ᠮᠥᠩᠬᠡ ᠲᠤᠩᠬᠤ 3-07 ᠪᠢᠴᠢᠬᠠᠨ ᠤᠯᠠᠭᠠᠨ ᠮᠠᠯᠠᠭᠠᠢᠲᠤ- ᠡᠸᠦ᠋ᠷᠦᠫᠡ ᠠᠷᠠᠳ ᠤᠨ ᠦᠯᠢᠭᠡᠷМөнх тунх-Бяцхан улаан малгайт
ᠮᠥᠩᠬᠡ ᠲᠤᠩᠬᠤ3-7ᠪᠢᠴᠢᠬᠠᠨ ᠤᠯᠠᠭᠠᠨ ᠮᠠᠯᠠᠭᠠᠢᠲᠤ
ᠡᠸᠦ᠋ᠷᠦᠫᠡ ᠠᠷᠠᠳ ᠤᠨ ᠦᠯᠢᠭᠡᠷ
ᠳᠠᠭᠤᠤ᠄( ᠭᠠᠳᠠᠭᠠᠳᠤ)
ᠵᠢᠯᠣᠭᠣᠴᠢ᠄ ᠵᠠ! ᠢᠷᠡᠴᠢᠬᠡᠯ᠎ᠡ ᠰᠢᠦ᠂ ᠮᠢᠨᠦ ᠳᠡᠭᠦᠦ!
ᠵᠤᠯᠠ᠄ it's show time( ᠵᠠ ᠨᠠᠭᠠᠳᠤᠮ ᠡᠬᠢᠯᠡᠨ᠎ᠡ)
ᠮᠠᠯ ᠤᠨ ᠮᠠᠢᠯᠠᠬᠤ ᠳᠠᠭᠤ᠄ ᠮᠠᠢ᠁
ᠲᠤᠩᠬᠤ᠄ ᠬᠦᠦᠭ᠁ ᠶᠣᠰᠣᠲᠠᠢ ᠭᠣᠶᠣ ᠶᠤᠮ᠂ ᠲᠠ ᠶᠠᠭᠠᠬᠢᠵᠤ ᠰᠤᠷᠤᠭᠰᠠᠨ ᠶᠤᠮ ᠪᠣᠢ?
ᠵᠤᠯᠠ᠄ ᠦ! ᠡᠭᠡᠴᠢ ᠨᠢ (youTube) ᠦᠵᠡᠵᠦ ᠪᠠᠢᠭᠠᠳ ᠰᠤᠷᠤᠭᠰᠠᠨ ᠰᠢᠳᠡ!
ᠲᠤᠩᠬᠤ᠄ ᠪᠢ ᠪᠠᠰᠠ ᠲᠣᠭᠯᠠᠵᠤ ᠰᠤᠷᠬᠤ ᠶᠤᠮᠰᠠᠨ᠃
ᠵᠤᠯᠠ᠄ ᠮᠢᠨᠦ ᠳᠡᠭᠦᠦ ᠴᠢᠳᠠᠨ᠎ᠠ᠂ ᠡᠭᠡᠴᠢ ᠨᠢ ᠴᠢᠮ᠎ᠠ ᠳ᠋ᠤ᠌ ᠵᠢᠭᠠᠵᠤ ᠥᠭᠴᠦ ᠪᠠᠰᠠ ᠪᠣᠯᠤᠨ᠎ᠠ ᠰᠢᠲᠠ!
ᠲᠤᠩᠬᠤ᠄ ᠸᠠ ᠧᠦ ᠂ ᠶᠠᠮᠠᠷ ᠭᠣᠶᠣ ᠶᠤᠮ ᠪᠣᠢ? ᠭᠡᠬᠦ ᠳ᠋ᠦ᠍ ᠪᠡᠨ ᠪᠢ ᠪᠠᠰᠠ ᠲᠠᠨ ᠰᠢᠭ᠋ ᠶᠠᠭᠤᠮ᠎ᠠ ᠦᠵᠡᠵᠦ ᠪᠠᠢᠭᠠᠳ ᠥᠪᠡᠷ ᠢ᠋ᠶ᠋ᠡᠨ ᠰᠤᠷᠪᠠᠯ ᠭᠣᠶᠣ ᠪᠠᠢᠬ᠎ᠠ ᠭᠡᠵᠦ ᠪᠣᠳᠣᠵᠤ ᠪᠠᠢᠨ᠎ᠠ᠃
ᠵᠤᠯᠠ᠄ ᠮᠤᠨᠳᠠᠭ ᠰᠢᠳᠡ! ᠡᠭᠡᠴᠢ ᠨᠢ ᠣᠳᠣ ᠨᠤᠲ ᠴᠡᠭᠡᠵᠢᠯᠡᠵᠦ ᠡᠬᠢᠯᠡᠵᠦ ᠪᠠᠢᠭ᠎ᠠ᠃
ᠲᠤᠩᠬᠤ᠄ ᠲᠡᠢᠮᠦ ᠤᠤ? ᠨᠣᠲ ᠭᠡᠳᠡᠭ ᠬᠥᠭᠵᠢᠮ ᠤᠩᠰᠢᠳᠠᠭ ᠦᠰᠦᠭ ᠭᠡᠰᠡᠨ ᠦᠭᠡ ᠶᠦ᠍ᠮ ᠦᠦ?
ᠵᠤᠯᠠ᠄ ᠶᠠᠭ ᠵᠥᠪ!ᠶᠣᠰᠣᠲᠠᠢ ᠣᠨᠣᠵᠤ ᠬᠡᠯᠡᠯ᠎ᠡ ᠰᠢᠦ! ᠮᠢᠨᠦ ᠳᠡᠭᠦᠦ᠂ ᠳᠡᠯᠡᠬᠡᠢ ᠳ᠋ᠦ᠍ ᠬᠡᠳᠦᠬᠡᠨ ᠲᠥᠷᠥᠯ ᠤᠨ ᠬᠡᠯᠡ ᠵᠥᠪᠬᠡᠨ ᠨᠢᠭᠡ ᠬᠡᠯᠡ ᠪᠡᠷ ᠶᠠᠷᠢᠳᠠᠭ ᠢ ᠮᠡᠳᠡᠬᠦ ᠦᠦ? ᠲᠣᠭᠠᠨ ᠤ ᠬᠡᠯᠡ᠂ ᠳᠣᠬᠢᠶᠠᠨ ᠤ ᠬᠡᠯᠡ᠂ ᠬᠥᠭᠵᠢᠮ ᠤᠨ ᠬᠡᠯᠡ ᠭᠡᠳ ᠯᠡ ᠲᠡᠭᠡᠭᠡᠳ ᠬᠥᠭᠵᠢᠮ ᠤᠨ ᠨᠣᠲ ᠨᠢ ᠪᠦᠬᠦ ᠬᠡᠯᠡ ᠳᠡᠭᠡᠷ᠎ᠡ ᠨᠢᠭᠡ ᠦᠭᠡ ᠪᠠᠢᠳᠠᠭ ᠭᠡᠳ ᠪᠣᠳᠣ ᠳ᠋ᠠ᠂
ᠶᠣᠰᠣᠲᠠᠢ ᠭᠣᠶᠣ ᠪᠠᠢᠨ᠎ᠠ ᠪᠢᠵᠡ ᠳᠠ᠂ ᠲᠡᠭᠡᠬᠦ ᠪᠠᠷ ᠬᠣᠶᠠᠭᠤᠯᠠ ᠪᠠᠨ ᠬᠡᠷᠪᠡ ᠬᠥᠭᠵᠢᠮ ᠦ᠋ᠨ ᠨᠣᠲ ᠢ᠋ ᠮᠡᠳᠡᠳᠡᠭ ᠪᠣᠯᠴᠢᠬᠠᠪᠠᠯ ᠳᠡᠯᠡᠬᠡᠢ ᠶ᠋ᠢᠨ ᠬᠡᠯᠡ ᠰᠤᠷᠤᠨ᠎ᠠ ᠭᠡᠰᠡᠨ ᠦᠭᠡ ᠰᠢᠦ ᠳ᠋ᠠ!
ᠲᠤᠩᠬᠤ᠄ ᠫᠥᠬᠥ᠂ ᠶᠠᠮᠠᠷ ᠭᠣᠶᠣ ᠶᠤᠮ ᠪᠣᠢ? ᠵᠤᠯᠠ ᠡᠭᠡᠴᠢ ᠠ᠋! ᠲᠡᠭᠡᠪᠡᠯ ᠪᠢ ᠪᠠᠰᠠ ᠬᠥᠭᠵᠢᠮ ᠤᠨ ᠨᠣᠲ ᠢ ᠵᠠᠪᠠᠯ ᠴᠡᠭᠡᠵᠢᠯᠡᠨ᠎ᠡ᠂ ᠶᠣᠰᠣᠲᠠᠢ ᠭᠣᠶᠣ ᠶᠤᠮ᠃ ᠬᠡ ᠬᠡ᠁
ᠵᠤᠯᠠ᠄ ᠬᠣᠶᠠᠭᠤᠯᠠ ᠪᠠᠨ ᠬᠠᠮᠲᠤ ᠴᠡᠭᠡᠵᠢᠯᠡᠶ᠎ᠡ᠂ ᠵᠠ!
ᠲᠤᠩᠬᠤ᠄ ᠲᠡᠭᠡᠶ᠎ᠡ ᠲᠡᠭᠡᠶ᠎ᠡ!
ᠮᠥᠩᠬᠡ᠄ ᠵᠠ! ᠮᠠᠨ ᠤ ᠥᠬᠢᠳ ᠦ᠋ᠳ ᠮᠠᠨᠢ ᠶᠠᠭᠤ ᠬᠢᠵᠡᠭᠡᠵᠦ ᠪᠠᠢᠨ᠎ᠠ ᠳᠠ! ᠬᠢ ᠬᠢ᠁
ᠲᠤᠩᠬᠤ᠄ ᠵᠤᠯᠠ ᠡᠭᠡᠴᠢ ᠨᠠᠳᠠ ᠳᠦ ᠦᠺᠦᠯᠸᠯᠸ ᠢ᠋ ᠶᠠᠭᠠᠬᠢᠵᠤ ᠲᠣᠭᠯᠠᠬᠤ ᠶ᠋ᠢ ᠵᠢᠭᠠᠵᠤ ᠥᠭᠬᠦ ᠪᠡᠷ ᠪᠣᠯᠤᠭᠰᠠᠨ᠃
ᠮᠥᠩᠬᠡ᠄ ᠫᠥᠬᠥ! ᠶᠠᠮᠠᠷ ᠭᠣᠶᠣ ᠶᠤᠮ ᠪᠣᠢ?
