ᠮᠠᠰᠢ ᠶᠡᠬᠡ ᠭᠠᠢᠬᠠᠨ ᠪᠥᠱᠥᠭᠦᠷᠬᠡᠵᠦ᠄
– ᠲᠠ ᠶᠠᠭᠠᠬᠢᠯ᠎ᠠ ᠭᠡᠵᠦ ᠭᠠᠷᠤᠯᠭᠠᠨ ᠳ᠋ᠤ᠌ ᠭᠠᠷᠬᠤ ᠶᠤᠮ ᠪᠣᠢ? ᠭᠡᠵᠦ ᠰᠠᠨᠳᠤᠷᠤᠭᠰᠠᠨ ᠳᠠᠭᠤ ᠪᠠᠷ ᠠᠰᠠᠭᠤᠯ᠎ᠠ᠃ ᠮᠠᠭᠤ ᠶᠠᠭᠤᠮ᠎ᠠ ᠵᠥᠩᠨᠡᠵᠦ ᠰᠡᠳᠬᠢᠯ ᠨᠢ ᠳᠣᠩᠰᠣᠯᠵᠠᠢ᠃
– ᠪᠢ ᠭᠠᠷᠤᠯᠭᠠᠨ ᠳ᠋ᠤ᠌ ᠭᠠᠷᠬᠤ ᠵᠢᠷᠤᠭ ᠲᠠᠪᠢᠯᠠᠩ ᠲᠠᠢ ᠶᠤᠮ᠃ ᠲᠡᠷᠡ ᠶᠣᠰᠣᠭᠠᠷ ᠥᠨᠥᠳᠥᠷ ᠣᠷᠣᠢ ᠶᠠᠪᠤᠬᠤ ᠵᠠᠮ ᠢ᠋ᠶ᠋ᠠᠷ ᠢ᠋ᠶ᠋ᠠᠨ ᠪᠠᠭᠰᠢ ᠨᠢ ᠶᠠᠪᠤᠨ᠎ᠠ ᠭᠡᠵᠦ ᠭᠡᠯᠦᠩ ᠴᠤᠢᠮᠴᠤᠭ ᠰᠠᠨᠠᠭ᠎ᠠ ᠠᠮᠤᠷᠯᠢᠩᠭᠤᠢ ᠲᠠᠢᠪᠤᠩ ᠶᠠᠷᠢᠪᠠ᠃
– ᠶᠠᠭᠠᠬᠢᠯ᠎ᠠ ᠭᠡᠵᠦ ᠳᠡ! ᠲᠠ ᠬᠠᠮᠢᠭᠠᠰᠢ ᠪᠠᠨ ᠶᠠᠪᠤᠬᠤ ᠶᠤᠮ ᠪᠣᠢ? ᠭᠡᠵᠦ ᠰᠠᠩᠵᠢ ᠬᠣᠭᠣᠯᠠᠢ ᠴᠡᠴᠡᠷᠡᠨ ᠠᠰᠠᠭᠤᠲᠠᠯ᠎ᠠ᠄
– ᠳᠠᠭᠤ ᠪᠠᠨ ᠠᠶᠠᠳᠠ᠃ ᠭᠤᠳᠤᠮᠵᠢᠨ ᠳ᠋ᠤ᠌ ᠡᠢᠮᠦ ᠶᠠᠭᠤᠮ᠎ᠠ ᠶᠠᠷᠢᠳᠠᠭ ᠦᠭᠡᠢ᠃ ᠭᠡᠷ ᠲᠦ᠍ ᠪᠡᠨ ᠣᠴᠢᠭᠠᠳ ᠪᠢ ᠴᠢᠮ᠎ᠠ ᠳᠤ ᠬᠡᠯᠡᠨ᠎ᠡ ᠭᠡᠵᠦ ᠭᠡᠯᠦᠩ ᠲᠡᠷᠡᠬᠦ ᠲᠦᠭᠰᠢᠭᠦᠷᠢᠲᠡᠢ ᠶᠠᠷᠢᠭ᠎ᠠ ᠶ᠋ᠢ ᠨᠠᠮᠵᠢᠭᠠᠯᠠ᠃
ᠠᠲᠢᠺᠠ ᠳ᠋ᠸᠠᠵᠢᠨ ᠵᠡᠸᠡᠲᠡᠨ
ᠵᠦᠲ᠋ᠪᠸᠷ ᠵᠠᠶ᠋ᠢᠪᠢ ᠪᠠᠯᠲᠠᠨ
ᠯᠠᠮᠠ ᠳ᠋ᠠᠮᠪᠠ ᠨᠠᠮᠯᠠ
ᠵᠠᠫᠰᠤᠴᠥ᠋ᠪᠣᠣ !
ᠭᠡᠵᠦ ᠪᠠᠭᠰᠢ ᠨᠢ ᠠᠮᠠᠨ ᠳ᠋ᠠᠭᠠᠨ ᠰᠢᠯᠦᠭ ᠮᠠᠨᠢ᠂ ᠨᠣᠮ ᠤ᠋ᠨ ᠲᠦᠯᠬᠢᠭᠦᠷ ᠢ᠋ ᠤᠩᠰᠢᠬᠤ ᠳ᠋ᠤ᠌ ᠰᠠᠩᠵᠢ ᠳᠠᠪᠲᠠᠨ᠄
– ᠪᠢ ᠲᠡᠷᠢᠭᠦᠲᠡᠨ᠄ ᠡᠬᠡ ᠪᠣᠯᠤᠭᠰᠠᠨ ᠬᠠᠮᠤᠭ ᠠᠮᠢᠲᠠᠨ᠂ ᠠᠷᠪᠠᠨ ᠵᠦᠭ ᠦ᠋ᠨ ᠭᠤᠷᠪᠠᠨ ᠴᠠᠭ ᠤᠨ ᠬᠠᠮᠤᠭ ᠬᠤᠲᠤᠭᠲᠠᠨ᠂ ᠬᠤᠸᠠᠷᠠᠭ ᠤ᠋ᠳ᠂ ᠡᠵᠡᠨ ᠢᠯ ᠳ᠋ᠦ᠍ ᠠᠴᠢᠲᠤ ᠦᠨᠳᠦᠰᠦᠨ ᠯᠠᠮᠠ ᠨᠠᠷ ᠲᠤ᠌ ᠢᠲᠡᠭᠡᠮᠦᠢ!ᠭᠡᠵᠦ ᠳᠠᠭᠤᠷᠢᠶᠠᠨ ᠤᠩᠰᠢᠯ᠎ᠠ᠃ ᠲᠡᠭᠡᠭᠡᠳ ᠲᠡᠳᠡ ᠬᠡᠰᠡᠭ ᠳᠠᠭᠤ ᠦᠭᠡᠢ ᠶᠠᠪᠤᠬᠤ ᠳ᠋ᠠᠭᠠᠨ ᠤᠤᠯ ᠨᠣᠮ ᠢ᠋ ᠴᠠᠰᠢ ᠨᠢ ᠠᠮᠠ ᠠᠮᠠᠨ ᠳ᠋ᠠᠭᠠᠨ ᠦᠷᠭᠦᠯᠵᠢᠯᠡᠭᠦᠯᠦᠨ ᠤᠩᠰᠢᠬᠤ ᠤᠴᠢᠷᠲᠠᠢ ᠪᠣᠯᠪᠠᠴᠤ ᠲᠡᠭᠡᠭᠰᠡᠨ ᠦᠭᠡᠢ ᠬᠡᠢ ᠯᠠ ᠠᠮᠠ ᠪᠠᠨ ᠬᠥᠳᠡᠯᠭᠡᠵᠦ ᠥᠭᠡᠷ᠎ᠡ ᠥᠭᠡᠷ᠎ᠡ ᠶᠠᠭᠤᠮ᠎ᠠ ᠪᠤᠳᠤᠵᠠᠭᠠᠵᠤ ᠪᠠᠢᠵᠠᠢ᠃
《ᠪᠠᠭᠰᠢᠲᠠᠨ ᠭᠠᠷᠤᠯᠭᠠᠨ ᠳ᠋ᠤ᠌ ᠭᠠᠷᠤᠨ᠎ᠠ ᠭᠡᠵᠦ ᠶᠠᠭᠤ ᠶᠠᠷᠢᠵᠤ ᠪᠠᠢᠭ᠎ᠠ ᠶᠤᠮ ᠪᠣᠢ? ᠥᠨᠥᠳᠥᠷ ᠦᠨ ᠵᠣᠯᠢᠭ ᠲᠤ᠌ ᠭᠠᠷᠤᠭᠰᠠᠨ ᠬᠥᠮᠦᠨ ᠦ᠌ ᠠᠳᠠᠯᠢ ᠭᠠᠷᠬᠤ ᠭᠡᠵᠦ ᠦᠦ? ᠲᠡᠭᠡᠪᠡᠯ ᠥᠷᠯᠥᠭᠡ ᠯᠡ ᠲᠡᠷᠡ ᠬᠥᠮᠦᠨ ᠦ᠌ ᠬᠠᠮᠲᠤ ᠭᠠᠷᠬᠤ ᠶᠣᠰᠣᠲᠠᠢ ᠪᠠᠢᠭᠰᠠᠨ ᠪᠢᠰᠢ ᠦᠦ? ᠪᠢ ᠯᠡ ᠪᠠᠭᠰᠢ ᠶ᠋ᠢᠨ ᠦᠭᠡ ᠶ᠋ᠢ ᠪᠤᠷᠤᠭᠤ ᠣᠢᠯᠠᠭᠠᠬᠤ ᠰᠢᠭ᠋ ᠪᠣᠯᠤᠯ᠎ᠠ᠃ ᠲᠡᠭᠡᠪᠡᠯ ᠴᠦ᠍ ᠨᠢᠭᠦᠯ ᠠᠯᠳᠠᠰ ᠪᠣᠯᠤᠨ᠎ᠠ ᠰᠢᠦ》 ᠭᠡᠵᠦ ᠰᠠᠩᠵᠢ ᠭᠡᠰᠦᠯ ᠭᠡᠨᠡᠳᠲᠡ ᠪᠣᠳᠣᠭᠠᠳ ᠡᠪ ᠦᠭᠡᠢᠷᠬᠡᠬᠦ ᠳ᠋ᠡᠭᠡᠨ ᠳᠤᠬᠤᠨ ᠤ᠋ ᠨᠢ ᠬᠥᠯᠥᠰᠥ ᠴᠢᠬᠠᠷᠠᠬᠤ ᠮᠡᠲᠦ ᠪᠣᠯᠤᠯ᠎ᠠ᠃
《 ᠬᠥᠭᠡᠷᠦᠬᠦᠢ ᠭᠡᠰᠦᠯ ᠭᠡᠨᠡᠨ ᠪᠠᠯᠴᠢᠷ ᠪᠠᠢᠨ᠎ᠠ᠃ ᠨᠠᠮᠢ᠋ᠢ ᠠᠮᠢᠨ ᠵᠣᠯᠢᠶᠠᠰᠤᠨ ᠳ᠋ᠤ᠌ ᠭᠠᠷᠤᠨ᠎ᠠ ᠭᠡᠳᠡᠭ ᠲᠦ᠍ ᠣᠭᠲᠣ ᠢᠲᠡᠭᠡᠬᠦ ᠦᠭᠡᠢ ᠪᠠᠢᠨ᠎ᠠ᠃ ᠴᠣᠬᠣᠮ ᠶᠠᠭᠠᠬᠢᠵᠤ ᠴᠤ᠌ ᠮᠡᠳᠡᠬᠦ ᠶᠦᠮ ᠪᠢᠯᠡ ᠳᠠ》 ᠭᠡᠵᠦ ᠭᠡᠯᠦᠩ ᠳᠣᠲᠣᠷ᠎ᠠ ᠪᠠᠨ ᠪᠣᠳᠣᠯ᠎ᠠ᠃ ᠲᠡᠷᠡ ᠬᠣᠶᠠᠷ ᠶᠠᠪᠤᠨ ᠶᠠᠪᠤᠭᠰᠠᠭᠠᠷ ᠭᠡᠷ ᠲᠦ᠍ ᠪᠡᠨ ᠢᠷᠡᠪᠡ᠃ ᠪᠠᠭᠰᠢ ᠨᠢ ᠥᠨᠥᠳᠥᠷ ᠪᠡᠬᠢ ᠪᠠᠢᠳᠠᠭ ᠢ᠋ᠶ᠋ᠠᠷ ᠢ᠋ᠶ᠋ᠠᠨ ᠯᠠ ᠭᠤᠶᠤ ᠬᠤᠪᠴᠠᠰᠤᠯᠠᠵᠤ ᠶᠡᠬᠡ ᠭᠠᠮᠪᠠᠭᠠᠷ ᠪᠠᠢᠳᠠᠯ ᠲᠠᠢ ᠪᠠᠢᠪᠠ᠃
