ᠮᠥᠩᠬᠡ ᠲᠤᠩᠬᠤ 3-08 ᠪᠢᠴᠢᠬᠠᠨ ᠤᠯᠠᠭᠠᠨ ᠮᠠᠯᠠᠭᠠᠢᠲᠤ- ᠦᠷᠭᠦᠯᠵᠢᠯᠡᠯМөнх тунх-Бяцхан улаан малгайт
ᠪᠢᠴᠢᠬᠠᠨ ᠤᠯᠠᠭᠠᠨ ᠮᠠᠯᠠᠭᠠᠢᠲᠤ- ᠦᠷᠭᠦᠯᠵᠢᠯᠡᠯ
ᠮᠥᠩᠬᠡ᠄ ᠵᠠ! ᠮᠠᠨ ᠤ᠋ ᠥᠬᠢᠳ ᠮᠠᠨᠢ ᠶᠠᠭᠤ ᠬᠢᠴᠢᠬᠡᠵᠦ ᠪᠠᠢᠨ᠎ᠠ ᠳᠠ? ᠬᠢ ᠬᠢ
ᠤᠯᠠᠭᠠᠨ ᠮᠠᠯᠠᠭᠠᠢᠲᠤ᠄ ᠪᠢ ᠪᠢᠴᠢᠬᠠᠨ ᠬᠥᠭᠡᠷᠦᠬᠦᠨ 《ᠤᠯᠠᠭᠠᠨ ᠮᠠᠯᠠᠭᠠᠢᠲᠤ》 ᠪᠠᠢᠨ᠎ᠠ᠃
ᠮᠥᠩᠬᠡ᠄ ᠵᠢᠵᠡᠢ᠂ ᠥᠵᠢ᠂ ᠪᠠᠰᠠᠵᠢ᠂ ᠠ ᠬᠠ ᠬᠠ᠁
ᠤᠯᠠᠭᠠᠨ ᠮᠠᠯᠠᠭᠠᠢᠲᠤ᠄ ᠶᠠᠭᠠᠬᠢᠨ᠎ᠠ ᠠ᠋! ᠴᠢᠨᠣ᠎ᠠ?
ᠮᠥᠩᠬᠡ᠄ ᠦᠭᠡᠢ! ᠡᠨᠡ ᠴᠢᠨᠢ ᠬᠣᠭ ᠢ᠋ ᠬᠣᠭ ᠤ᠋ᠨ ᠰᠠᠪᠠᠨ ᠳ᠋ᠤ᠌ ᠨᠢ ᠯᠡ ᠬᠠᠶᠠᠨ᠎ᠠ ᠪᠠᠵᠠ ᠳ᠋ᠠ!
ᠤᠯᠠᠭᠠᠨ ᠮᠠᠯᠠᠭᠠᠢᠲᠤ᠄ ᠮᠠᠨ ᠤ᠋ ᠡᠵᠢ ᠰᠢᠭ ᠦᠭᠡᠯᠡᠭᠡᠳ ᠪᠠᠢᠬᠤ ᠶᠤᠮ ᠠ᠋! ᠶᠣᠣ᠁ ᠶᠠᠳᠠᠷᠠᠭᠠᠳ ᠪᠠᠢᠨ᠎ᠠ ᠠ᠋! ᠲᠡᠨᠳᠡ ᠮᠢᠨᠦ ᠲᠣᠭᠯᠠᠳᠠᠭ ᠪᠠᠢᠭ᠎ᠠ ᠰᠢᠳᠡ᠂ ᠣᠴᠢᠵᠤ ᠲᠣᠭᠯᠠᠬᠤ ᠤᠤ?ᠴᠢᠨᠣ᠎ᠠ ᠶ᠋ᠢ ᠬᠠᠢᠵᠤ ᠣᠯᠬᠤ ᠤᠤ?
ᠪᠠᠰᠠᠷ᠄ ᠬᠥᠶᠢ! ᠲᠡᠭᠡᠳᠡᠭ ᠨᠢ ᠶᠠᠭᠠᠬᠢᠵᠤ ᠪᠠᠢᠭ᠎ᠠ?
ᠵᠤᠯᠠ᠄ ᠬᠠᠷᠢᠨ ᠲᠡᠢᠮᠦ! ᠶᠠᠭᠤ ᠬᠢᠬᠦ ᠦᠦ?
ᠪᠠᠰᠠᠷ᠄ ᠥ᠂ ᠡᠨᠡ ᠬᠣᠶᠠᠷ ᠪᠣᠯ ᠲᠠᠭᠠᠷᠠᠭᠰᠠᠨ ᠬᠣᠶᠠᠷ ᠪᠠᠢᠨ᠎ᠠ ᠳᠠ!
ᠵᠢᠷᠤᠭ ᠠᠪᠤᠭᠴᠢ᠄ ᠶᠠᠭᠠᠬᠢᠭᠠᠳ ᠶᠠᠷᠢᠬᠤ ᠦᠭᠡᠢ ᠪᠠᠢᠨ᠎ᠠ?
ᠮᠥᠩᠬᠡ᠄ ᠥᠩ᠂ ᠣᠳᠣ ᠬᠥᠳᠡᠯᠬᠦ ᠶᠦᠮ ᠦᠦ?
ᠵᠢᠷᠤᠭ ᠠᠪᠤᠭᠴᠢ᠄ ᠦ᠂ ᠡᠬᠢᠯᠡᠴᠢᠬᠡᠭᠰᠡᠨ ᠪᠠᠢᠨ᠎ᠠ ᠰᠢᠦ ᠳ᠋ᠠ!ᠵᠠ!ᠳᠠᠬᠢᠭᠠᠳ ᠡᠬᠢᠨ ᠡᠴᠡ ᠨᠢ ᠡᠬᠢᠯᠡᠶ᠎ᠡ!
ᠵᠤᠯᠠ᠄ ᠦ! ᠡᠬᠢᠯᠡᠴᠢᠬᠡᠭᠰᠡᠨ ᠪᠠᠢᠭᠰᠠᠨ ᠶᠤᠮ ᠤᠤ?
ᠴᠠᠰᠤᠬᠠᠨ᠄ ᠬᠢ ᠬᠢ!ᠬᠠᠷᠢᠨ ᠲᠡᠢᠮᠦ ᠪᠠᠢᠨ᠎ᠠ᠂ ᠪᠦᠷ ᠵᠢᠷᠤᠭ ᠰᠢᠭ᠋ ᠵᠣᠭᠰᠣᠭᠠᠷᠠᠢ ᠭᠡᠬᠦ ᠨᠢ ᠬᠥᠳᠡᠯᠬᠦ ᠦᠭᠡᠢ ᠶᠦ᠍ᠮ ᠪᠣᠯᠪᠠ ᠤᠤ ᠭᠡᠵᠦ ᠪᠣᠳᠣᠵᠤ ᠪᠠᠢᠯ᠎ᠠ᠃ ᠬᠡ ᠬᠡ ᠬᠡ
ᠪᠠᠰᠠᠷ᠄ ᠦ! ᠶᠣᠣ ᠶᠣᠣ ᠂ ᠬᠢ ᠬᠢ! ᠰᠠᠶᠢ ᠶ᠋ᠢᠨ ᠬᠡᠰᠡᠭ ᠦ᠋ᠨ ᠵᠣᠬᠢᠶᠠᠯ ᠢ᠋ ᠪᠠᠰᠠ ᠪᠢ ᠪᠢᠴᠢᠭᠰᠡᠨ ᠰᠢᠳᠡ᠂ ᠡᠩ! ᠶᠠᠩᠵᠤ ᠶ᠋ᠢᠨ ᠢᠨᠢᠶᠡᠳᠦ ᠲᠡᠢ ᠪᠠᠢᠭ᠎ᠠ ᠪᠢᠵᠡ ᠳᠠ! ᠬᠠ ᠬᠠ᠂ ᠵᠠ ᠵᠠ ᠦᠷᠭᠦᠯᠵᠢᠯᠡᠭᠦᠯᠦᠭᠡᠳ ᠠᠳᠠᠯ ᠶᠠᠪᠤᠳᠠᠯ ᠢ᠋ᠶ᠋ᠠᠨ ᠦᠵᠡ ᠦᠵᠡ!