ᠲᠤᠩᠬᠤ᠄ ᠬᠠᠷᠢᠨ ᠳ᠋ᠠ!
ᠵᠤᠯᠠ᠄ ᠢᠩᠭᠢᠬᠦ ᠳ᠋ᠦ᠍ ᠪᠠᠢᠨ᠎ᠠ ᠰᠢᠳᠡ! ᠠᠷᠣ᠌ᠡ ᠠᠬ᠎ᠠ ᠭᠣᠶᠣ ᠬᠥᠭᠵᠢᠮ ᠲᠣᠭᠯᠠᠳᠠᠭ ᠢ᠋ ᠮᠡᠳᠡᠬᠦ ᠦᠦ ᠲᠠ ᠨᠠᠷ?
ᠮᠥᠩᠬᠡ᠄( ᠪᠦᠭᠦᠳᠡᠭᠡᠷ) whatᠸᠠᠲ?
ᠵᠤᠯᠠ᠄ ᠶᠠᠭᠤ ᠪᠣᠢ? ᠮᠡᠳᠡᠳᠡᠭ ᠦᠭᠡᠢ ᠪᠠᠢᠭᠰᠠᠨ ᠶᠤᠮ ᠤᠤ? ᠲᠡᠭᠦᠯᠳᠡᠷ ᠬᠤᠭᠤᠷ᠂ ᠭᠢᠲ᠋ᠠᠷ ᠭᠡᠳ ᠯᠡ ᠵᠠᠯᠠᠭᠤ ᠳ᠋ᠤ᠌ ᠪᠠᠨ ᠬᠠᠮᠲᠤᠯᠢᠭ ᠲᠠᠢ ᠪᠠᠢᠭᠰᠠᠨ ᠶᠤᠮ ᠪᠢᠯᠡ ᠰᠢᠲᠠ!
ᠮᠥᠩᠬᠡ ᠲᠤᠩᠬᠤ᠄ ᠸᠠᠲ!
ᠵᠤᠯᠠ᠄ ᠲᠠ ᠬᠣᠶᠠᠷ ᠳᠠᠷᠤᠢ ᠨᠢ ᠠᠰᠠᠭᠤᠭᠠᠷᠠᠢ ᠵᠠ!
ᠠᠷᠤ᠌ᠠ᠄ ᠵᠠ! ᠦᠯᠢᠭᠡᠷ ᠢ᠋ᠶ᠋ᠡᠷ ᠠᠶᠠᠯᠠᠬᠤ ᠠᠶᠠᠯᠠᠯ ᠢ᠋ᠶ᠋ᠠᠨ ᠡᠬᠢᠯᠡᠵᠡᠭᠡᠬᠦ ᠦᠦ?
ᠮᠥᠩᠬᠡ᠄ ᠬᠠᠮᠲᠤᠯᠢᠭ ᠢ᠋ᠶ᠋ᠠᠷ ᠠᠶᠠᠯᠠᠬᠤ ᠤᠤ ᠳᠠ
ᠠᠷᠸ᠎ᠡ᠄ ᠠ! ᠬᠠᠮᠲᠤᠯᠢᠭ᠋ ᠢ᠋ᠶ᠋ᠠᠷ
ᠮᠥᠩᠬᠡ᠄ ᠠ! ᠬᠡ ᠬᠡ! ᠲᠡᠢᠮᠦ ᠲᠡᠢᠮᠦ᠂ ᠬᠠᠮᠲᠤᠯᠢᠭ ᠢ᠋ᠶ᠋ᠠᠷ ᠁ ᠬᠢ ᠬᠢ!
ᠠᠷᠤ᠌ᠠ᠄ ᠬᠡ ᠬᠡ! ᠵᠠ ᠵᠠ! ᠲᠡᠭᠡᠪᠡᠯ ᠬᠠᠮᠲᠤᠯᠢᠭ ᠢ᠋ᠶ᠋ᠠᠷ ᠠᠶᠠᠯᠠ ᠳ᠋ᠠ!
ᠮᠥᠩᠬᠡ᠄ ᠡᠩ! ᠢᠩᠭᠢᠬᠦ ᠳ᠋ᠦ᠍ ᠶᠠᠮᠠᠷ ᠨᠡᠷ᠎ᠡ ᠲᠡᠢ ᠪᠠᠢᠬᠤ ᠤᠤ?
ᠵᠤᠯᠠ᠄ 《ᠭᠠᠷ ᠤ᠋ᠨ ᠲᠠᠪᠤᠨ ᠬᠤᠷᠤᠭᠤ ᠬᠠᠮᠲᠤᠯᠢᠭ》
ᠮᠥᠩᠬᠡ᠄ok《 ᠭᠠᠷ ᠤ᠋ᠨ ᠲᠠᠪᠤᠨ ᠬᠤᠷᠤᠭᠤ ᠬᠠᠮᠲᠤᠯᠢᠭ》Symbol( ᠲᠥᠯᠥᠭᠡᠯᠡᠬᠦ ᠴᠢᠨᠠᠷ ᠲᠠᠢ)᠃
ᠠᠷᠤ᠌ᠠ᠄ ᠬᠡ ᠬᠡ!
ᠡᠸᠦᠶ᠋ᠷᠦᠫᠡ ᠠᠷᠠᠳ ᠤ᠋ᠨ ᠦᠯᠢᠭᠡᠷ
ᠪᠢᠴᠢᠬᠠᠨ ᠤᠯᠠᠭᠠᠨ ᠮᠠᠯᠠᠭᠠᠢᠲᠤ
ᠡᠷᠲᠡ ᠤᠷᠢᠳᠤ ᠶᠢᠨ ᠴᠠᠭ ᠲᠤ᠌ ᠨᠢᠭᠡᠨ ᠡᠩᠬᠦᠷᠡᠢ ᠪᠢᠴᠢᠬᠠᠨ ᠥᠬᠢᠨ ᠪᠠᠢᠵᠠᠢ᠃ ᠪᠢᠴᠢᠬᠠᠨ ᠥᠬᠢᠨ ᠢ᠋ ᠬᠠᠷᠠᠭᠰᠠᠨ ᠪᠦᠭᠦᠳᠡ ᠯᠡ ᠪᠡᠶᠡᠰᠦᠨ ᠬᠥᠭᠡᠷᠴᠦ ᠥᠬᠥᠭᠡᠷᠳᠡᠨᠡ᠃ ᠬᠠᠷᠠᠴᠠ ᠨᠢ ᠬᠡᠷᠡᠯᠳᠦᠵᠦ᠂ ᠬᠠᠴᠠᠷ ᠨᠢ ᠪᠤᠮᠪᠠᠢᠭᠰᠠᠨ ᠡᠭᠳᠡᠭᠦᠦ ᠲᠡᠢ ᠬᠥᠭᠡᠷᠦᠬᠦᠨ ᠠᠴᠢ ᠥᠬᠢᠨ ᠳ᠋ᠦ᠍ ᠪᠡᠨ ᠡᠮᠡᠭᠡ ᠨᠢ ᠪᠦᠷ ᠴᠦ᠍ ᠶᠡᠬᠡ ᠬᠠᠢᠷᠠᠲᠠᠢ᠃ ᠡᠮᠡᠭᠡ ᠨᠢ ᠨᠢᠭᠡᠨ ᠤᠳᠠᠭ᠎ᠠ ᠠᠴᠢ ᠥᠬᠢᠨ ᠳ᠋ᠦ᠍ ᠪᠡᠨ ᠤᠯᠠᠭᠠᠨ ᠮᠠᠯᠠᠭᠠᠢ ᠪᠡᠯᠡᠭᠯᠡᠵᠡᠢ᠃ ᠮᠠᠯᠠᠭᠠᠢ ᠨᠢ ᠲᠡᠭᠦᠨ ᠳ᠋ᠦ᠍ ᠵᠣᠬᠢᠭᠰᠠᠨ ᠭᠡᠳᠡᠭ ᠭᠠᠢᠬᠠᠯᠲᠠᠢ᠃ ᠡᠨᠡ ᠡᠳᠦᠷ ᠡᠴᠡ ᠬᠣᠢᠰᠢ ᠥᠬᠢᠨ ᠤᠯᠠᠭᠠᠨ ᠮᠠᠯᠠᠭᠠᠢ ᠪᠡᠨ ᠦᠷᠭᠦᠯᠵᠢ ᠡᠮᠦᠰᠴᠦ ᠶᠠᠪᠤᠳᠠᠭ ᠪᠣᠯᠵᠠᠢ᠃ ᠢᠩᠭᠢᠭᠡᠳ ᠲᠡᠭᠦᠨ ᠢ᠋ ᠪᠦᠭᠦᠳᠡᠭᠡᠷ ᠢ᠋ᠶ᠋ᠡᠨ《 ᠤᠯᠠᠭᠠᠨ ᠮᠠᠯᠠᠭᠠᠢᠲᠤ》 ᠭᠡᠮᠡᠨ ᠳᠠᠭᠤᠳᠠᠬᠤ ᠪᠣᠯᠵᠠᠢ ᠭᠡᠨ᠎ᠡ᠃
ᠨᠢᠭᠡ ᠡᠳᠦᠷ ᠡᠵᠢ ᠨᠢ ᠡᠷᠲᠡᠯᠡᠨ ᠪᠣᠰᠴᠤ ᠬᠤᠤᠱᠤᠤᠷ ᠬᠠᠭᠠᠷᠢᠵᠠᠢ᠃ ᠲᠡᠭᠡᠭᠡᠳ ᠤᠯᠠᠭᠠᠨ ᠮᠠᠯᠠᠭᠠᠢᠲᠤ ᠳ᠋ᠤ᠌ ᠡᠨᠡ ᠬᠤᠤᠱᠤᠤᠷ᠂ ᠰᠠᠪᠠ ᠲᠠᠢ ᠰᠦ ᠶ᠋ᠢ ᠡᠮᠡᠭᠡ ᠳ᠋ᠦ᠍ ᠪᠡᠨ ᠠᠪᠠᠴᠢᠵᠤ ᠥᠭ᠂ ᠪᠡᠶ᠎ᠡ ᠳ᠋ᠦ᠍ ᠨᠢ ᠲᠡᠩᠬᠡᠷᠡᠬᠦ ᠳ᠋ᠦ᠍ ᠬᠡᠷᠡᠭᠲᠡᠢ᠂ ᠣᠢᠷ᠎ᠠ ᠳ᠋ᠤ᠌ ᠶᠡᠬᠡ ᠶᠠᠳᠠᠷᠠᠭᠠᠳ ᠪᠠᠢᠭ᠎ᠠ ᠶᠤᠮ ᠭᠡᠵᠡᠢ᠃ ᠵᠠᠮ ᠳ᠋ᠤ᠌ ᠰᠠᠭᠠᠳ ᠲᠣᠳᠬᠠᠷ ᠪᠠᠢᠬᠤ ᠪᠣᠢ᠂ ᠪᠣᠯᠭᠣᠮᠵᠢᠲᠠᠢ ᠶᠠᠪᠤᠭᠠᠷᠠᠢ! ᠵᠠᠮ ᠠᠴᠠ ᠪᠡᠨ ᠭᠠᠷᠴᠤ ᠪᠣᠯᠬᠤ ᠦᠭᠡᠢ ᠰᠢᠦ》 ᠭᠡᠵᠦ ᠵᠠᠬᠢᠵᠠᠢ᠃
ᠥᠬᠢᠨ ᠨᠢ ᠣᠢ ᠶ᠋ᠢᠨ ᠵᠥᠷᠢᠭ ᠵᠠᠮ ᠢ᠋ᠶ᠋ᠠᠷ ᠠᠯᠬᠤᠵᠤ ᠶᠠᠪᠤᠬᠤ ᠵᠠᠮ ᠳ᠋ᠤ᠌ ᠴᠢᠨᠣ᠎ᠠ ᠬᠦᠯᠢᠶᠡᠵᠦ ᠪᠠᠢᠭ᠎ᠠ ᠶᠢ ᠮᠡᠳᠡᠭᠰᠡᠨ ᠦᠭᠡᠢ᠃
ᠲᠤᠩᠬᠤ᠄ ᠤᠯᠠᠭᠠᠨ ᠮᠠᠯᠠᠭᠠᠢᠲᠤ ᠪᠡᠨ ᠣᠯᠤᠭᠠᠳ ᠲᠡᠭᠦᠨ ᠳ᠋ᠦ᠍ ᠲᠤᠰᠠᠯᠠᠬᠤ ᠤᠤ?
