ᠣᠷᠣᠢ ᠦᠭᠡᠢ ᠰᠦᠮ᠎ᠡ – ᠳᠣᠯᠣᠭ᠎ᠠ ᠂ ᠨᠠᠰᠤ ᠶᠡᠭᠦᠯᠡᠵᠦ ᠵᠠᠭᠤᠷᠠᠲᠤ ᠪᠠᠷ ᠤᠳᠪᠠ Оройгүй сүм – Долоо ᠂ Нас юүлж зуурдаар одов - Oroigui sum 7
ᠳᠣᠯᠣᠭ᠎ᠠ ᠂ ᠨᠠᠰᠤ ᠶᠡᠭᠦᠯᠡᠵᠦ ᠵᠠᠭᠤᠷᠠᠲᠤ ᠪᠠᠷ ᠤᠳᠪᠠ
ᠣᠷᠣᠨ ᠳ᠋ᠤ᠌ ᠣᠷᠣᠰᠢᠬᠤ ᠪᠠᠷᠢᠳ ᠬᠣᠷᠣᠬᠠᠢ
ᠪᠡᠶ᠎ᠡ ᠳ᠋ᠦ᠍ ᠣᠷᠣᠰᠢᠬᠤ ᠦᠬᠦᠯ ᠦ᠋ᠨ ᠡᠵᠡᠨ
ᠰᠡᠳᠬᠢᠯ ᠳ᠋ᠦ᠍ ᠣᠷᠣᠰᠢᠬᠤ ᠨᠢᠰᠸᠠᠨᠢᠰ
ᠦᠢ ᠮᠥᠷᠡᠨ ᠪᠠᠷᠠᠭᠠᠨᠲᠤᠨ ᠳᠠᠪᠠᠯᠭᠠᠯᠠᠵᠤ᠂ ᠲᠠᠢᠪᠤᠩ ᠦᠭᠡᠢ ᠪᠠᠢᠯ᠎ᠠ᠃ ᠰᠠᠷᠯᠤᠭ ᠤ᠋ᠨ ᠠᠷᠠᠰᠤ ᠪᠠᠷ ᠪᠦᠷᠢᠵᠦ ᠬᠢᠭᠰᠡᠨ ᠭᠤᠷᠪᠠᠨ ᠬᠠᠷ᠎ᠠ ᠵᠠᠪᠢ ᠦᠢ ᠮᠥᠷᠡᠨ ᠦ᠌ ᠬᠠᠷ᠎ᠠ ᠪᠠᠷᠠᠭᠠᠨ ᠳᠣᠯᠭᠢᠶᠠᠨ ᠳᠡᠭᠡᠷ᠎ᠡ ᠳᠠᠯᠪᠢᠯᠵᠠᠨ ᠬᠦᠪᠦᠵᠦ᠂ ᠳᠡᠭᠡᠷ᠎ᠡ ᠨᠢ ᠬᠣᠶᠠᠷ ᠬᠣᠶᠠᠷ ᠢ᠋ᠶ᠋ᠠᠷ ᠰᠠᠭᠤᠭᠰᠠᠨ ᠮᠥᠷᠭᠥᠯᠴᠢᠳ ᠵᠤᠪᠠᠭᠤᠷᠢ ᠲᠠᠢ ᠪᠠᠷ ᠢᠷᠪᠠᠢᠵᠠᠭᠠᠵᠠᠢ᠃ ᠳᠠᠪᠠᠯᠭᠠᠨ ᠳ᠋ᠤ᠌ ᠵᠠᠪᠢ ᠳᠠᠯᠪᠢᠯᠵᠠᠨ᠂ ᠤᠷᠤᠰᠬᠠᠯ ᠰᠥᠷᠬᠦ ᠳ᠋ᠦ᠍ ᠳᠡᠭᠡᠷ᠎ᠡ ᠨᠢ ᠰᠠᠭᠤᠭᠰᠠᠨ ᠮᠥᠷᠭᠥᠯᠴᠢᠳ ᠦ᠋ᠨ ᠲᠣᠯᠣᠭᠠᠢ ᠡᠷᠭᠢᠵᠦ᠂ ᠳᠣᠲᠣᠷ᠎ᠠ ᠡᠪᠭᠦᠢᠷᠬᠡᠵᠦ ᠪᠠᠢᠯ᠎ᠠ᠃ ᠥᠯᠵᠡᠢ᠂ ᠤᠳᠬᠤᠨ ᠬᠣᠶᠠᠷ ᠨᠢᠭᠡ ᠵᠠᠪᠢ ᠳ᠋ᠤ᠌ ᠰᠠᠭᠤᠭᠰᠠᠨ ᠲᠤᠯᠠ ᠪᠡᠶ᠎ᠡ ᠮᠠᠭᠤ ᠲᠠᠢ᠂ ᠠᠶᠤᠮᠠᠬᠠᠢ ᠨᠢ ᠨᠡᠷᠮᠡᠭᠡᠰᠦ ᠪᠣᠯᠵᠤ ᠵᠠᠪᠢᠨ ᠤ᠋ ᠬᠣᠶᠠᠷ ᠲᠠᠯ᠎ᠠ ᠤᠷᠤᠭᠤ ᠪᠠᠢᠨ ᠪᠠᠢᠨ ᠪᠥᠭᠡᠯᠵᠢᠵᠦ ᠪᠠᠢᠪᠠ᠃ ᠪᠦᠬᠡᠮᠠᠩᠯᠠᠢ ᠬᠦᠷᠲᠡᠯ᠎ᠡ ᠢᠷᠪᠠᠢᠴᠢᠬᠠᠭᠰᠠᠨ ᠶᠡᠬᠡ ᠯᠡ ᠲᠠᠪᠠ ᠦᠭᠡᠢ ᠶᠠᠪᠤᠪᠠ᠃ ᠶᠡᠬᠡ ᠤᠰᠤᠨ ᠳᠡᠭᠡᠭᠦᠷ ᠵᠠᠪᠢ ᠪᠠᠷ ᠶᠠᠪᠤᠵᠤ ᠪᠠᠢᠭ᠎ᠠ ᠦᠭᠡᠢ ᠪᠣᠯᠬᠣᠷ ᠲᠡᠳᠡ ᠠᠷᠭ᠎ᠠ ᠦᠭᠡᠢ ᠰᠠᠨᠳᠤᠷᠤᠨ ᠪᠠᠯᠠᠮᠠᠭᠳᠠᠵᠠᠢ᠃ ᠬᠠᠷᠢᠨ ᠴᠤᠢᠮᠴᠤᠭ ᠭᠡᠯᠦᠩ᠂ ᠰᠠᠩᠵᠢ ᠭᠡᠰᠦᠯ ᠬᠣᠶᠠᠷ ᠨᠢᠭᠡ ᠶᠡᠬᠡ ᠵᠣᠪᠠᠯᠠᠩ ᠦᠭᠡᠢ ᠠᠵᠤ᠃
– ᠡᠢᠮᠦ ᠶᠠᠭᠤᠮ᠎ᠠ ᠪᠠᠷ ᠶᠠᠪᠤᠳᠠᠭ ᠢ᠋ ᠨᠢ ᠮᠡᠳᠡᠭᠰᠡᠨ ᠰᠠᠨ ᠪᠣᠯ ᠭᠠᠯᠳᠠᠨ ᠬᠡᠢᠳ ᠡᠴᠡ ᡀᠠᠰᠠ ᠤᠷᠤᠭᠤ ᠵᠦᠭᠯᠡᠳᠡᠭ ᠦᠭᠡᠢ ᠯᠡ ᠪᠠᠢᠵᠠᠢ᠃ ᠲᠣᠭ᠎ᠠ ᠦᠭᠡᠢ ᠶᠠᠭᠤᠮ᠎ᠠ ᠪᠣᠯᠤᠯ᠎ᠠ ᠭᠡᠵᠦ ᠤᠳᠬᠤᠨ ᠬᠡᠦᠬᠡᠨ ᠦᠭᠡᠯᠡᠵᠦ ᠶᠠᠪᠤᠯ᠎ᠠ᠃ ᠥᠯᠵᠡᠢ ᠳᠤᠤᠭᠠᠷᠴᠤ ᠴᠢᠳᠠᠬᠤ ᠦᠭᠡᠢ ᠡᠯᠢᠭᠡ ᠪᠡᠨ ᠳᠠᠷᠤᠭᠠᠳ ᠵᠠᠪᠢᠨ ᠤ᠋ ᠢᠷᠮᠡᠭ ᠡᠴᠡ ᠵᠠᠭᠤᠷᠠᠵᠤ ᠰᠠᠭᠤᠨ᠎ᠠ᠃ ᠭᠠᠯᠳᠠᠨ ᠬᠡᠢᠳ ᠡᠴᠡ ᡀᠠᠰᠠ ᠬᠦᠷᠲᠡᠯ᠎ᠡ ᠨᠢᠭᠡᠨ ᠰᠠᠢᠨ ᠥᠷᠲᠡᠭᠡ ᠭᠠᠵᠠᠷ ᠲᠤᠯᠠ ᠮᠥᠷᠭᠥᠯᠴᠢᠳ ᠭᠣᠣᠯ ᠢ᠋ᠶ᠋ᠠᠷ ᠶᠠᠪᠤᠪᠠᠯ ᠲᠦᠳᠡ ᠭᠡᠵᠡᠭᠡᠵᠦ ᠡᠢᠨ ᠬᠦᠦ ᠲᠠᠯ᠎ᠠ ᠵᠣᠭᠣᠰᠤᠨ ᠤ᠋ ᠬᠥᠯᠥᠰᠥ ᠲᠡᠢ ᠠᠷᠠᠰᠤᠨ ᠵᠠᠪᠢ ᠪᠠᠷ ᠶᠠᠪᠤᠬᠤ ᠪᠠᠷ ᠰᠢᠢᠳᠴᠡᠢ᠃ ᠥᠨᠳᠥᠷ ᠠᠭᠤᠯᠠᠨ ᠠ᠋ᠴᠠ ᠪᠠᠭᠤᠭᠰᠠᠨ ᠦᠢ ᠮᠥᠷᠡᠨ ᠤᠷᠤᠰᠬᠠᠯ ᠲᠣᠭᠰᠢᠨ ᠲᠤᠯᠠ ᠪᠦᠷ ᠴᠦ᠍ ᠨᠡᠷᠮᠡᠭᠡᠰᠦ ᠪᠣᠯᠵᠠᠢ᠃ 《ᠪᠷᠤᠭᠷᠢ ᠭᠠᠯᠳᠠᠨ ᠨᠠᠮᠪᠠᠷ ᠵᠠᠯᠪᠢᠯᠢᠩ》 ᠪᠤᠶᠤ ᠠᠯᠤᠰ ᠬᠣᠯᠠ ᠶ᠋ᠢᠨ ᠠᠮᠤᠷ ᠪᠠᠶᠠᠰᠬᠤᠯᠠᠩᠲᠤ ᠲᠡᠭᠦᠰ ᠢᠯᠠᠭᠤᠭᠰᠠᠨ ᠬᠡᠢᠳ ᠭᠡᠭᠴᠢ ᠳ᠋ᠦ᠍ ᠮᠥᠷᠭᠥᠯᠴᠢᠳ ᠣᠴᠢᠵᠠᠢ᠃
– ᠰᠸᠷᠳᠦᠨ ᠴᠢᠩᠮᠤ ᠶ᠋ᠢᠨ ᠠᠯᠲᠠᠨ ᠰᠤᠪᠤᠷᠭᠠᠨ ᠳ᠋ᠤ᠌ ᠮᠥᠷᠭᠥᠵᠦ ᠠᠳᠢᠰ ᠠᠪᠤᠪᠠᠯ ᠭᠠᠢ ᠵᠡᠳᠬᠡᠷ ᠴᠢᠨᠢ ᠨᠢᠮᠭᠡᠷᠡᠨ᠎ᠡ ᠪᠣᠢ! ᠭᠡᠵᠦ ᠭᠡᠯᠦᠩ ᠴᠤᠢᠮᠴᠤᠭ ᠥᠯᠵᠡᠢ ᠳ᠋ᠦ᠍ ᠬᠡᠯᠡᠭᠰᠡᠨ ᠪᠢᠯᠡ᠃ ᠤᠴᠢᠷ ᠨᠢ ᠭᠡᠪᠡᠯ ᠰᠸᠷᠳᠦᠨ ᠴᠢᠩᠮᠤ ᠰᠤᠪᠤᠷᠭ᠎ᠠ ᠪᠣᠯ ᠰᠢᠷ᠎ᠠ ᠶ᠋ᠢᠨ ᠱᠠᠰᠢᠨ ᠢ᠋ ᠰᠢᠨᠡᠳᠬᠡᠨ ᠪᠠᠳᠠᠷᠠᠭᠤᠯᠤᠭᠴᠢ ᠽᠤᠩᠭᠡᠸ᠎ᠠ ᠪᠠᠭᠰᠢ ᠶ᠋ᠢᠨ ᠱᠠᠷᠢᠯᠳᠤ ᠰᠤᠪᠤᠷᠭ᠎ᠠ ᠪᠠᠢᠯ᠎ᠠ᠃ ᠲᠡᠷᠡᠴᠢᠯᠡᠨ ᠽᠤᠩᠭᠡᠸ᠎ᠠ ᠪᠠᠭᠰᠢ ᠶ᠋ᠢᠨ ᠣᠷᠳᠣᠨ ᠤᠳ᠋ᠰᠠᠷᠫᠤᠭ ᠭᠡᠳᠡᠭ ᠠᠯᠲᠠᠨ ᠣᠷᠣᠢ ᠲᠠᠢ ᠦᠵᠡᠰᠬᠦᠯᠡᠩᠲᠦ ᠰᠦᠮ᠎ᠡ ᠪᠠᠢᠳᠠᠭ ᠶᠤᠮ ᠰᠠᠨᠵᠠᠢ᠃ ᠲᠡᠷᠡᠴᠢᠯᠡᠨ ᠲᠡᠭᠦᠨ ᠡᠴᠡ ᠳᠤᠲᠠᠭᠤ ᠦᠭᠡᠢ ᠤᠷᠲᠤ ᠬᠠᠷᠰᠢ ᠣᠯᠠᠨ᠃ ᠭᠡᠯᠦᠩ ᠴᠤᠢᠮᠴᠤᠭ ᠤ᠋ᠨ ᠦᠭᠡᠨ ᠡᠴᠡ ᠭᠠᠷᠬᠤ ᠶ᠋ᠢ ᠥᠯᠵᠡᠢ ᠨᠢᠭᠦᠯ ᠭᠡᠵᠦ ᠪᠣᠳᠣᠭᠰᠠᠨ ᠲᠤᠯᠠ ᠭᠠᠯᠳᠠᠨ ᠬᠡᠢᠳ ᠲᠦ᠍ ᠣᠴᠢᠬᠤ ᠪᠠᠷ ᠪᠣᠯᠵᠠᠢ᠃ ᠮᠥᠷᠭᠥᠯᠴᠢᠳ ᠭᠠᠯᠳᠠᠨ ᠬᠡᠢᠳ ᠲᠦ᠍ ᠬᠥᠯᠥᠰᠥᠨ ᠦ᠌ ᠰᠠᠷᠯᠤᠭ ᠤᠨᠤᠵᠤ ᠢᠷᠡᠭᠡᠳ ᠬᠣᠶᠠᠷ ᠬᠣᠨᠣᠭ ᠥᠩᠭᠡᠷᠡᠭᠦᠯᠵᠡᠢ᠃ ᠶᠠᠭᠤᠨ ᠤ᠋ ᠲᠦᠷᠦᠭᠦᠨ ᠽᠤᠩᠭᠡᠸ᠎ᠠ ᠪᠠᠭᠰᠢ ᠶ᠋ᠢᠨ ᠱᠠᠷᠢᠯᠲᠦ ᠰᠸᠷᠳᠦᠨ ᠴᠢᠩᠮᠤ ᠰᠤᠪᠤᠷᠭ᠎ᠠ᠂ ᠲᠡᠭᠦᠨ ᠦ᠌ ᠤᠳ᠋ᠰᠠᠷᠫᠤᠭ ᠦᠷᠭᠦᠭᠡᠨ ᠳ᠋ᠦ᠍ ᠣᠴᠢᠪᠠ᠃ ᠭᠠᠯᠳᠠᠨ ᠬᠡᠢᠳ ᠪᠠᠰᠠ ᠢᠳᠢ ᠰᠢᠳᠢ ᠲᠡᠢ ᠮᠠᠨᠢ ᠷᠢᠯ ᠫᠤᠤ ᠬᠢᠳᠡᠭ ᠢ᠋ᠶ᠋ᠡᠷ ᠢ᠋ᠶ᠋ᠡᠨ ᠠᠯᠳᠠᠷ ᠲᠠᠢ ᠪᠣᠯᠬᠣᠷ ᠮᠥᠷᠭᠥᠯᠴᠢᠳ ᠬᠥᠮᠦᠨ ᠪᠦᠷᠢ ᠪᠠᠬᠠᠨ ᠮᠠᠨᠢ ᠶ᠋ᠢᠨ ᠦᠷᠢᠯ ᠬᠤᠳᠠᠯᠳᠤᠵᠤ ᠠᠪᠴᠠᠢ᠃ ᠤᠳ᠋ᠰᠠᠷᠫᠤᠭ ᠣᠷᠳᠣᠨ ᠤ᠋ ᠨᠢᠭᠡ ᠥᠷᠥᠭᠡᠨ ᠳ᠋ᠦ᠍ ᠽᠤᠩᠭᠡᠸ᠎ᠠ ᠪᠠᠭᠰᠢᠲᠠᠨ ᠨᠠᠰᠤᠨ ᠥᠭᠡᠳᠡ ᠪᠣᠯᠵᠠᠢ᠃ ᠲᠡᠷᠡ ᠥᠷᠥᠭᠡᠨ ᠦ᠌ ᠬᠠᠨᠠᠨ ᠳᠡᠭᠡᠷ᠎ᠡ ᠽᠤᠩᠭᠡᠸ᠎ᠠ ᠪᠠᠭᠰᠢ ᠶ᠋ᠢᠨ ᠵᠢᠷᠤᠭ ᠪᠠᠢᠯ᠎ᠠ᠃ ᠥᠪᠡᠷ ᠢ᠋ᠶ᠋ᠡᠨ ᠲᠣᠳᠣᠷᠠᠨ ᠭᠠᠷᠤᠭᠰᠠᠨ ᠭᠡᠳᠡᠭ ᠳᠣᠮᠣᠭ ᠲᠠᠢ ᠠᠵᠠᠢ᠃