ᠤᠯᠠᠭᠠᠨ ᠮᠠᠯᠠᠭᠠᠢᠲᠤ᠄ ᠰᠡᠷᠢᠭᠦᠨ ᠰᠠᠯᠬᠢ ᠰᠡᠪᠱᠢᠨ ᠦᠯᠢᠶᠡᠵᠦ᠂ ᠰᠡᠯᠡᠭᠦᠴᠡᠬᠦ ᠡᠴᠡ ᠥᠭᠡᠷ᠎ᠡ ᠠᠵᠢᠯ ᠦᠭᠡᠢ ᠨᠠᠳᠠ ᠳ᠋ᠤ᠌᠂ ᠰᠡᠳᠬᠢᠯ ᠰᠡᠷᠭᠦᠮ᠎ᠡ ᠶᠠᠭᠤᠲᠠᠢ ᠲᠠᠭᠠᠲᠠᠢ᠂ ᠬᠣᠯᠬᠢᠨ ᠲᠡᠨᠦᠭᠦᠴᠢᠯᠡᠬᠦ ᠠᠵᠢᠯ ᠲᠠᠢ ᠨᠠᠳᠠ ᠳ᠋ᠤ᠌᠂ ᠬᠣᠷᠸ᠎ᠠ ᠶ᠋ᠢᠨ ᠡᠳᠦᠷ ᠦ᠋ᠳ ᠶᠠᠭᠤᠲᠠᠢ ᠤᠷᠲᠤ ᠪᠣᠢ?
ᠵᠤᠯᠠ᠄ ᠬᠥᠶᠢ ᠨᠠᠭᠠᠳᠤᠬᠢ ᠶ᠋ᠢ ᠴᠢᠨᠢ ᠭᠣᠶᠣ ᠳᠠᠭᠤᠤ ᠪᠣᠯᠭᠠᠭᠠᠳ ᠳᠠᠭᠤᠯᠠᠴᠢᠬᠠᠶᠠ᠄
ᠰᠡᠷᠢᠭᠦᠨ ᠰᠠᠯᠬᠢ ᠰᠡᠪᠱᠢᠨ ᠦᠯᠢᠶᠡᠵᠦ᠂᠂ ᠰᠡᠯᠡᠭᠦᠴᠡᠬᠦ ᠡᠴᠡ ᠥᠭᠡᠷ᠎ᠡ ᠠᠵᠢᠯ ᠦᠭᠡᠢ ᠨᠠᠳᠠ ᠳ᠋ᠤ᠌᠂ ᠰᠡᠳᠬᠢᠯ ᠰᠡᠷᠭᠦᠮ᠎ᠡ ᠶᠠᠭᠤ ᠲᠠᠢ ᠲᠠᠭᠠᠲᠠᠢ᠂ ᠬᠣᠯᠬᠢᠨ ᠲᠡᠨᠦᠭᠦᠴᠢᠯᠡᠬᠦ ᠠᠵᠢᠯ ᠲᠠᠢ ᠨᠠᠳᠠ ᠳ᠋ᠤ᠌᠂ ᠬᠣᠷᠸ᠎ᠠ ᠶ᠋ᠢᠨ ᠡᠳᠦᠷ ᠦ᠋ᠳ ᠶᠠᠭᠤᠲᠠᠢ ᠤᠷᠲᠤ ᠪᠣᠢ?
ᠤᠯᠠᠭᠠᠨ ᠮᠠᠯᠠᠭᠠᠢᠲᠤ᠄ ᠥᠷᠯᠥᠭᠡ ᠨᠠᠷᠠ ᠮᠠᠨᠳᠤᠬᠤ ᠴᠤ᠌ ᠂ᠣᠷᠣᠢ ᠰᠠᠷ᠎ᠠ ᠭᠠᠷᠬᠤ ᠴᠤ᠌ ᠂ᠬᠠᠮᠲᠤ ᠲᠣᠭᠯᠠᠳᠠᠭ ᠨᠠᠢᠵᠠ ᠳ᠋ᠤ᠌ ᠪᠠᠨ ᠬᠠᠢᠷᠠᠲᠠᠢ᠃
ᠵᠤᠯᠠ᠄ ᠭᠡᠷ ᠲᠦ᠍ ᠪᠡᠨ ᠣᠷᠣ ᠭᠡᠰᠡᠨ ᠴᠦ᠍ ᠭᠡᠳᠡᠷᠭᠦ ᠬᠠᠮᠲᠤ ᠲᠡᠨᠦᠳᠡᠭ ᠬᠥᠭᠡᠷᠦᠬᠦᠨ ᠨᠠᠢᠵᠢ ᠶ᠋ᠢᠨ ᠮᠢᠨᠢ᠂ ᠬᠠᠴᠠᠷ ᠰᠠᠢᠷ ᠲᠠᠢ᠃
ᠤᠯᠠᠭᠠᠨ ᠮᠠᠯᠠᠭᠠᠢᠲᠤ᠄ ᠴᠢ ᠪᠠᠰᠠ ᠮᠢᠨᠦ ᠬᠠᠴᠠᠷ ᠰᠠᠢᠷ ᠲᠠᠢ ᠭᠡᠰᠡᠨ ᠦᠦ?
ᠵᠤᠯᠠ᠄ ᠵᠠ! ᠲᠣᠭᠯᠠᠵᠤ ᠪᠠᠢᠬᠤ ᠳ᠋ᠤ᠌᠂ ᠳᠠᠭᠤᠯᠠᠶ᠎ᠠ᠃
ᠤᠯᠠᠭᠠᠨ ᠮᠠᠯᠠᠭᠠᠢᠲᠤ᠄ ᠬᠡᠩ!
ᠳᠠᠭᠤᠤ᠄ᠮᠢᠨᠦ ᠨᠠᠢᠵᠠ ᠮᠢᠨᠢ ᠮᠠᠩᠨᠠᠢ ᠬᠠᠯᠵᠠᠨ ᠵᠤᠷᠪᠤᠰ ᠲᠠᠢ᠂
ᠮᠢᠩᠭᠠᠨ ᠨᠠᠢᠵᠠ ᠨᠤᠭᠤᠳ ᠠ᠋ᠴᠠ ᠬᠠᠷᠠᠮᠠᠭᠴᠠ ᠲᠠᠨᠢᠳᠠᠭ᠂
ᠮᠢᠨᠦ ᠨᠠᠢᠵᠠ ᠳᠠᠭᠤᠨ ᠤ᠋ ᠦᠭᠡ ᠣᠯᠳᠠᠬᠤ ᠦᠭᠡᠢ ᠦᠶ᠎ᠡ ᠳ᠋ᠦ᠍
ᠬᠡᠨᠵᠡ ᠬᠤᠷᠠᠭᠠᠨ ᠤ᠋ ᠰᠢᠯᠦᠭ ᠢ᠋ ᠳᠠᠭᠤᠨ ᠳ᠋ᠤ᠌ ᠪᠠᠨ ᠬᠣᠯᠢᠳᠠᠭ᠃
ᠰᠡᠷᠢᠭᠦᠨ ᠰᠠᠯᠬᠢ ᠰᠡᠪᠱᠢᠨ ᠦᠯᠢᠶᠡᠵᠦ᠂
ᠰᠡᠯᠡᠭᠦᠴᠡᠬᠦ ᠡᠴᠡ ᠥᠭᠡᠷ᠎ᠡ ᠠᠵᠢᠯ ᠦᠭᠡᠢ ᠨᠠᠳᠠ ᠳ᠋ᠤ᠌
ᠰᠡᠳᠬᠢᠯ ᠰᠡᠷᠭᠦᠮ᠎ᠡ ᠶᠠᠭᠤᠲᠠᠢ ᠲᠠᠭᠠᠲᠠᠢ
ᠬᠣᠯᠬᠢᠨ ᠲᠡᠨᠦᠭᠦᠴᠢᠯᠡᠬᠦ ᠠᠵᠢᠯ ᠲᠠᠢ ᠨᠠᠳᠠ ᠳ᠋ᠤ᠌
ᠬᠣᠷᠸ᠎ᠠ ᠶ᠋ᠢᠨ ᠡᠳᠦᠷ ᠦ᠋ᠳ ᠶᠠᠭᠤᠲᠠᠢ ᠤᠷᠲᠤ ᠪᠣᠢ᠂ ᠬᠢ ᠬᠢ᠂ ᠬᠡ ᠬᠡ᠃
ᠪᠠᠰᠠᠷ᠄ ᠵᠠ᠂ ᠮᠠᠨ ᠤ᠋ ᠬᠡᠳᠦ ᠬᠠᠳᠠᠨ ᠳᠡᠭᠡᠷᠡᠬᠢ ᠪᠢᠴᠢᠭ ᠢ᠋ ᠠᠷᠢᠯᠭᠠᠭᠠᠳ ᠢᠷᠡᠬᠦ ᠪᠠᠢᠬ᠎ᠠ᠂ ᠨᠠᠮ᠎ᠠ ᠶ᠋ᠢ ᠲᠠ ᠬᠣᠶᠠᠷ ᠢ᠋ ᠬᠠᠷᠠᠵᠤ ᠪᠠᠢᠭᠠᠷᠠᠢ ᠭᠡᠰᠡᠨ ᠰᠢᠦ᠂ ᠠᠶᠠᠲᠠᠢᠬᠠᠨ ᠪᠠᠢᠭᠠᠷᠠᠢ ᠲᠠ ᠬᠣᠶᠠᠷ!