– ᠪᠠᠭᠰᠢ ᠨᠢ ᠥᠨᠥ ᠣᠷᠣᠢ ᠶᠡᠬᠡ ᠴᠢᠬᠤᠯᠠ ᠠᠵᠢᠯ ᠲᠠᠢ᠃ ᠲᠡᠭᠦᠨ ᠳ᠋ᠡᠭᠡᠨ ᠶᠠᠪᠤᠬᠤ ᠶ᠋ᠢᠨ ᠡᠮᠦᠨ᠎ᠡ ᠰᠠᠢᠬᠠᠨ ᠱᠥᠯᠥ ᠬᠢᠵᠦ ᠢᠳᠡᠪᠡᠯ ᠵᠦᠭᠡᠷ ᠪᠠᠢᠨ᠎ᠠ ᠭᠡᠵᠦ ᠭᠡᠯᠦᠩ ᠬᠡᠯᠡᠪᠡ᠃ ᠰᠠᠩᠵᠢ ᠭᠡᠰᠦᠯ ᠱᠠᠯᠠᠮᠠᠭᠬᠠᠨ ᠬᠥᠳᠡᠯᠵᠦ ᠪᠠᠭᠰᠢ ᠳ᠋ᠠᠭᠠᠨ ᠵᠣᠷᠢᠭᠤᠯᠤᠨ ᠬᠠᠷ᠎ᠠ ᠱᠥᠯᠥ ᠬᠢᠯ᠎ᠡ᠃ ᠰᠠᠷᠯᠤᠭ ᠤ᠋ᠨ ᠮᠢᠬ᠎ᠠ ᠲᠤᠯᠠ ᠶᠡᠬᠡ ᠬᠠᠲᠠᠭᠤ ᠶᠤᠮ᠃ ᠪᠠᠭᠰᠢ ᠨᠢ ᠵᠢᠵᠢᠭᠬᠡᠨ ᠬᠥᠰᠬᠥᠯᠡᠬᠦ ᠶᠢ ᠳᠤᠷᠠᠯᠠᠳᠠᠭ ᠶᠣᠰᠣᠭᠠᠷ ᠬᠢᠴᠢᠶᠡᠩᠭᠦᠢᠯᠡᠨ ᠬᠢᠯ᠎ᠡ᠃
– ᠵᠠ ᠪᠠᠭᠰᠢ ᠶ᠋ᠢ ᠪᠡᠨ ᠬᠡᠵᠢᠶ᠎ᠡ ᠪᠣᠯᠪᠠᠴᠤ ᠮᠠᠷᠲᠠᠩᠨᠠᠭᠤᠵᠠᠢ᠃ ᠥᠨᠥᠳᠥᠷ ᠦ᠋ᠨ ᠪᠤᠶᠠᠨᠲᠤ ᠰᠠᠢᠬᠠᠨ ᠡᠳᠦᠷ ᠪᠠᠭᠰᠢ ᠨᠢ ᠬᠤᠪᠢ ᠲᠥᠭᠡᠷᠭᠡ ᠶᠣᠰᠣᠭᠠᠷ ᠢ᠋ᠶ᠋ᠠᠨ ᠪᠤᠷᠬᠠᠨ ᠤ᠋ ᠣᠷᠣᠨ ᠳ᠋ᠤ᠌ ᠣᠳᠬᠤ ᠪᠣᠯᠤᠨ᠎ᠠ᠃ ᠮᠠᠷᠭᠠᠰᠢ ᠠ᠋ᠴᠠ ᠡᠬᠢᠯᠡᠭᠡᠳ ᠱᠠᠪᠢ ᠴᠢ ᠭᠠᠭᠴᠠᠭᠠᠷ ᠢ᠋ᠶ᠋ᠠᠨ ᠠᠮᠢᠳᠤᠷᠠᠨ᠎ᠠ᠃ ᠡᠷᠭᠢᠵᠦ ᠪᠠᠭᠰᠢ ᠨᠢ ᠢᠷᠡᠬᠦ ᠦᠭᠡᠢ᠃ ᠢᠷᠡᠪᠡᠴᠦ ᠲᠥᠷᠥᠯ ᠠᠷᠠᠯᠵᠢᠨ ᠢᠷᠡᠨ᠎ᠡ ᠭᠡᠵᠦ ᠪᠠᠭᠰᠢ ᠶ᠋ᠢ ᠪᠡᠨ ᠶᠠᠷᠢᠬᠤ ᠳ᠋ᠤ᠌ ᠭᠡᠰᠦᠯ ᠰᠠᠩᠵᠢ ᠶᠠᠭᠤ ᠴᠤ᠌ ᠬᠡᠯᠡᠬᠦ ᠤᠴᠢᠷ ᠢ᠋ᠶ᠋ᠠᠨ ᠣᠯᠤᠭᠰᠠᠨ ᠦᠭᠡᠢ᠃ ᠪᠦᠯᠡᠬᠡ ᠡᠮᠬᠦᠭᠰᠡᠨ ᠮᠡᠲᠦ ᠭᠥᠯᠢᠷᠡᠨ᠂ ᠠᠯᠠᠭ᠎ᠠ ᠪᠠᠨ ᠬᠠᠪᠰᠤᠷᠤᠨ ᠵᠣᠭᠰᠣᠯ᠎ᠠ᠃ ᠪᠠᠭᠰᠢ ᠶ᠋ᠢᠨ ᠦᠭᠡ ᠨᠢᠭᠤᠴᠠ ᠤᠳᠬ᠎ᠠ ᠪᠠᠷ ᠢ᠋ᠶ᠋ᠠᠨ ᠠᠶᠤᠮᠠᠷ ᠪᠠᠢᠪᠠ᠃
– ᠪᠠᠭᠰᠢ ᠨᠢ ᠪᠦᠬᠦ ᠨᠠᠰᠤ ᠪᠠᠷ ᠢ᠋ᠶ᠋ᠠᠨ ᠪᠤᠷᠬᠠᠨ ᠤ᠋ ᠨᠣᠮ ᠳ᠋ᠤ᠌ ᠰᠦᠰᠦᠭ᠍ᠯᠡᠨ ᠬᠢᠴᠢᠶᠡᠩᠭᠦᠢᠯᠡᠵᠦ ᠬᠣᠶᠠᠷ ᠵᠠᠭᠤᠨ ᠲᠠᠪᠢᠨ ᠭᠤᠷᠪᠠᠨ ᠰᠠᠬᠢᠯ ᠠ᠋ᠴᠠ ᠨᠢᠭᠡ ᠡᠴᠡ ᠪᠤᠰᠤᠳ ᠢ᠋ ᠴᠥᠮ ᠢ᠋ ᠲᠠᠪᠢ ᠭᠠᠷᠤᠢ ᠵᠢᠯ ᠬᠠᠲᠠᠭᠤ ᠰᠠᠬᠢᠭᠰᠠᠨ᠃ ᠨᠢᠭᠡ ᠶᠢ ᠨᠢ ᠨᠠᠰᠤᠨ ᠤ᠋ ᠡᠷᠬᠡ ᠪᠡᠷ ᠰᠠᠬᠢᠵᠤ ᠴᠢᠳᠠᠭ᠎ᠠ ᠦᠭᠡᠢ᠃ ᠲᠡᠷᠡ ᠮᠢᠨᠢ ᠨᠥᠬᠥᠰᠢ ᠦᠭᠡᠢ ᠶᠡᠬᠡ ᠨᠢᠭᠦᠯ᠃ ᠲᠡᠷᠡ ᠨᠢᠭᠦᠯ ᠢ᠋ᠶ᠋ᠡᠨ ᠪᠢ ᠨᠠᠮᠠᠨᠴᠢᠯᠠᠨ ᠵᠠᠯᠪᠠᠷᠢᠵᠤ ᠶᠠᠪᠤᠬᠤ ᠶᠣᠰᠣᠲᠠᠢ᠃ ᠮᠢᠨᠦ ᠲᠡᠷᠡ ᠨᠢᠭᠦᠯ ᠬᠣᠶᠠᠷ ᠵᠠᠭᠤᠨ ᠲᠠᠪᠢᠨ ᠬᠣᠶᠠᠷ ᠰᠠᠬᠢᠯ ᠢ᠋ ᠭᠠᠭᠴᠠᠭᠠᠷ ᠢ᠋ᠶ᠋ᠠᠨ ᠪᠠᠷᠠᠭᠠᠨᠲᠤᠭᠤᠯᠵᠤ ᠴᠢᠳᠠᠬᠤ ᠨᠤᠬᠤᠴᠠᠲᠠᠢ ᠨᠢᠭᠡᠨ ᠪᠣᠢ᠃ ᠭᠡᠪᠡᠴᠦ ᠪᠤᠶᠠᠨ ᠨᠢᠭᠦᠯ ᠬᠣᠶᠠᠷ ᠳ᠋ᠦᠭ ᠱᠠᠭ ᠪᠣᠯᠤᠨ᠎ᠠ ᠪᠢᠵᠡ ᠳᠡ᠃ ᠢᠩᠭᠢᠭᠡᠳ ᠪᠠᠭᠰᠢ ᠨᠢ ᠁ ᠭᠡᠲᠡᠯ᠎ᠡ ᠰᠠᠩᠵᠢ ᠭᠡᠰᠦᠯ ᠦ᠋ᠨ ᠬᠣᠶᠠᠷ ᠨᠢᠳᠦᠨ ᠡᠴᠡ ᠨᠢᠯᠪᠤᠰᠤ ᠪᠥᠮᠪᠥᠷᠢᠨ ᠴᠢᠮᠡᠭᠡ ᠦᠭᠡᠢ ᠪᠡᠷ ᠮᠡᠯᠮᠡᠷᠡᠵᠦ ᠪᠠᠢᠬᠤ ᠶ᠋ᠢ ᠭᠡᠯᠦᠩ ᠴᠤᠢᠮᠴᠤᠭ ᠬᠠᠷᠠᠴᠢᠬᠠᠭᠠᠳ ᠳᠠᠭᠤ ᠦᠭᠡᠢ ᠪᠣᠯᠪᠠ᠃
– ᠪᠡᠶ᠎ᠡ ᠪᠡᠨ ᠪᠡᠷᠢ! ᠪᠢ ᠶᠠᠮᠠᠷ ᠲᠠᠮᠤ ᠳ᠋ᠤ᠌ ᠶᠠᠪᠤᠬᠤ ᠭᠡᠵᠦ ᠪᠠᠢᠭ᠎ᠠ ᠪᠢᠰᠢ! ᠭᠡᠵᠦ ᠪᠠᠭᠰᠢ ᠯᠠᠮᠠ ᠨᠢ ᠠᠭᠤᠷ ᠲᠠᠢ ᠰᠢᠪᠡᠨᠡᠪᠡ᠃ ᠲᠡᠳᠡ ᠬᠣᠭᠣᠯᠠ ᠪᠠᠨ ᠢᠳᠡᠵᠦ ᠳᠠᠭᠤᠰᠤᠯ᠎ᠠ᠃ ᠭᠡᠯᠦᠩ ᠴᠤᠢᠮᠴᠤᠭ ᠨᠢᠳᠦ ᠪᠠᠨ ᠠᠨᠢᠰᠬᠢᠨ ᠬᠡᠰᠡᠭ ᠵᠠᠭᠤᠷ᠎ᠠ ᠪᠣᠳᠣᠯᠭᠠᠰᠢᠷᠠᠭᠰᠠᠨ ᠢ᠋ᠶ᠋ᠠᠨ᠄