– ᠪᠤᠷᠬᠠᠨ ᠪᠠᠭᠰᠢ ᠶ᠋ᠢ ᠨᠠᠰᠤ ᠶᠡᠭᠦᠯᠡᠬᠦ ᠳ᠋ᠦ᠍ ᠡᠨᠡ ᠥᠷᠥᠭᠡᠨ ᠳ᠋ᠦ᠍ ᠱᠠᠪᠢ ᠨᠠᠷ ᠨᠢ ᠭᠠᠰᠢᠭᠤᠳᠠᠵᠤ《ᠪᠠᠭᠰᠢᠲᠠᠨ ᠮᠢᠨᠢ ᠲᠠ ᠬᠠᠮᠢᠭ᠎ᠠ ᠣᠴᠢᠪᠠ ᠠ᠋?》 ᠭᠡᠵᠦ ᠤᠬᠢᠯᠠᠵᠠᠭᠠᠵᠠᠢ᠃ ᠲᠡᠭᠡᠲᠡᠯ᠎ᠡ ᠡᠨᠡ ᠬᠠᠨᠠᠨ ᠳᠡᠭᠡᠷ᠎ᠡ ᠽᠤᠩᠭᠡᠸ᠎ᠠ ᠪᠠᠭᠰᠢ ᠶ᠋ᠢᠨ ᠳᠦᠷᠢ ᠥᠪᠡᠷ ᠢ᠋ᠶ᠋ᠡᠨ ᠠᠶᠠᠨᠳᠠᠭᠠᠨ ᠲᠣᠳᠣᠷᠠᠨ ᠭᠠᠷᠴᠤ ᠢᠷᠡᠭᠡᠳ 《ᠪᠢ ᠡᠨᠳᠡ ᠪᠠᠢᠨ᠎ᠠ》ᠭᠡᠵᠦ ᠳᠤᠤᠭᠠᠷᠤᠭᠰᠠᠨ ᠶᠤᠮ ᠭᠡᠳᠡᠭ ᠭᠡᠮᠡᠨ ᠴᠤᠢᠮᠴᠤᠭ ᠭᠡᠯᠦᠩ ᠲᠡᠳᠡᠨ ᠳ᠋ᠦ᠍ ᠲᠠᠢᠯᠪᠤᠷᠢᠯᠠᠵᠤ ᠥᠭᠴᠡᠢ᠃ ᠥᠪᠡᠷ ᠢ᠋ᠶ᠋ᠡᠨ ᠲᠣᠳᠣᠷᠠᠨ ᠭᠠᠷᠤᠭᠰᠠᠨ ᠲᠡᠷᠡ ᠬᠦ᠌ ᠰᠢᠳᠢᠲᠦ ᠳᠦᠷᠰᠦ ᠡᠴᠡ ᠠᠳᠢᠰ ᠠᠪᠴᠤ ᠪᠠᠢᠲᠠᠯ᠎ᠠ ᠥᠯᠵᠡᠢ ᠶ᠋ᠢᠨ ᠪᠡᠶ᠎ᠡ ᠶᠡᠬᠡ ᠮᠠᠭᠤᠳᠠᠵᠤ ᠦᠬᠦᠳᠬᠢᠨ ᠤᠨᠠᠵᠠᠢ᠃ ᠮᠥᠷᠭᠥᠯᠴᠢᠳ ᠴᠥᠮ ᠰᠠᠨᠳᠤᠷᠴᠤ ᠥᠯᠵᠡᠢ ᠶ᠋ᠢ ᠳᠠᠮᠵᠢᠯᠠᠨ ᠬᠣᠩᠭᠢᠯ ᠳ᠋ᠤ᠌ ᠭᠠᠷᠭᠠᠬᠤ ᠳ᠋ᠤ᠌᠄
– ᠨᠠᠭᠠᠳᠤᠬᠢ ᠪᠠᠨ ᠭᠠᠳᠠᠭ᠎ᠠ ᠭᠠᠷᠭ᠎ᠠ᠃ ᠮᠠᠨᠢ ᠶ᠋ᠢᠨ ᠦᠷᠢᠯ ᠢ᠋ᠶ᠋ᠡᠷ ᠣᠳᠣ! ᠭᠠᠵᠠᠷ ᠤ᠋ᠨ ᠰᠦᠷ ᠲᠦ᠍ ᠳᠠᠷᠤᠭᠳᠠᠵᠤ ᠪᠠᠢᠬᠤ ᠰᠢᠭ᠋ ᠪᠣᠢ? ᠭᠡᠵᠦ ᠨᠢᠭᠡᠨ ᠦᠯᠦ ᠲᠠᠨᠢᠬᠤ ᠮᠣᠩᠭᠣᠯ ᠯᠠᠮᠠ ᠮᠥᠷᠭᠥᠯᠴᠢᠳ ᠲᠦ᠍ ᠵᠥᠪᠯᠡᠵᠡᠢ᠃ ᠢᠩᠭᠢᠨ᠎ᠡ ᠭᠡᠵᠦ ᠲᠡᠳᠡ ᠪᠠᠰᠠ ᠰᠠᠨᠠᠬᠤ ᠪᠠᠷ ᠴᠦ᠍ ᠦᠭᠡᠢ ᠪᠠᠢᠪᠠ᠃
– ᠨᠡᠭᠡᠷᠡᠨ ᠲᠡᠢᠮᠦ ᠪᠠᠢᠬ᠎ᠠ᠃ ᠡᠨᠡ ᠭᠠᠯᠳᠠᠨ ᠬᠡᠢᠳ ᠶᠡᠬᠡ ᠥᠨᠳᠥᠷ ᠠᠭᠤᠯᠠᠨ ᠳ᠋ᠤ᠌ ᠪᠠᠢᠳᠠᠭ ᠪᠣᠯᠬᠣᠷ ᠠᠮᠢᠰᠬᠤᠭ᠎ᠠ ᠳᠠᠪᠬᠤᠴᠠᠭᠠᠳ ᠡᠬᠢᠯᠡᠳᠡᠭ ᠶᠦᠮ ᠭᠡᠵᠦ ᠴᠤᠢᠮᠴᠤᠭ ᠭᠡᠯᠦᠩ ᠬᠡᠯᠡᠭᠡᠳ ᠲᠡᠳᠡ ᠴᠥᠮ ᠢ᠋ᠶ᠋ᠡᠷ ᠭᠠᠳᠠᠭ᠎ᠠ ᠭᠠᠷᠴᠠᠢ᠃ ᠭᠠᠳᠠᠭ᠎ᠠ ᠬᠡᠰᠡᠭ ᠪᠠᠢᠯᠭᠠᠭᠠᠳ ᠮᠠᠨᠢ ᠶ᠋ᠢᠨ ᠦᠷᠢᠯ ᠢ᠋ᠶ᠋ᠡᠷ ᠤᠳᠤᠭᠰᠠᠨ ᠳ᠋ᠤ᠌ ᠥᠯᠵᠡᠢ ᠰᠡᠭᠡᠨ ᠳᠡᠭᠡᠷᠡᠳᠡᠵᠦ ᠠᠮᠢᠰᠬᠤᠭ᠎ᠠ ᠨᠢ ᠳᠠᠪᠬᠤᠴᠠᠬᠤ ᠪᠠᠨ ᠪᠣᠯᠢᠵᠠᠢ᠃
ᠡᠮᠦᠨᠡᠲᠦ ᠣᠷᠭᠢᠯ ᠪᠤᠶᠤ ᠱᠠᠷᠴᠠᠢ ᠤᠮᠠᠷᠠᠲᠤ ᠣᠷᠣᠢ ᠪᠤᠶᠤ ᠵᠠᠨᠴᠠᠢ ᠳ᠋ᠠᠴᠠᠩ ᠳ᠋ᠤ᠌ ᠮᠥᠷᠭᠥᠯᠴᠢᠳ ᠣᠴᠢᠵᠤ ᠦᠵᠡᠪᠡ᠃ ᠽᠤᠩᠭᠡᠸ᠎ᠠ ᠪᠠᠭᠰᠢ ᠶ᠋ᠢᠨ ᠬᠣᠯᠪᠣᠭᠳᠠᠯ ᠲᠠᠢ ᠪᠦᠬᠦᠨ ᠢ᠋ ᠣᠷᠭᠢᠯ ᠦᠭᠡᠢ ᠦᠵᠡᠵᠦ ᠡᠷᠭᠦᠯ ᠡᠷᠭᠦᠭᠡᠳ ᠴᠥᠮ ᠢ᠋ᠶ᠋ᠡᠷ ᠦ᠋ᠨ ᠰᠡᠳᠬᠢᠯ ᠬᠠᠨᠵᠤ ᠪᠤᠴᠠᠬᠤ ᠪᠣᠯᠬᠤ ᠪᠠᠷ ᠦᠢ ᠮᠥᠷᠡᠨ ᠢ᠋ᠶ᠋ᠡᠷ ᠵᠠᠪᠢ ᠬᠥᠯᠥᠰᠥᠯᠡᠨ ᠶᠠᠪᠤᠬᠤ ᠰᠠᠨᠠᠯ ᠭᠠᠷᠴᠠᠢ᠃ ᠲᠡᠭᠡᠭᠡᠳ ᠯᠡ ᠦᠢ ᠮᠥᠷᠡᠨ ᠦ᠌ ᠳᠠᠪᠠᠯᠭᠠᠨ ᠳᠡᠭᠡᠷ᠎ᠡ ᠦᠢᠯᠡ ᠪᠡᠨ ᠦᠵᠡᠵᠦ ᠶᠠᠪᠤᠭ᠎ᠠ ᠨᠢ ᠡᠨᠡ᠃ ᠭᠠᠯᠳᠠᠨ ᠬᠡᠶᠢᠳ ᠽᠤᠩᠭᠡᠸ᠎ᠠ ᠪᠠᠭᠰᠢ ᠶ᠋ᠢᠨ ᠨᠤᠲᠤᠭ᠂ ᠡᠨᠳᠡᠬᠢ ᠶ᠋ᠢᠨ ᠬᠠᠮᠤᠭ ᠶᠣᠰᠣ ᠶ᠋ᠢ ᠬᠠᠯᠬ᠎ᠠ ᠮᠣᠩᠭᠣᠯ ᠳ᠋ᠤ᠌ ᠳᠠᠭᠤᠷᠢᠶᠠᠵᠤ ᠪᠠᠢᠳᠠᠭ ᠪᠣᠯᠪᠠᠴᠤ ᠡᠳᠡᠨ ᠦ᠌ ᠬᠠᠮᠪᠤ ᠯᠠᠮᠠ ᠪᠠᠷ ᠮᠣᠩᠭᠣᠯ ᠯᠠᠮᠠ ᠰᠠᠭᠤᠬᠤ ᠬᠣᠷᠢᠭ᠎ᠠ ᠲᠠᠢ ᠠᠵᠠᠢ᠃ ᠪᠤᠰᠤᠳ ᠬᠡᠢᠳ ᠦ᠋ᠳ ᠲᠦ᠍ ᠮᠣᠩᠭᠣᠯ ᠬᠠᠮᠪᠤ ᠨᠢᠭᠡ ᠪᠤᠰᠤ ᠤᠳᠠᠭ᠎ᠠ ᠰᠠᠭᠤᠵᠤ ᠪᠠᠢᠯ᠎ᠠ᠃ ᠶᠠᠭᠠᠬᠢᠭᠠᠳ ᠭᠠᠯᠳᠠᠨ ᠬᠡᠢᠳ ᠲᠦ᠍ ᠮᠣᠩᠭᠣᠯ ᠬᠠᠮᠪᠤ ᠬᠣᠷᠢᠭ᠎ᠠ ᠲᠠᠢ ᠪᠣᠯᠤᠭᠰᠠᠨ ᠪᠣᠢ ᠭᠡᠪᠡᠯ ᠤᠷᠢᠳᠤ ᠴᠠᠭ ᠲᠤ᠌ ᠭᠠᠯᠳᠠᠨ ᠪᠣᠱᠣᠭᠲᠤ ᠡᠴᠢᠭᠡ ᠪᠡᠨ ᠬᠥᠨᠥᠭᠡᠭᠰᠡᠨ ᠳ᠋ᠦ᠍ ᠬᠣᠷᠣᠰᠴᠤ ᠲᠥᠪᠡᠳ ᠢ᠋ ᠣᠷᠬᠢᠵᠤ ᠶᠠᠪᠤᠭᠰᠠᠨ ᠠᠵᠠᠢ᠃ ᠡᠭᠦᠨ ᠳ᠋ᠦ᠍ ᠳᠤᠷ᠎ᠠ ᠦᠭᠡᠢᠴᠡᠭᠰᠡᠨ ᠭᠠᠵᠠᠷ ᠤ᠋ᠨ ᠰᠦᠯᠳᠡ ᠮᠣᠩᠭᠣᠯ ᠬᠥᠮᠦᠨ ᠢ᠋ ᠭᠠᠯᠳᠠᠨ ᠬᠡᠢᠳ ᠦ᠋ᠨ ᠬᠠᠮᠪᠤ ᠶ᠋ᠢᠨ ᠰᠢᠷᠡᠭᠡᠨ ᠳ᠋ᠦ᠍ ᠣᠢᠷᠠᠲᠤᠭᠤᠯᠳᠠᠭ ᠦᠭᠡᠢ ᠭᠡᠳᠡᠭ ᠳᠣᠮᠣᠭ ᠲᠠᠢ ᠪᠣᠯᠵᠠᠢ᠃
ᠦᠢ ᠮᠥᠷᠡᠨ ᠦ᠌ ᠤᠷᠤᠰᠬᠠᠯ ᠤᠯᠠᠮ ᠰᠢᠷᠦᠭᠦᠰᠴᠤ ᠰᠠᠯᠬᠢ ᠭᠠᠷᠪᠠ᠃ ᠵᠠᠪᠢᠨ ᠤ᠋ ᠳᠠᠪᠠᠯᠭᠠᠨ ᠳ᠋ᠤ᠌ ᠴᠣᠬᠢᠭᠳᠠᠬᠤ ᠨᠢ ᠨᠡᠮᠡᠭᠳᠡᠯ᠎ᠡ᠃ ᠲᠡᠭᠡᠲᠡᠯ᠎ᠡ ᠥᠯᠵᠡᠢ ᠶ᠋ᠢᠨ ᠪᠡᠶ᠎ᠡ ᠤᠯᠠᠮ ᠮᠠᠭᠤᠳᠠᠵᠤ ᠵᠠᠪᠢᠨ ᠳᠣᠲᠣᠷ᠎ᠠ ᠪᠠᠨ ᠭᠤᠯᠳᠤᠢᠨ ᠬᠡᠪᠲᠡᠭᠡᠳ ᠠᠮᠠ ᠪᠠᠨ ᠠᠩᠭᠠᠯᠵᠠᠭᠤᠯᠤᠨᠠ᠃
– ᠠᠯᠲᠠᠨ ᠣᠷᠣᠢᠲᠤ ᠳ᠋ᠠᠴᠠᠩ ᠮᠢᠨᠢ!ᠭᠡᠵᠦ ᠬᠡᠯᠡᠭᠡᠳ ᠠᠮᠢᠰᠬᠤᠯ ᠬᠤᠷᠢᠶᠠᠵᠠᠢ᠃ ᠳᠡᠷᠭᠡᠳᠡ ᠨᠢ ᠪᠠᠢᠭᠰᠠᠨ ᠤᠳᠬᠤᠨ ᠠᠶᠤᠨ ᠰᠠᠨᠳᠤᠷᠴᠤ᠄
– ᠲᠠ ᠮᠢᠨᠢ ᠠ᠋! ᠶᠠᠭᠠᠬᠢᠨ᠎ᠠ!ᠥᠯᠵᠡᠢ ᠠᠮᠢ ᠲᠠᠯᠪᠢᠴᠢᠬᠠᠯ᠎ᠠ᠃ ᠵᠣᠭᠰᠣᠭᠠᠴᠢ ᠠ᠋! ᠭᠡᠵᠦ ᠬᠠᠰᠬᠢᠷᠤᠯ᠎ᠠ᠃ ᠭᠡᠪᠡᠴᠦ ᠤᠷᠤᠰᠬᠠᠯ ᠤ᠋ᠨ ᠬᠦᠴᠦ ᠪᠡᠷ ᠶᠠᠪᠤᠵᠤ ᠪᠠᠢᠭ᠎ᠠ ᠵᠡᠪᠢ ᠢ᠋ ᠵᠤᠭᠰᠤᠭᠠᠬᠤ ᠠᠷᠭ᠎ᠠ ᠪᠠᠢᠭᠰᠠᠨ ᠦᠭᠡᠢ᠃ ᠭᠠᠵᠠᠷᠴᠢ ᠲᠥᠪᠡᠳ᠄
– ᠭᠦᠱᠦᠦ᠂ ᠭᠦᠱᠦᠦ! ᠵᠣᠭᠰᠣᠬᠤ ᠠᠷᠭ᠎ᠠ ᠦᠭᠡᠢ ᠠ᠋᠃ ᠪᠠᠷᠢᠭᠠᠨ ᠤ᠋ ᠭᠠᠵᠠᠷ ᠵᠣᠭᠰᠣᠨ᠎ᠠ᠃ ᠯᠠᠭᠰᠤᠤ᠂ ᠯᠠᠭᠰᠤᠤ! ᠭᠡᠵᠦ ᠬᠡᠯᠡᠬᠦ ᠡᠴᠡ ᠥᠭᠡᠷ᠎ᠡ ᠶᠠᠭᠤ ᠴᠤ᠌ ᠬᠡᠯᠡᠭᠰᠡᠨ ᠦᠭᠡᠢ᠃ ᠥᠯᠵᠡᠢ ᠭᠠᠷ ᠢ᠋ᠶ᠋ᠠᠷ ᠢ᠋ᠶ᠋ᠠᠨ ᠳᠠᠯᠠᠯᠵᠤ᠂ ᠠᠶᠤᠭᠰᠠᠨ ᠠ᠋ᠴᠠ ᠪᠣᠯᠵᠤ ᠨᠢᠳᠦ ᠪᠡᠨ ᠲᠣᠮᠣ ᠪᠠᠷ ᠪᠦᠯᠲᠡᠢᠯᠭᠡᠭᠡᠳ ᠦᠬᠦᠵᠦ ᠣᠷᠬᠢᠯ᠎ᠠ᠃ ᠤᠳᠬᠤᠨ ᠪᠤᠷᠤᠭᠤ ᠬᠠᠷᠠᠭᠠᠳ ᠮᠡᠭᠰᠢᠨ ᠤᠬᠢᠯᠠᠭᠰᠠᠭᠠᠷ ᠪᠠᠢᠯ᠎ᠠ᠃ ᠨᠥᠬᠥᠭᠡ ᠵᠠᠪᠢᠨ ᠳᠡᠭᠡᠷ᠎ᠡ ᠰᠠᠭᠤᠭᠰᠠᠨ ᠴᠤᠢᠮᠴᠤᠭ ᠭᠡᠯᠦᠩ ᠬᠡᠷᠡᠭ ᠨᠢᠭᠡᠨᠲᠡ ᠪᠢᠰᠢ ᠪᠣᠯᠵᠤ ᠥᠯᠵᠡᠢ ᠶ᠋ᠢᠨ ᠪᠡᠶ᠎ᠡ ᠮᠠᠭᠤᠳᠠᠵᠤ ᠠᠮᠢ ᠪᠡᠶ᠎ᠡ ᠬᠠᠭᠠᠴᠠᠭᠰᠠᠨ ᠢ᠋ ᠮᠡᠳᠡᠮᠡᠭᠴᠡ ᠠᠮᠠᠨ ᠳᠣᠲᠣᠷ᠎ᠠ ᠪᠠᠨ《ᠵᠠᠭᠤᠷᠠᠳᠤ ᠶ᠋ᠢᠨ ᠰᠤᠳᠤᠷ》 ᠴᠡᠭᠡᠵᠢ ᠪᠡᠷ ᠤᠩᠰᠢᠵᠤ ᠡᠬᠢᠯᠡᠪᠡ᠃ ᠭᠡᠰᠦᠯ ᠰᠠᠩᠵᠢ ᠪᠠᠭᠰᠢ ᠶ᠋ᠢ ᠪᠡᠨ ᠳᠠᠭᠠᠯᠳᠤᠵᠠᠢ᠃ ᠨᠠᠰᠤ ᠪᠠᠷᠠᠭᠰᠠᠳ ᠲᠤ᠌ ᠵᠣᠷᠢᠭᠤᠯᠤᠭᠰᠠᠨ ᠤᠩᠰᠢᠯᠭ᠎ᠠ ᠮᠥᠨ᠃ ᠪᠦᠬᠡᠮᠠᠩᠯᠠᠢ ᠭᠠᠵᠠᠷᠴᠢ ᠤᠰᠤᠴᠢ᠂ ᠲᠥᠪᠡᠳ ᠦ᠋ᠨ ᠬᠠᠮᠲᠤ ᠨᠢᠭᠡᠨ ᠵᠠᠪᠢ ᠪᠠᠷ ᠲᠦᠷᠦᠭᠦᠯᠡᠨ ᠶᠠᠪᠤᠵᠤ ᠪᠠᠢᠯ᠎ᠠ᠃ ᠭᠡᠯᠦᠩ ᠴᠤᠢᠮᠴᠤᠭ ᠤ᠋ᠨ ᠰᠡᠳᠬᠢᠯ ᠶᠡᠬᠡ ᠯᠡ ᠭᠤᠨᠢᠭ ᠭᠠᠰᠠᠯᠠᠩ ᠳ᠋ᠤ᠌ ᠵᠢᠪᠴᠡᠢ ᠃ ᠲᠡᠭᠦᠨ ᠦ ᠨᠤᠲᠤᠭ ᠠ᠋ᠴᠠ ᠪᠠᠨ ᠳᠠᠭᠠᠭᠤᠯᠤᠨ ᠭᠠᠷᠤᠭᠰᠠᠨ ᠮᠥᠷᠭᠥᠯᠴᠢᠨ ᠦ᠌ ᠪᠠᠭ ᠠ᠋ᠴᠠ ᠬᠣᠶᠠᠳᠠᠬᠢ ᠬᠥᠮᠦᠨ ᠡᠢᠨ ᠬᠦ᠌ ᠶᠢᠷᠲᠢᠨᠴᠦ ᠡᠴᠡ ᠬᠠᠭᠠᠴᠠᠪᠠ᠃ ᠤᠤᠯ ᠨᠢ ᠲᠡᠳᠡ ᠪᠤᠷᠬᠠᠨ ᠤ᠋ ᠣᠷᠣᠨ ᠢ᠋ᠶ᠋ᠠᠨ ᠣᠴᠢᠵᠤ ᠨᠠᠨᠳᠢᠨ ᠳᠡᠭᠡᠳᠦ ᠰᠢᠲᠦᠭᠡᠨ ᠨᠦ᠍ᠭᠦᠳ ᠲᠦ᠍ ᠮᠥᠷᠭᠥᠵᠦ ᠠᠪᠤᠷᠠᠯ᠂ ᠪᠤᠶᠠᠨ ᠡᠷᠢᠯᠬᠢᠯᠡᠵᠦ ᠶᠠᠪᠤᠭ᠎ᠠ ᠤᠯᠤᠰ ᠶᠤᠮ᠃ ᠭᠡᠲᠡᠯ᠎ᠡ ᠡᠢᠨ ᠬᠦ᠌ ᠵᠠᠭᠤᠷᠠᠳᠤ ᠶ᠋ᠢᠨ ᠬᠠᠭᠠᠴᠠᠯ ᠦᠵᠡᠪᠡ᠃ ᠴᠤᠢᠮᠴᠤᠭ ᠭᠡᠯᠦᠩ ᠢ᠋ 《ᠵᠠᠭᠤᠷᠠᠳᠤ ᠶ᠋ᠢᠨ ᠰᠤᠳᠤᠷ 》 ᠢ᠋ ᠴᠡᠭᠡᠵᠢ ᠪᠡᠷ ᠤᠩᠰᠢᠵᠤ ᠳᠠᠭᠤᠰᠬᠤ ᠦᠶ᠎ᠡ ᠳ᠋ᠦ᠍ ᡀᠠᠰᠠ ᠬᠣᠲᠠ ᠶ᠋ᠢᠨ ᠪᠠᠷ᠎ᠠ ᠬᠠᠷᠠᠭᠳᠠᠯ᠎ᠠ᠃ ᠭᠣᠣᠯ ᠤ᠋ᠨ ᠡᠷᠭᠢ ᠳ᠋ᠦ᠍ ᠭᠠᠷᠤᠮᠠᠭᠴᠠ ᠴᠤᠢᠮᠴᠤᠭ ᠭᠡᠯᠦᠩ᠂ ᠰᠠᠩᠵᠢ ᠭᠡᠰᠦᠯ ᠬᠣᠶᠠᠷ ᠨᠠᠰᠤ ᠪᠠᠷᠠᠭᠴᠢ ᠶ᠋ᠢᠨ ᠪᠠᠢᠭ᠎ᠠ ᠵᠠᠪᠢᠨ ᠳᠡᠭᠡᠷ᠎ᠡ ᠣᠴᠢᠪᠠ᠃ 《ᠨᠢᠳᠦ ᠪᠠᠨ ᠠᠨᠢᠯ ᠦᠭᠡᠢ ᠪᠡᠷ᠂ ᠪᠠᠷᠠᠭᠤᠨ ᠭᠠᠷ ᠢ᠋ᠶ᠋ᠠᠷ ᠳᠠᠯᠠᠯᠤᠨ ᠳᠠᠭᠤᠳᠠᠬᠤ ᠮᠡᠲᠦ ᠪᠠᠢᠳᠠᠯ ᠳ᠋ᠤ᠌ ᠨᠠᠰᠤ ᠡᠴᠦᠰᠯᠡᠭᠰᠡᠨ ᠢ᠋ᠶ᠋ᠡᠨ᠂ ᠪᠠᠰᠠ ᠠᠮᠠ ᠪᠠᠨ ᠶᠡᠬᠡᠳᠡ ᠠᠩᠭᠠᠢᠵᠠᠢ᠃ ᠨᠡᠩ ᠮᠠᠭᠤ ᠢᠷᠣ᠎ᠠ ᠶ᠋ᠢᠨ ᠰᠢᠨᠵᠢ ᠲᠡᠮᠳᠡᠭ ᠪᠠᠢᠨ᠎ᠠ》 ᠭᠡᠵᠦ ᠴᠤᠢᠮᠴᠤᠭ ᠭᠡᠯᠦᠩ ᠪᠣᠳᠣᠭᠠᠳ ᠠᠰᠤᠷᠤ ᠶᠡᠬᠡ ᠴᠡᠭᠡᠷᠯᠡᠪᠡ᠃ ᠲᠡᠭᠡᠭᠡᠳ ᠤᠯᠴᠠᠩ ᠨᠢᠳᠦ ᠲᠡᠢ ᠪᠣᠯᠲᠠᠯ᠎ᠠ ᠪᠠᠨ ᠤᠬᠢᠯᠠᠭᠰᠠᠨ ᠤᠳᠬᠤᠨ ᠠ᠋ᠴᠠ ᠴᠤᠢᠮᠴᠤᠭ ᠭᠡᠯᠦᠩ᠄
– ᠠᠮᠢ ᠠᠯᠳᠠᠬᠤ ᠳ᠋ᠠᠭᠠᠨ ᠶᠠᠮᠠᠷ ᠨᠢᠭᠡᠨ ᠶᠠᠭᠤᠮ᠎ᠠ ᠬᠡᠯᠡᠭᠰᠡᠨ ᠦᠦ? ᠠᠵᠢᠭᠯᠠᠪᠠ ᠤᠤ? ᠭᠡᠵᠦ ᠠᠰᠠᠭᠤᠪᠠ᠃ ᠰᠡᠭᠦᠯᠴᠢ ᠶ᠋ᠢᠨ ᠦᠭᠡ ᠨᠢ ᠦᠬᠦᠬᠦ ᠬᠦᠨᠳᠦ ᠶᠡᠬᠡ ᠤᠴᠢᠷ ᠤᠳᠬ᠎ᠠ ᠲᠠᠢ ᠠᠵᠠᠢ᠃
– ᠮᠡᠳᠡᠬᠦ ᠦᠭᠡᠢ ᠁ ᠭᠡᠵᠦ ᠣᠳᠬᠤᠨ ᠡᠬᠡᠷ ᠲᠠᠲᠠᠭᠰᠠᠨ ᠢ᠋ᠶ᠋ᠠᠨ᠄
– ᠠ᠋ ᠲᠡᠢᠮᠦ᠃ ᠠᠯᠲᠠᠨ ᠣᠷᠣᠢᠲᠤ ᠳ᠋ᠠᠴᠠᠩ ᠮᠢᠨᠢ! ᠭᠡᠬᠦ ᠰᠢᠭ ᠪᠣᠯᠤᠭᠠᠳ ᠠᠮᠢᠰᠬᠤᠯ ᠬᠤᠷᠢᠶᠠᠭᠰᠠᠨ ᠭᠡᠪᠡ᠃ ᠲᠡᠭᠡᠭᠰᠡᠨ ᠢ᠋ᠶ᠋ᠡᠨ ᠪᠠᠰᠠ ᠡᠷᠡᠭᠡᠯᠵᠡᠯᠡ᠃ 《ᠮᠥᠨ ᠬᠠᠴᠢᠨ ᠶᠤᠮ ᠳᠠ᠃ ᠶᠡᠬᠡᠬᠡᠨ ᠮᠠᠭᠤ ᠢᠷᠣ᠎ᠠ ᠶ᠋ᠢᠨ ᠪᠠᠢᠳᠠᠯ ᠢ᠋ᠶ᠋ᠠᠷ ᠥᠭᠡᠳᠡ ᠪᠣᠯᠤᠭᠰᠠᠨ ᠪᠠᠢᠳᠠᠭ᠃ ᠭᠡᠲᠡᠯ᠎ᠡ !<ᠠᠯᠲᠠᠨ ᠣᠷᠣᠢ ᠲᠠᠢ ᠳ᠋ᠠᠴᠠᠩ ᠮᠢᠨᠢ> ᠭᠡᠵᠦ ᠰᠡᠭᠦᠯᠴᠢ ᠶ᠋ᠢᠨ ᠦᠭᠡ ᠪᠡᠨ ᠬᠡᠯᠡᠭᠰᠡᠨ ᠨᠢ ᠰᠠᠢᠨ ᠤ᠋ ᠢᠷᠦᠭᠡᠯ ᠪᠠᠢᠳᠠᠭ》 ᠭᠡᠵᠦ ᠭᠡᠯᠦᠩ ᠡᠷᠭᠢᠴᠡᠭᠦᠯᠦᠨ ᠪᠤᠳᠤᠭᠰᠠᠨ ᠢ᠋ᠶ᠋ᠠᠨ᠄
– ᠬᠡᠦᠬᠡᠨ᠂ ᠤᠳᠬᠤᠨ ᠴᠢ ᠠᠨᠳᠠᠭᠤ ᠰᠣᠨᠣᠰᠤᠭ᠎ᠠ ᠦᠭᠡᠢ ᠪᠢᠵᠡ?ᠭᠡᠬᠦ ᠳ᠋ᠦ᠍ ᠲᠡᠷᠡ ᠲᠣᠯᠣᠭᠠᠢ ᠪᠠᠨ ᠵᠠᠢᠯᠠᠨ ᠰᠡᠭᠰᠦᠷᠴᠤ᠄
– ᠶᠠᠭ ᠯᠠ ᠲᠡᠭᠡᠵᠦ ᠬᠡᠯᠡᠭᠰᠡᠨ ᠳᠡ ! ᠭᠡᠪᠡ᠃ 《ᠬᠡᠷᠪᠡ ᠡᠷᠳᠡᠨᠢ ᠶ᠋ᠢᠨ ᠴᠢᠮᠡᠭ ᠲᠡᠢ ᠤᠷᠲᠤ ᠬᠠᠷᠰᠢ ᠦᠵᠡᠪᠡᠯ ᠲᠩᠷᠢ ᠨᠠᠷ ᠲᠤ᠌ ᠳᠠᠬᠢᠨ ᠲᠥᠷᠥᠨ᠎ᠡ ᠭᠡᠵᠦ ᠨᠤᠮ ᠳ᠋ᠤ᠌ ᠪᠣᠢ᠃ ᠡᠨᠡ ᠥᠯᠵᠡᠢ ᠠᠯᠲᠠᠨ ᠣᠷᠣᠢᠲᠤ ᠳ᠋ᠠᠴᠠᠩ ᠦᠵᠡᠭᠰᠡᠨ ᠪᠣᠯ ᠲᠩᠷᠢ ᠨᠠᠷ ᠲᠤ᠌ ᠲᠥᠷᠥᠬᠦ ᠪᠢᠵᠡ᠃ ᠲᠡᠢᠮᠦ ᠪᠣᠯ ᠴᠤ᠌ ᠪᠢᠳᠡᠨ ᠢ᠋ ᠬᠣᠢᠨ᠎ᠠ ᠠ᠋ᠴᠠ ᠪᠠᠨ ᠳᠠᠯᠠᠯᠤᠭᠰᠠᠨ ᠪᠠᠢᠳᠠᠯ ᠢ᠋ᠶ᠋ᠠᠷ ᠲᠠᠯᠢᠢᠭᠠᠴᠢ ᠪᠣᠯᠳᠠᠭ ᠨᠢ ᠮᠠᠭᠤ ᠦᠭᠡᠢ ᠬᠡᠷᠡᠭ᠃ ᠪᠠᠰᠠ ᠴᠤ᠌ ᠤᠴᠢᠷ ᠪᠣᠢ》ᠭᠡᠵᠦ ᠴᠤᠢᠮᠴᠤᠭ ᠭᠡᠯᠦᠩ ᠪᠣᠳᠣᠪᠠ᠃ 《ᠡᠰᠡᠪᠡᠯ ᠬᠠᠷ᠎ᠠ ᠪᠠᠢᠰᠢᠩ᠂ ᠤᠯᠠᠭᠠᠨ ᠳ᠋ᠠᠴᠠᠩ᠂ ᠴᠦᠯ ᠭᠠᠵᠠᠷ᠂ ᠬᠠᠷ᠎ᠠ ᠪᠠᠷᠲᠠᠭᠠᠲᠤ ᠵᠠᠮ ᠦᠵᠡᠭᠰᠡᠨ ᠢ᠋ᠶ᠋ᠡᠨ ᠠᠨᠳᠠᠭᠤᠷᠠᠵᠤ ᠠᠯᠲᠠᠨ ᠣᠷᠣᠢᠲᠤ ᠳ᠋ᠠᠴᠠᠩ ᠭᠡᠰᠡᠨ ᠶᠦᠮ ᠪᠢᠰᠢ ᠪᠠᠢᠭ᠎ᠠ! ᠲᠡᠢᠮᠦ ᠶᠠᠭᠤᠮ᠎ᠠ ᠦᠵᠡᠭᠰᠡᠨ ᠪᠣᠯ ᠲᠩᠷᠢ ᠨᠠᠷ ᠲᠤ᠌ ᠪᠢᠰᠢ ᠬᠠᠷᠢᠨ ᠁ ᠲᠠᠮᠤ ᠳ᠋ᠤ᠌ ᠲᠥᠷᠥᠬᠦ ᠶᠣᠰᠣᠲᠠᠢ ᠭᠡᠵᠦ ᠨᠣᠮ ᠳ᠋ᠤ᠌ ᠪᠢᠴᠢᠭᠡᠰᠦᠲᠡᠢ ᠪᠣᠢ᠃ ᠲᠡᠭᠡᠪᠡᠯ ᠨᠢᠳᠦ ᠪᠡᠨ ᠪᠦᠯᠲᠡᠢᠯᠭᠡᠵᠦ᠂ ᠭᠠᠷ ᠢ᠋ᠶ᠋ᠠᠷ ᠳᠠᠯᠠᠯᠤᠨ ᠦᠬᠦᠭᠰᠡᠨ ᠨᠢ ᠦᠯᠡᠳᠡᠭᠰᠡᠨ ᠪᠢᠳᠡᠨ ᠳ᠋ᠦ᠍ ᠠᠢᠬᠤᠪᠲᠤᠷ ᠮᠠᠭᠤ ᠢᠷᠣ᠎ᠠ ᠪᠣᠯᠤᠨ᠎ᠠ》 ᠭᠡᠵᠦ ᠴᠤᠢᠮᠴᠤᠭ ᠭᠡᠯᠦᠩ ᠪᠠᠰᠠ ᠡᠷᠡᠭᠡᠯᠵᠡᠨ ᠪᠣᠳᠣᠯ᠎ᠠ᠃ ᠪᠤᠳ᠋ᠳ᠋ᠾᠠ ᠶ᠋ᠢᠨ ᠶᠢᠷᠲᠢᠨᠴᠦ ᠡᠢᠮᠦ ᠯᠡ ᠤᠯᠠᠮᠵᠢᠯᠠᠯ ᠲᠠᠢ ᠪᠢᠯᠡ᠃ 《ᠮᠠᠭᠤ ᠶᠠᠭᠤᠮ᠎ᠠ ᠪᠣᠳᠣᠬᠤ ᠬᠡᠷᠡᠭ ᠦᠭᠡᠢ᠃ ᠰᠠᠢᠨ ᠢ᠋ᠶ᠋ᠠᠷ ᠪᠣᠳᠣᠪᠠᠯ ᠵᠣᠬᠢᠨ᠎ᠠ᠃ ᠵᠠ ᠪᠠᠢᠵᠠ ᠥᠭᠡᠷ᠎ᠡ ᠶᠠᠭᠤ ᠭᠡᠵᠦ ᠲᠥᠭᠡᠷᠭᠡ ᠶ᠋ᠢᠨ ᠨᠣᠮ ᠳ᠋ᠤ᠌ ᠪᠣᠢ ᠪᠢᠯᠡ? ᠠ ᠲᠡᠢᠮᠦ ᠰᠠᠢᠬᠠᠨ ᠬᠣᠲᠠ ᠶ᠋ᠢᠨ ᠪᠠᠷ᠎ᠠ ᠦᠵᠡᠪᠡᠯ ᠽᠠᠮᠪᠤᠳᠢᠪ ᠲᠤ᠌ ᠳᠠᠬᠢᠨ ᠵᠠᠶᠠᠭᠠᠬᠤ ᠶ᠋ᠢᠨ ᠳᠣᠬᠢᠶ᠎ᠠ ᠭᠡᠵᠦ ᠪᠠᠢᠳᠠᠭ᠃ ᠡᠨᠡ ᠲᠠᠯᠢᠢᠭᠠᠴᠢ ᠠᠷᠠᠢ ᠬᠣᠲᠠ ᠶ᠋ᠢᠨ ᠪᠠᠷ᠎ᠠ ᠶ᠋ᠢ ᠬᠠᠷᠠᠴᠢᠬᠠᠭᠠᠳ ᠠᠯᠲᠠᠨ ᠣᠷᠣᠢᠳ᠋ᠤ᠌ ᠳ᠋ᠠᠴᠠᠩ ᠮᠢᠨᠢ》 ᠭᠡᠰᠡᠨ ᠶᠠᠭᠤᠮ᠎ᠠ ᠪᠢᠰᠢ ᠪᠠᠢᠭ᠎ᠠ? ᠲᠡᠭᠡᠪᠡᠯ ᠦᠯᠡᠳᠡᠭᠰᠡᠨ ᠪᠢᠳᠡᠨ ᠳ᠋ᠡᠭᠠᠨ ᠴᠦ᠍ ᠨᠢᠭᠡ ᠶᠡᠬᠡ ᠬᠠᠯᠠ ᠲᠠᠢ ᠶᠠᠭᠤᠮ᠎ᠠ ᠠᠯᠠᠭ᠎ᠠ》 ᠭᠡᠵᠦ ᠴᠤᠢᠮᠴᠤᠭ ᠪᠠᠰᠠ ᠴᠠᠰᠢ ᠨᠢ ᠪᠢᠰᠢᠯᠭᠠᠪᠠ᠃