ᠤᠯᠠᠭᠠᠨ ᠮᠠᠯᠠᠭᠠᠢᠲᠤ᠄ ᠬᠥᠶᠢ! ᠨᠡᠭᠡᠷᠡᠨ ᠴᠢᠨᠣ᠎ᠠ ᠪᠠᠢᠭ᠎ᠠ ᠭᠡᠰᠡᠨ ᠦᠦ?
ᠵᠤᠯᠠ᠄ ᠲᠡᠭᠡᠭᠰᠡᠨ ᠱᠢᠦ!
ᠪᠠᠰᠠᠷ᠄ ᠡᠩ?
ᠤᠯᠠᠭᠠᠨ ᠮᠠᠯᠠᠭᠠᠢᠲᠤ᠄ ᠲᠡᠷᠡ ᠴᠢᠨᠣ᠎ᠠ ᠢᠷᠡᠬᠦ ᠦᠭᠡᠢ ᠶᠦ᠍ᠮ ᠪᠢᠰᠢ ᠊ᠦᠦ?
ᠵᠤᠯᠠ᠄ ᠬᠠᠷᠢᠨ ᠲᠡᠢᠮᠦ᠂ ᠢᠷᠡᠬᠦ ᠦᠭᠡᠢ ᠶᠦ᠍ᠮ ᠰᠢᠭ ᠪᠠᠢᠨ᠎ᠠ᠃
ᠤᠯᠠᠭᠠᠨ ᠮᠠᠯᠠᠭᠠᠢᠲᠤ᠄ ᠬᠣᠶᠠᠭᠤᠯᠠ ᠪᠠᠨ ᠴᠢᠨᠣ᠎ᠠ ᠶ᠋ᠢ ᠣᠴᠢᠵᠤ ᠦᠵᠡᠬᠦ ᠦᠦ?
ᠵᠤᠯᠠ᠄ ᠠ! ᠲᠡᠭᠡᠶ᠎ᠡ ᠯᠡ ᠳ᠋ᠠ!
ᠪᠠᠰᠠᠷ᠄ ᠬᠥᠶᠢ ᠬᠥᠶᠢ! ᠪᠤᠯᠢᠭᠠᠴᠢ ᠬᠣᠶᠠᠷ ᠠ᠋! ᠬᠥᠶᠢ!
ᠵᠤᠯᠠ᠄ ᠵᠦᠭᠡᠷ ᠠ᠋᠂ ᠪᠠᠰᠠᠷ ᠠ᠋! ᠰᠠᠨᠠᠭ᠎ᠠ ᠵᠣᠪᠠᠭᠠᠳ ᠪᠠᠢᠭ᠎ᠠ ᠶᠤᠮ ᠪᠣᠯ ᠬᠠᠮᠲᠤ ᠶᠠᠪᠤᠯ ᠳ᠋ᠠ!
ᠪᠠᠰᠠᠷ᠄ ᠢ᠁ ᠵᠠ! ᠪᠣᠯᠢᠵᠤ ᠦᠵᠡᠶ᠎ᠡ!
ᠵᠤᠯᠠ᠄ ᠵᠠ᠂ ᠪᠢᠳᠡ ᠬᠣᠶᠠᠷ ᠲᠡᠭᠡᠪᠡᠯ ᠶᠠᠪᠤᠯ᠎ᠠ ᠰᠢᠦ!
ᠪᠠᠰᠠᠷ᠄ ᠵᠠ ᠵᠠ ᠵᠠ᠂ ᠬᠠᠮᠲᠤ ᠶᠠᠪᠤᠶ᠎ᠠ᠂ ᠬᠠᠮᠲᠤ ᠶᠠᠪᠤᠶ᠎ᠠ!
ᠴᠢᠨᠣ᠎ᠠ᠄ ᠠᠢ!ᠰᠠᠢᠬᠠᠨ ᠡᠳᠦᠷ ᠪᠠᠢᠨ᠎ᠠ ᠰᠢᠦ᠂ ᠬᠡᠩ ᠬᠡᠩ᠂ ᠲᠡᠷᠡ ᠡᠭᠦᠯᠡ ᠨᠦ᠍ᠭᠦᠳ ᠶᠠᠮᠠᠷ ᠮᠠᠷᠵᠠᠩ ᠬᠠᠷᠠᠭᠳᠠᠳᠠᠭ ᠶᠤᠮ ᠳ᠋ᠠ᠂ ᠬᠡ ᠬᠡ᠂ᠬᠥᠶᠢ! ᠵᠠᠢᠷᠮᠠᠭ ᠶᠠᠪᠤᠵᠤ ᠪᠠᠢᠨ᠎ᠠ᠂ ᠫᠥᠬᠥ! ᠪᠠᠮᠪᠤᠷᠰᠢ ᠶᠠᠪᠤᠵᠤ ᠪᠠᠢᠨ᠎ᠠ᠃
ᠤᠯᠠᠭᠠᠨ ᠮᠠᠯᠠᠭᠠᠢᠲᠤ᠄ ᠬᠢ ᠬᠢ᠁ ᠵᠠ ᠬᠠᠷᠠᠵᠤ ᠪᠠᠢᠭᠠᠷᠠᠢ! ᠴᠢᠨᠣ᠎ᠠ ᠭᠤᠸᠠᠢ ᠲᠠᠨ ᠤ᠋ ᠬᠠᠮᠠᠷ ᠶᠠᠭᠠᠬᠢᠭᠠᠳ ᠡᠢᠮᠦ ᠲᠣᠮᠣ ᠶᠤᠮ ᠪᠣᠢ?ᠬᠢ ᠬᠢ!
ᠴᠢᠨᠣ᠎ᠠ᠄ ᠠ! ᠬᠡᠨ ᠪᠣᠢ?
ᠤᠯᠠᠭᠠᠨ ᠮᠠᠯᠠᠭᠠᠢᠲᠤ᠄ ᠪᠢᠳᠡᠨ ᠢ᠋ ᠰᠠᠢᠨ ᠦᠨᠦᠷᠯᠡᠬᠦ ᠭᠡᠵᠦ ᠡᠢᠮᠦ ᠲᠣᠮᠣ ᠶᠤᠮ ᠤᠤ?
ᠵᠤᠯᠠ᠂ ᠤᠯᠠᠭᠠᠨ ᠮᠠᠯᠠᠭᠠᠢᠲᠤ( ᠵᠡᠷᠭᠡᠪᠡᠷ)᠄ ᠠ ᠬᠠ ᠬᠠ᠁
ᠴᠢᠨᠣ᠎ᠠ᠄ ᠶᠠᠭᠤ ᠶᠠᠭᠤ ᠭᠡᠳ ᠪᠠᠢᠨ᠎ᠠ?
ᠪᠠᠰᠠᠷ᠄ ᠮᠠᠨ ᠤ᠋ ᠬᠢ ᠠ᠋! ᠣᠳᠣ ᠪᠣᠯᠢᠶ᠎ᠠ!
ᠤᠯᠠᠭᠠᠨ ᠮᠠᠯᠠᠭᠠᠢᠲᠤ᠄ ᠪᠠᠢᠵᠤ ᠪᠠᠢ᠂ ᠪᠠᠢᠵᠤ ᠪᠠᠢ᠂᠂ ᠴᠢᠨᠣ᠎ᠠ ᠭᠤᠸᠠᠢ᠂ ᠴᠢᠨᠣ᠎ᠠ ᠭᠤᠸᠠᠢ! ᠲᠠᠨ ᠤ᠋ ᠴᠢᠬᠢ ᠶᠠᠭᠠᠬᠢᠭᠠᠳ ᠡᠢᠮᠦ ᠤᠷᠲᠤ ᠶᠤᠮ ᠪᠣᠢ?