ᠮᠥᠩᠬᠡ᠄ ᠵᠠ ᠲᠡᠭᠡᠶ᠎ᠡ! ᠭᠡᠬᠦ ᠳ᠋ᠦ᠍ ᠪᠡᠨ ᠶᠠᠭᠠᠬᠢᠵᠤ ᠣᠯᠬᠤ?
ᠵᠤᠯᠠ᠄ ᠡᠨᠡ ᠣᠢ ᠶ᠋ᠢᠨ ᠳᠤᠮᠳᠠᠬᠢ ᠵᠢᠮ ᠶᠤᠮ ᠪᠠᠢᠨ᠎ᠠ᠃ ᠡᠨᠡ ᠵᠠᠮ ᠢ᠋ᠶ᠋ᠠᠷ ᠪᠠᠷᠤᠭ ᠢᠷᠡᠬᠦ ᠪᠠᠢᠬ᠎ᠠ᠂ ᠡᠨᠳᠡ ᠳ᠋ᠦ᠍ ᠪᠡᠨ ᠬᠦᠯᠢᠶᠡᠵᠦ ᠪᠠᠢᠬᠤ ᠤᠤ?
ᠪᠠᠰᠠᠷ᠄ ᠡᠨᠡ ᠦᠨᠡᠬᠡᠷ ᠢ᠋ᠶ᠋ᠡᠨ ᠦᠯᠢᠭᠡᠷ ᠪᠣᠯᠭᠠᠨ ᠳᠡᠭᠡᠷ᠎ᠡ ᠪᠠᠨ ᠬᠥᠭᠡᠷᠦᠬᠦᠢ ᠴᠢᠨᠣ᠎ᠠ ᠤ᠋ᠳ ᠲᠠᠩᠳᠠ ᠳᠠᠢᠰᠤᠨ ᠪᠣᠯᠵᠤ ᠪᠠᠢᠬᠤ ᠶᠤᠮ᠂ ᠲᠡᠢᠮᠦ ᠠ᠋! ᠬᠡ ᠬᠡ! ᠣᠢᠷ᠎ᠠ ᠳ᠋ᠤ᠌ ᠪᠦᠷ ᠪᠠᠷᠠᠭᠤᠨ ᠰᠣᠯᠣᠭᠠᠢ ᠦᠭᠡᠢ ᠴᠢᠨᠣ᠎ᠠ ᠭᠠᠷᠴᠤ ᠢᠷᠡᠵᠦ ᠪᠠᠢᠨ᠎ᠠ ᠰᠢᠦ!
ᠤᠯᠠᠭᠠᠨ ᠮᠠᠯᠠᠭᠠᠢᠲᠤ᠄ ᠳ᠋ᠠ ᠷᠠ᠂ ᠳ᠋ᠠ ᠳ᠋ᠠ᠁ ᠬᠣᠶᠠᠭᠤᠯᠠ ᠪᠠᠨ ᠳ᠋ᠠ᠁
ᠴᠠᠰᠤᠬᠠᠨ᠄ ᠲᠡᠷᠡ ᠮᠥᠨ ᠦᠦ?
ᠲᠤᠩᠬᠤ᠄ ᠠ! ᠬᠠᠷᠢᠨ ᠪᠢᠴᠢᠬᠠᠨ ᠥᠬᠢᠨ ᠭᠡᠵᠦ ᠪᠠᠢᠭᠰᠠᠨ!
ᠮᠥᠩᠬᠡ᠄ ᠡᠨᠡ ᠂ ᠡᠨᠡ ᠠᠷᠠᠢ᠁ ᠲᠣᠮᠣ ᠤᠤ?
ᠪᠠᠰᠠᠷ᠄ ᠠᠷᠠᠢ᠁ ᠬᠥᠭᠰᠢᠨ ᠦᠦ?
ᠵᠤᠯᠠ᠄ ᠬᠡ ᠬᠡ᠁ ᠭᠡᠬᠦ ᠳ᠋ᠦ᠍ ᠪᠡᠨ ᠤᠯᠠᠭᠠᠨ ᠮᠠᠯᠠᠭᠠᠢ ᠲᠠᠢ ᠯᠠ ᠶᠤᠮ ᠪᠠᠢᠨ᠎ᠠ ᠰᠢᠲᠠ᠂ ᠮᠥᠨ ᠪᠠᠢᠯᠭᠦᠢ ᠳᠠ!
ᠴᠠᠰᠤᠬᠠᠨ᠄ ᠠ! ᠵᠠ᠂ ᠬᠡᠳᠦᠭᠦᠯᠡ ᠪᠡᠨ ᠶᠠᠭᠠᠬᠢᠳᠠᠭ ᠴᠤ᠌ ᠪᠠᠢᠭᠰᠠᠨ ᠠᠰᠠᠭᠤᠭᠠᠳ ᠦᠵᠡᠶ᠎ᠡ᠃
ᠵᠤᠯᠠ᠄ ᠶᠠᠭ ᠵᠥᠪ᠂ ᠲᠡᠭᠡᠶ᠎ᠡ!
ᠤᠯᠠᠭᠠᠨ ᠮᠠᠯᠠᠭᠠᠢᠲᠤ᠄ ᠰᠠᠢᠨ ᠪᠠᠢᠵᠠᠭᠠᠨ᠎ᠠ ᠤᠤ?
ᠮᠥᠩᠬᠡ᠄ ᠰᠠᠢᠨ᠂ ᠰᠠᠢᠨ ᠪᠠᠢᠨ᠎ᠠ ᠤᠤ? ᠲᠠ!
ᠤᠯᠠᠭᠠᠨ ᠮᠠᠯᠠᠭᠠᠢᠲᠤ᠄ ᠶᠠᠭᠤ ᠬᠢᠵᠡᠭᠡᠵᠦ ᠶᠠᠪᠤᠨ᠎ᠠ ᠳᠠ?
ᠪᠠᠰᠠᠷ᠄ ᠵᠠ ᠪᠣᠯᠢ! ᠡᠢᠮᠦ ᠤᠯᠠᠭᠠᠨ ᠮᠠᠯᠠᠭᠠᠢᠲᠤ ᠭᠡᠵᠦ ᠬᠠᠮᠢᠭ᠎ᠠ ᠪᠠᠢᠳᠠᠭ ᠶᠤᠮ?
ᠤᠯᠠᠭᠠᠨ ᠮᠠᠯᠠᠭᠠᠢᠲᠤ᠄ ᠦ᠂ ᠨᠠᠮ᠎ᠠ ᠶ᠋ᠢ ᠬᠡᠯᠡᠭᠰᠡᠨ ᠦᠦ? 《 ᠤᠯᠠᠭᠠᠨ ᠮᠠᠯᠠᠭᠠᠢᠲᠤ》 ᠭᠡᠵᠦ?
ᠤᠯᠠᠭᠠᠨ ᠮᠠᠯᠠᠭᠠᠢᠲᠤ᠄ᠲᠡᠢᠮᠦ ᠠ᠋᠂ ᠪᠢ ᠪᠢᠴᠢᠬᠠᠨ ᠬᠥᠭᠡᠷᠦᠬᠦᠨ
ᠤᠯᠠᠭᠠᠨ ᠮᠠᠯᠠᠭᠠᠢᠲᠤ ᠪᠠᠢᠨ᠎ᠠ᠃
ᠵᠤᠯᠠ᠄ᠰᠠᠢᠨ ᠪᠠᠢᠨ᠎ᠠ ᠤᠤ?ᠪᠢᠴᠢᠬᠠᠨ ᠬᠥᠭᠡᠷᠦᠬᠦᠨ ᠤᠯᠠᠭᠠᠨ ᠮᠠᠯᠠᠭᠠᠢᠲᠤ ᠠ!
ᠤᠯᠠᠭᠠᠨ ᠮᠠᠯᠠᠭᠠᠢᠲᠤ᠄ ᠰᠠᠢᠨ᠂ ᠰᠠᠢᠨ ᠪᠠᠢᠨ᠎ᠠ ᠤᠤ? ᠲᠠ ᠨᠠᠷ ᠶᠠᠭᠤ ᠬᠢᠵᠦ ᠶᠠᠪᠤᠨ᠎ᠠ ᠳᠠ!
ᠲᠤᠩᠬᠤ᠄ ᠪᠢᠳᠡ ᠨᠠᠷ ᠬᠠᠷᠢᠨ ᠲᠠᠨ ᠢ᠋ ᠬᠠᠢᠭᠠᠳ ᠶᠠᠪᠤᠵᠤ ᠪᠠᠢᠯ᠎ᠠ᠃
ᠴᠠᠰᠤᠬᠠᠨ᠄ ᠠ᠂ ᠪᠢᠳᠡ ᠬᠠᠷᠢᠨ ᠲᠠᠨ ᠳ᠋ᠤ᠌ ᠠᠶᠤᠯ ᠲᠤᠯᠭᠠᠷᠠᠬᠤ ᠪᠣᠢ ᠭᠡᠵᠦ ᠪᠣᠳᠣᠭᠠᠳ
ᠴᠠᠰᠤᠬᠠᠨ᠄ ᠵᠠ! ᠳᠠ ᠤᠯᠠᠭᠠᠨ ᠮᠠᠯᠠᠭᠠᠢᠲᠤ ᠮᠥᠨ ᠦᠦ?
ᠪᠠᠰᠠᠷ᠄ ᠠ! ᠡᠨᠡ ᠡᠭᠡᠴᠢ《 ᠤᠯᠠᠭᠠᠨ ᠮᠠᠯᠠᠭᠠᠢᠲᠤ》 ᠪᠣᠯ ᠤᠤ? ᠪᠢ ᠵᠢᠵᠢᠭᠬᠡᠨ ᠭᠥᠯᠦᠭᠡᠨ ᠪᠠᠰᠠᠷ ᠶᠤᠮ ᠪᠠᠢᠨ᠎ᠠ᠂ ᠵᠠ!
ᠮᠥᠩᠬᠡ᠄ ᠬᠡ ᠬᠡ! ᠬᠠᠷᠢᠨ ᠲᠡᠢᠮᠦ! ᠪᠢ ᠶᠠᠭ ᠲᠡᠭᠡᠵᠦ ᠪᠣᠳᠣᠵᠤ ᠪᠠᠢᠨ᠎ᠠ᠂ ᠵᠢᠵᠢᠭᠬᠡᠨ ᠭᠥᠯᠦᠭᠡᠨ ᠪᠠᠰᠠᠷ ᠠ᠋! ᠬᠢ ᠬᠢ᠁
ᠪᠠᠰᠠᠷ᠄ ᠪᠢ ᠵᠦᠭᠡᠷ ᠵᠢᠱ᠌ᠢᠶ᠎ᠡ ᠪᠣᠯᠭᠠᠵᠤ ᠬᠡᠯᠡᠭᠰᠡᠨ ᠰᠢᠦ᠂ ᠪᠢᠲᠡᠭᠡᠢ ᠢᠩᠭᠢᠵᠦ ᠳᠠᠭᠤᠳᠠᠭᠠᠷᠠᠢ!
ᠮᠥᠩᠬᠡ᠄ok! ᠵᠢᠵᠢᠭᠬᠡᠨ ᠭᠥᠯᠦᠭᠡᠨ ᠪᠠᠰᠠᠷ ᠠ᠋! ᠠ ᠬᠠ ᠬᠠ᠁
ᠪᠠᠰᠠᠷ᠄ ᠦᠭᠡᠢ! ᠠᠷᠢᠶᠠᠲᠠᠨ ᠪᠠᠰᠠᠷ!
ᠮᠥᠩᠬᠡ᠄ ᠵᠠ ᠵᠠ! ᠣᠢᠯᠠᠭᠠᠯ᠎ᠠ! ᠵᠠᠵᠢ ᠥᠵᠢ ᠪᠠᠰᠠᠵᠢ᠂ ᠬᠠ ᠬᠠ ᠬᠠ᠁
ᠪᠠᠰᠠᠷ᠄ ᠠᠷᠢᠶᠠᠲᠠᠨ ᠪᠠᠰᠠᠷ! ᠠᠷᠢᠶᠠᠲᠠᠨ ᠪᠠᠰᠠᠷ!
ᠤᠯᠠᠭᠠᠨ ᠮᠠᠯᠠᠭᠠᠢᠲᠤ᠄ ᠦ! ᠨᠠᠳᠠ ᠳ᠋ᠤ᠌ ᠶᠠᠮᠠᠷ ᠠᠶᠤᠯ ᠲᠣᠬᠢᠶᠠᠯᠳᠤᠨ᠎ᠠ ᠭᠡᠵᠦ? ᠪᠢ ᠡᠮᠡᠭᠡ ᠤᠷᠤᠭᠤ ᠪᠠᠨ ᠶᠠᠪᠤᠵᠤ ᠪᠠᠢᠭ᠎ᠠ ᠶᠤᠮ᠃
ᠵᠤᠯᠠ᠄ ᠬᠠᠷᠢᠨ ᠵᠠᠮ ᠳ᠋ᠤ᠌ ᠴᠢᠨᠢ ᠴᠢᠨᠣ᠎ᠠ ᠬᠦᠯᠢᠶᠡᠵᠦ ᠪᠠᠢᠭ᠎ᠠ ᠭᠡᠵᠦ ᠰᠣᠨᠣᠰᠤᠭᠠᠳ᠁
ᠤᠯᠠᠭᠠᠨ ᠮᠠᠯᠠᠭᠠᠢᠲᠤ᠄ ᠦ! ᠶᠠᠭᠠᠬᠢᠨ᠎ᠠ? ᠴᠢᠨᠣ᠎ᠠ ᠠ᠋! ᠶᠠᠮᠠᠷ ᠠᠶᠤᠮᠠᠷ ᠶᠤᠮ ᠪᠣᠢ?
ᠴᠠᠰᠤᠬᠠᠨ᠄ ᠵᠠ! ᠢᠩᠭᠢᠵᠦ ᠪᠠᠢᠬᠤ ᠨᠢ ᠴᠠᠭᠠᠰᠢ ᠪᠠᠨ ᠶᠤᠮ ᠪᠣᠢ?
ᠵᠤᠯᠠ᠄ ᠵᠠ!《 ᠤᠯᠠᠭᠠᠨ ᠮᠠᠯᠠᠭᠠᠢᠲᠤ》 ᠬᠡᠳᠦᠭᠦᠯᠡ ᠪᠡᠨ ᠬᠠᠮᠲᠤ ᠶᠠᠪᠤᠬᠤ ᠤᠤ?
ᠤᠯᠠᠭᠠᠨ ᠮᠠᠯᠠᠭᠠᠢᠲᠤ᠄ ᠦ! ᠲᠡᠭᠡᠶ᠎ᠡ ᠲᠡᠭᠡᠶ᠎ᠡ᠂ ᠣᠯᠠᠭᠤᠯᠠ ᠪᠠᠨ ᠶᠠᠪᠤᠪᠠᠯ ᠠᠶᠤᠬᠤ ᠦᠭᠡᠢ ᠭᠣᠶᠣ! ᠮᠠᠨ ᠤ᠋ ᠡᠨᠡ ᠬᠠᠪᠢ ᠳ᠋ᠤ᠌ ᠵᠥᠩᠳᠡᠭᠡᠨ ᠭᠣᠶᠣ᠁ ᠮᠠᠨ ᠤ᠋ ᠡᠨᠡ ᠬᠠᠪᠢ ᠳ᠋ᠤ᠌ ᠵᠥᠩᠳᠡᠭᠡᠨ ᠭᠣᠶᠣ ᠭᠣᠶᠣ ᠭᠠᠵᠠᠷ ᠤ᠋ᠳ ᠪᠠᠢᠭ᠎ᠠ᠃
ᠵᠤᠯᠠ᠄ ᠦ! ᠲᠡᠢᠮᠦ ᠤᠤ?
ᠤᠯᠠᠭᠠᠨ ᠮᠠᠯᠠᠭᠠᠢᠲᠤ᠄ ᠦ᠂ ᠲᠡᠢᠮᠦ! ᠮᠢᠨᠦ ᠣᠴᠢᠬᠤ ᠳᠤᠷᠠᠲᠠᠢ ᠣᠯᠠᠨ ᠭᠠᠵᠠᠷ ᠪᠠᠢᠭ᠎ᠠ᠂ ᠪᠢ ᠵᠠᠷᠢᠮ ᠭᠠᠵᠠᠷ ᠦ᠋ᠳ ᠲᠦ᠍ ᠨᠢ ᠪᠦᠷ ᠣᠷᠣᠢ ᠪᠠᠷ ᠣᠴᠢᠳᠠᠭ ᠭᠡᠵᠦ᠁
ᠴᠠᠰᠤᠬᠠᠨ᠄ ᠤᠯᠠᠭᠠᠨ ᠮᠠᠯᠠᠭᠠᠢᠲᠤ ᠡᠭᠡᠴᠢ ᠠ᠋! ᠲᠠ ᠬᠣᠭ ᠢ᠋ᠶ᠋ᠠᠨ ᠤᠨᠠᠭᠠᠴᠢᠬᠠᠯᠠ᠃
ᠤᠯᠠᠭᠠᠨ ᠮᠠᠯᠠᠭᠠᠢᠲᠤ᠄ ᠣᠳᠣ ᠨᠠᠳᠠ ᠳ᠋ᠤ᠌ ᠬᠡᠷᠡᠭ ᠦᠭᠡᠢ ᠶᠦ᠍ᠮ ᠴᠢᠨᠢ ᠬᠠᠶᠠᠭᠰᠠᠨ ᠶᠤᠮ ᠠ᠋!