ᠪᠦᠬᠡᠮᠠᠩᠯᠠᠢ ᠴᠢᠳᠠᠯ ᠲᠡᠩᠬᠡᠭᠡ ᠲᠡᠢ᠂ ᠬᠡᠨᠡᠭ ᠦᠭᠡᠢ ᠡᠷ᠎ᠡ ᠪᠣᠯᠬᠣᠷ ᠢ᠋ᠶ᠋ᠠᠨ ᠠᠮᠢ ᠦᠭᠡᠢ ᠪᠣᠯᠤᠭᠰᠠᠨ ᠥᠯᠵᠡᠢ ᠶ᠋ᠢ ᠠᠮᠢ ᠲᠠᠢ ᠶᠤᠮ ᠰᠢᠭ᠋ ᠡᠭᠦᠷᠦᠭᠡᠳ ᠬᠥᠯᠥᠰᠥᠨ ᠦ᠌ ᠰᠢᠪᠠᠷ ᠰᠠᠭᠤᠴᠠᠨ ᠤ᠋ ᠪᠠᠨ ᠵᠦᠭ ᠱᠠᠯᠠᠮᠠᠭᠠᠢᠯᠠᠨ ᠠᠯᠬᠤᠯᠠᠪᠠ᠃ ᠪᠤᠰᠤᠳ ᠨᠢ ᠲᠡᠭᠦᠨ ᠦ᠌ ᠬᠣᠢᠨ᠎ᠠ ᠠ᠋ᠴᠠ ᠳᠠᠭᠤ ᠦᠭᠡᠢᠬᠡᠨ ᠳᠠᠭᠠᠯᠳᠤᠯᠠ᠃《ᠪᠤᠶᠠᠨᠴᠢ (ᠶᠠᠰᠤ ᠪᠠᠷᠢᠭᠴᠢ) ᠣᠯᠳᠠᠬᠤ ᠦᠭᠡᠢ ᠪᠠᠢᠬ᠎ᠠ ᠳᠠ᠂ ᠬᠥᠮᠦᠨ ᠦ᠌ ᠨᠤᠲᠤᠭ ᠲᠤ᠌᠃ ᠣᠳᠣ ᠲᠡᠭᠡᠬᠦ ᠪᠡᠷ ᠶᠠᠭᠠᠬᠢᠬᠤ ᠪᠢᠯᠡ᠃ ᠡᠨᠡ ᠲᠠᠯᠢᠢᠭᠠᠴᠢ ᠮᠣᠷᠢᠨ ᠵᠢᠯ ᠲᠡᠢ ᠪᠠᠢᠬ᠎ᠠ᠃ ᠲᠡᠭᠡᠬᠦᠯᠡᠷ ᠯᠤᠤ ᠲᠠᠢ ᠬᠥᠮᠦᠨ ᠢ᠋ᠶ᠋ᠡᠷ ᠪᠤᠶᠠᠨ ᠬᠢᠯᠭᠡᠬᠦ ᠦᠭᠡᠢ ᠪᠣᠯᠬᠤ ᠦᠭᠡᠢ᠃ ᠡᠨᠡ ᠪᠦᠬᠡᠮᠠᠩᠯᠠᠢ ᠪᠠᠷᠰ ᠲᠠᠢ ᠬᠥᠮᠦᠨ ᠭᠡᠳᠡᠭ᠃ ᠶᠠᠭᠠᠬᠢᠪᠠᠴᠤ ᠡᠭᠦᠨ ᠦ᠌ ᠪᠤᠶᠠᠨᠴᠢ ᠬᠢᠵᠦ ᠵᠣᠬᠢᠯᠳᠤᠬᠤ ᠦᠭᠡᠢ᠃ ᠶᠠᠭᠠᠬᠢᠳᠠᠭ ᠶᠤᠮ ᠪᠢᠯᠡ?》 ᠭᠡᠵᠦ ᠴᠤᠢᠮᠴᠤᠭ ᠭᠡᠯᠦᠩ ᠵᠠᠮ ᠤ᠋ᠨ ᠵᠠᠭᠤᠷ᠎ᠠ ᠣᠯᠠᠨ ᠢ᠋ ᠡᠷᠭᠢᠴᠡᠭᠦᠯᠦᠨ ᠪᠣᠳᠣᠪᠠ᠃ ᠪᠦᠬᠡᠮᠠᠩᠯᠠᠢ ᠥᠯᠵᠡᠢ ᠶ᠋ᠢ ᠬᠡᠦᠬᠡᠳ ᠡᠭᠦᠷᠴᠦ ᠶᠠᠪᠤᠭ᠎ᠠ ᠶᠤᠮ ᠰᠢᠭ᠋ ᠬᠣᠶᠠᠷ ᠭᠠᠷ ᠢ᠋ᠶ᠋ᠠᠷ ᠢ᠋ᠶ᠋ᠠᠨ ᠠᠷᠤ ᠨᠢᠷᠤᠭᠤᠨ ᠳ᠋ᠠᠭᠠᠨ ᠰᠢᠬᠠᠨ ᠨᠠᠭᠠᠯᠳᠤᠭᠤᠯᠤᠭᠠᠳ ᠪᠠᠷᠤᠭ ᠪᠥᠬᠥᠢᠬᠦ ᠦᠭᠡᠢ ᠪᠡᠷ ᠬᠤᠷᠳᠤᠨ ᠬᠤᠷᠳᠤᠨ ᠠᠯᠬᠤᠯᠠᠵᠤ ᠣᠳᠬᠣᠨ᠂ ᠴᠤᠢᠮᠴᠤᠭ ᠭᠡᠯᠦᠩ ᠬᠣᠶᠠᠷ ᠲᠡᠭᠦᠨ ᠢ᠋ ᠭᠦᠢᠴᠡᠬᠦ ᠦᠭᠡᠢ ᠪᠠᠢᠯ᠎ᠠ᠃ ᠰᠠᠩᠵᠢ ᠭᠡᠰᠦᠯ ᠪᠦᠬᠡᠮᠠᠩᠯᠠᠢ ᠶ᠋ᠢᠨ ᠬᠠᠵᠠᠭᠤ ᠳ᠋ᠤ᠌ ᠵᠡᠷᠭᠡᠴᠡᠨ ᠶᠠᠪᠤᠬᠤ ᠳ᠋ᠠᠭᠠᠨ ᠲᠡᠭᠦᠨ ᠦ᠌ ᠡᠷᠡᠭᠡ ᠴᠡᠭᠡᠷ ᠦᠭᠡᠢ ᠭᠦᠳᠦᠰ ᠰᠢᠯᠤᠭᠤᠨ᠂ ᠪᠠᠰᠠ ᠬᠠᠴᠢᠨ ᠶᠡᠬᠡ ᠲᠡᠩᠬᠡᠭᠡ ᠲᠡᠢ ᠳ᠋ᠦ᠍ᠨᠢ ᠪᠠᠬᠠᠷᠬᠠᠵᠤ ᠪᠠᠢᠯ᠎ᠠ᠃ 《ᠲᠠᠯᠢᠢᠭᠠᠴᠢ ᠶ᠋ᠢ ᠶᠠᠮᠠᠷ ᠮᠠᠬᠠᠪᠣᠳ ᠲᠤ᠌ ᠥᠭᠳᠡᠭ ᠶᠦᠮ ᠪᠢᠯᠡ? ᠭᠠᠵᠠᠷ ᠤᠰᠤ᠂ ᠭᠠᠯ᠂ ᠬᠡᠢ᠂ ᠮᠣᠳᠣ ᠲᠠᠪᠤ ᠳ᠋ᠤ᠌ ᠯᠠ ᠥᠭᠬᠦ ᠶᠣᠰᠣᠲᠠᠢ ᠳᠠ᠃ ᠮᠣᠩᠭᠣᠯ ᠬᠥᠮᠦᠨ ᠪᠣᠯᠬᠣᠷ ᠭᠠᠵᠠᠷ ᠠ᠋ᠴᠠ ᠥᠭᠡᠷ᠎ᠡ ᠶᠠᠭᠤᠮᠠᠨ ᠳ᠋ᠤ᠌ ᠵᠣᠬᠢᠯᠳᠤᠬᠤ ᠦᠭᠡᠢ ᠪᠣᠯᠪᠠ ᠤᠤ?》 ᠭᠡᠵᠦ ᠴᠤᠢᠮᠴᠤᠭ ᠭᠡᠯᠦᠩ ᠰᠢᠨᠠᠯᠤᠨ ᠪᠣᠳᠣᠵᠤ ᠡᠬᠢᠯᠡᠪᠡ᠃ ᠭᠠᠵᠠᠷ ᠪᠤᠯᠠᠬᠤ᠂ ᠤᠰᠤᠨ ᠳ᠋ᠤ᠌ ᠬᠢᠵᠦ ᠵᠢᠪᠦᠭᠦᠯᠬᠦ᠂ ᠬᠡᠢ ᠠᠭᠠᠷ ᠲᠤ᠌ ᠳᠡᠭᠦᠵᠢᠯᠡᠨ ᠰᠠᠯᠬᠢ ᠪᠠᠷ ᠢᠳᠡᠭᠦᠯᠬᠦ᠂ ᠡᠰᠡᠪᠡᠯ ᠮᠣᠳᠣᠨ ᠤ᠋ ᠬᠣᠩᠭᠢᠯ ᠳ᠋ᠤ᠌ ᠬᠢᠵᠦ ᠣᠷᠬᠢᠬᠤ ᠡᠢᠮᠦ ᠲᠠᠪᠤᠨ ᠶᠠᠩᠵᠤ ᠶ᠋ᠢᠨ ᠣᠷᠣᠰᠢᠭᠤᠯᠭ᠎ᠠ ᠪᠤᠳ᠋ᠳ᠋ᠾᠠ ᠶ᠋ᠢᠨ ᠶᠢᠷᠲᠢᠨᠴᠦ ᠳ᠋ᠦ᠍ ᠳᠡᠯᠭᠡᠷᠡᠭᠰᠡᠨ ᠪᠠᠢᠯ᠎ᠠ᠃ ᠮᠣᠩᠭᠣᠯᠴᠤᠳ ᠭᠠᠭᠴᠠᠬᠦ ᠭᠠᠵᠠᠷ ᠲᠤ᠌ ᠣᠷᠣᠰᠢᠬᠤ ᠶ᠋ᠢ ᠡᠷᠬᠢᠮᠯᠡᠨ᠎ᠡ᠃ ᠤᠰᠤᠨ ᠳ᠋ᠤ᠌ ᠪᠤᠵᠠᠷ ᠣᠷᠣᠭᠤᠯᠬᠤ ᠦᠭᠡᠢ ᠭᠡᠵᠦ ᠤᠰᠤᠨ ᠠ᠋ᠴᠠ ᠪᠠᠰᠠ ᠴᠡᠷᠪᠡᠨᠡ᠃ ᠬᠠᠶᠠ ᠭᠠᠯ ᠳ᠋ᠤ᠌ ᠬᠠᠢᠯᠠᠭᠤᠯᠬᠤ ᠨᠢ ᠪᠣᠢ᠃ ᠠᠭᠠᠷ ᠲᠤ᠌ ᠳᠡᠭᠦᠵᠢᠯᠡᠬᠦ ᠶ᠋ᠢ ᠣᠭᠲᠣ ᠦᠯᠦ ᠲᠡᠪᠴᠢᠨ᠎ᠡ᠃ ᠮᠣᠳᠣ ᠦᠭᠡᠢ ᠲᠠᠯ᠎ᠠ ᠨᠤᠲᠤᠭ ᠲᠤ᠌ ᠮᠣᠳᠣᠨ ᠤ᠋ ᠲᠤᠬᠠᠢ ᠪᠠᠰᠠ ᠶᠠᠷᠢᠳᠠᠭ ᠦᠭᠡᠢ ᠪᠠᠢᠯ᠎ᠠ᠃
– ᠣᠯᠵᠠ ᠲᠠᠢ ᠡᠳᠦᠷ ᠪᠠᠢᠨ᠎ᠠ! ᠭᠡᠵᠦ ᠫᠠᠷᠵᠢᠭᠢᠨᠠᠭᠰᠠᠨ ᠮᠠᠭᠤᠬᠠᠢ ᠳᠠᠭᠤ ᠲᠠᠢ ᠬᠥᠮᠦᠨ ᠲᠥᠪᠡᠳ ᠢ᠋ᠶ᠋ᠡᠷ ᠶᠠᠷᠢᠬᠤ ᠳ᠋ᠤ᠌ ᠭᠡᠨᠡᠳᠲᠡ ᠴᠣᠴᠢᠵᠤ ᠭᠦᠨ ᠪᠣᠳᠣᠯ ᠠ᠋ᠴᠠ ᠪᠠᠨ ᠬᠠᠭᠠᠴᠠᠭᠠᠳ ᠴᠤᠢᠮᠴᠤᠭ ᠭᠡᠯᠦᠩ ᠡᠷᠭᠢᠨ ᠲᠣᠭᠣᠷᠢᠨ ᠢ᠋ ᠠᠵᠢᠭᠯᠠᠪᠠᠯ ᠬᠠᠷ᠎ᠠ ᠪᠠᠷᠠᠭᠠᠨ ᠬᠤᠪᠴᠠᠰᠤ ᠲᠠᠢ ᠭᠤᠷᠪᠠᠨ ᠳ᠋ᠤᠨᠵᠤᠨᠫᠠ ᠨᠠᠷ ᠶᠠᠪᠤᠵᠤ ᠪᠠᠢᠯ᠎ᠠ᠃ ᠲᠡᠳᠡ ᠪᠦᠬᠡᠮᠠᠩᠯᠠᠢ ᠶ᠋ᠢᠨ ᠡᠭᠦᠷᠴᠤ ᠶᠠᠪᠤᠭ᠎ᠠ ᠬᠥᠮᠦᠨ ᠢ᠋ ᠬᠡᠳᠦᠢ ᠨᠢ ᠦᠬᠦᠳᠡᠯ ᠪᠣᠯᠵᠠᠢ ᠭᠡᠳᠡᠭ ᠢ᠋ ᠬᠠᠷᠠᠭᠠᠳ ᠯᠠ ᠮᠡᠳᠡᠵᠡᠢ᠃ ᠠᠷᠭ᠎ᠠ ᠦᠭᠡᠢ ᠮᠡᠷᠭᠡᠵᠢᠭᠰᠡᠨ ᠨᠢᠳᠦ ᠪᠡᠷ ᠬᠠᠷᠠᠵᠠᠢ᠃ ᠳ᠋ᠤᠨᠵᠤᠨᠫᠠ ᠭᠡᠳᠡᠭ ᠪᠣᠯ ᠲᠥᠪᠡᠳ ᠦ᠋ᠨ ᠶᠡᠬᠡ ᠬᠣᠲᠠ ᠨᠤᠭᠤᠳ᠂ ᠰᠦᠮ᠎ᠡ ᠬᠡᠢᠳ ᠦ᠋ᠳ ᠲᠦ᠍ ᠡᠯᠪᠡᠭ ᠪᠣᠯᠤᠭᠰᠠᠨ ᠣᠷᠣᠰᠢᠭᠤᠯᠤᠭᠴᠢ ᠨᠠᠷ ᠶᠤᠮ᠃ ᠲᠡᠳᠡ ᠦᠬᠦᠭᠰᠡᠨ ᠬᠥᠮᠦᠨ ᠢ᠋ ᠨᠣᠬᠠᠢ᠂ ᠰᠢᠪᠠᠭᠤᠨ ᠳ᠋ᠤ᠌ ᠬᠤᠪᠢᠶᠠᠵᠤ ᠥᠭᠬᠦ᠂ ᠣᠷᠣᠰᠢᠭᠤᠯᠬᠤ ᠠᠵᠢᠯ ᠲᠠᠢ ᠤᠯᠤᠰ᠃ ᠦᠬᠦᠭᠰᠡᠳ ᠢ᠋ ᠨᠤᠲᠤᠭᠯᠠᠭᠤᠯᠬᠤ ᠡᠳᠦᠷ ᠦ᠋ᠳ ᠲᠦ᠍ ᠲᠡᠳᠡ ᠪᠦᠷᠢᠨ ᠠᠵᠢᠯ ᠲᠠᠢ᠂ ᠪᠤᠰᠤᠳ ᠭᠠᠷᠠᠭ ᠲᠤ᠌ ᠠᠵᠢᠯ ᠦᠭᠡᠢ ᠲᠤᠯᠠ ᠪᠦᠯᠦᠭᠯᠡᠨ ᠶᠠᠪᠤᠵᠤ ᠶᠠᠭᠤᠮ᠎ᠠ ᠭᠤᠶᠤᠬᠤ ᠵᠡᠷᠭᠡ ᠪᠡᠷ ᠠᠮᠢᠳᠤᠷᠠᠨ᠎ᠠ᠃ ᠬᠡᠷᠪᠡ ᠳ᠋ᠤᠨᠵᠤᠨᠫᠠ ᠨᠠᠷ ᠲᠤ᠌ ᠶᠠᠭᠤᠮ᠎ᠠ ᠥᠭᠬᠦ ᠦᠭᠡᠢ ᠪᠣᠯ ᠲᠡᠳᠡ ᠶᠡᠬᠡᠳᠡ ᠠᠭᠤᠷᠯᠠᠨ᠂ ᠥᠭᠭᠦᠭᠡ ᠦᠭᠡᠢ ᠬᠥᠮᠦᠨ ᠢ᠋ ᠦᠬᠦᠳᠡᠯ ᠪᠣᠯᠤᠭᠠᠳ ᠲᠡᠳᠡᠨ ᠦ᠌ ᠭᠠᠷ ᠲᠤ᠌ ᠣᠴᠢᠬᠤ ᠦᠶ᠎ᠡ ᠳ᠋ᠦ᠍ ᠥᠰᠢᠶ᠎ᠡ ᠪᠡᠨ ᠠᠪᠤᠨ᠎ᠠ ᠭᠡᠵᠦ ᠠᠶᠤᠯᠭᠠᠨ ᠰᠦᠷᠳᠡᠭᠦᠯᠳᠡᠭ ᠠᠢᠬᠤᠪᠲᠤᠷ ᠬᠡᠴᠡᠭᠦᠦ ᠤᠯᠤᠰ ᠠᠵᠠᠢ᠃