ᠵᠤᠯᠠ᠄ ᠪᠢᠳᠡᠨ ᠢ᠋ ᠰᠠᠢᠨ ᠰᠣᠨᠣᠰᠬᠤ ᠭᠡᠵᠦ ᠡᠢᠮᠦ ᠤᠷᠲᠤ ᠴᠢᠬᠢ ᠲᠡᠢ ᠪᠣᠯᠤᠭᠰᠠᠨ ᠶᠤᠮ ᠤᠤ?
ᠤᠯᠠᠭᠠᠨ ᠮᠠᠯᠠᠭᠠᠢᠲᠤ᠄ ᠠ ᠬᠠ ᠬᠠ᠁
ᠵᠤᠯᠠ᠄ ᠬᠠ ᠬᠠ᠁
ᠴᠢᠨᠣ᠎ᠠ᠄ ᠬᠡᠨ ᠪᠣᠢ?
ᠵᠤᠯᠠ᠄ ᠵᠠ᠂ ᠪᠠᠢᠵᠤ ᠪᠠᠢᠭᠠᠷᠠᠢ! ᠣᠳᠣ ᠪᠢ ᠪᠢ ᠪᠢ᠂ ᠴᠢᠨᠣ᠎ᠠ ᠭᠤᠸᠠᠢ᠂ ᠴᠢᠨᠣ᠎ᠠ ᠭᠤᠸᠠᠢ! ᠲᠠ ᠶᠠᠭᠠᠬᠢᠭᠠᠳ ᠡᠢᠮᠦ ᠮᠠᠷᠵᠠᠩ ᠴᠢᠷᠠᠢ ᠲᠠᠢ ᠶᠤᠮ ᠪᠣᠢ?
ᠤᠯᠠᠭᠠᠨ ᠮᠠᠯᠠᠭᠠᠢᠲᠤ᠄ ᠮᠠᠷᠵᠠᠩ ᠴᠢᠨᠣ᠎ᠠ ᠭᠤᠸᠠᠢ!
ᠪᠠᠰᠠᠷ᠄ ᠮᠠᠨ ᠤ᠋ ᠬᠢ ᠠ᠋! ᠣᠳᠣ ᠪᠣᠯᠢᠶ᠎ᠠ᠁
ᠴᠢᠨᠣ᠎ᠠ᠄ ᠵᠠ! ᠪᠢ ᠲᠠ ᠨᠠᠷ ᠢ᠋ ᠣᠯᠳᠠᠭ ᠶᠤᠮ ᠪᠣᠯ ᠤᠤ᠁
ᠤᠯᠠᠭᠠᠨ ᠮᠠᠯᠠᠭᠠᠢᠲᠤ᠄ ᠬᠠᠢᠭᠠᠳ ᠣᠯᠤᠭᠠᠷᠠᠢ᠂ ᠴᠢᠨᠣ᠎ᠠ ᠭᠤᠸᠠᠢ! ᠠ ᠬᠠ ᠬᠠ᠁
( ᠭᠤᠷᠪᠠᠭᠤᠯᠠ ᠶ᠋ᠢᠨ ᠢᠨᠢᠶᠡᠳᠦ)
ᠲᠤᠩᠬᠤ᠄ ᠮᠠᠨ ᠤ᠋ ᠭᠤᠷᠪᠠ ᠬᠠᠮᠢᠭ᠎ᠠ ᠪᠠᠢᠭ᠎ᠠ ᠶᠤᠮ ᠪᠣᠯ ᠳᠠ?
ᠮᠥᠩᠬᠡ᠄ ᠵᠤᠯᠠ ᠡᠭᠡᠴᠢ ᠶ᠋ᠢ ᠡᠢᠮᠦ ᠰᠠᠬᠢᠯᠭ᠎ᠠ ᠦᠭᠡᠢ ᠭᠡᠵᠦ ᠶᠠᠭᠠᠬᠢᠵᠤ ᠮᠡᠳᠡᠬᠦᠪ ᠳ᠋ᠠ!
ᠴᠠᠰᠤᠬᠠᠨ᠄ ᠵᠠ᠂ ᠡᠨᠡ ᠬᠠᠪᠢ ᠪᠠᠷ ᠯᠠ ᠪᠠᠢᠭ᠎ᠠ
ᠤᠯᠠᠭᠠᠨ ᠮᠠᠯᠠᠭᠠᠢᠲᠤ᠄ ᠶᠣᠣ᠂ ᠶᠣᠣ! ᠵᠤᠯᠠ᠂ ᠣᠳᠣ ᠪᠣᠯᠢᠶ᠎ᠠ! ᠶᠣᠣ ᠶᠣᠣ! ᠡᠯᠢᠭᠡ ᠪᠦᠷ ᠲᠠᠲᠠᠵᠤ ᠡᠬᠢᠯᠡᠵᠦ ᠪᠠᠢᠭ᠎ᠠ ᠰᠢᠭ᠋ ᠪᠠᠢᠨ᠎ᠠ᠃
ᠵᠤᠯᠠ᠄ ᠠ ᠬᠠ!
ᠴᠢᠨᠣ᠎ᠠ᠄ ᠬᠡ ᠠ᠂᠁
ᠵᠤᠯᠠ᠄ ᠴᠢᠨᠣ᠎ᠠ ᠭᠤᠸᠠᠢ! ᠲᠠᠨ ᠤ᠋ ᠰᠢᠲᠦ ᠶᠠᠭᠠᠬᠢᠭᠠᠳ ᠡᠢᠮᠦ ᠳᠡᠯᠪᠡ ᠲᠣᠮᠣ ᠶᠤᠮ ᠪᠣᠢ?
(ᠭᠤᠷᠪᠠᠭᠤᠯᠠ ᠶ᠋ᠢᠨ ᠢᠨᠢᠶᠡᠳᠦ)
ᠴᠢᠨᠣ᠎ᠠ᠄ ᠠ! ᠬᠠᠮᠢᠭ᠎ᠠ ᠪᠠᠢᠨ᠎ᠠ? ᠲᠠ ᠨᠠᠷ! ᠥ ᠂ ᠡᠨᠳᠡ ᠪᠠᠢᠨ᠎ᠠ ᠤᠤ?
( ᠭᠤᠷᠪᠠᠭᠤᠯᠠ ᠶ᠋ᠢᠨ ᠢᠨᠢᠶᠡᠳᠦ)
ᠪᠠᠰᠠᠷ᠄ ᠬᠥᠶᠢ! ᠬᠥᠶᠢ ᠬᠥᠶᠢ! ᠴᠢᠨᠣ᠎ᠠ ᠮᠠᠨ ᠤ᠋ ᠬᠡᠳᠦ ᠤᠷᠤᠭᠤ ᠳᠠᠪᠬᠢᠴᠢᠬᠠᠯᠠ᠃
ᠵᠤᠯᠠ᠄ ᠶᠠᠭᠠᠬᠢᠨ᠎ᠠ?
ᠤᠯᠠᠭᠠᠨ ᠮᠠᠯᠠᠭᠠᠢᠲᠤ᠄ ᠢ ᠶᠠᠭᠠᠬᠢᠨ᠎ᠠ?
ᠴᠢᠨᠣ᠎ᠠ᠄ ᠵᠠ!ᠶᠠᠭᠠᠬᠢᠭᠰᠠᠨ ᠶᠡᠬᠡ ᠲᠣᠭᠯᠠᠭᠠᠮ ᠲᠠᠢ ᠬᠡᠦᠬᠡᠳ ᠦ᠋ᠳ ᠪᠣᠢ? ᠲᠣᠮᠣ ᠠᠮᠠ ᠪᠠᠷ ᠢ᠋ᠶ᠋ᠠᠨ ᠬᠠᠵᠠᠵᠤ ᠦᠵᠡᠭᠦᠯᠬᠦ ᠦᠦ?
ᠲᠤᠩᠬᠤ᠄ ᠶᠠᠭᠠᠬᠢᠨ᠎ᠠ? ᠶᠠᠭᠤᠨ ᠴᠢᠨᠣ᠎ᠠ ᠪᠣᠢ?
ᠮᠥᠩᠬᠡ᠄ ᠬᠥᠶᠢ!ᠴᠢᠨᠣ᠎ᠠ ᠠᠬ᠎ᠠ!
ᠴᠢᠨᠣ᠎ᠠ᠄ ᠥ ᠠ᠁
ᠪᠦᠭᠦᠳᠡᠭᠡᠷ᠄ ᠠ᠁
ᠴᠢᠨᠣ᠎ᠠ᠄ ᠥ ᠠ᠁
ᠪᠦᠭᠦᠳᠡᠭᠡᠷ᠄ ᠠ᠁
ᠴᠢᠨᠣ᠎ᠠ᠄ ᠠᠶᠤᠵᠤ ᠪᠠᠢᠨ᠎ᠠ ᠤᠤ?