– ᠵᠠ ᠢᠩᠭᠢᠭᠡᠳ ᠪᠠᠭᠰᠢ ᠨᠢ ᠶᠠᠪᠤᠨ᠎ᠠ᠃ ᠴᠢ ᠨᠠᠳᠠ ᠲᠠᠢ ᠬᠠᠮᠲᠤ ᠶᠠᠪᠤᠬᠤ ᠬᠡᠷᠡᠭ ᠪᠠᠢᠨ᠎ᠠ ᠤᠤ ᠳᠠ ᠭᠡᠪᠡ᠃
– ᠬᠠᠮᠲᠤ ᠶᠠᠪᠤᠯ ᠦᠭᠡᠢ ᠶᠠᠭᠠᠬᠢᠬᠤ ᠪᠣᠢ᠃ ᠶᠠᠭᠠᠬᠢᠪᠠᠴᠤ ᠬᠠᠮᠲᠤ ᠶᠠᠪᠤᠨ᠎ᠠ ᠭᠡᠵᠦ ᠰᠠᠩᠵᠢ ᠵᠠᠯᠪᠠᠷᠢᠨ ᠭᠤᠶᠤᠯ᠎ᠠ᠃
– ᠵᠠ ᠶᠠᠭᠠᠬᠢᠬᠤ ᠪᠣᠢ᠃ ᠪᠢ ᠴᠢᠮᠠᠢ ᠳᠠᠭᠠᠭᠤᠯᠤᠭᠠᠳ ᠶᠠᠪᠤᠶ᠎ᠠ᠃ ᠬᠠᠷᠢᠨ ᠴᠢ ᠲᠡᠷᠡ ᠭᠠᠵᠠᠷ ᠣᠴᠢᠭᠠᠳ ᠠᠶᠤᠵᠤ ᠪᠥᠱᠥᠭᠦᠷᠬᠡᠵᠦ ᠪᠣᠯᠬᠤ ᠦᠭᠡᠢ᠃ ᠲᠡᠭᠡᠪᠡᠯ ᠪᠠᠭᠰᠢ ᠶ᠋ᠢᠨ ᠢ᠋ᠶ᠋ᠡᠨ ᠶᠠᠪᠤᠬᠤ ᠵᠠᠮ ᠮᠥᠷ ᠲᠦ᠍ ᠶᠡᠬᠡ ᠬᠠᠷ᠎ᠠ ᠰᠠᠭᠠᠳ ᠪᠣᠯᠤᠨ᠎ᠠ᠃ ᠴᠢ ᠠᠮᠢᠨ ᠳ᠋ᠤ᠌ ᠴᠢᠨᠢ ᠬᠦᠷᠴᠦ ᠪᠠᠢᠪᠠ ᠴᠢᠭ᠋ ᠬᠦᠯᠢᠴᠡᠵᠦ ᠴᠢᠳᠠᠬᠤ ᠤᠤ? ᠭᠡᠵᠦ ᠭᠡᠰᠦᠯ ᠡᠴᠡ ᠪᠠᠭᠰᠢ ᠨᠢ ᠠᠰᠠᠭᠤᠵᠠᠢ᠃
– ᠪᠢ ᠴᠢᠳᠠᠬᠤ ᠠᠮᠠᠯᠠᠯᠲᠠ ᠥᠭᠬᠦᠶ᠎ᠡ᠂ ᠪᠠᠭᠰᠢ ᠡ! ᠬᠡᠪ᠃
– ᠴᠢ ᠪᠠᠰᠠ ᠠᠮᠢᠨ ᠳ᠋ᠤ᠌ ᠴᠢᠨᠢ ᠬᠦᠷᠪᠡᠴᠦ ᠦᠵᠡᠭᠰᠡᠨ ᠶᠠᠭᠤᠮ᠎ᠠ ᠪᠠᠨ ᠨᠢᠭᠤᠵᠤ ᠴᠢᠳᠠᠬᠤ ᠤᠤ? ᠭᠡᠵᠦ ᠪᠠᠭᠰᠢ ᠠᠰᠠᠭᠤᠯ᠎ᠠ᠃ ᠬᠠᠷᠠᠴᠠ ᠠᠢᠬᠤᠪᠲᠤᠷ ᠲᠥᠪᠯᠡᠷᠡᠵᠡᠢ᠃
– ᠴᠢᠳᠠᠨ᠎ᠠ᠃ ᠭᠠᠭᠴᠠᠬᠦ ᠡᠭᠦᠨ ᠳ᠋ᠦ᠍ ᠢᠲᠡᠭᠡᠵᠦ ᠪᠣᠯᠤᠨ᠎ᠠ᠃ ᠪᠢ ᠥᠭᠡᠷ᠎ᠡ ᠬᠡᠨ ᠳ᠋ᠦ᠍ ᠠᠮᠠ ᠲᠠᠩᠭᠠᠷᠢᠭ ᠥᠭᠬᠦ ᠪᠢᠯᠡ᠃ ᠪᠠᠭᠰᠢ ᠶ᠋ᠢᠨ ᠡᠮᠦᠨ᠎ᠡ ᠥᠭᠭᠦᠭᠰᠡᠨ ᠲᠠᠩᠭᠠᠷᠢᠭ ᠠᠨᠳᠠᠭᠠᠢ ᠪᠢᠰᠢ ᠦᠦ? ᠭᠡᠵᠦ ᠭᠡᠰᠦᠯ ᠠᠨᠳᠠᠭᠠᠢᠯᠠᠪᠠ᠃
– ᠥᠨᠥ ᠰᠥᠨᠢ ᠪᠠᠭᠰᠢ ᠨᠢ ᠵᠤᠯᠠ ᠡᠷᠭᠦᠬᠦ ᠵᠠᠩ ᠦᠢᠯᠡ ᠳ᠋ᠦ᠍ ᠣᠷᠣᠯᠴᠠᠨ᠎ᠠ᠃ ᠣᠷᠣᠯᠴᠠᠬᠤ ᠴᠤ᠌ ᠭᠡᠵᠦ ᠳ᠋ᠡ ᠪᠢ ᠥᠪᠡᠷ ᠢ᠋ᠶ᠋ᠡᠨ ᠵᠤᠯᠠ ᠶ᠋ᠢᠨ ᠭᠣᠣᠯ ᠪᠣᠯᠵᠤ ᠵᠢᠷᠭᠠᠨ᠎ᠠ᠃ ᠮᠢᠨᠦ ᠴᠢᠮ᠎ᠠ ᠳ᠋ᠤ᠌ ᠣᠭᠲᠣ ᠶᠠᠷᠢᠵᠤ ᠥᠭᠭᠦᠭᠡ ᠦᠭᠡᠢ ᠦᠯᠡᠳᠡᠭᠰᠡᠨ ᠵᠦᠢᠯ ᠡᠨᠡ ᠶᠠᠭᠤᠮ᠎ᠠ ᠳ᠋ᠠᠭ᠃ ᠪᠤᠷᠬᠠᠨ ᠱᠠᠭᠢᠮᠦᠨᠢ ᠶ᠋ᠢᠨ ᠠᠷᠢᠭᠤᠨ ᠦᠢᠯᠡᠰ ᠲᠦ᠍ ᠪᠡᠶ᠎ᠡ ᠪᠡᠨ ᠥᠭᠬᠦ ᠲᠡᠷᠡ ᠦᠢᠯᠡᠰ ᠪᠣᠯ ᠬᠣᠶᠠᠷ ᠭᠦᠯ ᠳᠡᠢ ᠬᠥᠮᠥᠨ ᠳᠦ ᠬᠣᠪᠣᠷ ᠲᠣᠬᠢᠶᠠᠯᠳᠤᠳᠠᠭ ᠵᠠᠶᠠᠭ᠎ᠠ᠃ ᠶᠡᠬᠡ ᠠᠷᠭ᠎ᠠ ᠪᠢᠯᠢᠭ ᠤ᠋ᠨ ᠬᠦᠴᠦᠨ ᠳᠦ ᠪᠠᠭᠰᠢ ᠨᠢ ᠡᠢᠮᠦ ᠡᠷᠬᠡ ᠣᠯᠵᠤ ᠠᠪᠤᠯ᠎ᠠ᠃ ᠣᠳᠣ ᠲᠡᠷᠡ ᠵᠣᠯ ᠵᠠᠶᠠᠭᠠᠨ ᠠ᠋ᠴᠠ ᠪᠠᠨ ᠭᠡᠭᠡᠭᠳᠡᠵᠦ ᠣᠭᠲᠣ ᠪᠣᠯᠬᠤ ᠦᠭᠡᠢ᠃ ᠵᠤᠯᠠ ᠶ᠋ᠢᠨ ᠭᠣᠣᠯ ᠪᠣᠯᠵᠤ ᠮᠢᠨᠦ ᠰᠢᠲᠠᠬᠤ ᠨᠢ ᠪᠦᠬᠦ ᠨᠠᠰᠤ ᠪᠠᠨ ᠵᠣᠷᠢᠭᠤᠯᠤᠭᠰᠠᠨ ᠪᠤᠷᠬᠠᠨ ᠪᠠᠭᠰᠢ ᠶ᠋ᠢᠨ ᠦᠢᠯᠡᠰ ᠲᠦ᠍ ᠰᠡᠭᠦᠯᠴᠢ ᠶ᠋ᠢᠨ ᠥᠮᠴᠢ ᠬᠥᠷᠥᠩᠭᠡ ᠪᠡᠨ ᠡᠷᠭᠦᠭᠰᠡᠨ ᠦ ᠲᠡᠮᠳᠡᠭ ᠶᠦᠮ᠃ ᠪᠡᠶ᠎ᠡ ᠶᠠᠭᠤ ᠴᠤ᠌ ᠪᠢᠰᠢ᠃ ᠭᠠᠭᠴᠠᠬᠦ ᠰᠡᠳᠬᠢᠯ ᠦ᠋ᠨ ᠮᠥᠩᠬᠡᠵᠢᠷᠡᠯ ᠦᠵᠡᠬᠦ ᠨᠢ ᠮᠢᠨᠦ ᠳᠡᠭᠡᠳᠦ ᠲᠠᠪᠢᠯᠠᠩ᠃ ᠬᠢᠭᠰᠡᠭᠡᠷ ᠢᠷᠡᠭᠰᠡᠨ ᠪᠦᠬᠦ ᠪᠤᠶᠠᠨ ᠤ᠋ ᠮᠢᠨᠢ ᠲᠢᠲᠢᠮ ᠲᠡᠷᠡ ᠪᠣᠯᠤᠨ᠎ᠠ᠃ᠬᠢᠭᠰᠡᠨ ᠨᠢᠭᠦᠯ ᠨᠠᠳᠠ ᠪᠠᠢᠳᠠᠭ ᠪᠣᠯᠵᠤ ᠭᠡᠮ ᠳᠡᠷᠡᠨ ᠦ᠌ ᠮᠢᠨᠢ ᠴᠠᠭᠠᠳᠬᠠᠯ ᠨᠢ ᠪᠠᠰᠠ ᠲᠡᠷᠡ ᠮᠥᠨ᠃ ᠬᠡᠷᠪᠡ ᠪᠢ ᠡᠨᠡ ᠦᠶ᠎ᠡ ᠳ᠋ᠦ᠍ ᠯᠡ ᠵᠣᠭᠰᠣᠭᠠᠬᠤ ᠦᠭᠡᠢ ᠪᠣᠯ ᠨᠢᠭᠦᠯ ᠮᠢᠨᠢ ᠤᠯᠠᠮ ᠦᠷᠭᠦᠯᠵᠢᠯᠡᠵᠦ ᠨᠡᠮᠡᠭᠳᠡᠬᠦ ᠨᠢ ᠯᠠᠪᠲᠠᠢ ᠬᠡᠷᠡᠭ᠃ ᠲᠡᠷᠡ ᠪᠠᠭ᠎ᠠ ᠳᠡᠭᠡᠷ᠎ᠡ ᠪᠡᠨ ᠲᠡᠭᠦᠰᠬᠡᠯ ᠪᠣᠯᠬᠤ ᠤᠴᠢᠷᠲᠠᠢ ᠭᠡᠵᠦ ᠭᠡᠯᠦᠩ ᠴᠤᠢᠮᠴᠤᠭ ᠥᠪᠡᠷᠲᠡᠭᠡᠨ ᠶᠠᠷᠢᠵᠤ ᠪᠠᠢᠭ᠎ᠠ ᠮᠡᠲᠦ ᠪᠥᠪᠥᠲᠥᠨᠡᠨ ᠬᠡᠯᠡᠪᠡ᠃ ᠭᠡᠰᠦᠯ ᠰᠠᠩᠵᠢ ᠰᠡᠳᠬᠢᠯ ᠦ᠋ᠨ ᠶᠡᠬᠡ ᠬᠢᠮᠤᠷᠠᠯ ᠠ᠋ᠴᠠ ᠪᠣᠯᠵᠤ ᠳᠤᠤᠭᠠᠷᠴᠤ ᠴᠢᠳᠠᠭᠰᠠᠨ ᠦᠭᠡᠢ᠃
