ᠣᠷᠣᠢ ᠦᠭᠡᠢ ᠰᠦᠮ᠎ᠡ – ᠨᠠᠢ᠍ᠮᠠ ᠂ ᠬᠣᠷᠢᠨ ᠮᠢᠩᠭᠠᠲᠤ ᠶᠢᠨ ᠢᠷᠥᠭᠡᠯ Оройгүй сүм – Найм ᠂ Хорин мянгатын ерөөл - Oroigui sum 8 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠨᠠᠢ᠍ᠮᠠ ᠂ ᠬᠣᠷᠢᠨ ᠮᠢᠩᠭᠠᠲᠤ ᠶᠢᠨ ᠢᠷᠥᠭᠡᠯ Оройгүй сүм – Найм ᠂ Хорин мянгатын ерөөл - Oroigui sum 8

ᠣᠷᠣᠢ ᠦᠭᠡᠢ ᠰᠦᠮ᠎ᠡ – ᠨᠠᠢ᠍ᠮᠠ ᠂ ᠬᠣᠷᠢᠨ ᠮᠢᠩᠭᠠᠲᠤ ᠶᠢᠨ ᠢᠷᠥᠭᠡᠯ Оройгүй сүм – Найм ᠂ Хорин мянгатын ерөөл - Oroigui sum 8

ᠠᠩᠭᠢᠯᠠᠯ:ᠲᠤᠭᠤᠵᠢ ᠷᠣᠮᠠᠨ
2023-08-09

886

ᠨᠠᠢ᠍ᠮᠠ ᠂ ᠬᠣᠷᠢᠨ ᠮᠢᠩᠭᠠᠲᠤ ᠶᠢᠨ ᠢᠷᠥᠭᠡᠯ


               ᠣᠷᠴᠢᠯᠠᠩ ᠭᠠᠰᠠᠯᠠᠩ ᠠ᠋ᠴᠠ ᠨᠥᠭᠴᠢᠭᠰᠡᠳ ᠲᠦ᠍ ᠠᠯᠠᠭᠳᠠᠨ᠎ᠠ 
               ᠵᠣᠪᠠᠯᠠᠩ ᠶᠡᠬᠡ ᠠᠮᠤᠭᠤᠯᠠᠩ ᠰᠠᠬᠢᠯ ᠳ᠋ᠤ᠌ ᠠᠯᠠᠭᠳᠠᠨ᠎ᠠ 
               ᠠᠮᠤᠭᠤᠯᠠᠩ ᠪᠢᠯᠢᠭ ᠰᠡᠳᠬᠢᠯ ᠳ᠋ᠦ᠍ ᠠᠯᠠᠭᠳᠠᠨ᠎ᠠ 

      ᠯᠣᠰᠠᠷ ᠪᠤᠶᠤ ᠰᠢᠨ᠎ᠡ ᠵᠢᠯ ᠣᠢᠷᠠᠳᠴᠤ ᠪᠠᠢᠯ᠎ᠠ᠃ ᠠᠢᠯ ᠤ᠋ᠳ ᠴᠢᠮᠡᠷ᠎ᠡ ᠬᠢᠵᠡᠭᠡᠵᠦ᠂ ᠰᠦᠮ᠎ᠡ ᠬᠡᠢᠳ ᠦ᠋ᠳ ᠶᠡᠬᠡ᠂ ᠪᠠᠭ᠎ᠠ ᠮᠣᠩᠯᠠᠮ ᠪᠡᠯᠡᠳᠬᠡᠵᠦ ᠪᠠᠢᠪᠠ᠃ ᠴᠠᠭᠠᠨ ᠰᠠᠷ᠎ᠠ ᠳᠥᠭᠥᠭᠡᠳ ᠢᠷᠡᠬᠦ ᠳ᠋ᠦ᠍ ᠲᠥᠪᠡᠳ ᠠᠢᠯ ᠤ᠋ᠳ ᠵᠠᠮᠪᠠᠭᠠᠨ ᠭᠤᠯᠢᠷ᠂ ᠠᠷᠪᠠᠢ ᠶ᠋ᠢᠨ ᠨᠡᠷᠡᠮᠡᠯ ᠠᠷᠢᠬᠢ ᠪᠡᠯᠡᠳᠬᠡᠵᠦ ᠡᠬᠢᠯᠡᠳᠡᠭ ᠵᠠᠩᠰᠢᠯ ᠲᠦᠭᠡᠮᠡᠯ ᠪᠢᠯᠡ᠃ ᠵᠡᠰ ᠴᠠᠷ᠎ᠠ ᠲᠠᠪᠠᠭ᠂ ᠵᠠᠮᠪᠠᠭᠠᠨ ᠭᠤᠯᠢᠷ ᠳᠣᠪᠣᠢᠯᠭᠠᠨ ᠴᠠᠫ ᠬᠡᠯᠪᠡᠷᠢᠲᠡᠢ ᠪᠡᠷ ᠣᠪᠣᠭᠠᠯᠠᠵᠤ᠂ ᠳᠡᠭᠡᠷ᠎ᠡ ᠨᠢ ᠰᠢᠷ᠎ᠠ ᠲᠣᠰᠣ ᠪᠠᠷ ᠤᠷᠠᠯᠠᠵᠤ ᠬᠢᠭᠰᠡᠨ ᠴᠡᠴᠡᠭ ᠲᠡᠢ ᠳᠠᠷᠠᠰᠤ ᠬᠠᠳᠬᠤᠵᠤ ᠪᠡᠯᠡᠳᠬᠡᠭᠰᠡᠨ ᠢᠳᠡᠭᠡ ᠶ᠋ᠢ ᠴᠢᠮᠠᠷ ᠭᠡᠨ᠎ᠡ᠃ ᠰᠢᠨ᠎ᠡ ᠵᠢᠯ ᠦ᠋ᠨ ᠢᠳᠡᠭᠡ ᠶᠦᠮ᠃ ᠰᠦᠮ᠎ᠡ ᠬᠡᠢᠳ ᠦ᠋ᠳ ᠶᠡᠬᠡ᠂ ᠪᠠᠭ᠎ᠠ ᠮᠣᠩᠯᠠᠮ ᠭᠡᠳᠡᠭ ᠳᠠᠯᠠᠢ ᠯᠠᠮᠠ ᠶ᠋ᠢᠨ  ᠱᠠᠪᠳᠠᠩ ᠪᠠᠲᠤᠳᠬᠠᠬᠤ ᠢᠷᠦᠭᠡᠯ ᠦ᠋ᠨ ᠬᠤᠷᠠᠯ ᠳ᠋ᠤ᠌ ᠤᠷᠢᠳᠠ ᠠ᠋ᠴᠠ ᠪᠡᠯᠡᠳᠬᠡᠳᠡᠭ ᠪᠥᠭᠡᠳ ᠬᠣᠷᠢᠨ ᠮᠢᠩᠭᠠᠨ ᠯᠠᠮᠠ ᠣᠷᠣᠯᠴᠠᠨ᠎ᠠ᠃
      ᠭᠡᠯᠦᠩ ᠴᠤᠢᠮᠴᠤᠭ ᡀᠠᠰᠠ ᠮᠣᠩᠯᠠᠮ ᠳ᠋ᠤ᠌ ᠣᠷᠣᠯᠴᠠᠵᠤ ᠬᠤᠷᠠᠬᠤ ᠶ᠋ᠢᠨ ᠲᠤᠯᠠᠳᠠ ᠣᠯᠠᠨ ᠬᠣᠨᠣᠭ ᠬᠥᠭᠡᠭᠡᠴᠡᠯᠳᠦᠵᠦ ᠶᠡᠬᠡ ᠴᠦ᠍ ᠮᠥᠩᠭᠥ ᠵᠠᠷᠤᠵᠠᠢ᠃ ᠲᠡᠭᠦᠨ ᠦ᠌ ᠨᠢᠭᠡ ᠲᠣᠮᠣ ᠬᠦᠰᠡᠯ ᠲᠡᠷᠡ ᠪᠠᠢᠪᠠ᠃ 
      – ᠡᠨᠡ ᠵᠢᠯ ᠦ᠋ᠨ ᡀᠠᠰᠠ ᠮᠣᠩᠯᠠᠮ ᠳ᠋ᠤ᠌ ᠵᠠᠪᠠᠯ ᠣᠷᠣᠯᠴᠠᠬᠤ ᠶᠣᠰᠣᠲᠠᠢ᠃ ᠳᠠᠯᠠᠢ ᠪᠯᠠᠮ᠎ᠠ ᠶ᠋ᠢᠨ ᠱᠠᠪᠳᠠᠩ ᠪᠠᠲᠤᠳᠬᠠᠬᠤ ᠶᠡᠬᠡ ᠢᠷᠦᠭᠡᠯ ᠦ᠋ᠨ ᠬᠤᠷᠠᠯ ᠳ᠋ᠤ᠌ ᠪᠢ ᠳᠠᠬᠢᠭᠠᠳ ᠣᠷᠣᠯᠴᠠᠵᠤ ᠴᠢᠳᠠᠬᠤ ᠦᠭᠡᠢ᠂ ᠶᠠᠮᠠᠷ ᠪᠣᠯᠪᠠᠴᠤ ᠬᠣᠷᠢᠨ ᠮᠢᠩᠭᠠᠲᠤ ᠶ᠋ᠢᠨ ᠲᠣᠭᠠᠨ ᠳ᠋ᠤ᠌ ᠣᠷᠣᠯ ᠦᠭᠡᠢ ᠭᠣᠷᠢ ᠦᠭᠡᠢ ᠭᠡᠵᠦ ᠴᠤᠢᠮᠴᠤᠭ ᠭᠡᠯᠦᠩ ᠱᠠᠪᠢ ᠳ᠋ᠠᠭᠠᠨ ᠵᠠᠬᠢᠵᠠᠢ᠃ 
      ᠨᠤᠲᠤᠭ ᠠ᠋ᠴᠠ ᠪᠠᠨ ᠳᠠᠭᠠᠭᠤᠯᠵᠤ ᠢᠷᠡᠭᠰᠡᠨ ᠮᠥᠷᠭᠥᠯᠴᠢᠳ ᠢ᠋ ᠨᠠᠮᠤᠷ ᠪᠤᠴᠠᠭᠠᠵᠠᠢ᠃ ᠣᠳᠬᠣᠨ ᠬᠡᠦᠬᠡᠨ ᠢ᠋ ᠪᠦᠬᠡᠮᠠᠩᠯᠠᠢ ᠶ᠋ᠢᠨ ᠬᠠᠮᠠᠭᠠᠯᠠᠯᠲᠠ ᠳ᠋ᠤ᠌ ᠥᠭᠴᠦ ᠥᠭᠡᠷ᠎ᠡ ᠨᠢᠭᠡ ᠬᠡᠰᠡᠭ ᠮᠥᠷᠭᠥᠯᠴᠢᠳ ᠦ᠋ᠨ ᠭᠠᠯ ᠲᠠᠢ ᠨᠡᠢᠯᠡᠭᠦᠯᠦᠨ ᠨᠤᠲᠤᠭ ᠤᠷᠤᠭᠤ ᠨᠢ ᠴᠠᠭ ᠤ᠋ᠨ ᠡᠷᠲᠡ᠂ ᠨᠠᠷᠠᠨ ᠤ᠋ ᠭᠣᠣᠯ ᠲᠠᠢ᠂ ᠨᠣᠭᠣᠭᠠᠨ ᠤ᠋ ᠰᠥᠯ ᠲᠡᠢ ᠳ᠋ᠦ᠍ ᠪᠤᠴᠠᠭᠠᠭᠰᠠᠨ ᠨᠢ ᠰᠠᠢᠨ ᠪᠣᠯᠵᠠᠢ᠃ ᠲᠥᠪᠡᠳ ᠲᠦ᠍ ᠡᠨᠡ ᠵᠢᠯ ᠶᠡᠬᠡ ᠬᠦᠢᠲᠡᠷᠡᠵᠦ ᠪᠠᠢᠯ᠎ᠠ᠃ ᠮᠥᠷᠭᠥᠯᠴᠢᠳ ᠪᠤᠴᠠᠭᠰᠠᠨ ᠠ᠋ᠴᠠ ᠬᠣᠢᠰᠢ ᠰᠠᠩᠵᠢ ᠭᠡᠰᠦᠯ ᠭᠣᠮᠠᠨ ᠳ᠋ᠠᠴᠠᠩ ᠤ᠋ᠨ ᠨᠠᠮᠳᠡᠯ ᠬᠠᠳᠠᠭ ᠵᠢᠩᠳᠠᠭᠠᠨ ᠳ᠋ᠠᠭᠠᠨ ᠨᠣᠮ ᠢ᠋ᠶ᠋ᠠᠨ ᠦᠵᠡᠵᠦ᠂  ᠴᠤᠢᠮᠴᠤᠭ ᠭᠡᠯᠦᠩ ᠪᠤᠶᠠᠨ ᠤ᠋ ᠦᠢᠯᠡᠰ ᠦ᠋ᠨ ᠢ᠋ᠶ᠋ᠡᠨ ᠮᠥᠷ ᠬᠥᠭᠡᠭᠡᠵᠦ᠂ ᠶᠡᠬᠡᠰ ᠯᠠᠮᠠ ᠨᠠᠷ ᠲᠠᠢ ᠠᠭᠤᠯᠵᠠᠨ᠂ ᠪᠤᠷᠬᠠᠨ ᠤ᠋ ᠠᠷᠢᠭᠤᠨ ᠰᠢᠲᠦᠭᠡᠨ ᠨᠦ᠍ᠭᠦᠳ ᠢ᠋ᠶ᠋ᠡᠷ ᠶᠠᠪᠤᠵᠤ ᠡᠷᠭᠢᠯ ᠮᠥᠷᠭᠥᠯ ᠦᠢᠯᠡᠳᠴᠦ ᠪᠠᠢᠭᠰᠠᠭᠠᠷ ᠣᠳᠣ ᠶ᠋ᠢ ᠬᠦᠷᠴᠡᠢ᠃ ᠪᠠᠭᠰᠢ ᠯᠠᠮᠠ ᠨᠢ ᠪᠦᠬᠦ ᠨᠠᠰᠤ ᠪᠠᠷ ᠢ᠋ᠶ᠋ᠠᠨ ᠴᠤᠭᠯᠠᠭᠤᠯᠤᠭᠰᠠᠨ ᠬᠥᠷᠥᠩᠭᠡ ᠪᠡᠨ ᠠᠯᠲᠠ ᠮᠥᠩᠭᠥ ᠪᠣᠯᠭᠠᠭᠠᠳ ᠡᠪᠦᠷᠯᠡᠵᠦ ᠢᠷᠡᠭᠰᠡᠨ ᠲᠤᠯᠠ ᠪᠤᠶᠠᠨ ᠤ᠋ ᠦᠢᠯᠡ ᠳ᠋ᠦ᠍ ᠪᠠᠷᠠᠭᠤᠨ ᠵᠡᠭᠦᠨ ᠦᠭᠡᠢ ᠵᠠᠷᠤᠭᠰᠠᠭᠠᠷ ᠯᠠ ᠪᠠᠢᠯ᠎ᠠ᠃  ᠴᠤᠢᠮᠴᠤᠭ ᠭᠡᠯᠦᠩ᠄ 
     – ᡀᠠᠰᠠ ᠮᠣᠩᠯᠠᠮ ᠤ᠋ᠨ ᠭᠡᠰᠬᠦᠢ ᠪᠣᠯᠬᠤ ᠳ᠋ᠤ᠌ ᠳᠥᠷᠪᠡᠨ ᠮᠢᠩᠭᠠᠨ ᠯᠠᠩ ᠮᠥᠩᠭᠥ ᠪᠡᠷ ᠭᠠᠷ ᠴᠠᠢᠯᠭᠠᠳᠠᠭ ᠶᠤᠮ᠃ ᠪᠢ ᠵᠥᠪᠬᠡᠨ ᠤᠩᠰᠢᠯᠭ᠎ᠠ ᠶ᠋ᠢᠨ ᠯᠠᠮᠠ ᠪᠠᠷ ᠣᠷᠣᠬᠤ ᠲᠤᠯᠠ ᠲᠡᠢᠮᠦ ᠶᠡᠬᠡ ᠮᠥᠩᠭᠥ ᠠᠷᠠᠢ ᠱᠠᠭᠠᠷᠳᠠᠭᠳᠠᠬᠤ ᠦᠭᠡᠢ ᠪᠢᠵᠡ ᠭᠡᠵᠦ ᠨᠢᠭᠡ ᠡᠳᠦᠷ ᠱᠠᠪᠢ ᠳ᠋ᠠᠭᠠᠨ ᠬᠡᠯᠡᠵᠡᠢ᠃ 
     – ᠪᠢ ᠰᠢᠨ᠎ᠡ ᠪᠠᠭᠰᠢ ᠠ᠋ᠴᠠ ᠪᠠᠨ ᠭᠤᠶᠤᠬᠤ ᠤᠤ? ᠮᠠᠨ ᠤ᠋ ᠰᠢᠨ᠎ᠡ ᠪᠠᠭᠰᠢ ᠨᠠᠮᠠᠶ᠋ᠢ ᠵᠢᠩᠳᠠᠭᠠᠨ ᠳ᠋ᠠᠭᠠᠨ ᠭᠠᠭᠴᠠᠬᠠᠨ ᠮᠣᠩᠭᠣᠯ ᠭᠡᠳ ᠶᠡᠬᠡ ᠯᠡ ᠬᠠᠢᠷᠠᠯᠠᠵᠤ ᠪᠠᠢᠬᠤ ᠰᠢᠭ᠋ ᠰᠠᠨᠠᠭᠳᠠᠳᠠᠭ ᠭᠡᠵᠦ ᠰᠠᠩᠵᠢ ᠭᠡᠰᠦᠯ ᠬᠡᠯᠡᠬᠦ ᠳ᠋ᠦ᠍᠄ 