《ᠳ᠋ᠤᠨᠵᠤᠨᠫᠠ ᠨᠠᠷ ᠭᠡᠵᠦ ᠨᠢᠭᠡ ᠤᠯᠤᠰ ᠪᠠᠢᠳᠠᠭ ᠰᠢᠦ᠃ ᠵᠠ ᠡᠢᠮᠦ ᠠᠷᠭ᠎ᠠ ᠪᠠᠷ ᠯᠠ ᠲᠠᠯᠢᠢᠭᠠᠴᠢ ᠶ᠋ᠢ ᠣᠷᠣᠰᠢᠭᠤᠯᠳᠠᠭ ᠨᠢ ᠵᠥᠪ᠃ ᠶᠠᠷᠪᠠᠯᠾᠠ ᠳ᠋ᠠᠴᠠᠩ ᠳ᠋ᠤ᠌ ᠣᠴᠢᠳᠠᠭ ᠶᠤᠮ ᠤᠤ ᠡᠰᠡᠪᠡᠯ ᠰᠸᠷᠠ ᠳ᠋ᠤ᠌ ᠣᠴᠢᠬᠤ ᠨᠢ ᠳᠡᠭᠡᠷ᠎ᠡ ᠦᠦ ? ᠰᠸᠷᠠ ᠳ᠋ᠤ᠌ ᠣᠴᠢᠬᠤ ᠨᠢ ᠳᠡᠭᠡᠷ᠎ᠡ᠃ ᠭᠡᠲᠡᠯ᠎ᠡ ᠶᠡᠬᠡ ᠮᠥᠩᠭᠥ ᠲᠥᠯᠥᠨ᠎ᠡ ᠳᠡ᠃ ᠲᠡᠨᠳᠡ ᠶᠠᠮᠠᠷ ᠵᠢᠷ ᠦ᠋ᠨ ᠬᠠᠷᠠᠴᠤᠤᠯ ᠢ᠋ ᠬᠠᠪᠢᠳᠠᠭᠤᠯᠬᠤ ᠪᠢᠰᠢ᠃ ᠵᠠ ᠶᠠᠭᠠᠬᠢᠬᠤ ᠪᠣᠢ ᠮᠥᠩᠭᠥ ᠨᠢ ᠴᠦ᠍ ᠬᠠᠮᠢᠶ᠎ᠠ ᠠᠯᠠᠭ᠎ᠠ᠃ ᠲᠡᠷᠡ ᠲᠡᠢ ᠲᠡᠷᠡ ᠦᠭᠡᠢ ᠯᠡ ᠪᠤᠶᠠᠨ ᠬᠢᠵᠦ ᠪᠠᠷᠠᠬᠤ ᠪᠠᠷ ᠰᠢᠢᠳᠦᠭᠰᠡᠨ ᠬᠡᠳᠦᠨ ᠵᠣᠭᠣᠰ ᠨᠠᠳᠠ ᠳ᠋ᠤ᠌ ᠪᠣᠢ》 ᠭᠡᠵᠦ ᠴᠤᠢᠮᠴᠤᠭ ᠭᠡᠯᠦᠩ ᠳᠣᠲᠣᠷ᠎ᠠ ᠪᠠᠨ ᠪᠣᠳᠣᠯ᠎ᠠ᠃
ᠲᠡᠳᠡᠨ ᠦ᠌ ᠠᠷᠤ ᠠ᠋ᠴᠠ ᠭᠤᠷᠪᠠᠨ ᠳ᠋ᠤᠨᠵᠤᠨᠫᠠ ᠳᠠᠭᠠᠭᠠᠳ ᠡᠬᠢᠯᠡᠪᠡ᠃ ᠭᠡᠰᠦᠯ ᠰᠠᠩᠵᠢ᠂ ᠤᠳᠬᠤᠨ ᠬᠡᠦᠬᠡᠨ ᠠᠯᠢ ᠨᠢ ᠴᠦ᠍ ᠳ᠋ᠤᠨᠵᠤᠨᠫᠠ ᠭᠡᠳᠡᠭ ᠢ᠋ ᠮᠡᠳᠡᠬᠦ ᠦᠭᠡᠢ ᠲᠤᠯᠠ ᠰᠠᠨᠠᠭᠠᠨ ᠳ᠋ᠤ᠌ ᠦᠭᠡᠢ ᠶᠠᠪᠤᠵᠤ ᠪᠠᠢᠯ᠎ᠠ᠃ ᠦᠬᠦᠭᠰᠡᠳ ᠢ᠋ ᠲᠡᠳᠡ ᠬᠠᠢᠵᠤ ᠣᠯᠵᠠ ᠣᠯᠳᠠᠭ ᠪᠠᠢᠪᠠ᠃
– ᠡᠬᠦᠨ ᠢ᠋ ᠬᠡᠵᠢᠶ᠎ᠡ ᠭᠠᠷᠭᠠᠬᠤ ᠪᠣᠯ? ᠮᠠᠷᠭᠠᠰᠢ ᠪᠢᠵᠡ ᠳᠡ! ᠭᠡᠵᠦ ᠳ᠋ᠤᠨᠵᠤᠨᠫᠠ ᠨᠠᠷ ᠬᠣᠭᠣᠷᠣᠨᠳᠣ ᠪᠠᠨ ᠶᠠᠷᠢᠬᠤ ᠶ᠋ᠢ ᠭᠡᠯᠦᠩ ᠴᠤᠢᠮᠴᠤᠭ ᠰᠣᠨᠣᠰᠤᠭᠠᠳ ᠰᠡᠳᠬᠢᠯ ᠨᠢ ᠲᠠᠪᠠ ᠦᠭᠡᠢ ᠪᠣᠯᠵᠠᠢ᠃ ᠮᠠᠰᠢ ᠬᠤᠷᠳᠤᠨ ᠳ᠋ᠤᠨᠵᠤᠨᠫᠠ ᠳ᠋ᠤ᠌ ᠮᠡᠳᠡᠭᠳᠡᠭᠰᠡᠨ ᠳ᠋ᠦ᠍ ᠲᠡᠷᠡ ᠴᠣᠴᠢᠵᠠᠢ᠃ ᠤᠳᠠᠯ ᠦᠭᠡᠢ ᠭᠡᠷ ᠦ᠋ᠨ ᠭᠠᠳᠠᠭ᠎ᠠ ᠲᠡᠳᠡ ᠬᠦᠷᠴᠦ ᠢᠷᠡᠪᠡ᠃ ᠭᠡᠲᠡᠯ᠎ᠡ ᠳ᠋ᠤᠨᠵᠤᠨᠫᠠ ᠨᠠᠷ ᠲᠡᠳᠡᠨ ᠢ᠋ ᠮᠥᠷᠳᠡᠨ ᠳᠠᠭᠠᠵᠤ ᠪᠠᠰᠠ ᠯᠠ ᠭᠠᠳᠠᠭ᠎ᠠ ᠨᠢ ᠢᠷᠡᠪᠡ᠃ ᠲᠡᠭᠡᠬᠦ ᠪᠡᠷ ᠨᠢ ᠴᠤᠢᠮᠴᠤᠭ ᠭᠡᠯᠦᠩ ᠲᠡᠳᠡᠨ ᠳ᠋ᠦ᠍ ᠣᠢᠷᠠᠲᠤᠵᠤ ᠲᠥᠪᠡᠳ ᠬᠡᠯᠡ ᠪᠡᠷ᠄
– ᠲᠠ ᠨᠠᠷ ᠶᠠᠷᠪᠠᠯᠾᠠ ᠶ᠋ᠢᠨ ᠬᠢ ᠦᠦ? ᠰᠸᠷᠠ ᠶ᠋ᠢᠨ ᠬᠢ ᠦᠦ? ᠭᠡᠵᠦ ᠠᠰᠠᠭᠤᠪᠠ᠃ ᠲᠡᠳᠡ ᠠᠮᠠ ᠪᠤᠯᠢᠶᠠᠯᠳᠤᠨ᠄
– ᠰᠸᠷᠠ ᠶ᠋ᠢᠨ ᠬᠢ᠂ ᠰᠸᠷᠠ ᠶ᠋ᠢᠨ ᠭᠦᠱᠦᠦ ᠮᠢᠨᠢ ᠭᠡᠵᠦ ᠮᠣᠩᠭᠣᠯ ᠢ᠋ᠶ᠋ᠠᠷ ᠬᠡᠯᠡᠬᠦ ᠳ᠋ᠦ᠍ ᠭᠡᠯᠦᠩ ᠬᠥᠮᠥᠰᠬᠡ ᠵᠠᠩᠭᠢᠳᠤᠨ ᠴᠢᠷᠠᠢ ᠪᠠᠨ ᠪᠠᠷᠤᠢᠯᠭᠠᠵᠤ ᠄
– ᠵᠠ ᠲᠡᠭᠡᠪᠡᠯ ᠲᠠ ᠨᠠᠷ ᠮᠠᠷᠭᠠᠰᠢ ᠥᠷᠯᠥᠭᠡ ᠮᠣᠷᠢᠨ ᠴᠠᠭ ᠠ᠋ᠴᠠ ᠡᠮᠦᠨ᠎ᠡ ᠢᠷ᠎ᠡ! ᠣᠳᠣ ᠶᠠᠪᠤᠵᠠᠭ᠎ᠠ ᠭᠡᠵᠦ ᠮᠡᠳᠡᠳᠡᠭ ᠪᠣᠯᠤᠯ᠎ᠠ ᠭᠡᠵᠦ ᠲᠡᠳᠡᠨ ᠳ᠋ᠦ᠍ ᠬᠡᠯᠡᠬᠦ ᠳ᠋ᠦ᠍ ᠳ᠋ᠤᠨᠵᠤᠨᠫᠠ ᠨᠠᠷ᠄
– ᠯᠠᠭᠰᠤᠤ᠂ ᠯᠠᠭᠰᠤᠤ! ᠭᠡᠵᠡᠭᠡᠭᠡᠳ ᠭᠡᠳᠡᠷᠭᠦ ᠪᠤᠴᠠᠪᠠ᠃ ᠲᠡᠳᠡᠨ ᠦ᠌ ᠶᠠᠷᠢᠯᠴᠠᠬᠤ ᠶ᠋ᠢ ᠰᠣᠨᠣᠰᠤᠭᠠᠳ ᠰᠠᠩᠵᠢ᠄
– ᠡᠨᠡ ᠶᠠᠭᠤᠨ ᠤᠯᠤᠰ ᠪᠣᠢ᠂ ᠪᠠᠭᠰᠢ ᠡ ? ᠭᠡᠪᠡ᠃
– ᠡᠨᠡ ᠤᠴᠢᠷ ᠲᠠᠢ ᠤᠯᠤᠰ ᠠ᠃ ᠵᠠ ᠪᠢ ᠣᠷᠣᠵᠤ ᠪᠠᠢᠭᠠᠳ ᠴᠢᠮ᠎ᠠ ᠳ᠋ᠤ᠌ ᠶᠠᠷᠢᠨ᠎ᠠ ᠭᠡᠵᠦ ᠪᠠᠭᠰᠢ ᠨᠢ ᠵᠠᠶᠢᠮᠤᠴᠠᠭᠤᠯᠪᠠ᠃ ᠲᠠᠢᠯᠪᠤᠷᠢᠯᠠᠬᠤ ᠴᠠᠭ ᠪᠢᠰᠢ ᠪᠠᠢᠯ᠎ᠠ᠃ ᠲᠡᠳᠡ ᠪᠠᠢᠰᠢᠩ ᠳ᠋ᠠᠭᠠᠨ ᠣᠷᠣᠵᠤ᠂ ᠳᠡᠭᠡᠪᠦᠷ ᠳᠡᠭᠡᠷᠡᠬᠢ ᠲᠠᠷᠢᠶ᠎ᠠ ᠬᠠᠳᠠᠭᠠᠯᠠᠬᠤ ᠭᠠᠵᠠᠷ ᠲᠠᠯᠢᠢᠭᠠᠴᠢ ᠶᠢ ᠬᠣᠨᠣᠭᠤᠯᠬᠤ ᠪᠠᠷ ᠰᠢᠢᠳᠴᠡᠢ᠃ ᠲᠥᠪᠡᠳ ᠪᠠᠢᠰᠢᠩ ᠳᠡᠭᠡᠪᠦᠷ ᠳᠡᠭᠡᠷ᠎ᠡ ᠪᠡᠨ ᠲᠠᠷᠢᠶ᠎ᠠ ᠬᠠᠳᠠᠭᠠᠯᠠᠬᠤ ᠳᠥᠷᠪᠡᠯᠵᠢᠨ ᠬᠣᠩᠬᠣᠷᠬᠠᠢ ᠵᠠᠢᠲᠠᠢ ᠪᠠᠢᠳᠠᠭ ᠠᠵᠢ᠃ ᠲᠡᠨᠳᠡ ᠲᠠᠯᠢᠢᠭᠠᠴᠢ ᠶ᠋ᠢ ᠪᠠᠢᠷᠢᠯᠠᠭᠤᠯᠬᠤ ᠪᠠᠷ ᠪᠡᠯᠡᠳᠬᠡᠵᠦ᠂ ᠲᠡᠷᠡ ᠬᠡᠳᠦ ᠰᠢᠮᠠᠬᠠᠨ ᠳ᠋ᠠᠭᠠᠨ ᠴᠤᠭᠯᠠᠷᠠᠨ ᠶᠠᠭᠠᠬᠢᠵᠤ ᠮᠠᠷᠭᠠᠰᠢ ᠲᠡᠭᠦᠨ ᠢ᠋ ᠣᠷᠣᠰᠢᠭᠤᠯᠬᠤ ᠲᠤᠬᠠᠢ ᠶᠠᠷᠢᠵᠠᠭᠠᠯ᠎ᠠ᠃
– ᠡᠢᠮᠦ ᠠᠮᠠᠷᠬᠠᠨ ᠥᠭᠡᠳᠡ ᠪᠣᠯᠴᠢᠬᠠᠨ᠎ᠠ ᠭᠡᠵᠦ ᠰᠠᠨᠠᠭᠰᠠᠨ ᠦᠭᠡᠢ ᠭᠡᠮᠡᠨ ᠣᠳᠬᠣᠨ ᠡᠬᠡᠷ ᠲᠡᠳᠡᠨ ᠤᠬᠢᠯᠠᠬᠤ ᠳ᠋ᠤ᠌᠄
– ᠨᠢᠭᠡᠨᠲᠡ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠭᠦᠯᠦᠭᠰᠡᠨ ᠲᠤᠯᠠ ᠤᠰᠤᠨ ᠨᠢᠯᠪᠤᠰᠤ ᠤᠨᠠᠭᠠᠵᠤ ᠵᠠᠮ ᠮᠥᠷ ᠲᠦ᠋ᠨᠢ ᠰᠠᠭᠠᠳ ᠪᠣᠯᠤᠭᠠᠳ ᠶᠠᠭᠤ ᠬᠢᠨ᠎ᠡ᠃ ᠪᠤᠷᠬᠠᠨ ᠤ᠋ ᠣᠷᠣᠨ ᠳ᠋ᠤ᠌᠂ ᠲᠡᠷᠡ ᠲᠣᠰᠤᠮ ᠢ᠋ᠶ᠋ᠠᠨ ᠽᠤᠩᠭᠡᠸ᠎ᠠ ᠪᠠᠭᠰᠢ ᠶ᠋ᠢᠨ ᠬᠥᠷᠥᠭ ᠦᠨ ᠡᠮᠦᠨ᠎ᠡ ᠨᠠᠰᠤ ᠶᠡᠭᠦᠯᠡᠭᠰᠡᠨ ᠨᠢ ᠡᠨᠡ ᠬᠥᠮᠦᠨ ᠦ᠌ ᠳᠡᠭᠡᠳᠦ ᠬᠤᠪᠢ ᠲᠠᠪᠢᠯᠠᠩ ᠴᠤ᠌ ᠪᠠᠢᠵᠤ ᠮᠡᠳᠡᠨ᠎ᠡ᠂《ᠠᠯᠲᠠᠨ ᠣᠷᠣᠢ ᠳ᠋ᠤ᠌ ᠳ᠋ᠠᠴᠠᠩ ᠮᠢᠨᠢ》 ᠭᠡᠰᠡᠨ ᠦᠭᠡ ᠰᠡᠭᠦᠯᠴᠢ ᠶ᠋ᠢᠨ ᠬᠢ ᠨᠢ ᠪᠠᠢᠭᠰᠠᠨ ᠪᠣᠯ ᠲᠩᠷᠢ ᠨᠠᠷ ᠲᠤ᠌ ᠴᠤ᠌ ᠡᠨᠡ ᠬᠥᠮᠦᠨ ᠲᠥᠷᠥᠯ ᠠᠷᠠᠯᠵᠢᠨ ᠲᠥᠷᠥᠵᠦ ᠪᠣᠯᠤᠨ᠎ᠠ᠃ ᠡᠢᠮᠦ ᠳ᠋ᠦ᠍ ᠮᠠᠷᠭᠠᠰᠢ ᠶᠣᠰᠣ ᠲᠥᠷᠥ ᠲᠡᠢ ᠣᠷᠣᠰᠢᠭᠤᠯᠪᠠᠯ ᠲᠠᠭᠠᠷᠠᠨ᠎ᠠ ᠁ ᠭᠡᠵᠦ ᠴᠤᠢᠮᠴᠤᠭ ᠭᠡᠯᠦᠩ ᠥᠪᠡᠷ ᠦ᠋ᠨ ᠰᠦᠵᠢᠭᠯᠡᠳᠡᠭ ᠨᠣᠮ ᠤ᠋ᠨ ᠢ᠋ᠶ᠋ᠠᠨ ᠦᠭᠡ ᠪᠡᠷ ᠶᠠᠷᠢᠬᠤ ᠳ᠋ᠤ᠌ ᠴᠥᠮ ᠯᠡ ᠴᠢᠮᠡᠭᠡ ᠦᠭᠡᠢ ᠪᠣᠯᠤᠯ᠎ᠠ᠃
– ᠪᠦᠬᠦ ᠶᠠᠭᠤᠮ᠎ᠠ ᠰᠠᠢᠨ ᠢᠷᠣ᠎ᠠ ᠵᠦᠩᠯᠠᠵᠤ ᠪᠠᠢᠨ᠎ᠠ ᠁ ᠭᠡᠵᠦ ᠭᠡᠯᠦᠩ ᠶᠠᠷᠢᠭᠰᠠᠨ ᠢ᠋ᠶ᠋ᠠᠨ ᠬᠥᠮᠥᠰᠬᠡ ᠪᠡᠨ ᠵᠠᠩᠭᠢᠳᠤᠨ ᠳᠠᠭᠤ ᠪᠠᠨ ᠨᠠᠮ ᠪᠣᠯᠭᠠᠵᠤ ᠬᠡᠯᠡᠭᠰᠡᠨ ᠨᠢ᠄
– ᠬᠠᠷᠢᠨ ᠨᠢᠳᠦ ᠪᠡᠨ ᠨᠡᠭᠡᠭᠡᠵᠦ ᠲᠠᠯᠢᠢᠭᠠᠴᠢ ᠪᠣᠯᠤᠭᠰᠠᠨ ᠨᠢ ᠪᠠᠵᠠᠭᠠᠬᠤ ᠦᠭᠡᠢ ᠬᠡᠷᠡᠭ᠃ ᠡᠢᠮᠦ ᠳ᠋ᠦ᠍ ᠤᠳᠬᠤᠨ ᠴᠢᠮ᠎ᠠ ᠳ᠋ᠤ᠌ ᠬᠠᠷ᠎ᠠ ᠲᠠᠪᠤᠤ᠂ ᠲᠣᠷᠭᠠᠨ ᠤ᠋ ᠥᠭᠡᠳᠡᠰᠦ ᠪᠠᠢᠨ᠎ᠠ ᠤᠤ? ᠵᠡᠭᠦᠦ ᠤᠲᠠᠰᠤ ᠪᠠᠢᠨ᠎ᠠ ᠤᠤ?ᠤᠳᠬᠤᠨ ᠡᠨᠡ ᠦᠭᠡᠨ ᠳ᠋ᠦ᠍ ᠴᠣᠴᠢᠬᠤ ᠰᠢᠭ᠋ ᠪᠣᠯᠵᠤ᠄
– ᠪᠠᠢᠨ᠎ᠠ ᠠ᠋᠂ ᠪᠠᠭᠰᠢᠲᠠᠨ ᠮᠢᠨᠢ ᠭᠡᠪᠡ᠃