– ᠵᠤᠯᠠ ᠡᠷᠭᠦᠬᠦ ᠳ᠋ᠦ᠍ ᠭᠠᠳᠠᠨ᠎ᠠ ᠶ᠋ᠢᠨ ᠬᠥᠮᠦᠨ ᠣᠷᠣᠭᠤᠯᠳᠠᠭ ᠦᠭᠡᠢ ᠶᠦᠮ᠃ ᠭᠠᠭᠴᠠ ᠨᠢᠭᠡ ᠬᠥᠮᠦᠨ ᠣᠷᠣᠭᠤᠯᠪᠠᠯ ᠲᠡᠳᠡ ᠪᠣᠯᠤᠭᠰᠠᠨ ᠶᠠᠪᠤᠳᠠᠯ ᠢ᠋ ᠥᠪᠡᠷᠲᠡᠭᠡᠨ ᠯᠡ ᠪᠢᠰᠢᠯᠭᠠᠬᠤ ᠤᠴᠢᠷᠲᠠᠢ᠃ ᠪᠢ ᠬᠣᠷᠸ᠎ᠠ ᠳᠡᠭᠡᠷ᠎ᠡ ᠭᠠᠭᠴᠠ ᠱᠠᠪᠢ ᠲᠠᠢ ᠬᠥᠮᠦᠨ᠃ ᠲᠡᠭᠦᠨ ᠢ᠋ᠶ᠋ᠡᠨ ᠣᠷᠣᠭᠤᠯᠵᠤ ᠪᠣᠯᠤᠨ᠎ᠠ᠃ ᠬᠠᠷᠢᠨ ᠮᠢᠨᠦ ᠨᠢᠭᠡᠨ ᠵᠢᠩᠳᠠᠭᠠᠨ ᠤ ᠨᠥᠬᠥᠷ ᠲᠦ᠍ ᠪᠢ ᠴᠢᠮᠢ᠋ᠢ ᠵᠠᠬᠢᠵᠤ ᠬᠡᠯᠡᠭᠰᠡᠨ᠃ ᠲᠡᠷᠡ ᠴᠢᠮᠢ᠋ᠢ ᠵᠤᠯᠠ ᠡᠷᠭᠦᠯ ᠦ᠋ᠨ ᠭᠠᠵᠠᠷ ᠠᠴᠠ ᠭᠠᠷᠭᠠᠵᠤ ᠭᠡᠷ ᠲᠦ᠍ ᠪᠡᠨ ᠠᠪᠠᠴᠢᠨ᠎ᠠ᠃ ᠥᠨᠥ ᠰᠥᠨᠢ ᠳ᠋ᠡᠭᠡᠨ ᠲᠡᠳᠡᠨ ᠦ᠌ ᠳ᠋ᠦ᠍ ᠤᠨᠲᠠᠭᠰᠠᠨ ᠨᠢ ᠳᠡᠭᠡᠷ᠎ᠡ ᠪᠠᠢᠬᠤ!ᠭᠡᠵᠦ ᠪᠠᠭᠰᠢ ᠨᠢ ᠶᠠᠷᠢᠪᠠ᠃ ᠡᠴᠦᠰ ᠦ᠋ᠨ ᠵᠠᠬᠢᠶ᠎ᠠ ᠮᠡᠲᠦ ᠰᠠᠨᠠᠭᠳᠠᠪᠠ᠃
ᠰᠠᠩᠵᠢ ᠭᠡᠰᠦᠯ ᠪᠠᠭᠰᠢ ᠳ᠋ᠠᠭᠠᠨ ᠶᠠᠭᠤ ᠭᠡᠵᠦ ᠬᠡᠯᠡᠬᠦ ᠪᠡᠨ ᠤᠲᠠᠲᠠᠯ᠎ᠠ ᠣᠯᠤᠭᠰᠠᠨ ᠦᠭᠡᠢ᠃ ᠲᠡᠭᠡᠲᠡᠯ᠎ᠡ ᠪᠠᠭᠰᠢ ᠨᠢ᠄
– ᠪᠠᠭᠰᠢ ᠨᠢ ᠶᠡᠬᠡ ᠵᠤᠯᠠ ᠶ᠋ᠢᠨ ᠭᠣᠣᠯ ᠪᠣᠯᠵᠤ ᠰᠢᠲᠠᠬᠤ ᠪᠣᠯᠤᠨ᠎ᠠ᠃ ᠲᠡᠭᠡᠯ᠎ᠡ ᠭᠡᠳ ᠰᠡᠳᠬᠢᠯ ᠢ᠋ᠶ᠋ᠡᠨ ᠪᠢᠲᠡᠭᠡᠢ ᠵᠣᠪᠠ᠃ ᠭᠤᠷᠪᠠᠨ ᠮᠢᠩᠭ᠎ᠠ᠂ ᠶᠡᠬᠡ ᠮᠢᠩᠭᠠᠨ ᠶᠢᠷᠲᠢᠨᠴᠦ ᠶ᠋ᠢᠨ ᠴᠠᠭᠠᠨ᠎ᠠ ᠲᠥᠷᠥᠬᠦ ᠪᠡᠷ ᠶᠠᠪᠤᠵᠤ ᠪᠠᠢᠬᠤ ᠳ᠋ᠤ᠌ ᠶᠠᠭᠤᠨ ᠳ᠋ᠤ᠌ ᠨᠢ ᠵᠣᠪᠠᠬᠤ ᠪᠢᠯᠡ᠃ ᠰᠡᠳᠬᠢᠯ ᠦ᠋ᠨ ᠭᠡᠮ ᠨᠠᠳᠠ ᠳ᠋ᠤ᠌ ᠪᠠᠢᠬᠤ ᠦᠭᠡᠢ ᠭᠡᠵᠦ ᠨᠡᠮᠡᠨ ᠬᠡᠯᠡᠪᠡ᠃ ᠲᠡᠭᠡᠬᠦ ᠳ᠋ᠦ᠍ ᠯᠡ ᠰᠠᠩᠵᠢ ᠭᠡᠰᠦᠯ ᠰᠠᠶᠢ ᠤᠴᠢᠷ ᠢ᠋ ᠣᠯᠪᠠ᠃ 《ᠶᠡᠬᠡ ᠨᠢᠭᠦᠯ ᠲᠡᠢ ᠶᠤᠮ ᠤᠤ᠂ ᠶᠡᠬᠡ ᠪᠤᠶᠠᠨ ᠲᠠᠢ ᠬᠦᠮᠦᠨ ᠵᠤᠯᠠ ᠶ᠋ᠢᠨ ᠭᠣᠣᠯ ᠪᠣᠯᠤᠨ ᠬᠥᠪᠥᠩ ᠢ᠋ᠶ᠋ᠡᠷ ᠣᠷᠢᠶᠠᠯᠭᠠᠵᠤ ᠬᠠᠢᠯᠠᠨ ᠣᠳᠳᠠᠭ ᠶᠤᠮ》 ᠭᠡᠵᠦ ᠪᠦᠦᠷ ᠲᠥᠦᠷᠬᠡᠨ ᠰᠣᠨᠣᠰᠤᠭᠰᠠᠨ ᠨᠢ ᠰᠠᠨᠠᠭᠠᠨ ᠳ᠋ᠤ᠌ ᠣᠷᠣᠵᠠᠢ᠃
᠁ ᠭᠠᠳᠠᠭ᠎ᠠ ᠳ᠋ᠢᠩᠱᠠᠭ ᠳᠤᠤᠭᠠᠷᠬᠤ ᠰᠢᠭ᠋ ᠴᠢᠮᠡᠭᠡ ᠭᠠᠷᠤᠯ᠎ᠠ᠃ ᠭᠡᠯᠦᠩ ᠴᠤᠢᠮᠴᠤᠭ ᠴᠣᠴᠢᠭ᠌ᠰᠠᠨ ᠢᠶᠠᠨ᠄
– ᠵᠠ ᠶᠠᠪᠤᠬᠤ ᠴᠠᠭ ᠪᠣᠯᠤᠯ᠎ᠠ᠃ ᠬᠥᠮᠦᠨ ᠢᠷᠡᠯ᠎ᠡ ᠭᠠᠷᠤᠶ᠎ᠠ ᠳᠠ ᠬᠣᠶᠠᠭᠤᠯᠠ ᠪᠠᠨ! ᠭᠡᠵᠦ ᠱᠠᠪᠢ ᠳᠠᠭᠠᠨ ᠬᠡᠯᠡᠯ᠎ᠡ᠃ ᠲᠡᠷᠡ ᠬᠣᠶᠠᠷ ᠬᠤᠪᠴᠠᠰᠤ ᠪᠠᠨ ᠪᠦᠷᠢᠨ ᠡᠮᠦᠰᠦᠭᠡᠳ ᠭᠠᠷᠬᠤ ᠪᠣᠯᠬᠤ ᠳ᠋ᠤ᠌ ᠄
– ᠵᠠ ᠰᠠᠢᠨ ᠯᠠᠮᠠ ᠪᠣᠯᠤᠭᠠᠷᠠᠢ᠃ ᠪᠢ ᠴᠢᠮ᠎ᠠ ᠳ᠋ᠤ᠌ ᠰᠠᠬᠢᠭᠤᠰᠤ ᠪᠠᠨ ᠦᠭᠬᠦᠶ᠎ᠡ ᠭᠡᠳ ᠬᠦᠵᠦᠭᠦᠨ ᠡᠴᠡ ᠰᠠᠬᠢᠭᠤᠰᠤ ᠪᠠᠨ ᠪᠠᠭᠰᠢ ᠨᠢ ᠠᠪᠴᠤ ᠰᠠᠩᠵᠢ ᠶ᠋ᠢᠨ ᠬᠦᠵᠦᠭᠦᠨ ᠳ᠋ᠦ᠍ ᠵᠡᠭᠦᠵᠦ ᠥᠭ᠍ᠭᠦᠯ᠎ᠡ᠃ ᠬᠥᠯᠥᠰᠥ ᠲᠡᠢ᠂ ᠬᠠᠯᠠᠭᠤ ᠳᠠᠭᠠᠭᠠᠭᠰᠠᠨ ᠲᠡᠷᠡ ᠰᠠᠬᠢᠭᠤᠰᠤ ᠨᠢ ᠰᠠᠩᠵᠢ ᠶ᠋ᠢᠨ ᠨᠢᠴᠦᠭᠦᠨ ᠲᠥᠪᠥᠩᠬᠡᠢ ᠶ᠋ᠢᠨ ᠲᠤᠰᠢᠶ᠎ᠠ᠂ ᠲᠥᠭᠡᠨᠡᠨ ᠨᠣᠶᠢᠲᠠ ᠣᠷᠭᠢᠭᠤᠯᠬᠤ ᠳ᠋ᠤ᠌ ᠰᠠᠩᠵᠢ ᠵᠣᠯ ᠲᠠᠢ ᠯᠠ ᠤᠬᠢᠯᠠᠴᠢᠬᠠᠭᠰᠠᠨ ᠦᠭᠡᠢ᠃ ᠭᠡᠯᠦᠩ ᠡᠪᠦᠷ ᠡᠴᠡ ᠪᠡᠨ ᠪᠠᠰᠠ ᠨᠢᠭᠡ ᠪᠦᠢᠯᠠᠩ ᠰᠢᠭ᠋ ᠶᠠᠭᠤᠮ᠎ᠠ ᠭᠠᠷᠭᠠᠵᠤ ᠢᠷᠡᠭᠡᠳ ᠄