ᠮᠥᠩᠬᠡ᠄ ᠠ?
ᠴᠢᠨᠣ᠎ᠠ᠄ ᠠᠶᠤᠵᠤ ᠪᠠᠢᠨ᠎ᠠ ᠤᠤ?
ᠮᠥᠩᠬᠡ᠄ ᠠᠶᠤᠵᠤ ᠪᠠᠢᠨ᠎ᠠ᠂ ᠠᠶᠤᠵᠤ ᠪᠠᠢᠨ᠎ᠠ᠃
ᠲᠤᠩᠬᠤ᠄ ᠠᠶᠤᠮᠠᠷ ᠪᠠᠢᠨ᠎ᠠ᠂ ᠠᠶᠤᠮᠠᠷ ᠪᠠᠢᠨ᠎ᠠ᠃
ᠴᠢᠨᠣ᠎ᠠ᠄ ᠲᠠ ᠨᠠᠷ ᠠᠶᠤᠯᠭᠠᠬᠤ ᠲᠥᠯᠦᠪᠯᠡᠭᠡᠨ ᠳ᠋ᠦ᠍ ᠣᠷᠣᠯᠴᠠᠯ᠎ᠠ᠂ ᠠ ᠬᠠ ᠬᠠ᠁
ᠴᠠᠰᠤᠬᠠᠨ᠄ ᠶᠠᠭᠠᠬᠢᠭᠰᠠᠨ?
ᠵᠤᠯᠠ᠄ ᠵᠠ ᠵᠠ! ᠡᠭᠡᠴᠢ ᠨᠢ ᠲᠠ ᠨᠠᠷ ᠢ᠋ᠶ᠋ᠠᠷ prank ( ᠳᠠᠭᠠᠵᠢᠩ ᠱᠣᠭ)ᠬᠢᠭᠰᠡᠨ ᠶᠦᠮ ᠠ᠋! ᠬᠢ ᠬᠢ!
ᠲᠤᠩᠬᠤ᠄ ᠶᠠᠭᠠᠬᠢᠭᠰᠠᠨ?
ᠵᠤᠯᠠ᠄ ᠡᠨᠡ《 ᠤᠯᠠᠭᠠᠨ ᠮᠠᠯᠠᠭᠠᠢᠲᠤ》 ᠭᠡᠳ ᠦᠯᠢᠭᠡᠷ ᠳᠡᠭᠡᠷ᠎ᠡ ᠰᠠᠭᠤᠷᠢᠯᠠᠭᠠᠳ ᠡᠭᠡᠴᠢ ᠨᠢ ᠠᠷᠣ᠌ᠠ ᠠᠬ᠎ᠠ ᠲᠠᠢ ᠬᠤᠤᠪᠢᠯᠳᠤᠭᠠᠳ ᠲᠠᠨᠠᠷ ᠢ᠋ ᠥᠪᠡᠷ ᠦ᠋ᠨ ᠢ᠋ᠶ᠋ᠡᠷ ᠠᠶᠤᠯᠭᠠᠳᠠᠭ ᠨᠡᠪᠲᠡᠷᠡᠭᠦᠯᠭᠡ ᠳ᠋ᠦ᠍ ᠣᠷᠣᠭᠤᠯᠤᠭᠰᠠᠨ ᠪᠠᠢᠬᠤ ᠦᠭᠡᠢ ᠦᠦ? ᠲᠡᠨᠳᠡ ᠺᠠᠮᠧᠷ ᠪᠠᠢᠨ᠎ᠠ᠂ ᠬᠠᠷ᠎ᠠ ᠳᠠ!
ᠮᠥᠩᠬᠡ᠄ ᠦ᠋᠂ ᠠ ᠬᠠ ᠬᠠ᠁ ᠶᠣᠣ ᠶᠣᠣ! ᠪᠠᠷ prank ( ᠳᠠᠭᠠᠵᠢᠩ ᠱᠣᠭ) ᠪᠠᠢᠭᠰᠠᠨ ᠶᠤᠮ ᠤᠤ?
ᠴᠠᠰᠤᠬᠠᠨ᠄ ᠶᠠᠮᠠᠷ ᠶᠡᠬᠡ ᠠᠶᠤᠪᠠ?
ᠪᠠᠰᠠᠷ᠄ ᠬᠡᠩ᠂ ᠠ᠂ ᠪᠢ ᠴᠦ᠍ ᠶᠠᠭ᠂ ᠪᠢ ᠴᠦ᠍ ᠮᠡᠳᠡᠵᠦ ᠯᠠ ᠪᠠᠢᠭᠰᠠᠨ ᠳᠠ!
ᠵᠤᠯᠠ᠄ ᠬᠠ! ᠪᠠᠰᠠᠷ ᠠ᠋! ᠪᠢᠲᠡᠭᠡᠢ ᠬᠤᠳᠠᠯ ᠶᠠᠷᠢᠭᠠᠳ ᠪᠠᠢᠭᠠᠷᠠᠢ᠂ ᠰᠠᠶᠢ ᠬᠡᠴᠢᠨᠡᠭᠡᠨ ᠶᠡᠬᠡ ᠠᠶᠤᠯ᠎ᠠ ᠳ᠋ᠠ ᠴᠢ᠂ ᠡᠨᠡ《 ᠤᠯᠠᠭᠠᠨ ᠮᠠᠯᠠᠭᠠᠢᠲᠤ》 ᠳ᠋ᠤ᠌ ᠮᠠᠨ ᠤ᠋ ᠨᠠᠢᠵᠠ ᠳᠦᠷᠢ ᠶ᠋ᠢ ᠴᠢᠨᠢ ᠲᠣᠭᠯᠠᠭᠰᠠᠨ ᠪᠠᠢᠬᠤ ᠦᠭᠡᠢ ᠦᠦ?
ᠤᠯᠠᠭᠠᠨ ᠮᠠᠯᠠᠭᠠᠢᠲᠤ᠄ ᠰᠠᠢᠨ ᠤᠤ? ᠮᠠᠨ ᠤ᠋ ᠬᠢ ᠠ᠋! ᠬᠢ ᠬᠢ᠂ ᠠᠷᠠᠢ ᠳᠡᠩᠳᠡᠭᠦᠯᠴᠢᠬᠡᠪᠡ ᠦᠦ?
ᠵᠤᠯᠠ᠄ ᠬᠢ ᠬᠢ᠂ ᠬᠠᠷᠢᠨ ᠲᠡᠭᠡᠯ᠎ᠡ᠂ ᠶᠣᠣ! ᠪᠦᠷ ᠡᠭᠡᠴᠢ ᠨᠢ ᠲᠠ ᠨᠠᠷ ᠲᠤ᠌ ᠮᠠᠭᠤᠬᠠᠢ᠂ ᠰᠣᠶᠣᠯ ᠦᠭᠡᠢ ᠵᠠᠩ ᠶᠠᠮᠠᠷ ᠬᠠᠷᠠᠭᠳᠠᠳᠠᠭ ᠢ᠋ ᠦᠵᠡᠭᠦᠯᠬᠦ ᠭᠡᠳ ᠠᠷᠣ᠌ᠠ ᠠᠬ᠎ᠠ ᠪᠠᠷ ᠡᠨᠡ ᠦᠯᠢᠭᠡᠷ ᠦ᠋ᠨ ᠶᠢᠷᠲᠢᠨᠴᠦ ᠶ᠋ᠢ ᠪᠦᠲᠦᠭᠡᠯᠭᠡᠭᠰᠡᠨ ᠪᠠᠢᠬᠤ ᠦᠭᠡᠢ ᠦᠦ ᠂ ᠲᠡᠭᠡᠭᠡᠳ ᠶᠠᠭ ᠦᠯᠢᠭᠡᠷ ᠦ᠋ᠨ ᠶᠢᠷᠲᠢᠨᠴᠦ ᠪᠠᠰᠠ ᠪᠢᠰᠢ᠂ ᠂ ᠡᠨᠡ ᠬᠡ ᠬᠡ!