– ᠲᠡᠭᠡᠪᠡᠯ ᠨᠡᠰᠢ ᠨᠢ ᠠᠪᠤᠭᠠᠳ ᠢᠷ᠎ᠡ! ᠭᠡᠵᠦ ᠪᠠᠭᠰᠢ ᠯᠠᠮᠠ ᠲᠤᠰᠢᠶᠠᠩᠭᠤᠢ ᠬᠡᠯᠡᠯ᠎ᠡ᠃ ᠤᠳᠬᠤᠨ ᠪᠤᠢᠯᠠᠩ ᠢ᠋ᠶ᠋ᠠᠨ ᠠᠭᠤᠳᠠᠯᠤᠨ ᠬᠠᠷ᠎ᠠ ᠲᠣᠷᠭᠠᠨ ᠤ᠋ ᠥᠭᠡᠳᠡᠰᠦ᠂ ᠮᠥᠨ ᠤᠲᠠᠰᠤ ᠵᠡᠭᠦᠦ ᠭᠠᠷᠭᠠᠵᠤ ᠢᠷᠡᠪᠡ᠃ ᠭᠡᠯᠦᠩ ᠲᠡᠭᠦᠨ ᠢ᠋ ᠠᠪᠤᠭᠠᠳ ᠭᠤᠷᠪᠠᠭᠤᠯᠠ ᠷᠤᠩᠬᠤᠨ ᠳ᠋ᠤ᠌ ᠬᠠᠨᠵᠤᠨ ᠳᠡᠭᠡᠷ᠎ᠡ ᠪᠠᠢᠭ᠎ᠠ ᠲᠠᠯᠢᠢᠭᠠᠴᠢ ᠶ᠋ᠢᠨ ᠳᠡᠷᠭᠡᠳᠡ ᠣᠴᠢᠪᠠ᠃ ᠴᠤᠢᠮᠴᠤᠭ ᠭᠡᠯᠦᠩ ᠲᠠᠯᠢᠢᠭᠠᠴᠢ ᠶ᠋ᠢᠨ ᠪᠦᠯᠲᠡᠢᠲᠡᠯᠡ ᠨᠡᠭᠡᠭᠡᠯᠲᠡᠲᠡᠢ ᠪᠠᠢᠭ᠎ᠠ ᠨᠢᠳᠦᠨ ᠦ᠌ ᠠᠨᠢᠰᠬ᠎ᠠ ᠶ᠋ᠢ ᠳᠣᠯᠣᠪᠣᠷ ᠬᠤᠷᠤᠭᠤ ᠪᠠᠷ ᠳᠣᠭᠣᠭᠰᠢ ᠳᠠᠷᠤᠵᠤ ᠬᠣᠶᠠᠷ ᠵᠣᠪᠬᠢ ᠶ᠋ᠢ ᠨᠡᠢᠯᠡᠭᠦᠯᠬᠦ ᠶ᠋ᠢ ᠣᠷᠣᠯᠳᠣᠪᠠ᠃ ᠬᠡᠳᠦᠨᠲᠡ ᠣᠷᠣᠯᠳᠣᠪᠠᠴᠤ ᠵᠣᠪᠬᠢ ᠨᠢ ᠳᠠᠬᠢᠭᠠᠳ ᠯᠠ ᠨᠡᠭᠡᠭᠡᠭᠳᠡᠴᠢᠬᠡᠭᠡᠳ ᠪᠠᠢᠯ᠎ᠠ᠃ ᠲᠡᠭᠡᠲᠡᠯ᠎ᠡ ᠭᠡᠯᠦᠩ ᠤᠲᠠᠰᠤ ᠵᠡᠭᠦᠦ ᠶ᠋ᠢ ᠠᠪᠴᠤ ᠲᠠᠯᠢᠢᠭᠠᠴᠢ ᠶ᠋ᠢᠨ ᠬᠣᠶᠠᠷ ᠵᠣᠪᠬᠢ ᠶ᠋ᠢ ᠬᠣᠭᠣᠷᠣᠨᠳᠣ ᠨᠢ ᠲᠣᠣᠷᠯᠠᠨ ᠣᠶᠣᠵᠤ ᠨᠡᠢᠯᠡᠭᠦᠯᠪᠡ᠃ ᠲᠡᠭᠡᠭᠡᠳ ᠤᠳᠬᠤᠨ ᠤ᠋ ᠥᠭᠭᠦᠭᠰᠡᠨ ᠬᠠᠷ᠎ᠠ ᠲᠣᠷᠭᠠᠨ ᠤ᠋ ᠥᠭᠡᠳᠡᠰᠦ ᠪᠡᠷ ᠨᠢᠳᠦ ᠶ᠋ᠢ ᠲᠠᠭᠯᠠᠨ ᠪᠣᠭᠣᠵᠠᠢ᠃
– ᠨᠢᠳᠦ ᠪᠡᠨ ᠨᠡᠭᠡᠭᠡᠯᠲᠡᠲᠡᠢ ᠪᠡᠷ᠂ ᠭᠠᠷ ᠢ᠋ᠶ᠋ᠠᠨ ᠳᠠᠯᠠᠯᠤᠭᠰᠠᠨ ᠪᠠᠢᠳᠠᠯ ᠢ᠋ᠶ᠋ᠠᠷ ᠶᠤᠮ ᠤᠤ ᠡᠰᠡᠪᠡᠯ ᠠᠮᠠ ᠪᠠᠨ ᠠᠩᠭᠠᠢᠵᠤ ᠳᠠᠯᠠᠢᠭᠠᠴᠢ ᠪᠣᠯᠪᠠᠯ ᠮᠠᠭᠤ ᠢᠷᠣ᠎ᠠ᠃ ᠡᠢᠮᠦ ᠳ᠋ᠦ᠍ ᠲᠡᠭᠦᠨ ᠢ᠋ ᠥᠭᠡᠷ᠎ᠡ ᠪᠠᠢᠳᠠᠯ ᠳ᠋ᠤ᠌ ᠣᠷᠣᠭᠤᠯᠬᠤ ᠤᠴᠢᠷ ᠲᠠᠢ᠃ 《 ᠪᠢᠳᠠᠷᠭᠠᠷᠠᠪ》 ᠤᠨ ᠬᠣᠷᠢᠨ ᠶᠢᠰᠦᠳᠦᠭᠡᠷ ᠪᠦᠯᠦᠭ ᠲᠦ᠍ ᠪᠣᠢ ᠰᠢᠦ ᠳᠡ ᠭᠡᠵᠦ ᠬᠡᠯᠡᠨ ᠴᠤᠢᠮᠴᠤᠭ ᠱᠠᠪᠢ ᠰᠠᠩᠵᠢ ᠳ᠋ᠠᠭᠠᠨ ᠲᠥᠪᠡᠳ ᠬᠡᠯᠡ ᠪᠡᠷ ᠰᠤᠷᠭᠠᠨ ᠵᠠᠭᠠᠭᠰᠠᠨ ᠳ᠋ᠤ᠌ ᠶᠠᠭᠤ ᠶᠠᠷᠢᠵᠤ ᠪᠠᠢᠭ᠎ᠠ ᠶ᠋ᠢ ᠣᠳᠬᠣᠨ ᠬᠡᠦᠬᠡᠨ ᠣᠢᠯᠠᠭᠠᠭᠰᠠᠨ ᠦᠭᠡᠢ᠃ ᠮᠥᠨ ᠸᠴᠢᠷ ᠵᠠᠩᠭᠢᠳᠤᠨ ᠵᠢᠷᠤᠭᠰᠠᠨ ᠴᠠᠭᠠᠰᠤ ᠪᠠᠷ ᠠᠮᠠ ᠶ᠋ᠢ ᠲᠠᠭᠯᠠᠨ ᠨᠠᠭᠠᠪᠠ᠃
– ᠣᠳᠣ ᠲᠠᠯᠢᠢᠭᠠᠴᠢ ᠶ᠋ᠢ ᠳᠡᠭᠡᠪᠦᠷ ᠲᠦ᠍ ᠪᠠᠢᠷᠢᠯᠠᠭᠤᠯᠤᠶᠠ! ᠭᠡᠵᠦ ᠭᠡᠯᠦᠩ ᠬᠡᠯᠡᠬᠦ ᠳ᠋ᠦ᠍ ᠪᠦᠬᠡᠮᠠᠩᠯᠠᠢ ᠲᠠᠯᠢᠢᠭᠠᠴᠢ ᠶ᠋ᠢ ᠰᠡᠪᠬᠢᠲᠡᠯ᠎ᠡ ᠡᠷᠭᠦᠭᠡᠳ ᠳᠡᠭᠡᠪᠦᠷ ᠲᠦ᠍ ᠭᠠᠷᠭᠠᠯ᠎ᠠ᠃ ᠳᠡᠭᠡᠪᠦᠷ ᠦ᠋ᠨ ᠬᠣᠩᠬᠣᠷᠬᠠᠢ ᠳ᠋ᠤ᠌ ᠢᠰᠡᠭᠡᠢ ᠳᠡᠪᠢᠰᠦᠭᠡᠳ ᠲᠡᠭᠦᠨ ᠳᠡᠭᠡᠷ᠎ᠡ ᠲᠠᠯᠢᠢᠭᠠᠴᠢ ᠶ᠋ᠢ ᠬᠡᠪᠲᠡᠭᠦᠯᠪᠡ᠃ ᠭᠡᠯᠦᠩ ᠴᠤᠢᠮᠴᠤᠭ᠂ ᠭᠡᠰᠦᠯ ᠰᠠᠩᠵᠢ ᠬᠣᠶᠠᠷ ᠲᠠᠯᠢᠢᠭᠠᠴᠢ ᠶ᠋ᠢ ᠪᠠᠷᠠᠭᠤᠨ ᠰᠦᠪᠡᠭᠡ ᠪᠡᠷ ᠨᠢ ᠬᠡᠪᠲᠡᠭᠦᠯᠵᠦ ᠪᠠᠷᠠᠭᠤᠨ ᠬᠠᠴᠠᠷ ᠳᠣᠣᠷ᠎ᠠ ᠭᠠᠷ ᠢ᠋ ᠨᠢ ᠣᠷᠣᠭᠤᠯᠵᠤ ᠳᠡᠷᠡᠯᠡᠭᠦᠯᠦᠭᠡᠳ ᠪᠠᠷᠠᠭᠤᠨ ᠭᠠᠷ ᠤ᠋ᠨ ᠰᠢᠭᠡᠵᠡᠢ ᠬᠤᠷᠤᠭᠤ ᠪᠠᠷ ᠪᠠᠷᠠᠭᠤᠨ ᠬᠠᠮᠠᠷ ᠤ᠋ᠨ ᠨᠦᠬᠡ ᠤᠷᠤᠭᠤ ᠲᠠᠭᠯᠠᠬᠤ ᠮᠠᠶ᠋ᠢᠭ᠌ᠲᠠᠢ ᠰᠢᠷᠭᠤᠭᠤᠯᠤᠭᠠᠳ ᠪᠠᠷᠠᠭᠤᠨ ᠬᠥᠯ ᠢ᠋ ᠰᠤᠩᠭᠠᠵᠤ᠂ ᠵᠡᠭᠦᠨ ᠢ᠋ ᠡᠪᠦᠳᠦᠭ ᠢ᠋ᠶ᠋ᠡᠷ ᠨᠢ ᠨᠤᠭᠤᠯᠤᠨ᠂ ᠵᠡᠭᠦᠨ ᠭᠠᠷ ᠢ᠋ ᠰᠤᠩᠭᠠᠵᠤ ᠡᠭᠡᠷᠴᠡᠭ ᠳᠡᠭᠡᠷ᠎ᠡ ᠲᠠᠯᠪᠢᠵᠤ ᠪᠠᠢᠷᠢᠯᠠᠭᠤᠯᠤᠯᠠ᠃ ᠭᠡᠯᠦᠩ ᠴᠤᠢᠮᠴᠤᠭ᠄
– ᠡᠷ᠎ᠡ ᠬᠥᠮᠦᠨ ᠶᠦᠮ ᠪᠠᠢᠨ᠎ᠠ᠃ ᠢᠩᠭᠢᠵᠦ ᠣᠷᠣᠰᠢᠭᠤᠯᠬᠤ ᠤᠴᠢᠷ ᠲᠠᠢ᠃ ᠪᠤᠷᠬᠠᠨ ᠱᠠᠭᠢᠮᠤᠨᠢ ᠡᠢᠮᠦ ᠪᠠᠢᠳᠠᠯ ᠢ᠋ᠶ᠋ᠠᠷ ᠥᠭᠡᠳᠡ ᠪᠣᠯᠤᠭᠰᠠᠨ ᠶᠤᠮ᠃ ᠠᠷᠰᠯᠠᠨ ᠬᠡᠪᠲᠡᠯᠭᠡ ᠭᠡᠵᠦ ᠡᠭᠦᠨ ᠢ᠋ ᠬᠡᠯᠡᠨ᠎ᠡ ᠭᠡᠮᠡᠨ ᠲᠥᠪᠡᠳ ᠬᠡᠯᠡ ᠪᠡᠷ ᠱᠠᠪᠢ ᠳᠠᠭᠠᠨ ᠰᠤᠷᠭᠠᠨ ᠵᠢᠭᠠᠵᠠᠢ᠃
᠁ ᠮᠠᠷᠭᠠᠰᠢ ᠨᠢ ᠵᠢᠭᠠᠭᠰᠠᠨ ᠴᠠᠭ ᠲᠤ᠌ ᠳ᠋ᠤᠨᠵᠤᠨᠫᠠ ᠨᠠᠷ ᠮᠣᠳᠣᠨ ᠲᠡᠷᠭᠡ ᠲᠦᠷᠢᠭᠰᠡᠭᠡᠷ ᠬᠦᠷᠴᠦ ᠢᠷᠡᠯ᠎ᠡ᠃ ᠲᠠᠯᠢᠢᠭᠠᠴᠢ ᠶ᠋ᠢ ᠮᠣᠳᠣᠨ ᠲᠡᠷᠭᠡᠨ ᠳᠡᠭᠡᠷ᠎ᠡ ᠢᠰᠡᠭᠡᠢ ᠳᠡᠪᠢᠰᠦᠨ ᠲᠠᠯᠪᠢᠵᠤ᠂ ᠥᠷᠮᠥᠭ ᠢ᠋ᠶ᠋ᠡᠷ ᠪᠦᠲᠡᠭᠡᠭᠡᠳ ᠰᠸᠷᠠ ᠬᠡᠢᠳ ᠦ᠋ᠨ ᠵᠦᠭ ᠶᠠᠪᠤᠵᠠᠭᠠᠯ᠎ᠠ᠃
– ᠰᠸᠷᠠ ᠬᠡᠢᠳ ᠦ᠋ᠨ ᠵᠡᠭᠦᠨ ᠤᠷᠲᠤ ᠲᠣᠯᠣᠭᠠᠢ ᠳᠡᠭᠡᠷᠡᠬᠢ ᠠᠷᠢᠭᠤᠨ ᠴᠢᠯᠠᠭᠤᠨ᠎ᠠ ᠠᠪᠠᠴᠢᠵᠤ ᠳᠡᠰ ᠰᠢᠪᠠᠭᠤᠨ ᠳ᠋ᠤ᠌ ᠲᠦᠭᠡᠭᠡᠬᠦ ᠡᠴᠡ ᠪᠢᠰᠢ᠃ ᠴᠢ ᠲᠡᠢᠮᠦ ᠣᠷᠣᠰᠢᠭᠤᠯᠭ᠎ᠠ ᠶ᠋ᠢᠨ ᠲᠤᠬᠠᠢ ᠮᠡᠳᠡᠨ᠎ᠡ ᠰᠢᠦ ᠳᠡ᠃ ᠪᠢ ᠴᠢᠮ᠎ᠡ ᠳ᠋ᠦ᠍ ᠶᠠᠷᠢᠵᠤ ᠪᠠᠢᠭᠰᠠᠨ ᠭᠡᠵᠦ ᠴᠤᠢᠮᠴᠤᠭ ᠭᠡᠯᠦᠩ ᠱᠠᠪᠢ ᠰᠠᠩᠵᠢ ᠳ᠋ᠠᠭᠠᠨ ᠲᠥᠪᠡᠳ ᠢ᠋ᠶ᠋ᠡᠷ ᠶᠠᠷᠢᠪᠠ᠃ ᠰᠠᠩᠵᠢ ᠲᠡᠭᠦᠨ ᠢ᠋ ᠣᠢᠯᠠᠭᠠᠯ᠎ᠠ᠃
– ᠪᠠᠭᠰᠢ ᠮᠢᠨᠢ ᠲᠡᠨᠳᠡ ᠴᠢᠨᠢ ᠶᠡᠬᠡᠰ ᠳᠡᠭᠡᠳᠦᠰ᠂ ᠪᠠᠶᠠᠴᠤᠳ ᠢ᠋ ᠠᠪᠳᠠᠭ᠃ ᠶᠠᠳᠠᠭᠤ ᠬᠥᠮᠦᠨ ᠦ᠌ ᠬᠥᠷᠥᠩᠭᠡ ᠪᠤᠶᠠᠨ ᠬᠦᠷᠳᠡᠭ ᠦᠭᠡᠢ ᠭᠡᠰᠡᠨ ᠪᠢᠵᠡ ᠳᠡ᠃ ᠮᠥᠩᠭᠥ ᠲᠠᠨᠢ ᠬᠦᠷᠬᠦ ᠶᠦᠮ ᠦᠦ? ᠭᠡᠵᠦ ᠰᠠᠩᠵᠢ ᠪᠠᠭᠰᠢ ᠠ᠋ᠴᠠ ᠪᠠᠨ ᠠᠰᠠᠭᠤᠪᠠ᠃ ᠲᠡᠷᠡ ᠬᠣᠶᠠᠷ ᠲᠥᠪᠡᠳ ᠢ᠋ᠶ᠋ᠡᠷ ᠶᠠᠷᠢᠵᠤ ᠪᠠᠢᠯ᠎ᠠ᠃