     – ᠦ᠂ ᠶᠠᠭᠤ ᠬᠢᠬᠦ ᠪᠣᠢ? ᠪᠠᠭᠰᠢ ᠨᠢ ᠥᠪᠡᠷ ᠢ᠋ᠶ᠋ᠡᠨ ᠯᠡ ᠠᠷᠭᠠᠯᠠᠬᠤ ᠶ᠋ᠢ ᠪᠣᠳᠣᠨ᠎ᠠ᠃ ᠪᠢ ᠡᠨᠳᠡᠬᠢ ᠶ᠋ᠢᠨ ᠯᠠᠮᠠ᠂ ᠬᠠᠷ᠎ᠠ᠂ ᠵᠠᠷᠤᠴᠠ ᠲᠤᠤᠴᠠᠢ ᠨᠠᠷ ᠢ᠋ ᠠᠯᠢ ᠠᠯᠢ ᠶ᠋ᠢ ᠰᠠᠢᠨ ᠮᠡᠳᠡᠳᠡᠭ ᠶᠦᠮ᠃ ᠠᠷᠭ᠎ᠠ ᠶ᠋ᠢ ᠨᠢ ᠣᠯᠬᠤ ᠪᠠᠢᠯᠭᠦᠢ ᠭᠡᠵᠦ ᠴᠤᠢᠮᠴᠤᠭ ᠭᠡᠯᠦᠩ ᠲᠠᠢᠪᠤᠩ ᠢ᠋ᠶ᠋ᠠᠷ ᠶᠠᠷᠢᠪᠠ᠃ ᠲᠡᠭᠦᠨ ᠡᠴᠡ ᠬᠡᠳᠦ ᠬᠣᠨᠣᠭ ᠤ᠋ᠨ ᠳᠠᠷᠠᠭ᠎ᠠ ᠪᠠᠭᠰᠢ ᠯᠠᠮᠠ ᠨᠢ ᡀᠠᠰᠠ ᠮᠣᠩᠯᠠᠮ ᠳ᠋ᠤ᠌ ᠬᠤᠷᠠᠬᠤ ᠡᠷᠬᠡ ᠣᠯᠵᠤ ᠠᠪᠴᠠᠢ᠃ ᠴᠣᠬᠣᠮ ᠶᠠᠮᠠᠷ ᠠᠷᠭ᠎ᠠ ᠪᠠᠷ ᠣᠯᠤᠭᠰᠠᠨ ᠢ᠋ᠶ᠋ᠠᠨ ᠱᠠᠪᠢ ᠭᠡᠰᠦᠯ ᠳ᠋ᠡᠭᠡᠨ ᠬᠡᠯᠡᠭᠰᠡᠨ ᠦᠭᠡᠢ᠃  ᠭᠡᠰᠦᠯ ᠴᠦ᠍ ᠠᠰᠠᠭᠤᠭᠰᠠᠨ ᠦᠭᠡᠢ᠃ ᠪᠠᠭᠰᠢ ᠶ᠋ᠢᠨ ᠬᠡᠷᠡᠭ ᠱᠠᠪᠢ ᠳ᠋ᠤ᠌ ᠬᠠᠮᠢᠶ᠎ᠠ ᠦᠭᠡᠢ᠃ 
      ᠯᠡ ᠰᠠᠷ᠎ᠠ ᠶ᠋ᠢᠨ ᠡᠬᠢᠨ ᠦ᠌ ᠬᠣᠷᠢ ᠬᠣᠨᠣᠭ ᠲᠤ᠌ ᡀᠠᠰᠠ ᠶ᠋ᠢᠨ ᠶᠡᠬᠡ ᠮᠣᠩᠯᠠᠮ ᠭᠡᠳᠡᠭ ᠢᠷᠦᠭᠡᠯ ᠦ᠋ᠨ ᠬᠤᠷᠠᠯ᠂ ᠬᠣᠶᠠᠳᠠᠬᠢ ᠪᠠᠭ᠎ᠠ ᠮᠣᠩᠯᠠᠮ ᠨᠢ ᠣᠨ ᠤ᠋ ᠲᠡᠷᠢᠭᠦᠨ ᠰᠠᠷ᠎ᠠ ᠶ᠋ᠢᠨ ᠬᠣᠷᠢᠨ ᠳᠥᠷᠪᠡᠨ ᠦ᠌ ᠡᠳᠦᠷ ᠡᠴᠡ ᠠᠷᠪᠠ ᠬᠣᠨᠣᠭ ᠬᠤᠷᠠᠳᠠᠭ ᠠᠵᠠᠢ᠃ ᠶᠡᠬᠡ ᠮᠣᠩᠯᠠᠮ ᠡᠵᠡᠨ ᠬᠠᠭᠠᠨ ᠤ᠋  ᠱᠠᠪᠳᠠᠩ ᠪᠠᠲᠤᠳᠬᠠᠬᠤ ᠳ᠋ᠤ᠌᠂ ᠪᠠᠭ᠎ᠠ ᠮᠣᠩᠯᠠᠮ ᠳᠠᠯᠠᠢ ᠯᠠᠮᠠ ᠶ᠋ᠢᠨ ᠨᠠᠰᠤ ᠰᠡᠭᠦᠳᠡᠷ ᠢ᠋ ᠤᠷᠲᠤᠰᠬᠠᠬᠤ ᠳ᠋ᠤ᠌ ᠵᠣᠷᠢᠭᠤᠯᠤᠭᠳᠠᠳᠠᠭ ᠶᠤᠮ᠃ 
      ᠶᠡᠬᠡ ᠮᠣᠩᠯᠠᠮ ᠢ᠋ ᠬᠤᠷᠠᠭᠤᠯᠬᠤ ᠠᠵᠢᠯ ᠢ᠋ ᠤᠳᠤᠷᠢᠳᠤᠨ ᠬᠢᠯᠭᠡᠬᠦ ᠶ᠋ᠢᠨ ᠲᠤᠯᠠᠳᠠ ᠪᠠᠷᠠᠪᠠᠩ ᠬᠡᠢᠳ ᠦ᠋ᠨ ᠬᠣᠶᠠᠷ ᠴᠣᠭᠴᠢᠨ ᠱᠠᠮᠤ᠂ ᠲᠡᠳᠡᠨ ᠦ᠌ ᠲᠤᠰᠯᠠᠬᠤ ᠬᠣᠶᠠᠷ ᠱᠠᠪᠳᠠᠭ᠍ᠮ᠎ᠡ᠂ ᠨᠢᠭᠡ ᠠᠵᠤ ᠠᠬᠤᠢ ᠲᠦᠯᠡᠭᠡ ᠲᠦᠯᠡᠰᠢᠨ ᠦ᠌ ᠨᠢᠷᠪᠠ᠂ ᠲᠡᠭᠦᠨ ᠳ᠋ᠦ᠍ ᠵᠠᠬᠢᠷᠤᠭᠳᠠᠬᠤ ᠬᠣᠷᠢᠨ ᠨᠢᠭᠡᠨ ᠬᠡᠷᠡᠭ ᠪᠤᠶᠤ ᠭᠡᠰᠬᠦᠢ ᠶ᠋ᠢ ᠰᠣᠩᠭᠣᠵᠤ ᠳᠥᠷᠪᠡ ᠳ᠋ᠦ᠍ᠨᠢ ᠲᠡᠮᠦᠷ ᠪᠠᠷᠢᠶ᠎ᠠ ᠣᠯᠭᠣᠳᠠᠭ ᠠᠵᠢ᠃  ᠰᠠᠩᠵᠢ ᠭᠡᠰᠦᠯ ᠦ᠋ᠨ ᠰᠢᠨ᠎ᠡ ᠪᠠᠭᠰᠢ ᠨᠢ ᠲᠡᠷᠡ ᠬᠦ᠌ ᠬᠣᠷᠢᠨ ᠨᠢᠭᠡᠨ ᠭᠡᠰᠬᠦᠢ ᠶ᠋ᠢᠨ ᠲᠣᠭᠠᠨ ᠳ᠋ᠤ᠌ ᠣᠷᠣᠵᠠᠢ᠃ ᠲᠡᠭᠡᠭᠡᠳ ᠱᠠᠪᠢ ᠭᠡᠰᠦᠯ ᠢ᠋ ᠪᠡᠨ ᡀᠠᠰᠠ ᠮᠣᠩᠯᠠᠮ ᠤ᠋ᠨ ᠳ᠋ᠤᠩᠭᠤᠴᠢᠨ ᠪᠣᠯᠭᠠᠬᠤ ᠪᠠᠷ ᠭᠤᠶᠤᠵᠤ ᠪᠠᠰᠠ ᠪᠦᠷᠢᠳᠬᠡᠭᠦᠯᠵᠦ ᠠᠮᠵᠢᠵᠠᠢ᠃ ᠳ᠋ᠤᠩᠭᠤᠴᠢᠨ ᠭᠡᠳᠡᠭ ᠨᠢ ᠮᠠᠩᠵᠠ᠂ ᠴᠠᠪ ᠵᠥᠭᠡᠭᠡᠳᠡᠭ ᠨᠢᠭᠡ ᠶᠣᠰᠣᠨ ᠤ᠋ ᠬᠣᠭᠣᠯᠠ ᠵᠥᠭᠡᠭᠡᠭᠴᠢ ᠶᠦᠮ᠃ 
     – ᠪᠤᠶᠠᠨ ᠲᠠᠢ ᠦᠢᠯᠡ᠂ ᠵᠥᠪ᠃ ᠲᠡᠭᠦᠨ ᠳ᠋ᠦ᠍ ᠣᠷᠣᠯᠴᠠᠪᠠᠯ ᠵᠣᠬᠢᠨ᠎ᠠ ᠭᠡᠵᠦ ᠭᠡᠯᠦᠩ ᠴᠤᠢᠮᠴᠤᠭ ᠱᠠᠪᠢ ᠳ᠋ᠠᠭᠠᠨ ᠵᠠᠬᠢᠯ᠎ᠠ᠃ ᠲᠡᠷᠡ ᠶᠣᠰᠣᠭᠠᠷ ᠭᠡᠰᠦᠯ ᠰᠠᠩᠵᠢ ᡀᠠᠰᠠ ᠮᠣᠩᠯᠠᠮ ᠤ᠋ᠨ ᠳ᠋ᠤᠩᠭᠤᠴᠢᠨ ᠤ᠋ ᠲᠣᠭᠠᠨ ᠳ᠋ᠤ᠌ ᠣᠷᠣᠯ᠎ᠠ᠃ ᠪᠠᠭᠰᠢ ᠯᠠᠮᠠ ᠨᠢ ᠴᠦ᠍ ᠪᠠᠶᠠᠷᠲᠠᠢ ᠪᠠᠢᠯ᠎ᠠ᠃ 
      ᠬᠣᠷᠢᠨ ᠮᠢᠩᠭᠠᠨ ᠯᠠᠮᠠ ᠳ᠋ᠤ᠌ ᠨᠢᠭᠡᠨ ᠵᠡᠷᠭᠡ ᠮᠠᠩᠵᠠ᠂ ᠴᠠᠪ ᠪᠠᠷᠢᠬᠤ ᠲᠤᠯᠠ ᠣᠯᠠᠨ ᠲᠣᠭᠠᠨ ᠤ᠋ ᠳ᠋ᠤᠩᠭᠤᠴᠢ ᠱᠠᠭᠠᠷᠳᠠᠭᠳᠠᠳᠠᠭ ᠪᠠᠢᠵᠠᠢ᠃ 
      ᠴᠠᠭᠠᠨ ᠰᠠᠷ᠎ᠠ ᠶ᠋ᠢᠨ ᠡᠳᠦᠷ ᠦ᠋ᠳ ᠲᠦ᠍ ᠣᠢᠷᠠᠳᠬᠤ ᠳ᠋ᠤ᠌ ᠳ᠋ᠤᠩᠭᠤᠴᠢ ᠨᠠᠷ ᠢ᠋ ᠳᠠᠭᠤᠳᠠᠨ ᠴᠤᠭᠯᠠᠭᠤᠯᠵᠤ ᠥᠪᠡᠷ ᠥᠪᠡᠷᠰᠡᠳ ᠦ᠋ᠨ ᠨᠢ ᠲᠣᠭᠣᠭᠠᠨ ᠤ᠋ ᠭᠠᠵᠠᠷ ᠢ᠋ ᠵᠢᠭᠠᠵᠤ ᠥᠭᠪᠡ᠃ ᠲᠡᠭᠡᠲᠡᠯ᠎ᠡ ᠵᠠᠮ᠎ᠠ ᠶ᠋ᠢᠨ ᠯᠠᠮᠠ ᠳᠤᠲᠠᠭᠰᠠᠨ ᠲᠤᠯᠠ  ᠰᠠᠩᠵᠢ ᠶ᠋ᠢ ᠵᠠᠮ᠎ᠠ ᠪᠣᠯᠭᠠᠪᠠ᠃  ᠵᠠᠮ᠎ᠠ ᠭᠡᠳᠡᠭ ᠨᠢ ᠲᠣᠭᠣᠭᠠᠴᠢ ᠶᠤᠮ᠃ ᠨᠢᠭᠡ ᠲᠣᠭᠣᠭᠠᠨ ᠳ᠋ᠤ᠌ ᠳᠥᠷᠪᠡᠨ ᠵᠠᠮ᠎ᠠ ᠣᠨᠣᠭᠳᠠᠯ᠎ᠠ᠃ ᠠᠰᠤᠷᠤ ᠲᠣᠮᠣ ᠬᠦᠷᠡᠯ ᠲᠣᠭᠣᠭ᠎ᠠ ᠶ᠋ᠢ ᠠᠰᠤᠷᠤ ᠳᠣᠲᠣᠷ᠎ᠠ ᠭᠠᠵᠠᠷ ᠵᠤᠭᠤᠵᠠᠢ᠃ ᠨᠢᠭᠡ ᠲᠣᠭᠣᠭ᠎ᠠ ᠬᠣᠶᠠᠷ ᠮᠢᠩᠭᠠᠨ ᠯᠠᠮᠠ ᠶ᠋ᠢ ᠬᠣᠭᠣᠯᠠᠯᠠᠬᠤ ᠶᠤᠮ ᠭᠡᠨ᠎ᠡ᠃ ᠪᠦᠭᠦᠳᠡ ᠠᠷᠪᠠᠨ ᠲᠣᠮᠣ ᠬᠦᠷᠡᠯ ᠲᠣᠭᠣᠭ᠎ᠠ ᠡᠩᠨᠡᠭᠦᠯᠦᠨ  ᠵᠣᠭᠣᠭᠰᠠᠨ ᠲᠣᠮᠣ ᠮᠣᠳᠣᠨ ᠠᠰᠠᠷ ᠳᠣᠲᠣᠷᠠᠬᠢ ᠲᠠᠯᠠᠪᠠᠢ ᠨᠢ ᡀᠠᠰᠠ ᠮᠣᠩᠯᠠᠮ ᠤ᠋ᠨ ᠭᠠᠯ ᠲᠣᠭᠣᠭᠠᠨ ᠤ᠋ ᠭᠠᠵᠠᠷ ᠪᠠᠢᠯ᠎ᠠ᠃ 
      ᠮᠠᠷᠭᠠᠰᠢ ᠪᠢᠲᠡᠭᠦᠨ ᠦ᠌ ᠡᠳᠦᠷ ᠪᠣᠯᠤᠨ᠎ᠠ ᠭᠡᠵᠦ ᠪᠠᠢᠭ᠎ᠠ ᠲᠤᠯᠠ ᠲᠣᠭᠣᠭᠠᠴᠢ ᠨᠠᠷ ᠠᠵᠢᠯ ᠳ᠋ᠠᠭᠠᠨ ᠣᠷᠣᠵᠠᠢ᠃ ᠬᠣᠶᠠᠷ ᠮᠢᠩᠭᠠᠨ ᠯᠠᠮᠠ ᠶ᠋ᠢᠨ ᠬᠣᠭᠣᠯᠠ ᠪᠠᠭᠲᠠᠬᠤ ᠲᠡᠢᠮᠦ ᠲᠣᠮᠣ ᠲᠣᠭᠣᠭ᠎ᠠ ᠶ᠋ᠢ ᠵᠥᠪᠬᠡᠨ ᠤᠰᠤ ᠪᠠᠷ ᠳᠦᠭᠦᠷᠭᠡᠬᠦ ᠳ᠋ᠦ᠍ ᠯᠡ ᠬᠣᠷᠢ ᠬᠣᠨᠣᠭ ᠣᠷᠣᠮᠠᠷ ᠰᠠᠨᠠᠭᠳᠠᠬᠤ ᠲᠤᠯᠠ ᠰᠠᠩᠵᠢ ᠭᠡᠰᠦᠯ ᠶᠡᠬᠡᠬᠡᠨ  ᠵᠣᠪᠠᠨᠢᠯ᠎ᠠ᠃ ᠭᠡᠲᠡᠯ᠎ᠡ ᠲᠣᠭᠣᠭ᠎ᠠ ᠪᠦᠷᠢ ᠶ᠋ᠢᠨ ᠠᠮᠠᠰᠠᠷ ᠤᠷᠤᠭᠤ ᠴᠢᠯᠠᠭᠤ ᠪᠠᠷ ᠳᠣᠲᠣᠷᠯᠠᠭᠠᠳ ᠠᠰᠠᠷ ᠤ᠋ᠨ ᠬᠠᠶᠠᠭ᠎ᠠ ᠪᠠᠷ ᠨᠦᠬᠡᠯᠡᠨ ᠣᠷᠣᠭᠤᠯᠤᠭᠰᠠᠨ ᠰᠤᠪᠠᠭ ᠱᠤᠤᠳᠤᠤ ᠲᠠᠲᠠᠭᠰᠠᠨ ᠪᠠᠢᠯ᠎ᠠ᠃ ᠲᠣᠭᠣᠭ᠎ᠠ ᠶ᠋ᠢ ᠭᠠᠵᠠᠷ ᠤ᠋ᠨ ᠬᠥᠷᠥᠰᠥ ᠲᠡᠢ ᠠᠮᠠᠰᠠᠷ ᠨᠢ ᠪᠠᠷᠤᠭ ᠴᠠᠴᠠᠦ ᠪᠠᠢᠬᠤ ᠪᠠᠷ ᠭᠠᠵᠠᠷ ᠵᠤᠤᠬᠠᠨ ᠳ᠋ᠤ᠌ ᠵᠣᠭᠣᠵᠤ ᠰᠢᠭᠢᠳᠬᠡᠵᠡᠢ᠃ ᠱᠤᠤᠳᠤᠤ ᠪᠠᠷ ᠤᠰᠤ ᠭᠦᠶᠦᠯᠭᠡᠬᠦ ᠳ᠋ᠦ᠍ ᠲᠡᠷᠡ ᠨᠢ ᠬᠦᠷᠡᠯ ᠲᠣᠭᠣᠭᠠᠨ ᠤ᠋ ᠠᠮᠠᠰᠠᠷ ᠤᠷᠤᠭᠤ ᠳᠠᠭᠤ ᠱᠤᠤᠭᠢᠶᠠᠨ ᠲᠠᠢ ᠤᠷᠤᠰᠤᠨ ᠣᠷᠣᠵᠤ ᠡᠬᠢᠯᠡᠪᠡ᠃ ᠤᠰᠤ ᠭᠦᠶᠦᠯᠭᠡᠬᠦ ᠡᠴᠡ ᠡᠮᠦᠨ᠎ᠡ ᠮᠣᠳᠣᠨ ᠱᠠᠲᠤ ᠲᠠᠯᠪᠢᠵᠤ ᠲᠣᠭᠣᠭᠠᠨ ᠳᠣᠲᠣᠷ᠎ᠠ ᠣᠷᠣᠭᠠᠳ ᠢᠷᠣᠭᠠᠷ ᠲᠠᠬᠢ ᠰᠢᠭᠠᠷᠤ ᠶ᠋ᠢ ᠴᠡᠪᠡᠷᠯᠡᠪᠡ᠃ ᠲᠣᠭᠣᠭᠠᠨ ᠳ᠋ᠤ᠌ ᠤᠰᠤ ᠶ᠋ᠢ ᠤᠷᠤᠰᠬᠠᠨ ᠣᠷᠣᠭᠤᠯᠵᠤ ᠵᠢᠭᠠᠭᠰᠠᠨ ᠬᠡᠮᠵᠢᠶᠡᠨ ᠳ᠋ᠦ᠍ ᠨᠢ ᠬᠦᠷᠭᠡᠭᠡᠳ ᠪᠤᠳᠠᠭ᠎ᠠ ᠪᠠᠨ ᠬᠢᠯ᠎ᠡ᠃ ᠡᠰᠢᠨ ᠡᠴᠡ ᠨᠢ ᠤᠷᠲᠤ ᠣᠯᠣᠰᠣ ᠤᠶᠠᠭᠰᠠᠨ ᠬᠣᠶᠠᠷ ᠬᠦᠷᠵᠡ ᠶ᠋ᠢ  ᠲᠡᠭᠦᠨ ᠳ᠋ᠦ᠍ ᠲᠠᠯᠪᠢᠵᠤ ᠣᠷᠣᠭᠤᠯᠵᠠᠢ᠃ ᠬᠠᠯᠪᠠᠭᠠᠨ ᠤ᠋ ᠣᠷᠣᠨ ᠳ᠋ᠤ᠌ ᠬᠦᠷᠵᠡ ᠪᠡᠷ ᠲᠡᠷᠡ ᠪᠤᠳᠠᠭ᠎ᠠ ᠶ᠋ᠢ ᠬᠤᠳᠬᠤᠬᠤ ᠶᠣᠰᠣᠲᠠᠢ ᠭᠡᠨ᠎ᠡ᠃ 