ᠲᠤᠩᠬᠤ᠄ ᠪᠠᠢᠭᠠᠯᠢ ᠳ᠋ᠤ᠌ ᠢᠩᠭᠢᠵᠦ᠂ ᠶᠡᠷᠦ ᠨᠢ ᠬᠠᠮᠢᠭ᠎ᠠ ᠴᠤ᠌ ᠶᠠᠪᠤᠭᠰᠠᠨ ᠬᠣᠭ ᠢ᠋ᠶ᠋ᠠᠨ ᠢᠩᠭᠢᠵᠦ ᠬᠠᠶᠠᠵᠤ ᠪᠣᠯᠬᠤ ᠦᠭᠡᠢ ᠰᠢᠳᠡ!
ᠤᠯᠠᠭᠠᠨ ᠮᠠᠯᠠᠭᠠᠢᠲᠤ᠄ ᠬᠣᠭ ᠢ᠋ ᠨᠢ ᠬᠠᠶᠠᠬᠤ ᠦᠭᠡᠢ ᠲᠡᠭᠡᠭᠡᠳ ᠶᠠᠭᠠᠬᠢᠬᠤ ᠪᠣᠢ?
ᠪᠠᠰᠠᠷ᠄what ᠸᠠᠲ!
ᠮᠥᠩᠬᠡ᠄ ᠦᠭᠡᠢ ᠡᠨᠡ ᠴᠢᠨᠢ? ᠬᠣᠭ ᠢ᠋ ᠬᠣᠭ ᠤ᠋ᠨ ᠰᠠᠪᠠᠨ ᠳ᠋ᠤ᠌ ᠨᠢ ᠯᠡ ᠬᠠᠶᠠᠨ᠎ᠠ ᠪᠢᠵᠡ ᠳᠠ!
ᠤᠯᠠᠭᠠᠨ ᠮᠠᠯᠠᠭᠠᠢᠲᠤ᠄ ᠲᠡᠭᠡᠯ᠎ᠡ ᠡᠨᠡ ᠬᠠᠪᠢ ᠳ᠋ᠤ᠌ ᠬᠣᠭ ᠤ᠋ᠨ ᠰᠠᠪᠠ ᠪᠠᠢᠬᠤ ᠦᠭᠡᠢ ᠪᠠᠢᠭ᠎ᠠ ᠪᠢᠵᠡ ᠳᠠ!
ᠲᠤᠩᠬᠤ᠄ ᠲᠡᠢᠮᠦ ᠯᠠ ᠳᠠ! ᠭᠡᠬᠦ ᠳ᠋ᠦ᠍ ᠪᠡᠨ ᠬᠠᠷᠮᠠᠯᠠᠵᠤ ᠠᠪᠴᠤ ᠶᠠᠪᠤᠵᠤ ᠪᠠᠢᠭᠠᠳ ᠬᠣᠭ ᠤ᠋ᠨ ᠰᠠᠪᠠ ᠲᠠᠭᠠᠷᠠᠯᠳᠤᠬᠤ ᠪᠠᠷ ᠨᠢ ᠬᠠᠶᠠᠵᠤ ᠪᠣᠯᠤᠨ᠎ᠠ ᠰᠢᠦ ᠲᠠ!
ᠤᠯᠠᠭᠠᠨ ᠮᠠᠯᠠᠭᠠᠢᠲᠤ᠄ ᠵᠠ᠂ ᠶᠠᠷᠰᠢᠭ ᠠ᠋᠂ ᠮᠠᠨ ᠊ᠤ ᠡᠵᠢ ᠰᠢᠭ ᠦᠭᠡᠯᠡᠭᠡᠳ ᠪᠠᠢᠬᠤ ᠶᠤᠮ ᠠ᠋!
ᠲᠤᠩᠬᠤ᠄ whatᠸᠲ!
ᠤᠯᠠᠭᠠᠨ ᠮᠠᠯᠠᠭᠠᠢᠲᠤ᠄ ᠬᠥᠶᠢ! ᠲᠠ ᠬᠡᠳᠦ ᠢᠳᠡᠬᠦ ᠦᠭᠡᠢ ᠶᠦᠮ ᠦᠦ?
ᠲᠤᠩᠬᠤ᠄ ᠲᠠᠨ ᠊ᠤ ᠡᠵᠢ᠂ ᠡᠮᠡᠭᠡ ᠳ᠋ᠦ᠍ ᠴᠢᠨᠢ ᠬᠢᠵᠦ ᠶᠠᠪᠤᠭᠤᠯᠤᠭᠰᠠᠨ ᠪᠢᠰᠢ ᠪᠢᠯᠢᠤ?
ᠤᠯᠠᠭᠠᠨ ᠮᠠᠯᠠᠭᠠᠢᠲᠤ᠄ ᠶᠣᠣ! ᠶᠠᠳᠠᠷᠠᠭᠠᠳ ᠪᠠᠢᠨ᠎ᠠ᠂ ᠬᠡᠳᠦᠭᠦᠯᠡ ᠪᠡᠨ ᠡᠨᠳᠡ ᠤᠨᠲᠠᠵᠤ ᠪᠠᠢᠭᠠᠳ ᠪᠤᠴᠠᠬᠤ ᠤᠤ?
ᠴᠠᠰᠤᠬᠠᠨ᠄ ᠡᠮᠡᠭᠡ ᠨᠢ ᠶᠠᠭᠠᠬᠢᠬᠤ ᠪᠣᠯᠵᠤ ᠪᠠᠢᠨ᠎ᠠ?
ᠤᠯᠠᠭᠠᠨ ᠮᠠᠯᠠᠭᠠᠢᠲᠤ᠄ ᠶᠣᠣ! ᠴᠠᠳᠴᠢᠬᠠᠯᠠ᠁ ᠦ᠂ ᠲᠡᠨᠳᠡ ᠮᠢᠨᠦ ᠲᠣᠭᠯᠠᠳᠠᠭ ᠭᠠᠵᠠᠷ ᠪᠠᠢᠭ᠎ᠠ ᠰᠢᠳᠡ᠂ ᠣᠴᠢᠵᠤ ᠲᠣᠭᠯᠠᠬᠤ ᠤᠤ?
ᠮᠥᠩᠬᠡ᠄ ᠶᠠᠭᠠᠬᠢᠨ᠎ᠠ? ᠡᠮᠡᠭᠡ ᠳ᠋ᠦ᠍ ᠴᠢᠨᠢ ᠠᠪᠠᠴᠢᠬᠤ ᠬᠣᠭᠣᠯᠠ ᠭᠦᠷᠦᠴᠢᠬᠡᠯᠡ ᠳ᠋ᠠ!
ᠪᠠᠰᠠᠷ᠄ ᠵᠠ᠂ ᠨᠥᠭᠥᠭᠡ ᠴᠢᠨᠣ᠎ᠠ ᠨᠢ ᠲᠠᠭᠠᠷᠠᠯᠳᠤᠪᠠᠯ ᠶᠠᠭᠠᠬᠢᠨ᠎ᠠ? ᠬᠡᠳᠦᠭᠦᠯᠡ ᠪᠡᠨ?
ᠤᠯᠠᠭᠠᠨ ᠮᠠᠯᠠᠭᠠᠢᠲᠤ᠄ ᠦ! ᠨᠡᠭᠡᠷᠡᠨ ᠴᠢᠨᠣ᠎ᠠ ᠪᠠᠢᠭ᠎ᠠ ᠲᠡᠢᠮᠦ?
ᠵᠤᠯᠠ᠄ ᠲᠡᠢᠮᠦ! ᠴᠢᠨᠣ᠎ᠠ ᠪᠠᠢᠭ᠎ᠠ ᠰᠢᠳᠡ!
ᠤᠯᠠᠭᠠᠨ ᠮᠠᠯᠠᠭᠠᠢᠲᠤ᠄ ᠪᠠᠬᠠᠨ ᠠᠯᠬᠤᠯ᠎ᠠ᠂ ᠴᠢᠨᠣ᠎ᠠ ᠭᠠᠷᠴᠤ ᠢᠷᠡᠬᠦ ᠦᠭᠡᠢ ᠶᠦ᠍ᠮ ᠪᠠᠢᠨ᠎ᠠ ᠪᠢᠰᠢᠦ?
ᠲᠤᠩᠬᠤ᠄ ᠤᠭ ᠨᠢ ᠴᠦ᠍ ᠲᠡᠢᠮᠦ ᠯᠠ ᠳᠠ᠂ ᠭᠡᠬᠦ ᠳ᠋ᠦ᠍ ᠪᠡᠨ ᠪᠣᠯᠭᠣᠮᠵᠢᠲᠠᠢ ᠪᠠᠢᠬᠤ ᠦᠭᠡᠢ ᠪᠣᠯ᠁
ᠤᠯᠠᠭᠠᠨ ᠮᠠᠯᠠᠭᠠᠢᠲᠤ᠄ ᠬᠡᠳᠦᠭᠦᠯᠡ ᠪᠡᠨ ᠭᠠᠷᠴᠤ ᠢᠷᠡᠬᠦ ᠦᠭᠡᠢ ᠪᠣᠯ ᠴᠢᠨᠣ᠎ᠠ ᠶ᠋ᠢ ᠬᠠᠢᠵᠤ ᠣᠯᠬᠤ ᠤᠤ?
ᠪᠠᠰᠠᠷ᠄ ᠬᠥᠶᠢ! ᠲᠡᠭᠡᠳᠡᠭ ᠨᠢ ᠶᠠᠭᠠᠬᠢᠵᠤ ᠪᠠᠢᠭ᠎ᠠ?
ᠤᠯᠠᠭᠠᠨ ᠮᠠᠯᠠᠭᠠᠢᠲᠤ᠄ ᠣᠴᠢᠵᠤ ᠦᠵᠡᠶ᠎ᠡ ᠯᠡ ᠳ᠋ᠠ! ᠴᠢᠨᠣ᠎ᠠ ᠶ᠋ᠢ?
ᠪᠦᠭᠦᠳᠡᠭᠡᠷ᠄ ᠠ!
ᠤᠯᠠᠭᠠᠨ ᠮᠠᠯᠠᠭᠠᠢᠲᠤ᠄ ᠴᠢᠨᠣ᠎ᠠ ᠭᠠᠷᠴᠤ ᠢᠷᠡᠬᠦ ᠦᠭᠡᠢ ᠪᠣᠯ ᠴᠢᠨᠣ᠎ᠠ ᠳᠡᠭᠡᠷ᠎ᠡ ᠣᠴᠢᠶ᠎ᠠ᠃
ᠪᠦᠭᠦᠳᠡᠭᠡᠷ᠄ ᠶᠠᠭᠤ?