– ᠴᠢᠮᠢ᠋ᠢ ᠰᠠᠢᠨ ᠯᠠᠮᠠ ᠪᠣᠯᠤᠭᠠᠳ ᠨᠤᠲᠤᠭ ᠲᠤ᠌ ᠪᠠᠨ ᠡᠷᠭᠢᠵᠦ ᠬᠠᠷᠢᠬᠤ ᠶ᠋ᠢᠨ ᠴᠠᠭ ᠲᠤ᠌ ᠨᠠᠮᠢ᠋ᠢ ᠶᠠᠮᠠᠷ ᠨᠢᠭᠡᠨ ᠬᠥᠮᠦᠨ ᠰᠤᠷᠠᠭᠯᠠᠵᠤ ᠢᠷᠡᠪᠡᠯ ᠡᠭᠦᠨ ᠢ᠋ ᠥᠭᠭᠦᠭᠡᠷᠡᠢ᠃ ᠥᠭᠡᠷ᠎ᠡ ᠶᠠᠭᠤᠮ᠎ᠠ ᠪᠢᠲᠡᠭᠡᠢ ᠬᠡᠯᠡᠭᠡᠷᠡᠢ! ᠭᠡᠵᠦ ᠵᠠᠬᠢᠪᠠ᠃ ᠰᠠᠩᠵᠢ ᠲᠡᠭᠦᠨ ᠢ᠋ ᠬᠣᠶᠠᠷ ᠭᠠᠷᠳᠠᠨ ᠠᠪᠬᠤ ᠳ᠋ᠤ᠌ ᠲᠡᠷᠡ ᠪᠦᠢᠯᠠᠩ ᠳ᠋ᠤ᠌ ᠵᠢᠵᠢᠭᠬᠡᠨ ᠬᠠᠲᠠᠭᠤᠯᠢᠭ ᠵᠢᠩ ᠲᠡᠢ ᠶᠠᠭᠤᠮ᠎ᠠ ᠪᠠᠢᠯ᠎ᠠ᠃
– ᠬᠡᠨ ᠭᠡᠭᠴᠢ ᠬᠥᠮᠦᠨ ᠪᠣᠢ᠂ ᠪᠠᠭᠰᠢ ᠡ ? ᠭᠡᠵᠦ ᠰᠠᠩᠵᠢ ᠳᠡᠮᠡᠢ ᠯᠡ ᠠᠰᠠᠭᠤᠭᠰᠠᠨ ᠨᠢ ᠪᠠᠭᠰᠢ ᠶᠢᠨ ᠰᠡᠳᠬᠢᠯ ᠳ᠋ᠦ᠍ ᠣᠭᠲᠣ ᠨᠡᠢᠴᠡᠭᠰᠡᠨ ᠦᠭᠡᠢ᠃ ᠪᠠᠭᠰᠢ ᠨᠢ ᠤᠨᠲᠤᠭᠤᠴᠠᠵᠤ᠄
– ᠬᠡᠨ ᠨᠢ ᠬᠠᠮᠢᠶ᠎ᠠ ᠦᠭᠡᠢ᠃ ᠠᠶᠠᠨᠳᠠᠭᠠᠨ ᠮᠡᠳᠡᠭᠳᠡᠨ᠎ᠡ᠃ ᠬᠡᠷᠪᠡ ᠬᠡᠨ ᠴᠦ᠍ ᠨᠠᠮᠢ᠋ᠢ ᠰᠤᠷᠠᠭᠯᠠᠬᠤ ᠦᠭᠡᠢ ᠪᠣᠯ ᠶᠠᠭᠠᠬᠢᠬᠤ ᠪᠤᠢ᠂ ᠴᠢᠮ᠎ᠠ ᠳ᠋ᠤ᠌ ᠪᠠᠢᠵᠤ ᠯᠠ ᠪᠠᠢᠭ᠃ ᠵᠠ ᠣᠳᠣ ᠭᠠᠷᠴᠠᠭᠠᠶ᠎ᠠ ᠭᠡᠪᠡ᠃ ᠪᠠᠭᠰᠢ ᠱᠠᠪᠢ ᠬᠣᠶᠠᠷ ᠭᠠᠳᠠᠭ᠎ᠠ ᠭᠠᠷᠤᠯ᠎ᠠ᠃ ᠬᠠᠰᠢᠶᠠᠨ ᠤ᠋ ᠬᠠᠭᠠᠯᠭᠠᠨ ᠳᠡᠭᠡᠷ᠎ᠡ ᠮᠣᠷᠢᠨ ᠲᠡᠷᠭᠡ ᠲᠡᠢ ᠬᠦᠮᠦᠨ ᠢᠷᠡᠭᠰᠡᠨ ᠬᠦᠯᠢᠶᠡᠵᠦ ᠪᠠᠢᠯ᠎ᠠ᠃ ᠭᠡᠯᠦᠩ ᠴᠤᠢᠮᠴᠤᠭ ᠨᠠᠮᠪᠠᠲᠠᠢᠬᠠᠨ ᠠᠯᠬᠤᠯᠠᠵᠤ ᠮᠣᠷᠢᠨ ᠲᠡᠷᠭᠡᠨ ᠳ᠋ᠦ᠍ ᠣᠷᠣᠵᠤ ᠰᠠᠭᠤᠯ᠎ᠠ᠃ ᠰᠡᠦᠬᠡ ᠮᠠᠶ᠋ᠢᠭ ᠢ᠋ᠶ᠋ᠠᠷ ᠵᠠᠰᠠᠭᠰᠠᠨ ᠲᠡᠷᠭᠡ ᠠᠵᠢ᠃ ᠰᠠᠩᠵᠢ ᠪᠠᠭᠰᠢ ᠶ᠋ᠢᠨ ᠢ᠋ᠶ᠋ᠡᠨ ᠬᠣᠢᠨ᠎ᠠ ᠠ᠋ᠴᠠ ᠣᠷᠣᠵᠤ ᠳᠡᠷᠭᠡᠳᠡ ᠨᠢ ᠰᠠᠭᠤᠪᠠ᠃ ᠲᠡᠷᠭᠡᠴᠢ ᠠᠶᠠᠷᠬᠠᠨ ᠲᠤᠬᠢᠷᠴᠦ ᠮᠣᠷᠢ ᠪᠠᠨ ᠬᠥᠳᠡᠯᠭᠡᠪᠡ᠃ ᠵᠠᠮ ᠤ᠋ᠨ ᠵᠠᠭᠤᠷ᠎ᠠ ᠪᠠᠭᠰᠢ ᠯᠠᠮᠠ ᠨᠢ ᠥᠴᠦᠬᠡᠨ ᠴᠦ᠍ ᠳᠠᠭᠤ ᠦᠭᠡᠢ ᠪᠣᠳᠣᠯᠭᠠᠰᠢᠷᠠᠨ ᠶᠠᠪᠤᠵᠤ ᠪᠠᠢᠯ᠎ᠠ᠃ ᠲᠠᠭ ᠴᠢᠮᠡᠭᠡ ᠦᠭᠡᠢ ᠲᠡᠷᠡ ᠪᠠᠢᠳᠠᠯ ᠢ᠋ ᠡᠪᠳᠡᠯᠡᠬᠦ ᠵᠢᠷᠦᠬᠡ ᠰᠠᠩᠵᠢ ᠭᠡᠰᠦᠯ ᠳ᠋ᠦ᠍ ᠴᠦ᠍ ᠦᠭᠡᠢ ᠪᠠᠢᠯ᠎ᠠ᠃ ᠴᠣᠬᠣᠮ ᠬᠠᠮᠢᠭᠠᠰᠢ ᠪᠠᠨ ᠶᠠᠪᠤᠵᠤ ᠪᠠᠢᠭ᠎ᠠ ᠨᠢ ᠴᠦ᠍ ᠮᠡᠳᠡᠭᠳᠡᠭᠰᠡᠨ ᠦᠭᠡᠢ᠃ ᠣᠯᠠᠨ ᠴᠠᠢ ᠴᠢᠨᠠᠬᠤ ᠬᠤᠭᠤᠴᠠᠭ᠎ᠠ ᠥᠩᠭᠡᠷᠡᠵᠡᠢ᠃ ᠭᠡᠨᠡᠳᠲᠡ ᠲᠡᠷᠭᠡ ᠵᠣᠭᠰᠣᠯ᠎ᠠ᠃ ᠳᠡᠯᠪᠡᠭᠡᠴᠢ ᠨᠢ ᠤᠷᠢᠳᠤ ᠳᠠᠯ᠎ᠠ ᠶ᠋ᠢᠨ ᠥᠨᠳᠥᠷ ᠰᠠᠭᠤᠳᠠᠯ ᠳᠡᠭᠡᠷ᠎ᠡ ᠡᠴᠡ ᠪᠡᠨ ᠪᠠᠭᠤᠵᠤ ᠬᠠᠭᠠᠯᠭ᠎ᠠ ᠶ᠋ᠢ ᠣᠩᠭᠣᠢᠯᠭᠠᠵᠤ ᠦᠭᠬᠦᠯ᠎ᠡ᠃ ᠬᠠᠷᠠᠩᠭᠤᠢ ᠳᠤᠮᠳᠠ ᠠ᠋ᠴᠠ ᠨᠢᠭᠡᠨ ᠠᠪᠰᠠᠷᠬᠠᠨ ᠳᠤᠭᠠᠩ ᠤᠨ ᠰᠡᠷᠡᠢᠵᠦ ᠰᠠᠷᠠᠢᠭᠰᠠᠨ ᠳᠡᠭᠡᠪᠦᠷ ᠨᠢ ᠪᠦᠳᠡᠭᠢ ᠪᠠᠳᠠᠭᠢ ᠢᠯᠭᠠᠷᠠᠨ ᠦᠵᠡᠭᠳᠡᠯ᠎ᠡ᠃ ᠭᠡᠯᠦᠩ ᠲᠡᠷᠭᠡᠨ ᠡᠴᠡ ᠳᠠᠭᠤ ᠦᠭᠡᠢᠬᠡᠨ ᠪᠠᠭᠤᠭᠠᠳ ᠳᠣᠭᠠᠩ ᠤᠨ ᠡᠭᠦᠳᠡ ᠶ᠋ᠢ ᠴᠢᠭᠯᠡᠨ ᠶᠠᠪᠤᠯ᠎ᠠ᠃ ᠠᠷᠤ ᠠ᠋ᠴᠠ ᠨᠢ ᠮᠣᠷᠢᠨ ᠲᠡᠷᠭᠡᠴᠢ᠂ ᠲᠡᠭᠡᠭᠡᠳ ᠰᠠᠩᠵᠢ ᠭᠡᠰᠦᠯ ᠳᠠᠭᠠᠨ ᠶᠠᠪᠤᠪᠠ᠃ ᠳᠤᠭᠠᠩ ᠳ᠋ᠤ᠌ ᠣᠷᠣᠪᠠᠯ ᠪᠦᠳᠡᠭᠢᠬᠡᠨ ᠬᠡᠳᠦᠨ ᠵᠤᠯᠠ ᠲᠡᠷᠲᠡᠭᠡ ᠬᠠᠷᠠᠩᠭᠤᠢ ᠳ᠋ᠤ᠌ ᠰᠦᠮᠡᠯᠵᠡᠵᠦ ᠪᠠᠢᠪᠠ᠃ ᠪᠠᠷᠤᠭᠠᠷ ᠭᠤᠨᠢᠭᠲᠠᠢ ᠪᠠᠢᠳᠠᠯ ᠢᠯᠡᠷᠬᠡᠢ᠃