      《ᠡᠨᠡ ᠲᠣᠮᠣ ᠲᠣᠭᠣᠭ᠎ᠠ ᠲᠠᠢ ᠶᠠᠭᠤᠮ᠎ᠠ ᠬᠡᠴᠢᠨᠡᠨ ᠬᠣᠨᠣᠵᠤ ᠪᠠᠢᠵᠤ ᠪᠤᠴᠠᠯᠬᠤ ᠪᠣᠯ? ᠳᠡᠮᠡᠢ ᠯᠡ ᠲᠣᠭᠣᠭᠠᠴᠢ ᠪᠣᠯᠤᠯ᠎ᠠ᠃ ᠠᠩᠬᠠᠨ ᠠ᠋ᠴᠠ ᠪᠠᠨ ᠲᠡᠷᠡ ᠴᠠᠢ ᠵᠥᠭᠡᠭᠡᠭᠴᠢ ᠨᠢ ᠳᠡᠭᠡᠷ᠎ᠡ ᠪᠠᠢᠵᠠᠢ᠃ ᠣᠳᠣ ᠶᠠᠭᠠᠬᠢᠵᠤ ᠡᠢᠮᠦ ᠶᠡᠬᠡ ᠬᠣᠭᠣᠯᠠ ᠶ᠋ᠢ ᠪᠡᠯᠡᠳᠬᠡᠨ᠎ᠡ ᠳᠡ》 ᠭᠡᠵᠦ ᠰᠠᠩᠵᠢ ᠭᠡᠰᠦᠯ ᠰᠠᠨᠠᠭᠠᠰᠢᠷᠠᠵᠠᠢ᠃ ᠭᠡᠪᠡᠴᠦ ᠨᠥᠭᠥᠭᠡᠳᠡᠭᠦᠯᠡ ᠨᠢ ᠤᠷᠢᠳᠤ ᠪᠠᠰᠠ ᠵᠠᠮ᠎ᠠ ᠪᠠᠷ ᠠᠵᠢᠯᠯᠠᠵᠤ ᠪᠠᠢᠭᠰᠠᠨ ᠲᠤᠷᠰᠢᠯᠭ᠎ᠠ ᠲᠠᠢ ᠵᠠᠯᠠᠭᠤᠰ ᠪᠠᠢᠪᠠ᠃ ᠬᠡᠳᠦ ᠬᠣᠨᠣᠭ ᠴᠠᠳᠬᠤᠯᠠᠩ ᠪᠠᠢᠬᠤ ᠶ᠋ᠢ ᠲᠡᠳᠡ ᠬᠦᠰᠡᠵᠡᠢ᠃ 
      – ᠤᠳᠠᠬᠤ ᠦᠭᠡᠢ ᠣᠷᠣᠢ ᠲᠠᠰᠢ ᠪᠠᠨ ᠪᠤᠴᠠᠯᠤᠨ᠎ᠠ᠃ ᠭᠡᠬᠦ ᠳ᠋ᠡᠭᠡᠨ ᠨᠠᠭᠠᠯᠳᠤᠭᠤᠯᠬᠤ ᠦᠭᠡᠢ ᠶ᠋ᠢᠨ ᠲᠤᠯᠠ ᠨᠢᠭᠡ ᠬᠣᠶᠠᠷ ᠢ᠋ᠶ᠋ᠠᠷ ᠬᠤᠳᠬᠤᠵᠤ ᠪᠠᠢᠯᠭᠦᠢ ᠪᠣᠯᠬᠤ ᠦᠭᠡᠢ ᠭᠡᠵᠦ ᠠᠬᠠᠯᠠᠬᠤ ᠲᠣᠭᠣᠭᠠᠴᠢ ᠬᠡᠯᠡᠪᠡ᠃  ᠶᠠᠭᠠᠬᠢᠵᠤ ᠬᠤᠳᠬᠤᠳᠠᠭ ᠶᠤᠮ ᠪᠣᠯ ᠭᠡᠵᠦ ᠰᠠᠩᠵᠢ ᠭᠡᠰᠦᠯ ᠭᠠᠢᠬᠠᠵᠤ ᠪᠠᠢᠭᠰᠠᠨ ᠴᠢᠨᠢ ᠲᠣᠭᠣᠭᠠᠨ ᠤ᠋ ᠭᠣᠣᠯ  ᠤᠷᠤᠭᠤ ᠬᠣᠶᠠᠷ ᠬᠦᠷᠵᠡ ᠪᠡᠨ ᠪᠣᠰᠤᠭ᠎ᠠ ᠵᠣᠭᠣᠭᠠᠳ ᠬᠣᠶᠠᠷ ᠨᠢ ᠪᠠᠷᠢᠵᠤ ᠨᠥᠬᠥᠭᠡ ᠬᠣᠶᠠᠷ ᠨᠢ ᠬᠦᠷᠵᠡᠨ ᠦ᠌ ᠡᠰᠢᠨ ᠡᠴᠡ ᠪᠡᠬᠢᠯᠡᠭᠡᠲᠡᠢ ᠣᠯᠤᠭᠰᠠᠨ ᠠ᠋ᠴᠠ ᠬᠣᠶᠠᠷ ᠲᠡᠰᠢ ᠲᠠᠲᠠᠵᠤ ᠨᠠᠰᠢ ᠴᠠᠰᠢ ᠨᠢ ᠴᠢᠩᠭᠠᠭᠠᠵᠤ ᠬᠣᠭᠣᠯᠠ ᠪᠠᠨ ᠬᠤᠳᠬᠤᠳᠠᠭ ᠶᠤᠮ ᠪᠠᠢᠵᠠᠢ᠃ ᠲᠡᠷᠡᠴᠢᠯᠡᠨ ᠢ᠋ᠶ᠋ᠡᠷ ᠦᠶ᠎ᠡ ᠦᠶ᠎ᠡ ᠬᠤᠳᠬᠤᠬᠤ ᠶ᠋ᠢᠨ ᠬᠠᠮᠲᠤ ᠰᠠᠷᠯᠤᠭ ᠤ᠋ᠨ ᠮᠢᠬ᠎ᠠ ᠶ᠋ᠢ ᠲᠣᠮᠣ ᠲᠣᠮᠣ ᠬᠡᠷᠴᠢᠵᠦ ᠪᠤᠳᠠᠭᠠᠨ ᠳ᠋ᠤ᠌ ᠨᠡᠮᠡᠭᠡᠳ ᠪᠤᠴᠠᠯᠬᠤ ᠠ᠋ᠴᠠ ᠨᠢ ᠡᠮᠦᠨᠡᠬᠡᠨ ᠦᠵᠦᠮ᠂ ᠡᠯᠡᠰᠦᠨ ᠰᠢᠬᠢᠷ ᠬᠣᠯᠢᠵᠠᠢ᠃ ᠲᠡᠭᠡᠭᠡᠳ ᠬᠠᠷᠤᠢ ᠪᠦᠷᠦᠢ ᠪᠣᠯᠬᠤ ᠶ᠋ᠢᠨ ᠦᠶ᠎ᠡ ᠳ᠋ᠦ᠍ ᠨᠥᠭᠥᠭᠡᠬᠢ ᠪᠤᠳᠠᠭ᠎ᠠ ᠪᠤᠴᠠᠯᠬᠤ ᠰᠢᠨᠵᠢ ᠣᠷᠣᠪᠠ᠃ 
      – ᠵᠠ ᠣᠳᠣ ᠯᠠ ᠠᠶᠤᠯ ᠲᠠᠢ᠃ ᠬᠠᠮᠤᠭ ᠤ᠋ᠨ ᠶᠡᠬᠡ ᠬᠤᠳᠬᠤᠨ ᠬᠣᠯᠢᠬᠤ ᠴᠠᠭ ᠢᠷᠡᠯ᠎ᠡ ᠭᠡᠵᠦ ᠠᠬᠠᠯᠠᠬᠤ ᠲᠣᠭᠣᠭᠠᠴᠢ ᠵᠢᠭᠠᠪᠤᠷᠢᠯᠠᠪᠠ᠃
      ᠬᠣᠶᠠᠷ ᠨᠢ ᠬᠦᠷᠵᠡ ᠶ᠋ᠢ ᠲᠣᠭᠣᠭᠠᠨ ᠤ᠋ ᠢᠷᠣᠭᠠᠷ ᠬᠦᠷᠲᠡᠯ᠎ᠡ ᠰᠢᠭᠠᠵᠤ᠂ ᠬᠣᠶᠠᠷ ᠨᠢ ᠣᠯᠣᠰᠣ ᠪᠠᠷ ᠨᠠᠰᠢ ᠴᠠᠰᠢ ᠲᠠᠲᠠᠵᠤ ᠰᠡᠯᠢᠭᠦᠷᠳᠡᠬᠦ ᠮᠡᠲᠦ ᠪᠡᠷ ᠬᠤᠳᠬᠤᠵᠤ ᠵᠣᠭᠰᠣᠭ᠎ᠠ ᠵᠠᠢ ᠦᠭᠡᠢ ᠠᠵᠢᠯᠯᠠᠪᠠ᠃  ᠬᠥᠯᠥᠰᠥ ᠪᠡᠨ ᠴᠤᠪᠤᠷᠠᠭᠤᠯᠤᠨ ᠠᠭᠠᠬᠢᠯᠵᠠᠭᠠᠵᠤ ᠲᠣᠭᠣᠭ᠎ᠠ ᠲᠠᠢ ᠪᠤᠳᠠᠭᠠᠨ ᠳ᠋ᠤ᠌ ᠵᠠᠪ ᠴᠢᠯᠥᠭᠡ ᠥᠭᠬᠦ ᠦᠭᠡᠢ ᠪᠡᠷ ᠬᠤᠳᠬᠤᠵᠤ ᠪᠠᠢᠯ᠎ᠠ᠃  ᠲᠡᠷᠡ ᠦᠶ᠎ᠡ ᠳ᠋ᠦ᠍ ᠰᠢᠷ᠎ᠠ ᠲᠣᠰᠣ ᠠᠪᠴᠤ ᠢᠷᠡᠪᠡ ᠃ ᠰᠢᠷ᠎ᠠ ᠲᠣᠰᠣ ᠶ᠋ᠢ ᠪᠤᠳᠠᠭᠠᠨ ᠳ᠋ᠤ᠌ ᠵᠢᠭᠳᠡ ᠰᠢᠩᠭᠡᠭᠡᠬᠦ ᠶ᠋ᠢᠨ ᠲᠤᠯᠠᠳᠠ ᠳᠠᠬᠢᠭᠠᠳ ᠯᠠ ᠬᠦᠷᠵᠡᠳᠡᠨ ᠬᠤᠳᠬᠤᠬᠤ ᠠᠵᠢᠯ ᠢ᠋ᠶ᠋ᠠᠨ ᠰᠡᠷᠭᠦᠭᠡᠨ ᠵᠣᠭᠰᠣᠭ᠎ᠠ ᠵᠠᠢ ᠦᠭᠡᠢ ᠠᠵᠢᠯᠯᠠᠯ᠎ᠠ᠃ ᠪᠤᠰᠤᠳ ᠲᠣᠭᠣᠭᠠᠴᠢ ᠨᠠᠷ ᠮᠥᠨ ᠯᠡ ᠠᠳᠠᠯᠢᠬᠠᠨ ᠪᠠᠢᠯ᠎ᠠ᠃ ᠬᠠᠷᠢᠨ ᠲᠡᠳᠡᠨ ᠡᠴᠡ ᠬᠣᠯᠠᠬᠠᠨ ᠥᠭᠡᠷ᠎ᠡ ᠨᠢᠭᠡ ᠮᠣᠳᠣᠨ ᠭᠡᠷ ᠲᠦ᠍ ᠪᠠᠢᠭ᠎ᠠ ᠴᠠᠢᠴᠢ ᠨᠠᠷ ᠤ᠋ᠨ ᠠᠵᠢᠯ ᠠᠷᠠᠢ ᠬᠥᠩᠭᠡᠨ ᠪᠣᠯᠬᠤ ᠶ᠋ᠢ ᠭᠡᠰᠦᠯ ᠰᠠᠩᠵᠢ ᠮᠡᠳᠡᠵᠦ ᠠᠪᠤᠪᠠ᠃ ᠴᠠᠢ ᠪᠣᠯ ᠪᠤᠳᠠᠭ᠎ᠠ ᠲᠠᠢ ᠬᠣᠭᠣᠯᠠ ᠰᠢᠭ᠋ ᠬᠣᠯᠢᠵᠤ ᠬᠤᠳᠬᠤᠬᠤ ᠱᠠᠭᠠᠷᠳᠠᠯᠭ᠎ᠠ ᠦᠭᠡᠢ ᠶᠦᠮ ᠪᠠᠢᠯ᠎ᠠ᠃ 
      ᠥᠷᠯᠥᠭᠡ ᠦᠷ ᠢ᠋ᠶ᠋ᠡᠷ ᠲᠡᠳᠡᠨ ᠦ᠌ ᠬᠣᠭᠣᠯᠠ ᠴᠠᠢ ᠪᠡᠯᠡᠨ ᠪᠣᠯᠤᠯ᠎ᠠ᠃ ᠬᠣᠭᠣᠯᠠ᠂ ᠴᠠᠢ ᠶ᠋ᠢᠨ ᠠᠮᠲᠠ ᠶ᠋ᠢ ᠰᠢᠯᠭᠠᠬᠤ ᠠᠵᠢᠯ ᠢ᠋ᠶ᠋ᠠᠷ ᠬᠣᠶᠠᠷ ᠱᠠᠪᠳᠡᠭᠮ᠎ᠡ ᠦᠷ ᠢ᠋ᠶ᠋ᠡᠷ ᠢᠷᠡᠭᠡᠳ ᠲᠣᠭᠣᠭ᠎ᠠ ᠪᠦᠷᠢ ᠡᠴᠡ ᠭᠤᠷᠪᠠᠨ ᠲᠠᠯ᠎ᠠ ᠠ᠋ᠴᠠ ᠨᠢᠭᠡ ᠨᠢᠭᠡ ᠬᠠᠯᠪᠠᠭ᠎ᠠ ᠠᠪᠬᠠᠭᠤᠯᠵᠤ ᠠᠮᠰᠠᠨ ᠦᠵᠡᠵᠡᠭᠡᠪᠡ᠃ ᠲᠡᠳᠡ ᠲᠠᠮᠰᠢᠶᠠᠯᠠᠨ ᠦᠵᠡᠵᠦ᠂ ᠢᠷᠪᠠᠯᠵᠠᠨ ᠮᠠᠢᠭᠯᠠᠵᠤ ᠲᠣᠭᠣᠭ᠎ᠠ ᠪᠦᠷᠢ ᠶ᠋ᠢ ᠰᠢᠯᠭᠠᠭᠠᠳ ᠳᠤᠮᠳᠠᠬᠢ ᠶᠡᠬᠡ ᠲᠣᠭᠣᠭᠠᠨ ᠤ᠋ ᠬᠣᠭᠣᠯᠠ ᠶ᠋ᠢ ᠭᠣᠯᠣᠵᠤ ᠬᠣᠶᠠᠷ ᠴᠤ᠌ ᠵᠠᠯᠠᠭᠤᠬᠠᠨ ᠵᠠᠮ᠎ᠠ ᠶ᠋ᠢ ᠲᠣᠭᠣᠭᠠᠨ ᠤ᠋ ᠨᠢ ᠳᠡᠷᠭᠡᠳᠡ ᠨᠡᠪᠰᠢᠷᠡᠲᠡᠯ᠎ᠡ ᠵᠣᠳᠣᠪᠠ᠃ ᠠᠰᠢᠭᠦᠢ ᠰᠠᠩᠵᠢ ᠭᠡᠰᠦᠯ ᠦ᠋ᠨ ᠲᠣᠭᠣᠭ᠎ᠠ ᠲᠠᠢ ᠬᠣᠭᠣᠯᠠ ᠭᠣᠯᠣᠭᠳᠠᠭᠰᠠᠨ ᠦᠭᠡᠢ᠃ ᠳᠥᠷᠪᠡᠭᠦᠯᠡ ᠪᠡᠨ ᠶᠡᠬᠡᠳᠡ ᠪᠠᠶᠠᠷᠯᠠᠵᠤ ᠬᠣᠭᠣᠯᠠᠨ ᠠ᠋ᠴᠠ ᠪᠠᠨ ᠨᠢᠭᠡ ᠨᠢᠭᠡ ᠠᠶᠠᠭ᠎ᠠ ᠢᠳᠡᠪᠡ᠃ 