ᠲᠤᠩᠬᠤ᠄ ᠤᠯᠠᠭᠠᠨ ᠮᠠᠯᠠᠭᠠᠢᠲᠤ ᠡᠭᠡᠴᠢ ᠠ᠋! ᠢᠩᠭᠢᠵᠦ ᠪᠣᠯᠬᠤ ᠦᠭᠡᠢ ᠰᠢᠲᠠ!
ᠤᠯᠠᠭᠠᠨ ᠮᠠᠯᠠᠭᠠᠢᠲᠤ᠄ ᠶᠠᠭᠠᠬᠢᠵᠤ ᠪᠣᠯᠬᠤ ᠦᠭᠡᠢ ᠭᠡᠵᠦ?
ᠪᠠᠰᠠᠷ᠄ ᠴᠢᠨᠣ᠎ᠠ ᠶ᠋ᠢ ᠣᠴᠢᠵᠤ ᠦᠵᠡᠶ᠎ᠡ ᠭᠡᠳᠡᠭ ᠴᠢᠨᠢ ᠣᠳᠣ ᠶᠠᠭᠤ ᠬᠢᠵᠦ ᠪᠠᠢᠭ᠎ᠠ ᠶᠤᠮ ᠪᠣᠢ? ᠡᠨᠡ ᠴᠢᠨᠢ ᠣᠳᠣ
ᠮᠥᠩᠬᠡ᠄ ᠦᠭᠡᠢ ᠬᠠᠷᠢᠨ ᠲᠡᠢᠮᠦ᠂ ᠠᠶᠤᠯ ᠲᠠᠢ ᠰᠢᠦ ᠳ᠋ᠠ!
ᠤᠯᠠᠭᠠᠨ ᠮᠠᠯᠠᠭᠠᠢᠲᠤ᠄ ᠥ᠁ ᠵᠠ ᠵᠠ ᠲᠠ ᠬᠡᠳᠦ ᠴᠦ᠍ 《ᠲᠠᠤᠯᠠᠢ ᠶ᠋ᠢᠨ ᠵᠢᠷᠦᠬᠡ 》 ᠲᠡᠢ ᠬᠡᠦᠬᠡᠳ ᠦ᠋ᠳ ᠶᠦ᠍ᠮ ᠪᠢᠵᠡ ᠳᠠ!
ᠪᠠᠰᠠᠷ᠄《 ᠲᠠᠤᠯᠠᠢ ᠶ᠋ᠢᠨ ᠵᠢᠷᠦᠬᠡ》 ᠲᠡᠢ ᠭᠡᠬᠦ ᠪᠡᠷ ᠶᠠᠭᠤ ᠭᠡᠵᠦ ᠪᠠᠢᠭ᠎ᠠ ᠶᠤᠮ ᠪᠣᠯ?《 ᠳᠡᠯᠳᠡᠩ ᠵᠢᠷᠦᠬᠡ》 ᠲᠡᠢ ᠭᠡᠵᠦ ᠪᠠᠢᠭ᠎ᠠ ᠶᠤᠮ ᠤᠤ?
ᠮᠥᠩᠬᠡ᠄ 《ᠠᠶᠤᠮᠠᠬᠠᠢ》 ᠭᠡᠵᠦ ᠪᠠᠢᠭ᠎ᠠ ᠶᠤᠮ ᠠ᠋!
ᠤᠯᠠᠭᠠᠨ ᠮᠠᠯᠠᠭᠠᠢᠲᠤ᠄ ᠠ! ᠭᠣᠶᠣ ᠬᠥᠭᠵᠢᠯᠲᠡᠢ ᠶᠠᠭᠤᠮ᠎ᠠ ᠬᠢᠶ᠎ᠡ ᠯᠠ ᠳᠠ! ᠢᠩᠭᠢᠭᠡᠳ ᠠᠯᠬᠤᠭᠠᠳ ᠪᠠᠢᠭ᠎ᠠ ᠪᠠᠷ ᠴᠢᠨᠢ ᠤᠢᠳᠤᠭᠠᠳ ᠪᠠᠢᠨ᠎ᠠ ᠰᠢᠲᠠ᠃
ᠵᠤᠯᠠ᠄ ᠬᠠᠷᠢᠨ ᠲᠡᠢᠮᠦ ᠠ᠋! ᠶᠠᠭᠤ ᠬᠢᠬᠦ ᠦᠦ?
ᠲᠤᠩᠬᠤ᠄ ᠵᠤᠯᠠ ᠡᠭᠡᠴᠢ ᠠ᠋! ᠲᠠ ᠲᠡᠭᠡᠵᠦ ᠪᠣᠯᠬᠤ ᠦᠭᠡᠢ ᠰᠢᠳᠡ᠂《 ᠤᠯᠠᠭᠠᠨ ᠮᠠᠯᠠᠭᠠᠢᠲᠤ》 ᠡᠭᠡᠴᠢ ᠡᠮᠡᠭᠡ ᠳ᠋ᠦ᠍ ᠪᠡᠨ ᠬᠤᠤᠱᠤᠤᠷ ᠢ᠋ᠶ᠋ᠠᠨ ᠠᠪᠠᠴᠢᠵᠤ ᠥᠭᠬᠦ ᠶᠣᠰᠣᠲᠠᠢ ᠰᠢᠦ ᠳ᠋ᠠ!
ᠵᠤᠯᠠ᠄ ᠦ ᠬᠦ᠌! ᠡᠭᠡᠴᠢ ᠨᠢ ᠪᠠᠰᠠ ᠨᠢᠭᠡ ᠤᠳᠠᠭ᠎ᠠ ᠦᠯᠢᠭᠡᠷ ᠢ᠋ᠶ᠋ᠡᠷ ᠠᠶᠠᠯᠠᠵᠤ ᠦᠵᠡᠵᠦ ᠪᠠᠢᠭ᠎ᠠ ᠶ᠋ᠢ ᠭᠣᠶᠣ ᠭᠣᠶᠣ ᠶᠠᠭᠤᠮ᠎ᠠ ᠬᠢᠵᠦ ᠦᠵᠡᠮᠡᠷ ᠯᠡ ᠪᠠᠢᠨ᠎ᠠ ᠰᠢᠲᠠ!
ᠪᠠᠰᠠᠷ᠄ ᠦ! ᠡᠨᠡ ᠬᠣᠶᠠᠷ ᠪᠣᠯ ᠲᠠᠭᠠᠷᠠᠭᠰᠠᠨ ᠬᠣᠶᠠᠷ ᠪᠠᠢᠨ᠎ᠠ ᠳᠠ!
ᠴᠠᠰᠤᠬᠠᠨ᠄ ᠪᠠᠰᠠᠷ ᠠ᠋! ᠥᠪᠡᠷ ᠡᠴᠡ ᠪᠡᠨ ᠡᠭᠡᠴᠢᠮᠡᠳ ᠬᠥᠮᠦᠨ ᠲᠡᠢ ᠢᠩᠭᠢᠵᠦ ᠶᠠᠷᠢᠵᠤ ᠪᠣᠯᠬᠤ ᠦᠭᠡᠢ ᠰᠢᠦ ᠳ᠋ᠠ!
ᠤᠯᠠᠭᠠᠨ ᠮᠠᠯᠠᠭᠠᠢᠲᠤ᠄ ᠬᠥᠶᠢ! ᠲᠠ ᠬᠡᠳᠦ ᠡᠨᠡ ᠬᠤᠤᠱᠤᠤᠷ ᠢ᠋ ᠠᠪᠠᠴᠢᠭᠠᠳ ᠥᠭᠴᠢᠬᠡᠬᠦ ᠦᠦ?
ᠮᠥᠩᠬᠡ᠄ ᠠᠢ ᠠᠢ ᠠ᠋!
ᠤᠯᠠᠭᠠᠨ ᠮᠠᠯᠠᠭᠠᠢᠲᠤ᠄ ᠵᠤᠯᠠ ᠭᠡᠰᠡᠨ ᠦᠦ?
ᠵᠤᠯᠠ᠄ ᠠ ᠬᠠ!
ᠤᠯᠠᠭᠠᠨ ᠮᠠᠯᠠᠭᠠᠢᠲᠤ᠄ ᠬᠣᠶᠠᠭᠤᠯᠠ ᠪᠠᠨ ᠰᠠᠨᠠᠭ᠎ᠠ ᠪᠣᠯ ᠠᠶᠠᠭᠦᠢ ᠨᠡᠢᠯᠡᠭᠡᠳ ᠪᠠᠢᠭ᠎ᠠ ᠶᠤᠮ ᠪᠢᠰᠢᠦ? ᠬᠢ ᠬᠢ
ᠵᠤᠯᠠ᠄yes!( ᠲᠡᠢᠮᠦ ᠠ᠋)
ᠤᠯᠠᠭᠠᠨ ᠮᠠᠯᠠᠭᠠᠢᠲᠤ᠄ ᠬᠥᠶᠢ! ᠪᠢ ᠭᠣᠶᠣ ᠭᠣᠶᠣ ᠭᠠᠵᠠᠷ ᠤ᠋ᠳ ᠦᠵᠡᠭᠦᠯᠬᠦ ᠦᠦ?
ᠵᠤᠯᠠ᠄ ᠳᠡᠭᠡᠯ ᠳ᠋ᠠ!
ᠲᠤᠩᠬᠤ᠄ ᠵᠤᠯᠠ ᠡᠭᠡᠴᠢ ᠠ᠋! ( ᠲᠠ ᠯᠡ ᠣᠳᠣ᠌᠁)
ᠵᠤᠯᠠ᠄ ᠵᠠ᠂ ᠡᠭᠡᠴᠢ ᠨᠢ ᠵᠢᠭᠠᠬᠠᠨ ᠡᠷᠬᠡ ᠴᠢᠯᠥᠭᠡ ᠲᠡᠢ ᠳᠤᠷ᠎ᠠ ᠪᠠᠷ ᠢ᠋ᠶ᠋ᠠᠨ ᠪᠠᠢᠮᠠᠷ ᠪᠠᠢᠨ᠎ᠠ᠃
ᠤᠯᠠᠭᠠᠨ ᠮᠠᠯᠠᠭᠠᠢᠲᠤ᠄ (ᠭᠠᠳᠠᠭᠠᠳᠤ)
ᠪᠠᠰᠠᠷ᠄ ᠥᠩ! ᠭᠠᠳᠠᠭᠠᠳᠤ ᠪᠠᠷ ᠶᠠᠷᠢᠭᠰᠠᠨ ᠤᠤ ᠦᠭᠡᠢ ᠦᠦ?