ᠰᠦᠮ᠎ᠡ ᠶ᠋ᠢᠨ ᠭᠣᠣᠯ ᠳ᠋ᠤ᠌ ᠬᠥᠮᠦᠨ ᠦ᠌ ᠮᠥᠷᠥ᠍ ᠲᠡᠢ ᠴᠢᠴᠠᠤ ᠥᠨᠳᠥᠷ ᠠᠮᠠᠰᠠᠷ ᠲᠠᠢ ᠠᠰᠤᠷᠤ ᠲᠣᠮᠣ ᠬᠦᠷᠡᠯ ᠴᠥᠭᠥᠴᠡ ᠵᠣᠭᠣᠯᠭᠠ ᠲᠠᠢ ᠪᠠᠢᠬᠤ ᠰᠢᠭ᠋ ᠬᠠᠷᠠᠭᠳᠠᠯ᠎ᠠ᠃ ᠰᠠᠶᠢᠬᠠᠨ ᡀᠠᠰᠠ ᠮᠣᠩᠯᠠᠮ ᠳ᠋ᠤ᠌ ᠮᠠᠩᠵᠠ ᠴᠢᠨᠠᠵᠤ ᠪᠠᠢᠭᠰᠠᠨ ᠬᠦᠷᠡᠯ ᠲᠣᠭᠣᠭ᠎ᠠ ᠶ᠋ᠢ ᠪᠡᠨ ᠰᠠᠩᠵᠢ ᠭᠡᠰᠦᠯ ᠳᠤᠷᠠᠰᠤᠨ ᠪᠣᠳᠣᠯ᠎ᠠ᠃ ᠳᠤᠭᠠᠩ ᠳᠣᠲᠣᠷ᠎ᠠ ᠬᠣᠶᠠᠷ ᠭᠤᠷᠪᠠᠬᠠᠨ ᠯᠠᠮᠠ ᠪᠠᠢᠯ᠎ᠠ᠃ ᠲᠡᠳᠡᠨ ᠦ᠌ ᠨᠢᠭᠤᠷ ᠴᠢᠷᠠᠢ ᠪᠠᠷᠤᠭ ᠢᠯᠭᠠᠭᠳᠠᠬᠤ ᠦᠭᠡᠢ ᠲᠡᠢᠮᠦ ᠪᠦᠳᠡᠭᠢ ᠭᠡᠷᠡᠯ ᠲᠡᠢ ᠪᠠᠢᠪᠠ᠃
ᠶᠠᠮᠠᠷ ᠨᠢᠭᠡᠨ ᠤᠩᠰᠢᠯᠭ᠎ᠠ ᠡᠬᠢᠯᠡᠪᠡ᠃ ᠲᠡᠷᠡ ᠤᠩᠰᠢᠯᠭ᠎ᠠ ᠶ᠋ᠢᠨ ᠤᠳᠬ᠎ᠠ ᠶ᠋ᠢ ᠰᠠᠩᠵᠢ ᠭᠡᠰᠦᠯ ᠰᠠᠢᠨ ᠣᠢᠯᠠᠭᠠᠬᠤ ᠦᠭᠡᠢ ᠪᠠᠢᠯ᠎ᠠ᠃ ᠤᠷᠢᠳᠤ ᠡᠮᠦᠨ᠎ᠡ ᠴᠦ᠍ ᠲᠡᠢᠮᠦ ᠶᠠᠭᠤᠮ᠎ᠠ ᠰᠣᠨᠣᠰᠤᠭ᠎ᠠ ᠦᠭᠡᠢ ᠪᠢᠯᠡ᠃ ᠨᠢᠭᠡᠨ ᠯᠠᠮᠠ ᠢᠷᠡᠵᠦ ᠲᠡᠷᠡ ᠭᠤᠷᠪᠠ ᠶ᠋ᠢ ᠳᠠᠭᠠᠭᠤᠯᠤᠨ ᠱᠠᠲᠤ ᠪᠠᠷ ᠳᠡᠭᠡᠭᠰᠢ ᠭᠠᠷᠤᠯ᠎ᠠ᠃ ᠨᠢᠭᠡᠨ ᠲᠠᠪᠴᠠᠩ ᠳᠤ ᠲᠡᠳᠡ ᠭᠠᠷᠴᠤ ᠢᠷᠡᠵᠡᠢ᠃ ᠲᠠᠪᠴᠠᠩ ᠳᠡᠭᠡᠷ᠎ᠡ ᠡᠴᠡ ᠡᠷᠭᠢᠨ ᠬᠠᠷᠠᠬᠤ ᠳ᠋ᠤ᠌ ᠳᠤᠭᠠᠩ ᠤᠨ ᠭᠣᠣᠯ ᠳᠤᠮᠳᠠ ᠠᠰᠠᠷᠤ ᠲᠣᠮᠣ ᠵᠤᠯᠠ ᠶ᠋ᠢᠨ ᠴᠥᠭᠥᠴᠡ ᠪᠠᠢᠭ᠎ᠠ ᠬᠠᠷᠠᠭᠳᠠᠪᠠ᠃ ᠲᠡᠷᠡ ᠴᠥᠭᠥᠴᠡ ᠤᠷᠤᠭᠤ ᠳᠡᠭᠦᠵᠢᠩ ᠱᠠᠲᠤ ᠰᠢᠭ᠋ ᠣᠯᠣᠰᠤᠨ ᠱᠠᠲᠤ ᠤᠨᠵᠢᠭᠤᠯᠵᠠᠢ᠃ ᠨᠢᠭᠡ ᠯᠠᠮᠠ ᠡᠬᠢᠯᠡᠭᠡᠳ ᠲᠡᠷᠡ ᠱᠠᠲᠤ ᠪᠡᠷ ᠳᠣᠭᠣᠭᠰᠢ ᠪᠠᠭᠤᠵᠤ ᠵᠤᠯᠠ ᠶ᠋ᠢᠨ ᠢᠷᠣᠭᠠᠷ ᠲᠤ ᠣᠴᠢᠪᠠ᠃ ᠬᠣᠢᠨ᠎ᠠ ᠠ᠋ᠴᠠ ᠨᠢ ᠭᠡᠯᠦᠩ ᠴᠤᠢᠮᠴᠤᠭ ᠣᠷᠣᠯ᠎ᠠ᠃ ᠮᠥᠨ ᠠᠷᠤ ᠠ᠋ᠴᠠ ᠨᠢ ᠥᠭᠡᠷ᠎ᠡ ᠨᠢᠭᠡᠨ ᠯᠠᠮᠠ ᠤᠷᠤᠪᠠ᠃ ᠬᠣᠶᠠᠷ ᠯᠠᠮᠠ ᠭᠡᠯᠦᠩ ᠴᠤᠢᠮᠴᠤᠭ ᠤ᠋ᠨ ᠭᠠᠷ ᠠ᠋ᠴᠠ ᠬᠥᠲᠥᠯᠦᠨ ᠵᠤᠯᠠ ᠶ᠋ᠢᠨ ᠴᠥᠭᠦᠴᠡᠨ ᠦ᠌ ᠭᠣᠣᠯ ᠳᠠᠬᠢ ᠨᠦᠬᠡᠨ ᠳ᠋ᠦ᠍ ᠲᠡᠭᠦᠨ ᠢ᠋ ᠣᠷᠣᠭᠤᠯᠵᠤ ᠵᠣᠭᠰᠣᠭᠠᠯ᠎ᠠ᠃ ᠡᠪᠦᠳᠦᠭ ᠢ᠋ᠶ᠋ᠡᠷ ᠨᠢ ᠲᠠᠲᠠᠵᠤ ᠪᠠᠢᠪᠠ᠃ ᠭᠡᠷ ᠦ᠋ᠨ ᠬᠠᠶᠠᠭᠠᠪᠴᠢ ᠰᠢᠭ᠋ ᠬᠡᠯᠪᠡᠷᠢ ᠲᠡᠢ ᠤᠷᠲᠤ ᠭᠡᠭᠴᠢ ᠶ᠋ᠢᠨ ᠬᠥᠪᠥᠩ ᠢ᠋ ᠴᠥᠭᠥᠴᠡ ᠤᠷᠤᠭᠤ ᠪᠠᠰᠠ ᠨᠢᠭᠡ ᠯᠠᠮᠠ ᠰᠢᠲᠠᠵᠤ ᠥᠭ᠍ᠭᠦᠯ᠎ᠡ᠃ ᠬᠣᠶᠠᠷ ᠯᠠᠮᠠ ᠲᠡᠭᠦᠨ ᠢ᠋ ᠳᠣᠣᠷ᠎ᠠ ᠠ᠋ᠴᠠ ᠨᠢ ᠲᠣᠰᠣᠨ ᠠᠪᠤᠭᠠᠳ ᠭᠡᠯᠦᠩ ᠴᠤᠢᠮᠴᠤᠭ ᠤ᠋ᠨ ᠡᠪᠦᠳᠦᠭ ᠡᠴᠡ ᠨᠢ ᠳᠡᠭᠡᠭᠰᠢ ᠣᠷᠢᠶᠠᠵᠤ ᠡᠬᠢᠯᠡᠪᠡ᠃ ᠬᠠᠶᠠᠭᠠᠪᠴᠢ ᠠᠳᠠᠯᠢ ᠤᠷᠲᠤ ᠭᠣᠨᠵᠣᠭᠣᠷ ᠲᠡᠷᠡ ᠬᠥᠪᠥᠩ ᠳ᠋ᠦ᠍ ᠲᠣᠰᠣ ᠰᠢᠩᠭᠡᠭᠡᠭᠰᠡᠨ ᠮᠡᠲᠦ ᠪᠠᠢᠯ᠎ᠠ᠃ ᠭᠡᠯᠦᠩ ᠴᠤᠢᠮᠴᠤᠭ ᠬᠣᠶᠠᠷ ᠭᠠᠷ ᠤ᠋ᠨ ᠠᠯᠠᠭ᠎ᠠ ᠶ᠋ᠢ ᠬᠠᠪᠰᠤᠷᠤᠨ ᠲᠣᠯᠣᠭᠠᠢ ᠳᠡᠭᠡᠷ᠎ᠡ ᠪᠡᠨ ᠡᠷᠭᠦᠨ ᠵᠠᠯᠪᠠᠷᠢᠵᠤ ᠪᠠᠢᠭ᠎ᠠ ᠮᠡᠲᠦ ᠵᠣᠭᠰᠣᠭᠠᠳ ᠠᠮᠠᠨ ᠳ᠋ᠠᠭᠠᠨ ᠮᠠᠨᠢ ᠤᠩᠰᠢᠵᠤ ᠪᠠᠢᠬᠤ ᠰᠢᠭ᠋ ᠬᠠᠷᠠᠭᠳᠠᠯ᠎ᠠ᠃ ᠨᠢᠳᠦ ᠪᠡᠨ ᠪᠢᠰᠢᠯᠭᠠᠭᠴᠢ ᠶᠢᠨ ᠳᠦᠷᠢ ᠪᠡᠷ ᠠᠨᠢᠵᠠᠢ᠃ ᠬᠣᠶᠠᠷ ᠯᠠᠮᠠ ᠭᠡᠯᠦᠩ ᠴᠤᠢᠮᠴᠤᠭ ᠢ᠋ ᠬᠥᠪᠥᠩ ᠢ᠋ᠶ᠋ᠡᠷ ᠣᠷᠢᠶᠠᠨ ᠣᠷᠢᠶᠠᠭᠰᠠᠭᠠᠷ ᠮᠥᠷᠦᠨ ᠲᠤᠰᠢᠶ᠎ᠠ ᠨᠢ ᠬᠦᠷᠴᠦ ᠣᠴᠢᠯ᠎ᠠ᠃ ᠲᠡᠭᠡᠭᠡᠳ ᠶᠠᠮᠠᠷ ᠨᠢᠭᠡᠨ ᠶᠠᠭᠤᠮ᠎ᠠ ᠶ᠋ᠢ ᠭᠡᠯᠦᠩ ᠳᠦ ᠦᠨᠦᠷᠲᠦᠭᠦᠯᠪᠡ᠃ ᠲᠡᠭᠦᠨ ᠢ᠋ ᠦᠨᠦᠷᠲᠦᠭᠡᠳ ᠭᠡᠯᠦᠩ ᠴᠤᠢᠮᠴᠤᠭ ᠣᠭᠲᠣ ᠬᠥᠳᠡᠯᠭᠡᠭᠡᠨ ᠦᠭᠡᠢ ᠪᠣᠯᠪᠠ᠃ ᠭᠡᠬᠦ ᠳ᠋ᠡᠭᠡᠨ ᠲᠣᠯᠣᠭᠠᠢ ᠳᠡᠭᠡᠷ᠎ᠡ ᠪᠡᠨ ᠠᠯᠠᠭ᠎ᠠ ᠪᠠᠨ ᠬᠠᠪᠰᠤᠷᠤᠨ ᠡᠷᠭᠦᠭᠰᠡᠨ ᠭᠠᠷ ᠢ᠋ᠶ᠋ᠠᠨ ᠪᠠᠭᠤᠯᠭᠠᠭᠰᠠᠨ ᠦᠭᠡᠢ ᠬᠡᠪ ᠢ᠋ᠶ᠋ᠡᠷ ᠪᠠᠢᠯ᠎ᠠ᠃ ᠬᠣᠶᠠᠷ ᠯᠠᠮᠠ ᠲᠡᠷᠡ ᠳᠠᠷᠤᠢ ᠤᠯᠠᠮ ᠱᠠᠯᠠᠮᠠᠭᠠᠢᠯᠠᠨ ᠬᠥᠳᠡᠯᠵᠦ ᠭᠡᠯᠦᠩ ᠴᠤᠢᠮᠴᠤᠭ ᠤ᠋ᠨ ᠪᠡᠶ᠎ᠡ ᠶ᠋ᠢ ᠬᠦᠨᠵᠢᠳ ᠦ᠋ᠨ ᠲᠣᠰᠣ ᠲᠠᠢ ᠬᠥᠪᠥᠩ ᠢ᠋ᠶ᠋ᠡᠷ ᠣᠷᠢᠶᠠᠨ ᠣᠷᠢᠶᠠᠭᠰᠠᠭᠠᠷ ᠲᠣᠯᠣᠭᠠᠢ ᠶ᠋ᠢ ᠨᠢ ᠳᠠᠯᠳᠠ ᠣᠷᠣᠭᠤᠯᠪᠠ᠃ ᠲᠡᠷᠡ ᠮᠥᠴᠡ ᠳ᠋ᠦ᠍ ᠰᠠᠩᠵᠢ ᠭᠡᠰᠦᠯ ᠵᠤᠯᠠ ᠶ᠋ᠢᠨ ᠭᠣᠣᠯ ᠤᠷᠤᠭᠤ ᠬᠠᠷᠠᠢᠨ ᠣᠷᠣᠬᠤ ᠶ᠋ᠢ ᠵᠠᠪᠳᠤᠬᠤ ᠳ᠋ᠤ᠌ ᠳᠡᠷᠭᠡᠳᠡ ᠶ᠋ᠢᠨ ᠯᠠᠮᠠ ᠨᠢ ᠤᠬᠤᠰᠬᠢᠨ ᠪᠠᠷᠢᠵᠤ ᠵᠣᠭᠰᠣᠭᠠᠯ᠎ᠠ᠃ ᠲᠡᠷᠡ ᠭᠱᠠᠨ ᠳ᠋ᠦ᠍ ᠬᠣᠶᠠᠷ ᠯᠠᠮᠠ ᠭᠡᠯᠦᠩ ᠴᠤᠢᠮᠴᠤᠭ ᠤ᠋ᠨ ᠨᠠᠮᠠᠨᠴᠢᠯᠠᠭᠰᠠᠨ ᠬᠣᠶᠠᠷ ᠭᠠᠷ ᠢ ᠦᠵᠡᠭᠳᠡᠬᠦ ᠦᠭᠡᠢ ᠪᠣᠯᠲᠠᠯ᠎ᠠ ᠣᠷᠢᠶᠠᠵᠠᠢ᠃ ᠰᠠᠶᠢᠬᠠᠨ ᠬᠥᠮᠦᠨ ᠵᠣᠭᠰᠣᠵᠤ ᠪᠠᠢᠭᠰᠠᠨ ᠲᠡᠷᠡ ᠭᠠᠵᠠᠷ ᠣᠳᠣ ᠬᠥᠪᠥᠩ ᠢ᠋ᠶ᠋ᠡᠷ ᠣᠷᠢᠶᠠᠵᠤ ᠬᠢᠭᠰᠡᠨ ᠵᠤᠯᠠ ᠶ᠋ᠢᠨ ᠭᠣᠣᠯ ᠪᠣᠯᠤᠭᠰᠠᠨ ᠦᠵᠡᠭᠳᠡᠪᠡ᠃ ᠢᠰᠡᠭᠡᠢ ᠶᠢᠨ ᠪᠤᠯᠤ ᠪᠤᠯᠠᠭᠠᠳ ᠲᠠᠯᠪᠢᠴᠢᠬᠠᠭᠰᠠᠨ ᠶᠤᠮ ᠰᠢᠭ᠋ ᠬᠠᠷᠠᠭᠳᠠᠬᠤ ᠳ᠋ᠤ᠌ ᠵᠠᠯᠠᠭᠤ ᠭᠡᠰᠦᠯ ᠦ᠋ᠨ ᠰᠡᠳᠬᠢᠯ ᠬᠠᠴᠢᠨ ᠡᠪ ᠦᠭᠡᠢ ᠪᠣᠯᠵᠤ ᠮᠠᠭᠤᠵᠢᠷᠠᠬᠤ ᠰᠢᠬᠠᠪᠠ᠃ ᠲᠡᠭᠦᠨ ᠢ᠋ ᠮᠡᠳᠡᠭᠡᠳ ᠳᠡᠷᠭᠡᠳᠡᠬᠢ ᠯᠠᠮᠠ ᠨᠢ ᠨᠠᠪᠰᠢ ᠦᠨᠦᠷᠲᠦᠭᠦᠯᠦᠭᠰᠡᠨ ᠳ᠋ᠦ᠍ ᠨᠢᠳᠦ ᠨᠢ ᠪᠠᠭ᠎ᠠ ᠵᠡᠷᠭᠡ ᠰᠡᠷᠭᠦᠵᠦ᠂ ᠠᠮᠢᠰᠬᠤᠭ᠎ᠠ ᠠᠪᠴᠠᠢ᠃ ᠴᠤᠢᠮᠴᠤᠭ ᠭᠡᠯᠦᠩ ᠢ ᠭᠦᠨᠵᠢᠳ ᠦ᠋ᠨ ᠲᠣᠰᠣ ᠲᠠᠢ ᠬᠥᠪᠥᠩ ᠢ᠋ᠶ᠋ᠡᠷ ᠣᠷᠢᠶᠠᠵᠤ ᠳᠠᠭᠤᠰᠤᠭᠰᠠᠨ ᠬᠣᠶᠠᠷ ᠯᠠᠮᠠ ᠣᠯᠣᠰᠤᠨ ᠱᠠᠲᠤ ᠪᠠᠷ ᠰᠠᠷᠮᠠᠭᠴᠢᠨ ᠠᠳᠠᠯᠢ ᠱᠠᠯᠠᠮᠠᠭᠠᠢᠯᠠᠨ ᠠᠪᠠᠷᠢᠵᠤ ᠵᠤᠯᠠ ᠶ᠋ᠢᠨ ᠳᠣᠲᠣᠷ᠎ᠠ ᠠ᠋ᠴᠠ ᠭᠠᠳᠠᠭᠰᠢ ᠭᠠᠷᠤᠭᠠᠳ ᠱᠠᠲᠤ ᠪᠠᠨ ᠲᠡᠳᠡᠨ ᠬᠤᠷᠢᠶᠠᠵᠤ ᠠᠪᠤᠪᠠ᠃ ᠲᠡᠷᠡ ᠮᠥᠴᠡ ᠳ᠋ᠦ᠍ ᠵᠤᠯᠠ ᠶ᠋ᠢᠨ ᠨᠢᠭᠡ ᠠᠮᠠᠰᠠᠷ ᠳᠡᠭᠡᠭᠦᠷ ᠲᠠᠯᠪᠢᠭᠰᠠᠨ ᠮᠣᠳᠣᠨ ᠴᠣᠷᠭᠣ ᠪᠠᠷ ᠬᠠᠢᠯᠤᠮᠠᠭ ᠰᠢᠷ᠎ᠠ ᠲᠣᠰᠣ ᠤᠷᠤᠰᠤᠨ ᠴᠥᠭᠥᠴᠡ ᠤᠷᠤᠭᠤ ᠣᠷᠣᠵᠤ ᠡᠬᠢᠯᠡᠯ᠎ᠡ᠃ ᠶᠠᠭᠠᠬᠢᠭᠠᠳ ᠴᠤ᠌ ᠶᠤᠮ ᠭᠡᠯᠦᠩ ᠴᠤᠢᠮᠴᠤᠭ ᠣᠭᠲᠣᠬᠠᠨ ᠴᠤ᠌ ᠬᠥᠳᠡᠯᠬᠦ ᠦᠭᠡᠢ ᠪᠠᠢᠯ᠎ᠠ᠃ ᠭᠠᠳᠠᠨ᠎ᠠ ᠠ᠋ᠴᠠ ᠨᠢ ᠬᠠᠷᠠᠬᠤ ᠳᠤ ᠳᠣᠲᠣᠷ᠎ᠠ ᠨᠢ ᠬᠥᠮᠦᠨ ᠪᠠᠢᠭ᠎ᠠ ᠭᠡᠳᠡᠭ ᠢ᠋ ᠴᠦ᠍ ᠲᠥᠰᠦᠭᠡᠯᠡᠬᠦ ᠠᠷᠭ᠎ᠠ ᠦᠭᠡᠢ ᠠᠵᠢ᠃ ᠬᠥᠪᠥᠩ ᠢ᠋ᠶ᠋ᠡᠷ ᠠᠰᠠᠷᠦ ᠲᠣᠮᠣ ᠵᠤᠯᠠ ᠶ᠋ᠢᠨ ᠭᠣᠣᠯ ᠢ᠋ ᠢᠮᠡᠷᠦᠨ ᠬᠢᠵᠦ ᠵᠣᠭᠣᠭᠰᠠᠨ ᠶᠤᠮ ᠰᠢᠭ᠋ ᠯᠡ ᠠᠮᠤᠷᠯᠢᠩᠭᠤᠢ᠂ ᠬᠥᠳᠡᠯᠭᠡᠭᠡᠨ ᠦᠭᠡᠢ ᠴᠢᠮᠡᠭᠡ ᠦᠭᠡᠢ ᠪᠠᠢᠯ᠎ᠠ᠃ ᠮᠣᠳᠣᠨ ᠴᠣᠷᠭᠣ ᠪᠠᠷ ᠣᠷᠣᠵᠤ ᠪᠠᠢᠭ᠎ᠠ ᠰᠢᠷ᠎ᠠ ᠲᠣᠰᠣ ᠤᠰᠤ ᠰᠢᠭ᠋ ᠳᠠᠭᠤ ᠴᠢᠮᠡᠭᠡ ᠭᠠᠷᠭᠠᠭᠰᠠᠨ ᠦᠭᠡᠢ ᠬᠠᠷᠢᠨ ᠵᠤᠯᠠ ᠶ᠋ᠢᠨ ᠬᠥᠪᠥᠩ ᠭᠣᠣᠯ ᠢ᠋ ᠳᠡᠯᠡᠰᠦᠨ᠂ ᠢᠯᠪᠢᠨ ᠪᠤᠴᠠᠬᠤ ᠮᠡᠲᠦ ᠭᠤᠯᠠᠰᠴᠤ ᠴᠥᠭᠦᠴᠡᠨ ᠦ᠌ ᠢᠷᠣᠭᠠᠷ ᠲᠤ᠌ ᠲᠤᠨᠵᠤ ᠪᠠᠢᠯ᠎ᠠ᠃ ᠲᠡᠷᠲᠡᠭᠡ ᠪᠦᠷᠦᠭ ᠬᠠᠷᠠᠩᠭᠤᠢ ᠥᠨᠴᠥᠭ ᠲᠦ᠍ ᠬᠡᠳᠦᠨ ᠯᠠᠮᠠ ᠶᠠᠮᠠᠷ ᠨᠢᠭᠡᠨ ᠤᠩᠰᠢᠯᠭ᠎ᠠ ᠬᠢᠵᠦ ᠳᠦᠩᠭᠡᠷ ᠳᠦᠩᠭᠡᠷ ᠳᠤᠤᠭᠠᠷᠴᠠᠭᠠᠵᠤ ᠪᠠᠢᠯ᠎ᠠ᠃ ᠤᠳᠠᠵᠤ ᠲᠦᠳᠡᠭ᠍ᠰᠡᠨ ᠦᠭᠡᠢ ᠵᠤᠯᠠ ᠶ᠋ᠢᠨ ᠴᠥᠭᠦᠴᠡᠨ ᠦ᠌ ᠲᠠᠯ᠎ᠠ ᠳ᠋ᠤ᠌ ᠬᠦᠷᠲᠡᠯ᠎ᠡ ᠳᠦᠭᠦᠷᠦᠭᠡᠳ ᠢᠷᠡᠯ᠎ᠡ᠃ ᠬᠠᠵᠠᠭᠤ ᠶ᠋ᠢᠨ ᠥᠷᠥᠭᠡᠨ ᠳ᠋ᠦ᠍ ᠲᠣᠮᠣ ᠵᠤᠤᠬᠠᠨ ᠳᠡᠭᠡᠷ᠎ᠡ ᠬᠠᠢᠯᠵᠤ ᠪᠠᠢᠭ᠎ᠠ ᠲᠣᠰᠣ ᠮᠣᠳᠣᠨ ᠴᠣᠷᠭᠣ ᠪᠠᠷ ᠤᠷᠤᠰᠴᠤ ᠳᠤᠭᠠᠩ ᠤᠨ ᠭᠣᠣᠯ ᠳᠠᠬᠢ ᠴᠥᠭᠥᠴᠡ ᠤᠷᠤᠭᠤ ᠣᠷᠣᠳᠠᠭ ᠪᠣᠯᠤᠯᠲᠠᠢ᠃