     ᠁ ᡀᠠᠰᠠ ᠬᠣᠲᠠ ᠶ᠋ᠢᠨ ᠬᠢᠨ ᠭᠤᠳᠤᠮᠵᠢ ᠪᠠᠨ ᠴᠡᠪᠡᠷᠯᠡᠨ ᠬᠣᠭ ᠨᠣᠪᠰᠢ ᠠ᠋ᠴᠠ ᠪᠠᠨ ᠰᠠᠯᠵᠤ᠂ ᠠᠢᠯ ᠤ᠋ᠳ ᠭᠡᠷ ᠲᠦ᠍ ᠪᠡᠨ ᠮᠥᠨ ᠯᠡ ᠴᠡᠪᠡᠷᠯᠡᠭᠡ ᠬᠢᠵᠦ ᡀᠠᠰᠠ ᠮᠣᠩᠯᠠᠮ ᠤ᠋ᠨ ᠵᠠᠬᠢᠷᠭ᠎ᠠ ᠶ᠋ᠢ ᠬᠣᠲᠠᠨ ᠳ᠋ᠤ᠌ ᠮᠣᠷᠢᠯᠠᠨ ᠢᠷᠡᠬᠦ ᠶ᠋ᠢ ᠬᠦᠯᠢᠶᠡᠵᠡᠭᠡᠵᠦ ᠪᠠᠢᠯ᠎ᠠ᠃ ᠵᠠᠷᠢᠮ ᠭᠤᠳᠤᠮᠵᠢ ᠠᠰᠤᠷᠤ ᠶᠡᠬᠡ ᠬᠣᠭ ᠲᠠᠢ ᠲᠤᠯᠠ ᠴᠡᠪᠡᠷᠯᠡᠵᠦ ᠪᠠᠷᠠᠭᠠᠳᠤᠢ ᠪᠠᠢᠲᠠᠯ᠎ᠠ ᠮᠣᠩᠯᠠᠮ ᠴᠧᠩᠮᠤ ᠶ᠋ᠢᠨ ᠵᠠᠬᠢᠷᠤᠭᠰᠠᠳ ᠬᠦᠷᠦᠯᠴᠡᠨ ᠢᠷᠡᠯ᠎ᠡ᠃ ᠠᠯᠠᠭ ᠡᠷᠢᠶᠡᠨ ᠭᠣᠶᠣᠮᠰᠣᠭ ᠬᠤᠳᠠᠷᠭ᠎ᠠ᠂ ᠴᠢᠮᠡᠭ ᠤᠨᠵᠢᠯᠭ᠎ᠠ ᠲᠠᠢ ᠮᠣᠷᠢᠳ ᠤᠨᠠᠭᠰᠠᠨ ᠴᠣᠭᠴᠢᠨ ᠱᠠᠮᠤ᠂ ᠲᠡᠳᠡᠨ ᠦ᠌ ᠲᠤᠰᠠᠯᠠᠬᠤ  ᠱᠠᠪᠲᠡᠭᠮ᠎ᠡ ᠨᠦ᠍ᠭᠦᠳ᠂  ᠬᠡᠶᠡᠭ᠂ ᠭᠡᠰᠬᠦᠢ ᠬᠠᠮᠲᠤ ᠪᠠᠷ ᠮᠣᠷᠢᠯᠠᠨ ᠢᠷᠡᠵᠡᠭᠡᠯ᠎ᠡ᠃ ᠠᠯᠢ ᠪᠠᠢᠳᠠᠭ ᠢ᠋ᠶ᠋ᠠᠷ ᠢ᠋ᠶ᠋ᠠᠨ ᠭᠤᠶᠤᠭᠰᠠᠨ ᠲᠡᠳᠡ  ᠪᠤᠳᠠᠯᠠᠩ ᠤ᠋ᠨ ᠣᠷᠳᠣᠨ ᠢ᠋ᠶ᠋ᠠᠷ ᠶᠠᠭᠤᠨ ᠤ᠋ ᠲᠦᠷᠦᠭᠦᠨ ᠣᠷᠣᠵᠤ ᠳᠠᠯᠠᠢ ᠯᠠᠮᠠ ᠶ᠋ᠢᠨ ᠠᠮᠤᠷ ᠢ᠋ ᠠᠢᠯᠠᠳᠬᠠᠵᠤ᠂ ᠮᠥᠷᠭᠥᠯ ᠦᠢᠯᠡᠳᠪᠡ᠃ ᠳᠠᠷᠠᠭ᠎ᠠ ᠨᠢ ᠣᠷᠳᠣᠨ ᠠ᠋ᠴᠠ ᠭᠠᠷᠴᠤ ᠬᠣᠲᠠ ᠶ᠋ᠢ ᠡᠷᠭᠢᠬᠦ ᠪᠡᠷ ᠶᠠᠪᠤᠵᠠᠭᠠᠯ᠎ᠠ᠃ ᠬᠣᠶᠠᠷ ᠱᠠᠮᠤ ᠂ ᠱᠠᠪᠲᠡᠭᠮ᠎ᠡ ᠨᠠᠷ ᠤ᠋ᠨ ᠢ᠋ᠶ᠋ᠠᠨ ᠬᠠᠮᠲᠤ ᠪᠠᠷ ᠮᠣᠷᠢᠨ ᠳᠡᠭᠡᠷ᠎ᠡ ᠪᠤᠰᠤᠳ ᠨᠢ ᠤᠷᠲᠤ ᠭᠡᠭᠴᠢ ᠶ᠋ᠢᠨ ᠰᠠᠪᠠᠭ᠎ᠠ ᠪᠠᠷᠢᠵᠠᠭᠠᠵᠤ ᠬᠣᠢᠨ᠎ᠠ ᠡᠮᠦᠨ᠎ᠡ ᠪᠡᠨ ᠣᠷᠣᠵᠠᠭᠠᠨ ᠶᠠᠪᠤᠵᠠᠭᠠᠬᠤ ᠳ᠋ᠠᠭᠠᠨ ᠶᠡᠬᠡ ᠯᠡ ᠰᠦᠷᠲᠡᠢ ᠪᠡᠷ᠄ 
      – ᠫᠠᠵᠤᠤᠵᠢᠢ! ᠫᠠᠵᠤᠤᠵᠢᠢ! ᠭᠡᠵᠦ ᠬᠠᠰᠬᠢᠷᠤᠯᠳᠠᠵᠤ ᠪᠠᠢᠯ᠎ᠠ᠃ 
      ᠵᠠᠮ ᠠ᠋ᠴᠠ ᠵᠠᠢᠯᠠᠵᠠᠭ᠎ᠠ! ᠭᠡᠰᠡᠨ ᠲᠡᠷᠡ ᠰᠦᠷᠲᠡᠢ ᠲᠤᠰᠢᠶᠠᠯ ᠢ᠋ ᠰᠣᠨᠣᠰᠤᠭᠰᠠᠨ ᠬᠥᠮᠦᠰ ᠭᠣᠳᠬᠢᠨ ᠵᠢᠭᠤᠲᠠᠵᠤ ᠪᠠᠢᠪᠠ᠃ ᠡᠳᠡ ᠨᠠᠷ ᡀᠠᠰᠠ ᠬᠣᠲᠠ ᠳ᠋ᠤ᠌ ᠴᠠᠭᠠᠨ ᠰᠠᠷ᠎ᠠ ᠶ᠋ᠢᠨ ᠡᠳᠦᠷ ᠦ᠋ᠳ ᠲᠦ᠍ ᠬᠣᠷᠢ ᠬᠣᠨᠣᠭ ᠮᠥᠨ ᠭᠤᠷᠪᠠᠳᠤᠭᠠᠷ ᠰᠠᠷ᠎ᠠ ᠶ᠋ᠢᠨ ᠰᠡᠭᠦᠯᠴᠢ ᠪᠡᠷ ᠠᠷᠪᠠᠨ ᠨᠢᠭᠡ ᠬᠣᠨᠣᠭ ᠤ᠋ᠨ ᠲᠣᠷᠰᠢ ᡀᠠᠰᠠ ᠶ᠋ᠢᠨ ᠪᠦᠷᠢᠨ ᠡᠷᠬᠡᠲᠦ ᠡᠵᠡᠳ ᠨᠢ ᠪᠣᠯᠳᠠᠭ ᠤᠴᠢᠷ ᠡᠪ ᠦᠭᠡᠢᠬᠡᠨ ᠲᠣᠬᠢᠶᠠᠯᠳᠤᠭᠰᠠᠨ ᠬᠥᠮᠦᠨ ᠳ᠋ᠦ᠍ ᠪᠠ ᠰᠢᠳᠬᠡᠯ ᠲᠣᠬᠣᠭᠠᠵᠤ ᠣᠷᠬᠢᠳᠠᠭ ᠡᠷᠬᠡ ᠲᠡᠢ ᠶᠦᠮ ᠰᠠᠨᠵᠠᠢ᠃ ᠲᠡᠳᠡ ᠬᠣᠲᠠ ᠳᠤᠮᠳᠠᠭᠤᠷ ᠡᠷᠭᠢᠭᠦᠯ ᠮᠠᠶ᠋ᠢᠭ᠌ᠲᠠᠢ ᠶᠠᠪᠤᠵᠤ ᠬᠥᠮᠦᠰ ᠲᠦ᠍ ᠰᠤᠷᠭᠠᠯ ᠥᠭᠴᠦ᠂  ᠵᠠᠪᠲ᠋ᠢ ᠬᠦᠷᠲᠡᠭᠡᠵᠦ᠂ ᠪᠠᠷᠤᠭ ᠡᠳᠦᠷᠵᠢᠨ ᠶᠠᠪᠤᠭᠠᠳ ᠣᠷᠣᠢ ᠪᠤᠴᠠᠨ᠎ᠠ᠃ ᠢᠩᠭᠢᠵᠦ ᡀᠠᠰᠠ ᠮᠣᠩᠯᠠᠮ ᠭᠡᠳᠡᠭ ᠢᠷᠦᠭᠡᠯ ᠦ᠋ᠨ ᠶᠡᠬᠡ ᠴᠢᠭᠤᠯᠭᠠᠨ ᠡᠬᠢᠯᠡᠳᠡᠭ ᠠᠵᠢ᠃ 
      ᠡᠬᠢᠨ ᠦ᠌ ᠡᠳᠦᠷ ᠪᠤᠳᠠᠯᠠᠩ ᠤ᠋ᠨ ᠣᠷᠳᠣᠨ ᠤ᠋ ᠣᠷᠣᠢ ᠳᠡᠭᠡᠷ᠎ᠡ ᠡᠴᠡ ᠭᠤᠷᠪᠠᠨ ᠱᠠᠯᠠᠮᠠᠭ ᠯᠠᠮᠠ ᠶ᠋ᠢ  ᠣᠯᠣᠰᠣ ᠪᠠᠷ ᠳᠠᠮᠵᠢᠭᠤᠯᠤᠨ ᠭᠠᠵᠠᠷ ᠪᠠᠭᠤᠯᠭᠠᠬᠤ ᠶᠣᠰᠣᠯᠠᠯ ᠪᠣᠯᠳᠠᠭ ᠲᠤᠯᠠ ᠰᠠᠩᠵᠢ ᠭᠡᠰᠦᠯ ᠨᠥᠬᠥᠳ ᠦ᠋ᠨ ᠢ᠋ᠶ᠋ᠡᠨ ᠬᠠᠮᠲᠤ ᠪᠤᠳᠠᠯᠠᠩ ᠤ᠋ᠨ ᠣᠷᠳᠣᠨ ᠤ᠋ ᠡᠮᠦᠨᠡᠲᠦ ᠲᠠᠯᠠᠪᠠᠢ ᠳ᠋ᠤ᠌ ᠣᠴᠢᠪᠠ᠃ ᠲᠡᠨᠳᠡ ᠣᠯᠠᠨ ᠵᠠᠭᠤᠨ ᠬᠥᠮᠦᠨ ᠴᠤᠭᠯᠠᠷᠠᠵᠠᠢ᠃ ᠪᠤᠳᠠᠯᠠᠩ ᠤ᠋ᠨ ᠣᠷᠳᠣᠨ ᠤ᠋ ᠣᠷᠣᠢ ᠳᠡᠭᠡᠷ᠎ᠡ ᠡᠴᠡ ᠳᠣᠭᠣᠭᠰᠢ ᠨᠢ ᠪᠦᠳᠦᠭᠦᠨ ᠣᠯᠣᠰᠣ ᠶ᠋ᠢ ᠤᠨᠵᠢᠭᠤᠯᠤᠨ ᠲᠠᠲᠠᠵᠤ ᠣᠷᠳᠣᠨ ᠤ᠋ ᠡᠭᠦᠳᠡᠨ ᠲᠤᠰᠢᠶ᠎ᠠ ᠭᠠᠵᠠᠷ ᠲᠤ᠌ ᠪᠠᠢᠭ᠎ᠠ ᠴᠢᠯᠠᠭᠤᠨ ᠪᠠᠭᠠᠨᠠᠨ ᠳ᠋ᠤ᠌ ᠨᠥᠭᠥᠭᠡ ᠦᠵᠦᠭᠦᠷ ᠢ᠋ ᠪᠡᠬᠢᠯᠡᠵᠡᠢ᠃ ᠢᠯᠭᠢᠨ ᠬᠣᠷᠮᠣᠢᠪᠴᠢ ᠡᠮᠦᠰᠴᠦ᠂ ᠭᠦᠮ ᠪᠡᠭᠡᠯᠡᠢ ᠭᠠᠷ ᠲᠠᠭᠠᠨ ᠬᠢᠭᠰᠡᠨ ᠭᠤᠷᠪᠠᠨ ᠵᠠᠯᠠᠭᠤᠬᠠᠨ ᠡᠷ᠎ᠡ ᠪᠤᠳᠠᠯᠠᠩ ᠤ᠋ᠨ ᠣᠷᠣᠢ ᠠ᠋ᠴᠠ ᠣᠯᠣᠰᠣ ᠶ᠋ᠢ ᠳ᠋ᠡᠭᠡᠨ ᠭᠡᠳᠡᠰᠦ ᠪᠡᠷ ᠢ᠋ᠶ᠋ᠡᠨ ᠳᠣᠭᠣᠭᠰᠢ ᠭᠤᠯᠭᠤᠵᠤ ᠡᠬᠢᠯᠡᠪᠡ᠃ ᠬᠥᠮᠦᠰ ᠠᠮᠢᠰᠬᠤᠭ᠎ᠠ ᠳᠠᠷᠤᠨ ᠰᠢᠷᠲᠡᠵᠦ ᠪᠠᠢᠯ᠎ᠠ᠃ ᠳᠣᠷᠣᠭᠰᠢᠯᠠᠬᠤ ᠲᠣᠰᠤᠮ ᠤᠯᠠᠮ ᠬᠤᠷᠳᠤᠯᠠᠭᠰᠠᠭᠠᠷ ᠭᠠᠵᠠᠷ ᠫᠢᠷ ᠬᠢᠬᠦ ᠴᠢᠮᠡᠭᠡ ᠭᠠᠷᠭᠠᠵᠤ ᠬᠣᠢᠨ᠎ᠠ ᠬᠣᠢᠨ᠎ᠠ ᠠ᠋ᠴᠠ ᠪᠠᠨ ᠲᠡᠳᠡ ᠪᠠᠭᠤᠵᠤ ᠢᠷᠡᠪᠡ᠃  ᠡᠯᠢᠭᠡᠳᠡᠨ ᠭᠤᠯᠭᠤᠭᠰᠠᠨ ᠲᠤᠯᠠ ᠲᠡᠳᠡᠨ ᠦ᠌ ᠬᠤᠷᠮᠤᠢᠪᠴᠢᠨ ᠠ᠋ᠴᠠ ᠬᠡᠩᠰᠢᠭᠦᠦ ᠬᠠᠩᠬᠤᠯᠵᠤ ᠪᠠᠢᠯ᠎ᠠ᠃ 
      – ᠢᠩᠭᠢᠵᠦ ᠪᠠᠭᠤᠭᠰᠠᠨ ᠬᠥᠮᠦᠰ ᠨᠢᠭᠡᠨ ᠵᠢᠯ ᠦ᠋ᠨ ᠠᠯᠪᠠ ᠲᠠᠲᠠᠪᠤᠷᠢ ᠠ᠋ᠴᠠ ᠴᠢᠯᠥᠭᠡᠯᠡᠭᠳᠡᠳᠡᠭ ᠶᠦᠮ! ᠭᠡᠵᠦ ᠰᠠᠩᠵᠢ ᠭᠡᠰᠦᠯ ᠳ᠋ᠦ᠍ ᠨᠥᠬᠥᠳ ᠨᠢ ᠲᠠᠢᠯᠪᠤᠷᠢᠯᠠᠪᠠ᠃ 
      – ᠭᠣᠣᠯᠳᠠᠭᠤ ᠵᠠᠩ ᠮᠣᠵᠢ ᠶ᠋ᠢᠨ ᠬᠢᠨ ᠯᠡ ᠡᠭᠦᠨ ᠢ᠋ ᠬᠢᠳᠡᠭ ᠶᠦ᠍ᠮ ᠳᠡ ᠭᠡᠵᠦ ᠪᠠᠰᠠ ᠨᠢᠭᠡ ᠨᠢ ᠰᠣᠨᠢᠷᠬᠠᠭᠤᠯᠤᠨ ᠬᠡᠯᠡᠪᠡ᠃
      ᠁ ᠮᠠᠷᠭᠠᠰᠢ ᠡᠳᠦᠷ ᠨᠢ ᠬᠣᠷᠢᠨ ᠮᠢᠩᠭᠠᠨ ᠯᠠᠮᠠ ᠶᠡᠬᠡ ᠵᠣᠣ ᠶ᠋ᠢᠨ ᠰᠦᠮ᠎ᠡ ᠳ᠋ᠦ᠍ ᠵᠢᠭᠳᠡᠷᠡᠨ ᠴᠤᠭᠯᠠᠷᠠᠵᠠᠢ᠃ ᠪᠦᠭᠦᠳᠡ ᠰᠠᠭᠤᠳᠠᠯ ᠢ᠋ᠶ᠋ᠠᠨ ᠡᠵᠡᠯᠡᠭᠰᠡᠨ ᠨᠢ ᠤᠯᠠᠭᠠᠨ ᠳᠣᠯᠭᠢᠶᠠᠨ ᠲᠠᠢ ᠰᠢᠷ᠎ᠠ ᠳᠠᠯᠠᠢ ᠰᠢᠭ᠋ ᠶᠡᠷᠦ ᠪᠤᠰᠤ ᠶ᠋ᠢᠨ ᠰᠣᠨᠢᠨ ᠠᠵᠠᠢ᠃ ᠮᠠᠩᠵᠠ ᠵᠥᠭᠡᠭᠡᠬᠦ ᠵᠠᠮ ᠢ᠋ᠶ᠋ᠠᠨ ᠵᠢᠭᠠᠯᠭᠠᠵᠤ ᠶᠠᠪᠤᠭᠠᠳ ᠰᠠᠩᠵᠢ ᠭᠡᠰᠦᠯ ᠲᠡᠭᠦᠨ ᠢ᠋ ᠬᠠᠷᠠᠵᠤ ᠮᠠᠰᠢᠳᠠ ᠰᠡᠳᠬᠢᠯ ᠳᠣᠭᠳᠣᠯᠵᠤ᠂ ᠬᠡᠵᠢᠶ᠎ᠡ ᠡᠨᠡ ᠬᠣᠷᠢᠨ ᠮᠢᠩᠭᠠᠨ ᠯᠠᠮᠠ ᠨᠠᠷ ᠤ᠋ᠨ ᠳᠤᠮᠳᠠ ᠥᠪᠡᠷ ᠦ᠋ᠨ ᠰᠠᠭᠤᠳᠠᠯ ᠢ᠋ ᠣᠯᠵᠤ ᠡᠵᠡᠯᠡᠨ ᠰᠠᠭᠤᠬᠤ ᠪᠣᠯ᠂ ᠲᠡᠢᠮᠦ ᠴᠠᠭ ᠢᠷᠡᠬᠦ ᠪᠣᠯᠪᠠ ᠤᠤ ᠭᠡᠵᠦ ᠪᠣᠳᠣᠯ᠎ᠠ᠃ 
      ᠵᠢᠷᠤᠮ ᠰᠠᠬᠢᠭᠤᠯᠤᠭᠴᠢ ᠭᠡᠰᠦᠯ ᠨᠠᠷ ᠪᠣᠯᠤᠨ ᠱᠠᠮᠤ ᠨᠤᠭᠤᠳ ᠲᠥᠪ ᠰᠠᠭᠤᠳᠠᠯ ᠤ᠋ᠨ ᠡᠩᠨᠡᠭᠡᠨ ᠦ᠌ ᠬᠣᠭᠣᠷᠣᠨᠳᠣᠭᠤᠷ ᠨᠠᠰᠢ ᠴᠠᠰᠢ ᠶᠠᠪᠤᠨ᠎ᠠ᠃ 
      ᠨᠢᠭᠡᠨ ᠰᠦᠷᠯᠢᠭ ᠱᠠᠮᠤ ᡀᠠᠰᠠ ᠮᠣᠩᠯᠠᠮ ᠬᠤᠷᠠᠬᠤ ᠵᠠᠢᠭ ᠢ᠋ ᠥᠨᠳᠥᠷ ᠳᠠᠭᠤ ᠪᠠᠷ ᠤᠩᠰᠢᠨ ᠰᠣᠨᠣᠰᠬᠠᠪᠠ᠃ ᠵᠠᠢᠭ ᠵᠥᠷᠢᠴᠡᠪᠡᠰᠦ ᠬᠠᠲᠠᠭᠤ ᠰᠢᠳᠬᠡᠬᠦ ᠲᠤᠬᠠᠢ ᠳᠠᠬᠢᠨ ᠰᠠᠨᠠᠭᠤᠯᠪᠠ᠃ ᠶᠡᠬᠡ ᠵᠣᠣ ᠶ᠋ᠢᠨ ᠪᠠᠷᠠᠭᠤᠨ ᠬᠠᠭᠠᠯᠭᠠᠨ ᠤ᠋ ᠲᠣᠲᠣᠭᠣᠨ ᠳᠡᠭᠡᠷ᠎ᠡ ᠠᠰᠤᠷᠤ ᠬᠦᠨᠳᠦ ᠴᠤᠯᠤ ᠲᠡᠮᠦᠷ ᠪᠠᠷᠢᠶ᠎ᠠ ᠲᠠᠯᠪᠢᠭᠠᠰᠤᠲᠠᠢ ᠪᠠᠢᠳᠠᠭ᠃ ᠨᠢᠭᠦᠯ ᠬᠢᠯᠢᠨᠴᠡ ᠲᠠᠢ ᠶᠤᠮ ᠤᠤ ᠡᠰᠡᠪᠡᠯ ᠵᠠᠢᠭ ᠠᠯᠳᠠᠭᠳᠠᠭᠤᠯᠤᠭᠰᠠᠨ ᠯᠠᠮᠠ ᠶ᠋ᠢ ᠬᠠᠭᠠᠯᠭ᠎ᠠ ᠪᠠᠷ ᠭᠠᠷᠬᠤ ᠭᠡᠵᠦ ᠶᠠᠪᠤᠬᠤ ᠦᠶ᠎ᠡ ᠳ᠋ᠦ᠍ ᠨᠢ ᠲᠡᠷᠡ ᠪᠠᠷᠢᠶ᠎ᠠ ᠭᠡᠨᠡᠳᠲᠡ ᠬᠥᠳᠡᠯᠦᠨ ᠳᠣᠭᠣᠭᠰᠢ ᠤᠨᠠᠵᠤ ᠨᠢᠭᠦᠯᠲᠦ ᠡᠷ᠎ᠡ ᠶ᠋ᠢᠨ ᠭᠠᠪᠠᠯᠠ ᠶ᠋ᠢ ᠬᠠᠭᠠᠯᠤᠨ ᠴᠡᠭᠡᠷᠯᠡᠭᠦᠯᠳᠡᠭ ᠭᠡᠳᠡᠭ ᠢ᠋ ᠴᠦ᠍ ᠳᠠᠬᠢᠨ ᠪᠠᠰᠠ ᠰᠠᠨᠠᠭᠤᠯᠪᠠ᠃ ᠦᠨᠡᠬᠡᠷ ᠬᠣᠶᠠᠷ ᠬᠥᠮᠦᠨ ᠳᠠᠮᠵᠢᠯᠠᠨ ᠡᠷᠭᠦᠬᠦ ᠪᠡᠷ ᠬᠦᠨᠳᠦ ᠴᠤᠯᠤ ᠲᠡᠮᠦᠷ ᠲᠡᠷᠡ ᠪᠠᠷᠢᠶ᠎ᠠ ᠨᠢ ᠮᠣᠩᠯᠠᠮ ᠤ᠋ᠨ ᠦᠶ᠎ᠡ ᠪᠡᠷ ᠲᠣᠲᠣᠭᠣᠨ ᠳᠡᠭᠡᠷ᠎ᠡ ᠡᠴᠡ ᠣᠢᠴᠢᠭᠠᠳ ᠭᠠᠷᠬᠤ ᠭᠡᠵᠦ ᠶᠠᠪᠤᠭᠰᠠᠨ ᠬᠥᠮᠦᠨ ᠦ᠌ ᠳᠠᠭᠵᠠ ᠶ᠋ᠢ ᠬᠠᠭᠠᠯᠤᠭᠰᠠᠨ ᠤᠳᠠᠭ᠎ᠠ ᠬᠡᠳᠦ ᠬᠡᠳᠦ ᠭᠠᠷᠴᠠᠢ᠃ ᠪᠠᠰᠠ ᠮᠣᠩᠯᠠᠮ ᠲᠠᠷᠠᠬᠤ ᠳ᠋ᠤ᠌ ᠬᠣᠷᠢᠨ ᠮᠢᠩᠭᠠᠨ ᠯᠠᠮᠠ ᠨᠠᠷ ᠭᠠᠳᠠᠭᠰᠢ ᠭᠠᠷᠬᠤ ᠭᠡᠵᠦ ᠴᠢᠬᠢᠯᠳᠦᠨ ᠶᠠᠪᠤᠬᠤ ᠳ᠋ᠠᠭᠠᠨ ᠪᠡᠶ᠎ᠡ ᠪᠡᠶ᠎ᠡ ᠪᠡᠨ ᠳᠠᠷᠤᠵᠤ ᠠᠮᠢ ᠨᠠᠰᠤ ᠶ᠋ᠢ ᠨᠢ ᠳᠠᠭᠤᠰᠬᠠᠳᠠᠭ ᠴᠤ᠌ ᠬᠡᠷᠡᠭ ᠡᠨᠳᠡ ᠨᠢᠭᠡ ᠪᠤᠰᠤ ᠤᠳᠠᠭ᠎ᠠ ᠭᠠᠷᠴᠠᠢ᠃ ᠡᠢᠮᠦ ᠳ᠋ᠦ᠍ ᠵᠠᠢᠭ ᠰᠠᠬᠢᠭᠤᠯᠬᠤ ᠶ᠋ᠢ ᠶᠡᠬᠡ ᠴᠢᠬᠤᠯᠠ ᠳ᠋ᠤ᠌ ᠦᠵᠡᠳᠡᠭ ᠪᠠᠢᠯ᠎ᠠ᠃ 
      ᡀᠠᠰᠠ ᠮᠣᠩᠯᠠᠮ ᠡᠬᠢᠯᠡᠵᠦ ᠬᠣᠶᠠᠷ ᠲᠦᠮᠡᠨ ᠯᠠᠮᠠ ᠨᠢᠭᠡᠨ ᠵᠡᠷᠭᠡ ᠤᠩᠰᠢᠯᠭ᠎ᠠ ᠳᠦᠩᠭᠢᠨᠡᠭᠦᠯᠬᠦ ᠳ᠋ᠦ᠍ ᠶᠡᠬᠡ ᠵᠣᠣ ᠶ᠋ᠢᠨ ᠬᠥᠨᠳᠡᠢ ᠳᠡᠭᠡᠪᠦᠷᠲᠦ ᠥᠷᠭᠡᠨ ᠲᠠᠩᠬᠢᠮ ᠳ᠋ᠤ᠌ ᠲᠩᠷᠢ ᠠᠭᠠᠵᠢᠮ ᠢ᠋ᠶ᠋ᠠᠷ ᠨᠦᠷᠭᠢᠯᠡᠨ ᠳᠤᠤᠭᠠᠷᠬᠤ ᠰᠢᠭ᠋᠂ ᠡᠰᠡᠪᠡᠯ ᠣᠯᠠᠨ ᠠᠷᠰᠯᠠᠨ ᠪᠠᠷᠰ ᠴᠡᠭᠡᠵᠢᠨ ᠳ᠋ᠡᠭᠡᠨ ᠬᠦᠷᠴᠢᠭᠢᠨᠡᠨ ᠬᠦᠷᠬᠢᠷᠡᠬᠦ ᠮᠡᠲᠦ ᠰᠦᠷᠲᠡᠢ ᠳᠠᠭᠤᠨ ᠳᠡᠭᠳᠡᠯ᠎ᠡ᠃ ᠯᠠᠮᠠ ᠨᠠᠷ ᠢ᠋ ᠶᠠᠩ ᠲᠠᠲᠠᠬᠤ ᠳ᠋ᠤ᠌ ᠪᠡᠶ᠎ᠡ ᠳᠣᠷᠭᠢᠮᠠᠷ ᠶᠡᠬᠡ ᠳᠠᠭᠤ ᠭᠠᠷᠴᠤ ᠪᠠᠢᠯ᠎ᠠ᠃ ᠡᠨᠡ ᠰᠦᠷᠯᠢᠭ ᠦᠵᠡᠭᠳᠡᠯ ᠭᠡᠰᠦᠯ ᠰᠠᠩᠵᠢ ᠳ᠋ᠤ᠌ ᠮᠠᠷᠲᠠᠭᠳᠠᠰᠢ ᠦᠭᠡᠢ ᠰᠡᠳᠬᠢᠭᠳᠡᠯ ᠲᠥᠷᠥᠭᠦᠯᠪᠡ᠃ ᠯᠠᠮᠠ ᠨᠠᠷ ᠲᠤ᠌ ᠮᠠᠩᠵᠠ ᠵᠥᠭᠡᠭᠡᠬᠦ ᠪᠡᠷ ᠭᠦᠶᠦᠵᠦ ᠶᠠᠪᠤᠬᠤ ᠳ᠋ᠠᠭᠠᠨ ᠬᠣᠶᠠᠷ ᠲᠦᠮᠡᠨ ᠯᠠᠮᠠ ᠶ᠋ᠢᠨ ᠬᠣᠭᠣᠯᠠᠢ ᠨᠡᠢᠯᠡᠭᠦᠯᠦᠭᠰᠡᠨ ᠢᠷᠦᠭᠡᠯ ᠦ᠋ᠨ ᠦᠭᠡᠨ ᠳ᠋ᠦ᠍ ᠭᠠᠵᠠᠷ ᠳᠡᠯᠡᠬᠡᠢ ᠳᠣᠷᠭᠢᠵᠤ ᠪᠠᠢᠬᠤ ᠰᠢᠭ᠋ ᠪᠣᠯᠤᠭᠰᠠᠨ ᠢ᠋ ᠲᠡᠷᠡ ᠠᠵᠢᠭᠯᠠᠨ ᠮᠡᠳᠡᠷᠡᠵᠡᠢ᠃ ᠡᠢᠮᠦ ᠣᠯᠠᠨ ᠯᠠᠮᠠ ᠨᠢᠭᠡᠨ ᠳᠣᠣᠷ᠎ᠠ ᠬᠤᠷᠠᠨ ᠴᠤᠭᠯᠠᠷᠠᠵᠤ ᠤᠩᠰᠢᠯᠭ᠎ᠠ ᠦᠢᠯᠡᠳᠴᠦ ᠪᠠᠢᠬᠤ ᠶ᠋ᠢ ᠬᠡᠵᠢᠶ᠎ᠡ ᠴᠦ᠍ ᠦᠵᠡᠭᠡ ᠦᠭᠡᠢ ᠵᠠᠯᠠᠭᠤ ᠭᠡᠰᠦᠯ ᠪᠤᠷᠬᠠᠨ ᠱᠠᠰᠢᠨ ᠤ᠋ ᠵᠠᠩ ᠦᠢᠯᠡ ᠶ᠋ᠢᠨ ᠠᠭᠤᠤ ᠳᠠᠯᠠᠢᠴᠠ ᠶ᠋ᠢ ᠮᠡᠳᠡᠷᠡᠬᠦ ᠳ᠋ᠡᠭᠡᠨ ᠭᠠᠢᠬᠠᠨ ᠪᠠᠬᠠᠷᠬᠠᠵᠠᠢ᠃  
      ᠲᠡᠢᠨ ᠬᠦ᠌ ᠬᠣᠷᠢ ᠬᠣᠨᠣᠭ ᠤ᠋ᠨ ᠤᠩᠰᠢᠯᠭ᠎ᠠ ᠬᠢᠵᠦ᠂ ᠬᠣᠷᠢᠨ ᠮᠢᠩᠭᠠᠨ ᠯᠠᠮᠠ ᠶ᠋ᠢᠨ ᠢᠷᠦᠭᠡᠯ ᠠᠪᠬᠠᠭᠤᠯᠤᠭᠰᠠᠨ ᠢ᠋ᠶ᠋ᠠᠷ ᠡᠵᠡᠨ ᠬᠠᠭᠠᠨ ᠤ᠋ ᠪᠣᠯᠤᠨ ᠳᠠᠯᠠᠢ ᠯᠠᠮᠠ ᠶ᠋ᠢᠨ ᠱᠠᠪᠳᠠᠩ ᠪᠠᠲᠤᠳᠠ ᠣᠷᠣᠰᠢᠨ᠎ᠠ ᠭᠡᠳᠡᠭ ᠲᠦ᠍ ᠪᠠᠰᠠ ᠯᠠ ᠪᠦᠷᠢᠨ ᠢᠲᠡᠭᠡᠳᠡᠭ ᠦᠭᠡᠢ ᠪᠠᠢᠵᠠᠢ᠃ ᠡᠢᠮᠦ ᠳ᠋ᠦ᠍ ᠮᠥᠨ ᠰᠠᠷ᠎ᠠ ᠶ᠋ᠢᠨ ᠬᠣᠷᠢᠨ ᠳᠥᠷᠪᠡᠨ ᠦ᠌ ᠡᠳᠦᠷ ᠬᠣᠶᠠᠷ ᠳ᠋ᠦᠭᠵᠥᠪ ᠪᠤᠶᠤ ᠵᠢᠷᠠᠨ ᠢᠷᠮᠡᠭᠲᠦ ᠲᠣᠮᠣ ᠰᠤᠷ ᠵᠠᠯᠠᠬᠤ ᠶᠣᠰᠣᠯᠠᠯ ᠬᠢᠳᠡᠭ ᠠᠵᠢ᠃ ᠬᠣᠷᠢ ᠬᠣᠨᠣᠭ ᠤ᠋ᠨ ᠤᠩᠰᠢᠯᠭ᠎ᠠ ᠨᠢ ᠯᠠᠮᠠ ᠨᠠᠷ ᠢ᠋ ᠪᠠᠢᠲᠤᠭᠠᠢ ᠴᠠᠢ᠂ ᠬᠣᠭᠣᠯᠠ ᠵᠥᠭᠡᠭᠡᠭᠴᠢᠳ ᠢ᠋ ᠶᠠᠳᠠᠷᠠᠭᠠᠵᠤ ᠣᠷᠬᠢᠵᠠᠢ᠃ ᠯᠠᠮᠠ ᠨᠠᠷ ᠪᠣᠯᠬᠣᠷ ᠢᠷᠦᠭᠡᠯ ᠦ᠋ᠨ ᠬᠠᠭᠠᠨ ᠤᠩᠰᠢᠵᠤ ᠵᠠᠯᠬᠠᠭᠠᠳ ᠮᠤᠩᠯᠠᠮ ᠤ᠋ᠨ ᠬᠠᠲᠠᠭᠤ ᠳᠢᠭᠯᠢᠮ ᠳ᠋ᠦ᠍ ᠶᠠᠳᠠᠷᠠᠵᠠᠢ᠃ ᠮᠠᠩᠵᠠᠴᠢ᠂ ᠴᠠᠢᠴᠢ ᠨᠠᠷ ᠪᠣᠯᠬᠣᠷ ᠡᠩᠨᠡᠨ ᠰᠠᠭᠤᠭᠰᠠᠨ ᠯᠠᠮᠠ ᠨᠠᠷ ᠤ᠋ᠨ ᠬᠣᠭᠣᠷᠣᠨᠳᠣᠭᠤᠷ ᠳᠣᠮᠪᠣ᠂ ᠳᠠᠩᠬᠤ ᠪᠠᠷᠢᠨ ᠭᠦᠶᠦᠵᠦ᠂ ᠱᠠᠮᠤ ᠭᠡᠰᠬᠦᠢ ᠨᠠᠷ ᠲᠤ᠌  ᠪᠦᠷᠢᠶᠡᠳᠡᠭᠦᠯᠴᠢᠬᠡᠬᠦ ᠡᠴᠡ ᠠᠶᠤᠵᠤ ᠲᠤᠩ ᠶᠠᠳᠠᠷᠠᠵᠤ ᠪᠠᠢᠵᠤ ᠬᠣᠷᠢ ᠬᠣᠨᠣᠭ ᠤ᠋ᠨ ᠲᠤᠷᠰᠢ ᠨᠢᠭᠡᠨ ᠠᠶᠠᠯᠭᠤᠲᠤ ᠳᠦᠩᠭᠢᠨᠡᠭᠡᠨ ᠳᠤᠮᠳᠠ ᠳᠥᠵᠢᠷᠡᠵᠦ ᠭᠦᠢᠴᠡᠵᠡᠢ᠃ 