– ᠮᠥᠩᠭᠥ ᠶᠡᠬᠡ ᠲᠥᠯᠥᠨ᠎ᠡ᠃ ᠭᠡᠪᠡᠴᠦ ᠶᠠᠭᠠᠬᠢᠬᠤ ᠪᠣᠢ? ᠪᠠᠭᠰᠢ ᠨᠢ ᠲᠡᠷᠡ ᠲᠡᠢ ᠲᠡᠷᠡ ᠦᠭᠡᠢ ᠪᠤᠶᠠᠨ ᠬᠢᠬᠦ ᠭᠡᠵᠦ ᠯᠡ ᠭᠠᠷᠤᠭᠰᠠᠨ ᠶᠤᠮ᠃ ᠡᠨᠡ ᠲᠠᠯᠢᠢᠭᠠᠴᠢ ᠳ᠋ᠤ᠌ ᠵᠣᠷᠢᠭᠤᠯᠤᠭᠠᠳ ᠴᠠᠭᠠᠨ᠎ᠠ ᠨᠢ ᠪᠠᠰᠠ ᠴᠤ᠌ ᠶᠠᠭᠤᠮ᠎ᠠ ᠦᠯᠡᠳᠡᠬᠦ ᠪᠣᠢ? ᠭᠡᠵᠦ ᠪᠠᠭᠰᠢ ᠱᠠᠪᠢ ᠪᠠᠨ ᠲᠠᠢᠳᠬᠤᠷᠠᠭᠤᠯᠪᠠ᠃ ᠤᠷᠢᠳᠤ ᠰᠥᠨᠢ ᠪᠠᠭᠰᠢ ᠱᠠᠪᠢ ᠬᠣᠶᠠᠷ ᠲᠡᠷᠡ ᠬᠦ᠌ ᠲᠠᠯᠢᠢᠭᠠᠴᠢ ᠶ᠋ᠢᠨ ᠣᠷᠣᠰᠢᠭᠤᠯᠭ᠎ᠠ ᠲᠠᠢ ᠬᠣᠯᠪᠣᠭᠳᠠᠭᠰᠠᠨ ᠶᠠᠭᠤᠮᠠᠰ ᠢ᠋ ᠶᠠᠷᠢᠯᠴᠠᠵᠤ ᠣᠢᠯᠠᠭᠠᠯᠴᠠᠵᠠᠢ᠃ ᠪᠣᠯᠵᠣᠭᠰᠠᠨ ᠴᠠᠭ ᠠ᠋ᠴᠠ ᠪᠠᠨ ᠡᠮᠦᠨᠡᠬᠡᠨ ᠲᠡᠳᠡ ᠣᠷᠣᠰᠢᠭᠤᠯᠭ᠎ᠠ ᠶ᠋ᠢᠨ ᠭᠠᠵᠠᠷ ᠢᠷᠡᠯ᠎ᠡ᠃ ᠪᠢᠴᠢᠬᠠᠨ ᠪᠣᠯᠳᠤᠭ ᠳᠡᠭᠡᠷ᠎ᠡ ᠳᠥᠷᠪᠡᠨ ᠳᠠᠪᠬᠤᠷ ᠣᠯᠪᠣᠭ ᠲᠠᠯᠪᠢᠭᠰᠠᠨ ᠮᠡᠲᠦ ᠦᠶᠡᠲᠦᠭᠰᠡᠨ ᠵᠤᠵᠠᠭᠠᠨ ᠬᠠᠪᠲᠠᠭᠠᠢ ᠴᠢᠯᠠᠭᠤ ᠪᠠᠢᠯ᠎ᠠ᠃ ᠥᠷᠯᠥᠭᠡ ᠡᠷᠲᠡ ᠪᠠᠢᠭᠰᠠᠨ ᠪᠣᠯᠬᠣᠷ ᠬᠥᠮᠦᠨ ᠴᠥᠭᠡᠨ ᠪᠣᠯᠤᠯᠲᠠᠢ᠃ ᠳ᠋ᠤᠨᠵᠤᠨᠫᠠ ᠨᠠᠷ ᠲᠡᠷᠭᠡ ᠪᠡᠨ ᠲᠦᠷᠢᠭᠰᠡᠭᠡᠷ ᠴᠢᠯᠠᠭᠤᠨ ᠳ᠋ᠤ᠌ ᠣᠢᠷᠠᠲᠤᠨ ᠣᠴᠢᠯ᠎ᠠ᠃ ᠲᠡᠭᠡᠲᠡᠯ᠎ᠡ ᠲᠡᠷᠡ ᠴᠢᠯᠠᠭᠤᠨ ᠳᠡᠭᠡᠷ᠎ᠡ ᠨᠢᠭᠡᠨ ᠴᠢᠷᠠᠮᠠᠨ ᠨᠢᠴᠦᠭᠦᠨ ᠬᠥᠮᠦᠨ ᠥᠭᠡᠳᠡ ᠤᠷᠤᠭᠤ ᠪᠠᠨ ᠥᠩᠬᠥᠷᠢᠨ ᠬᠥᠷᠪᠡᠵᠦ ᠪᠠᠢᠪᠠ᠃ ᠤᠳᠬᠤᠨ ᠲᠡᠭᠦᠨ ᠡᠴᠡ ᠢᠴᠢᠵᠦ ᠨᠢᠳᠦ ᠪᠡᠨ ᠲᠠᠭᠯᠠᠪᠠ᠃
– ᠵᠦᠭᠡᠷ᠂ ᠵᠦᠭᠡᠷ᠃ ᠡᠨᠡ ᠠᠷᠢᠭᠤᠨ ᠴᠢᠯᠠᠭᠤᠨ ᠳᠡᠭᠡᠷ᠎ᠡ ᠲᠠᠯᠢᠢᠭᠠᠴᠢ ᠶ᠋ᠢ ᠬᠡᠰᠡᠭᠯᠡᠵᠦ ᠲᠠᠰ ᠰᠢᠪᠠᠭᠤᠨ ᠳ᠋ᠤ᠌ ᠬᠤᠪᠢᠶᠠᠵᠤ ᠥᠭᠳᠡᠭ ᠶᠦᠮ᠃ ᠠᠮᠢᠳᠤ ᠬᠥᠮᠦᠨ ᠨᠢᠴᠦᠭᠦᠨ ᠪᠡᠶ᠎ᠡ ᠪᠡᠷ ᠡᠨᠡ ᠳᠡᠭᠡᠷ᠎ᠡ ᠬᠥᠷᠪᠡᠬᠦ ᠨᠢ ᠪᠤᠤ ᠬᠡᠯᠡ᠂ ᠦᠬᠦᠭᠰᠡᠨ ᠬᠣᠢᠨ᠎ᠠ ᠪᠠᠨ ᠴᠤ᠌ ᠡᠨᠡ ᠳᠡᠭᠡᠷ᠎ᠡ ᠬᠡᠷᠴᠢᠭᠦᠯᠬᠦ ᠬᠤᠪᠢ ᠲᠠᠪᠢᠯᠠᠩ ᠣᠯᠳᠠᠳᠠᠭ ᠦᠭᠡᠢ ᠶᠠᠭᠤᠮ᠎ᠠ᠃ ᠳᠠᠯᠠᠢ ᠯᠠᠮᠠ ᠥᠪᠡᠷ ᠢ᠋ᠶ᠋ᠡᠨ ᠴᠦ᠍ ᠡᠨᠡ ᠴᠢᠯᠠᠭᠤᠨ ᠳᠡᠭᠡᠷ᠎ᠡ ᠨᠢᠴᠦᠭᠦᠨ ᠬᠥᠷᠪᠡᠵᠦ ᠢᠷᠡᠭᠰᠡᠨ ᠤᠯᠠᠮᠵᠢᠯᠠᠯ ᠪᠣᠢ ᠭᠡᠵᠦ ᠭᠡᠯᠦᠩ ᠴᠤᠢᠮᠴᠤᠭ ᠲᠠᠢᠯᠪᠤᠷᠢᠯᠠᠵᠤ ᠤᠳᠬᠤᠨ ᠬᠡᠦᠬᠡᠨ ᠢ᠋ ᠲᠠᠢᠪᠤᠰᠢᠷᠠᠭᠤᠯᠤᠯᠠ᠃ ᠭᠡᠪᠡᠴᠦ ᠲᠡᠷᠡ ᠨᠢᠭᠤᠷ ᠢ᠋ᠶ᠋ᠠᠨ ᠲᠠᠭᠯᠠᠭᠰᠠᠨ ᠬᠡᠪ ᠢ᠋ᠶ᠋ᠡᠷ᠃
ᠣᠯᠠᠨ ᠲᠦᠮᠡᠨ ᠬᠥᠮᠦᠨ ᠦ᠌ ᠮᠢᠬ᠎ᠠ᠂ ᠴᠢᠰᠤ ᠬᠤᠪᠢᠶᠠᠭᠰᠠᠨ ᠡᠨᠡ ᠴᠢᠯᠠᠭᠤᠨ ᠤ᠋ ᠳᠡᠭᠡᠳᠦ ᠲᠠᠪᠴᠠᠩ ᠨᠢ ᠭᠥᠯᠢᠢᠲᠡᠯ᠎ᠡ ᠡᠯᠡᠭᠳᠡᠵᠦ᠂ ᠲᠣᠰᠣ ᠨᠡᠪᠴᠢᠭᠡᠳ ᠭᠢᠯᠲᠠᠭᠠᠨᠠᠭᠰᠠᠨ ᠬᠠᠷ᠎ᠠ ᠬᠦᠷᠢᠨ ᠥᠩᠭᠡ ᠲᠡᠢ ᠪᠣᠯᠴᠢᠬᠠᠵᠠᠢ᠃ ᠢᠷᠣᠭᠠᠯ ᠬᠠᠪᠢ ᠶ᠋ᠢᠨ ᠭᠠᠵᠠᠷ ᠴᠢᠰᠤ᠂ ᠥᠭᠡᠬᠦᠨ ᠳ᠋ᠦ᠍ ᠨᠡᠪᠴᠢᠭᠡᠳ ᠬᠠᠷ᠎ᠠ ᠬᠦᠷᠡᠩ ᠥᠩᠭᠡᠲᠡᠢ ᠬᠦᠳᠡᠷ ᠰᠢᠭ ᠪᠠᠮᠪᠠᠯᠵᠠᠭᠤᠷ ᠪᠣᠯᠵᠠᠢ᠃
– ᠡᠨᠡ ᠴᠢᠯᠠᠭᠤ ᠵᠠᠭᠠᠷ ᠤ᠋ᠨ ᠣᠷᠣᠨ ᠠ᠋ᠴᠠ ᠥᠪᠡᠷ ᠢ᠋ᠶ᠋ᠡᠨ ᠨᠢᠰᠦᠨ ᠢᠷᠡᠵᠦ ᠡᠨᠳᠡ ᠪᠠᠢᠷᠢᠯᠠᠭᠰᠠᠨ ᠭᠡᠳᠡᠭ ᠳᠣᠮᠣᠭ ᠲᠠᠢ ᠶᠤᠮ᠃ ᠡᠨᠡ ᠬᠠᠪᠢ ᠳ᠋ᠤ᠌ ᠥᠭᠡᠷ᠎ᠡ ᠴᠢᠯᠠᠭᠤ ᠪᠠᠢᠬᠤ ᠦᠭᠡᠢ ᠶ᠋ᠢ ᠦᠵᠡᠪᠡᠯ ᠣᠷᠣ ᠲᠠᠢ ᠯᠠ ᠳᠣᠮᠣᠭ ᠪᠢᠵᠡ᠃ ᠶᠠᠷᠪᠠᠯᠾᠠ ᠳ᠋ᠠᠴᠠᠩ ᠳ᠋ᠤ᠌ ᠪᠠᠰᠠ ᠡᠢᠮᠦ ᠴᠢᠯᠠᠭᠤ ᠪᠣᠢ᠃ ᠲᠡᠭᠡᠬᠦ ᠳ᠋ᠡᠭᠡᠨ ᠡᠭᠦᠨ ᠡᠴᠡ ᠪᠠᠭ᠎ᠠ ᠭᠡᠵᠦ ᠴᠤᠢᠮᠴᠤᠭ ᠭᠡᠯᠦᠩ ᠤᠳᠬᠤᠨ ᠳ᠋ᠤ᠌ ᠶᠠᠷᠢᠪᠠ᠃ ᠣᠷᠣᠰᠢᠭᠤᠯᠭ᠎ᠠ ᠶ᠋ᠢᠨ ᠴᠢᠯᠠᠭᠤᠨ ᠳᠡᠭᠡᠷ᠎ᠡ ᠬᠥᠷᠪᠡᠭᠴᠢ ᠨᠢᠴᠦᠭᠦᠨ ᠡᠷ᠎ᠡ ᠬᠡᠨᠡᠭ ᠴᠦ᠍ ᠦᠭᠡᠢ ᠪᠣᠰᠤᠭᠠᠳ ᠣᠯᠠᠨ ᠤ᠋ ᠨᠢᠳᠦᠨ ᠳᠡᠭᠡᠷ᠎ᠡ ᠬᠤᠪᠴᠠᠰᠤᠯᠠᠪᠠ᠃ ᠰᠢᠷᠤ ᠰᠤᠪᠤᠳ ᠵᠡᠭᠦᠭᠰᠡᠨ ᠬᠤᠷᠭᠤᠢ ᠲᠣᠷᠭᠠᠨ ᠳᠡᠪᠡᠯ ᠲᠡᠢ ᠶ᠋ᠢ ᠪᠣᠳᠣᠪᠠᠯ ᠶᠡᠬᠡ ᠯᠡ ᠪᠠᠶᠠᠨ ᠬᠥᠮᠦᠨ ᠪᠣᠯᠤᠯᠲᠠᠢ᠃ ᠴᠢᠯᠠᠭᠤ ᠲᠡᠢᠨ ᠬᠦ᠌ ᠴᠢᠯᠥᠭᠡᠲᠡᠢ ᠪᠣᠯᠬᠤ ᠳ᠋ᠤ᠌ ᠭᠡᠯᠦᠩ ᠴᠤᠢᠮᠴᠤᠭ ᠤᠷᠢᠳᠠ ᠠ᠋ᠴᠠ ᠮᠥᠩᠭᠥ ᠲᠥᠯᠥᠵᠦ᠂ ᠵᠥᠪᠰᠢᠶᠡᠷᠡᠯ᠂ ᠳ᠋ᠤᠭᠠᠷ ᠠᠪᠤᠭᠰᠠᠨ ᠶᠣᠰᠣᠭᠠᠷ ᠲᠠᠯᠢᠢᠭᠠᠴᠢ ᠶ᠋ᠢ ᠪᠡᠨ ᠬᠤᠪᠢᠶᠠᠭᠴᠢ ᠳ᠋ᠤᠨᠵᠤᠨᠫᠠ ᠳ᠋ᠤ᠌ ᠲᠤᠰᠢᠶᠠᠬᠤ ᠪᠣᠯᠪᠠ᠃ ᠳ᠋ᠤᠨᠵᠤᠨᠫᠠ ᠨᠠᠷ ᠤ᠋ᠨ ᠠᠬᠠᠯᠠᠭᠴᠢ ᠨᠢ ᠤᠷᠲᠤ ᠡᠰᠢ ᠲᠡᠢ ᠰᠦᠷᠲᠡᠢ ᠲᠣᠮᠣ ᠪᠠᠯᠢᠤᠰᠤ ᠬᠢᠲᠤᠭ᠎ᠠ ᠪᠠᠷᠢᠵᠠᠢ᠃ ᠲᠡᠭᠦᠨ ᠦ᠌ ᠡᠰᠢᠨ ᠦ᠌ ᠣᠩᠭᠢ ᠠ᠋ᠴᠠ ᠣᠯᠠᠨ ᠠᠷᠪᠠᠨ ᠬᠠᠳᠠᠭ ᠵᠡᠭᠦᠭᠰᠡᠨ ᠨᠢ ᠬᠥᠬᠡ ᠰᠠᠷᠯᠤᠭ ᠤ᠋ᠨ ᠰᠡᠭᠦᠯ ᠰᠢᠭ ᠰᠠᠭᠯᠠᠭᠠᠷ ᠶᠠᠭᠤᠮ᠎ᠠ ᠪᠣᠯᠤᠭᠰᠠᠨ ᠪᠠᠢᠯ᠎ᠠ᠃ ᠭᠡᠯᠦᠩ ᠴᠤᠢᠮᠴᠤᠭ ᠪᠠᠰᠠ ᠨᠢᠭᠡ ᠬᠠᠳᠠᠭ ᠲᠡᠭᠦᠨ ᠳ᠋ᠦ᠍ ᠤᠶᠠᠵᠤ ᠥᠭᠴᠡᠢ᠃
ᠳ᠋ᠦᠷᠲ᠋ᠤᠳ᠋ ᠤ᠋ᠨ ᠣᠷᠣᠨ ᠪᠤᠶᠤ ᠣᠷᠣᠰᠢᠭᠤᠯᠭ᠎ᠠ ᠶ᠋ᠢᠨ ᠡᠨᠡ ᠭᠠᠵᠠᠷ ᠵᠠᠭᠠᠷ ᠣᠷᠣᠨ ᠠ᠋ᠴᠠ ᠥᠪᠡᠷ ᠢ᠋ᠶ᠋ᠡᠨ ᠨᠢᠰᠴᠦ ᠢᠷᠡᠭᠰᠡᠨ ᠭᠡᠳᠡᠭ ᠳᠣᠮᠣᠭᠲᠤ ᠴᠢᠯᠠᠭᠤᠨ ᠳᠡᠭᠡᠷ᠎ᠡ ᠪᠡᠶ᠎ᠡ ᠪᠡᠨ ᠬᠡᠷᠴᠢᠭᠦᠯᠦᠨ ᠴᠠᠰᠤᠲᠤ ᠶ᠋ᠢᠨ ᠣᠷᠣᠨ ᠤ᠋ ᠳᠡᠰ ᠦ᠋ᠨ ᠬᠣᠭᠣᠯᠠ ᠪᠣᠯᠬᠤ ᠶ᠋ᠢ ᠬᠥᠮᠦᠨ ᠪᠦᠷᠢ ᠬᠦᠰᠡᠳᠡᠭ ᠲᠤᠯᠠ ᠵᠠᠪ ᠵᠠᠢ ᠦᠭᠡᠢ ᠪᠠᠢᠳᠠᠭ ᠠᠵᠢ᠃ ᠰᠡᠭᠦᠯ ᠳ᠋ᠡᠭᠡᠨ ᠶᠡᠬᠡ ᠵᠠᠷᠤᠯᠭ᠎ᠠ᠂ ᠥᠨᠳᠥᠷ ᠦᠨ᠎ᠡ᠂ ᠲᠤᠰᠬᠠᠢ ᠳ᠋ᠤᠭᠠᠷ ᠲᠠᠢ ᠪᠣᠯᠤᠭᠰᠠᠨ ᠲᠤᠯᠠ ᠬᠢᠷᠢ ᠪᠠᠷᠤᠭ ᠤ᠋ᠨ ᠬᠥᠮᠦᠨ ᠴᠦ᠍ ᠡᠨᠳᠡ ᠵᠠᠮ ᠢ᠋ᠶ᠋ᠠᠨ ᠲᠡᠭᠦᠰᠬᠡᠬᠦ ᠪᠣᠯᠤᠯᠴᠠᠭ᠎ᠠ ᠦᠭᠡᠢ ᠳ᠋ᠦ᠍ ᠬᠦᠷᠴᠡᠢ᠃ ᠳ᠋ᠤᠨᠵᠤᠨᠫᠠ ᠶ᠋ᠢᠨ ᠠᠬᠠᠯᠠᠭᠴᠢ ᠴᠢᠯᠠᠭᠤᠨ ᠭᠠᠮᠵᠢᠭ᠌ ᠤ᠋ᠨ ᠢ᠋ᠶ᠋ᠠᠨ ᠳᠡᠷᠭᠡᠳᠡ ᠬᠢᠲᠤᠭ᠎ᠠ ᠪᠠᠨ ᠪᠠᠷᠢᠨ ᠬᠣᠶᠠᠷ ᠬᠥᠯ ᠢ᠋ᠶ᠋ᠡᠨ ᠠᠯᠴᠠᠢᠯᠭᠠᠨ ᠰᠦᠷᠲᠡᠢ ᠵᠣᠭᠰᠣᠵᠤ᠂ ᠲᠤᠰᠯᠠᠬᠤ ᠳ᠋ᠤᠨᠵᠤᠨᠫᠠᠨ ᠨᠤᠭᠤᠳ ᠨᠢ ᠲᠠᠯᠢᠢᠭᠠᠴᠢ ᠥᠯᠵᠡᠢ ᠶ᠋ᠢ ᠬᠥᠯ ᠭᠠᠷ ᠠ᠋ᠴᠠ ᠨᠢ ᠳᠠᠮᠵᠢᠯᠠᠨ ᠴᠢᠯᠠᠭᠤᠨ ᠳᠡᠭᠡᠷ᠎ᠡ ᠲᠠᠯᠪᠢᠪᠠ᠃ ᠪᠠᠰᠠ ᠨᠢᠭᠡ ᠳ᠋ᠤᠨᠵᠤᠨᠫᠠ ᠠᠰᠤᠷᠤ ᠶᠡᠬᠡ ᠤᠲᠤᠭ᠎ᠠ ᠪᠠᠭᠠᠭᠢᠭᠤᠯᠤᠨ ᠰᠠᠩ ᠲᠠᠯᠪᠢᠯ᠎ᠠ᠃ ᠲᠡᠷᠡ ᠤᠲᠤᠭ᠎ᠠ ᠪᠠᠷ ᠳᠡᠰ ᠰᠢᠪᠠᠭᠤ ᠨᠤᠭᠤᠳ ᠨᠢᠰᠦᠨ ᠢᠷᠡᠳᠡᠭ ᠠᠵᠠᠢ᠃ ᠳᠡᠰ ᠢᠷᠡᠮᠡᠭᠴᠡ ᠦᠬᠦᠳᠡᠯ ᠢ᠋ ᠬᠤᠪᠢᠶᠠᠵᠤ ᠥᠭᠭᠦᠨ᠎ᠡ᠃