ᠤᠯᠠᠭᠠᠨ ᠮᠠᠯᠠᠭᠠᠢᠲᠤ᠄ ᠥ᠂ ᠦᠭᠡᠢ ᠶᠠᠪᠤᠵᠠᠭᠠᠶ᠎ᠠ ᠭᠡᠵᠦ ᠪᠠᠢᠭ᠎ᠠ ᠪᠠᠢᠬᠤ ᠦᠭᠡᠢ ᠦᠦ᠂ ᠬᠢ ᠬᠢ!
ᠪᠠᠰᠠᠷ᠄ ᠬᠡᠩ!
ᠵᠤᠯᠠ᠄ ᠶᠠᠪᠤᠵᠤ ᠰᠠᠬᠢᠯᠭ᠎ᠠ ᠥᠬᠡᠢᠳᠡᠶᠡ!
ᠴᠠᠰᠤᠬᠠᠨ᠄ ᠸᠠᠲ!
ᠮᠥᠩᠬᠡ᠄ ᠸᠠᠲ!
ᠲᠤᠩᠬᠤ᠄ ᠸᠠᠲ!
ᠪᠠᠰᠠᠷ᠄ ᠸᠠᠲ!
ᠮᠠᠨ ᠤ᠋ ᠲᠠᠪᠤ ᠶ᠋ᠢᠨ ᠵᠣᠷᠢᠵᠤ ᠣᠴᠢᠭᠰᠠᠨ ᠵᠢᠵᠢᠭᠬᠡᠨ ᠬᠥᠭᠡᠷᠦᠬᠦᠨ 《ᠤᠯᠠᠭᠠᠨ ᠮᠠᠯᠠᠭᠠᠢᠲᠤ》 ᠶᠠᠭᠤ ᠪᠣᠯᠬᠤ ᠪᠣᠢ? ᠴᠢᠨᠣ᠎ᠠ ᠳᠡᠭᠡᠷ᠎ᠡ ᠦᠨᠡᠬᠡᠷ ᠣᠴᠢᠬᠤ ᠪᠣᠯᠪᠠ ᠤᠤ? ᠤᠯᠠᠭᠠᠨ ᠮᠠᠯᠠᠭᠠᠢᠲᠤ ᠪᠣᠯᠤᠨ ᠵᠤᠯᠠ ᠡᠭᠡᠴᠢ ᠨᠠᠷ ᠶᠠᠭᠠᠬᠢᠭᠠᠳ ᠲᠡᠭᠡᠵᠦ ᠮᠠᠭᠤ ᠠᠭᠠᠰᠢ ᠭᠠᠷᠭᠠᠭᠠᠳ ᠪᠠᠢᠨ᠎ᠠ ᠪᠣᠢ? ᠡᠨᠡ ᠪᠦᠬᠦᠢᠯᠡ ᠦᠢᠯᠡ ᠶᠠᠪᠤᠳᠠᠯ ᠢ᠋ ᠳᠠᠷᠠᠭ᠎ᠠ ᠶ᠋ᠢᠨ ᠠᠩᠭᠢ ᠳ᠋ᠤ᠌ ᠬᠦᠯᠢᠶᠡᠨ ᠠᠪᠴᠤ ᠦᠵᠡᠭᠡᠷᠡᠢ᠂ ᠪᠠᠶᠠᠷᠲᠠᠢ!
ᠮᠥᠩᠬᠡ᠄ ᠤᠷ᠎ᠠ ᠴᠢᠳᠠᠪᠤᠷᠢ ᠲᠠᠢ ᠪᠣᠯᠭᠠᠳᠠᠭ ᠮᠡᠷᠭᠡᠵᠢᠯ ᠦ᠋ᠨ ᠪᠣᠯᠪᠠᠰᠤᠷᠠᠯ ᠡᠩ ᠡᠩ!
ᠲᠤᠩᠬᠤ᠄ ᠬᠥᠶᠢ! ᠮᠥᠩᠬᠡ ᠠ᠋! ᠶᠠᠭᠤ ᠬᠢᠵᠦ ᠪᠠᠢᠭ᠎ᠠ ᠶᠤᠮ ᠪᠣᠢ?
ᠮᠥᠩᠬᠡ᠄ ᠶᠧ᠂ ᠬᠢ ᠬᠢ! ᠪᠠᠰᠠᠷ ᠲᠠᠢ ᠬᠣᠶᠠᠭᠤᠯᠠ ᠬᠠᠷᠢᠨsuprise ( ᠭᠡᠨᠡᠳᠲᠡ ᠶ᠋ᠢᠨ ᠪᠡᠯᠡᠭ )ᠪᠠᠷᠢᠬᠤ ᠭᠡᠵᠦ ᠪᠠᠢᠬᠤ ᠳ᠋ᠤ᠌ ᠬᠠᠷᠠᠴᠢᠬᠠᠬᠤ ᠶᠤᠮ ᠠ᠋!
ᠲᠤᠩᠬᠤ᠄ ᠦ! ᠬᠢ ᠬᠢ ᠶᠠᠭᠤᠨsuprise ( ᠭᠡᠨᠡᠳᠲᠡ ᠶ᠋ᠢᠨ ᠪᠡᠯᠡᠭ ) ᠶᠤᠮ ᠪᠣᠢ?
ᠮᠥᠩᠬᠡ᠄ ᠬᠡᠳᠦᠭᠦᠯᠡ ᠪᠡᠨ ᠥᠨᠥᠬᠢ ᠲᠣᠭᠣᠭᠠᠴᠢ ᠪᠠᠢᠬᠤ᠂ ᠣᠶᠣᠳᠠᠯᠴᠢᠨ ᠪᠠᠢᠬᠤ᠂ ᠵᠠᠰᠠᠪᠤᠷᠢᠴᠢᠨ ᠭᠡᠳ ᠭᠣᠶᠣ ᠭᠣᠶᠣ ᠮᠡᠷᠭᠡᠵᠢᠯ ᠦ᠋ᠨ ᠲᠠᠯ᠎ᠠ ᠪᠠᠷ ᠳᠠᠭᠤᠤ ᠳᠠᠭᠤᠯᠠᠭᠰᠠᠨ ᠳ᠋ᠠ᠂ ᠶᠠᠭᠠᠬᠢᠪᠠ᠂ ᠴᠢ ᠨᠥᠭᠥᠭᠡ ᠨᠢᠭᠡ ᠳᠠᠬᠢᠯᠲᠠ ᠶ᠋ᠢ ᠨᠢ ᠠᠶᠠᠭᠦᠢ ᠭᠣᠶᠣ ᠳᠠᠭᠤᠯᠠᠳᠠᠭ?
ᠲᠤᠩᠬᠤ᠄ ᠪᠠᠷᠢᠯᠭᠠᠴᠢᠨ ᠬᠥᠮᠦᠨ᠂ ᠤᠷᠠᠨ ᠰᠠᠢᠬᠠᠨ ᠪᠠᠢᠳᠠᠭ᠂ ᠦ᠁ ᠤᠷ᠎ᠠ ᠴᠢᠳᠠᠪᠤᠷᠢ ᠲᠠᠢ ᠪᠣᠯᠭᠠᠳᠠᠭ᠃ ᠠ! ᠪᠦᠬᠦᠨ ᠢ᠋ ᠭᠠᠷ ᠢ᠋ᠶ᠋ᠠᠷ ᠪᠦᠲᠦᠭᠡᠭᠡᠳ᠂ ᠪᠢᠳᠡ ᠪᠣᠯ ᠪᠦᠲᠦᠭᠡᠭᠴᠢ ᠶᠦᠮ! ᠶᠠ ᠶᠠ᠂ ᠭᠣᠶᠣ ᠪᠠᠢᠭᠰᠠᠨ ᠰᠢᠦ!
ᠮᠥᠩᠬᠡ᠄ ᠬᠢ ᠬᠢ᠂ ᠬᠠᠷᠢᠨ ᠲᠡᠢᠮᠦ᠂ ᠲᠡᠭᠡᠭᠡᠳ ᠨᠠᠢᠵᠢ ᠨᠢ ᠬᠠᠷᠢᠨ ᠮᠡᠷᠭᠡᠵᠢᠯ ᠦ᠋ᠨ ᠪᠣᠯᠪᠠᠰᠤᠷᠠᠯ ᠲᠠᠢ ᠵᠠᠯᠠᠭᠤ ᠪᠣᠯᠴᠢᠬᠠᠬᠤ ᠰᠠᠨᠠᠭ᠎ᠠ ᠲᠠᠢ᠂ ᠪᠠᠰᠠᠷ ᠲᠤ᠌ ᠪᠠᠨ ᠤᠭ ᠨᠢ ᠡᠭᠦᠷ ᠪᠠᠷᠢᠵᠤ ᠥᠭᠴᠦ ᠪᠠᠢᠭᠰᠠᠨ ᠶᠤᠮ᠃
ᠲᠤᠩᠬᠤ᠄ ᠸᠠ ᠦ᠂ ᠶᠠᠮᠠᠷ ᠮᠤᠨᠳᠠᠭ ᠶᠤᠮ ᠪᠣᠢ? ᠲᠡᠭᠡᠭᠡᠳ ᠡᠨᠡ ᠶ᠋ᠢ ᠴᠢ ᠪᠠᠷᠢᠭᠰᠠᠨ ᠶᠤᠮ ᠤᠤ?
ᠮᠥᠩᠬᠡ᠄ ᠠ! ᠪᠠᠷᠢᠩᠭᠠᠨ ᠠᠯᠳᠠᠯ᠎ᠠ᠂ ᠪᠠᠷᠤᠭ ᠯᠠ ᠪᠠᠷᠢᠭᠰᠠᠨ ᠶᠤᠮ ᠤᠤ ᠳᠠ!
ᠲᠤᠩᠬᠤ᠄ ᠬᠢ ᠬᠢ! ᠶᠠᠭᠤ ᠭᠡᠵᠦ ᠪᠠᠢᠭ᠎ᠠ ᠶᠤᠮ ᠪᠣᠢ? ᠪᠠᠷᠤᠭ ᠪᠠᠷᠢᠭᠰᠠᠨ ᠭᠡᠳᠡᠭ ᠨᠢ?