ᠰᠠᠩᠵᠢ ᠡᠨᠡᠬᠦ ᠬᠦᠨᠳᠦ ᠮᠥᠴᠡ ᠳ᠋ᠦ᠍ ᠶᠠᠭᠤ ᠴᠤ᠌ ᠬᠡᠯᠡᠵᠦ ᠴᠢᠳᠠᠬᠤ ᠦᠭᠡᠢ᠂ ᠶᠠᠭᠤ ᠴᠤ᠌ ᠪᠣᠳᠣᠵᠤ ᠰᠠᠨᠠᠬᠤ ᠦᠭᠡᠢ ᠪᠠᠢᠯ᠎ᠠ᠃ ᠭᠡᠨᠡᠳᠲᠡ ᠬᠡᠩᠭᠡᠷᠭᠡ ᠬᠣᠩᠬᠣ ᠲᠠᠮᠠᠷᠦ ᠳᠤᠤᠭᠠᠷᠤᠪᠠ᠃ ᠨᠢᠭᠡᠨ ᠯᠠᠮᠠ ᠤᠷᠲᠤ ᠡᠰᠢ ᠲᠡᠢ ᠴᠤᠴᠢᠯ ᠪᠠᠷᠢᠵᠤ ᠢᠷᠡᠭᠡᠳ ᠵᠤᠯᠠ ᠶ᠋ᠢᠨ ᠭᠣᠣᠯ ᠢ᠋ ᠠᠰᠠᠭᠠᠯᠠ᠃ ᠲᠣᠰᠣ ᠰᠢᠩᠭᠡᠭᠰᠡᠨ ᠬᠥᠪᠥᠩ ᠳᠦᠷᠡᠰᠬᠢᠨ ᠠᠰᠠᠯᠠ᠃ ᠳᠤᠭᠠᠩ ᠳᠣᠲᠣᠷ᠎ᠠ ᠭᠡᠷᠡᠯ ᠭᠡᠭᠡ ᠲᠡᠢ ᠪᠣᠯᠪᠠ᠃ ᠬᠠᠵᠠᠭᠤ ᠠ᠋ᠴᠠ ᠨᠢ ᠬᠡᠨ ᠨᠢᠭᠡᠨ ᠬᠥᠮᠦᠨ ᠲᠠᠲᠠᠬᠤ ᠳ᠋ᠤ᠌ ᠰᠠᠩᠵᠢ ᠡᠷᠭᠢᠨ ᠬᠠᠷᠠᠪᠠᠯ ᠲᠡᠭᠦᠨ ᠢ ᠪᠠᠭᠰᠢ ᠲᠠᠢ ᠨᠢ ᠬᠠᠮᠲᠤ ᠮᠣᠷᠢᠨ ᠲᠡᠷᠭᠡ ᠪᠡᠷ ᠬᠦᠷᠭᠡᠵᠦ ᠢᠷᠡᠭᠰᠡᠨ ᠲᠥᠪᠡᠳ ᠯᠠᠮᠠ ᠠᠵᠢ᠃
– ᠣᠳᠣ ᠦᠢᠯᠡ ᠭᠦᠢᠴᠡᠯ᠎ᠡ᠃ ᠶᠠᠪᠤᠶ᠎ᠠ᠃ ᠡᠭᠦᠨ ᠡᠴᠡ ᠴᠠᠰᠢ ᠡᠨᠳᠡ ᠬᠥᠮᠦᠨ ᠪᠠᠢᠵᠤ ᠪᠣᠯᠬᠤ ᠦᠭᠡᠢ ᠭᠡᠵᠦ ᠲᠡᠷᠡ ᠬᠥᠮᠦᠨ ᠲᠥᠪᠡᠳ ᠢ᠋ᠶ᠋ᠡᠷ ᠬᠡᠯᠡᠬᠦ ᠳ᠋ᠦ᠍ ᠰᠠᠩᠵᠢ ᠭᠡᠰᠦᠯ ᠲᠤᠢᠷᠠᠨ ᠮᠠᠩᠭᠤᠷᠠᠵᠤ᠂ ᠠᠯᠮᠠᠢᠷᠠᠨ ᠭᠠᠢᠬᠠᠭᠰᠠᠨ ᠲᠣᠯᠣᠭᠠᠢ ᠪᠡᠨ ᠤᠨᠵᠢᠭᠤᠯᠤᠭᠰᠠᠭᠠᠷ ᠲᠡᠷᠡᠬᠦ ᠲᠥᠪᠡᠳ ᠦ᠋ᠨ ᠠᠷᠤ ᠠ᠋ᠴᠠ ᠳ᠋ᠠᠭᠠᠨ ᠶᠠᠪᠤᠯ᠎ᠠ᠃ᠰᠡᠭᠦᠳᠡᠷ ᠨᠢ ᠶᠡᠬᠡ ᠤᠷᠲᠤ᠂ ᠠᠶᠤᠮᠠᠷ ᠦᠵᠡᠭᠳᠡᠯ᠎ᠡ᠃ ᠴᠣᠴᠢᠬᠤ ᠰᠢᠭ᠋ ᠪᠣᠯᠪᠠ᠃
《ᠪᠤᠷᠬᠠᠨ ᠤ᠋ ᠣᠷᠣᠨ ᠳ᠋ᠤ᠌ ᠵᠤᠯᠠ ᠶ᠋ᠢᠨ ᠭᠣᠣᠯ ᠪᠣᠯᠵᠤ ᠨᠠᠰᠤ ᠶᠡᠭᠦᠯᠡᠭᠰᠡᠨ》 ᠭᠡᠵᠦ ᠪᠤᠶᠠᠨᠵᠠᠯᠪᠠᠷᠢᠬᠤ ᠬᠡᠢᠳ ᠲᠦ ᠪᠠᠢᠬᠤ ᠳ᠋ᠠᠭᠠᠨ ᠪᠦᠳᠡᠭᠢ ᠪᠠᠳᠠᠬᠢ ᠰᠣᠨᠣᠰᠤᠭᠰᠠᠨ ᠨᠢᠭᠡ ᠬᠠᠴᠢᠨ ᠶᠠᠷᠢᠶᠠᠨ ᠤ᠋ ᠤᠳᠬ᠎ᠠ ᠶᠠᠭᠤ ᠪᠠᠢᠭᠰᠠᠨ ᠢ᠋ ᠰᠠᠩᠵᠢ ᠣᠳᠣ ᠯᠠ ᠤᠬᠠᠭᠠᠷᠠᠨ ᠣᠢᠯᠠᠭᠠᠵᠠᠢ᠃《ᠪᠠᠭᠰᠢᠲᠠᠨ ᠰᠡᠭᠦᠯ ᠦ᠋ᠨ ᠦᠶ᠎ᠡ ᠳ᠋ᠦ᠍ ᠬᠠᠴᠢᠨ ᠪᠠᠢᠳᠠᠯ ᠲᠠᠢ ᠪᠣᠯᠤᠭᠰᠠᠨ ᠨᠢ ᠡᠢᠮᠦ ᠤᠴᠢᠷᠲᠠᠢ ᠪᠠᠢᠵᠠᠢ᠃ ᠪᠠᠭᠰᠢ ᠳ᠋ᠤ᠌ ᠢᠩᠭᠢᠵᠦ ᠴᠠᠭᠠᠳᠬᠠᠬᠤ ᠲᠡᠢᠮᠦ ᠶᠡᠬᠡ ᠨᠢᠭᠦᠯ ᠪᠠᠢᠮᠠᠷ ᠦᠭᠡᠢ ᠶᠦᠮ᠃ ᠲᠡᠭᠡᠪᠡᠯ ᠪᠤᠶᠠᠨ ᠬᠢᠭᠰᠡᠨ ᠬᠡᠷᠡᠭ ᠦᠦ?》 ᠭᠡᠵᠦ ᠰᠠᠩᠵᠢ ᠡᠷᠡᠭᠡᠯᠵᠡᠨ ᠪᠣᠳᠣᠯ᠎ᠠ᠃
ᠮᠣᠷᠢᠨ ᠲᠡᠷᠭᠡ ᠲᠠᠨᠲᠠᠯᠵᠠᠨ ᠳᠣᠩᠰᠣᠯᠤᠭᠰᠠᠭᠠᠷ ᠤᠷᠤᠭᠰᠢ ᠪᠠᠨ ᠬᠥᠳᠡᠯᠪᠡ᠃ ᠰᠠᠩᠵᠢ ᠶ᠋ᠢᠨ ᠬᠣᠭᠣᠯᠠᠢ ᠨᠢ ᠵᠠᠩᠭᠢᠷᠠᠵᠤ ᠨᠢᠳᠦᠨ ᠡᠴᠡ ᠨᠢ ᠨᠢᠯᠪᠤᠰᠤ ᠭᠠᠷᠤᠯ᠎ᠠ᠃ ᠠᠶᠠᠷᠬᠠᠨ ᠮᠡᠭᠰᠢᠨ ᠤᠬᠢᠯᠠᠪᠠ᠃ ᠭᠡᠨᠡᠳᠲᠡ ᠪᠠᠭᠰᠢ ᠶ᠋ᠢᠨ ᠢ᠋ᠶ᠋ᠡᠨ ᠵᠠᠬᠢᠭᠰᠠᠨ ᠢ᠋ ᠰᠠᠨᠠᠵᠤ ᠨᠢᠯᠪᠤᠰᠤ ᠪᠠᠨ ᠠᠷᠴᠢᠯ᠎ᠠ᠃ ᠬᠣᠢᠨ᠎ᠠ ᠠ᠋ᠴᠠ ᠨᠢ ᠨᠢᠯᠪᠤᠰᠤ ᠭᠠᠷᠭᠠᠬᠤ᠂ ᠭᠠᠰᠢᠭᠤᠳᠠᠬᠤ ᠬᠡᠷᠡᠭ ᠦᠭᠡᠢ ᠭᠡᠵᠦ ᠪᠠᠭᠰᠢ ᠨᠢ ᠵᠠᠬᠢᠭᠰᠠᠨ ᠪᠢᠯᠡ᠃ ᠨᠢᠯᠪᠤᠰᠤ ᠪᠠᠷ ᠰᠠᠭᠠᠳ ᠬᠢᠬᠦ ᠦᠭᠡᠢ ᠪᠠᠢᠬᠤ ᠶ᠋ᠢ ᠲᠡᠷᠡ ᠶᠡᠬᠡ ᠯᠡ ᠠᠮᠢᠨᠴᠢᠯᠠᠨ ᠵᠠᠬᠢᠵᠤ ᠪᠠᠢᠭᠰᠠᠨ ᠁᠃ ᠰᠠᠩᠵᠢ ᠤᠬᠢᠯᠠᠬᠤ ᠪᠠᠨ ᠪᠣᠯᠢᠪᠠ᠃