ᠠᠬᠠᠯᠠᠬᠤ ᠳ᠋ᠤᠨᠵᠤᠨᠫᠠ ᠨᠢᠳᠦ ᠢᠷᠮᠡᠬᠦ ᠵᠠᠭᠤᠷ᠎ᠠ ᠬᠢᠲᠤᠭ᠎ᠠ ᠪᠠᠨ ᠭᠢᠯᠠᠯᠵᠠᠭᠤᠯᠤᠨ ᠥᠯᠵᠡᠢ ᠶ᠋ᠢᠨ ᠱᠠᠷᠢᠯ ᠢ᠋ ᠲᠠᠰᠤᠴᠢᠵᠤ ᠪᠥᠭᠡᠮ ᠪᠥᠭᠡᠮ ᠢ᠋ᠶ᠋ᠡᠷ ᠨᠢ ᠲᠩᠷᠢ ᠥᠭᠡᠳᠡ ᠰᠢᠳᠡᠵᠦ ᠡᠬᠢᠯᠡᠪᠡ᠃ ᠲᠣᠮᠣ ᠵᠢᠵᠢᠭ᠂ ᠪᠣᠷᠣᠴᠠᠭᠠᠨ ᠥᠩᠭᠡ ᠲᠡᠢ ᠳᠡᠰ ᠦ᠋ᠳ ᠲᠡᠭᠦᠨ ᠢ᠋ ᠭᠠᠵᠠᠷ ᠤᠨᠠᠭᠠᠯ ᠦᠭᠡᠢ ᠰᠢᠭᠦᠷᠡᠨ ᠠᠪᠴᠤ ᠨᠢᠰᠦᠨ ᠣᠳᠴᠤ ᠪᠠᠢᠯ᠎ᠠ᠃ ᠵᠠᠷᠢᠮ ᠳᠡᠰ ᠥᠪᠡᠷ ᠬᠣᠭᠣᠷᠣᠨᠳᠣ ᠪᠠᠨ ᠪᠤᠯᠢᠶᠠᠯᠴᠠᠯᠳᠤᠨ ᠢᠨᠴᠠᠭᠠᠬᠤ ᠮᠡᠲᠦ ᠳᠠᠭᠤᠤ ᠭᠠᠷᠭᠠᠨ᠎ᠠ᠃ ᠡᠭᠦᠨ ᠳ᠋ᠦ᠍ ᠤᠳᠬᠤᠨ ᠤ᠋ ᠪᠡᠶ᠎ᠡ ᠠᠷᠵᠠᠰᠬᠢᠵᠦ ᠪᠠᠢᠯ᠎ᠠ᠃ ᠥᠭᠡᠷ᠎ᠡ ᠨᠢᠭᠡ ᠳ᠋ᠤᠨᠵᠤᠨᠫᠠ ᠪᠠᠯᠲᠠ ᠰᠦᠬᠡ ᠪᠠᠷᠢᠵᠤ ᠲᠠᠯᠢᠢᠭᠠᠴᠢ ᠶ᠋ᠢᠨ ᠶᠠᠰᠤᠨ ᠨᠤᠭᠤᠳ ᠢ᠋ ᠴᠢᠯᠠᠭᠤᠨ ᠳᠡᠭᠡᠷ᠎ᠡ ᠲᠠᠷ ᠨᠢᠷ ᠬᠢᠯᠭᠡᠨ ᠨᠢᠴᠠᠯᠵᠤ ᠥᠭᠭᠦᠨ᠎ᠡ᠃ ᠳᠡᠭᠡᠭᠰᠢ ᠨᠢ ᠰᠢᠳᠡᠭᠰᠡᠨ ᠶᠠᠰᠤ ᠶ᠋ᠢ ᠴᠦ᠍ ᠳᠠᠰᠢᠨ ᠨᠤᠭᠤᠳ ᠰᠢᠭᠦᠷᠡᠨ ᠠᠪᠴᠤ ᠤᠲᠤᠵᠤ ᠪᠠᠢᠯ᠎ᠠ᠃ ᠲᠥᠪᠡᠳ ᠣᠷᠣᠨ ᠤ᠋ ᡀᠠᠰᠠ ᠵᠣᠣ ᠶ᠋ᠢᠨ ᠳᠡᠰ ᠪᠣᠯ ᠢᠩᠭᠢᠵᠦ ᠣᠯᠠᠨ ᠠᠷᠪᠠᠨ ᠵᠢᠯ ᠬᠥᠮᠦᠨ ᠦ᠌ ᠮᠢᠬ᠎ᠠ ᠪᠠᠷ ᠬᠣᠭᠣᠯᠠᠯᠠᠭᠰᠠᠭᠠᠷ ᠪᠠᠢᠭᠠᠳ ᠭᠡᠷ ᠦ᠋ᠨ ᠲᠡᠵᠢᠭᠡᠮᠡᠯ ᠰᠢᠪᠠᠭᠤ ᠰᠢᠭ᠋ ᠪᠣᠯᠴᠢᠬᠠᠵᠠᠢ᠃ ᠴᠣᠬᠣᠮ ᠶᠠᠭᠤ ᠪᠣᠯᠵᠤ ᠪᠠᠢᠭ᠎ᠠ ᠶ᠋ᠢ ᠤᠬᠠᠭᠠᠷᠠᠵᠤ ᠠᠮᠵᠢᠭ᠎ᠠ ᠦᠭᠡᠢ ᠪᠠᠢᠬᠤ ᠬᠣᠭᠣᠷᠣᠨᠳᠣ ᠳᠠᠯᠠᠢᠭᠠᠴᠢ ᠥᠯᠵᠡᠢ ᠶ᠋ᠢᠨ ᠪᠡᠶ᠎ᠡ ᠶ᠋ᠢ ᠳ᠋ᠤᠨᠵᠤᠨᠫᠠ ᠨᠠᠷ ᠬᠤᠪᠢᠶᠠᠨ ᠲᠦᠭᠡᠭᠡᠵᠦ ᠳᠡᠰ ᠰᠢᠪᠠᠭᠤᠨ ᠤ᠋ ᠬᠣᠭᠣᠯᠠ ᠪᠣᠯᠭᠠᠯ᠎ᠠ᠃ ᠴᠢᠯᠠᠭᠤᠨ ᠳᠡᠭᠡᠷ᠎ᠡ ᠪᠠᠷᠤᠭ ᠶᠠᠭᠤ ᠴᠤ᠌ ᠦᠯᠡᠳᠡᠭᠰᠡᠨ ᠦᠭᠡᠢ᠃ ᠲᠡᠨᠳᠡ ᠪᠢᠯᠳᠠᠭᠰᠠᠨ ᠴᠢᠰᠤ ᠶ᠋ᠢ ᠠᠬᠠᠯᠠᠬᠤ ᠳ᠋ᠤᠨᠵᠤᠨᠫᠠ ᠬᠢᠲᠤᠭᠠᠨ ᠤ᠋ ᠪᠠᠨ ᠡᠰᠢᠨ ᠦ᠌ ᠠᠷᠤ ᠣᠩᠭᠢᠨ ᠠ᠋ᠴᠠ ᠵᠡᠭᠦᠭᠰᠡᠨ ᠬᠠᠳᠠᠭ ᠶᠡᠨᠳᠡᠷ ᠤᠨ ᠦᠵᠦᠭᠦᠷ ᠢ᠋ᠶ᠋ᠡᠷ ᠠᠷᠴᠢᠨ ᠴᠡᠪᠡᠷᠯᠡᠭᠡᠳ ᠳᠠᠭᠤᠰᠪᠤᠷᠢ ᠪᠣᠯᠭᠠᠵᠤ ᠴᠢᠯᠠᠭᠤᠨ ᠠ᠋ᠴᠠ ᠬᠣᠯᠠᠳᠴᠤ ᠴᠤᠢᠮᠴᠤᠭ ᠭᠡᠯᠦᠩ ᠤᠷᠤᠭᠤ ᠠᠢᠰᠤᠢ ᠶᠠᠪᠤᠯ᠎ᠠ᠃ ᠲᠡᠳᠡᠨ ᠦ᠌ ᠣᠷᠣ ᠶ᠋ᠢ ᠥᠭᠡᠷ᠎ᠡ ᠨᠢᠭᠡᠨ ᠳᠠᠯᠠᠢᠭᠠᠴᠢ ᠡᠵᠡᠯᠡᠵᠦ᠂ ᠥᠭᠡᠷ᠎ᠡ ᠳ᠋ᠤᠨᠵᠤᠨᠫᠠᠨ ᠨᠤᠭᠤᠳ ᠠᠵᠢᠯ ᠳ᠋ᠠᠭᠠᠨ ᠣᠷᠣᠯ᠎ᠠ᠃ ᠳ᠋ᠤᠷᠲ᠋ᠤᠳ᠋ ᠤ᠋ᠨ ᠲᠡᠷᠡ ᠭᠠᠵᠠᠷ ᠲᠡᠢᠨ ᠳ᠋ᠦ᠍ ᠪᠡᠯᠡᠳᠬᠡᠵᠦ ᠪᠠᠢᠭ᠎ᠠ ᠶᠤᠮ ᠰᠢᠭ᠋ ᠣᠯᠠᠨ ᠲᠣᠭᠠᠨ ᠤ᠋ ᠮᠣᠳᠣᠨ ᠲᠡᠷᠭᠡ ᠢᠷᠠᠢᠨ ᠡᠩᠨᠡᠵᠦ ᠡᠭᠡᠯᠵᠢ ᠪᠡᠨ ᠬᠦᠯᠢᠶᠡᠵᠡᠭᠡᠵᠦ ᠪᠠᠢᠭ᠎ᠠ ᠬᠠᠷᠠᠭᠳᠠᠯ᠎ᠠ. 《ᠬᠡᠳᠦᠢ ᠳ᠋ᠡᠭᠡᠨ ᠡᠢᠮᠦ ᠶᠡᠬᠡ ᠣᠯᠠᠨ ᠠᠮᠢᠲᠠᠨ ᠴᠤᠭᠯᠠᠷᠠᠴᠢᠬᠠᠳᠠᠭ ᠶᠤᠮ ᠪᠣᠢ? ᠠᠶᠤᠮᠠᠷ ᠵᠣᠯᠢᠭ ᠠ᠋!》ᠭᠡᠵᠦ ᠶᠠᠭᠤᠨ ᠳ᠋ᠤ᠌ ᠴᠤ᠌ ᠬᠡᠨᠡᠭ ᠦᠭᠡᠢ ᠪᠠᠢᠳᠠᠭ ᠪᠦᠬᠡᠮᠠᠩᠯᠠᠢ ᠡᠨᠡ ᠤᠳᠠᠭ᠎ᠠ ᠠᠷᠭ᠎ᠠ ᠦᠭᠡᠢ ᠰᠡᠳᠬᠢᠯ ᠭᠠᠩᠰᠠᠷᠠᠨ ᠪᠣᠳᠣᠵᠠᠢ᠃ ᠳ᠋ᠤᠨᠵᠤᠨᠫᠠ ᠨᠠᠷ ᠲᠤ᠌ ᠬᠥᠯᠥᠰᠥ ᠪᠡᠨ ᠲᠥᠯᠥᠭᠡᠳ ᠲᠣᠭᠲᠠᠭᠰᠠᠨ ᠵᠠᠩᠰᠢᠯ ᠶᠣᠰᠣᠭᠠᠷ ᠳᠣᠮᠪᠣ ᠴᠠᠢ᠂ ᠰᠢᠷ᠎ᠠ ᠲᠣᠰᠣᠲᠠᠢ ᠠᠷᠪᠠᠢ ᠶ᠋ᠢᠨ ᠭᠤᠯᠢᠷ ᠨᠢᠭᠡᠨ ᠵᠠᠮᠫᠣᠷ ᠳᠦᠭᠦᠷᠡᠩ ᠢ᠋ ᠥᠭᠬᠦ ᠳ᠋ᠦ᠍ ᠲᠡᠳᠡ ᠪᠠᠷᠤᠭ ᠭᠠᠷ ᠢ᠋ᠶ᠋ᠠᠨ ᠴᠤ᠌ ᠤᠬᠢᠶᠠᠭᠰᠠᠨ ᠶᠠᠭᠤᠮ᠎ᠠ ᠦᠭᠡᠢ ᠰᠢᠭᠤᠳ ᠯᠠ ᠣᠷᠣᠰᠢᠭᠤᠯᠭ᠎ᠠ ᠶ᠋ᠢᠨ ᠲᠠᠯᠠᠪᠠᠢ ᠳᠡᠭᠡᠷ᠎ᠡ ᠵᠠᠪᠢᠯᠠᠨ ᠰᠠᠭᠤᠵᠠᠭᠠᠵᠤ ᠭᠤᠯᠢᠷ ᠵᠢᠭᠤᠷᠠᠨ ᠢᠳᠡᠵᠦ ᠴᠠᠢ ᠠ᠋ᠴᠠ ᠤᠤᠭᠤᠵᠠᠭᠠᠵᠤ ᠡᠬᠢᠯᠡᠪᠡ᠃
ᠴᠤᠢᠮᠴᠤᠭ ᠭᠡᠯᠦᠩ ᠣᠳᠬᠣᠨ ᠬᠡᠦᠬᠡᠨ ᠦ᠌ ᠰᠡᠳᠬᠢᠯ ᠢ᠋ ᠵᠠᠰᠠᠵᠤ᠄
– ᠳᠡᠰ ᠪᠣᠯ ᠲᠩᠷᠢ ᠶ᠋ᠢᠨ ᠰᠢᠪᠠᠭᠤ ᠪᠣᠯᠬᠣᠷ ᠣᠳᠣ ᠮᠠᠨ ᠤ᠋ ᠲᠠᠯᠢᠢᠭᠠᠴᠢ ᠥᠯᠵᠡᠢ ᠲᠩᠷᠢ ᠳ᠋ᠦ᠍ ᠣᠳᠬᠤ ᠨᠢ ᠡᠨᠡ ᠪᠣᠯᠤᠯ᠎ᠠ᠃ ᠣᠮ ᠮᠠ᠋ ᠨᠢ ᠪᠠᠳ ᠮᠧ ᠬᠣᠮ! ᠬᠡᠪ᠃ ᠣᠳᠬᠣᠨ ᠬᠡᠦᠬᠡᠨ ᠤᠷᠢᠳᠤ ᠡᠮᠦᠨ᠎ᠡ ᠨᠢ ᠡᠢᠮᠦ ᠬᠠᠴᠢᠨ ᠣᠷᠣᠰᠢᠭᠤᠯᠭ᠎ᠠ ᠦᠵᠡᠭᠡ ᠦᠭᠡᠢ ᠪᠣᠯᠬᠣᠷ ᠰᠡᠳᠬᠢᠯ ᠶᠡᠬᠡ ᠯᠡ ᠭᠠᠩᠰᠠᠷᠠᠨ ᠭᠤᠨᠢᠵᠤ ᠶᠠᠭᠤ ᠴᠤ᠌ ᠭᠡᠵᠦ ᠬᠡᠯᠡᠬᠦ ᠪᠡᠨ ᠮᠡᠳᠡᠬᠦ ᠦᠭᠡᠢ᠂ ᠳᠠᠭᠤ ᠪᠠᠨ ᠬᠤᠷᠢᠶᠠᠭᠰᠠᠨ ᠪᠠᠢᠯ᠎ᠠ᠃ ᠬᠠᠷᠢᠨ ᠪᠦᠬᠡᠮᠠᠩᠯᠠᠢ ᠳ᠋ᠤ᠌ ᠪᠣᠯ ᠢᠩᠭᠢᠵᠦ ᠠᠮᠢᠲᠠᠨ ᠤ᠋ ᠬᠣᠭᠣᠯᠠ ᠪᠣᠯᠤᠨ ᠬᠡᠷᠴᠢᠭᠦᠯᠵᠦ ᠳᠠᠭᠤᠰᠬᠤ ᠨᠢ ᠠᠶᠤᠮᠠᠷ ᠡᠪ ᠦᠭᠡᠢ ᠮᠡᠲᠦ ᠰᠠᠨᠠᠭᠳᠠᠯ᠎ᠠ᠃ ᠭᠠᠵᠠᠷ ᠭᠠᠵᠠᠷ ᠤ᠋ᠨ ᠶᠣᠰᠣ ᠵᠠᠩᠰᠢᠯ ᠥᠭᠡᠷ᠎ᠡ ᠪᠣᠯᠬᠣᠷ 《ᠰᠣᠬᠣᠷ ᠤ᠋ᠨ ᠭᠠᠵᠠᠷ ᠰᠣᠬᠣᠷ᠂ ᠳᠣᠭᠣᠯᠠᠩ ᠤ᠋ᠨ ᠭᠠᠵᠠᠷ ᠳᠣᠭᠣᠯᠠᠩ》 ᠭᠡᠰᠡᠨ ᠠᠷᠠᠳ ᠤ᠋ᠨ ᠰᠤᠷᠭᠠᠯ ᠭᠠᠷᠴᠠᠢ᠃ ᠳᠡᠰ ᠰᠢᠪᠠᠭᠤᠨ ᠳ᠋ᠤ᠌ ᠬᠡᠷᠴᠢᠵᠦ ᠥᠭᠬᠦ ᠶ᠋ᠢ ᠲᠩᠷᠢ ᠳ᠋ᠦ᠍ ᠭᠠᠷᠬᠤ ᠲᠦᠳᠡ ᠵᠠᠮ ᠭᠡᠵᠦ ᠲᠥᠪᠡᠳ ᠦ᠋ᠳ ᠢᠳᠡᠭᠡᠨ ᠪᠢᠰᠢᠷᠡᠳᠡᠭ ᠡᠴᠡ ᠡᠢᠮᠦ ᠵᠠᠩᠰᠢᠯ ᠳᠡᠯᠭᠡᠷᠡᠵᠡᠢ᠃ ᠬᠢᠲᠠᠳ ᠤ᠋ᠳ ᠪᠣᠯᠬᠣᠷ ᠠᠮᠠ ᠶ᠋ᠢ ᠨᠢ ᠪᠠᠷᠠᠵᠤ ᠦᠬᠦᠭᠦᠯᠪᠡᠯ ᠰᠦᠨᠡᠰᠦ ᠨᠢ ᠠᠮᠠ ᠪᠠᠷ ᠢ᠋ᠶ᠋ᠠᠨ ᠭᠠᠷᠤᠨ ᠵᠠᠢᠯᠬᠤ ᠦᠭᠡᠢ ᠰᠠᠢᠨ ᠭᠡᠵᠦ ᠬᠥᠮᠦᠨ ᠦ᠌ ᠠᠮᠠ ᠶ᠋ᠢ ᠪᠠᠷᠢᠵᠤ ᠠᠯᠠᠬᠤ ᠶᠠᠯ᠎ᠠ ᠪᠣᠢ ᠪᠣᠯᠭᠠᠵᠠᠢ᠃ ᠭᠡᠪᠡᠴᠦ ᠡᠴᠦᠰ ᠦ᠋ᠨ ᠳ᠋ᠦᠩ ᠨᠢᠭᠡ ᠭᠡᠳᠡᠭ ᠢ᠋ ᠴᠤᠢᠮᠴᠤᠭ ᠭᠡᠯᠦᠩ ᠰᠠᠢᠨ ᠮᠡᠳᠡᠵᠦ ᠪᠠᠢᠯ᠎ᠠ᠃