ᠲᠤᠩᠬᠤ᠄ ᠠ! ᠬᠢ ᠬᠢ ᠂ ᠲᠡᠢᠮᠦ ᠤᠤ? ᠰᠠᠶᠢ ᠶᠠᠮᠠᠷ ᠰᠣᠨᠢᠨ ᠪᠠᠢᠪᠠ? ᠪᠢ ᠪᠢ ᠪᠦᠷ ᠭᠠᠢᠬᠠᠭᠰᠠᠨ ᠰᠢᠳᠡ! 《ᠤᠯᠠᠭᠠᠨ ᠮᠠᠯᠠᠭᠠᠢᠲᠤ》 ᠶ᠋ᠢ ᠶᠠᠮᠠᠷ ᠰᠣᠨᠢᠨ ᠬᠥᠮᠦᠨ ᠪᠣᠢ ᠭᠡᠵᠦ ᠪᠣᠳᠣᠵᠤ ᠪᠠᠢᠯ᠎ᠠ᠃
ᠪᠠᠰᠠᠷ᠄ ᠢᠩᠭᠢᠬᠦ ᠳ᠋ᠦ᠍ ᠡᠨᠡ ᠴᠢᠨᠣ᠎ᠠ ᠠᠬ᠎ᠠ ᠪᠠᠰᠠ ᠲᠠᠨ ᠤ᠋ ᠨᠠᠢᠵᠠ ᠶᠤᠮ ᠤᠤ?
ᠤᠯᠠᠭᠠᠨ ᠮᠠᠯᠠᠭᠠᠢᠲᠤ᠄ ᠠ᠂ ᠡᠨᠡ ᠮᠠᠨ ᠤ᠋ ᠨᠠᠢᠷᠠᠭᠤᠯᠤᠭᠴᠢ ᠠᠬ᠎ᠠ ᠪᠠᠢᠭ᠎ᠠ ᠶᠤᠮ ᠠ᠋!
ᠠᠬ᠎ᠠ ᠠ᠋! ᠮᠠᠰᠺᠠ ᠪᠠᠨ ᠠᠪ ᠳᠠ!
ᠨᠠᠢᠷᠠᠭᠤᠯᠤᠭᠴᠢ᠄ ᠬᠠ ᠬᠠ! ᠠᠷᠠᠢ ᠬᠡᠲᠦᠷᠡᠭᠦᠯᠴᠢᠬᠡᠬᠦ ᠰᠢᠭ ᠪᠣᠯᠤᠯ᠎ᠠ᠂ ᠠᠭᠤᠴᠢᠯᠠᠭᠠᠷᠠᠢ ᠳᠡᠭᠦᠦ ᠨᠠᠷ ᠮᠢᠨᠢ!
ᠲᠤᠩᠬᠤ᠄ ᠬᠢ ᠬᠢ᠂ ᠵᠦᠭᠡᠷ ᠠ᠋!
ᠮᠥᠩᠬᠡ᠄ ᠪᠢ ᠂ᠪᠢ ᠴᠢᠨᠣ᠎ᠠ ᠭᠡᠵᠦ ᠪᠣᠳᠣᠭᠠᠳ ᠶᠠᠭ ᠲᠠᠨ ᠢ᠋ ᠭᠡᠮᠲᠦᠭᠡᠬᠦ ᠭᠡᠵᠦ ᠪᠠᠢᠯ᠎ᠠ ᠰᠢᠲᠠ!
ᠪᠦᠭᠦᠳᠡᠭᠡᠷ᠄( ᠢᠨᠢᠶᠡᠨ᠎ᠡ)
ᠵᠤᠯᠠ᠄ ᠨᠢᠭᠡᠨ ᠢ᠋ᠶ᠋ᠡᠷ ᠱᠣᠣᠯᠠᠳᠠᠭ ᠦᠭᠡᠢ᠂ ᠪᠠᠢᠭᠠᠯᠢ ᠳ᠋ᠤ᠌ ᠪᠠᠨ ᠬᠣᠭ ᠬᠠᠶᠠᠳᠠᠭ ᠦᠭᠡᠢ᠂ ᠬᠠᠳᠠ ᠴᠢᠯᠠᠭᠤᠨ ᠳᠡᠭᠡᠷ᠎ᠡ ᠰᠠᠷᠠᠴᠢᠵᠤ ᠪᠣᠯᠳᠠᠭ ᠦᠭᠡᠢ ᠶ᠋ᠢ ᠬᠠᠷᠠᠭᠤᠯᠬᠤ ᠭᠡᠰᠡᠨ ᠴᠢᠨᠢ ᠮᠠᠨ ᠤ᠋ ᠳᠡᠭᠦᠦ ᠨᠠᠷ ᠴᠢᠨᠢ ᠪᠦᠭᠦᠳᠡ ᠶ᠋ᠢ ᠨᠢ ᠮᠡᠳᠡᠳᠡᠭ ᠶᠦᠮ ᠪᠠᠢᠨ᠎ᠠ ᠳᠠ!
ᠤᠯᠠᠭᠠᠨ ᠮᠠᠯᠠᠭᠠᠢᠲᠤ᠄ ᠠ ᠬᠠ᠂ ᠬᠠᠷᠢᠨ ᠲᠡᠢᠮᠦ ᠠ᠋! ᠪᠣᠯᠬᠤ ᠦᠭᠡᠢ᠂ ᠪᠣᠯᠬᠤ ᠦᠭᠡᠢ ᠭᠡᠳ ᠯᠡ ᠠᠷᠢᠯᠭᠠᠭᠠᠳ ᠭᠦᠶᠦᠭᠡᠳ ᠪᠠᠢᠭᠰᠠᠨ ᠨᠢᠭᠡ ᠶᠡᠬᠡ ᠬᠥᠭᠡᠷᠦᠬᠦᠨ!
ᠵᠤᠯᠠ᠄ ᠮᠤᠨᠳᠠᠭ ᠰᠢᠦ ᠮᠢᠨᠦ ᠳᠡᠭᠦᠦ ᠨᠠᠷ!
ᠵᠤᠯᠠ᠄ ᠡᠨᠡ ᠠᠩᠭᠢ ᠶ᠋ᠢ ᠬᠢᠬᠦ ᠳ᠋ᠦ᠍
ᠤᠯᠠᠭᠠᠨ ᠮᠠᠯᠠᠭᠠᠢᠲᠤ᠄ ᠶᠠᠮᠠᠷ ᠨᠢᠭᠡᠨ ᠬᠠᠳᠠᠨ ᠳᠡᠭᠡᠷ᠎ᠡ ᠶᠠᠭᠤᠮ᠎ᠠ ᠰᠠᠷᠠᠴᠢᠭᠠ ᠦᠭᠡᠢ ᠪᠣᠯᠤᠨ᠎ᠠ᠃
ᠲᠤᠩᠬᠤ᠄ ᠬᠥᠶᠢ᠂ ᠮᠥᠩᠬᠡ᠂ ᠶᠠᠭᠤ ᠬᠢᠵᠦ ᠪᠠᠢᠭ᠎ᠠ ᠶᠤᠮ ᠪᠣᠢ?
ᠮᠥᠩᠬᠡ᠄ᠪᠢᠳᠡᠨ ᠢ᠋ 《ᠠᠭᠤᠴᠢᠯᠠᠭᠠᠷᠠᠢ》 ᠭᠡᠳᠡᠭ ᠪᠡᠯᠡᠭ ᠪᠡᠯᠡᠳᠴᠦ ᠪᠠᠢᠨ᠎ᠠ᠃
ᠲᠤᠩᠬᠤ᠄ ᠸᠠ ᠧᠦ!ᠬᠡᠨ ᠳ᠋ᠦ᠍ ᠪᠡᠯᠡᠭ ᠪᠡᠯᠡᠳᠴᠦ ᠪᠠᠢᠭ᠎ᠠ ᠶᠤᠮ?
ᠮᠥᠩᠬᠡ᠄ ᠵᠣᠭᠵᠣᠭᠤᠬᠠᠨ ᠬᠦᠦ ᠳ᠋ᠦ᠍
(ᠮᠣᠭᠵᠣᠭᠤᠬᠠᠨ᠂ ᠵᠣᠭᠵᠣᠭᠤᠬᠠᠨ ᠳᠠᠭ᠎ᠠ ᠲᠠᠢ᠂ ᠴᠠᠰᠤᠬᠠᠨ ᠶᠠᠭᠤ ᠴᠤ᠌ ᠦᠭᠡᠢ)
ᠲᠤᠩᠬᠤ᠄ 《ᠮᠣᠭᠵᠣᠭᠤᠬᠠᠨ》 ᠭᠡᠳᠡᠭ ᠪᠢᠰᠢ ᠪᠢᠯᠡ ᠊ᠤᠤ?