ᠮᠥᠩᠬᠡ ᠄ ᠪᠢ ᠶᠠᠭ ᠠᠷᠭ᠎ᠠ ᠪᠠᠷᠢᠯ ᠢ᠋ ᠨᠢ ᠪᠠᠰᠠ ᠲᠸᠭᠡᠨᠢᠭ ᠢ᠋ ᠨᠢ ᠮᠡᠳᠡᠬᠦ ᠦᠭᠡᠢ ᠪᠣᠯᠬᠣᠷ ᠮᠡᠷᠭᠡᠵᠢᠯ ᠦ᠋ᠨ ᠪᠣᠯᠪᠠᠰᠤᠷᠠᠯ ᠲᠠᠢ ᠨᠠᠢᠵᠠ ᠨᠤᠭᠤᠳ ᠢ᠋ ᠪᠡᠨ ᠳᠠᠭᠤᠳᠠᠴᠢᠬᠠᠯᠠ᠃ ᠮᠡᠷᠭᠡᠰᠢᠭᠰᠡᠨ ᠨᠠᠢᠵᠠ ᠨᠤᠭᠤᠳ ᠢ᠋ ᠪᠡᠨ ᠳᠠᠭᠤᠳᠠᠭᠠᠳ᠁
ᠦ! ᠬᠢ ᠬᠢ ᠬᠣᠶᠠᠷ ᠠ᠋! ᠪᠢ ᠺᠣᠳ᠋ ᠦᠭᠡ ᠪᠡᠷ ᠢ᠋ᠶ᠋ᠡᠷ ᠳᠠᠭᠤᠳᠠᠭᠠᠳ ᠪᠠᠢᠬᠤ ᠳ᠋ᠤ᠌ ᠴᠢᠨᠢ ᠳ᠋ᠠ!
ᠨᠠᠢᠵᠠ᠄ ᠦ᠂ ᠮᠠᠷᠲᠠᠴᠢᠬᠠᠭᠰᠠᠨ ᠪᠠᠢᠨ᠎ᠠ ᠰᠢᠲᠠ!
ᠲᠤᠩᠬᠤ᠄ ᠸᠠ ᠦ! ᠨᠠᠢᠵᠠ ᠨᠤᠭᠤᠳ ᠮᠢᠨᠢ! ᠰᠠᠢᠨ ᠤᠤ?
ᠨᠠᠢᠵᠠ᠄ ᠬᠢ ᠬᠢ! ᠰᠠᠢᠨ! ᠰᠠᠢᠨ ᠤᠤ?
ᠰᠠᠢᠨ ᠤᠤ? ᠲᠤᠩᠬᠤ ᠠ᠋!
ᠲᠤᠩᠬᠤ᠄ ᠲᠠ ᠬᠣᠶᠠᠷ ᠮᠠᠨᠢ ᠢᠷᠡᠴᠢᠬᠡᠭᠰᠡᠨ᠂ ᠲᠤᠰᠠᠯᠠᠭᠠᠳ ᠪᠠᠢᠭ᠎ᠠ ᠶᠤᠮ ᠤᠤ?
ᠨᠠᠢᠵᠠ( ᠡᠮᠡᠭᠲᠡᠢ)᠄ ᠬᠠᠷᠢᠨ ᠲᠡᠢᠮᠦ! ᠮᠠᠨ ᠤ᠋ ᠮᠥᠩᠬᠡ ᠬᠤᠷᠳᠤᠨ ᠰᠤᠷᠴᠤ ᠪᠠᠢᠨ᠎ᠠ ᠰᠢᠦ!
ᠨᠠᠢᠵᠠ ( ᠡᠷᠡᠭᠲᠡᠢ)᠄ ᠬᠠᠷᠢᠨ ᠲᠡᠢᠮᠦ!
ᠮᠥᠩᠬᠡ᠄ ᠠ ᠬᠠ᠂prodigy (ᠭᠣᠴᠣ ᠠᠪᠢᠶᠠᠰᠲᠠᠨ) ᠶᠤᠮ ᠦᠦ ᠳ᠋ᠠ! ᠪᠠᠷᠤᠭ ᠯᠠ ᠲᠡᠭᠦᠰ ᠱᠠᠪᠢ!
ᠨᠠᠢᠵᠠ( ᠡᠷᠡᠭᠲᠡᠢ ᠡᠮᠡᠭᠲᠡᠢ)᠄ ᠬᠢ ᠬᠢ᠁
ᠮᠥᠩᠬᠡ᠄(?)
ᠲᠤᠩᠬᠤ᠄ ᠮᠠᠨ ᠤ᠋ ᠬᠥᠭᠡᠷᠦᠬᠦᠨ ᠪᠠᠰᠠᠷ ᠮᠠᠨᠢ ᠰᠢᠨ᠎ᠡ ᠡᠭᠦᠷ ᠢ᠋ᠶ᠋ᠡᠷ ᠬᠠᠷᠠᠬᠤ ᠶᠤᠮ ᠪᠣᠯ ᠪᠥᠭᠡᠮ ᠪᠠᠶᠠᠷ ᠪᠣᠯᠬᠤ ᠨᠢ ᠠ᠋? ᠪᠠᠶᠠᠷᠯᠠᠯ᠎ᠠ ᠨᠠᠢᠵᠠ ᠨᠤᠭᠤᠳ ᠠ᠋!
ᠨᠠᠢᠵᠠ( ᠡᠮᠡᠭᠲᠡᠢ)᠄ ᠬᠢ ᠬᠢ! ᠵᠦᠭᠡᠷ ᠳ᠋ᠠ! ᠲᠠ ᠨᠠᠷ ᠮᠠᠨᠢ ᠪᠠᠰᠠ ᠰᠤᠷᠤᠯᠴᠠᠶ᠎ᠠ ᠭᠡᠵᠦ ᠪᠠᠢᠭ᠎ᠠ ᠪᠢᠳᠡ ᠬᠣᠶᠠᠷ ᠲᠤ᠌ ᠬᠡᠴᠢᠨᠡᠨ ᠤᠷᠮ᠎ᠠ ᠥᠭᠳᠡᠭ ᠭᠡᠴᠢ!
ᠨᠠᠢᠵᠠ( ᠡᠷᠡᠭᠲᠡᠢ )᠄ ᠶᠠᠳᠠᠬᠤ ᠳ᠋ᠤ᠌ ᠮᠠᠨ ᠤ᠋ ᠮᠥᠩᠬᠡ ᠠᠪᠢᠶᠠᠰ ᠲᠠᠢ ᠶᠤᠮ! ᠬᠢ ᠬᠢ᠁
ᠮᠥᠩᠬᠡ᠄ ᠥ ᠵᠠ ᠵᠠ! ᠶᠡᠬᠡᠩᠬᠢ ᠠᠵᠢᠯ ᠢ᠋ ᠨᠢ ᠲᠠ ᠬᠣᠶᠠᠷ ᠬᠢᠭᠡ ᠪᠢᠵᠡ ᠳᠠ!
ᠪᠦᠭᠦᠳᠡᠭᠡᠷ᠄ ᠬᠢ ᠬᠢ᠁
ᠵᠠᠷᠯᠠᠯ᠄ ᠲᠥᠰᠥᠪᠯᠡᠯ ᠳ᠋ᠦ᠍ ᠰᠠᠭᠤᠷᠢᠯᠠᠭᠰᠠᠨ (ᠲᠸᠭᠨᠢᠭ) ᠦ᠋ᠨ ᠪᠣᠯᠤᠨ ᠮᠡᠷᠭᠡᠵᠢᠯ ᠦ᠋ᠨ ᠪᠣᠯᠪᠠᠰᠤᠷᠠᠯ ᠰᠤᠷᠭᠠᠯ ᠲᠥᠰᠦᠯ ᠲᠡᠢ ᠬᠠᠮᠲᠤᠷᠠᠨ ᠠᠵᠢᠯᠯᠠᠪᠠ᠃
ᠴᠠᠰᠤᠬᠠᠨ᠄ ᠬᠡᠦᠬᠡᠳ ᠦ᠋ᠳ ᠠ᠋! ᠮᠠᠰᠺᠠ( ᠠᠮᠠᠪᠴᠢ) ᠪᠠᠨ ᠵᠥᠪ ᠵᠡᠭᠦᠬᠦ ᠨᠢ ᠶᠡᠬᠡ ᠴᠢᠬᠤᠯᠠ ᠵᠦᠢᠯ ᠰᠢᠦ! ᠬᠡᠷᠪᠡ ᠭᠠᠳᠠᠭᠤᠷ ᠭᠠᠷᠬᠤ ᠶᠤᠮ ᠪᠣᠯ ᠭᠠᠷ ᠢ᠋ᠶ᠋ᠠᠨ ᠠᠷᠢᠭᠤᠳᠬᠠᠵᠤ ᠪᠠᠢᠭᠠᠷᠠᠢ!
ᠦᠰᠦᠭ ᠠᠮᠢᠯᠠᠭᠤᠯᠤᠭᠴᠢ᠄ ᠬᠤᠸᠠᠷ
ᠦᠰᠦᠭ ᠬᠠᠲᠠᠭᠴᠢ᠄ ᠾᠦᠩ ᠸᠧᠢ
ᠬᠢᠨᠠᠯᠲᠠ᠄ ᠱᠤᠳᠤᠷᠭᠤ᠂ ᠮᠥᠴᠢᠷ᠂ ᠬᠤᠸᠠᠷ᠂ ᠨᠤᠮᠤᠴᠢᠨ ᠪᠢᠯᠢᠭ
ᠲᠠᠢᠯᠪᠤᠷᠢ᠄
ᠦᠺᠦᠯᠸᠯᠸ ᠊᠊᠊᠊᠊᠊ ᠳᠥᠷᠪᠡᠨ ᠤᠲᠠᠰᠤ ᠲᠠᠢ ᠨᠢᠭᠡ ᠵᠦᠢᠯ ᠦ᠋ᠨ ᠬᠥᠭᠵᠢᠮ
youTube ᠊᠊᠊᠊᠊᠊᠊᠊᠊ ᠰᠦᠯᠵᠢᠶᠡᠨ ᠦ᠌ ᠨᠡᠷ᠎ᠡ᠃