      ᠠᠰᠢᠭᠦᠢ ᠬᠤᠷᠠᠯ ᠤ᠋ᠨ ᠥᠩᠭᠡ ᠠᠶᠠᠰ ᠥᠭᠡᠷᠡᠴᠢᠯᠡᠭᠳᠡᠵᠦ ᠳ᠋ᠦᠭᠵᠥᠪ ᠵᠠᠯᠠᠬᠤ ᠶᠣᠰᠣᠯᠠᠯ ᠡᠬᠢᠯᠡᠬᠦ ᠳ᠋ᠦ᠍ ᠯᠠᠮᠠ᠂ ᠵᠠᠮ᠎ᠠ ᠂ ᠮᠠᠩᠵᠠᠴᠢ ᠨᠠᠷ ᠴᠥᠮ ᠯᠡ ᠪᠠᠶᠠᠷᠯᠠᠵᠠᠭᠠᠯ᠎ᠠ᠃ ᠭᠤᠷᠪᠠᠯᠵᠢᠨ ᠥᠨᠳᠥᠷ ᠪᠣᠰᠤᠭ᠎ᠠ ᠴᠡᠴᠡ ᠬᠡᠯᠪᠡᠷᠢ ᠲᠡᠢ ᠰᠤᠷ ᠢ᠋ ᠪᠡᠯᠡᠳᠬᠡᠭᠡᠳ ᠰᠤᠷᠴᠢ ᠶᠦᠭᠵᠥᠷ ᠨᠠᠷ ᠡᠷᠭᠦᠨ ᠭᠠᠳᠠᠭ᠎ᠠ ᠭᠠᠷᠴᠤ ᠠᠰᠠᠵᠤ  ᠪᠠᠢᠭ᠎ᠠ ᠲᠦᠳᠡᠭ ᠭᠠᠯ ᠤ᠋ᠨ ᠳᠡᠷᠭᠡᠳᠡ ᠣᠴᠢᠬᠤ ᠳ᠋ᠤ᠌ ᠬᠣᠢᠨ᠎ᠠ ᠠ᠋ᠴᠠ ᠨᠢ ᠣᠯᠠᠨ ᠮᠢᠩᠭᠠᠨ ᠯᠠᠮᠠ ᠨᠠᠷ ᠴᠤᠪᠤᠷᠠᠨ ᠠᠮᠠᠨ ᠳ᠋ᠠᠭᠠᠨ ᠰᠤᠷ ᠤ᠋ᠨ ᠤᠩᠰᠢᠯᠭ᠎ᠠ ᠳᠦᠩᠭᠢᠨᠡᠲᠡᠯ᠎ᠡ ᠪᠤᠪᠲᠤᠨᠠᠵᠠᠭᠠᠨ ᠶᠠᠪᠤᠪᠠ᠃  ᠳ᠋ᠦᠭᠵᠥᠪ ᠵᠠᠯᠠᠬᠤ ᠶᠣᠰᠣᠯᠠᠯ ᠨᠢ ᠱᠠᠰᠢᠨ ᠤ᠋ ᠡᠯᠳᠡᠪ ᠳᠠᠢᠰᠤᠨ᠂ ᠪᠤᠷᠤᠭᠤ ᠨᠣᠮᠲᠠᠨ᠂ ᠯᠠᠯᠤ ᠨᠤᠭᠤᠳ ᠢ᠋ ᠳᠠᠷᠤᠬᠤ ᠵᠠᠩ ᠦᠢᠯᠡ ᠶᠦᠮ᠃  ᠲᠣᠰᠣ᠂  ᠭᠤᠷᠢᠯ ᠢ᠋ᠶ᠋ᠠᠷ ᠴᠢᠮᠡᠭᠯᠡᠵᠦ ᠣᠷᠣᠢ ᠶ᠋ᠢᠨ ᠱᠣᠪᠬᠣ ᠦᠵᠦᠭᠦᠷ ᠲᠦ᠍ ᠬᠣᠬᠢᠮᠠᠢ ᠲᠣᠯᠣᠭᠠᠢ ᠶ᠋ᠢᠨ ᠳᠦᠷᠰᠦ ᠳᠣᠣᠷᠠᠲᠤ ᠲᠠᠯ᠎ᠠ ᠶ᠋ᠢᠨ ᠭᠤᠷᠪᠠᠨ ᠥᠨᠴᠥᠭ ᠲᠦ᠍ ᠮᠥᠨ ᠬᠣᠬᠢᠮᠠᠢ ᠳᠦᠷᠰᠦᠯᠡᠭᠰᠡᠨ ᠲᠡᠢᠮᠦ ᠰᠤᠷ ᠪᠠᠢᠯ᠎ᠠ᠃ ᠳᠡᠭᠡᠢ ᠳᠤᠮᠳᠠᠭᠤᠷ ᠨᠢ ᠬᠠᠳᠠᠭ ᠵᠡᠭᠦᠭᠰᠡᠨ ᠰᠤᠮᠤ ᠬᠠᠳᠬᠠᠵᠠᠢ᠃ ᠰᠤᠮᠤᠨ ᠤ᠋ ᠪᠠᠨ ᠥᠲᠥᠨ ᠵᠠᠯᠠᠭᠤᠷ ᠲᠤᠰᠢᠶ᠎ᠠ ᠪᠢᠴᠢᠬᠠᠨ ᠬᠦᠷᠳᠦᠨ ᠦ᠌ ᠳᠦᠷᠰᠦ ᠪᠡᠬᠢᠯᠡᠵᠡᠢ᠃ ᠱᠠᠰᠢᠨ ᠤ᠋ ᠳᠠᠢᠰᠤᠨ᠂ ᠯᠠᠯᠤ ᠭᠡᠭᠴᠢ ᠪᠤᠷᠤᠭᠤ ᠨᠣᠮᠲᠠᠨ᠂ ᠠᠯᠪᠢᠨ ᠴᠢᠳᠬᠥᠷ ᠢ᠋ ᠲᠥᠯᠥᠭᠡᠯᠡᠵᠦ ᠡᠢᠮᠦ ᠰᠤᠷ ᠪᠡᠯᠡᠳᠬᠡᠳᠡᠭ ᠠᠵᠠᠢ᠃ 
      – ᠶᠦᠭᠵᠥᠷ ᠰᠤᠷ ᠵᠠᠯᠠᠰᠤᠭᠠᠢ! ᠠᠶᠤᠮᠰᠢᠭᠲᠤ ᠡᠨᠡ ᠬᠦ᠌ ᠰᠤᠷ ᠪᠣᠯᠪᠠᠯ ᠸᠴᠢᠷ ᠦ᠋ᠨ ᠰᠤᠮᠤᠨ ᠠ᠋ᠴᠠ ᠬᠤᠷᠴᠠ᠂ ᠸᠴᠢᠷ ᠦ᠋ᠨ  ᠪᠣᠯᠴᠤᠤ ᠠ᠋ᠴᠠ ᠪᠠᠲᠤ᠂ ᠶᠡᠭᠦᠳᠬᠡᠭᠴᠢ ᠬᠦᠴᠦ ᠨᠢ ᠴᠠᠬᠢᠯᠭᠠᠨ ᠠ᠋ᠴᠠ ᠬᠡᠴᠡᠭᠦᠦ ᠁ ᠭᠡᠵᠦ ᠶᠦᠭᠵᠥᠷ ᠯᠠᠮᠠ ᠭᠣᠩᠰᠢᠨ ᠤᠩᠰᠢᠵᠤ ᠡᠬᠢᠯᠡᠪᠡ᠃ 
      ᠢᠩᠭᠢᠵᠦ ᠤᠩᠰᠢᠬᠤ ᠳ᠋ᠤᠨᠢ ᠰᠣᠷᠴᠢ ᠯᠠᠮᠠ ᠨᠠᠷ ᠰᠤᠷ ᠢ᠋ ᠲᠣᠯᠣᠭᠠᠢ ᠳᠡᠭᠡᠷ᠎ᠡ ᠪᠡᠨ ᠡᠷᠭᠦᠨ ᠬᠤᠷᠤᠢᠯᠠᠨ ᠡᠷᠭᠢᠭᠦᠯᠪᠡ᠃ 
      – ᠶᠦᠭᠵᠥᠷ ᠪᠢ ᠰᠤᠷ ᠵᠠᠯᠠᠰᠤᠭᠠᠢ! ᠳᠡᠭᠡᠷᠡᠬᠢ ᠲᠩᠷᠢ᠂ ᠳᠣᠣᠷᠠᠬᠢ ᠯᠤᠤᠰ᠂ ᠭᠠᠵᠠᠷ ᠲᠩᠷᠢ ᠶ᠋ᠢᠨ ᠰᠠᠪᠰᠠᠯᠭ᠎ᠠ ᠳ᠋ᠠᠬᠢ ᠠᠯᠪᠢᠨ ᠨᠤᠭᠤᠳ ᠲᠤ᠌ ᠭᠠᠵᠠᠷ ᠤᠰᠤᠨ ᠤ᠋ ᠡᠵᠡᠳ ᠲᠦ᠍ ᠡᠨᠡ ᠰᠤᠷ ᠢ᠋ ᠵᠠᠯᠠᠵᠤ ᠪᠠᠢᠭ᠎ᠠ ᠶᠤᠮ ᠪᠢᠰᠢ ᠠ᠋! ᠭᠡᠵᠦ ᠶᠦᠭᠵᠥᠷ ᠯᠠᠮᠠ ᠳᠠᠬᠢᠨ ᠰᠦᠷᠳᠡᠶ᠎ᠡ ᠠᠢᠯᠠᠳᠬᠤ ᠳ᠋ᠤ᠌ ᠰᠤᠷᠴᠢ ᠯᠠᠮᠠ ᠨᠠᠷ ᠰᠤᠷ ᠢ᠋ᠶ᠋ᠠᠨ ᠳᠠᠬᠢᠨ ᠡᠷᠭᠢᠭᠦᠯᠵᠡᠭᠡᠯ᠎ᠡ᠃ 
      – ᠶᠦᠭᠵᠥᠷ ᠪᠢ ᠠᠶᠤᠮᠰᠢᠭᠲᠤ ᠰᠤᠷ ᠢ᠋ ᠵᠠᠯᠠᠰᠤᠭᠠᠢ! ᠠᠶᠤᠮᠰᠢᠭᠲᠤ ᠡᠨᠡ ᠬᠦ᠌ ᠰᠤᠷ ᠢ᠋ ᠰᠡᠳᠬᠢᠯ ᠦᠢᠮᠡᠭᠦᠯᠦᠭᠴᠢ ᠪᠤᠭ᠂ ᠭᠠᠢ᠂ ᠲᠦᠢᠳᠬᠡᠷ᠂ ᠬᠣᠣᠷᠲᠤ ᠯᠠᠯᠤ ᠨᠤᠭᠤᠳ ᠲᠤ᠌ ᠵᠣᠷᠢᠭᠤᠯᠤᠨ ᠵᠠᠯᠠᠵᠤ ᠪᠠᠢᠨᠠᠮ! ᠭᠡᠵᠦ ᠶᠦᠭᠵᠥᠷ ᠯᠠᠮᠠ ᠶ᠋ᠢ ᠬᠠᠰᠬᠢᠷᠬᠤ ᠳ᠋ᠤ᠌ ᠰᠤᠷᠴᠢ ᠯᠠᠮᠠ ᠨᠠᠷ ᠬᠡᠳᠦᠨᠲᠡ ᠴᠣᠪᠬᠣᠷᠴᠠᠭᠠᠭᠠᠳ ᠰᠤᠷ ᠢ᠋ ᠡᠷᠭᠢᠭᠦᠯᠦᠨ ᠣᠷᠣᠢ ᠪᠠᠷ ᠨᠢ ᠭᠠᠯ ᠤᠷᠤᠭᠤ ᠴᠢᠭᠯᠡᠭᠦᠯᠦᠨ ᠳᠣᠭᠰᠢᠨ ᠠᠭᠤᠷᠲᠠᠢ ᠪᠠᠷ ᠰᠢᠲᠠᠯ᠎ᠠ᠃ 
      – ᠶᠦᠭᠵᠥᠷ ᠪᠢ ᠠᠶᠤᠮᠰᠢᠭᠲᠤ ᠰᠤᠷ ᠢ᠋ ᠵᠠᠯᠠᠰᠤᠭᠠᠢ! ᠠᠶᠤᠮᠰᠢᠭᠲᠤ ᠡᠨᠡᠬᠦ ᠰᠤᠷ ᠢ᠋ ᠪᠢ ᠵᠠᠯᠠᠨ ᠣᠷᠬᠢᠯ᠎ᠠ! ᠬᠠᠭᠠᠯᠭᠠᠴᠢᠳ ᠡᠭᠦᠳᠡ ᠪᠡᠨ ᠨᠡᠭᠡᠭᠡᠵᠡᠭᠡ! ᠬᠠᠭᠠᠯᠭᠠᠴᠢᠳ ᠡᠭᠦᠳᠡ ᠪᠡᠨ ᠨᠡᠭᠡᠭᠡᠵᠦ ᠯᠠᠯᠤ ᠶ᠋ᠢᠨ ᠬᠤᠪᠴᠠᠰᠤ ᠡᠮᠦᠰᠦᠭᠰᠡᠨ ᠪᠦᠬᠦᠨ ᠢ᠋ ᠣᠷᠣᠭᠤᠯᠤᠨ ᠲᠦᠭᠵᠢᠯ᠎ᠡ᠃ ᠬᠠᠭᠠᠯᠭᠠᠴᠢ ᠨᠠᠷ ᠬᠠᠮᠤᠭ ᠪᠦᠬᠦ ᠨᠦᠬᠡ ᠰᠦᠪᠡ ᠶ᠋ᠢ ᠬᠠᠭᠠᠭᠲᠤᠨ! ᠬᠠᠭᠠᠯᠭᠠᠴᠢ ᠨᠠᠷ ᠬᠠᠮᠤᠭ ᠪᠦᠬᠦ ᠳᠦᠷᠰᠦ ᠦᠭᠡᠢ ᠭᠠᠢ ᠲᠦᠢᠳᠬᠡᠷ ᠢ᠋ ᠲᠦᠭᠵᠢᠨ ᠬᠠᠭᠠᠵᠤ ᠥᠴᠦᠬᠡᠨ ᠨᠦᠬᠡ ᠰᠦᠪᠡ ᠶ᠋ᠢ ᠴᠦ᠍ ᠪᠥᠭᠯᠡᠯ᠎ᠡ! ᠭᠡᠵᠦ ᠶᠦᠭᠵᠥᠷ ᠯᠠᠮᠠ ᠥᠨᠳᠥᠷ ᠳᠠᠭᠤᠨ ᠢ᠋ᠶ᠋ᠠᠷ ᠰᠢᠯᠦᠭᠯᠡᠨ ᠬᠡᠯᠡᠭᠰᠡᠨ ᠢ᠋ᠶ᠋ᠡᠷ ᠰᠤᠷ ᠵᠠᠯᠠᠬᠤ ᠶᠣᠰᠣᠯᠠᠯ ᠳᠠᠭᠤᠰᠤᠯ᠎ᠠ᠃ 
      ᠲᠡᠭᠡᠲᠡᠯ᠎ᠡ ᠰᠤᠷ ᠵᠠᠯᠠᠬᠤ ᠶ᠋ᠢ ᠦᠵᠡᠬᠦ ᠪᠡᠷ ᠢᠷᠡᠵᠦ ᠴᠤᠭᠯᠠᠷᠠᠭᠰᠠᠨ ᠣᠯᠠᠨ ᠶᠠᠳᠠᠭᠤᠰ᠂ ᠮᠥᠷᠭᠥᠯᠴᠢᠳ᠂ ᠪᠠᠳᠢᠷᠴᠢᠳ ᠪᠤᠵᠢᠭᠢᠨᠠᠯᠳᠤᠵᠤ ᠰᠤᠷ ᠤ᠋ᠨ ᠰᠢᠳᠡᠵᠦ ᠪᠠᠢᠭ᠎ᠠ ᠲᠦᠳᠡᠭ ᠭᠠᠯ ᠤᠷᠤᠭᠤ ᠤᠬᠤᠰᠬᠢᠨ ᠲᠠᠭᠠᠷᠢᠵᠠᠭᠠᠯ᠎ᠠ᠃ ᠰᠤᠷ ᠰᠢᠲᠠᠭᠠᠭᠰᠠᠨ ᠦᠨᠡᠰᠦ ᠴᠢᠨᠳᠠᠷᠤᠤ᠂ ᠦᠯᠡᠳᠡᠭᠳᠡᠯ ᠡᠴᠡ ᠣᠯᠵᠤ ᠠᠪᠬᠤ ᠶᠤᠮ ᠪᠣᠯ ᠠᠮᠢ ᠨᠠᠰᠤᠨ ᠳ᠋ᠤ᠌ ᠥᠯᠵᠡᠢ ᠲᠡᠢ᠂ ᠠᠯᠢᠪᠠ ᠡᠪᠡᠳᠴᠢᠨ ᠳ᠋ᠦ᠍ ᠬᠡᠷᠡᠭ ᠪᠣᠯᠤᠨ᠎ᠠ ᠭᠡᠵᠦ ᠢᠲᠡᠭᠡᠵᠡᠭᠡᠳᠡᠭ ᠪᠣᠯᠬᠣᠷ ᠠᠳᠬᠤ ᠴᠢᠮᠬᠢ ᠦᠨᠡᠰᠦᠨ ᠦ᠌ ᠲᠥᠯᠥᠭᠡ ᠲᠡᠭᠡᠵᠦ ᠤᠯᠠᠢᠷᠠᠨ ᠳᠠᠭᠠᠷᠢᠵᠠᠭᠠᠳᠠᠭ ᠠᠵᠢ᠃ ᠴᠢᠮᠬᠢ ᠦᠨᠡᠰᠦᠨ ᠦ᠌ ᠬᠣᠢᠨ᠎ᠠ ᠠ᠋ᠴᠠ ᠪᠥᠭᠡᠮ ᠬᠥᠯ ᠬᠥᠭᠡᠷᠴᠦᠭ ᠳᠡᠭᠳᠡᠵᠦ᠂ ᠰᠡᠭᠦᠯ ᠳ᠋ᠡᠭᠡᠨ ᠵᠣᠳᠣᠭᠠᠨ ᠡᠭᠦᠰᠬᠡᠵᠦ ᠦᠨᠡᠰᠦ᠂ ᠴᠤᠴᠠᠯᠢ ᠪᠤᠵᠢᠭᠢᠨᠠᠨ᠂ ᠶᠠᠳᠠᠭᠤᠰ ᠳᠡᠭᠡᠷ᠎ᠡ ᠳᠣᠣᠷ᠎ᠠ ᠪᠠᠨ ᠣᠷᠣᠵᠤ ᠤᠴᠢᠷ ᠢ᠋ ᠨᠢ ᠣᠯᠬᠤ ᠳ᠋ᠤ᠌ ᠪᠡᠷᠬᠡ ᠶᠠᠭᠤᠮ᠎ᠠ ᠳᠡᠭᠳᠡᠯ᠎ᠡ᠃ ᠰᠤᠷ ᠤ᠋ᠨ ᠭᠠᠯ ᠴᠤ᠌ ᠤᠨᠲᠠᠷᠠᠵᠤ ᠤᠲᠤᠭ᠎ᠠ ᠮᠠᠨᠠᠨ ᠤᠭᠤᠭᠢᠯ᠎ᠠ᠃ ᠳᠣᠷᠣᠢ ᠶᠠᠳᠠᠭᠤ ᠮᠥᠷᠭᠥᠯᠴᠢᠳ ᠦ᠋ᠨ ᠵᠠᠷᠢᠮ ᠨᠢ ᠣᠯᠠᠨ ᠤ᠋ ᠬᠥᠯ ᠳᠣᠣᠷ᠎ᠠ ᠳᠠᠷᠤᠭᠳᠠᠨ ᠭᠢᠰᠬᠢᠭᠳᠡᠬᠦ ᠶ᠋ᠢ ᠬᠠᠷᠠᠭᠠᠳ ᠭᠡᠰᠦᠯ ᠰᠠᠩᠵᠢ ᠶ᠋ᠢᠨ ᠵᠢᠷᠦᠬᠡ ᠡᠪᠡᠳᠬᠦ ᠰᠢᠭ ᠪᠣᠯᠤᠯ᠎ᠠ᠃ ᠨᠢᠭᠡ ᠶᠠᠳᠠᠭᠤ ᠮᠥᠷᠭᠥᠯᠴᠢ ᠬᠠᠲᠠᠩᠭᠢᠷ ᠭᠠᠷ ᠲᠤ᠌ ᠪᠠᠨ ᠴᠢᠮᠬᠢ ᠦᠨᠡᠰᠦ ᠠᠳᠬᠤᠭᠠᠳ ᠣᠯᠠᠨ ᠤ᠋ ᠬᠥᠯ ᠡᠴᠡ ᠵᠠᠢᠯᠠᠬᠤ ᠭᠡᠲᠡᠯ᠎ᠡ ᠥᠭᠡᠷ᠎ᠡ ᠨᠢᠭᠡ ᠬᠥᠮᠦᠨ ᠲᠡᠭᠦᠨ ᠦ᠌ ᠥᠭᠡᠳᠡ ᠡᠴᠡ ᠳᠠᠭᠠᠷᠢᠵᠤ᠂ ᠭᠠᠷ ᠠ᠋ᠴᠠ ᠨᠢ ᠵᠠᠭᠤᠷᠠᠯᠳᠤᠪᠠ᠃ ᠲᠡᠭᠡᠲᠡᠯ᠎ᠡ ᠭᠤᠶᠤᠯᠭᠠᠴᠢᠨ ᠠᠳᠬᠤᠭᠰᠠᠨ ᠦᠨᠡᠰᠦ ᠪᠡᠨ ᠠᠮᠠ  ᠤᠷᠤᠭᠤ ᠪᠠᠨ ᠬᠢᠵᠦ ᠬᠠᠬᠠᠵᠤ ᠴᠡᠴᠡᠨ ᠨᠢᠯᠪᠤᠰᠤ ᠪᠠᠨ ᠠᠰᠬᠠᠷᠠᠭᠤᠯᠬᠤ ᠶ᠋ᠢ ᠰᠠᠩᠵᠢ ᠭᠡᠰᠦᠯ ᠨᠢᠳᠦ ᠪᠡᠷ ᠢ᠋ᠶ᠋ᠡᠨ ᠦᠵᠡᠪᠡ᠃ ᠲᠡᠭᠦᠨ ᠢ᠋ ᠪᠠᠷᠤᠭ ᠯᠠ ᠬᠠᠬᠠᠵᠤ ᠦᠬᠦᠳᠡᠭ ᠦ᠋ᠨ ᠳᠠᠪᠠᠭᠠᠨ ᠳᠡᠭᠡᠷ᠎ᠡ 《 ᠫᠦᠩ ᠫᠦᠩ》 ᠭᠡᠰᠡᠨ ᠠᠰᠤᠷᠤ ᠶᠡᠬᠡ ᠳᠠᠭᠤ ᠴᠢᠮᠡᠭᠡ ᠭᠠᠷᠴᠤ ᠴᠥᠮ ᠢ᠋ᠶ᠋ᠡᠷ ᠢ᠋ᠶ᠋ᠡᠨ ᠴᠣᠴᠢᠨ ᠳᠠᠪᠠᠲᠠᠯ᠎ᠠ᠃ ᠦᠬᠡᠷ ᠫᠤᠤ ᠪᠠᠷ ᠫᠤᠤᠳᠠᠵᠤ ᠪᠠᠢᠭ᠎ᠠ ᠠᠵᠠᠢ᠃ 