ᠮᠥᠩᠬᠡ᠄ ᠬᠡᠳᠦᠭᠦᠯᠡ ᠪᠡᠨ ᠠᠶᠠᠯᠠᠵᠤ ᠶᠠᠪᠤᠬᠤ ᠳ᠋ᠤ᠌ ᠪᠠᠨ ᠮᠣᠭᠵᠣᠭᠤᠬᠠᠨ ᠳᠠᠭ᠎ᠠ ᠲᠠᠢ᠂ ᠵᠣᠭᠵᠣᠭᠤᠬᠠᠨ ᠬᠦᠦ ᠭᠡᠳᠡᠭ ᠢ᠋ ᠨᠢ ᠮᠣᠭᠵᠣᠭᠤᠬᠠᠨ ᠭᠡᠳ ᠠᠨᠳᠠᠭᠤᠷᠠᠴᠢᠬᠠᠭᠰᠠᠨ ᠪᠠᠢᠯ᠎ᠠ ᠰᠢᠦ ᠳ᠋ᠠ!
ᠲᠤᠩᠬᠤ᠄ ᠠ! ᠬᠦᠦᠬᠡ ᠶᠠᠭᠠᠬᠢᠨ᠎ᠠ? ᠲᠡᠢᠮᠦ ᠪᠠᠢᠨ᠎ᠠ ᠰᠢᠲᠠ᠂ ᠮᠣᠭᠵᠣᠭᠤᠬᠠᠨ ᠳᠠᠭ᠎ᠠ ᠭᠡᠳ ᠳᠠᠭ᠎ᠠ ᠶ᠋ᠢᠨ ᠬᠢᠨᠢ ᠨᠡᠷ᠎ᠡ ᠪᠡᠷ ᠪᠣᠳᠣᠭᠠᠳ ᠶᠠᠪᠤᠭᠠᠳ ᠪᠠᠢᠭᠰᠠᠨ ᠰᠢᠦ ᠰᠢᠳᠡ᠃
ᠮᠥᠩᠬᠡ᠄ ᠬᠠᠷᠢᠨ ᠲᠡᠢᠮᠦ ᠠ᠋᠂ ᠶᠣᠣ ᠂ᠥᠴᠥᠭᠡᠳᠦᠷ ᠪᠢ ᠦᠯᠢᠭᠡᠷ ᠢ᠋ ᠨᠢ ᠪᠤᠷᠤᠭᠤ ᠤᠩᠰᠢᠭᠰᠠᠨ ᠪᠠᠢᠬᠤ ᠦᠭᠡᠢ ᠦᠦ? ᠲᠡᠭᠡᠭᠰᠡᠨ ᠴᠢᠨᠢ ᠮᠣᠭᠵᠣᠭᠤᠬᠠᠨ ᠳᠠᠭ᠎ᠠ ᠲᠠᠢ ᠵᠣᠭᠵᠣᠭᠤᠬᠠᠨ ᠬᠦᠦ ᠭᠡᠳᠡᠭ ᠶᠦ᠍ᠮ ᠪᠠᠢᠨ᠎ᠠ ᠯᠠ ᠰᠢᠳᠡ᠃
ᠲᠤᠩᠬᠤ᠄ ᠠ ᠬᠠ᠂ ᠲᠡᠭᠡᠪᠡᠯ ᠪᠡᠯᠡᠭ ᠪᠡᠯᠡᠳᠬᠦ ᠨᠢ ᠶᠣᠰᠣᠲᠠᠢ ᠵᠥᠪ ᠰᠢᠦ᠂ ᠪᠡᠯᠡᠭ ᠦ᠋ᠨ ᠬᠢᠨᠢ ᠰᠠᠭᠰᠤᠨ ᠳᠡᠭᠡᠷ᠎ᠡ ᠨᠢ ᠲᠣᠮᠣ ᠪᠠᠷ ᠵᠤᠭᠵᠤᠭᠤᠬᠠᠨ ᠬᠦᠦ ᠪᠠ ᠲᠡᠭᠦᠨ ᠦ᠌ ᠨᠠᠢᠵᠠ ᠳ᠋ᠤ᠌ ᠭᠡᠳ ᠶᠠᠪᠤᠭᠤᠯᠴᠢᠬᠠᠶᠠ᠃
ᠮᠥᠩᠬᠡ᠄ ᠸᠠ ᠧᠦ ᠂ ᠶᠠᠭ ᠵᠥᠪ! ᠬᠠᠷᠢᠨ ᠳᠣᠲᠣᠷ᠎ᠠ ᠨᠢ ᠶᠠᠭᠤ ᠶᠠᠪᠤᠭᠤᠯᠬᠤ ᠤᠤ?
ᠲᠤᠩᠬᠤ᠄ ᠶᠣᠰᠣᠲᠠᠢ ᠭᠣᠶᠣ ᠠᠮᠲᠠᠲᠠᠢ ᠵᠦᠢᠯ ᠶᠠᠪᠤᠭᠤᠯᠪᠠᠯ ᠭᠣᠶᠣ ᠠ᠋!
ᠮᠥᠩᠬᠡ᠄ ᠲᠡᠢᠮᠦ ᠰᠢᠦ! ᠬᠠᠷᠢᠨ ᠶᠠᠭᠤ ᠶᠠᠪᠤᠭᠤᠯᠬᠤ ᠪᠠᠨ ᠪᠢ ᠪᠣᠳᠣᠭᠠᠳ ᠯᠠ ᠪᠠᠢᠨ᠎ᠠ᠃
ᠲᠤᠩᠬᠤ᠄ ᠡᠩ᠂ ᠬᠢ ᠬᠢ᠂ ᠵᠠ ᠪᠢ ᠳᠠᠷᠠᠭ᠎ᠠ ᠢᠳᠡᠶ᠎ᠡ ᠳᠠ ᠭᠡᠳ ᠪᠣᠳᠣᠭᠠᠳ ᠬᠠᠳᠠᠭᠠᠯᠠᠵᠤ ᠪᠠᠢᠭᠰᠠᠨ ᠬᠠᠮᠤᠭ ᠤ᠋ᠨ ᠭᠣᠶᠣ ᠰᠢᠬᠢᠷ ᠢ᠋ᠶ᠋ᠡᠷ ᠦᠭᠬᠦᠶ᠎ᠡ᠃
ᠮᠥᠩᠬᠡ᠄ ᠫᠥᠬᠥ᠂ ᠵᠠ ᠵᠠ ᠴᠢᠮ᠎ᠠ ᠶ᠋ᠢ ᠡᠢᠮᠦ ᠥᠭᠭᠢᠶᠡᠮᠦᠷ ᠬᠠᠨᠳᠤᠪᠠᠯ᠂ ᠪᠢ ᠴᠦ᠍ ᠭᠡᠰᠡᠨ ᠬᠠᠳᠠᠭᠠᠯᠠᠵᠤ ᠪᠠᠢᠭᠰᠠᠨ ᠪᠸᠪᠸᠳᠤ᠋ ᠪᠠᠨ ᠭᠠᠷᠭᠠᠵᠤ ᠥᠭᠬᠦᠶ᠎ᠡ᠂ ᠠ ᠬᠠ ᠵᠠ ᠢᠩᠭᠢᠭᠡᠳ ᠶᠠᠪᠤᠭᠤᠯᠤᠶ᠎ᠠ ᠳ᠋ᠠ!
ᠲᠤᠩᠬᠤ᠄ ᠠ ᠬᠠ ᠲᠡᠭᠡᠶ᠎ᠡ!
ᠪᠠᠰᠠᠷ᠄ ᠬᠥᠪ!
ᠲᠤᠩᠬᠤ᠄ ᠲᠠ ᠬᠣᠶᠠᠷ ᠮᠠᠨᠢ ᠶᠠᠷᠢᠶ᠎ᠠ ᠰᠣᠨᠣᠰᠴᠢᠬᠠᠭᠰᠠᠨ ᠶᠤᠮ ᠤᠤ?
ᠮᠥᠩᠬᠡ᠄ ᠬᠢ ᠬᠢ! ᠲᠡᠭᠡᠭᠡᠳ ᠥᠪᠡᠷᠰᠡᠳ ᠦ᠋ᠨ ᠢ᠋ᠶ᠋ᠡᠷ ᠬᠠᠳᠠᠭᠠᠯᠠᠵᠤ ᠪᠠᠢᠭᠰᠠᠨ ᠪᠸᠪᠸᠳᠤ᠋ ᠪᠠᠨ ᠥᠭᠴᠦ ᠪᠠᠢᠭ᠎ᠠ ᠶᠤᠮ ᠤᠤ?
ᠲᠤᠩᠬᠤ᠄ ᠸᠠ ᠧᠦ᠂ ᠶᠣᠰᠣᠲᠠᠢ ᠮᠤᠨᠳᠠᠭ ᠰᠢᠳᠡ᠂ ᠪᠠᠶᠠᠷᠯᠠᠯ᠎ᠠ!
ᠮᠥᠩᠬᠡ᠄ ᠣᠳᠣ᠂ ᠵᠣᠭᠵᠣᠭᠤᠬᠠᠨ ᠮᠠᠨᠢ ᠂ ᠪᠠᠰᠠ ᠨᠠᠢᠵᠠ ᠨᠤᠭᠤᠳ ᠨᠢ ᠶᠣᠰᠣᠲᠠᠢ ᠶᠡᠬᠡ ᠪᠠᠶᠠᠷᠯᠠᠬᠤ ᠪᠠᠢᠬᠤ ᠳᠠ!
ᠮᠥᠩᠬᠡ᠄ ᠨᠠᠢᠵᠠ ᠨᠤᠭᠤᠳ ᠢ᠋ᠶ᠋ᠠᠨ᠂ ᠬᠠᠢᠷᠠᠲᠠᠢ ᠰᠢᠦ ᠭᠡᠳ᠂care package( ᠪᠢᠴᠢᠬᠠᠨ ᠪᠣᠭᠣᠳᠠᠯ) ᠭᠡᠵᠦ᠂ ᠶᠠᠪᠤᠭᠤᠯᠤᠯ᠎ᠠ ᠰᠢᠦ ᠃ᠬᠡ ᠬᠡ ᠬᠡ
ᠲᠤᠩᠬᠤ᠄ ᠬᠡ ᠬᠡ ᠬᠡ᠂ ᠪᠡᠯᠡᠭ ᠶᠠᠪᠤᠭᠤᠯᠤᠯ᠎ᠠ ᠭᠡᠭᠡᠴᠢ ᠳ᠋ᠠ!
ᠨᠠᠢᠵᠠ᠄《 ᠵᠠᠭᠤᠨ ᠲᠥᠭᠥᠷᠢᠭ ᠲᠡᠢ ᠶᠠᠪᠤᠭᠰᠠᠨ ᠠ᠋ᠴᠠ ᠵᠠᠭᠤᠨ ᠨᠥᠬᠥᠳ ᠲᠡᠢ ᠶᠠᠪᠤ》 ᠭᠡᠳᠡᠭ᠂ ᠨᠠᠢᠵᠠ ᠨᠤᠭᠤᠳ ᠮᠢᠨᠢ ᠨᠠᠮ᠎ᠠ ᠶ᠋ᠢ ᠪᠡᠨ ᠮᠠᠷᠲᠠᠭ᠎ᠠ ᠦᠭᠡᠢ ᠯᠡ ᠶᠠᠪᠤᠭ᠎ᠠ ᠶᠤᠮ ᠪᠠᠢᠨ᠎ᠠ ᠳ᠋ᠠ! ᠬᠡ ᠬᠡ
ᠮᠥᠩᠬᠡ᠄ ᠬᠢ ᠬᠢ! ᠮᠤᠨᠳᠠᠭ ᠵᠦᠢᠷ ᠦᠭᠡ ᠪᠡᠷ ᠢ᠋ᠶ᠋ᠡᠷ ᠶᠠᠷᠢᠳᠠᠭ ᠬᠡᠪ ᠢ᠋ᠶ᠋ᠡᠷ ᠢ᠋ᠶ᠋ᠡᠷ ᠰᠢᠦ!
ᠲᠤᠩᠬᠤ᠄ ᠬᠢ ᠬᠢ᠂ ᠬᠠᠷᠢᠨ ᠲᠡᠢᠮᠦ᠂ ᠶᠣᠰᠣᠲᠠᠢ ᠮᠤᠨᠳᠠᠭ᠂ ᠲᠠ ᠨᠠᠷ ᠲᠤ᠌ ᠪᠠᠨ ᠮᠠᠨ ᠤ᠋ ᠳᠡᠯᠡᠬᠡᠢ ᠳ᠋ᠦ᠍ ᠪᠠᠢᠳᠠᠭ ᠬᠠᠮᠤᠭ ᠤ᠋ᠨ ᠭᠣᠶᠣ ᠵᠥᠭᠡᠯᠡᠨ ᠰᠢᠬᠢᠷ ᠦ᠋ᠳ ᠢ᠋ ᠶᠠᠪᠤᠭᠤᠯᠤᠭᠰᠠᠨ ᠪᠠᠢᠭ᠎ᠠ ᠰᠢᠦ᠂ ᠠᠮᠲᠠᠷᠬᠠᠨ ᠢᠳᠡᠭᠡᠷᠡᠢ ᠨᠠᠢᠵᠠ ᠨᠤᠭᠤᠳ ᠠ᠋! ᠬᠡ ᠬᠡ
ᠮᠥᠩᠬᠡ᠄ ᠬᠢ ᠬᠢ
ᠨᠠᠢᠵᠠ᠄ ᠪᠠᠶᠠᠷᠯᠠᠯ᠎ᠠ ᠨᠠᠢᠵᠠ ᠨᠤᠭᠤᠳ ᠠ᠋!
ᠲᠤᠩᠬᠤ᠄ ᠪᠠᠶᠠᠷᠲᠠᠢ!
ᠮᠥᠩᠬᠡ᠄ ᠪᠠᠶᠠᠷᠲᠠᠢ!
ᠪᠠᠰᠠᠷ᠄ ᠪᠸᠪᠸᠳᠤ᠋᠁
ᠪᠠᠰᠠᠷ᠄ ᠵᠠ᠂ ᠮᠠᠨ ᠊ᠤ ᠬᠢ ᠠ᠋! ᠮᠠᠰᠺᠠ ᠪᠠᠨ ᠮᠠᠰᠢ ᠵᠥᠪ ᠵᠡᠭᠦᠭᠡᠳ᠂ ᠭᠠᠷ ᠢ᠋ᠶ᠋ᠠᠨ ᠪᠠᠢᠩᠭᠤ ᠤᠬᠢᠶᠠᠭᠠᠳ᠂ ᠠᠳᠠᠭ ᠨᠢ ᠪᠡᠶ᠎ᠡ ᠶ᠋ᠢᠨ ᠳᠠᠰᠬᠠᠯ ᠢ᠋ᠶ᠋ᠠᠨ ᠪᠠᠢᠩᠭᠤ ᠬᠢᠵᠦ ᠪᠠᠢᠭᠠᠷᠠᠢ! ᠬᠠᠢᠷᠠᠲᠠᠢ ᠰᠢᠦ!
ᠲᠠᠢᠯᠪᠤᠷᠢ᠄
prank ᠊᠊᠊᠊᠊᠊᠊᠊᠊ ᠳᠠᠭᠠᠵᠢᠩ ᠱᠣᠭ ᠭᠡᠰᠡᠨ ᠤᠳᠬ᠎ᠠ ᠲᠠᠢ ᠬᠠᠷᠢ ᠦᠭᠡ᠃
care package ᠊᠊᠊᠊᠊᠊᠊᠊᠊᠊ ᠨᠠᠢᠵᠠ ᠪᠤᠶᠤ ᠰᠠᠳᠤᠨ ᠲᠥᠷᠥᠯ ᠡᠴᠡ ᠶᠠᠪᠤᠭᠤᠯᠤᠭᠰᠠᠨ ᠪᠢᠴᠢᠬᠠᠨ ᠪᠣᠭᠣᠳᠠᠯ ᠭᠡᠰᠡᠨ ᠠᠩᠭ᠌ᠯᠢ ᠦᠭᠡ᠃
ᠦᠰᠦᠭ ᠠᠮᠢᠯᠠᠭᠤᠯᠤᠭᠴᠢ᠄ ᠬᠤᠸᠠᠷ
ᠦᠰᠦᠭ ᠬᠠᠳᠠᠭᠴᠢ᠄ ᠾᠦᠩ ᠸᠧᠢ
ᠬᠢᠨᠠᠯᠲᠠ᠄ ᠪᠥᠬᠡᠴᠢᠯᠠᠭᠤ᠂ ᠮᠥᠴᠢᠷ ᠂ ᠰᠡᠴᠡᠩᠭᠤᠸ᠎ᠠ