      ᠦᠢ ᠮᠥᠷᠡᠨ ᠦ᠌ ᠴᠠᠭᠠᠳᠤ ᠲᠠᠯ᠎ᠠ ᠳ᠋ᠤ᠌ ᠪᠤᠳᠠᠯᠠᠩ ᠤ᠋ᠨ ᠣᠷᠳᠣᠨ ᠤ᠋ ᠡᠰᠡᠷᠭᠦ ᠣᠷᠣᠰᠢᠬᠤ ᠬᠠᠷ᠎ᠠ ᠠᠭᠤᠯᠠ ᠶ᠋ᠢᠨ ᠡᠩᠭᠡᠷ ᠳᠡᠭᠡᠷ᠎ᠡ ᠰᠠᠷᠯᠤᠭ ᠤ᠋ᠨ ᠬᠢᠯᠭᠠᠰᠤ ᠪᠠᠷ ᠨᠡᠬᠡᠭᠰᠡᠨ ᠥᠷᠮᠥᠭ ᠢ᠋ᠶ᠋ᠡᠷ ᠬᠢᠭᠰᠡᠨ ᠬᠠᠷ᠎ᠠ ᠮᠠᠢᠬᠠᠨ ᠳᠡᠷᠪᠡᠵᠦ ᠪᠠᠢᠪᠠ᠃ ᠲᠡᠷᠡ ᠮᠠᠢᠬᠠᠨ ᠢ᠋ ᠫᠠᠢ ᠪᠣᠯᠭᠠᠨ ᠴᠢᠭᠯᠡᠭᠦᠯᠦᠭᠡᠳ ᠪᠤᠳᠠᠯᠠᠩ ᠤ᠋ᠨ ᠣᠷᠳᠣᠨ ᠤ᠋ ᠡᠮᠦᠨ᠎ᠡ ᠡᠲᠡᠭᠡᠳ ᠡᠴᠡ ᠵᠡᠰ ᠭᠤᠨᠠᠨ ᠫᠤᠤ ᠪᠠᠷ ᠫᠤᠤᠳᠠᠵᠤ ᠪᠠᠢᠭ᠎ᠠ ᠨᠢ ᠡᠨᠡ᠃ ᠲᠡᠷᠡ ᠠᠭᠤᠯᠠᠨ ᠳ᠋ᠤ᠌ ᠯᠠᠩᠳᠡᠷᠮ᠎ᠠ ᠬᠠᠭᠠᠨ ᠤ᠋ ᠪᠤᠯᠠᠰᠢ ᠪᠠᠢᠳᠠᠭ ᠶᠤᠮ᠃  ᠪᠤᠳᠠᠯᠠᠩ ᠤ᠋ᠨ ᠱᠠᠰᠢᠨ ᠢ᠋ ᠲᠥᠪᠡᠳ ᠡᠴᠡ ᠤᠯᠠ ᠦᠨᠳᠦᠰᠦ ᠦᠭᠡᠢ ᠪᠣᠯᠭᠠᠨ ᠤᠰᠠᠳᠬᠠᠵᠤ ᠠᠷᠢᠯᠭᠠᠬᠤ ᠪᠠᠷ ᠣᠷᠣᠯᠳᠣᠭᠰᠠᠨ ᠲᠡᠷᠡ ᠯᠠᠩᠳᠡᠷᠮ᠎ᠠ ᠬᠠᠭᠠᠨ ᠢ᠋ ᠪᠤᠳ᠋ᠳ᠋ᠾᠠ ᠶ᠋ᠢᠨ ᠱᠠᠰᠢᠨᠲᠠᠨ ᠨᠤᠭᠤᠳ ᠦᠵᠡᠨ ᠶᠠᠳᠠᠳᠠᠭ ᠪᠣᠯᠵᠠᠢ᠃ ᠤᠤᠯ ᠨᠡᠷ᠎ᠡ ᠨᠢ ᠳ᠋ᠠᠷᠮ᠎ᠠ ᠪᠣᠯᠪᠠᠴᠤ《 ᠯᠠᠩ》 ᠭᠡᠳᠡᠭ ᠬᠠᠷᠢᠶᠠᠯ ᠤ᠋ᠨ ᠦᠭᠡ ᠶ᠋ᠢ ᠨᠡᠷ᠎ᠡ ᠶ᠋ᠢᠨ ᠨᠢ ᠤᠷᠢᠳᠤ ᠵᠠᠯᠭᠠᠵᠤ ᠯᠠᠩᠳᠡᠷᠮ᠎ᠠ ᠪᠤᠶᠤ ᠳ᠋ᠠᠷᠮ᠎ᠠ – ᠮᠠᠯ ᠭᠡᠰᠡᠨ ᠤᠳᠬ᠎ᠠ ᠲᠠᠢ ᠪᠣᠯᠵᠠᠢ᠃ ᠮᠠᠯ ᠭᠡᠵᠦ ᠬᠣᠴᠢᠯᠠᠭᠳᠠᠭᠰᠠᠨ ᠲᠡᠷᠡ ᠬᠠᠭᠠᠨ ᠢ᠋ ᠲᠥᠪᠡᠳ ᠦ᠋ᠳ ᠬᠣᠣᠷᠯᠠᠵᠤ ᠠᠯᠠᠵᠠᠢ᠃ ᠲᠡᠭᠡᠭᠡᠳ ᠱᠠᠷᠢᠯ ᠢ᠋ ᠡᠨᠡ ᠠᠭᠤᠯᠠᠨ ᠳ᠋ᠤ᠌ ᠣᠷᠣᠰᠢᠭᠤᠯᠤᠭᠰᠠᠨ ᠶᠤᠮ᠃ ᠲᠡᠭᠡᠲᠡᠯ᠎ᠡ ᠣᠷᠣᠰᠢᠭᠤᠯᠤᠭᠰᠠᠨ ᠬᠣᠢᠨ᠎ᠠ ᠴᠤ᠌ ᠯᠠᠩᠳᠡᠷᠮ᠎ᠠ ᠬᠠᠭᠠᠨ ᠪᠤᠳ᠋ᠳ᠋ᠾᠠ ᠶ᠋ᠢᠨ ᠱᠠᠰᠢᠨ ᠳ᠋ᠤ᠌ ᠵᠠᠨᠤᠯᠬᠢᠯᠠᠭᠰᠠᠭᠠᠷ ᠪᠠᠢᠳᠠᠭ ᠶᠤᠮ ᠰᠠᠨᠵᠠᠢ᠃ ᠲᠡᠭᠡᠭᠡᠳ ᠯᠡ ᠵᠢᠯ ᠪᠦᠷᠢ ᠲᠡᠷᠡ ᠯᠠᠩᠳᠡᠷᠮ᠎ᠠ ᠶ᠋ᠢᠨ ᠱᠠᠷᠢᠯ ᠲᠠᠢ ᠠᠭᠤᠯᠠ ᠶ᠋ᠢ ᠦᠬᠡᠷ ᠫᠤᠤ ᠪᠠᠷ ᠫᠤᠤᠳᠠᠳᠠᠭ ᠪᠣᠯᠵᠠᠢ᠃
       ᠪᠢ ᠴᠢᠮ᠎ᠠ ᠳ᠋ᠤ᠌ ᠶᠠᠷᠢᠳᠠᠭ ᠪᠠᠢᠭᠰᠠᠨ᠃ ᠲᠡᠷᠡ ᠠᠭᠤᠯᠠᠨ ᠳ᠋ᠤ᠌ ᠪᠠᠢᠭ᠎ᠠ ᠬᠠᠷ᠎ᠠ ᠮᠠᠢᠬᠠᠨ ᠳᠣᠲᠣᠷ᠎ᠠ ᠴᠠᠭᠠᠨ ᠢᠮᠠᠭ᠎ᠠ ᠤᠶᠠᠭᠠᠲᠠᠢ ᠪᠠᠢᠳᠠᠭ ᠶᠤᠮ᠃ ᠢᠮᠠᠭᠠᠨ ᠤ᠋ ᠬᠦᠵᠦᠭᠦᠨ ᠳ᠋ᠦ᠍ ᠲᠠᠷᠨᠢᠳᠠᠭᠰᠠᠨ ᠰᠠᠬᠢᠭᠤᠰᠤ ᠵᠡᠭᠦᠯᠭᠡᠲᠠᠢ ᠪᠣᠢ᠃ ᠦᠬᠡᠷ ᠫᠤᠤ ᠪᠠᠷ ᠲᠡᠷᠡ ᠮᠠᠢᠬᠠᠨ ᠢ᠋ ᠤᠨᠤᠬᠤ ᠭᠡᠵᠦ ᠫᠤᠤᠳᠠᠵᠤ ᠪᠠᠢᠭ᠎ᠠ ᠬᠡᠷᠡᠭ᠃ ᠤᠨᠤᠪᠠᠯ ᠰᠠᠢᠨ᠃ ᠤᠨᠤᠬᠤ ᠦᠭᠡᠢ ᠴᠦ᠍ ᠭᠡᠰᠡᠨ ᠮᠠᠭᠤ ᠦᠭᠡᠢ ᠭᠡᠳᠡᠭ ᠶᠦᠮ᠃ ᠠᠭᠤᠯᠠ ᠶ᠋ᠢ ᠨᠢ ᠴᠦ᠍ ᠭᠡᠰᠡᠨ ᠤᠨᠤᠬᠤ ᠤᠴᠢᠷ ᠲᠠᠢ ᠭᠡᠵᠦ ᠰᠠᠩᠵᠢ ᠭᠡᠰᠦᠯ ᠳ᠋ᠦ᠍ ᠪᠠᠭᠰᠢ ᠭᠡᠯᠦᠩ ᠴᠤᠢᠮᠴᠤᠭ ᠨᠢ ᠰᠢᠪᠡᠨᠡᠨ ᠶᠠᠷᠢᠪᠠ᠃ ᠬᠠᠴᠢᠨ ᠲᠡᠷᠡ ᠦᠢᠯᠡᠳᠦᠯ ᠳ᠋ᠦ᠍ ᠭᠠᠢᠬᠠᠭᠰᠠᠨ ᠰᠠᠩᠵᠢ᠄ 
      – ᠪᠠᠭᠰᠢ  ᠠ᠋᠂ ᠶᠠᠭᠠᠬᠢᠭᠠᠳ ᠠᠭᠤᠯᠠ ᠶ᠋ᠢ ᠤᠨᠤᠬᠤ ᠳ᠋ᠤ᠌ ᠰᠠᠢᠨ ᠶᠤᠮ ᠪᠣᠢ? ᠭᠡᠮᠡᠨ ᠠᠰᠠᠭᠤᠪᠠ᠃ 
      – ᠯᠠᠩᠳᠡᠷᠮ᠎ᠠ ᠶ᠋ᠢᠨ ᠱᠠᠷᠢᠯ ᠲᠠᠢ ᠡᠨᠡ ᠠᠭᠤᠯᠠ ᠦᠢ ᠮᠥᠷᠡᠨ ᠤᠷᠤᠭᠤ ᠠᠭᠠᠵᠢᠮ ᠢ᠋ᠶ᠋ᠠᠷ ᠣᠢᠷᠠᠲᠤᠨ ᠰᠢᠬᠠᠵᠤ ᠪᠠᠢᠳᠠᠭ ᠶᠤᠮ ᠭᠡᠨ᠎ᠡ ᠯᠠᠢ᠃ ᠭᠣᠣᠯ ᠤ᠋ᠨ ᠤᠷᠤᠰᠬᠠᠯ ᠢ᠋ ᠬᠥᠨᠳᠡᠯᠢᠰᠦᠨ ᠬᠠᠭᠠᠬᠤ ᠪᠠᠷ ᠲᠡᠭᠡᠵᠦ ᠣᠢᠷᠠᠲᠤᠳᠠᠭ ᠠᠭᠤᠯᠠ ᠶᠤᠮ᠃ ᠬᠡᠷᠪᠡ ᠦᠢ ᠮᠥᠷᠡᠨ ᠦ᠌ ᠤᠷᠤᠰᠬᠠᠯ ᠢ᠋ ᠲᠡᠷᠡ ᠠᠭᠤᠯᠠ ᠬᠠᠭᠠᠴᠢᠬᠠᠪᠠᠯ ᠭᠣᠣᠯ ᠡᠷᠭᠢᠵᠦ ᡀᠠᠰᠠ ᠬᠣᠲᠠ ᠶ᠋ᠢ ᠪᠤᠷᠬᠠᠨ ᠰᠢᠲᠦᠭᠡᠨ ᠢ᠋ ᠵᠢᠪᠦᠭᠦᠯᠦᠨ ᠶᠡᠭᠦᠳᠬᠡᠵᠦ ᠬᠥᠨᠥᠭᠡᠬᠦ ᠤᠴᠢᠷ ᠲᠠᠢ ᠶᠠᠭᠤᠮ᠎ᠠ ᠭᠡᠨ᠎ᠡ ᠯᠠᠢ᠃  ᠲᠡᠭᠦᠨ ᠡᠴᠡ ᠪᠣᠯᠵᠤ ᠵᠢᠯ ᠪᠦᠷᠢ ᠯᠠᠩᠳᠡᠷᠮ᠎ᠠ ᠶ᠋ᠢᠨ ᠠᠭᠤᠯᠠ ᠶ᠋ᠢ ᠦᠬᠡᠷ ᠫᠤᠤ ᠪᠠᠷ ᠭᠤᠷᠪᠠᠨ ᠤᠳᠠᠭ᠎ᠠ ᠰᠤᠮᠤ ᠦᠭᠡᠢ᠂ ᠳᠥᠷᠪᠡᠨ ᠤᠳᠠᠭ᠎ᠠ ᠰᠤᠮᠤ ᠲᠠᠢ ᠫᠤᠤᠳᠠᠵᠤ ᠵᠠᠩᠰᠢᠭᠰᠠᠨ ᠪᠠᠢᠨ᠎ᠠ᠃ ᠰᠤᠮᠤ ᠶ᠋ᠢ ᠨᠢ ᠠᠭᠤᠯᠠᠨ ᠳ᠋ᠤ᠌ ᠣᠢᠴᠢᠭᠰᠠᠨ ᠤ᠋ ᠳᠠᠷᠠᠭ᠎ᠠ ᠬᠥᠮᠦᠨ ᠶᠠᠪᠤᠭᠤᠯᠵᠤ ᠠᠪᠴᠢᠷᠠᠭᠤᠯᠳᠠᠭ ᠶᠤᠮ᠃ ᠫᠤᠤᠳᠠᠭᠤᠯᠤᠭᠰᠠᠨ ᠤ᠋ ᠬᠦᠴᠦᠨ ᠳ᠋ᠦ᠍ ᠯᠠᠩᠳᠡᠷᠮ᠎ᠠ ᠶ᠋ᠢᠨ ᠠᠭᠤᠯᠠ ᠤᠬᠤᠷᠢᠵᠤ ᠬᠠᠭᠤᠴᠢᠨ ᠪᠠᠢᠷᠢᠨ ᠳ᠋ᠠᠭᠠᠨ ᠣᠴᠢᠳᠠᠭ ᠭᠡᠵᠦ ᠶᠠᠷᠢᠯᠴᠠᠳᠠᠭ ᠤᠴᠢᠷ ᠲᠡᠢᠮᠦ ᠭᠡᠮᠡᠨ ᠪᠠᠭᠰᠢ ᠯᠠᠮᠠ ᠶ᠋ᠢ ᠪᠡᠨ ᠶᠠᠷᠢᠬᠤ ᠳ᠋ᠤ᠌ ᠰᠠᠩᠵᠢ ᠭᠡᠰᠦᠯ ᠶᠡᠬᠡᠳᠡ ᠭᠠᠢᠬᠠᠪᠠ᠃ ᠬᠤᠳᠠᠯ ᠭᠡᠯᠲᠡᠢ ᠪᠢᠰᠢ᠂ ᠬᠠᠴᠢᠨ ᠯᠠ ᠶᠤᠮ᠃ 
      ᠭᠠᠵᠠᠷ ᠪᠤᠯᠠᠵᠤ ᠵᠣᠭᠣᠭᠰᠠᠨ ᠨᠢᠭᠡᠨ ᠶᠡᠬᠡ ᠬᠦᠷᠡᠯ ᠴᠢᠳᠬᠤᠮᠠᠯ ᠫᠤᠤ ᠪᠠᠷ ᠭᠤᠷᠪᠠᠨᠲᠠ ᠬᠡᠢ ᠫᠤᠤᠳᠠᠭᠠᠳ ᠳᠠᠷᠠᠭ᠎ᠠ ᠨᠢ ᠬᠦᠷᠡᠯ ᠪᠥᠭᠡᠷᠡᠨᠴᠡᠭ ᠢ᠋  ᠫᠤᠤ ᠶ᠋ᠢᠨ ᠠᠮᠠ ᠤᠷᠤᠭᠤ ᠬᠢᠵᠦ ᠴᠢᠬᠢᠨ ᠳ᠋ᠡᠬᠢ ᠳᠠᠷᠢ ᠶ᠋ᠢ ᠤᠷᠲᠤ ᠡᠰᠢ ᠲᠡᠢ ᠴᠤᠴᠠᠯᠢ ᠪᠠᠷ ᠲᠥᠭᠡᠨᠡᠵᠦ ᠨᠦᠰᠡᠷ ᠶᠡᠬᠡ ᠳᠠᠭᠤ ᠭᠠᠷᠭᠠᠨ ᠫᠤᠤ ᠲᠠᠯᠪᠢᠯ᠎ᠠ᠃ ᠬᠦᠷᠡᠯ ᠪᠥᠭᠡᠷᠡᠨᠴᠡᠭ ᠢᠰᠬᠡᠷᠦᠨ ᠨᠢᠰᠴᠦ ᠯᠠᠩᠳᠡᠷᠮ᠎ᠠ ᠶ᠋ᠢᠨ ᠠᠭᠤᠯᠠᠨ ᠳ᠋ᠤ᠌ ᠲᠣᠭᠣᠰᠣ ᠮᠠᠨᠠᠷᠠᠭᠠᠨ ᠲᠣᠰᠤᠯ᠎ᠠ᠃ ᠰᠤᠮᠤ ᠲᠤᠰᠤᠭᠰᠠᠨ ᠭᠠᠵᠠᠷ ᠥᠭᠡᠳᠡ ᠳᠥᠷᠪᠡᠨ ᠬᠥᠮᠦᠨ ᠪᠡᠶ᠎ᠡ ᠪᠡᠶ᠎ᠡ ᠡᠴᠡ ᠪᠡᠨ ᠥᠷᠢᠰᠦᠯᠳᠦᠨ ᠭᠦᠶᠦᠵᠦ ᠬᠠᠷᠠᠭᠳᠠᠯ᠎ᠠ᠃ 
       ᠲᠡᠷᠡ ᠰᠤᠮᠤ ᠶ᠋ᠢ ᠣᠯᠵᠤ ᠨᠠᠰᠢ ᠨᠢ ᠠᠪᠴᠢᠷᠠᠭᠰᠠᠨ ᠬᠥᠮᠦᠨ ᠨᠢᠭᠡᠨ ᠵᠢᠯ ᠦ᠋ᠨ ᠲᠤᠷᠰᠢ ᠠᠯᠪᠠᠨ ᠭᠤᠪᠴᠢᠭᠤᠷ ᠠ᠋ᠴᠠ ᠴᠢᠯᠥᠭᠡᠯᠡᠭᠳᠡᠳᠡᠭ ᠶᠦᠮ᠃ ᠤᠤᠯ ᠨᠢ ᠬᠥᠩᠭᠡᠨ ᠠᠵᠢᠯ ᠳᠠ ᠭᠡᠵᠦ ᠪᠠᠭᠰᠢ ᠭᠡᠯᠦᠩ ᠢ᠋ᠶ᠋ᠡᠨ ᠶᠠᠷᠢᠬᠤ ᠳ᠋ᠤ᠌ ᠰᠠᠩᠵᠢ ᠭᠡᠰᠦᠯ ᠰᠤᠮᠤ ᠡᠷᠢᠭᠴᠢᠳ ᠢ᠋ ᠠᠵᠢᠭᠯᠠᠨ ᠰᠠᠢᠲᠤᠷ ᠬᠠᠷᠠᠵᠤ ᠠᠪᠤᠯ᠎ᠠ᠃ ᠲᠡᠳᠡ ᠪᠠᠰᠠ ᠯᠠ ᠰᠤᠷ ᠰᠢᠲᠠᠭᠰᠠᠨ ᠭᠠᠵᠠᠷ ᠦᠨᠡᠰᠦ ᠪᠤᠯᠢᠶᠠᠯᠳᠤᠭᠴᠢᠳ ᠤ᠋ᠨ ᠠᠳᠠᠯᠢ ᠵᠡᠰ ᠪᠥᠭᠡᠷᠡᠨᠴᠡᠭ ᠪᠤᠯᠢᠶᠠᠯᠳᠤᠵᠤ ᠪᠠᠢᠭ᠎ᠠ ᠬᠠᠷᠠᠭᠳᠠᠪᠠ᠃ 
      《ᠬᠠ ᠶᠠ ᠦᠭᠡᠢ ᠯᠡ ᠪᠤᠯᠢᠶᠠᠯᠳᠤᠭᠠᠨ᠂ ᠬᠠ ᠶᠠ ᠦᠭᠡᠢ ᠯᠡ ᠠᠯᠬᠢᠯᠳᠤᠭᠠᠨ!  ᠶᠠᠭᠠᠬᠢᠭᠰᠠᠨ ᠴᠤ᠌ ᠠᠢᠬᠤᠪᠲᠤᠷ ᠬᠥᠮᠦᠰ ᠶᠦᠮ ᠪᠢᠯᠡ ᠳᠠ!》 ᠭᠡᠵᠦ ᠰᠠᠩᠵᠢ ᠭᠡᠰᠦᠯ ᠪᠣᠳᠣᠯ᠎ᠠ᠃
       ᠡᠵᠡᠨ ᠬᠠᠭᠠᠨ ᠤ᠋ ᠪᠣᠯᠣᠳ ᠳᠠᠯᠠᠢ ᠯᠠᠮᠠ ᠶ᠋ᠢᠨ ᠱᠠᠪᠳᠠᠩ ᠢ᠋ ᠪᠠᠲᠤᠳᠬᠠᠬᠤ ᠶ᠋ᠢᠨ ᠲᠤᠯᠠᠳᠠ ᠲᠥᠪᠡᠳ ᠬᠥᠮᠦᠰ ᠪᠦᠬᠦᠢᠯᠡ ᠠᠷᠭ᠎ᠠ ᠰᠢᠷᠬᠡ ᠪᠡᠨ ᠣᠨ ᠤ᠋ ᠡᠬᠢᠨ ᠳ᠋ᠦ᠍ ᠡᠢᠨ ᠬᠦ᠌ ᠬᠡᠷᠡᠭᠯᠡᠳᠡᠭ ᠪᠣᠯᠪᠠᠴᠤ ᠣᠯᠠᠨ ᠣᠯᠠᠨ ᠳᠠᠯᠠᠢ ᠯᠠᠮᠠ ᠳ᠋ᠤ᠌ ᠲᠡᠷᠡ ᠪᠦᠬᠦᠨ ᠨᠢ ᠲᠤᠰᠠ ᠪᠣᠯᠤᠭ᠎ᠠ ᠦᠭᠡᠢ ᠠᠵᠠᠢ᠃ ᠭᠡᠪᠡᠴᠦ ᠲᠡᠭᠦᠨ ᠢ᠋ ᠬᠠᠢᠬᠤᠷᠳᠠᠭ ᠦᠭᠡᠢ ᠪᠠᠢᠯ᠎ᠠ᠃
       ᠪᠠᠭᠰᠢ ᠠ᠋᠂ ᠣᠨ ᠤ᠋ ᠲᠡᠷᠢᠭᠦᠨ ᠰᠠᠷ᠎ᠠ ᠶ᠋ᠢᠨ ᠵᠠᠩ ᠦᠢᠯᠡ ᠣᠳᠣ ᠡᠭᠦᠪᠡᠷ ᠲᠡᠭᠦᠰᠴᠦ ᠪᠠᠢᠭ᠎ᠠ ᠪᠢᠵᠡ ᠳᠡ ᠭᠡᠵᠦ ᠰᠠᠩᠵᠢ ᠭᠡᠰᠦᠯ ᠪᠠᠭᠰᠢ ᠠ᠋ᠴᠠ ᠪᠠᠨ ᠠᠰᠠᠭᠤᠪᠠ᠃ 
      – ᠬᠣᠷᠢᠨ ᠶᠢᠰᠦᠨ ᠳ᠋ᠦ᠍ ᠳᠠᠯᠠᠢ ᠯᠠᠮᠠ ᠶ᠋ᠢᠨ ᠲᠥᠯᠥᠭᠡ ᠵᠣᠯᠢᠭ ᠲᠤ᠌ ᠭᠠᠷᠭᠠᠬᠤ ᠶᠣᠰᠣᠯᠠᠯ ᠪᠣᠯᠳᠠᠭ ᠶᠤᠮ᠃ ᠲᠡᠷᠡ ᠶ᠋ᠢ ᠵᠠᠪᠠᠯ ᠦᠵᠡᠪᠡᠯ ᠲᠠᠭᠠᠷᠠᠨ᠎ᠠ ᠭᠡᠵᠦ ᠪᠠᠭᠰᠢ ᠬᠡᠯᠡᠪᠡ᠃《ᠪᠠᠰᠠ ᠲᠡᠢᠮᠦ ᠶᠣᠰᠣᠯᠠᠯ ᠪᠠᠢᠳᠠᠭ ᠶᠤᠮ ᠭᠡᠵᠦ ᠦᠦ? ᠶᠡᠬᠡ ᠯᠡ ᠣᠯᠠᠨ ᠠᠷᠭ᠎ᠠ ᠰᠢᠷᠬᠡ ᠬᠡᠷᠡᠭᠯᠡᠳᠡᠭ ᠶᠦᠮ ᠪᠠᠢᠨ᠎ᠠ ᠳᠠ᠃ ᠳᠠᠯᠠᠢ ᠯᠠᠮᠠᠳᠠᠨ ᠤ᠋ ᠯᠠᠭᠱᠠᠨ ᠲᠤᠩᠭᠠᠯᠠᠭ ᠣᠷᠣᠰᠢᠬᠤ ᠨᠢ ᠯᠠᠪᠲᠠᠢ ᠶᠤᠮ ᠳᠠ》ᠭᠡᠵᠦ ᠰᠠᠩᠵᠢ ᠭᠡᠰᠦᠯ ᠪᠣᠳᠣᠯ᠎ᠠ᠃ 
      ᠰᠤᠷ ᠤ᠋ᠨ ᠭᠠᠯ ᠳᠡᠭᠡᠷ᠎ᠡ ᠨᠣᠴᠣᠯᠳᠤᠵᠤ ᠪᠠᠢᠭᠰᠠᠨ ᠣᠯᠠᠨ ᠮᠥᠷᠭᠥᠯᠴᠢᠳ ᠰᠠᠶ᠋ᠢᠬᠠᠨ ᠲᠦᠳᠡᠭ ᠭᠠᠯ ᠨᠣᠴᠣᠵᠤ᠂ ᠰᠤᠷ ᠰᠢᠲᠠᠭᠰᠠᠨ ᠲᠡᠷᠡ ᠭᠠᠵᠠᠷ ᠢ᠋ ᠶᠠᠮᠠᠷ ᠴᠤ᠌ ᠤᠯᠠ ᠮᠥᠷ ᠦᠭᠡᠢ ᠪᠣᠯᠲᠠᠯ᠎ᠠ ᠨᠢ ᠬᠤᠪᠠᠬᠠᠢᠯᠠᠨ ᠬᠣᠭᠣᠰᠣᠯᠠᠵᠤ ᠴᠡᠪᠡᠷᠯᠡᠵᠦ ᠠᠪᠤᠭᠰᠠᠨ ᠬᠠᠷᠠᠭᠳᠠᠯ᠎ᠠ᠃ 
      ᠦᠬᠡᠷ ᠫᠤᠤ ᠶ᠋ᠢᠨ ᠳᠠᠭᠤ ᠳᠥᠷᠪᠡᠨᠲᠡ ᠫᠡᠷ ᠬᠢᠵᠦ ᠰᠣᠨᠣᠰᠳᠠᠭᠠᠳ ᠴᠢᠮᠡᠭᠡ ᠦᠭᠡᠢ ᠪᠣᠯᠤᠯ᠎ᠠ᠃ ᠲᠦᠷᠦᠭᠦᠴᠢ ᠶ᠋ᠢᠨ ᠬᠡᠢ ᠫᠤᠤᠳᠠᠭᠰᠠᠨ ᠲᠠᠢ ᠨᠡᠢᠯᠡᠭᠡᠳ ᠳᠣᠯᠣᠭᠠᠨ ᠤᠳᠠᠭ᠎ᠠ ᡀᠠᠰᠠ ᠶ᠋ᠢᠨ ᠲᠩᠷᠢ᠂ ᠭᠠᠵᠠᠷ ᠢ᠋ ᠳᠣᠷᠭᠢᠭᠤᠯᠤᠨ ᠳᠤᠤᠭᠠᠷᠤᠭᠰᠠᠨ ᠲᠡᠷᠡ ᠬᠦᠷᠡᠯ ᠭᠤᠨᠠᠨ ᠫᠤᠤ ᠳᠠᠬᠢᠭᠠᠳ ᠪᠦᠲᠦᠨ ᠵᠢᠯ ᠦ᠋ᠨ ᠲᠤᠷᠰᠢ ᠳᠠᠭᠤ ᠦᠭᠡᠢ ᠬᠡᠪᠲᠡᠬᠦ ᠠᠮᠠᠷᠠᠯᠲᠠ ᠪᠠᠨ ᠠᠪᠤᠯ᠎ᠠ᠃ 
      ᠦᠢ ᠮᠥᠷᠡᠨ ᠢ᠋ ᠪᠣᠭᠣᠵᠤ᠂ ᠦᠶᠡᠷ ᠤᠰᠤ ᠪᠠᠭᠤᠯᠭᠠᠬᠤ ᠪᠠᠷ ᠲᠡᠮᠡᠦᠯᠳᠡᠭ ᠭᠡᠭᠳᠡᠳᠡᠭ ᠯᠠᠩᠳᠠᠷᠮ᠎ᠠ ᠶ᠋ᠢᠨ ᠠᠭᠤᠯᠠᠨ ᠳ᠋ᠤ᠌ ᠤᠶᠠᠭᠰᠠᠨ ᠴᠠᠭᠠᠨ ᠢᠮᠠᠭ᠎ᠠ᠂ ᠬᠠᠷ᠎ᠠ ᠥᠷᠮᠥᠭ ᠮᠠᠢᠬᠠᠨ ᠶᠠᠭᠤᠨ ᠳ᠋ᠤ᠌ ᠴᠤ᠌ ᠣᠨᠣᠭᠳᠠᠭᠰᠠᠨ ᠦᠭᠡᠢ ᠡᠰᠡᠨ ᠮᠡᠨᠳᠦ ᠦᠯᠡᠲᠡᠯ᠎ᠡ᠃ 
      ᠳᠠᠯᠠᠢ ᠯᠠᠮᠠ ᠶ᠋ᠢᠨ ᠱᠠᠪᠳᠠᠩ ᠪᠠᠲᠤᠳᠠ ᠣᠷᠣᠰᠢᠬᠤ ᠪᠠᠢᠬᠤ ᠭᠡᠵᠦ ᠬᠥᠮᠦᠰ  ᠢᠲᠡᠭᠡᠯ᠎ᠡ᠃ ᠳᠠᠯᠠᠢ ᠯᠠᠮᠠ ᠯᠠ ᠠᠮᠤᠷ ᠮᠡᠨᠳᠦ ᠪᠠᠢᠪᠠᠯ ᠮᠥᠷᠭᠥᠯᠴᠢᠨ᠂ ᠰᠦᠵᠢᠭᠳᠡᠨ᠂ ᠱᠠᠪᠢ ᠨᠠᠷ ᠨᠢ ᠪᠠᠰᠠ ᠠᠮᠤᠭᠤᠯᠠᠩ ᠠᠵᠤ ᠲᠥᠷᠥᠬᠦ ᠤᠴᠢᠷ ᠲᠠᠢ ᠭᠡᠵᠦ ᠵᠤᠨ ᠣᠯᠠᠨ ᠢ᠋ᠶ᠋ᠠᠷ ᠢ᠋ᠶ᠋ᠠᠨ ᠢᠲᠡᠭᠡᠳᠡᠭ ᠪᠠᠢᠯ᠎ᠠ᠃ 
      – ᠣᠳᠣ ᠱᠠᠪᠢ ᠴᠢᠮ᠎ᠠ ᠳ᠋ᠤ᠌ ᠡᠨᠡᠬᠦ ᠪᠤᠷᠬᠠᠨ ᠤ᠋ ᠣᠷᠣᠨ ᠳ᠋ᠤ᠌ ᠪᠣᠯᠳᠠᠭ ᠶᠣᠰᠣᠯᠠᠯ ᠢ᠋ ᠦᠵᠡᠭᠦᠯᠵᠦ ᠳᠠᠭᠤᠰᠬᠠᠯ᠎ᠠ᠃ ᠵᠢᠯ ᠦ᠋ᠨ ᠪᠤᠰᠤᠳ ᠡᠳᠦᠷ ᠦ᠋ᠳ ᠲᠦ᠍ ᠥᠭᠡᠷ᠎ᠡ ᠨᠢᠭᠡ ᠶᠡᠬᠡ ᠣᠨᠴᠠᠭᠠᠢ ᠶᠠᠭᠤᠮ᠎ᠠ ᠪᠣᠯᠬᠤ ᠦᠭᠡᠢ᠃ ᠶᠠᠭ ᠯᠠ ᠡᠨᠡ ᠮᠠᠢᠭ ᠢ᠋ᠶ᠋ᠠᠷ ᠢ᠋ᠶ᠋ᠠᠨ ᠵᠢᠯ ᠡᠴᠡ ᠵᠢᠯ ᠳ᠋ᠦ᠍ ᠳᠠᠪᠲᠠᠭᠳᠠᠨ ᠬᠡᠳᠦᠨ ᠠᠷᠪᠠᠨ ᠦᠶ᠎ᠡ ᠤᠯᠠᠷᠢᠨ ᠥᠩᠭᠡᠷᠡᠭᠰᠡᠭᠡᠷ ᠪᠠᠢᠳᠠᠭ ᠶᠤᠮ᠃ ᠬᠦᠷᠳᠦ ᠡᠷᠭᠢᠭᠦᠯᠬᠦ ᠲᠠᠢ ᠯᠠ ᠢᠵᠢᠯᠬᠡᠨ ᠰᠠᠨᠠᠭᠳᠠᠨ᠎ᠠ ᠭᠡᠵᠦ  ᠴᠤᠢᠮᠴᠤᠭ ᠭᠡᠯᠦᠩ ᠱᠠᠪᠢ ᠳ᠋ᠠᠭᠠᠨ ᠬᠡᠯᠡᠯ᠎ᠡ᠃ ᠡᠭᠦᠪᠡᠷ ᠲᠡᠷᠡ ᠡᠳᠦᠷ ᠦ᠋ᠨ ᠱᠤᠤᠭᠢᠶᠠᠨᠲᠤ ᠶᠣᠰᠣᠯᠠᠯ ᠴᠤ᠌ ᠳᠠᠭᠤᠰᠴᠤ᠂ ᠰᠠᠩᠵᠢ ᠭᠡᠰᠦᠯ ᠦ᠋ᠨ ᠪᠠᠭᠰᠢ ᠯᠠᠮᠠ ᠲᠠᠢ ᠪᠠᠨ ᠬᠠᠮᠲᠤ ᠪᠤᠷᠬᠠᠨ ᠤ᠋ ᠬᠣᠲᠠᠨ ᠳ᠋ᠤ᠌ ᠠᠯᠢᠪᠠ ᠵᠠᠩ ᠦᠢᠯᠡ  ᠰᠣᠨᠢᠭᠤᠴᠢᠯᠠᠵᠤ ᠶᠠᠪᠤᠬᠤ ᠴᠠᠭ ᠨᠢ ᠴᠦ᠍ ᠲᠡᠭᠦᠰᠦᠭᠰᠡᠨ ᠪᠣᠯᠬᠤ ᠶ᠋ᠢ ᠰᠠᠩᠵᠢ ᠠᠩᠵᠠᠭᠠᠷᠠᠭᠰᠠᠨ ᠦᠭᠡᠢ᠃ ᠭᠡᠪᠡᠴᠦ ᠪᠠᠭᠰᠢ ᠯᠠᠮᠠ ᠨᠢ ᠪᠠᠷᠤᠭ ᠯᠠ ᠢᠩᠭᠢᠵᠦ ᠬᠡᠯᠡᠭᠡᠳ ᠪᠠᠢᠯ᠎ᠠ᠃ ᠨᠠᠰᠤᠨ ᠤ᠋ ᠵᠠᠯᠠᠭᠤ᠂ ᠠᠮᠢᠳᠤᠷᠠᠯ ᠤ᠋ᠨ ᠨᠢᠮᠭᠡᠨ ᠨᠢ ᠰᠠᠩᠵᠢ ᠳ᠋ᠤ᠌ ᠰᠡᠪᠳᠡᠭᠡ ᠴᠤᠬᠤᠢᠯᠭᠠᠭᠰᠠᠨ ᠦᠭᠡᠢ᠃